ᠴᠢᠯᠠᠭᠤᠨ ᠮᠠᠨᠳᠤᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Earth-cutaway-schematic-english.png

ᠴᠢᠯᠠᠭᠤᠨ ᠮᠠᠨᠳᠤᠯ(Lithosphere 岩石圈) ᠡᠴᠡ ᠳᠡᠭᠡᠭᠰᠢᠬᠢ ᠮᠠᠨᠲ᠋ᠢ(地幔) ᠍ ᠶᠢᠨ ᠳᠡᠭᠡᠳᠦ ᠬᠡᠰᠡᠭ ᠳᠡᠭᠡᠷᠡᠬᠢ ᠭᠠᠵᠠᠷ ᠤᠨ ᠳᠠᠪᠬᠤᠷᠭ᠎ᠠ ᠶᠢ ᠪᠦᠬᠦᠯᠢ ᠳᠦ ᠨᠢ ᠴᠢᠯᠠᠭᠤᠨ ᠮᠠᠨᠳᠤᠯ ᠭᠡᠳᠡᠭ᠃ ᠳᠡᠯᠡᠬᠡᠢ ᠶᠢᠨ ᠬᠠᠲᠠᠭᠤ ᠪᠦᠷᠬᠦᠪᠴᠢ ᠪᠣᠯᠬᠤ ᠭᠠᠵᠠᠷ ᠤᠨ ᠳᠠᠪᠬᠤᠷᠭ᠎ᠠ ᠨᠢ ᠡᠷᠦᠳᠡᠰᠦ ᠴᠢᠯᠠᠭᠤᠯᠢᠭ ᠤᠳ ᠪᠤᠶᠤ ᠲᠡᠳᠡᠭᠡᠷ ᠦᠨ ᠥᠭᠢᠷᠡᠰᠢᠯ ᠦᠨ ᠪᠦᠲᠦᠭᠡᠭᠳᠡᠬᠦᠨ ᠡᠴᠡ ᠪᠥᠷᠢᠯᠳᠦᠨ ᠲᠣᠭᠲᠠᠨ᠎ᠠ᠃ ᠴᠢᠯᠠᠭᠤᠯᠢᠭ ᠤᠳ ᠨᠢ ᠭᠠᠷᠤᠯ ᠡᠭᠦᠰᠦᠯ᠂ ᠨᠠᠶᠢᠷᠠᠯᠭ᠎ᠠ᠂ ᠪᠦᠲᠦᠴᠡ᠂ ᠹᠢᠽᠢᠺ᠂ ᠬᠢᠮᠢ ᠶᠢᠨ ᠰᠢᠨᠵᠢ ᠪᠡᠷ ᠢᠶᠡᠨ ᠣᠯᠠᠨ ᠶᠠᠩᠵᠤ ᠪᠠᠶᠢᠳᠠᠭ᠃ ᠳᠡᠯᠡᠬᠡᠢ ᠶᠢᠨ ᠴᠢᠯᠠᠭᠤᠯᠢᠭ ᠨᠢ ᠲᠤᠨᠤᠮᠠᠯᠬᠤᠪᠢᠷᠠᠮᠠᠯᠮᠠᠭᠮᠠ ᠶᠢᠨ ᠴᠢᠯᠠᠭᠤᠯᠢᠭ ᠠᠴᠠ ᠲᠣᠭᠲᠠᠬᠤ ᠪᠠ ᠹᠢᠽᠢᠺ ᠰᠢᠨᠵᠢ ᠴᠢᠨᠠᠷ ᠢᠶᠠᠷ ᠨᠢ ᠴᠢᠯᠠᠭᠤᠯᠢᠭ ᠳᠠᠪᠬᠤᠷᠭ᠎ᠠ ᠶᠢ 1-3 ᠦᠶ᠎ᠡ ᠳᠠᠪᠬᠤᠷᠭ᠎ᠠ ᠳᠤ ᠬᠤᠪᠢᠶᠠᠨ᠎ᠠ᠃

ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠤᠨ ᠮᠠᠨᠳᠤᠯ ᠤᠨ ᠵᠣᠩᠬᠢᠯᠠᠬᠤ ᠡᠯᠧᠮᠧᠨᠲ ᠦᠳ: ᠬᠦᠴᠢᠯᠲᠥᠷᠦᠭᠴᠢ - 49.13% ᠴᠠᠬᠢᠭᠤᠷ - 26.0% ᠬᠥᠩᠭᠡᠨᠴᠠᠭᠠᠨ - 7.45% ᠲᠡᠮᠦᠷ- 4.2% ᠺᠠᠯᠼᠢ- 3.25% ᠨᠠᠲᠷᠢ- 2.4% ᠮᠠᠭᠨᠢ - 2.35% ᠺᠠᠯᠢ - 2.35% ᠤᠰᠤᠲᠥᠶᠢᠷᠦᠭᠴᠢ - 1.00% ᠲᠢᠲ᠋ᠠᠨ - 0.61%

ᠴᠢᠯᠠᠭᠤᠯᠢᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • 65% - ᠮᠠᠭᠮᠠ ᠶᠢᠨ ᠴᠢᠯᠠᠭᠤᠯᠢᠭ
  • 27% - ᠬᠤᠪᠢᠷᠠᠮᠠᠯ ᠴᠢᠯᠠᠭᠤᠯᠢᠭ
  • 8% - ᠲᠤᠨᠤᠮᠠᠯ ᠴᠢᠯᠠᠭᠤᠯᠢᠭ

ᠴᠢᠯᠠᠭᠤᠨ ᠮᠠᠨᠳᠤᠯ ᠤᠨ ᠬᠥᠳᠡᠯᠭᠡᠭᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ ᠭᠠᠳᠠᠷᠭᠤ ᠨᠢ ᠲᠧᠺᠲ᠋ᠣᠨᠢᠺ ᠬᠠᠪᠲᠠᠩ ᠤᠳ ᠠᠴᠠ ᠲᠣᠭᠲᠠᠳᠠᠭ᠃ ᠬᠠᠪᠲᠠᠩᠭ᠎ᠠ ᠨᠤᠭᠤᠳ ᠠᠰᠲ᠋ᠸᠨᠣᠰᠹᠧᠷ ᠤᠨ ᠳᠡᠭᠡᠭᠦᠷ ᠠᠯᠭᠤᠷ ᠬᠥᠳᠡᠯᠵᠦ ᠪᠠᠶᠢᠳᠠᠭ᠃ ᠭᠧᠷᠮᠠᠨ ᠤ ᠡᠷᠳᠡᠮᠲᠡᠨ᠎ᠠ᠃ᠸᠧᠭᠧᠨᠧᠷ ᠤᠨ ᠲᠢᠪ ᠰᠢᠯᠵᠢᠨ ᠨᠡᠭᠦᠬᠦ ᠣᠨᠣᠯ ᠨᠢ ᠲᠧᠺᠲ᠋ᠣᠨᠢᠺ ᠤᠨ ᠬᠠᠪᠲᠠᠩ ᠤᠨ ᠣᠨᠣᠯ ᠢᠶᠠᠷ ᠪᠠᠶᠠᠵᠢᠭᠳᠠᠭᠰᠠᠨ ᠪᠠᠶᠢᠨ᠎ᠠ᠃ ᠣᠳᠣ ᠪᠠᠷ 30 ᠣᠷᠴᠢᠮ ᠬᠠᠪᠲᠠᠩ ᠤᠨ 10 ᠍ ᠳᠦ ᠨᠢ ᠲᠣᠮᠣ᠂ ᠪᠤᠰᠤᠳ ᠨᠢ ᠬᠡᠮᠵᠢᠶ᠎ᠡ ᠪᠡᠷ ᠪᠠᠭ᠎ᠠ ᠶᠤᠮ᠃ ᠬᠠᠪᠲᠠᠩᠭ᠎ᠠ ᠨᠤᠭᠤᠳ ᠬᠠᠭᠤᠷᠠᠢ ᠭᠠᠵᠠᠷ ᠢᠶᠠᠨ ᠵᠤᠵᠠᠭᠠᠨ᠂ ᠳᠠᠯᠠᠢ ᠳᠤ ᠨᠢᠮᠭᠡᠨ᠂ ᠬᠠᠮᠤᠭ ᠤᠨ ᠲᠣᠮᠣ ᠨᠢ ᠨᠣᠮᠣᠬᠠᠨ ᠳᠠᠯᠠᠢ ᠶᠢᠨ ᠢᠷᠤᠭᠠᠷ ᠤᠨ ᠬᠠᠪᠲᠠᠩ ᠶᠤᠮ᠃ ᠬᠠᠪᠲᠠᠩᠭ᠎ᠠ ᠨᠤᠭᠤᠳ ᠤᠨ ᠰᠢᠯᠵᠢᠬᠦ ᠬᠥᠳᠡᠯᠭᠡᠭᠡᠨ ᠢ 3 ᠠᠩᠭᠢᠯᠠᠵᠤ ᠪᠠᠶᠢᠨ᠎ᠠ᠃

  • ᠬᠣᠯᠠᠳᠠᠨ ᠰᠠᠯᠬᠤ᠃ ᠬᠠᠪᠲᠠᠩ ᠤᠨ ᠵᠠᠭᠠᠭ ᠢᠶᠠᠷ ᠮᠠᠩᠲᠤ ᠶᠢᠨ ᠪᠣᠳᠠᠰ ᠡᠷᠭᠦᠭᠳᠡᠨ ᠳᠠᠯᠠᠢ ᠶᠢᠨ ᠢᠷᠤᠭᠠᠷ ᠰᠢᠨ᠎ᠡ ᠪᠡᠷ ᠡᠭᠦᠰᠦᠨ᠎ᠡ᠃
  • ᠣᠶᠢᠷᠠᠳᠤᠨ ᠨᠡᠶᠢᠯᠡᠬᠦ ᠪᠤᠶᠤ ᠨᠢᠭᠡ ᠬᠠᠪᠲᠠᠩ ᠨᠢ ᠳᠣᠭᠣᠭᠰᠢ ᠮᠠᠨᠲ᠋ᠢᠳ᠋ ᠰᠢᠷᠭᠤᠨ ᠣᠷᠣᠵᠤ᠂ ᠨᠥᠭᠥᠭᠡ ᠨᠢ ᠲᠡᠭᠦᠨ ᠦ ᠳᠡᠭᠡᠭᠦᠷ ᠲᠣᠬᠣᠭᠳᠠᠨ ᠠᠭᠤᠯᠠ ᠨᠢᠷᠤᠭᠤ ᠡᠭᠦᠰᠳᠡᠭ᠃
  • ᠬᠠᠷᠢᠯᠴᠠᠨ ᠰᠢᠯᠵᠢᠬᠦ ᠵᠠᠭᠠᠭ᠃ ᠬᠠᠪᠲᠠᠩᠭ᠎ᠠ ᠨᠤᠭᠤᠳ ᠪᠡᠶ᠎ᠡ ᠪᠡᠶᠡᠰ ᠦᠨ ᠬᠠᠵᠠᠭᠤ ᠪᠠᠷ ᠰᠢᠯᠵᠢᠨ ᠨᠡᠭᠦᠨ᠎ᠡ᠃ ᠭᠣᠩᠳᠠᠪᠤᠨ ᠤ ᠡᠬᠡ ᠭᠠᠵᠠᠷ ᠤᠨ ᠬᠤᠪᠢᠶᠠᠭᠳᠠᠯ᠂ ᠮᠠᠳᠠᠭᠠᠰᠺᠠᠷ ᠤᠨ ᠵᠠᠷᠢᠮ ᠤᠷᠭᠤᠮᠠᠯ ᠤᠳ ᠤᠨ ᠲᠠᠷᠬᠠᠯᠲᠠ ᠵᠡᠷᠭᠡ ᠪᠣᠯᠤᠨ᠎ᠠ᠃

ᠴᠢᠯᠠᠭᠤᠨ ᠮᠠᠨᠳᠤᠯ ᠣᠯᠠᠨ ᠲᠥᠷᠥᠯ ᠦᠨ ᠪᠠᠶᠢᠩᠭᠤ ᠶᠢᠨ ᠬᠥᠳᠡᠯᠭᠡᠭᠡᠨ ᠳᠦ ᠣᠷᠣᠰᠢᠳᠠᠭ᠃ ᠡᠳᠡᠭᠡᠷ ᠬᠥᠳᠡᠯᠭᠡᠭᠡᠨ ᠢ ᠶᠡᠷᠦᠩᠬᠡᠢ ᠳᠤ ᠨᠢ ᠲᠧᠺᠲ᠋ᠣᠨᠢᠺ ᠬᠥᠳᠡᠯᠭᠡᠭᠡᠨ ᠭᠡᠨ᠎ᠡ᠃

  • ᠬᠡᠪᠲᠡᠭᠡ ᠴᠢᠭᠯᠡᠯ ᠦᠨ ᠬᠥᠳᠡᠯᠭᠡᠭᠡᠨ
  • ᠠᠲᠤᠷᠢᠶᠠᠲᠤ ᠬᠥᠳᠡᠯᠭᠡᠭᠡᠨ
  • ᠬᠡᠯᠪᠡᠯᠵᠡᠬᠦ ᠬᠥᠳᠡᠯᠭᠡᠭᠡᠨ

ᠪᠢᠴᠢᠭᠡᠰᠦ