ᠴᠢᠯᠠᠭᠣᠨ ᠲᠣᠰᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
2013 ᠤᠨ ᠤ ᠪᠠᠶᠢᠳᠠᠯ ᠢᠶᠠᠷ ᠳᠡᠯᠡᠬᠡᠢ ᠶᠢᠨ ᠨᠡᠶᠢᠲᠡ ᠪᠠᠲᠤᠯᠭᠠᠵᠢᠭᠰᠠᠨ ᠴᠢᠯᠠᠭᠤᠮ ᠲᠣᠰᠣᠨ ᠤ ᠨᠥᠭᠡᠴᠡ
Petroleum cm05.jpg

ᠴᠢᠯᠠᠭᠣᠨ ᠲᠣᠰᠣ (Petroleum - ᠭᠷᠧᠺ ᠭᠠᠷᠤᠯ ᠲᠠᠢᠯᠠᠲ᠋ᠢᠨ ᠦᠭᠡ ᠪᠥᠭᠡᠳ πετρα - ᠴᠢᠯᠠᠭᠤ + ολιον - ᠲᠣᠰᠣ) ᠨᠢ ᠣᠯᠠᠨ ᠲᠥᠷᠥᠯ ᠦᠨ ᠨᠡᠭᠦᠷᠡᠰᠦᠶᠢᠰᠤᠲᠥᠶᠢᠷᠦᠭᠴᠢᠳ ᠡᠴᠡ ᠲᠣᠭᠲᠠᠬᠤ ᠰᠢᠩᠭᠡᠨ᠂ ᠰᠢᠲᠠᠬᠤ ᠠᠰᠢᠭᠲᠤ ᠮᠠᠯᠲᠠᠮᠠᠯ ᠶᠠᠭᠤᠮ᠎ᠠ᠃ ᠠᠯᠺᠠᠨ ᠨᠢ ᠴᠢᠯᠠᠭᠣᠨ ᠲᠣᠰᠣ ᠶᠢ ᠪᠦᠷᠢᠳᠦᠭᠦᠯᠦᠭᠴᠢ ᠦᠨᠳᠦᠰᠦᠨ ᠨᠡᠭᠦᠷᠡᠰᠦᠶᠢᠰᠤᠲᠥᠶᠢᠷᠦᠭᠴᠢ ᠪᠥᠭᠡᠳ C5H12᠎ᠠ ᠠᠴᠠ C18H38 ᠬᠦᠷᠲᠡᠯᠡᠬᠢ ᠨᠢᠭᠡᠳᠦᠯ ᠦᠳ ᠨᠢ ᠲᠠᠭᠠᠷᠠᠯᠳᠤᠨ᠎ᠠ᠃ ᠡᠭᠦᠨ ᠡᠴᠡ ᠬᠥᠩᠭᠡᠨ ᠨᠡᠭᠦᠷᠡᠰᠦ ᠤᠰᠤᠲᠥᠶᠢᠷᠦᠭᠴᠢ ᠳᠦ ᠨᠢ (ᠬᠡᠢ ᠶᠢᠨ ᠲᠥᠯᠥᠪ ᠲᠦ) ᠪᠠᠶᠢᠭᠠᠯᠢ ᠶᠢᠨ ᠬᠡᠢ᠂ ᠪᠣᠯᠤᠨ ᠲᠣᠰᠤᠨ ᠤ ᠬᠡᠢ ᠶᠢ᠂ ᠬᠠᠷᠢᠨ ᠬᠦᠨᠳᠦ ᠨᠦᠭᠦᠳ ᠨᠢ ᠬᠠᠲᠠᠭᠤ ᠲᠥᠯᠥᠪ ᠲᠦ ᠤᠷᠤᠰᠢᠬᠤ ᠪᠠ ᠨᠡᠭᠦᠷᠡᠰᠦᠨ ᠦ ᠦᠨᠳᠦᠰᠦᠨ ᠪᠦᠲᠦᠴᠡ ᠪᠣᠯᠤᠨ᠎ᠠ᠃

ᠴᠢᠯᠠᠭᠣᠨ ᠲᠣᠰᠣ ᠨᠢ ᠬᠦᠬᠢᠷᠬᠦᠴᠢᠯᠲᠥᠷᠦᠭᠴᠢᠠᠽᠣᠲ ᠵᠡᠷᠭᠡ ᠬᠢᠮᠢ ᠶᠢᠨ ᠡᠯᠧᠮᠧᠨᠲ ᠦᠳ ᠢ ᠲᠣᠳᠣᠷᠬᠠᠢ ᠬᠡᠮᠵᠢᠶ᠎ᠡ ᠪᠡᠷ ᠠᠭᠤᠯᠠᠨ᠎ᠠ᠃ ᠶᠡᠬᠡᠪᠴᠢᠯᠡᠨ ᠬᠠᠷ᠎ᠠ᠂ ᠬᠠᠷ᠎ᠠ ᠬᠦᠷᠢᠨ ᠥᠩᠭᠡ ᠲᠡᠢ᠃ ᠴᠢᠯᠠᠭᠣᠨ ᠲᠣᠰᠣ ᠨᠢ ᠪᠠᠶᠢᠭᠠᠯᠢ ᠳᠡᠭᠡᠷ᠎ᠡ ᠡᠯᠡᠰᠦ ᠲᠡᠢ ᠬᠣᠯᠢᠯᠳᠤᠨ ᠬᠠᠭᠠᠰ ᠬᠠᠲᠠᠭᠤ ᠬᠡᠯᠪᠡᠷᠢ ᠲᠡᠢ ᠲᠣᠬᠢᠶᠠᠯᠳᠤᠵᠤ ᠪᠣᠯᠬᠤ ᠪᠠ ᠪᠢᠲ᠋ᠦᠶᠢᠮ ᠭᠡᠵᠦ ᠭᠡᠵᠦ ᠨᠡᠷᠡᠯᠡᠨ᠎ᠡ (ᠵᠢᠱᠢᠶᠡᠯᠡᠪᠡᠯ᠂ ᠺᠠᠨᠠᠳᠠ ᠤᠨ "Athabasca").

ᠣᠯᠪᠤᠷᠢᠯᠠᠵᠤ ᠪᠤᠢ ᠨᠡᠶᠢᠲᠡ ᠭᠠᠵᠠᠷ ᠤᠨ ᠲᠣᠰᠤᠨ ᠤ 84% ᠍ ᠶᠢ ᠡᠷᠴᠢᠮ ᠬᠦᠴᠦᠨ ᠦ ᠲᠦᠭᠦᠬᠡᠢ ᠡᠳ᠋, ᠦᠯᠦ ᠳᠦ ᠬᠢ 16% ᠍ ᠶᠢ ᠬᠢᠮᠢ ᠶᠢᠨ ᠦᠢᠯᠡᠳᠪᠦᠷᠢ ᠶᠢᠨ ᠲᠦᠭᠦᠬᠡᠢ ᠡᠳ᠋ ᠪᠣᠯᠭᠠᠨ ᠬᠡᠷᠡᠭᠯᠡᠵᠦ ᠪᠠᠶᠢᠨ᠎ᠠ᠃

ᠴᠢᠯᠠᠭᠣᠨ ᠲᠣᠰᠣ ᠨᠢ ᠪᠠᠶᠢᠭᠠᠯᠢ ᠳᠤ᠂ ᠨᠦᠬᠡ ᠰᠦᠪᠡᠷᠬᠡᠭ ᠴᠢᠯᠠᠭᠤᠯᠢᠭ ᠲᠤ ᠠᠭᠤᠯᠤᠭᠳᠠᠬᠤ ᠪᠠ ᠨᠥᠭᠡᠴᠡ ᠶᠢᠨ ᠬᠡᠮᠵᠢᠶ᠎ᠡ ᠶᠢ 1.2 ᠲᠷᠢᠯᠯᠢᠣᠨ ᠪᠠᠷᠷᠧᠯ ᠭᠡᠵᠦ ᠲᠣᠭᠠᠴᠠᠵᠤ ᠪᠠᠶᠢᠨ᠎ᠠ [1]᠃ ᠳᠡᠯᠡᠬᠡᠢ ᠶᠢᠨ ᠭᠠᠵᠠᠷ ᠤᠨ ᠲᠣᠰᠤᠨ ᠤ ᠬᠡᠷᠡᠭᠯᠡᠭᠡ 84 ᠰᠠᠶ᠋ᠢ ᠪᠠᠷᠷᠧᠯ/ᠡᠳᠦᠷ ᠪᠥᠭᠡᠳ ᠥᠨᠥ ᠶᠢᠨ ᠬᠡᠷᠡᠭᠯᠡᠭᠡᠨ ᠦ ᠲᠥᠪᠰᠢᠨ ᠢᠶᠡᠷ ᠲᠣᠭᠠᠴᠠᠪᠠᠯ 32 ᠵᠢᠯ ᠦᠨ ᠳᠠᠷᠠᠭ᠎ᠠ ᠪᠤᠶᠤ ᠣᠶᠢᠷᠠᠯᠴᠠᠭ᠎ᠠ ᠪᠠᠷ 2039 ᠤᠨ ᠳᠤ ᠭᠠᠵᠠᠷ ᠤᠨ ᠲᠣᠰᠤᠨ ᠤ ᠨᠥᠭᠡᠴᠡ ᠰᠢᠪᠬᠠᠭᠳᠠᠵᠤ ᠳᠠᠭᠤᠰᠤᠨ᠎ᠠ᠃

ᠭᠠᠵᠠᠷ ᠤᠨ ᠲᠣᠰᠤᠨ ᠤ ᠰᠢᠨᠵᠢ ᠴᠢᠨᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠮᠢ ᠶᠢᠨ ᠨᠠᠶᠢᠷᠠᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

Oᠺᠲ᠋ᠠᠨ᠂ ᠨᠢᠭᠡᠨ ᠲᠥᠷᠥᠯ ᠦᠨ ᠠᠯᠺᠠᠨ (ᠬᠠᠷ᠎ᠠ ᠪᠥᠮᠪᠥᠯᠢᠭ ᠨᠢ ᠨᠡᠭᠦᠷᠡᠰᠦᠲᠥ᠋ᠷᠥᠭᠴᠢ᠂ ᠴᠠᠭᠠᠨ ᠨᠢ ᠤᠰᠤᠲᠥᠶᠢᠷᠦᠭᠴᠢ ᠶᠢᠨ ᠠᠲ᠋ᠣᠮ)

ᠭᠠᠵᠠᠷ ᠤᠨ ᠲᠣᠰᠤᠨ ᠳᠤ 1000 ᠣᠷᠴᠢᠮ ᠲᠥᠷᠥᠯ ᠦᠨ ᠬᠢᠮᠢ ᠶᠢᠨ ᠨᠢᠭᠡᠳᠦᠯ ᠦᠳ ᠠᠭᠤᠯᠤᠭᠳᠠᠳᠠᠭ ᠠᠴᠠ ᠶᠡᠬᠡᠩᠬᠢ ᠨᠢ ᠰᠢᠩᠭᠡᠨ ᠨᠡᠭᠦᠷᠡᠰᠦᠶᠢᠰᠤᠲᠥᠶᠢᠷᠦᠭᠴᠢᠳ (> 500 ᠪᠤᠶᠤ ᠮᠠᠰ ᠤᠨ 80—90%), ᠭᠧᠲ᠋ᠷᠣᠠᠲ᠋ᠣᠮᠲᠠ ᠣᠷᠭᠠᠨᠢᠭ ᠨᠢᠭᠡᠳᠦᠯ ᠦᠳ (4—5 %), ᠬᠦᠬᠦᠷᠲᠦ ᠨᠢᠭᠡᠳᠦᠯ ᠦᠳ (250 ᠣᠷᠴᠢᠮ), ᠠᠽᠣᠲ ᠲᠠᠢ (>30), ᠪᠣᠯᠤᠨ ᠬᠦᠴᠢᠯᠲᠥᠷᠦᠭᠴᠢ ᠲᠡᠢ (85 ᠣᠷᠴᠢᠮ) ᠨᠢᠭᠡᠳᠦᠯ ᠦᠳ᠂ ᠮᠥᠨ ᠪᠠᠭ᠎ᠠ ᠬᠡᠮᠵᠢᠶᠡᠨ ᠦ ᠸᠠᠨᠠᠳᠢ ᠪᠠ ᠨᠢᠺᠧᠯ ᠳᠦ ᠨᠢᠭᠡᠳᠦᠯ ᠦᠳ ᠪᠠᠶᠢᠨ᠎ᠠ᠃ ᠡᠭᠦᠨ ᠡᠴᠡ ᠭᠠᠳᠠᠨ᠎ᠠ ᠠᠭᠤᠰᠤᠭᠰᠠᠨ ᠨᠡᠭᠦᠷᠡᠰᠦᠶᠢᠰᠤᠲᠥᠶᠢᠷᠦᠭᠴᠢ ᠶᠢᠨ ᠬᠡᠢ (C1-C4, 4 % ᠬᠦᠷᠲᠡᠯ᠎ᠡ), ᠤᠰᠤ (10 % ᠬᠦᠷᠲᠡᠯ᠎ᠡ), ᠡᠷᠦᠳᠡᠰᠦ ᠶᠢᠨ ᠳᠠᠪᠤᠰᠤ ᠨᠤᠭᠤᠳ (ᠭᠣᠣᠯᠴᠢᠯᠠᠨ ᠾᠯᠣᠷᠢ ᠳᠤ᠂ 0,1—4000 ᠮᠢᠯᠯᠢᠭᠷᠠᠮ/ᠯᠠ ᠲᠡᠭᠦᠨ ᠡᠴᠡ ᠳᠡᠭᠡᠭᠰᠢ), ᠮᠥᠨ ᠮeᠬᠠᠨᠢᠭ ᠬᠣᠯᠢᠴᠠ ᠨᠤᠭᠤᠳ ᠪᠣᠯᠬᠤ ᠰᠢᠪᠠᠷᠡᠯᠡᠰᠦᠱᠣᠬᠣᠢ ᠶᠢᠨ ᠴᠢᠯᠠᠭᠤ ᠠᠭᠤᠯᠤᠭᠳᠠᠨ᠎ᠠ᠃

 ᠨᠡᠭᠦᠷᠡᠰᠦᠶᠢᠰᠤᠲᠥᠶᠢᠷᠦᠭᠴᠢᠳ ᠦᠨ ᠨᠠᠶᠢᠷᠠᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠠᠷᠠᠹᠢᠨ ᠤ ᠨᠡᠭᠦᠷᠡᠰᠦᠶᠢᠰᠤᠲᠥᠶᠢᠷᠦᠭᠴᠢᠳ (ᠳᠤᠮᠳᠠᠴᠢ ᠪᠠᠷ 30—35 %, ᠬᠣᠪᠣᠷ ᠢᠶᠠᠷ 40—50 %), ᠨᠠᠹᠲ᠋ᠧᠨ ᠤ (25—75 %), ᠪᠠᠭ᠎ᠠ ᠬᠡᠮᠵᠢᠶᠡᠨ ᠦ ᠠᠷᠤᠮᠠᠲ᠋ᠢᠭ (10—20, ᠬᠣᠪᠣᠷ ᠲᠣᠬᠢᠶᠠᠯᠳᠤᠯ ᠳᠤ 35 %) ᠨᠡᠭᠦᠷᠡᠰᠦᠶᠢᠰᠤᠲᠥᠶᠢᠷᠦᠭᠴᠢᠳ ᠴᠢᠯᠠᠭᠣᠨ ᠲᠣᠰᠣ ᠶᠢ ᠪᠦᠷᠢᠳᠦᠭᠦᠯᠦᠨ᠎ᠡ᠃

ᠡᠯᠧᠮᠧᠨᠲ ᠦᠨ ᠨᠠᠶᠢᠷᠠᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠦᠨᠳᠦᠰᠦᠨ ᠡᠯᠧᠮᠧᠨᠲ ᠦᠨ ᠨᠠᠶᠢᠷᠠᠯᠭ᠎ᠠ ᠶᠢᠨ ᠬᠤᠪᠢ ᠳᠤ (%): ᠨᠡᠭᠦᠷᠡᠰᠦᠲᠥ᠋ᠷᠥᠭᠴᠢ - 82-87, ᠤᠰᠤᠲᠥᠶᠢᠷᠦᠭᠴᠢ - 11-14.5, ᠬᠦᠬᠢᠷ - 0.01-6 (ᠬᠣᠪᠣᠷ ᠢᠶᠠᠷ 8 ᠬᠦᠷᠲᠡᠯ᠎ᠡ), ᠠᠽᠣᠲ - 0.001-1.8, ᠬᠦᠴᠢᠯᠲᠥᠷᠦᠭᠴᠢ - 0.005-0.35 (ᠬᠣᠪᠣᠷ ᠢᠶᠠᠷ 1.2 ᠬᠦᠷᠲᠡᠯ᠎ᠡ) ᠪᠥᠭᠡᠳ ᠮᠥᠨ V(10-5 - 10-2%), Ni(10-4 - 10-3%), Cl (ᠬᠦᠷᠲᠡᠯ᠎ᠡ 2•10-2%) ᠵᠡᠷᠭᠡ ᠨᠡᠶᠢᠲᠡ 50 ᠣᠷᠴᠢᠮ ᠬᠢᠮᠢ ᠶᠢᠨ ᠡᠯᠧᠮᠧᠨᠲ ᠠᠭᠤᠯᠠᠨ᠎ᠠ᠃

ᠵᠠᠷᠢᠮ ᠭᠠᠵᠠᠷ ᠤᠨ ᠲᠣᠰᠤᠨ ᠤ ᠬᠢᠮᠢ ᠶᠢᠨ ᠨᠠᠶᠢᠷᠠᠯᠭ᠎ᠠ (% ᠍ ᠢ ᠪᠠᠷ)
ᠣᠷᠳᠣ ᠨᠢᠭᠲᠠ᠂ ᠭ/ᠰᠮ3 S N O ᠦᠨᠡᠰᠦ
ᠤᠬᠲ᠋ᠢᠨ (ᠣᠷᠣᠰ ᠬᠣᠯᠪᠣᠭᠠᠨ ᠤ ᠤᠯᠤᠰ) 0,897 85,30 12,46 0,88 0,14 - 0,01
ᠭᠷᠣᠵᠣᠨᠢ (ᠣᠷᠣᠰ ᠬᠣᠯᠪᠣᠭᠠᠨ ᠤ ᠤᠯᠤᠰ) 0,850 85,95 13,00 0,14 0,07 0,74 0,10
ᠰᠤᠷᠤᠬᠠᠨ (ᠠᠽᠧᠷᠪᠠᠶᠢᠵᠠᠨ) 0,793 85,34 14,14 0,03 - 0,49 -
ᠺᠠᠯᠢᠹᠣᠷᠨᠢ (ᠠᠮᠧᠷᠢᠺᠠ ᠶᠢᠨ ᠨᠢᠭᠡᠳᠦᠭᠰᠡᠨ ᠤᠯᠤᠰ) 0,912 84,00 12,70 0,40 1,70 1,20 -

ᠹᠢᠽᠢᠺ ᠰᠢᠨᠵᠢ ᠴᠢᠨᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠣᠨ ᠲᠣᠰᠣ ᠨᠢ ᠬᠠᠷ᠎ᠠ ᠬᠦᠷᠢᠨ᠂ ᠬᠠᠷ᠎ᠠ ᠥᠩᠭᠡᠲᠡᠢ᠂ ᠨᠣᠭᠣᠪᠲᠤᠷ ᠲᠤᠶᠠᠭ᠎ᠠ ᠲᠠᠢ ᠳᠤᠮᠳᠠᠴᠢ ᠮᠣᠯᠧᠺᠤᠯ ᠵᠢᠩ ᠨᠢ 220—300 ᠭᠷᠠᠮᠠᠮ ᠢᠶᠠᠮ/ᠮᠣᠯᠢ (ᠬᠠᠶᠠ 450—470). ᠨᠢᠭᠲᠠᠴᠠ ᠳᠤᠮᠳᠠᠴᠢ ᠪᠠᠷ 0,82—0,95 ᠭᠷᠠᠮᠠᠮ ᠢᠶᠠᠮ/ᠰᠮ³; 0,83 ᠭᠷᠠᠮᠠᠮ ᠢᠶᠠᠮ/ᠰᠮ³ ᠍ ᠡᠴᠡ ᠪᠠᠭ᠎ᠠ ᠦᠶ᠎ᠡ ᠳᠦ ᠬᠥᠩᠭᠡᠨ᠂ 0,831-0,860 - ᠳᠤᠮᠳᠠ ᠵᠡᠷᠭᠡ᠂ 0,860 ᠳᠡᠭᠡᠭᠰᠢ ᠦᠶ᠎ᠡ ᠳᠦ - ᠬᠦᠨᠳᠦ ᠴᠢᠯᠠᠭᠣᠨ ᠲᠣᠰᠣ ᠭᠡᠵᠦ ᠨᠡᠷᠡᠯᠡᠨ᠎ᠡ (API ᠨᠢᠭᠲᠠᠴᠠ = (141.5/SG 60 °F ᠍ ᠳᠦ) - 131.5).

ᠬᠢᠮᠢ ᠶᠢᠨ ᠪᠦᠲᠦᠴᠡ ᠡᠴᠡ ᠪᠡᠨ ᠬᠠᠮᠢᠶᠠᠷᠤᠭᠠᠳ ᠭᠠᠵᠠᠷ ᠤᠨ ᠲᠣᠰᠤᠨ ᠤ ᠬᠠᠶᠢᠯᠠᠬᠤ᠂ ᠪᠤᠴᠠᠯᠬᠤ ᠲᠣᠯᠠᠭᠠᠨ ᠤ ᠬᠡᠮᠵᠢᠶ᠎ᠡ ᠤᠨ ᠬᠢᠵᠠᠭᠠᠷ ᠨᠡᠯᠢᠶᠡᠨ ᠥᠷᠭᠡᠨ ᠬᠦᠷᠢᠶᠡᠨ ᠳᠦ ᠪᠠᠶᠢᠬᠤ ᠪᠠ ᠫᠠᠷᠠᠹᠢᠨ ᠤ ᠠᠭᠤᠯᠭ᠎ᠠ ᠠᠴᠠ ᠬᠠᠮᠢᠶᠠᠷᠤᠨ ᠴᠠᠷᠴᠠᠬᠤ ᠲᠣᠯᠠᠭᠠᠨ ᠤ ᠬᠡᠮᠵᠢᠶ᠎ᠡ ᠨᠢ −60᠎ᠠ ᠠᠴᠠ + 30 °C ᠪᠠᠶᠢᠨ᠎ᠠ᠃ ᠵᠠᠭᠤᠷᠠᠮᠳᠠᠯᠭ᠎ᠠ 1,98᠎ᠡ ᠡᠴᠡ 265,90 ᠮᠮ²/ᠰ , ᠳᠤᠯᠠᠭᠠᠨ ᠢᠯᠭᠠᠷᠠᠭᠤᠯᠬᠤ ᠴᠢᠳᠠᠪᠤᠷᠢ 43,7—46,2 ᠮᠵᠢ/ᠺᠭ ᠪᠠᠶᠢᠨ᠎ᠠ᠃

ᠠᠩᠬᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ ᠭᠠᠵᠠᠷ ᠤᠨ ᠲᠣᠰᠤᠨ ᠤ ᠵᠠᠬ᠎ᠠ ᠵᠡᠭᠡᠯᠢ ᠳᠡᠭᠡᠷ᠎ᠡ ᠴᠢᠯᠠᠭᠣᠨ ᠲᠣᠰᠣ ᠶᠢ ᠬᠡᠳᠦ ᠬᠡᠳᠦᠨ ᠲᠥᠷᠥᠯ (Benchmark) ᠍ ᠳᠦ᠂ (ᠠᠷᠠᠳ ᠤᠨ ᠪᠡᠶ᠎ᠡ ᠪᠡᠨ ᠳᠠᠭᠠᠭᠰᠠᠨ ᠦᠢᠯᠡ ᠠᠵᠢᠯᠯᠠᠭ᠎ᠠ) (АРI) ᠬᠤᠪᠢ ᠤᠨ ᠵᠢᠩ ("ᠬᠥᠩᠭᠡᠨ", "ᠳᠤᠮᠳᠠ ᠵᠡᠷᠭᠡ", "ᠬᠦᠨᠳᠦ") ᠪᠣᠯᠤᠨ ᠵᠠᠭᠤᠷᠠᠯᠳᠤᠯᠭ᠎ᠠ ᠳᠡᠭᠡᠷ᠎ᠡ ᠨᠢ ᠦᠨᠳᠦᠰᠦᠯᠡᠨ ᠠᠩᠭᠢᠯᠠᠳᠠᠭ ᠪᠠᠶᠢᠨ᠎ᠠ᠃ ᠡᠭᠦᠨ ᠡᠴᠡ ᠭᠠᠳᠠᠨ᠎ᠠ᠂ ᠪᠠᠭ᠎ᠠ ᠬᠦᠬᠦᠷ ᠦᠨ ᠠᠭᠤᠯᠭ᠎ᠠ ᠲᠠᠢ ᠲᠦᠭᠦᠬᠡᠢ ᠲᠣᠰᠣ ᠶᠢ "ᠠᠮᠲᠠᠲᠤ", ᠥᠨᠳᠥᠷ ᠠᠭᠤᠯᠭ᠎ᠠ ᠪᠦᠬᠦᠢ ᠲᠣᠰᠣ ᠶᠢ "ᠭᠠᠰᠢᠭᠤᠨ" ᠭᠡᠵᠦ ᠬᠡᠯᠡᠬᠦ ᠨᠢ ᠪᠠᠶᠢᠳᠠᠭ ᠪᠠᠶᠢᠨ᠎ᠠ᠃ ᠤᠴᠢᠷ ᠨᠢ ᠬᠦᠬᠦᠷ ᠦᠨ ᠥᠨᠳᠥᠷ ᠠᠭᠤᠯᠭ᠎ᠠ ᠲᠠᠢ ᠲᠣᠰᠣ ᠶᠢ ᠬᠦᠬᠦᠷ ᠡᠴᠡ ᠨᠢ ᠰᠠᠯᠭᠠᠬᠤ ᠶᠢᠨ ᠲᠤᠯᠠᠳᠠ ᠤᠷᠢᠳᠴᠢᠯᠠᠭᠰᠠᠨ ᠪᠣᠯᠪᠠᠰᠤᠷᠠᠭᠤᠯᠤᠯᠲᠠ ᠬᠢᠬᠦ ᠬᠡᠷᠡᠭᠲᠡᠢ ᠪᠣᠯᠤᠨ᠎ᠠ᠃

ᠲᠦᠭᠦᠬᠡᠢ ᠭᠠᠵᠠᠷ ᠤᠨ ᠲᠣᠰᠤᠨ ᠤ ᠲᠥᠷᠥᠯ ᠦᠳ:

  • ᠪᠠᠷᠠᠭᠤᠨ ᠲᠸᠺᠰᠰ (West Texas Intermediate, WTI) - ᠬᠣᠶᠢᠳᠤ ᠠᠮᠧᠷᠢᠺᠠ ᠠᠴᠠ ᠣᠯᠪᠤᠷᠢᠯᠠᠳᠠᠭ᠂ ᠪᠠᠭ᠎ᠠ ᠬᠦᠬᠦᠷ ᠦᠨ ᠠᠭᠤᠯᠭ᠎ᠠ ᠲᠠᠢ᠂ ᠬᠥᠩᠭᠡᠨ ᠲᠣᠰ᠃
  • ᠪᠷᠧᠨᠲ - ᠬᠣᠶᠢᠳᠤ ᠲᠡᠩᠭᠢᠰ ᠦᠨ ᠪᠷᠧᠨᠲ᠂ ᠨᠢᠨᠢᠶᠠᠨ ᠤ ᠵᠡᠷᠭᠡ ᠨᠡᠶᠢᠲᠡ 15 ᠣᠷᠳ᠋ ᠍ ᠤᠳ ᠠᠴᠠ ᠣᠯᠪᠤᠷᠢᠯᠠᠳᠠᠭ ᠲᠣᠰ᠃ "ᠪᠠᠷᠠᠭᠤᠨ ᠲᠸᠺᠰᠰ" ᠲᠥᠷᠥᠯ ᠦᠨ ᠲᠣᠰᠤᠨ ᠠᠴᠠ ᠠᠷᠠᠢ ᠬᠦᠨᠳᠦ᠂ ᠬᠦᠬᠦᠷ ᠦᠨ ᠠᠭᠤᠯᠭ᠎ᠠ ᠥᠨᠳᠥᠷ᠃
  • ᠳᠤᠪᠠᠢ (Dubai) - ᠫᠧᠷᠰ ᠦᠨ ᠪᠤᠯᠤᠩ ᠤᠨ ᠲᠣᠰ᠃
  • ᠲᠠᠫᠢᠰ (ᠮᠠᠯᠠᠢ᠋ᠰᠢᠶ᠎ᠠ) - ᠶᠡᠬᠡᠪᠴᠢᠯᠡᠨ ᠵᠡᠭᠦᠨ ᠡᠮᠦᠨᠡᠲᠦ ᠠᠽᠢᠶ᠎ᠠ ᠶᠢᠨ ᠬᠥᠩᠭᠡᠨ ᠲᠣᠰᠣ ᠶᠢ᠂
  • ᠮᠢᠨᠠᠰ(ᠢᠨᠳᠦ᠋ᠨᠢᠱᠢᠶ ᠠ) - ᠵᠡᠭᠦᠨ ᠡᠮᠦᠨᠡᠲᠦ ᠠᠽᠢᠶ᠎ᠠ ᠶᠢᠨ ᠬᠥᠩᠭᠡᠨ ᠲᠣᠰᠣ ᠶᠢ᠂
  • ОПЕК - ОПЕК ᠍ ᠦᠨ ᠣᠷᠣᠨ ᠨᠤᠭᠤᠳ ᠤᠨ ᠭᠠᠵᠠᠷ ᠤᠨ ᠲᠣᠰᠤᠨ ᠤ ᠳᠤᠮᠳᠠᠴᠢ ᠨᠠᠶᠢᠷᠠᠯᠭ᠎ᠠ

ᠣᠯᠪᠤᠷᠢᠯᠠᠬᠤ ᠠᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠣᠨ ᠲᠣᠰᠣ ᠶᠢ ᠣᠯᠪᠤᠷᠢᠯᠠᠳᠠᠭ ᠦᠨᠳᠦᠰᠦᠨ ᠠᠷᠭ᠎ᠠ ᠨᠢ ᠴᠣᠨᠣᠭ ᠢᠶᠠᠷ ᠣᠯᠪᠤᠷᠢᠯᠠᠬᠤ ᠪᠥᠭᠡᠳ᠂ ᠠᠩᠬᠠᠳᠠᠭᠴᠢ ᠣᠯᠪᠤᠷᠢᠯᠠᠯᠲᠠ ᠪᠠᠷ ᠲᠣᠰᠤᠨ ᠤ ᠨᠡᠶᠢᠲᠡ ᠨᠥᠭᠡᠴᠡ ᠶᠢᠨ 20% ᠣᠷᠴᠢᠮ ᠢ ᠭᠠᠳᠠᠷᠭᠤ ᠳᠡᠭᠡᠷ᠎ᠡ ᠭᠠᠷᠭᠠᠵᠤ ᠠᠪᠤᠨ᠎ᠠ᠃ ᠲᠣᠰᠣ ᠶᠢ ᠠᠭᠤᠯᠵᠤ ᠪᠤᠢ ᠳᠠᠪᠬᠤᠷ ᠠᠴᠠ ᠨᠢ ᠭᠠᠵᠠᠷ ᠤᠨ ᠭᠦᠨᠳᠡ ᠲᠣᠳᠣᠷᠬᠠᠢ ᠳᠠᠷᠤᠯᠲᠠ ᠳᠤ ᠪᠠᠶᠢᠬᠤ ᠪᠥᠭᠡᠳ᠂ ᠤᠭ ᠳᠠᠪᠬᠤᠷᠠᠭᠠᠰᠤ ᠶᠢᠨ ᠳᠠᠷᠤᠯᠲᠠ ᠪᠣᠯᠤᠨ ᠭᠠᠵᠠᠷ ᠤᠨ ᠭᠠᠳᠠᠷᠭᠤ ᠶᠢᠨ ᠳᠠᠷᠤᠯᠲᠠ ᠶᠢᠨ ᠵᠥᠷᠢᠭᠦᠨ ᠡᠴᠡ ᠬᠠᠮᠢᠶᠠᠷᠤᠨ ᠲᠣᠰ ᠨᠢ ᠭᠠᠵᠠᠷ ᠳᠡᠭᠡᠷ᠎ᠡ ᠥᠪᠡᠷ ᠢᠶᠡᠨ ᠭᠠᠳᠠᠨ᠎ᠠ ᠶᠢᠨ ᠨᠥᠯᠦᠭᠡ ᠦᠭᠡᠢ ᠪᠡᠷ ᠭᠠᠷᠤᠨ᠎ᠠ᠃ ᠡᠭᠦᠨ ᠢ ᠠᠩᠬᠠᠳᠠᠭᠴᠢ ᠣᠯᠪᠤᠷᠢᠯᠠᠯᠲᠠ ᠭᠡᠵᠦ ᠨᠡᠷᠡᠯᠡᠨ᠎ᠡ᠃ ᠠᠭᠠᠵᠢᠮ ᠢᠶᠠᠷ ᠳᠠᠪᠬᠤᠷᠠᠭᠠᠰᠤ ᠶᠢᠨ ᠳᠠᠷᠤᠯᠲᠠ ᠪᠠᠭᠤᠷᠠᠨ᠂ ᠲᠣᠰ ᠥᠪᠡᠷ ᠢᠶᠡᠨ ᠭᠠᠷᠴᠤ ᠢᠷᠡᠬᠦ ᠨᠢ ᠪᠠᠭᠠᠰᠬᠤ ᠲᠤᠯᠠ ᠰᠢᠬᠠᠭᠤᠷᠭ᠎ᠠ ᠠᠰᠢᠭᠯᠠᠨ ᠰᠣᠷᠣᠭᠤᠯᠬᠤ᠂ ᠮᠥᠨ ᠳᠠᠪᠬᠤᠷᠠᠭᠠᠰᠤ ᠶᠢᠨ ᠳᠠᠷᠤᠯᠲᠠ ᠶᠢ ᠨᠡᠮᠡᠭᠳᠡᠭᠦᠯᠬᠦ ᠶᠢᠨ ᠲᠤᠯᠠᠳᠠ ᠤᠰᠤ᠂ ᠬᠡᠢ ᠶᠢ ᠲᠣᠰᠤᠨ ᠤ ᠳᠠᠪᠬᠤᠷᠠᠭᠠᠰᠤ ᠳᠤ ᠰᠢᠬᠠᠵᠤ ᠲᠣᠰᠤᠨ ᠤ ᠭᠠᠷᠴᠠ ᠶᠢ ᠶᠡᠬᠡᠰᠬᠡᠬᠦ ᠪᠡᠷ ᠬᠡᠷᠡᠭᠯᠡᠵᠦ ᠪᠤᠢ ᠠᠷᠭ᠎ᠠ ᠨᠤᠭᠤᠳ ᠢ ᠬᠣᠶᠠᠳᠠᠭᠴᠢ ᠣᠯᠪᠤᠷᠠᠯᠲᠠ ᠶᠢᠨ ᠠᠷᠭ᠎ᠠ ᠨᠤᠭᠤᠳ ᠭᠡᠵᠦ ᠨᠡᠷᠡᠯᠡᠨ᠎ᠡ᠃ ᠬᠣᠶᠠᠳᠠᠭᠴᠢ ᠣᠯᠪᠤᠷᠢᠯᠠᠯᠲᠠ ᠪᠠᠷ ᠲᠣᠰᠤᠨ ᠤ 5-10% ᠍ ᠶᠢ ᠣᠯᠪᠤᠷᠢᠯᠠᠨ᠎ᠠ᠃ ᠤᠯᠠᠮ ᠢᠶᠠᠷ ᠬᠣᠶᠠᠳᠠᠭᠴᠢ ᠣᠯᠪᠤᠷᠢᠯᠠᠯᠲᠠ ᠶᠢᠨ ᠠᠷᠭ᠎ᠠ ᠨᠤᠭᠤᠳ ᠦᠷ᠎ᠡ ᠳ᠋ᠦᠩ ᠥᠭᠭᠦᠬᠦ ᠦᠭᠡᠢ ᠪᠣᠯ᠂ ᠠᠭᠤᠯᠤᠭᠴᠢ ᠴᠢᠯᠠᠭᠤᠯᠢᠭ ᠤᠨ ᠨᠡᠪᠴᠢᠮᠵᠢ ᠶᠢ ᠶᠡᠬᠡᠰᠭᠡᠬᠦ᠂ ᠲᠣᠰᠤᠨ ᠤ ᠵᠠᠭᠤᠷᠠᠯᠳᠤᠯᠭ᠎ᠠ ᠶᠢ ᠪᠠᠭᠠᠰᠭᠠᠬᠤ ᠵᠠᠮ ᠢᠶᠠᠷ ᠭᠤᠷᠪᠠᠳᠠᠭᠴᠢ ᠣᠯᠪᠤᠷᠢᠯᠠᠯᠲᠠ ᠶᠢ ᠶᠠᠪᠤᠭᠤᠯᠤᠨ᠎ᠠ᠃ ᠳᠤᠯᠠᠭᠠᠨ ᠤ ᠪᠣᠯᠤᠨ ᠬᠢᠮᠢ ᠶᠢᠨ ᠠᠷᠭ᠎ᠠ ᠨᠤᠭᠤᠳ ᠢ ᠬᠡᠷᠡᠭᠯᠡᠨ᠎ᠡ᠃ ᠵᠢᠱᠢᠶᠡᠯᠡᠪᠡᠯ ᠤᠰᠤᠨ ᠤ ᠠᠭᠤᠷ ᠢ ᠭᠦᠨᠳᠡ ᠰᠢᠬᠠᠵᠤ᠂ ᠲᠣᠰᠤᠨ ᠤ ᠵᠠᠭᠤᠷᠠᠯᠳᠤᠭ᠎ᠠ ᠶᠢ ᠪᠠᠭᠠᠰᠭᠠᠬᠤ ᠭᠡᠬᠦ ᠮᠡᠲᠦ᠃

ᠬᠡᠷᠡᠭᠯᠡᠭᠡᠨ ᠦ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

4000 ᠭᠠᠷᠤᠢ ᠵᠢᠯ ᠦᠨ ᠡᠮᠦᠨ᠎ᠡ ᠡᠴᠡ ᠴᠢᠯᠠᠭᠣᠨ ᠲᠣᠰᠣ ᠶᠢ ᠬᠦᠮᠦᠰ ᠬᠡᠷᠡᠭᠯᠡᠵᠦ ᠡᠬᠢᠯᠡᠭᠰᠡᠨ ᠪᠠᠶᠢᠨ᠎ᠠ᠃ ᠪᠠᠪᠢᠯᠤᠨ ᠬᠣᠲᠠ ᠶᠢᠨ ᠬᠠᠨ᠂ ᠴᠠᠮᠬᠠᠭ ᠢ ᠪᠠᠷᠢᠬᠤ ᠳᠤ ᠠᠰᠹᠠᠯᠲ ᠬᠡᠷᠡᠭᠯᠡᠵᠦ ᠪᠠᠶᠢᠭᠰᠠᠨ ᠭᠡᠰᠡᠨ ᠮᠡᠳᠡᠭᠡ ᠪᠤᠢ᠃ [2] IV ᠵᠠᠭᠤᠨ ᠳᠤ ᠬᠢᠲᠠᠳ ᠲᠤ 243 ᠮ ᠭᠦᠨ ᠲᠡᠢ ᠠᠩᠬᠠᠨ ᠤ ᠭᠠᠵᠠᠷ ᠤᠨ ᠲᠣᠰᠤᠨ ᠤ ᠴᠣᠨᠣᠭ ᠢ ᠥᠷᠥᠮᠳᠡᠵᠦ ᠪᠠᠶᠢᠪᠠ᠃ VII ᠵᠠᠭᠤᠨ ᠳᠤ ᠶᠠᠫᠣᠨ ᠳᠤ ᠴᠢᠯᠠᠭᠣᠨ ᠲᠣᠰᠣ ᠶᠢ "ᠰᠢᠲᠠᠭᠴᠢ ᠤᠰᠤ" ᠭᠡᠵᠦ ᠨᠡᠷᠡᠯᠡᠳᠡᠭ᠂ ᠳ᠋ᠧᠨᠯᠦᠨ ᠳᠦ ᠪᠣᠯᠭᠠᠨ ᠬᠡᠷᠡᠭᠯᠡᠳᠡᠭ ᠪᠠᠶᠢᠴᠠᠢ᠃[2]

ᠣᠷᠴᠢᠨ ᠦᠶ᠎ᠡ ᠶᠢᠨ ᠭᠠᠵᠠᠷ ᠤᠨ ᠲᠣᠰᠤᠨ ᠤ ᠲᠡᠦᠬᠡ 1846 ᠤᠨ ᠳᠤ ᠠᠪᠷᠠᠬᠤᠮ ᠫᠢᠨ᠎ᠠ ᠭᠧᠰᠡᠨᠡᠷ (Abraham Pineo Gesner) ᠺᠧᠷᠣᠰᠢᠨ ᠢ ᠨᠡᠭᠦᠷᠡᠰᠦᠨ ᠡᠴᠡ ᠭᠠᠷᠭᠠᠵᠤ ᠠᠪᠤᠭᠰᠠᠨ ᠠᠴᠠ ᠡᠬᠢᠯᠡᠭᠰᠡᠨ ᠭᠡᠵᠦ ᠦᠵᠡᠳᠡᠭ᠃ ᠠᠩᠬᠠᠨ ᠤ ᠲᠣᠰᠤᠨ ᠤ ᠴᠣᠨᠣᠭ ᠠᠫᠱᠧᠷᠣᠨ ᠤ ᠬᠣᠶᠢᠭ (ᠠᠽᠧᠷᠪᠠᠶᠢᠵᠠᠨ᠂ ᠪᠠᠺᠤ ᠠᠴᠠ ᠵᠡᠭᠦᠨ ᠬᠣᠶᠢᠰᠢ) ᠳᠡᠭᠡᠷ᠎ᠡ 1848 ᠤᠨ ᠳᠤ ᠥᠷᠦᠮᠳᠡᠭᠳᠡᠵᠦ᠂ 1852 ᠤᠨ ᠳᠤ ᠫᠣᠯᠢᠰᠢ ᠶᠢᠨ ᠡᠮᠵᠦᠶᠢᠴᠢ ᠢᠩᠨᠠᠰᠢ ᠯᠶᠤᠶᠢᠺᠠᠽᠧᠦᠢᠰᠺᠢ ᠭᠠᠵᠠᠷ ᠤᠨ ᠲᠣᠰᠤᠨ ᠠᠴᠠ ᠺᠧᠷᠣᠰᠢᠨ ᠭᠠᠷᠭᠠᠵᠤ ᠠᠪᠬᠤ ᠠᠷᠭ᠎ᠠ ᠶᠢ ᠨ ᠡᠴᠡᠢ᠃ ᠤᠯᠠᠮ ᠢᠶᠠᠷ ᠪᠠᠺᠳ ᠠᠩᠬᠠᠨ ᠤ ᠭᠠᠵᠠᠷ ᠤᠨ ᠲᠣᠰᠤᠨ ᠤ ᠨᠡᠷᠡᠬᠦ ᠦᠢᠯᠡᠳᠪᠦᠷᠢ 1861 ᠤᠨ ᠳᠤ ᠪᠠᠶᠢᠭᠤᠯᠤᠭᠳᠠᠪᠠ᠃ ᠲᠤᠬᠠᠢ ᠶᠢᠨ ᠦᠶ᠎ᠡ ᠳᠦ ᠪᠠᠺᠦ᠋ ᠳᠡᠯᠡᠬᠡᠢ ᠶᠢᠨ ᠲᠣᠰᠤᠨ ᠤ 90 ᠬᠤᠪᠢ ᠶᠢ ᠦᠢᠯᠡᠳᠪᠦᠷᠢᠯᠡᠵᠦ ᠪᠠᠶᠢᠪᠠ᠃

1910 ᠤᠨ ᠭᠡᠬᠦ ᠳᠦ᠂ ᠺᠠᠨᠠᠳᠠ ᠤᠨ ᠠᠯᠪᠧᠷᠲ ᠲᠤ᠂ ᠢᠨᠳᠥᠶᠢᠨᠧᠽᠢ ᠶᠢᠨ ᠰᠤᠮᠤᠲᠷᠠ ᠠᠷᠠᠯ᠂ ᠢᠷᠡᠨᠫᠧᠷᠤᠸᠧᠨᠧᠰᠤᠯᠮᠸᠺᠰᠢᠺᠣ ᠲᠤ ᠬᠡᠳᠦ ᠬᠡᠳᠦᠨ ᠭᠠᠵᠠᠷ ᠤᠨ ᠲᠣᠰᠤᠨ ᠤ ᠲᠣᠮᠣᠬᠠᠨ ᠣᠷᠳ᠋ ᠍ ᠤᠳ ᠠᠴᠠ ᠣᠯᠪᠤᠷᠢᠯᠠᠯᠲᠠ ᠶᠠᠪᠤᠭᠤᠯᠵᠤ ᠪᠠᠶᠢᠪᠠ᠃ ᠭᠡᠪᠡᠴᠦ 1950 ᠍ ᠊ᠭᠠᠳ ᠤᠨ ᠤ ᠳᠤᠮᠳᠠ ᠬᠦᠷᠲᠡᠯ᠎ᠡ᠂ ᠨᠡᠭᠦᠷᠡᠰᠦ ᠨᠢ ᠡᠷᠴᠢᠮ ᠬᠦᠴᠦᠨ ᠦ ᠦᠨᠳᠦᠰᠦᠨ ᠲᠦᠭᠦᠬᠡᠢ ᠡᠳ᠋ ᠪᠠᠶᠢᠭᠰᠠᠨ ᠶᠤᠮ᠃

ᠥᠨᠥ ᠶᠢᠨ ᠪᠠᠶᠢᠳᠠᠯ ᠢᠶᠠᠷ ᠨᠡᠶᠢᠲᠡ ᠲᠡᠭᠡᠭᠡᠪᠦᠷᠢ ᠶᠢᠨ ᠬᠡᠷᠡᠭᠰᠡᠯ ᠦᠨ 90% ᠭᠠᠵᠠᠷ ᠤᠨ ᠲᠣᠰᠤᠨ ᠠᠴᠠ ᠭᠠᠷᠭᠠᠨ ᠠᠪᠤᠭᠰᠠᠨ ᠲᠥᠷᠥᠯ ᠪᠦᠷᠢ ᠶᠢᠨ ᠲᠦᠯᠡᠰᠢ ᠶᠢ ᠬᠡᠷᠡᠭᠯᠡᠵᠦ᠂ ᠬᠢᠮᠢ ᠶᠢᠨ ᠦᠢᠯᠡᠳᠪᠦᠷᠢ ᠶᠢᠨ ᠮᠠᠰᠢ ᠴᠢᠬᠤᠯᠠ ᠲᠦᠭᠦᠬᠡᠢ ᠪᠣᠯᠵᠠᠢ᠃ ᠴᠢᠯᠠᠭᠣᠨ ᠲᠣᠰᠣ ᠣᠯᠪᠤᠷᠢᠯᠠᠯᠲᠠ ᠶᠢᠨ ᠬᠡᠮᠵᠢᠶ᠎ᠡ ᠪᠡᠷ ᠰᠤᠤᠳᠢ ᠠᠷᠠᠪᠣᠷᠣᠰ ᠬᠣᠯᠪᠣᠭᠠᠨ ᠤ ᠤᠯᠤᠰᠠᠮᠧᠷᠢᠺᠠ ᠶᠢᠨ ᠨᠢᠭᠡᠳᠦᠭᠰᠡᠨ ᠤᠯᠤᠰ ᠍ ᠤᠳ᠂ ᠮᠡᠳᠡᠭᠳᠡᠵᠦ ᠪᠤᠢ ᠨᠥᠭᠡᠴᠡ ᠶᠢᠨ 62.5% ᠰᠤᠤᠳᠢ ᠠᠷᠠᠪᠠᠷᠠᠪ ᠤᠨ ᠨᠢᠭᠡᠳᠦᠭᠰᠡᠨ ᠡᠮᠢᠷᠲ ᠤᠯᠤᠰᠢᠷᠠᠺᠺᠠᠲ᠋ᠠᠷᠺᠦᠪᠡᠢ ᠳᠦ ᠍ ᠳᠦ ᠪᠠᠶᠢᠨ᠎ᠠ᠃

ᠭᠠᠵᠠᠷ ᠤᠨ ᠲᠣᠰᠤᠨ ᠤ ᠬᠡᠷᠡᠭᠯᠡᠭᠡ᠂ ᠨᠡᠶᠢᠯᠡᠭᠦᠯᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠷᠡᠭᠯᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠤᠨ ᠲᠣᠰᠤᠨ ᠤ ᠦᠨᠳᠦᠰᠦᠨ ᠬᠡᠷᠡᠭᠯᠡᠭᠡ ᠨᠢ ᠲᠥᠷᠥᠯ ᠪᠦᠷᠢ ᠶᠢᠨ ᠲᠦᠯᠡᠰᠢ (ᠪᠧᠨ᠋ᠽᠢᠨᠳ᠋ᠢᠽᠧᠯ ᠲᠦᠯᠡᠰᠢᠲᠡᠶᠢᠷᠦᠯᠲᠡᠲᠦ ᠬᠥᠳᠡᠯᠭᠡᠭᠦᠷ ᠦᠨ ᠲᠦᠯᠡᠰᠢᠰᠢᠩᠭᠡᠷᠡᠭᠦᠯᠦᠭᠰᠡᠨᠬᠡᠢ (LPG) ᠭᠡᠬᠦ ᠮᠡᠲᠦ), ᠲᠣᠰᠣ ᠪᠣᠯᠤᠨ ᠲᠤᠰᠤᠯᠠᠬᠤ ᠮᠠᠲ᠋ᠧᠷᠢᠶᠠᠯ᠂ ᠬᠤᠪᠠᠨᠴᠠᠷ ᠤᠳ᠂ ᠬᠢᠮᠢ ᠶᠢᠨ ᠪᠣᠳᠠᠰ ᠤᠳ ᠭᠠᠷᠭᠠᠨ ᠠᠪᠬᠤ ᠶᠤᠮ᠃

ᠳᠡᠯᠡᠬᠡᠢ ᠶᠢᠨ ᠨᠡᠶᠢᠲᠡ ᠭᠠᠵᠠᠷ ᠤᠨ ᠲᠣᠰᠤᠨ ᠤ ᠬᠡᠷᠡᠭᠯᠡᠭᠡ 2005 ᠤᠨ ᠤ ᠬᠢ ᠪᠠᠷ ᠡᠳᠦᠷ ᠲᠦ 84 ᠰᠠᠶ᠋ᠢ ᠪᠠᠷᠷᠧᠯ ᠪᠠᠶᠢᠨ᠎ᠠ᠃

ᠣᠯᠪᠤᠷᠢᠯᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠣᠨ ᠲᠣᠰᠣ ᠣᠯᠪᠤᠷᠢᠯᠠᠭᠴᠢ ᠣᠷᠣᠨ ᠨᠤᠭᠤᠳ
 ᠶᠡᠬᠡ ᠬᠡᠮᠵᠢᠶᠡᠨ ᠦ ᠣᠯᠪᠤᠷᠢᠯᠠᠯᠲᠠ ᠬᠢᠳᠡᠭ ᠣᠷᠣᠨ ᠨᠤᠭᠤᠳ᠂ 2004 ᠤᠨ ᠤ ᠬᠢ ᠪᠠᠷ:
# ᠣᠷᠣᠨ (×106ᠪᠠᠷᠷᠧᠯ/ᠡᠳᠦᠷ) (×103m³/ᠡᠳᠦᠷ)
1 ᠰᠤᠤᠳᠢ ᠠᠷᠠᠪ (ОПЕК) 10.37 1,649
2 ᠣᠷᠣᠰ ᠬᠣᠯᠪᠣᠭᠠᠨ ᠤ ᠤᠯᠤᠰ 9.27 1,474
3 ᠠᠮᠧᠷᠢᠺᠠ ᠶᠢᠨ ᠨᠢᠭᠡᠳᠦᠭᠰᠡᠨ ᠤᠯᠤᠰ 8.69 1,382
4 ᠢᠷᠡᠨ (ОПЕК) 4.09 650
5 ᠮᠸᠺᠰᠢᠺᠣ 3.83 609
6 ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ 3.62 576
7 ᠨᠤᠷᠸᠸᠢ 3.18 506
8 ᠺᠠᠨᠠᠳᠠ 3.14 499
9 ᠸᠧᠨᠧᠰᠤᠯ (ОПЕК) 2.86 455
10 ᠠᠷᠠᠪ ᠤᠨ ᠨᠢᠭᠡᠳᠦᠭᠰᠡᠨ ᠡᠮᠢᠷᠲ ᠤᠯᠤᠰ (ОПЕК) 2.76 439
11 ᠺᠦᠪᠠᠶᠢᠲ (ОПЕК) 2.51 399
12 ᠨᠢᠭᠧᠷ (ОПЕК) 2.51 399
13 ᠶᠡᠬᠡ ᠪᠷᠢᠲ᠋ᠠᠨ(ᠠᠩᠭᠯᠢ) 2.08 331
14 ᠢᠷᠠᠺ (ОПЕК) 2.03 323

 ᠨᠥᠭᠡᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠤᠨ ᠲᠣᠰᠤᠨ ᠤ ᠶᠡᠬᠡ ᠨᠥᠭᠡᠴᠡ ᠲᠡᠢ ᠣᠷᠣᠨ ᠨᠤᠭᠤᠳ

ᠭᠠᠵᠠᠷ ᠤᠨ ᠲᠣᠰᠤᠨ ᠤ ᠶᠡᠬᠡᠬᠡᠨ ᠨᠥᠭᠡᠴᠡ ᠲᠡᠢ ᠣᠷᠣᠨ ᠨᠤᠭᠤᠳ᠂ ᠭᠢᠭᠠᠪᠠᠷᠷᠧᠯ ᠢᠶᠠᠷ (109 ᠪᠠᠷᠷᠧᠯ) [1].

ᠣᠷᠣᠨ/ᠪᠥᠰᠡ ᠨᠤᠲᠤᠭ ᠪᠠᠭ᠎ᠠ ᠪᠠᠷ ᠲᠣᠭᠠᠴᠠᠬᠤ ᠳᠤ ᠳᠡᠭᠡᠳᠦ ᠬᠡᠮᠵᠢᠶ᠎ᠡ ᠪᠡᠷ
ᠬᠣᠶᠢᠳᠤ ᠠᠮᠧᠷᠢᠺᠠ 50.7 222.9
ᠺᠠᠨᠠᠳᠠ 16.5 178.8
ᠠᠮᠧᠷᠢᠺᠠ ᠶᠢᠨ ᠨᠢᠭᠡᠳᠦᠭᠰᠡᠨ ᠤᠯᠤᠰ 21.3 29.3
ᠮᠸᠺᠰᠢᠺᠣ 12.9 14.8
ᠲᠥᠪ ᠪᠣᠯᠤᠨ ᠡᠮᠦᠨᠡᠲᠦ ᠠᠮᠧᠷᠢᠺᠠ ᠲᠢᠪ 76 401.1
ᠸᠧᠨᠧᠰᠤᠯ 52.4 361.2
ᠪᠷᠠᠽᠢᠯ 10.6 11.2
ᠪᠠᠷᠠᠭᠤᠨ ᠧᠦ᠋ᠷᠣᠫᠠ 16.2 17.3
ᠶᠡᠬᠡᠪᠷᠢᠲ᠋ᠠᠨᠢ 4.1 4.5
ᠨᠤᠷᠸᠸᠢ 7.7 8.0
ᠵᠡᠭᠦᠨ ᠧᠦ᠋ᠷᠣᠫᠠ & ᠬᠠᠭᠤᠴᠢᠨ ᠵᠥᠪᠯᠡᠯᠲᠦ ᠬᠣᠯᠪᠣᠭᠠᠲᠤ ᠤᠯᠤᠰ 79.2 121.9
ᠣᠷᠣᠰ ᠬᠣᠯᠪᠣᠭᠠᠨ ᠤ ᠤᠯᠤᠰ 60 72.4
ᠬᠠᠰᠠᠭᠰᠲ᠋ᠠᠨ 9 39.6
ᠣᠶᠢᠷᠠᠬᠢ ᠳᠣᠷᠣᠨᠠᠲᠤ 708.3 733.9
ᠢᠷᠡᠨ 125.8 132.7
ᠢᠷᠠᠺ 115 115
ᠺᠦᠪᠡᠢ ᠳᠦ 99 101.5
ᠺᠠᠲ᠋ᠠᠷ 15.2 15.2
ᠰᠤᠤᠳᠢ ᠠᠷᠠᠪ 261.9 264.3
ᠠᠷᠠᠪ ᠤᠨ ᠨᠢᠭᠡᠳᠦᠭᠰᠡᠨ ᠡᠮᠢᠷᠲ ᠤᠯᠤᠰ 69.9 97.8
ᠠᠹᠷᠢᠺᠠ 100.8 113.8
ᠠᠯᠵᠢᠷᠢᠶ ᠠ 11.4 11.8
ᠯᠢᠪᠢᠶ ᠠ 33.6 39.1
ᠨᠢᠭᠧᠷ 35.3 35.9
ᠠᠽᠢᠶ᠎ᠠ ᠪᠠ ᠨᠣᠮᠣᠬᠠᠨ ᠳᠠᠯᠠᠢ ᠶᠢᠨ ᠪᠥᠰᠡ 36.2 39.8
ᠬᠢᠲᠠᠳ 15.4 16.0
ᠠᠦᠢᠰᠲ᠋ᠷᠯᠢᠶ᠎ᠠ 1.5 4
ᠡᠨᠡᠳᠬᠡᠭ 4.9 5.6
ᠢᠨᠳᠦ᠋ᠨᠢᠱᠢᠶ ᠠ 4.3 4.3
ᠳᠡᠯᠡᠬᠡᠢ ᠶᠢᠨ ᠨᠡᠶᠢᠲᠡ 1082 1650.7

ᠡᠺᠰᠫᠣᠷᠲ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠤᠨ ᠲᠣᠰᠤᠨ ᠤ ᠡᠺᠰᠫᠣᠷᠲ᠂ ᠣᠷᠣᠨ ᠨᠤᠭᠤᠳ ᠢᠶᠠᠷ

ᠭᠠᠵᠠᠷ ᠤᠨ ᠲᠣᠰᠤᠨ ᠤ ᠡᠺᠰᠫᠣᠷᠲ᠂ 2003 ᠤᠨ:

  1. ᠰᠤᠤᠳᠢ ᠠᠷᠠᠪ (ОПЕК)
  2. ᠣᠷᠣᠰ ᠬᠣᠯᠪᠣᠭᠠᠨ ᠤ ᠤᠯᠤᠰ
  3. ᠨᠤᠷᠸᠸᠢ
  4. ᠢᠷᠡᠨ (ОПЕК)
  5. ᠠᠷᠠᠪ ᠤᠨ ᠨᠢᠭᠡᠳᠦᠭᠰᠡᠨ ᠡᠮᠢᠷᠲ ᠤᠯᠤᠰ (ОПЕК)
  6. ᠸᠧᠨᠧᠰᠤᠯ (ОПЕК)
  7. ᠺᠦᠪᠡᠢ ᠳᠦ (ОПЕК)
  8. ᠨᠢᠭᠧᠷ (ОПЕК)
  9. ᠮᠸᠺᠰᠢᠺᠣ
  10. Aᠯᠵᠢᠷ (ОПЕК)
  11. ᠯᠢᠪᠢᠶ ᠠ (ОПЕК)

ᠦᠨ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠤᠨ ᠲᠣᠰᠤᠨ ᠤ ᠦᠨ᠎ᠡ᠂ 1861 - 2006


ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  • EIA reserves estimates
  • 2.0 2.1  ᠡᠨᠡ ᠥᠭᠦᠯᠡᠯ ᠢ ᠣᠳᠣ ᠨᠡᠶᠢᠲᠡ ᠶᠢᠨ ᠥᠮᠴᠢ ᠪᠣᠯᠤᠭᠰᠠᠨ ᠳᠠᠷᠠᠭᠠᠬᠢ ᠡᠬᠢ ᠰᠤᠷᠪᠤᠯᠵᠢ ᠠᠴᠠ ᠠᠪᠤᠭᠰᠠᠨ ᠪᠣᠯᠤᠨ᠎ᠠ: ᠴᠢᠰᠾᠣᠯᠮ, ᠬᠡᠶᠤ, ed. (1911), "Petroleum", ᠪᠷᠢᠲ᠋ᠠᠨᠢᠺᠠ ᠨᠡᠪᠲᠡᠷᠬᠡᠢ ᠲᠣᠯᠢ (11 ed.), ᠺᠡᠮᠵᠢᠪᠷᠢᠵᠤ ᠶᠡᠬᠡ ᠰᠤᠷᠭᠠᠭᠤᠯᠢ ᠶᠢᠨ ᠬᠡᠪᠯᠡᠯ ᠦᠨ ᠭᠠᠵᠠᠷ
  • ᠪᠢᠴᠢᠭᠡᠰᠦ