ᠴᠢᠩᠭᠢᠰ ᠬᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠴᠢᠩᠭᠢᠰ ᠬᠠᠭᠠᠨ ᠤ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠴᠢᠩᠭᠢᠰ ᠴᠢᠩᠭᠢᠰ
ᠶᠡᠬᠡ ᠮᠣᠩᠭᠣᠯ ᠤᠯᠤᠰ ᠢ ᠦᠨᠳᠦᠰᠦᠯᠡᠭᠴᠢ ᠶᠡᠬᠡ ᠡᠵᠡᠨ ᠬᠠᠭᠠᠨ
YuanEmperorAlbumGenghisPortrait.jpg
ᠬᠠᠭᠠᠨᠴᠢᠯᠠᠯ 1189–1227
ᠬᠠᠭᠠᠨ ᠰᠠᠭᠤᠭᠰᠠᠨ ᠴᠡᠩᠬᠡᠷ ᠦᠨ ᠭᠣᠣᠯ ᠤᠨ ᠬᠠᠷ᠎ᠠ ᠵᠢᠷᠦᠬᠡᠨ ᠦ ᠬᠥᠬᠡ ᠨᠠᠭᠤᠷ ᠭᠡᠳᠡᠭ ᠭᠠᠵᠠᠷ᠂ 1189 ᠤᠨ ᠳᠤ ᠠᠯᠲᠠᠨ᠂ ᠰᠠᠴᠤ ᠪᠡᠬᠢ᠂ ᠳᠠᠷᠢᠳᠠᠢ ᠠᠪᠠᠭ᠎ᠠ ᠨᠠᠷ ᠵᠥᠪᠯᠡᠯᠳᠦᠵᠦ ᠬᠠᠭᠠᠨ ᠰᠢᠷᠡᠭᠡᠨ ᠳᠦ ᠰᠠᠭᠤᠯᠭᠠᠪᠠ᠃
ᠪᠦᠲᠦᠨ ᠨᠡᠷ᠎ᠡ ᠴᠢᠩᠭᠢᠰ ᠬᠠᠭᠠᠨ᠂ ᠲᠡᠮᠦᠵᠢᠨ
ᠮᠣᠩᠭᠣᠯ ᠪᠢᠴᠢᠭ: Cinggis qayan.png
ᠲᠦᠷᠦᠭᠰᠡᠨ ᠣᠩᠨᠠᠭ᠎ᠠ ~1162
ᠲᠦᠷᠦᠭᠰᠡᠨ ᠭᠠᠵᠠᠷ ᠮᠣᠩᠭᠣᠯ ᠤᠯᠤᠰᠳᠠᠳᠤᠯ ᠰᠤᠮᠤ
ᠥᠩᠭᠡᠷᠡᠭᠰᠡᠨ ᠣᠩᠨᠠᠭ᠎ᠠ 1227
ᠥᠩᠭᠡᠷᠡᠭᠰᠡᠨ ᠭᠠᠵᠠᠷ  ᠶᠡᠬᠡ ᠮᠣᠩᠭᠣᠯ ᠤᠯᠤᠰ
ᠣᠷᠣᠰᠢᠭᠤᠯᠤᠭᠰᠠᠨ ᠪᠤᠷᠬᠠᠨ ᠬᠠᠯᠳᠤᠨ
ᠶᠡᠬᠡ ᠬᠠᠲᠤᠨ ᠪᠥᠷᠲᠡ ᠦᠵᠢᠨ
ᠪᠠᠭ᠎ᠠ ᠬᠠᠲᠤᠨ ᠶᠡᠰᠦᠢ
ᠶᠡᠰᠦᠭᠡᠨ
ᠬᠤᠯᠠᠨ
ᠬᠠᠭᠠᠨ ᠤ ᠤᠳᠤᠮ ᠵᠦᠴᠢ
ᠴᠠᠭᠠᠳᠠᠢ
ᠥᠭᠡᠲᠡᠢ
ᠲᠤᠯᠤᠢ
ᠬᠠᠭᠠᠨ ᠤ ᠣᠪᠤᠭ ᠪᠣᠷᠵᠢᠭᠢᠨ
ᠤᠯᠤᠰ ᠤᠨ ᠨᠡᠷ᠎ᠡ ᠶᠡᠬᠡ ᠮᠣᠩᠭᠣᠯ ᠤᠯᠤᠰ
ᠡᠴᠢᠭᠡ ᠶᠡᠰᠦᠭᠡᠢ
ᠡᠬᠡ ᠥᠭᠡᠯᠦᠨ

 ᠶᠡᠬᠡ ᠡᠵᠡᠨ ᠪᠣᠭᠳᠠ ᠴᠢᠩᠭᠢᠰ ᠬᠠᠭᠠᠨ  (~1162 - 1227 ᠤᠨ ᠤ 8 ᠰᠠᠷ᠎ᠠ ᠶᠢᠨ 18) 1206 ᠤᠨ ᠳᠤ ᠮᠣᠩᠭᠣᠯ ᠠᠶᠢᠮᠠᠭ ᠤᠳ ᠢ ᠨᠢᠭᠡᠳᠬᠡᠵᠦ ᠶᠡᠬᠡ ᠮᠣᠩᠭᠣᠯ ᠤᠯᠤᠰ ᠪᠤᠶᠤ ᠮᠣᠩᠭᠣᠯ ᠤᠨ ᠡᠵᠡᠨᠲᠦ ᠭᠦᠷᠦᠨ ᠢ ᠪᠠᠶᠢᠭᠤᠯᠤᠭᠰᠠᠨ ᠮᠣᠩᠭᠣᠯ ᠤᠨ ᠬᠠᠭᠠᠨ ᠪᠠᠶᠢᠪᠠ᠃ ᠬᠢᠶᠠᠳ ᠪᠣᠷᠵᠢᠭᠢᠨ ᠶᠡᠰᠦᠭᠡᠢ ᠶᠢᠨ ᠲᠡᠮᠦᠵᠢᠨ ᠭᠡᠳᠡᠭ ᠨᠡᠷ᠎ᠡ ᠲᠡᠢ ᠪᠡᠷ ᠪᠣᠷᠵᠢᠭᠢᠨ ᠣᠪᠣᠭᠲᠤ ᠲᠦᠷᠦᠭᠰᠡᠨ ᠲᠡᠷᠡ ᠪᠡᠷ ᠲᠡᠦᠬᠡᠨ ᠳ᠋ᠡᠬᠢ ᠬᠠᠮᠤᠭ ᠤᠨ ᠭᠠᠷᠮᠠᠭᠠᠢ ᠤᠯᠤᠰ ᠲᠥᠷᠤᠴᠢᠨ ᠪᠠ ᠴᠡᠷᠢᠭ ᠦᠨ ᠤᠳᠤᠷᠢᠳᠤᠭᠴᠢᠳ ᠤᠨ ᠨᠢᠭᠡ ᠪᠣᠯᠤᠭᠰᠠᠨ ᠶᠤᠮ ᠃ ᠶᠡᠬᠡ ᠮᠣᠩᠭᠣᠯ ᠤᠯᠤᠰ ᠢ ᠪᠠᠶᠢᠭᠤᠯᠤᠭᠰᠠᠨ ᠤ ᠳᠠᠷᠠᠭ᠎ᠠ ᠲᠡᠷᠡᠪᠡᠷ ᠠᠮᠢᠳᠤᠷᠠᠯ ᠤᠨ ᠢᠶᠠᠨ ᠶᠠᠪᠤᠴᠠ ᠳᠤ ᠠᠽᠢᠶ᠎ᠠ᠂ ᠧᠦ᠋ᠷᠣᠫᠠ ᠶᠢᠨ ᠶᠡᠬᠡᠩᠬᠢ ᠨᠤᠲᠤᠭ ᠳᠡᠪᠢᠰᠬᠡᠷ ᠢ ᠡᠵᠡᠯᠡᠭᠰᠡᠨ ᠪᠥᠭᠡᠳ ᠬᠠᠷᠢᠨ ᠲᠡᠭᠦᠨ ᠦ ᠦᠷ᠎ᠡ ᠬᠡᠦᠬᠡᠳ ᠦᠳ ᠡᠭᠦᠨ ᠢ ᠨᠢ ᠦᠷᠭᠦᠯᠵᠢᠯᠡᠭᠦᠯᠵᠦ᠂ ᠲᠤᠬᠠᠢ ᠶᠢᠨ ᠦᠶ᠎ᠡ ᠳᠦ ᠰᠤᠶᠤᠯ ᠢᠷᠭᠡᠨᠰᠢᠯ ᠳᠦ ᠬᠦᠮᠦᠨ ᠲᠥᠷᠥᠯᠬᠢᠲᠡᠨ ᠳᠦ ᠨᠡᠭᠡᠭᠡᠭᠳᠡᠭᠡᠳ ᠪᠠᠶᠢᠭᠰᠠᠨ ᠳᠡᠯᠡᠬᠡᠢ ᠶᠢᠨ ᠬᠠᠭᠤᠷᠠᠢ ᠭᠠᠵᠠᠷ ᠢ ᠪᠠᠷᠤᠭ ᠪᠦᠬᠦᠯᠢ ᠳᠦ ᠨᠢ ᠡᠵᠡᠯᠡᠭᠰᠡᠨ ᠪᠠᠶᠢᠨ᠎ᠠ᠃ ᠴᠢᠩᠭᠢᠰ ᠬᠠᠭᠠᠨ ᠲᠠᠩᠭᠤᠳ ᠢ ᠡᠵᠡᠯᠡᠭᠰᠡᠨ ᠦ ᠳᠠᠷᠠᠭ᠎ᠠ 1227 ᠤᠨ ᠳᠤ ᠨᠠᠰᠤ ᠪᠠᠷᠠᠵᠠᠢ᠃ ᠲᠡᠭᠦᠨ ᠦ ᠣᠷᠣᠰᠢᠭᠤᠯᠤᠭᠳᠠᠭᠰᠠᠨ ᠭᠠᠵᠠᠷ ᠨᠢ ᠣᠳᠣ ᠬᠦᠷᠲᠡᠯ᠎ᠡ ᠣᠯᠳᠠᠭ᠎ᠠ ᠦᠭᠡᠢ ᠪᠣᠯᠤᠨ᠎ᠠ᠃ ᠴᠢᠩᠭᠢᠰ ᠦᠨ ᠦᠷ᠎ᠡ ᠤᠳᠤᠮ ᠥᠨᠥ ᠶᠢᠨ ᠬᠢᠲᠠᠳ᠂ ᠰᠣᠯᠣᠩᠭᠣᠰ᠂ ᠺᠠᠸᠬᠠᠰ᠂ ᠲᠥᠪ ᠠᠽᠢᠶ᠎ᠠ ᠶᠢᠨ ᠣᠷᠣᠨ ᠨᠤᠭᠤᠳ᠂ ᠮᠥᠨ ᠥᠨᠥ ᠶᠢᠨ ᠣᠷᠣᠰ᠂ ᠵᠡᠭᠦᠨ ᠧᠦ᠋ᠷᠣᠫᠠ᠂ ᠣᠶᠢᠷᠠᠬᠢ ᠳᠣᠷᠣᠨᠠᠲᠤ ᠶᠢᠨ ᠵᠠᠷᠢᠮ ᠬᠡᠰᠡᠭ ᠦᠳ ᠢ ᠡᠵᠡᠯᠡᠭᠰᠡᠨ ᠪᠤᠶᠤ ᠲᠦᠰᠢᠮᠡᠭ ᠤᠯᠤᠰ ᠤᠳ ᠢᠶᠠᠨ ᠪᠣᠯᠭᠠᠭᠰᠠᠨ ᠠᠵᠢ᠃

ᠤᠭ ᠭᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠨᠢᠭᠤᠴᠠ ᠲᠣᠪᠴᠢᠶ᠎ᠠ ᠴᠢᠩᠭᠢᠰ ᠬᠠᠭᠠᠨ ᠤ ᠢᠵᠠᠭᠤᠷ᠂ ᠳᠡᠭᠡᠳᠦ ᠲᠩᠷᠢ ᠡᠴᠡ ᠵᠠᠶᠠᠭᠠᠲᠤ ᠲᠦᠷᠦᠭᠰᠡᠨ ᠪᠥᠷᠲᠡ ᠴᠢᠨᠣ᠎ᠠ ᠡᠬᠡᠨᠡᠷ ᠭᠤᠸ᠎ᠠ ᠮᠠᠷᠠᠯ ᠍ ᠤᠨ ᠬᠠᠮᠲᠤ ᠪᠠᠷ ᠲᠡᠩᠭᠢᠰ ᠳᠠᠯᠠᠢ ᠶᠢ ᠭᠠᠲᠤᠯᠠᠵᠤ ᠢᠷᠡᠭᠡᠳ ᠣᠨᠣᠨ ᠮᠥᠷᠡᠨ ᠦ ᠡᠬᠢ ᠪᠤᠷᠬᠠᠨ ᠬᠠᠯᠳᠤᠨ ᠠᠭᠤᠯᠠᠨ ᠳᠤ ᠨᠤᠲᠤᠭᠯᠠᠵᠤ᠂ ᠪᠠᠲᠠᠴᠢᠬᠠᠨ ᠭᠡᠳᠡᠭ ᠨᠢᠭᠡᠨ ᠬᠥᠪᠡᠭᠦᠨ ᠢ ᠲᠥᠷᠦᠭᠦᠯᠵᠡᠢ ᠬᠡᠮᠡᠨ ᠳᠤᠷᠠᠳᠤᠭᠰᠠᠨ ᠪᠠᠶᠢᠳᠠᠭ᠃ ᠳᠠᠷᠠᠭᠠᠬᠢ ᠦᠶ᠎ᠡ ᠤᠳᠤᠮ ᠤᠳ ᠢ ᠵᠢᠭᠰᠠᠭᠠᠪᠠᠯ ᠲᠠᠮᠠᠴᠠ᠂ ᠬᠣᠷᠢᠴᠠᠷ ᠮᠡᠷᠭᠡᠨ᠂ ᠠᠭᠤᠵᠢᠮ ᠪᠤᠭᠤᠷᠤᠯ᠂ ᠰᠠᠯᠢ-ᠬᠠᠴᠠᠭᠤ᠂ ᠶᠡᠬᠡᠨᠢᠳᠦᠨ᠂ ᠰᠢᠩᠰᠣᠴᠢ᠂ ᠬᠠᠷᠴᠤ᠂ ᠪᠣᠷᠵᠢᠭᠢᠳᠠᠢ ᠮᠡᠷᠭᠡᠨ᠂ ᠲᠣᠷᠭᠣᠯᠵᠢᠨ ᠪᠠᠶᠠᠨ᠂ ᠳᠣᠪᠤ ᠮᠡᠷᠭᠡᠨ. ᠳᠣᠪᠤ ᠮᠡᠷᠭᠡᠨ ᠦ ᠡᠬᠡᠨᠡᠷ ᠬᠣᠷᠢ ᠲᠦᠮᠡᠳ ᠦᠨ ᠬᠣᠷᠢᠯᠠᠷᠲᠠᠢ ᠮᠡᠷᠭᠡᠨ ᠦ ᠥᠬᠢᠨ ᠠᠯᠤᠨ ᠭᠤᠸ᠎ᠠ. ᠳᠣᠪᠤ ᠮᠡᠷᠭᠡᠨ ᠬᠣᠶᠠᠷ ᠬᠦᠦᠲᠡᠢ ᠪᠣᠯᠤᠭᠠᠳ ᠨᠠᠰᠤ ᠪᠠᠷᠠᠭᠰᠠᠨ ᠤ ᠳᠠᠷᠠᠭ᠎ᠠ ᠠᠯᠤᠨ ᠭᠤᠣ᠎ᠠ ᠠᠴᠠ ᠲᠦᠷᠦᠭᠰᠡᠨ ᠭᠤᠷᠪᠠᠨ ᠬᠥᠪᠡᠭᠦᠨ ᠦ ᠪᠠᠭ᠎ᠠ ᠨᠢ ᠪᠣᠯᠬᠤ ᠪᠣᠳᠣᠨᠴᠢᠷ ᠮᠤᠩᠬᠠᠭ ᠠᠴᠠ ᠪᠣᠷᠵᠢᠭᠢᠨ ᠣᠪᠤᠭ ᠤᠨ ᠬᠢᠨ ᠡᠭᠦᠰᠦᠨ ᠭᠠᠷᠴᠠᠢ᠃ ᠨᠢᠭᠤᠴᠠ ᠲᠣᠪᠴᠢᠶᠠᠨ ᠳᠤ ᠪᠢᠴᠢᠭᠰᠡᠨ ᠢᠶᠡᠷ ᠪᠣᠯ ᠠᠯᠤᠨ ᠭᠤᠸ᠎ᠠ ᠳᠣᠪᠤ ᠮᠡᠷᠭᠡᠨ ᠦ ᠨᠠᠰᠤ ᠪᠠᠷᠠᠭᠰᠠᠨ ᠠᠴᠠ ᠬᠣᠶᠢᠰᠢ ᠬᠥᠪᠡᠭᠦᠳ ᠲᠥᠷᠦᠭᠦᠯᠦᠭᠰᠡᠨ ᠢ ᠪᠡᠨ ᠮᠠᠭᠠᠯᠢᠭ ᠪᠠᠶᠠᠭᠤᠳ ᠣᠪᠤᠭ ᠤᠨ ᠵᠠᠷᠤᠴᠠ ᠪᠤᠰᠤ ᠬᠠᠷᠢᠨ ᠰᠥᠨᠢ ᠲᠣᠲᠣᠭᠣ ᠪᠠᠷ ᠣᠷᠣᠵᠤ ᠢᠷᠡᠬᠦ ᠲᠩᠷᠢ ᠶᠢᠨ ᠴᠠᠭᠠᠨ ᠰᠢᠷ᠎ᠠ ᠬᠦᠮᠦᠨ ᠲᠡᠢ ᠬᠣᠯᠪᠣᠨ ᠲᠠᠶᠢᠯᠪᠤᠷᠢᠯᠠᠳᠠᠭ᠃ ᠪᠣᠳᠣᠨᠴᠠᠷ ᠮᠤᠩᠬᠠᠭ ᠨᠢᠭᠡᠨ ᠵᠢᠷᠮᠦᠰᠦᠨ ᠡᠮ᠎ᠡ ᠶᠢ ᠪᠠᠷᠢᠨ ᠢᠷᠡᠭᠰᠡᠨ ᠡᠴᠡ ᠭᠠᠷᠤᠭᠰᠠᠨ ᠬᠦᠦ ᠨᠢ ᠵᠠᠵᠢᠷᠠᠳᠠᠢ ᠪᠥᠭᠡᠳ ᠡᠨᠡ ᠨᠢ ᠴᠢᠩᠭᠢᠰ ᠬᠠᠭᠠᠨ ᠤ ᠠᠨᠳᠠ ᠵᠠᠮᠤᠬ᠎ᠠ ᠶᠢᠨ ᠤᠭ ᠭᠠᠷᠤᠯ ᠪᠠᠶᠢᠭ᠎ᠠ ᠶᠤᠮ᠃

ᠪᠣᠳᠣᠨᠴᠠᠷ ᠤᠨ ᠦᠷ᠎ᠡ ᠤᠳᠤᠮ ᠨᠢ ᠬᠠᠪᠢᠴᠢ ᠪᠠᠭᠠᠲᠤᠷ᠂ ᠮᠡᠨᠡᠨ ᠲᠤᠳᠤᠨ᠂ ᠬᠠᠴᠢ ᠬᠦᠯᠦᠭ᠂ ᠬᠠᠶᠢᠳᠤ᠂ ᠪᠠᠶᠢᠰᠢᠩᠬᠣᠷ ᠳᠣᠭᠰᠢᠨ᠂ ᠲᠤᠮᠪᠢᠨᠠᠢ ᠰᠡᠴᠡᠨ ᠪᠣᠯᠤᠨ᠎ᠠ᠃ ᠬᠠᠶᠢᠳᠤ ᠶᠢᠨ ᠬᠦᠦ ᠴᠢᠷᠬᠠᠢ ᠯᠢᠩᠬᠤ᠎ᠠ ᠠᠴᠠ ᠲᠠᠶᠢᠴᠢᠭᠤᠳ ᠣᠪᠤᠭ ᠡᠭᠦᠰᠦᠨ ᠭᠠᠷᠴᠠᠢ᠃ ᠲᠤᠮᠪᠢᠨᠠᠢ ᠰᠡᠴᠡᠨ ᠦ ᠬᠦᠦ ᠬᠠᠪᠤᠯ ᠬᠠᠭᠠᠨ ᠬᠠᠮᠤᠭ ᠮᠣᠩᠭᠣᠯ ᠍ ᠢ ᠵᠠᠬᠢᠷᠴᠤ ᠪᠠᠶᠢᠭᠰᠠᠨ ᠪᠠ ᠲᠡᠭᠦᠨ ᠡᠴᠡ ᠬᠢᠶᠠᠳ ᠪᠣᠷᠵᠢᠭᠢᠨ ᠣᠪᠤᠭ ᠭᠠᠷᠴᠠᠢ᠃ ᠬᠠᠪᠤᠯ ᠬᠠᠭᠠᠨ ᠤ ᠬᠣᠶᠠᠷ ᠳ᠋ᠡᠬᠢ ᠬᠦᠦ ᠪᠠᠷᠲᠠᠨ ᠪᠠᠭᠠᠲᠤᠷ ᠨᠢ ᠴᠢᠩᠭᠢᠰ ᠬᠠᠭᠠᠨ ᠤ ᠡᠴᠢᠭᠡ ᠶᠡᠰᠦᠭᠡᠢ ᠪᠠᠭᠠᠲᠤᠷ ᠍ ᠤᠨ ᠡᠴᠢᠭᠡ ᠪᠠᠶᠢᠵᠠᠢ᠃ ᠬᠠᠮᠤᠭ ᠮᠣᠩᠭᠣᠯ ᠬᠤᠲᠤᠯ ᠬᠠᠭᠠᠨ ᠠᠴᠠ ᠬᠣᠶᠢᠰᠢ ᠬᠠᠨ ᠦᠭᠡᠢ ᠪᠠᠶᠢᠭᠰᠠᠨ ᠲᠤᠯᠠ ᠬᠢᠶᠠᠳ ᠪᠣᠷᠵᠢᠭᠢᠨ ᠣᠪᠤᠭ ᠢ ᠶᠡᠷᠦᠩᠬᠡᠢ ᠳᠤ ᠨᠢ ᠶᠡᠰᠦᠭᠡᠢ ᠪᠠᠭᠠᠲᠤᠷ ᠵᠠᠬᠢᠷᠴᠤ ᠪᠠᠶᠢᠭᠰᠠᠨ᠃

ᠴᠢᠩᠭᠢᠰ ᠬᠠᠭᠠᠨ ᠤ ᠮᠣᠩᠭᠣᠯ ᠤᠨ ᠲᠤᠯᠭᠤᠷ ᠲᠥᠷᠥ ᠶᠢ ᠡᠭᠦᠰᠬᠡᠨ ᠪᠠᠶᠢᠭᠤᠯᠬᠤ ᠶᠠᠪᠤᠴᠠ ᠳᠤ ᠨᠥᠯᠥᠭᠡ ᠲᠡᠢ ᠪᠠᠶᠢᠭᠰᠠᠨ ᠬᠡᠳᠦ ᠬᠡᠳᠦᠨ ᠹᠧᠣᠳᠠᠯ ᠢᠵᠠᠭᠤᠷᠲᠠᠨ ᠨᠤᠭᠤᠳ ᠬᠠᠪᠤᠯ ᠬᠠᠭᠠᠨ ᠤ ᠤᠳᠤᠮ ᠪᠤᠶᠤ ᠬᠢᠶᠠᠳ ᠪᠣᠷᠵᠢᠭᠢᠨ ᠤ ᠨᠣᠶᠠᠳ ᠤᠳ ᠪᠠᠶᠢᠵᠠᠢ᠃ ᠳᠠᠷᠢᠲᠠᠢ ᠣᠳᠴᠢᠭᠢᠨ ᠨᠢ ᠪᠠᠷᠲᠠᠨ ᠪᠠᠭᠠᠲᠤᠷ ᠤᠨ ᠪᠠᠭ᠎ᠠ ᠬᠦᠦ (ᠴᠢᠩᠭᠢᠰ ᠬᠠᠭᠠᠨ ᠤ ᠠᠪᠠᠭ᠎ᠠ ᠠᠬ᠎ᠠ), ᠠᠯᠲᠠᠨ ᠨᠢ ᠬᠠᠪᠤᠯ ᠬᠠᠭᠠᠨ ᠤ ᠳᠥᠷᠪᠡ ᠳᠠᠬᠢ ᠬᠥᠪᠡᠭᠦᠨ ᠬᠤᠲᠤᠯ ᠬᠠᠭᠠᠨ ᠤ ᠬᠦᠦ (ᠴᠢᠩᠭᠢᠰ ᠬᠠᠭᠠᠨ ᠤ ᠬᠠᠶᠠᠭᠠᠯᠠ), ᠬᠤᠴᠢᠷ ᠨᠢ ᠪᠠᠷᠲᠠᠨ ᠪᠠᠭᠠᠲᠤᠷ ᠤᠨ ᠬᠣᠶᠠᠷ ᠳ᠋ᠡᠬᠢ ᠬᠦᠦ ᠨᠡᠭᠦᠨ ᠲᠠᠶᠢᠵᠢ ᠶᠢᠨ ᠬᠦᠦ (ᠴᠢᠩᠭᠢᠰ ᠬᠠᠭᠠᠨ ᠤ ᠦᠶᠡᠯᠢ), ᠵᠦᠷᠬᠢᠨ ᠦ ᠰᠠᠴᠠ-ᠪᠡᠬᠢ ᠨᠢ ᠬᠠᠪᠤᠯ ᠬᠠᠭᠠᠨ ᠤ ᠤᠤᠭᠠᠨ ᠬᠦᠦ ᠥᠬᠢᠨᠪᠠᠷᠬᠠᠭᠡᠶᠢᠨ ᠠᠴᠢ ᠬᠦᠦ (ᠴᠢᠩᠭᠢᠰ ᠬᠠᠭᠠᠨ ᠤ ᠬᠠᠶᠠᠭᠠᠯᠠ), ᠪᠦᠷᠢ ᠪᠥᠬᠡ ᠨᠢ ᠬᠠᠪᠤᠯ ᠬᠠᠭᠠᠨ ᠤ ᠳᠥᠷᠪᠡ ᠳᠠᠬᠢ ᠬᠦᠦ ᠬᠤᠲᠤᠭᠲᠤ ᠮᠣᠩᠬᠣᠷ ᠤᠨ ᠬᠦᠦ ᠪᠠᠶᠢᠵᠠᠢ᠃

==ᠢᠳᠡᠷ ᠨᠠᠰᠤ ==  1162 ᠤᠨ ᠳᠤ ᠣᠨᠣᠨ ᠭᠣᠣᠯ ᠤᠨ ᠬᠥᠪᠡᠭᠡᠨ ᠳᠤ ᠳᠡᠯᠢᠭᠦᠨ ᠪᠣᠯᠳᠣᠭ ᠬᠡᠮᠡᠬᠦ ᠭᠠᠵᠠᠷ ᠬᠠᠲᠤᠨ ᠥᠭᠡᠯᠦᠨ ᠡᠬᠡ ᠡᠴᠡ ᠲᠥᠷᠦᠵᠡᠢ᠃ ᠮᠣᠩᠭᠣᠯ ᠤᠨ ᠨᠢᠭᠤᠴᠠ ᠲᠣᠪᠴᠢᠶ᠎ᠠ ᠲᠡᠭᠦᠨ ᠢ ᠲᠥᠷᠥᠬᠦ ᠳᠦ ᠪᠡᠨ ᠱᠠᠭ᠎ᠠ ᠶᠢᠨ ᠴᠢᠨᠡᠭᠡᠨ ᠨᠥᠵᠢ ᠠᠳᠬᠤᠵᠤ ᠲᠦᠷᠦᠭᠰᠡᠨ ᠭᠡᠵᠦ ᠪᠢᠴᠢᠭᠰᠡᠨ ᠪᠠᠶᠢᠳᠠᠭ᠃ ᠡᠨᠡ ᠦᠢᠯᠡ ᠶᠠᠪᠤᠳᠠᠯ ᠨᠢ ᠲᠤᠬᠠᠢ ᠶᠢᠨ ᠦᠶ᠎ᠡ ᠳᠦ ᠬᠢᠶᠠᠳ ᠪᠣᠷᠵᠢᠭᠢᠨ ᠤ ᠤᠳᠤᠷᠢᠳᠤᠭᠴᠢ ᠪᠠᠶᠢᠭᠰᠠᠨ ᠶᠡᠰᠦᠭᠡᠢ ᠪᠠᠭᠠᠲᠤᠷ᠂ ᠲᠠᠲ᠋ᠠᠷ ᠤᠨ ᠲᠡᠮᠦᠵᠢᠨ-ᠦᠭᠡ ᠲᠡᠢ ᠲᠤᠯᠤᠯᠳᠤᠨ ᠣᠯᠵᠯᠠᠵᠤ ᠠᠪᠤᠭᠰᠠᠨ ᠲᠠᠢ ᠲᠣᠬᠢᠶᠠᠭᠰᠠᠨ ᠲᠤᠯᠠ ᠰᠢᠨ᠎ᠡ ᠲᠦᠷᠦᠭᠰᠡᠨ ᠬᠦᠦ  ᠶᠢ ᠲᠡᠮᠦᠵᠢᠨ ᠬᠡᠮᠡᠨ ᠨᠡᠷᠡᠯᠡᠵᠡᠢ᠃ ᠲᠠᠶᠢᠽᠤ ᠶᠢᠨ ᠲᠦᠷᠦᠭᠰᠡᠨ ᠳᠡᠭᠦᠦ ᠨᠠᠷ ᠨᠢ ᠬᠠᠰᠠᠷ, ᠬᠠᠴᠢᠭᠤᠨ᠂ᠲᠡᠮᠦᠭᠡ ᠣᠳᠴᠢᠭᠢᠨ᠂ ᠲᠡᠮᠦᠯᠡᠨ᠃ ᠮᠥᠨ ᠰᠣᠴᠢᠭᠢᠯ ᠬᠠᠲᠤᠨ ᠤ ᠬᠥᠪᠡᠭᠦᠳ ᠪᠣᠯᠬᠤ ᠡᠴᠢᠭᠡ ᠨᠢᠭᠡᠲᠡᠢ ᠠᠬ᠎ᠠ ᠳᠡᠭᠦᠰ ᠪᠡᠭᠲᠡᠷ᠂ ᠪᠡᠯᠭᠦᠲᠡᠢ ᠨᠠᠷ ᠪᠠᠶᠢᠵᠠᠢ᠃

ᠲᠡᠮᠦᠵᠢᠨ 16, 17 ᠨᠠᠰᠤᠲᠠᠢ ᠪᠠᠶᠢᠬᠤ ᠳᠤ ᠪᠠᠨ ᠡᠮᠦᠨ᠎ᠡ ᠰᠦᠢ ᠲᠠᠯᠪᠢᠭᠰᠠᠨ ᠪᠥᠷᠲᠡ ᠪᠡᠨ ᠪᠠᠭᠤᠯᠭᠠᠨ ᠠᠪᠴᠤ ᠭᠡᠷᠯᠡᠭᠰᠡᠨ ᠪᠥᠭᠡᠳ ᠢᠨᠵᠢᠨ ᠳᠦ ᠢᠷᠡᠭᠰᠡᠨ ᠪᠤᠯᠠᠭᠠᠨ ᠳᠠᠬᠤ ᠶᠢ ᠥᠪᠡᠷ ᠦᠨ ᠡᠴᠢᠭᠡ ᠶᠡᠰᠦᠭᠡᠢ ᠶᠢᠨ ᠠᠨᠳᠠ ᠪᠠᠶᠢᠭᠰᠠᠨ ᠬᠡᠷᠡᠶᠢᠳ ᠠᠶᠢᠮᠠᠭ ᠤᠨ ᠤᠳᠤᠷᠢᠳᠤᠭᠴᠢ ᠲᠣᠭᠣᠷᠢᠯ ᠬᠠᠨ ᠳᠤ ᠡᠷᠭᠦᠨ ᠪᠠᠷᠢᠵᠤ ᠬᠣᠯᠪᠣᠭ᠎ᠠ ᠲᠣᠭᠲᠠᠭᠠᠭᠰᠠᠨ ᠨᠢ ᠬᠦᠴᠦᠷᠬᠡᠭ ᠢᠪᠡᠭᠡᠨ ᠲᠡᠳᠬᠦᠭᠴᠢ᠂ ᠬᠣᠯᠪᠣᠭᠠᠲᠠᠨ ᠲᠠᠢ ᠪᠣᠯᠤᠭᠰᠠᠨ ᠲᠣᠮᠣᠬᠠᠨ ᠬᠡᠮᠵᠢᠶᠡᠨ ᠦ ᠳ᠋ᠢᠫᠯᠣᠮᠠᠲ ᠠᠯᠬᠤᠮ ᠪᠣᠯᠤᠭᠰᠠᠨ ᠪᠠᠶᠢᠨ᠎ᠠ᠃ ᠲᠠᠶᠢᠽᠤ ᠳᠤ ᠪᠥᠷᠲᠡ ᠦᠵᠢᠨ ᠵᠦᠴᠢ᠂ ᠴᠠᠭᠠᠳᠠᠢ᠂ ᠥᠭᠡᠳᠡᠢ᠂ ᠲᠤᠯᠤᠢ ᠭᠡᠰᠡᠨ ᠳᠥᠷᠪᠡᠨ ᠬᠦᠦ ᠲᠥᠷᠦᠭᠦᠯᠵᠦ ᠥᠭᠴᠡᠢ᠃

ᠮᠡᠷᠬᠢᠳ ᠢ ᠳᠠᠷᠤᠭᠰᠠᠨ ᠪᠠ ᠬᠠᠮᠤᠭ ᠮᠣᠩᠭᠣᠯ ᠤᠨ ᠬᠠᠨ ᠪᠣᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1180 ᠤᠨ ᠤ ᠦᠶ᠎ᠡ ᠳᠦ ᠭᠤᠷᠪᠠᠨ ᠮᠡᠷᠬᠢᠳ ᠴᠡᠷᠢᠭᠯᠡᠨ ᠢᠷᠡᠵᠦ ᠡᠮᠦᠨ᠎ᠡ ᠮᠡᠷᠬᠢᠳ ᠦᠨ ᠶᠡᠬᠡ ᠴᠢᠯᠡᠳᠦ ᠡᠬᠡᠨᠡᠷ ᠥᠭᠡᠯᠦᠨ ᠢ ᠶᠡᠰᠦᠭᠡᠢ ᠪᠠᠭᠠᠲᠤᠷ ᠲᠤ ᠪᠤᠯᠢᠶᠠᠯᠭᠠᠨ ᠠᠯᠳᠠᠭᠰᠠᠨ ᠤ ᠥᠰᠢᠶ᠎ᠡ ᠶᠢ ᠠᠪᠬᠤ ᠪᠠᠷ ᠢᠷᠡᠨ ᠪᠥᠷᠲᠡ ᠦᠵᠢᠨ ᠢ ᠪᠤᠯᠢᠶᠠᠨ ᠠᠪᠴᠤ ᠴᠢᠯᠭᠡᠷ ᠪᠥᠬᠡ ᠳᠦ ᠥᠭᠭᠦᠭᠰᠡᠨ ᠪᠠᠶᠢᠨ᠎ᠠ᠃ ᠲᠡᠮᠦᠵᠢᠨ ᠡᠮᠦᠨ᠎ᠡ ᠨᠢ ᠲᠡᠭᠦᠨ ᠢ ᠢᠪᠡᠭᠡᠯ ᠳᠦ ᠪᠡᠨ ᠪᠠᠭᠲᠠᠭᠠᠬᠤ ᠪᠠᠨ ᠠᠮᠠᠯᠠᠭᠰᠠᠨ ᠬᠡᠷᠡᠶᠢᠳ ᠦᠨ ᠲᠣᠭᠣᠷᠢᠯ ᠬᠠᠨ ᠳᠤ ᠣᠴᠢᠵᠤ ᠲᠤᠰᠠᠯᠠᠮᠵᠢ ᠬᠦᠰᠡᠭᠰᠡᠨ ᠳᠦ ᠬᠦᠯᠢᠶᠡᠨ ᠠᠪᠴᠤ ᠵᠠᠳᠠᠷᠠᠨ ᠠᠶᠢᠮᠠᠭ ᠤᠨ ᠵᠠᠮᠤᠬ᠎ᠠ ᠲᠠᠢ ᠬᠦᠴᠦ ᠬᠠᠪᠰᠤᠷᠤᠨ ᠮᠡᠷᠬᠢᠳ ᠠᠶᠢᠮᠠᠭ ᠢ ᠳᠠᠶᠢᠯᠠᠨ ᠪᠤᠤᠷ᠎ᠠ ᠬᠡᠭᠡᠷ᠎ᠡ ᠶᠢᠨ ᠲᠤᠯᠤᠯᠳᠤᠭᠠᠨ ᠳᠤ ᠪᠤᠲᠠ ᠴᠣᠬᠢᠨ ᠲᠡᠮᠦᠵᠢᠨ ᠡᠬᠡᠨᠡᠷ ᠪᠥᠷᠲᠡ ᠶᠢ ᠡᠷᠭᠢᠭᠦᠯᠦᠨ ᠠᠪᠴᠠᠢ᠃ ᠡᠨᠡ ᠦᠶ᠎ᠡ ᠳᠦ ᠪᠥᠷᠲᠡ ᠵᠢᠷᠮᠦᠰᠦᠨ ᠪᠠᠶᠢᠭᠰᠠᠨ ᠨᠢ ᠲᠡᠮᠦᠵᠢᠨ ᠦ ᠤᠤᠭᠠᠨ ᠬᠦᠦ ᠵᠦᠴᠢ ᠶᠢᠨ ᠵᠢᠩᠬᠢᠨᠢ ᠡᠴᠢᠭᠡ ᠬᠡᠨ ᠪᠠᠶᠢᠭᠰᠠᠨ ᠢ ᠮᠠᠷᠭᠤᠭᠠᠨ ᠲᠠᠢ ᠪᠣᠯᠭᠠᠵᠠᠢ᠃ ᠭᠡᠪᠡᠴᠦ ᠮᠣᠩᠭᠣᠯ ᠤᠨ ᠨᠢᠭᠤᠴᠠ ᠲᠣᠪᠴᠢᠶ᠎ᠠ ᠶᠢᠨ104 ᠍ ᠳᠦᠭᠡᠷ ᠵᠦᠢᠯ ᠳᠦ "ᠰᠠᠨᠠᠮᠰᠠᠷ ᠦᠭᠡᠢ ᠪᠠᠶᠢᠲᠠᠯ᠎ᠠ ᠭᠤᠷᠪᠠᠨ ᠮᠡᠷᠬᠢᠳ ᠳᠣᠪᠲᠣᠯᠵᠤ᠂ ᠡᠬᠡᠨᠡᠷ ᠬᠡᠦᠬᠡᠳ ᠢ ᠮᠢᠨᠢ ᠪᠤᠯᠢᠶᠠᠵᠤ ᠠᠪᠤᠪᠠ᠃.." ᠭᠡᠰᠡᠨ ᠪᠠᠶᠢᠨ᠎ᠠ᠃ ᠲᠡᠮᠦᠵᠢᠨ ᠦ ᠦᠭᠦᠯᠡᠭᠰᠡᠨ ᠢᠶᠡᠷ ᠪᠣᠯ ᠪᠥᠷᠲᠡ ᠬᠠᠲᠤᠨ ᠵᠢᠷᠮᠦᠰᠦᠨ ᠪᠠᠶᠢᠭᠰᠠᠨ ᠪᠠᠶᠢᠨ᠎ᠠ᠃ ᠲᠡᠶᠢᠮᠦ ᠴᠤ ᠤᠴᠢᠷ ᠠᠴᠠ ᠲᠡᠮᠦᠵᠢᠨ ᠠᠮᠢᠳᠤᠷᠠᠯ ᠤᠨ ᠢᠶᠠᠨ ᠲᠤᠷᠰᠢᠳᠠ ᠵᠦᠴᠢ ᠶᠢ ᠥᠪᠡᠷ ᠦᠨ ᠬᠦᠦ ᠭᠡᠵᠦ ᠦᠵᠡᠵᠦ ᠪᠠᠶᠢᠵᠠᠢ᠃ ᠮᠡᠷᠬᠢᠳ ᠢ ᠳᠠᠶᠢᠯᠠᠭᠰᠠᠨ ᠤ ᠳᠠᠷᠠᠭ᠎ᠠ ᠲᠡᠮᠦᠵᠢᠨ᠂ ᠵᠠᠮᠤᠬ᠎ᠠ ᠬᠣᠶᠠᠷ ᠭᠤᠷᠪᠠ ᠳᠠᠬᠢ ᠤᠳᠤᠭ᠎ᠠ ᠪᠠᠨ ᠠᠨᠳᠠ ᠪᠠᠷᠢᠯᠳᠤᠨ ᠬᠠᠮᠲᠤ ᠨᠤᠲᠤᠭᠯᠠᠵᠤ ᠪᠠᠶᠢᠭᠰᠠᠨ ᠪᠠᠶᠢᠨ᠎ᠠ᠃ ᠭᠡᠪᠡᠴᠦ ᠤᠳᠠᠯ ᠦᠭᠡᠢ ᠰᠠᠯᠵᠤ ᠶᠠᠪᠤᠵᠠᠭᠠᠭᠰᠠᠨ ᠳᠤ ᠡᠮᠦᠨ᠎ᠡ ᠵᠠᠮᠤᠬ᠎ᠠ ᠶᠢ ᠳᠠᠭᠠᠵᠤ ᠶᠠᠪᠤᠭᠰᠠᠨ ᠪᠣᠷᠵᠢᠭᠢᠨ ᠪᠣᠯᠤᠨ ᠪᠤᠰᠤᠳ ᠣᠪᠤᠭ ᠠᠶᠢᠮᠠᠭ ᠤᠨ ᠢᠷᠭᠡᠳ ᠦᠨ ᠵᠠᠷᠢᠮ ᠲᠡᠮᠦᠵᠢᠨ ᠢ ᠳᠠᠭᠠᠨ ᠢᠷᠡᠭᠰᠡᠨ ᠢᠶᠡᠷ ᠲᠡᠭᠦᠨ ᠦ ᠥᠪᠡᠷ ᠦᠨ ᠣᠪᠤᠭ ᠠᠶᠢᠮᠠᠭ ᠤᠨ ᠤᠳᠤᠷᠢᠳᠤᠭᠴᠢ ᠪᠣᠯᠬᠤ ᠶᠢᠨ ᠡᠬᠢᠯᠡᠯ ᠲᠠᠯᠪᠢᠭᠳᠠᠵᠠᠢ᠃ ᠤᠯᠠᠮ ᠢᠶᠠᠷ 1189 ᠤᠨ ᠳᠤ ᠠᠯᠲᠠᠨᠬᠤᠴᠢᠷ᠂ ᠵᠦᠷᠬᠢᠨ ᠦ ᠰᠠᠴᠠ-ᠪᠡᠬᠢᠳᠠᠷᠢᠳᠠᠢ-ᠣᠳᠴᠢᠭᠣᠨ ᠵᠡᠷᠭᠡ ᠬᠢᠶᠠᠳ ᠪᠣᠷᠵᠢᠭᠢᠨ ᠤ ᠨᠣᠶᠠᠳ ᠤᠳ ᠰᠠᠨᠠᠭ᠎ᠠ ᠨᠡᠶᠢᠯᠡᠨ ᠲᠡᠮᠦᠵᠢᠨ ᠢ ᠬᠠᠮᠤᠭ ᠮᠣᠩᠭᠣᠯ ᠤᠨ ᠬᠠᠨ ᠳᠤ ᠡᠷᠭᠦᠮᠵᠢᠯᠡᠵᠦ᠂ "ᠴᠢᠩᠭᠢᠰ ᠬᠠᠭᠠᠨ" ᠬᠡᠮᠡᠨ ᠴᠣᠯᠠ ᠣᠯᠭᠤᠵᠠᠢ᠃ "ᠴᠢᠩᠭᠢᠰ" ᠭᠡᠳᠡᠭ ᠦᠭᠡ ᠶᠢᠨ ᠭᠠᠷᠤᠯ ᠨᠢ "ᠲᠡᠩᠭᠢᠰ" ᠭᠡᠰᠡᠨ ᠦᠭᠡᠨ ᠡᠴᠡ ᠭᠠᠷᠤᠯ ᠲᠠᠢ ᠭᠡᠰᠡᠨ ᠲᠡᠦᠬᠡᠨ ᠪᠢᠴᠢᠭᠡᠰᠦ ᠪᠤᠢ ᠶᠤᠮ᠃

ᠵᠠᠮᠤᠬ᠎ᠠ᠂ ᠲᠠᠲ᠋ᠠᠷ᠂ ᠵᠦᠷᠬᠢᠨ᠂ ᠲᠠᠶᠢᠴᠢᠭᠤᠳ ᠲᠠᠢ ᠲᠡᠮᠡᠴᠡᠯᠳᠦᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠭᠦᠨ ᠦ ᠬᠣᠶᠢᠨ᠎ᠠ ᠵᠠᠮᠤᠬ᠎ᠠ ᠥᠪᠡᠷ ᠦᠨ ᠳᠡᠭᠦᠦ ᠲᠠᠶᠢᠴᠠᠷ ᠢ ᠴᠢᠩᠭᠢᠰ ᠬᠠᠭᠠᠨ ᠤ ᠬᠠᠷᠢᠶᠠᠲᠤ ᠨᠤᠭᠤᠳ ᠲᠤ ᠠᠯᠠᠭᠳᠠᠭᠰᠠᠨ ᠢ ᠰᠢᠯᠲᠠᠭᠯᠠᠨ 13 ᠬᠦᠷᠢᠶᠡᠨ ᠡᠴᠡ ᠴᠡᠷᠢᠭ ᠳᠠᠶᠢᠴᠢᠯᠠᠨ ᠳᠣᠪᠲᠣᠯᠬᠤ ᠳᠤ ᠴᠢᠩᠭᠢᠰ ᠬᠠᠭᠠᠨ ᠥᠪᠡᠷ ᠦᠨ 13 ᠬᠦᠷᠢᠶᠡᠨ ᠡᠴᠡ ᠮᠥᠨ ᠴᠡᠷᠢᠭ ᠳᠠᠶᠢᠴᠢᠯᠠᠨ ᠤᠭᠲᠤᠵᠤ ᠣᠴᠢᠨ ᠳᠠᠯᠠᠨ ᠪᠠᠯᠵᠤᠳ ᠬᠡᠮᠡᠬᠦ ᠭᠠᠵᠠᠷ ᠲᠤᠯᠤᠯᠳᠤᠭᠰᠠᠨ ᠨᠢ ᠮᠣᠩᠭᠣᠯ ᠤᠨ ᠲᠡᠦᠬᠡᠨ ᠳᠦ 13 ᠬᠦᠷᠢᠶᠡᠨ ᠦ ᠲᠤᠯᠤᠯᠳᠤᠭᠠᠨ ᠭᠡᠵᠦ ᠨᠡᠷᠡᠯᠡᠭᠳᠡᠵᠡᠢ᠃ ᠤᠭ ᠲᠤᠯᠤᠯᠳᠤᠭᠠᠨ ᠳᠤ ᠵᠠᠮᠤᠬ᠎ᠠ ᠬᠦᠴᠦ ᠲᠦᠷᠢᠨ ᠴᠢᠩᠭᠢᠰ ᠬᠠᠭᠠᠨ ᠢ ᠵᠡᠭᠡᠷᠡᠨ ᠬᠠᠪᠴᠢᠯ ᠳᠤ ᠰᠢᠬᠠᠭᠠᠳ ᠪᠤᠴᠠᠵᠤ ᠶᠠᠪᠤᠭᠰᠠᠨ ᠪᠠ ᠵᠠᠮ ᠳᠤ ᠪᠠᠨ ᠴᠢᠨᠣᠰ ᠠᠶᠢᠮᠠᠭ ᠤᠨ ᠵᠠᠯᠠᠭᠤᠴᠤᠳ ᠢ ᠳᠠᠯᠠᠨ ᠲᠣᠭᠣᠭᠠᠨ ᠳᠤ ᠴᠢᠨᠠᠵᠤ ᠬᠠᠷᠭᠢᠰᠯᠠᠭᠰᠠᠨ ᠪᠠᠶᠢᠨ᠎ᠠ᠃ ᠡᠨᠡ ᠲᠤᠯᠤᠯᠳᠤᠭᠠᠨ ᠤ ᠳᠠᠷᠠᠭ᠎ᠠ ᠪᠠᠷ ᠤᠷᠤᠭᠤᠳ ᠤᠨ ᠵᠦᠷᠴᠢᠳᠡᠢ᠂ ᠮᠠᠩᠭᠤᠳ ᠤᠨ ᠬᠤᠶᠢᠯᠳᠠᠷ᠂ ᠬᠣᠩᠬᠣᠲᠠᠨ ᠤ ᠮᠦᠩᠯᠢᠭ ᠵᠡᠷᠭᠡ ᠣᠯᠠᠨ ᠵᠢᠵᠢᠭ ᠣᠪᠤᠭ ᠤᠨ ᠲᠥᠯᠥᠭᠡᠯᠡᠭᠴᠢᠳ ᠵᠠᠮᠤᠬ᠎ᠠ ᠠᠴᠠ ᠰᠠᠯᠵᠤ ᠴᠢᠩᠭᠢᠰ ᠬᠠᠭᠠᠨ ᠲᠠᠢ ᠢᠷᠡᠵᠦ ᠨᠡᠶᠢᠯᠡᠵᠡᠢ᠃

ᠳᠣᠯᠤᠳᠤᠭᠠᠷ ᠵᠠᠭᠤᠨ ᠤ ᠡᠴᠦᠰ ᠢᠶᠡᠷ ᠠᠯᠲᠠᠨ ᠤᠯᠤᠰ ᠤᠨ ᠸᠠᠩᠭᠢᠨ ᠴᠢᠩᠰᠠᠩ ᠵᠠᠩᠵᠤᠨ ᠲᠠᠲ᠋ᠠᠷ ᠤᠨ ᠮᠡᠭᠦᠵᠢᠨ ᠰᠡᠭᠦᠯᠲᠦ ᠶᠢ ᠬᠥᠭᠡᠭᠡᠨ ᠤᠯᠵᠠ ᠭᠣᠣᠯ ᠤᠷᠤᠭᠤ ᠰᠢᠬᠠᠵᠤ ᠪᠠᠶᠢᠬᠤ ᠦᠶ᠎ᠡ ᠳᠦ ᠤᠷᠢᠳᠤ ᠶᠢᠨ ᠥᠰᠢᠶᠡᠲᠦ ᠲᠠᠲ᠋ᠠᠷ ᠢ ᠳᠠᠷᠤᠬᠤ ᠪᠣᠯᠤᠮᠵᠢ ᠶᠢ ᠠᠰᠢᠭᠯᠠᠨ ᠴᠢᠩᠭᠢᠰ ᠬᠠᠭᠠᠨ᠂ ᠲᠣᠭᠣᠷᠢᠯ ᠬᠠᠨ ᠨᠠᠷ ᠬᠦᠴᠦ ᠬᠠᠪᠰᠤᠷᠤᠨ ᠪᠠᠶᠢᠯᠳᠤᠵᠤ ᠤᠯᠵᠠ ᠭᠣᠣᠯ ᠤᠨ ᠬᠤᠰᠤᠲᠤ ᠰᠢᠲᠡᠭᠡᠨ᠂ ᠨᠠᠷᠠᠲᠤ ᠰᠢᠲᠡᠭᠡᠨ ᠭᠡᠳᠡᠭ ᠭᠠᠵᠠᠷ ᠮᠡᠭᠦᠵᠢᠨ ᠰᠡᠭᠦᠯᠲᠦ ᠶᠢ ᠳᠠᠷᠤᠵᠤ ᠤᠰᠠᠳᠬᠠᠵᠠᠢ᠃ ᠡᠭᠦᠨ ᠦ ᠳᠠᠷᠠᠭ᠎ᠠ ᠸᠠᠩᠭᠢᠨ ᠴᠢᠩᠰᠠᠩ ᠲᠣᠭᠣᠷᠢᠯ ᠬᠠᠨ ᠳᠤ "ᠸᠠᠩ ᠬᠠᠨ", ᠴᠢᠩᠭᠢᠰ ᠬᠠᠭᠠᠨ ᠳᠤ "ᠵᠠᠭᠳᠬᠤᠷᠢ" ᠭᠡᠳᠡᠭ ᠴᠣᠯᠠ ᠣᠯᠭᠤᠵᠠᠢ᠃ ᠡᠭᠦᠨ ᠡᠴᠡ ᠬᠣᠶᠢᠰᠢ ᠲᠣᠭᠣᠷᠢᠯ ᠬᠠᠨ ᠢ ᠸᠠᠩ ᠬᠠᠨ ᠬᠡᠮᠡᠬᠦ ᠪᠣᠯᠵᠠᠢ᠃

ᠴᠢᠩᠭᠢᠰ ᠬᠠᠭᠠᠨ ᠢ ᠮᠡᠭᠦᠵᠢᠨ ᠰᠡᠭᠦᠯᠲᠦ ᠶᠢ ᠳᠠᠶᠢᠯᠠᠷ᠎ᠠ ᠶᠠᠪᠤᠭᠰᠠᠨ ᠬᠣᠶᠢᠭᠤᠷ ᠵᠦᠷᠬᠢᠨ ᠦᠳ ᠠᠷᠤ ᠭᠡᠷ ᠢ ᠨᠢ ᠲᠣᠨᠣᠵᠤ ᠳᠡᠭᠡᠷᠡᠮᠳᠡᠭᠰᠡᠨ ᠲᠤᠯᠠ ᠬᠡᠷᠦᠯᠦᠨ ᠦ ᠬᠥᠳᠡᠭᠡ ᠠᠷᠠᠯ ᠬᠠᠪᠢ ᠳᠤ ᠵᠦᠷᠬᠢᠨ ᠢ ᠳᠣᠪᠲᠣᠯᠵᠤ ᠲᠡᠯᠡᠲᠦ ᠠᠮᠠ ᠬᠡᠮᠡᠬᠦ ᠭᠠᠵᠠᠷ ᠰᠠᠴᠠ-ᠪᠡᠬᠢ᠂ ᠲᠠᠶᠢᠴᠤ ᠨᠠᠷ ᠢ ᠪᠠᠷᠢᠵᠤ ᠡᠮᠦᠨ᠎ᠡ ᠪᠡᠯᠭᠦᠲᠡᠢ ᠶᠢᠨ ᠮᠥᠷ ᠢ ᠴᠠᠪᠴᠢᠭᠰᠠᠨ᠂ ᠲᠠᠲ᠋ᠠᠷ ᠤᠨ ᠡᠰᠡᠷᠬᠦ ᠬᠠᠪᠰᠤᠷᠤᠨ ᠪᠠᠶᠢᠯᠳᠤᠭ᠎ᠠ ᠦᠭᠡᠢ᠂ ᠠᠷᠤ ᠭᠡᠷ ᠢ ᠳᠡᠭᠡᠷᠡᠮᠳᠡᠨ ᠲᠣᠨᠣᠭᠰᠠᠨ ᠵᠡᠷᠭᠡ ᠰᠢᠯᠲᠠᠭᠠᠨ ᠨᠤᠭᠤᠳ ᠢᠶᠠᠷ ᠴᠠᠭᠠᠵᠠᠯᠠᠵᠠᠢ᠃

1201 ᠤᠨ ᠳᠤ ᠬᠠᠲᠠᠭᠢᠨ᠂ ᠰᠠᠯᠵᠢᠭᠤᠳ᠂ ᠳᠥᠷᠪᠡᠨ᠂ ᠲᠠᠲ᠋ᠠᠷ᠂ ᠢᠬᠢᠷᠢᠰ᠂ ᠬᠣᠩᠭᠢᠷᠠᠳ᠂ ᠭᠣᠷᠯᠣᠰ ᠤᠳ᠂ ᠨᠠᠶᠢᠮᠠᠨ ᠤ ᠪᠤᠶᠢᠷᠤᠭ ᠬᠠᠨ᠂ ᠮᠡᠷᠬᠢᠳ᠂ ᠣᠶᠢᠷᠠᠳ᠂ ᠲᠠᠶᠢᠴᠢᠭᠤᠳ ᠨᠠᠷ ᠠᠯᠬᠤᠢ ᠪᠤᠯᠠᠭ ᠭᠡᠳᠡᠭ ᠭᠠᠵᠠᠷ ᠴᠢᠭᠤᠯᠤᠭᠠᠳ ᠵᠠᠮᠤᠬ᠎ᠠ ᠶᠢ ᠬᠠᠨ ᠡᠷᠭᠦᠮᠵᠢᠯᠡᠬᠦ ᠪᠡᠷ ᠬᠡᠯᠡᠯᠴᠡᠵᠦ ᠠᠨᠳᠠᠭᠠᠶᠢᠯᠠᠨ ᠲᠠᠩᠭᠠᠷᠢᠭᠯᠠᠭᠠᠳ ᠲᠡᠨᠳᠡ ᠡᠴᠡ ᠡᠷᠭᠦᠨ᠎ᠡ ᠮᠥᠷᠡᠨ ᠤᠷᠤᠭᠤ ᠨᠡᠭᠦᠵᠦ᠂ ᠡᠷᠭᠦᠨ᠎ᠡ ᠳᠦ ᠴᠢᠳᠭᠤᠬᠤ ᠬᠠᠨ ᠮᠥᠷᠡᠨ ᠦ ᠰᠢᠨᠠ ᠶᠢᠨ ᠠᠭᠤᠤ ᠨᠤᠭᠤ ᠳᠤ ᠵᠠᠮᠤᠬ᠎ᠠ ᠶᠢ ᠭᠦᠷ ᠬᠠᠨ ᠪᠣᠯᠭᠠᠵᠤ ᠡᠷᠭᠦᠮᠵᠢᠯᠡᠵᠡᠢ᠃ ᠤᠯᠠᠮ ᠢᠶᠠᠷ ᠴᠢᠩᠭᠢᠰ ᠬᠠᠭᠠᠨ᠂ ᠸᠠᠩ ᠬᠠᠨ ᠬᠣᠶᠠᠷ ᠲᠠᠢ ᠪᠠᠶᠢᠯᠳᠤᠬᠤ ᠪᠠᠷ ᠮᠣᠷᠳᠠᠶ᠎ᠠ ᠭᠡᠯᠴᠡᠭᠰᠡᠨ ᠢ ᠴᠢᠩᠭᠢᠰ ᠬᠠᠭᠠᠨ ᠣᠯᠵᠤ ᠮᠡᠳᠡᠭᠡᠳ ᠸᠠᠩ ᠬᠠᠨ ᠳᠤ ᠮᠡᠳᠡᠭᠳᠡᠭᠰᠡᠨ ᠳᠦ᠂ ᠸᠠᠩ ᠬᠠᠨ ᠴᠡᠷᠢᠭ ᠢᠶᠡᠨ ᠠᠪᠴᠤ ᠬᠦᠷᠴᠦ ᠢᠷᠡᠵᠡᠢ᠃ ᠬᠣᠶᠠᠷ ᠲᠠᠯ᠎ᠠ ᠶᠢᠨ ᠲᠤᠯᠤᠯᠳᠤᠭᠠᠨ ᠬᠦᠢᠲᠡᠨ ᠬᠡᠮᠡᠬᠦ ᠭᠠᠵᠠᠷ ᠪᠣᠯᠤᠭᠰᠠᠨ ᠪᠠ ᠲᠡᠦᠬᠡᠨ ᠳᠦ ᠬᠦᠢᠲᠡᠨ ᠦ ᠲᠤᠯᠤᠯᠳᠤᠭᠠᠨ ᠭᠡᠵᠦ ᠨᠡᠷᠡᠯᠡᠳᠡᠭ᠃ ᠨᠢᠭᠤᠴᠠ ᠲᠣᠪᠴᠢᠶᠠᠨ ᠳᠤ ᠦᠭᠦᠯᠡᠭᠰᠡᠨ ᠢᠶᠡᠷ ᠪᠤᠶᠢᠷᠤᠭ᠂ ᠬᠤᠲᠤᠭ᠎ᠠ ᠪᠡᠬᠢ ᠨᠠᠷ ᠵᠠᠳ ᠤᠨ ᠠᠷᠭ᠎ᠠ ᠮᠡᠳᠡᠳᠡᠭ ᠢᠶᠡᠨ ᠬᠡᠷᠡᠭᠯᠡᠭᠰᠡᠨ ᠨᠢ ᠥᠪᠡᠷᠰᠡᠳ ᠳᠡᠭᠡᠷ᠎ᠡ ᠨᠢ ᠪᠠᠭᠤᠭᠰᠠᠨ ᠳᠤ ᠲᠩᠷᠢ ᠬᠢᠯᠢᠩᠨᠡᠪᠡ ᠭᠡᠵᠦ ᠠᠶᠤᠨ ᠲᠠᠷᠬᠠᠨ ᠵᠢᠭᠤᠲᠠᠵᠠᠭᠠᠭᠰᠠᠨ ᠪᠠᠶᠢᠨ᠎ᠠ᠃ ᠵᠠᠮᠤᠬ᠎ᠠ ᠡᠷᠭᠦᠨ᠎ᠡ ᠮᠥᠷᠡᠨ ᠦ ᠵᠦᠭ ᠥᠪᠡᠷ ᠦᠨ ᠨᠤᠲᠤᠭ ᠤᠷᠤᠭᠤ ᠵᠢᠭᠤᠳᠠᠬᠤ ᠳᠤ ᠸᠠᠩ ᠬᠠᠨ ᠨᠡᠬᠡᠵᠡᠢ᠃ ᠲᠠᠶᠢᠴᠢᠭᠤᠳ ᠤᠨ ᠠᠭᠤᠴᠤ ᠪᠠᠭᠠᠲᠤᠷ ᠣᠨᠣᠨ ᠤ ᠵᠦᠭ ᠵᠢᠭᠤᠳᠠᠬᠤ ᠳᠤ ᠴᠢᠩᠭᠢᠰ ᠬᠠᠭᠠᠨ ᠠᠷᠤ ᠠᠴᠠ ᠨᠢ ᠨᠡᠬᠡᠭᠰᠡᠨ ᠪᠠᠶᠢᠨ᠎ᠠ᠃ ᠣᠨᠣᠨ ᠤ ᠴᠠᠭᠠᠨ᠎ᠠ ᠬᠦᠯᠢᠶᠡᠵᠦ ᠪᠠᠶᠢᠭᠰᠠᠨ ᠠᠭᠤᠴᠤ ᠪᠠᠭᠠᠲᠤᠷ᠂ ᠲᠠᠷᠭᠤᠳᠠᠢ ᠬᠢᠷᠢᠯᠲᠤᠭ ᠨᠠᠷ ᠲᠠᠢ ᠲᠤᠯᠤᠯᠳᠤᠬᠤ ᠳᠤ ᠴᠢᠩᠭᠢᠰ ᠬᠠᠭᠠᠨ ᠬᠦᠵᠦᠭᠦᠨ ᠲᠤᠰᠢᠶ᠎ᠠ ᠲᠠᠶᠢᠴᠢᠭᠤᠳ ᠤᠨ ᠵᠢᠷᠭᠤᠭᠠᠳᠠᠢ ᠳᠤ (ᠬᠣᠵᠢᠮ ᠤᠨ ᠠᠯᠳᠠᠷᠲᠤ ᠵᠡᠪᠡ ᠵᠠᠩᠵᠤᠨᠴᠢᠩᠭᠢᠰ ᠦᠨ ᠳᠥᠷᠪᠡᠨ ᠨᠣᠬᠠᠢ ᠶᠢᠨ ᠨᠢᠭᠡ) ᠬᠠᠷᠪᠤᠭᠤᠯᠤᠨ ᠰᠢᠷᠬᠠᠲᠤᠭᠰᠠᠨ ᠪᠠᠶᠢᠨ᠎ᠠ᠃ ᠰᠥᠨᠢ ᠨᠢ ᠲᠠᠶᠢᠴᠢᠭᠤᠳ ᠲᠠᠷᠬᠠᠨ ᠵᠢᠭᠤᠲᠠᠭᠰᠠᠨ ᠢᠶᠠᠷ ᠤᠭ ᠲᠤᠯᠤᠯᠳᠤᠭᠠᠨ ᠲᠡᠮᠦᠵᠢᠨ ᠦ ᠢᠯᠠᠯᠲᠠ ᠪᠠᠷ ᠳᠠᠭᠤᠰᠴᠠᠢ᠃

ᠨᠠᠰᠤ ᠨᠥᠭᠴᠢᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠩᠭᠢᠰ ᠬᠠᠭᠠᠨ ᠢ ᠨᠠᠰᠤ ᠪᠠᠷᠠᠬᠤ ᠦᠶ᠎ᠡ ᠶᠢᠨ ᠡᠵᠡᠨᠲᠦ ᠭᠦᠷᠦᠨ ᠦ ᠨᠤᠲᠤᠭ

1227 ᠤᠨ ᠳᠤ ᠲᠠᠩᠭᠤᠳ ᠢ ᠢᠯᠠᠭᠰᠠᠨ ᠤ ᠳᠠᠷᠠᠭ᠎ᠠ ᠴᠢᠩᠭᠢᠰ ᠬᠠᠭᠠᠨ ᠨᠠᠰᠤ ᠪᠠᠷᠠᠭᠰᠠᠨ (ᠮᠣᠩᠭᠣᠯ ᠤᠨ ᠨᠢᠭᠤᠴᠠ ᠲᠣᠪᠴᠢᠶᠠᠨ ᠳᠤ ᠲᠡᠮᠳᠡᠭᠯᠡᠭᠰᠡᠨ ᠢᠶᠡᠷ), ᠲᠡᠭᠦᠨ ᠦ ᠦᠬᠦᠯ ᠦᠨ ᠰᠢᠯᠲᠠᠭᠠᠨ ᠨᠢ ᠡᠷᠡᠭᠡᠯᠵᠡᠭᠡ ᠶᠡᠬᠡ ᠲᠡᠢ ᠲᠣᠳᠣᠷᠬᠠᠢ ᠪᠤᠰᠤ ᠣᠯᠠᠨ ᠲᠠᠭᠠᠮᠠᠭᠯᠠᠯ ᠤᠳ ᠪᠠᠶᠢᠳᠠᠭ᠂ ᠵᠠᠷᠢᠮ ᠲᠡᠦᠬᠡᠴᠢ ᠲᠡᠭᠦᠨ ᠢ ᠪᠡᠶ᠎ᠡ ᠶᠢᠨ ᠶᠠᠳᠠᠷᠠᠭ᠎ᠠ᠂ ᠳᠠᠶᠢᠨ ᠠᠴᠠ ᠠᠪᠤᠭᠰᠠᠨ ᠰᠢᠷᠬ᠎ᠠ ᠭᠡᠮᠲᠦᠯ ᠦᠨ ᠤᠯᠠᠮ ᠠᠴᠠ ᠥᠩᠭᠡᠷᠡᠭᠰᠡᠨ ᠭᠡᠳᠡᠭ ᠪᠠᠶᠢᠬᠤ ᠳᠤ ᠣᠳᠣ ᠶᠢᠨ ᠬᠢᠲᠠᠳ ᠮᠣᠷᠢ ᠤᠨᠤᠵᠤ ᠪᠠᠶᠢᠬᠤ ᠳᠤ ᠪᠠᠨ ᠤᠨᠠᠭᠰᠠᠨ ᠤ ᠤᠯᠠᠮ ᠠᠴᠠ ᠥᠩᠭᠡᠷᠡᠭᠰᠡᠨ ᠭᠡᠵᠦ ᠦᠵᠡᠳᠡᠭ ᠬᠠᠷᠢᠨ ᠦᠯᠡᠳᠡᠭᠰᠡᠨ ᠬᠡᠰᠡᠭ ᠨᠢ ᠲᠡᠭᠦᠨ ᠢ ᠠᠭᠤᠰᠬᠢᠨ ᠦ ᠦᠷᠪᠢᠰᠦᠯ ᠭᠡᠬᠦ ᠮᠡᠲᠦ ᠶᠢᠨ ᠡᠪᠡᠳᠴᠢᠨ ᠲᠤᠰᠴᠤ ᠲᠡᠷᠡ ᠨᠢ ᠬᠦᠨᠳᠦᠷᠡᠵᠦ ᠰᠡᠳᠡᠷᠡᠭᠰᠡᠨ ᠢᠶᠡᠷ ᠥᠩᠭᠡᠷᠡᠭᠰᠡᠨ ᠭᠡᠳᠡᠭ ᠪᠠᠶᠢᠨ᠎ᠠ᠂ Galician-Volhynian Chronicle ᠣᠳᠣ ᠶᠢᠨ ᠦᠺᠷᠠᠶᠢᠨ ᠰᠤᠳᠤᠷ ᠲᠤ ᠪᠢᠴᠢᠭᠰᠡᠨ ᠢᠶᠡᠷ ᠲᠡᠭᠦᠨ ᠢ ᠲᠠᠩᠭᠤᠳ ᠲᠠᠢ ᠳᠠᠶᠢᠲᠤᠵᠤ ᠪᠠᠶᠢᠬᠤ ᠳᠤ ᠪᠠᠨ ᠠᠯᠠᠭᠳᠠᠭᠰᠠᠨ ᠭᠡᠵᠦ ᠲᠡᠮᠳᠡᠭᠯᠡᠭᠰᠡᠨ ᠪᠠᠶᠢᠳᠠᠭ᠃ ᠮᠥᠨ ᠭᠦᠷᠦᠪᠡᠯᠵᠢᠨᠭᠣᠸ᠎ᠠ ᠬᠠᠲᠤᠨ ᠲᠠᠢ ᠳᠡᠷ᠎ᠡ ᠨᠢᠭᠡᠳᠬᠡᠭᠡᠳ ᠲᠠᠭᠠᠯᠠᠯ ᠲᠡᠭᠦᠰᠦᠭᠰᠡᠨ ᠭᠡᠵᠦ ᠪᠠᠰᠠ ᠳᠣᠮᠣᠭᠯᠠᠳᠠᠭ᠃

ᠴᠢᠩᠭᠢᠰ ᠬᠠᠭᠠᠨ ᠥᠩᠭᠡᠷᠡᠬᠦ ᠳᠦ ᠪᠡᠨ ᠥᠪᠡᠷ ᠦᠨ ᠣᠮᠤᠭ ᠤᠨ ᠵᠠᠩᠰᠢᠯ ᠢᠶᠠᠷ ᠲᠡᠮᠳᠡᠭ ᠦᠭᠡᠢ ᠭᠠᠵᠠᠷ ᠣᠷᠣᠰᠢᠭᠤᠯᠤᠭᠠᠷᠠᠢ ᠭᠡᠵᠦ ᠵᠠᠬᠢᠭᠰᠠᠨ᠃ ᠲᠡᠭᠦᠨ ᠢ ᠨᠠᠰᠤ ᠪᠠᠷᠠᠭᠰᠠᠨ ᠤ ᠳᠠᠷᠠᠭ᠎ᠠ ᠲᠡᠭᠦᠨ ᠦ ᠪᠡᠶ᠎ᠡ ᠶᠢ ᠨᠢ ᠣᠳᠣ ᠶᠢᠨ ᠬᠡᠨᠲᠡᠢ ᠠᠶᠢᠮᠠᠭ ᠤᠨ ᠣᠨᠣᠨ ᠭᠣᠣᠯ ᠤᠨ ᠰᠠᠪᠠ ᠭᠠᠵᠠᠷ ᠳᠠᠬᠢ ᠪᠤᠷᠬᠠᠨ ᠬᠠᠯᠳᠤᠨ ᠠᠭᠤᠯᠠᠨ ᠳᠤ ᠣᠷᠣᠰᠢᠭᠤᠯᠤᠭᠰᠠᠨ ᠭᠡᠰᠡᠨ ᠲᠠᠭᠠᠮᠠᠭᠯᠠᠯ ᠪᠠᠶᠢᠳᠠᠭ ᠪᠠᠶᠢᠨ᠎ᠠ᠃ ᠳᠣᠮᠣᠭ ᠲᠤ ᠦᠵᠡᠭᠰᠡᠨ ᠢᠶᠡᠷ ᠣᠷᠣᠰᠢᠭᠤᠯᠭ᠎ᠠ ᠶᠢᠨ ᠬᠠᠮᠠᠭᠠᠯᠠᠭᠴᠢ ᠶᠠᠮᠠᠷ ᠨᠢᠭᠡ ᠬᠦᠮᠦᠨ ᠢ ᠠᠯᠠᠭᠰᠠᠨ ᠪᠠ (ᠬᠠᠭᠠᠨ ᠢ ᠨᠠᠰᠤ ᠪᠠᠷᠠᠭᠰᠠᠨ ᠭᠡᠵᠦ ᠮᠡᠳᠡᠭᠳᠡᠭᠦᠯᠬᠦ ᠦᠭᠡᠢ ᠶᠢᠨ ᠲᠤᠯᠠᠳᠠ) ᠵᠠᠮ ᠳᠤ ᠪᠠᠨ ᠨᠢᠭᠤᠬᠤ ᠶᠢᠨ ᠲᠤᠯᠠᠳᠠ ᠡᠴᠦᠰ ᠲᠦ ᠨᠢ ᠪᠤᠯᠠᠰᠢᠯᠠᠭᠰᠠᠨ ᠭᠡᠵᠦ ᠦᠵᠡᠳᠡᠭ᠂ ᠴᠢᠩᠭᠢᠰ ᠬᠠᠭᠠᠨ ᠤ ᠪᠤᠩᠬᠤᠨ ᠢ ᠲᠡᠭᠦᠨ ᠦ ᠦᠬᠦᠯ ᠡᠴᠡ ᠣᠯᠠᠨ ᠵᠢᠯ ᠦᠨ ᠳᠠᠷᠠᠭ᠎ᠠ ᠪᠠᠷᠢᠭᠰᠠᠨ ᠪᠣᠯᠪᠠᠴᠤ ᠲᠡᠷᠡ ᠨᠢ ᠲᠡᠭᠦᠨ ᠢ ᠣᠷᠣᠰᠢᠭᠤᠯᠤᠭᠰᠠᠨ ᠭᠠᠵᠠᠷ ᠪᠢᠰᠢ ᠶᠤᠮ᠂

ᠭᠡᠷ ᠪᠦᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠪᠦᠭᠡ ᠳᠡᠭᠡᠳᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠯᠦᠨᠴᠡ ᠡᠪᠦᠭᠡ: ᠬᠠᠪᠤᠯ ᠬᠠᠨ

ᠡᠪᠦᠭᠡ ᠡᠴᠢᠭᠡ: ᠪᠠᠷᠲᠠᠨ ᠪᠠᠭᠠᠲᠤᠷ

ᠡᠴᠢᠭᠡ: ᠶᠡᠰᠦᠭᠡᠢ

ᠡᠬᠡ: ᠥᠭᠡᠯᠦᠨ ᠦᠵᠢᠨ

ᠠᠬ᠎ᠠ ᠳᠡᠭᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠬ᠎ᠠ: ᠪᠡᠭᠲᠡᠷ /ᠡᠬᠡ ᠥᠭᠡᠷ᠎ᠡ ᠲᠡᠢ/

ᠳᠡᠭᠦᠦ ᠨᠠᠷ:

 1. ᠵᠥᠴᠢ ᠬᠠᠰᠠᠷ
 2. ᠪᠡᠯᠭᠦᠲᠡᠢ /ᠡᠬᠡ ᠥᠭᠡᠷ᠎ᠡ ᠲᠡᠢ/
 3. ᠲᠡᠮᠦᠭᠡ ᠣᠳᠴᠢᠭᠢᠨ
 4. ᠬᠠᠴᠢᠭᠤᠨ ᠠᠯᠴᠢ
 5. ᠲᠡᠮᠦᠯᠦᠨ

ᠬᠠᠲᠤᠳ᠂ ᠲᠠᠲᠠᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠪᠥᠷᠲᠡ ᠦᠵᠢᠨ
 2. ᠬᠤᠯᠠᠨ ᠬᠠᠲᠤᠨ
 3. ᠶᠡᠰᠦᠢ ᠬᠠᠲᠤᠨ
 4. ᠶᠡᠰᠦᠭᠡᠨ ᠬᠠᠲᠤᠨ
 5. ᠲᠠᠩᠭᠤᠳ ᠤᠨ ᠴᠠᠭ᠎ᠠ ᠭᠦᠩᠵᠦ
 6. ᠠᠯᠲᠠᠨ ᠤᠯᠤᠰ ᠤᠨ ᠭᠦᠩᠵᠦ ᠬᠠᠲᠤᠨ
 7. ᠮᠦᠭᠡ ᠬᠠᠲᠤᠨ
 8.  ᠨᠠᠶᠢᠮᠠᠨ ᠤ ᠲᠠᠶᠠᠨ ᠬᠠᠨ ᠤ ᠬᠣᠶᠢᠳᠤ ᠡᠬᠡ ᠭᠦᠷᠦᠪᠡᠰᠦ
 9. ᠲᠠᠶᠢᠴᠢᠭᠤᠳ ᠤᠨ ᠬᠠᠳᠠᠭᠠᠨ

ᠦᠷ᠎ᠡ ᠬᠡᠦᠬᠡᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠪᠡᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠵᠦᠴᠢ ᠬᠠᠨ
 2. ᠴᠠᠭᠠᠳᠠᠢ ᠬᠠᠨ
 3. ᠥᠭᠡᠲᠡᠢ ᠬᠠᠭᠠᠨ
 4. ᠲᠤᠯᠤᠢ ᠨᠣᠶᠠᠨ
 5. ᠬᠦᠯᠢᠭᠡᠨ ᠨᠣᠶᠠᠨ
 6. ᠴᠢᠬᠤᠷ
 7. ᠵᠦᠴᠢᠲᠡᠢ

ᠥᠬᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠠᠯᠤᠬ᠎ᠠ ᠪᠡᠬᠢ
 2. ᠠᠯᠤᠯᠲᠤᠩ ᠪᠡᠬᠢ
 3. ᠰᠡᠴᠡᠶᠢᠬᠡᠨ ᠪᠡᠬᠢ
 4. ᠬᠣᠵᠢᠨ ᠪᠡᠬᠢ
 5. ᠲᠠᠯᠠᠢ
 6. ᠲᠦᠮᠡᠯᠦᠨ ᠪᠡᠬᠢ
 7. ᠶᠦᠴᠢᠪᠠᠢ ᠭᠦᠨᠵᠡ

ᠤᠷᠠᠯᠢᠭ ᠤᠨ ᠪᠦᠲᠦᠭᠡᠯ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠢᠮᠲᠠᠲᠤ ᠺᠢᠨᠣ᠋[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠠᠨ ᠰᠠᠶᠢᠬᠠᠨ ᠤ ᠺᠢᠨᠣ᠋[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠲᠡᠦᠬᠡ ᠶᠢᠨ ᠲᠠᠯ᠎ᠠ ᠪᠠᠷ ᠬᠢᠭᠳᠡᠭᠰᠡᠨ ᠪᠦᠬᠦ ᠭᠠᠳᠠᠭᠠᠳᠤ ᠺᠢᠨᠣ᠋ ᠮᠣᠩᠭᠣᠯ ᠤᠨ ᠲᠡᠦᠬᠡ ᠶᠢ ᠦᠨᠡᠨ ᠪᠣᠳᠠᠲᠠᠢ ᠪᠠᠷ ᠳᠦᠷᠰᠦᠯᠡᠯ ᠦᠭᠡᠢ ᠪᠡᠷ ᠮᠠᠰᠢ ᠶᠡᠬᠡ ᠭᠤᠢᠪᠠᠭᠤᠯᠵᠤ ᠬᠢᠭᠳᠡᠭᠰᠡᠨ ᠪᠠᠶᠢᠳᠠᠭ᠃ ᠵᠢᠱᠢᠶ᠎ᠡ ᠨᠢ ᠮᠣᠩᠭᠣᠯᠴᠤᠳ ᠤᠨ ᠡᠮᠦᠰᠬᠡᠯ ᠵᠡᠭᠦᠰᠬᠡᠯ᠂ ᠬᠤᠪᠴᠠᠰᠤ᠂ ᠦᠰᠦ ᠵᠠᠰᠠᠯᠲᠠ ᠶᠢ ᠪᠤᠷᠤᠭᠤ ᠬᠢᠬᠦ᠂ ᠲᠤᠬᠠᠢ ᠶᠢᠨ ᠦᠶ᠎ᠡ ᠶᠢᠨ ᠮᠣᠩᠭᠣᠯ ᠰᠤᠶᠤᠯ᠂ ᠵᠠᠩ ᠵᠠᠩᠰᠢᠯ ᠳᠤ ᠪᠠᠶᠢᠭ᠎ᠠ ᠦᠭᠡᠢ ᠵᠦᠢᠯ ᠢ ᠳᠦᠷᠰᠦᠯᠡᠬᠦ ᠬᠡᠬᠦ ᠮᠡᠳᠦ

ᠲᠧᠯᠧᠸᠢᠰ ᠦᠨ ᠣᠯᠠᠨ ᠠᠩᠭᠢᠲᠤ ᠺᠢᠨᠣ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠭ ᠺᠢᠨᠣ᠋ ᠬᠢᠲᠠᠳ ᠲᠥᠪ ᠦᠨ ᠦᠵᠡᠯ ᠢᠶᠡᠷ ᠬᠢᠭᠳᠡᠭᠰᠡᠨ ᠪᠠᠶᠢᠨ᠎ᠠ᠃ ᠮᠣᠩᠭᠣᠯᠴᠤᠳ ᠤᠨ ᠡᠮᠦᠰᠬᠡᠯ ᠵᠡᠭᠦᠰᠬᠡᠯ᠂ ᠬᠤᠪᠴᠠᠰᠤ᠂ ᠦᠰᠦ ᠵᠠᠰᠠᠯᠲᠠ ᠶᠢ ᠠᠯᠳᠠᠭ᠎ᠠ ᠲᠠᠢ ᠳᠦᠷᠰᠦᠯᠡᠵᠡᠢ᠃

starring Batdorj-in Baasanjab, who is a descendant of Genghis Khan's second son Chagatai.[1]

 ᠨᠣᠮ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • "HISTORIA MONGALORUM" Fra Giovanni da Pian del Carpini, 1245-1247, "ᠮᠣᠩᠭᠣᠯᠴᠤᠳ ᠤᠨ ᠲᠡᠦᠬᠡ" ᠫᠯᠠᠨ᠎ᠠ ᠺᠠᠷᠫᠢᠨᠢ᠂ ᠢᠲ᠋ᠠᠯᠢ ᠬᠡᠯᠡᠨ ᠡᠴᠡ ᠣᠷᠴᠢᠭᠤᠯᠤᠭᠰᠠᠨ ᠯᠠ᠃ᠨᠢᠮ᠎ᠠ ᠂ 2006, ISBN 99929-2-214-1

ᠲᠦᠷᠪᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠦᠷᠪᠡᠨ ᠬᠠᠳᠤᠨ — ᠪᠦᠷᠳᠡ ᠬᠠᠳᠤᠨ ᠂ ᠬᠤᠯᠠᠨ ᠬᠠᠳᠤᠨ ᠂ ᠶᠢᠰᠣᠢ ᠬᠠᠳᠤᠨ ᠂ ᠶᠢᠰᠤᠭᠡᠨ ᠬᠠᠳᠤᠨ

ᠲᠦᠷᠪᠡᠨ ᠲᠡᠭᠦᠦ — ᠬᠠᠪᠤᠳᠤ ᠬᠠᠰᠠᠷ ᠂ ᠪᠦᠭᠡ ᠪᠡᠯᠭᠦᠳᠠᠢ ᠂ ᠬᠠᠴᠢᠭᠤᠨ ᠂ ᠲᠡᠮᠤᠭᠡ ᠣᠳᠴᠢᠬᠢᠨ

ᠲᠦᠷᠪᠡᠨ ᠡᠷᠭᠦᠮᠡᠯ ᠲᠡᠭᠦᠦ ( ᠦᠭᠡᠯᠤᠨ ᠡᠬᠡ ᠶ᠋ᠢᠨ ᠲᠡᠵᠢᠭᠡᠭᠰᠡᠨ ᠲᠦᠷᠪᠡᠨ ᠦᠨᠤᠴᠢᠨ ᠬᠦᠦ ) — ᠵᠦᠷᠭᠢᠨ ‍ᠤ ᠪᠣᠷᠣᠬᠤᠯ ᠂ ᠮᠡᠷᠭᠢᠳ ‍ᠤᠨ ᠬᠦᠴᠦ ᠂ ᠲᠠᠶᠢᠴᠢᠭᠤᠳ ‍ᠤᠨ ᠬᠦᠭᠡᠴᠦ ᠂ ᠲᠠᠲ᠋ᠠᠷ ‍ᠤᠨ ᠰᠢᠬᠢᠬᠤᠳᠤᠭ

ᠲᠦᠷᠪᠡᠨ ᠬᠦᠦ — ᠵᠦᠴᠢ ᠂ ᠴᠠᠭᠠᠳᠠᠢ ᠂ ᠦᠭᠡᠳᠠᠢ ᠂ ᠲᠣᠯᠣᠢ

ᠲᠦᠷᠪᠡᠨ ᠬᠦᠯᠤᠭ᠌ — ᠮᠣᠬᠣᠯᠠᠢ ᠂ ᠪᠤᠭᠤᠷᠴᠤ ᠂ ᠪᠣᠷᠣᠬᠤᠯ ᠂ ᠴᠢᠯᠠᠭᠤᠨ

ᠲᠦᠷᠪᠡᠨ ᠨᠣᠬᠠᠢ — ᠵᠠᠪᠠ ᠂ ᠵᠠᠯᠮ᠎ᠠ ᠂ ᠰᠦᠪᠡᠭᠡᠳᠠᠢ ᠂ ᠬᠣᠪᠢᠯᠠᠢ

ᠲᠦᠷᠪᠡᠨ ᠠᠨᠳᠠ — ᠦᠯᠣᠢ ᠂ ᠵᠠᠮᠤᠬ᠎ᠠ ᠂ ᠵᠠᠬᠠᠬᠠᠮᠪᠤ᠋ ᠂ ᠢᠰᠭᠡᠮᠤ

ᠲᠦᠷᠪᠡᠨ ᠮᠡᠷᠭᠡᠳ — ᠲᠠᠳᠠᠳᠤᠩᠭ᠎ᠠ ᠂ ᠶᠧᠯᠢᠣᠢ ᠴᠦᠽᠠᠢ ᠂ ᠴᠠᠩ ᠴᠦᠨ ᠪᠣᠮᠪᠣ ᠂ ᠵᠢᠩᠭᠠᠢ

ᠲᠦᠷᠪᠡᠨ ᠬᠤᠳᠠ — ᠣᠯᠭᠤᠨᠤᠨ ᠬᠠᠯᠦ ᠪᠠᠶᠠᠨ ᠂ ᠬᠣᠩᠬᠢᠷᠠᠳ ᠲᠠᠢ ᠰᠡᠴᠡᠨ ᠂ ᠭᠡᠷᠡᠶᠢᠳ ᠤᠩ ᠬᠠᠨ ᠂ ᠤᠶᠢᠷᠠᠳ ᠬᠤᠳᠠᠬ᠎ᠠ ᠪᠡᠬᠢ

ᠲᠦᠷᠪᠡᠨ ᠬᠠᠭᠠᠨᠳᠤ ᠤᠯᠤᠰ — ᠭᠢᠪᠴᠠᠭ ᠬᠠᠭᠠᠨᠳᠤ ᠤᠯᠤᠰ᠂ ᠢᠯ ᠬᠠᠭᠠᠨᠳᠤ ᠤᠯᠤᠰ᠂ ᠴᠠᠭᠠᠳᠠᠢ ᠬᠠᠭᠠᠨᠳᠤ ᠤᠯᠤᠰ᠂ ᠦᠭᠡᠳᠠᠢ ᠬᠠᠭᠠᠨᠳᠤ ᠤᠯᠤᠰ

ᠲᠦᠷᠪᠡᠨ ᠦᠩᠭᠡ ᠶ᠋ᠢᠨ ᠬᠠᠷᠢ — ᠰᠢᠷ᠎ᠠ ᠰᠠᠷᠳᠠᠭᠤᠯ ᠂ ᠴᠠᠭᠠᠨ ᠰᠣᠯᠣᠩᠭᠣᠰ ᠂ ᠬᠠᠷ᠎ᠠ ᠲᠦᠪᠡᠳ ᠂ ᠤᠯᠠᠭᠠᠨ ᠨᠠᠩᠭᠢᠶᠠᠳ

ᠴᠢᠩᠭᠢᠰ ᠬᠠᠭᠠᠨ ‍ᠤ ᠮᠣᠩᠭᠤᠯ ‍ᠤᠨ ᠥᠨᠳᠥᠷᠯᠢᠭ ᠲᠦ ᠭᠢᠭᠰᠡᠨ ᠲᠦᠷᠪᠡᠨ ᠲᠣᠮᠤ ᠪᠠᠶᠢᠯᠳᠤᠭᠠᠨ —

《 ᠠᠷᠪᠠᠨ ᠭᠤᠷᠪᠠᠨ ᠬᠦ᠋ᠷᠢᠶ᠎ᠡ ᠶ᠋ᠢᠨ ᠪᠠᠶᠢᠯᠳᠤᠭᠠᠨ 》(1190 ᠤᠨ )

《 ᠬᠦᠢᠳᠡᠨ ‍ᠤ ᠪᠠᠶᠢᠯᠳᠤᠭᠠᠨ 》(1202 ᠤᠨ )

《 ᠬᠠᠷ᠎ᠠ ᠬᠠᠯᠵᠢᠳ ‍ᠤᠨ ᠪᠠᠶᠢᠯᠳᠤᠭᠠᠨ 》( 1203 ᠤᠨ )

《 ᠠᠯᠳᠠᠢ ᠶ᠋ᠢᠨ ᠪᠠᠶᠢᠯᠳᠤᠭᠠᠨ 》ᠭᠡᠳᠡᠭ (1204 ᠤᠨ )

 ᠶᠢᠰᠦᠨ ᠥᠷᠯᠥᠭ — ᠮᠣᠬᠣᠯᠠᠢ ᠂ ᠪᠤᠭᠤᠷᠴᠤ ᠂ ᠪᠣᠷᠣᠬᠤᠯ ᠂ ᠵᠡᠪᠡ ᠂ ᠵᠠᠯᠮ᠎ᠠ ᠂ ᠬᠤᠪᠢᠯᠠᠢ ᠂ ᠴᠢᠯᠠᠭᠤᠨ ᠂ ᠰᠦᠪᠡᠭᠡᠳᠠᠢ ᠂ ᠰᠢᠬᠢᠬᠤᠳᠤᠭ ᠃

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠬᠢ
ᠦᠨᠳᠦᠰᠦᠯᠡᠭᠴᠢ
ᠶᠡᠬᠡ ᠮᠣᠩᠭᠣᠯ ᠤᠯᠤᠰ ᠍ ᠤᠨ ᠬᠤᠸᠠᠩᠳᠢ
{{{on}}}
ᠳᠠᠷᠠᠭᠠᠬᠢ
ᠥᠭᠡᠲᠡᠢ ᠬᠠᠭᠠᠨ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ