ᠰᠠᠷᠠᠯ ᠴᠢᠨᠣ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠴᠢᠨᠣ᠎ᠠ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠰᠠᠷᠠᠯ ᠴᠢᠨᠣ᠎ᠠ
ᠣᠷᠣᠰᠢᠨ ᠪᠠᠶᠢᠭᠰᠠᠨ ᠬᠤᠭᠤᠴᠠᠭ᠎ᠠ: ᠫᠯᠧᠢᠰᠲ᠋ᠣᠼᠧᠨᠡᠶᠢᠨ ᠦᠶᠡᠰ ᠣᠳᠣ ᠬᠦᠷᠲᠡᠯ᠎ᠡ
ᠰᠠᠷᠠᠯ ᠴᠢᠨᠣ᠎ᠠ ᠤᠯᠢᠵᠤ ᠪᠤᠢ ᠵᠢᠷᠤᠭ
ᠰᠠᠷᠠᠯ ᠴᠢᠨᠣ᠎ᠠ ᠤᠯᠢᠵᠤ ᠪᠤᠢ ᠵᠢᠷᠤᠭ
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠳᠡᠳ᠋ ᠬᠦᠷᠢᠶ᠎ᠡ: ᠰᠡᠭᠡᠷ ᠨᠢᠷᠤᠭᠤᠲᠠᠨ
ᠠᠩᠭᠢ: ᠬᠥᠬᠥᠲᠡᠨ
ᠪᠠᠭ: ᠮᠢᠬ᠎ᠠ ᠢᠳᠡᠰᠢᠲᠡᠨ (Carnivora)
ᠣᠪᠤᠭ: ᠴᠢᠨᠣ᠎ᠠ ᠶᠢᠨ ᠬᠢᠨ (Canidae)
ᠲᠥᠷᠥᠯ: Canis
ᠵᠦᠢᠯ: ᠰᠠᠷᠠᠯ ᠴᠢᠨᠣ᠎ᠠ
ᠯᠠᠲ᠋ᠢᠨ ᠨᠡᠷ᠎ᠡ
C. lupus
ᠺᠠᠷᠯ ᠯᠢᠨᠡᠨᠢ᠂ 1758
ᠰᠠᠷᠠᠯ ᠴᠢᠨᠣ᠎ᠠ ᠶᠢᠨ ᠲᠠᠷᠬᠠᠯᠲᠠ ᠶᠢᠨ ᠵᠢᠷᠤᠭ
ᠰᠠᠷᠠᠯ ᠴᠢᠨᠣ᠎ᠠ ᠶᠢᠨ ᠲᠠᠷᠬᠠᠯᠲᠠ ᠶᠢᠨ ᠵᠢᠷᠤᠭ


ᠰᠠᠷᠠᠯ ᠴᠢᠨᠣ᠎ᠠ (ᠯᠠᠲ᠋ᠢᠨ ᠶᠢᠡᠷ Canis lupus) ᠡᠰᠡᠪᠡᠯ ᠴᠢᠨᠣ᠎ᠠ (ᠣ᠃ᠲ᠃ ᠴᠢᠨᠣᠰ) ᠭᠡᠵᠦ ᠰᠢᠭᠤᠳ ᠣᠶᠢᠯᠠᠭᠠᠭᠳᠠᠬᠤ ᠨᠢ — ᠴᠢᠨᠣ᠎ᠠ ᠶᠢᠨ ᠬᠢᠨ ᠣᠪᠤᠭ ᠤᠨ ᠵᠡᠷᠯᠢᠭ ᠵᠦᠢᠯ ᠦᠳ ᠳᠤᠮᠳᠠ ᠪᠠᠨ ᠬᠠᠮᠤᠭ ᠤᠨ ᠲᠣᠮᠣ ᠪᠡᠶ᠎ᠡ ᠲᠡᠢ ᠵᠦᠢᠯ᠃ 30 ᠲᠦᠮᠡᠨ ᠵᠢᠯ ᠦᠨ ᠡᠮᠦᠨ᠎ᠡ᠂ ᠭᠠᠯᠪᠠ ᠬᠠᠯᠠᠬᠤ ᠰᠢᠨ᠎ᠡ ᠦᠶ᠎ᠡ ᠳᠤ ᠡᠭᠦᠰᠴᠦ᠂  ᠨᠢᠭᠡᠨᠲᠡ ᠮᠥᠰᠥᠲᠥᠯᠭᠡ ᠶᠢᠨ ᠦᠶ᠎ᠡ ᠶᠢ ᠳᠠᠪᠠᠭᠰᠠᠨ ᠶᠤᠮ ᠃ [1] DNA  ᠢᠢᠨ ᠬᠡᠯᠬᠢᠶᠡᠨ ᠦ ᠳᠠᠷᠠᠭᠠᠯᠠᠯ ᠪᠣᠯᠤᠨ ᠭᠧᠨᠧᠲ᠋ᠢᠭ ᠤᠨ ᠰᠢᠯᠵᠢᠯᠲᠡ ᠶᠢᠨ ᠰᠤᠳᠤᠯᠭᠠᠨ ᠠᠴᠠ ᠦᠵᠡᠬᠦ ᠳᠦ ᠰᠠᠷᠠᠯ ᠴᠢᠨᠣ᠎ᠠ ᠭᠡᠷ ᠦᠨ ᠨᠣᠬᠠᠢ ᠲᠠᠢ (Canis lupus familiaris) ᠭᠠᠷᠤᠯ ᠨᠢᠭᠡᠲᠡᠢ ᠪᠣᠯᠬᠤ ᠨᠢ ᠲᠣᠭᠲᠠᠭᠠᠭᠳᠠᠵᠠᠢ᠃ ᠡᠨᠡ ᠳ᠋ᠦᠩᠨᠡᠯᠲᠡ ᠶᠢᠨ ᠵᠠᠷᠢᠮ ᠬᠡᠰᠡᠭ ᠡᠷᠡᠭᠡᠯᠵᠡᠭᠡ ᠲᠡᠢ ᠪᠠᠶᠢᠭ᠎ᠠ ᠪᠣᠯᠪᠠᠴᠤ ᠶᠡᠷᠦᠩᠬᠡᠢ ᠳᠤ ᠪᠡᠨ ᠪᠠᠲᠤᠯᠠᠭᠳᠠᠭᠠᠳ ᠪᠠᠶᠢᠭ᠎ᠠ ᠶᠤᠮ᠃ ᠰᠠᠷᠠᠯ ᠴᠢᠨᠣ᠎ᠠ ᠶᠢᠨ ᠨᠡᠯᠢᠶᠡᠳ ᠣᠯᠠᠨ ᠳᠡᠳ᠋ ᠵᠦᠢᠯ ᠲᠣᠭᠲᠠᠭᠠᠭᠳᠠᠭᠰᠠᠨ ᠪᠣᠯᠪᠠᠴᠤ᠂ ᠶᠠᠭ ᠬᠡᠳᠦᠨ ᠳᠡᠳ᠋ ᠵᠦᠢᠯ ᠪᠠᠶᠢᠭ᠎ᠠ ᠨᠢ ᠮᠥᠨ ᠯᠠ ᠮᠠᠷᠭᠤᠭᠠᠨ ᠲᠠᠢ ᠪᠠᠶᠢᠭ᠎ᠠ ᠠᠵᠠᠢ᠃ ᠰᠠᠷᠠᠯ ᠴᠢᠨᠣ᠎ᠠ ᠳᠡᠭᠡᠳᠦ ᠵᠡᠷᠭᠡ ᠶᠢᠨ ᠮᠢᠬ᠎ᠠ ᠢᠳᠡᠰᠢᠲᠡᠨ ᠦ ᠠᠮᠢ ᠠᠬᠤᠶ ᠶᠢᠨ ᠰᠢᠰᠲ᠋ᠧᠮ ᠢ ᠲᠥᠯᠦᠭᠡᠯᠡᠵᠡᠢ᠃ ᠴᠢᠨᠣ᠎ᠠ ᠶᠢᠨ ᠬᠢᠨ ᠣᠪᠤᠭ ᠤᠨ ᠤᠷᠴᠢᠨ ᠳᠤ ᠪᠠᠨ ᠢᠯᠡᠭᠦᠦ ᠳᠠᠰᠤᠨ ᠵᠣᠬᠢᠴᠠᠮᠠᠲᠠᠭᠠᠢ ᠵᠦᠢᠯ ᠦᠳ ᠲᠡᠢ ᠠᠳᠠᠯᠢ ᠪᠢᠰᠢ ᠴᠤ᠂ ᠣᠢ ᠮᠣᠳᠣ᠂ ᠴᠥᠯ᠂ ᠠᠭᠤᠯᠠ᠂ ᠬᠦᠪᠳᠦᠳᠤ ᠬᠡᠭᠡᠷ᠎ᠡ ᠂ ᠰᠢᠯᠮᠦᠦᠰᠦᠲᠦ ᠤᠢ ᠂ ᠲᠠᠯ᠎ᠠ ᠨᠤᠲᠤᠭ᠂ ᠲᠡᠷᠡ ᠪᠠᠶᠢᠲᠤᠭᠠᠢ ᠬᠣᠲᠠ ᠶᠢᠨ ᠬᠠᠪᠢ ᠬᠦᠷᠲᠡᠯ᠎ᠡ ᠲᠠᠷᠬᠠᠳᠠᠭ᠃[2]  ᠨᠢᠭᠡᠨᠲᠡ ᠧᠦ᠋ᠷᠣᠫᠠ ᠠᠽᠢᠶ᠎ᠠ ᠶᠢᠨ ᠡᠬᠡ ᠬᠠᠭᠤᠷᠠᠶ ᠂ ᠤᠮᠠᠷᠠᠲᠤ ᠠᠮᠧᠷᠢᠺᠠ ᠲᠢᠪ ᠦᠨ ᠶᠡᠬᠡᠩᠬᠢ ᠬᠡᠰᠡᠭ ᠭᠠᠵᠠᠷ ᠣᠷᠣᠨ  ᠳᠤ ᠡᠯᠪᠡᠭ ᠲᠠᠷᠬᠠᠴᠠ ᠲᠠᠢ ᠪᠠᠶᠢᠭᠰᠠᠨ ᠰᠠᠷᠠᠯ ᠴᠢᠨᠣ᠎ᠠ ᠡᠳᠦᠭᠡ ᠬᠦᠮᠦᠨ ᠦ ᠲᠦᠷᠢᠯᠲᠡ ᠡᠴᠡ ᠪᠣᠯᠵᠤ ᠡᠨᠳᠡ ᠲᠡᠨᠳᠡ ᠤᠰᠠᠳᠤᠭᠰᠠᠭᠠᠷ ᠬᠠᠭᠤᠴᠢᠨ ᠡᠵᠡᠯᠡᠵᠦ ᠪᠠᠶᠢᠭᠰᠠᠨ ᠨᠤᠲᠤᠭ ᠳᠡᠪᠢᠰᠬᠡᠷ ᠦᠨ ᠢᠶᠡᠨ ᠲᠤᠩ ᠥᠴᠥᠬᠡᠨ ᠬᠡᠰᠡᠭ ᠲᠦ ᠠᠮᠢᠳᠤᠷᠠᠳᠠᠭ ᠪᠣᠯᠵᠠᠢ᠃ ᠭᠡᠰᠡᠨ ᠴᠤ ᠰᠠᠷᠠᠯ ᠴᠢᠨᠣ᠎ᠠ ᠶᠢᠨ ᠨᠡᠶᠢᠲᠡ ᠲᠣᠭ᠎ᠠ ᠲᠣᠯᠣᠭᠠᠢ ᠶᠢ ᠬᠠᠷᠠᠭᠠᠯᠵᠠᠨ ᠦᠵᠡᠭᠰᠡᠨ ᠦ ᠦᠨᠳᠦᠰᠦᠨ ᠳᠡᠭᠡᠷ᠎ᠡ ᠣᠯᠠᠨ ᠤᠯᠤᠰ ᠤᠨ ᠪᠠᠶᠢᠭᠠᠯᠢ ᠬᠠᠮᠠᠭᠠᠯᠠᠬᠤ ᠬᠣᠯᠪᠣᠭᠠᠨ ᠠᠴᠠ ᠤᠰᠠᠳᠬᠤ ᠠᠶᠤᠯ ᠦᠭᠡᠢ ᠭᠡᠵᠦ ᠦᠵᠡᠭ᠍ᠰᠡᠨ᠃ ᠣᠳᠣ ᠴᠢᠨᠣ᠎ᠠ ᠵᠠᠷᠢᠮ ᠨᠤᠲᠤᠭ ᠲᠤ ᠬᠠᠮᠠᠭᠠᠯᠠᠭᠳᠠᠭᠰᠠᠨ ᠂ ᠭᠡᠪᠡᠴᠦ ᠵᠠᠷᠢᠮ ᠭᠠᠵᠠᠷ ᠣᠷᠣᠨ ᠳᠤ ᠠᠩᠨᠠᠭᠤᠷ ᠤᠨ ᠠᠮᠢᠲᠠᠨ ᠳᠤ ᠲᠣᠭᠠᠴᠠᠭᠳᠠᠭᠰᠠᠭᠠᠷ ᠪᠠᠶᠢᠭ᠎ᠠ ᠶᠢᠨ ᠵᠡᠷᠭᠡᠴᠡᠭᠡ᠂ ᠮᠠᠯ ᠤᠨ ᠳᠠᠶᠢᠰᠤᠨ ᠬᠡᠮᠡᠨ ᠠᠩᠨᠠᠬᠤ ᠶᠠᠪᠤᠳᠠᠯ ᠪᠤᠢ᠃ ᠬᠦᠮᠦᠨ᠂ ᠴᠢᠨᠣ᠎ᠠ ᠬᠣᠶᠠᠷ ᠵᠡᠷᠭᠡᠴᠡᠨ ᠣᠷᠣᠰᠢᠳᠠᠭ ᠨᠤᠲᠤᠭ ᠲᠤ ᠴᠢᠨᠣ᠎ᠠ ᠶᠢ ᠳᠣᠮᠣᠭ᠂ ᠦᠯᠢᠭᠡᠷ ᠲᠦ ᠰᠠᠶᠢᠨ ᠢᠶᠠᠷ ᠴᠤ ᠮᠠᠭᠤ ᠪᠠᠷ ᠴᠤ ᠣᠯᠠᠨᠲᠠ ᠳᠦᠷᠰᠦᠯᠡᠳᠡᠭ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Nowak, R. 1992. Wolves: The great travelers of evolution. International Wolf 2(4):3 - 7.
  2. Wolves: From Brink of Extinction to the Edge of the City

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Canis lupus

ᠪᠢᠴᠢᠭᠡᠰᠦ