ᠴᠡᠴᠡᠷᠯᠢᠭ ᠰᠤᠮᠤ (ᠬᠥᠪᠰᠥᠭᠥᠯ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Mn coa khuvsgul aymag.png ᠬᠥᠪᠰᠥᠭᠥᠯ ᠠᠶᠢᠮᠠᠭ ᠤᠨ
ᠴᠡᠴᠡᠷᠯᠢᠭ ᠰᠤᠮᠤ
ᠤᠯᠠᠪᠢᠷ ᠰᠢᠷ᠎ᠠ ᠨᠢ ᠮᠥᠷᠡᠨ᠂ ᠶᠠᠭᠠᠨ ᠨᠢ ᠬᠠᠳᠬᠤᠯ ᠰᠤᠮᠤ
7,480 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ
5,876 ᠬᠦᠮᠦᠨ ᠣᠷᠣᠰᠢᠨ ᠰᠠᠭᠤᠳᠠᠭ
110,000 ᠲᠣᠯᠣᠭᠠᠢ ᠮᠠᠯ ᠲᠠᠢ
7 ᠪᠠᠭ ᠨᠢ ᠳᠡᠯᠭᠡᠷᠬᠠᠨ᠂ ᠵᠠᠭᠤᠨ ᠮᠣᠳᠣ᠂ ᠮᠣᠭᠠᠢ (ᠷᠢᠨᠴᠢᠨᠵᠤᠩᠨᠠᠢ), ᠰᠣᠭᠣ ᠳᠤ᠂ ᠬᠠᠯᠪᠠᠩ᠂ ᠵᠢᠷᠭᠠᠯᠠᠩᠲᠤ᠂ ᠪᠦᠷᠬᠡ ᠪᠡᠷ ᠳᠣᠯᠣᠭ᠎ᠠ ᠪᠣᠯᠠᠢ᠃
1930 ᠣᠨ ᠳᠤ ᠡᠭᠦᠰᠬᠡᠨ ᠪᠠᠶᠢᠭᠤᠯᠤᠭᠳᠠᠭᠰᠠᠨ
ᠡᠷᠭᠢᠨ ᠲᠣᠭᠣᠷᠢᠨ ᠳᠤ ᠪᠠᠨ ᠬᠥᠪᠰᠥᠭᠥᠯ ᠦᠨ ᠴᠠᠭᠠᠨ-ᠠᠭᠤᠯᠠ᠂ ᠵᠠᠪᠬᠠᠨ ᠤ ᠶᠡᠬᠡ-ᠠᠭᠤᠯᠠᠲᠣᠰᠣᠨᠴᠡᠩᠭᠡᠯᠲᠡᠯᠡᠮᠡᠨᠨᠥᠮᠥᠷᠭᠡᠪᠠᠶᠠᠩᠬᠠᠶᠢᠷᠬᠠᠨᠠᠰᠬᠠᠲᠤᠪᠠᠶᠠᠨ᠋ᠲᠡᠰ ᠭᠡᠰᠡᠨ ᠨᠠᠶᠢᠮᠠᠨ ᠰᠤᠮᠤ ᠲᠠᠢ ᠬᠠᠶᠠᠭᠠᠯᠠᠵᠤ᠂ ᠣᠷᠣᠰ ᠬᠣᠯᠪᠣᠭᠠᠨ ᠤ ᠤᠯᠤᠰ ᠤᠨ БНТувУ ᠍ ᠍ ᠤᠨ ᠲᠧᠷᠧ-ᠬᠥᠯᠡᠷᠵᠡᠨ ᠬᠣᠶᠠᠷ ᠬᠣᠰᠢᠭᠤ ᠲᠠᠢ ᠬᠢᠯᠢᠯᠡᠨ᠎ᠡ᠃
ᠴᠡᠴᠡᠷᠯᠢᠭ (ᠬᠤᠳᠤᠮ ᠮᠣᠩᠭᠣᠯ ᠢᠶᠠᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠴᠡᠴᠢᠷᠯᠢᠭ) ᠨᠢ ᠬᠥᠪᠰᠥᠭᠥᠯ ᠠᠶᠢᠮᠠᠭ ᠤᠨ ᠰᠤᠮᠤ ᠶᠤᠮ᠃ ᠨᠡᠶᠢᠲᠡ 7,480 ᠺᠦᠸᠠᠳ᠋ ᠺᠢᠯᠣᠮᠧᠲ᠋ᠷ ᠭᠠᠵᠠᠷ ᠨᠤᠲᠤᠭ ᠤᠨ 6,040 ᠺᠦᠸᠠᠳ᠋ ᠺᠢᠯᠣᠮᠧᠲ᠋ᠷ ᠨᠢ ᠪᠡᠯᠴᠢᠭᠡᠷ᠂ 1,340 ᠺᠦᠸᠠᠳ᠋ ᠺᠢᠯᠣᠮᠧᠲ᠋ᠷ ᠨᠢ ᠣᠢ ᠪᠣᠯᠤᠨ᠎ᠠ᠃ 2000 ᠣᠨ ᠤ ᠪᠠᠶᠢᠳᠠᠯ ᠢᠶᠠᠷ ᠴᠡᠴᠡᠷᠯᠢᠭ ᠰᠤᠮᠤᠨ ᠳᠤ 5,876 ᠬᠦᠮᠦᠨ ᠠᠮᠢᠳᠤᠷᠠᠵᠤ ᠪᠠᠶᠢᠭᠰᠠᠨ ᠤ ᠶᠡᠬᠡᠩᠬᠢ ᠨᠢ ᠬᠣᠲᠣᠭᠣᠶᠢᠳ ᠶᠠᠰᠤᠲᠠᠨ ᠶᠤᠮ᠃ ᠰᠤᠮᠤ ᠶᠢᠨ ᠲᠥᠪ ᠬᠠᠯᠪᠠᠩ ᠨᠢ ᠠᠶᠢᠮᠠᠭ ᠤᠨ ᠲᠥᠪ ᠮᠥᠷᠡᠨ ᠶᠢ ᠡᠴᠡ ᠪᠠᠷᠠᠭᠤᠨᠰᠢ 209 ᠺᠢᠯᠣᠮᠧᠲ᠋ᠷ᠂ ᠤᠯᠠᠭᠠᠨᠪᠠᠭᠠᠲᠤᠷᠠ ᠠᠴᠠ 880 ᠺᠢᠯᠣᠮᠧᠲ᠋ᠷ ᠵᠠᠢ ᠳᠤ ᠣᠷᠣᠰᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1931 ᠣᠨ ᠳᠤ ᠬᠠᠨᠲᠠᠶᠢᠰᠢᠷᠢ ᠤᠤᠯ ᠤᠨ ᠠᠶᠢᠮᠠᠭ ᠤᠨ ᠳᠡᠯᠭᠡᠷᠬᠠᠨ ᠤᠤᠯ ᠤᠨ ᠬᠣᠰᠢᠭᠤᠨ ᠤ ᠬᠠᠷᠢᠶᠠᠨ ᠳᠤ ᠴᠡᠴᠡᠷᠯᠢᠭ ᠰᠤᠮᠤ ᠪᠠᠶᠢᠭᠤᠯᠤᠭᠳᠠᠭᠰᠠᠨ ᠪᠠᠶᠢᠨ᠎ᠠ᠃ 1933 ᠣᠨ ᠤ ᠪᠠᠶᠢᠳᠠᠯ ᠢᠶᠠᠷ 1150 ᠡᠷᠦᠬᠡ ᠶᠢᠨ 3,800 ᠢᠷᠭᠡᠨ ᠪᠦᠬᠦᠢ᠂ 92,000 ᠣᠷᠴᠢᠮ ᠲᠣᠯᠣᠭᠠᠢ ᠮᠠᠯ ᠲᠠᠢ ᠲᠣᠮᠣᠬᠠᠨ ᠰᠤᠮᠤ ᠪᠣᠯᠵᠠᠢ᠃ 1954 ᠣᠨ ᠳᠤ 《ᠡᠩᠬᠡ-ᠠᠮᠢᠳᠤᠷᠠᠯ》 ᠨᠢᠭᠡᠳᠦᠯ ᠪᠠᠶᠢᠭᠤᠯᠤᠭᠳᠠᠵᠤ᠂ 1990 ᠣᠨ ᠳᠤ ᠲᠠᠲᠠᠨ ᠪᠠᠭᠤᠭᠳᠠᠭᠰᠠᠨ ᠪᠠᠶᠢᠨ᠎ᠠ᠃

ᠡᠳ᠋ ᠍ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

2004 ᠣᠨ ᠤ ᠪᠠᠶᠢᠳᠠᠯ ᠢᠶᠠᠷ 110,000 ᠣᠷᠴᠢᠮ ᠲᠣᠯᠣᠭᠠᠢ ᠮᠠᠯ ᠲᠣᠭᠠᠯᠠᠭᠳᠠᠵᠠᠢ᠃ ᠡᠭᠦᠨ ᠳᠦ ᠢᠮᠠᠭ᠎ᠠ 45,000, ᠬᠣᠨᠢ 48,000, ᠦᠬᠡᠷᠰᠠᠷᠯᠤᠭ 8,300, ᠠᠳᠤᠭᠤ 8,100, ᠲᠡᠮᠡᠭᠡ 606 ᠪᠠᠶᠢᠪᠠ[1]

ᠲᠡᠦᠬᠡ ᠶᠢᠨ ᠳᠤᠷᠠᠰᠬᠠᠯᠲᠤ ᠭᠠᠵᠠᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠬᠣᠶᠢᠳᠤ ᠬᠡᠰᠡᠭ ᠦᠨ ᠬᠠᠮᠤᠭ ᠤᠨ ᠲᠣᠮᠣ ᠬᠡᠶᠢᠳ ᠦᠳ ᠦᠨ ᠨᠢᠭᠡ ᠲᠡᠰ ᠦᠨ ᠬᠦᠷᠢᠶ᠎ᠡ 1717 ᠣᠨ ᠳᠤ ᠡᠳᠦᠭᠡ ᠰᠤᠮᠤ ᠶᠢᠨ ᠲᠥᠪ ᠪᠠᠶᠢᠭ᠎ᠠ ᠭᠠᠵᠠᠷ ᠤᠨ ᠣᠶᠢᠷᠠᠯᠴᠠᠭ᠎ᠠ ᠪᠠᠶᠢᠭᠤᠯᠤᠭᠳᠠᠵᠠᠢ᠃ ᠲᠡᠰ ᠦᠨ ᠬᠦᠷᠢᠶ᠎ᠡ ᠨᠢ ᠬᠥᠭᠵᠢᠯ ᠦᠨ ᠢᠶᠡᠨ ᠣᠷᠭᠢᠯ ᠦᠶᠡᠳᠡᠭᠡ 1,500 ᠯᠠᠮᠠ ᠲᠠᠢ᠂ 6 ᠠᠶᠢᠮᠠᠭ᠂ 16 ᠳ᠋ᠠᠴᠠᠩ᠂ 29 ᠳᠤᠭᠠᠩ ᠠᠴᠠ ᠪᠥᠷᠢᠳᠴᠦ ᠪᠠᠶᠢᠪᠠ᠃ ᠲᠡᠰ ᠦᠨ ᠬᠦᠷᠢᠶ᠎ᠡ ᠶᠢ 1930 ᠍ ᠍ ᠊ᠭᠠᠳ ᠣᠨ ᠤ ᠰᠡᠭᠦᠯᠴᠢ ᠪᠡᠷ ᠨᠤᠷᠠᠭᠠᠴᠠᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠰᠲ᠋ᠠᠲ᠋ᠢᠰᠲ᠋ᠢᠭ ᠤᠨ ᠲᠥᠪ ᠭᠠᠵᠠᠷ: 2004 ᠣᠨ ᠤ ᠮᠠᠯ ᠲᠣᠭᠠᠯᠠᠯᠭ᠎ᠠ

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮ᠃ᠨᠢᠮ᠎ᠠ ᠪᠠᠨ᠂ ᠬᠥᠪᠰᠥᠭᠥᠯ ᠠᠶᠢᠮᠠᠭ ᠤᠨ ᠯᠠᠪᠯᠠᠬᠤ ᠲᠣᠯᠢ, ᠤᠯᠠᠭᠠᠨᠪᠠᠭᠠᠲᠤᠷ 2001, ᠬ᠃201

ᠪᠢᠴᠢᠭᠡᠰᠦ