ᠴᠡᠩᠬᠡᠷ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Arhangai.gif ᠠᠷᠤᠬᠠᠩᠭᠠᠢ ᠠᠶᠢᠮᠠᠭ ᠤᠨ
ᠴᠡᠩᠬᠡᠷ ᠰᠤᠮᠤ
ᠴᠡᠩᠬᠡᠷ ᠰᠤᠮᠤ ᠶᠢᠨ ᠲᠥᠪ ᠠᠯᠲᠠᠨ-ᠣᠪᠣᠭ᠎ᠠ ᠰᠠᠭᠤᠷᠢᠨ (2006 ᠣᠨ)
3,200 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ
5,414 ᠬᠦᠮᠦᠨ ᠣᠷᠣᠰᠢᠨ ᠰᠠᠭᠤᠳᠠᠭ
_______ ᠲᠣᠯᠣᠭᠠᠢ ᠮᠠᠯ ᠲᠠᠢ
6 ᠪᠠᠭ ᠨᠢ ᠣᠷᠬᠣᠨ᠂ ᠴᠡᠴᠡᠷᠯᠢᠭ᠂ ᠴᠡᠩᠬᠡᠷ᠂
ᠠᠯᠲᠠᠨ-ᠣᠪᠣᠭ᠎ᠠ᠂ ᠪᠤᠶᠢᠯᠠᠨ᠂ ᠲᠠᠮᠢᠷ
ᠡᠭᠦᠰᠬᠡᠨ ᠪᠠᠶᠢᠭᠤᠯᠤᠭᠳᠠᠭᠰᠠᠨ ____ ᠣᠨ ᠳᠤ
ᠡᠷᠭᠢᠨ ᠲᠣᠭᠣᠷᠢᠨ ᠳᠤ ᠪᠠᠨ ᠠᠷᠤᠬᠠᠩᠭᠠᠢ ᠶᠢᠨ ᠪᠤᠯᠠᠭᠠᠨᠡᠷᠳᠡᠨᠢᠪᠤᠯᠭᠠᠨᠪᠠᠲᠤᠴᠡᠩᠭᠡᠯᠲᠦᠪᠰᠢᠷᠡᠭᠦᠯᠬᠦᠬᠣᠲᠠᠨ ᠳᠤ᠂ ᠥᠪᠦᠷᠬᠠᠩᠭᠠᠢ ᠶᠢᠨ ᠪᠠᠲᠤ-ᠥᠯᠵᠡᠢ᠂ ᠪᠠᠶᠠᠨᠬᠣᠩᠭᠣᠷ ᠤᠨ ᠡᠷᠳᠡᠨᠢᠴᠣᠭ ᠲᠤ ᠭᠡᠰᠡᠨ ᠳᠣᠯᠣᠭᠠᠨ ᠰᠤᠮᠤ ᠪᠠᠷ ᠬᠦᠷᠢᠶᠡᠯᠡᠭᠳᠡᠨ᠎ᠡ᠃

ᠴᠡᠩᠬᠡᠷ ᠰᠤᠮᠤ ᠨᠢ ᠠᠷᠤᠬᠠᠩᠭᠠᠢ ᠠᠶᠢᠮᠠᠭ ᠤᠨ ᠰᠤᠮᠤ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠡᠩᠬᠡᠷ ᠰᠤᠮᠤ ᠨᠢ ᠬᠠᠩᠭᠠᠢ ᠶᠢᠨ ᠠᠭᠤᠯᠠᠷᠬᠠᠭ ᠮᠤᠵᠢ ᠬᠢᠭᠡᠳ ᠣᠷᠬᠣᠨᠲᠠᠮᠢᠷ ᠤᠨ ᠬᠥᠨᠳᠡᠶᠢᠳᠡ ᠣᠷᠣᠰᠢᠳᠠᠭ ᠪᠥᠭᠡᠳ ᠬᠣᠶᠢᠳᠤ ᠲᠠᠯ᠎ᠠ ᠪᠠᠷ ᠢᠶᠠᠨ ᠡᠷᠳᠡᠨᠢᠪᠤᠯᠭᠠᠨᠪᠠᠲᠤᠴᠡᠩᠭᠡᠯ ᠰᠤᠮᠤᠲᠠᠢ ᠪᠠᠷᠠᠭᠤᠨ᠂ ᠪᠠᠷᠠᠭᠤᠨ ᠤᠷᠢᠳᠤ ᠲᠠᠯ᠎ᠠ ᠪᠠᠷ ᠢᠶᠠᠨ ᠪᠠᠶᠠᠨᠬᠣᠩᠭᠣᠷ ᠠᠶᠢᠮᠠᠭ ᠤᠨ ᠡᠷᠳᠡᠨᠢᠴᠣᠭ ᠲᠤ᠂ ᠡᠮᠦᠨᠡᠲᠦ ᠲᠠᠯ᠎ᠠ ᠪᠠᠷ ᠢᠶᠠᠨ ᠥᠪᠦᠷᠬᠠᠩᠭᠠᠢ ᠠᠶᠢᠮᠠᠭ ᠤᠨ ᠪᠠᠲᠤ-ᠥᠯᠵᠡᠢᠪᠦᠷᠢᠳᠦ ᠰᠤᠮᠤᠲᠠᠢ᠂ ᠵᠡᠭᠦᠨ ᠡᠮᠦᠨ᠎ᠡ ᠵᠡᠭᠦᠨ ᠲᠠᠯ᠎ᠠ ᠪᠠᠷ ᠢᠶᠠᠨ ᠥᠪᠡᠷ ᠦᠨ ᠠᠶᠢᠮᠠᠭ ᠤᠨ ᠲᠦᠪᠰᠢᠷᠡᠭᠦᠯᠬᠦᠬᠣᠲᠠᠨ ᠳᠤ ᠰᠤᠮᠤᠲᠠᠢ ᠬᠢᠯᠢᠯᠡᠨ ᠣᠷᠣᠰᠢᠨ᠎ᠠ᠃ ᠨᠤᠲᠤᠭ ᠳᠡᠪᠢᠰᠬᠡᠷ ᠨᠢ 332.8 ᠮᠢᠩᠭᠠᠨ ᠭᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1931 ᠣᠨ ᠳᠤ ᠣᠷᠣᠨ ᠨᠤᠲᠤᠭ ᠤᠨ ᠵᠠᠰᠠᠭ ᠵᠠᠬᠢᠷᠭᠠᠨ ᠤ ᠵᠣᠬᠢᠶᠠᠨ ᠪᠠᠶᠢᠭᠤᠯᠤᠯᠲᠠ ᠶᠢ ᠥᠭᠡᠷᠡᠴᠢᠯᠡᠨ ᠵᠠᠰᠠᠭ ᠵᠠᠬᠢᠷᠭᠠᠨ ᠤ ᠦᠨᠳᠦᠰᠦᠨ ᠨᠢᠭᠡᠴᠡ ᠪᠠᠶᠢᠭᠰᠠᠨ ᠬᠣᠰᠢᠭᠤ ᠶᠢ ᠬᠠᠯᠠᠵᠤ᠂ ᠲᠡᠷᠡ ᠦᠶ᠎ᠡ ᠳᠦ ᠪᠠᠶᠢᠭᠰᠠᠨ 5 ᠠᠶᠢᠮᠠᠭ᠂ 72 ᠬᠣᠰᠢᠭᠤ᠂ 525 ᠰᠤᠮᠤ ᠶᠢ ᠭᠠᠵᠠᠷ ᠨᠤᠲᠤᠭ᠂ ᠬᠦᠮᠦᠨ ᠠᠮᠠ ᠶᠢᠨ ᠲᠠᠯ᠎ᠠ ᠪᠠᠷ ᠲᠡᠭᠰᠢᠳᠬᠡᠨ 12 ᠠᠶᠢᠮᠠᠭ᠂ 324 ᠰᠤᠮᠤ ᠪᠣᠯᠭᠠᠨ ᠵᠣᠬᠢᠶᠠᠨ ᠪᠠᠶᠢᠭᠤᠯᠵᠠᠢ᠃ ᠡᠨᠡ ᠦᠶ᠎ᠡ ᠳᠦ ᠠᠷᠤᠬᠠᠩᠭᠠᠢ ᠠᠶᠢᠮᠠᠭ ᠪᠠᠶᠢᠭᠤᠯᠬᠤ ᠳᠤ ᠬᠠᠭᠤᠴᠢᠨ ᠡᠷᠳᠡᠨᠢᠪᠤᠯᠭᠠᠨ ᠤᠤᠯ ᠤᠨ ᠬᠣᠰᠢᠭᠤᠨ ᠠᠴᠠ ᠴᠡᠴᠡᠷᠯᠢᠭ ᠭᠣᠣᠯ ᠤᠨ ᠬᠣᠰᠢᠭᠤ ᠶᠢ ᠲᠠᠰᠤᠯᠤᠨ ᠴᠡᠩᠬᠡᠷ ᠰᠤᠮᠤ ᠨᠡᠷ᠎ᠡ ᠲᠡᠢ ᠪᠡᠷ ᠪᠠᠶᠢᠭᠤᠯᠵᠠᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠡᠩᠬᠡᠷ ᠰᠤᠮᠤ 1934 ᠣᠨ ᠤ ᠪᠠᠶᠢᠳᠠᠯ ᠢᠶᠠᠷ 7 ᠪᠠᠭ ᠲᠠᠢ ᠪᠠᠶᠢᠪᠠ᠃ ᠡᠭᠦᠨ ᠳᠦ 1 ᠍ ᠳᠦᠭᠡᠷ ᠪᠠᠭ ᠨᠢ ᠴᠡᠴᠡᠷᠯᠢᠭ ᠦᠨ ᠭᠣᠣᠯ ᠤᠨ ᠡᠬᠢᠨ ᠪᠡᠶ᠎ᠡ ᠶᠢᠨᠨᠤᠲᠤᠭ᠂ 2 ᠍ ᠳᠦᠭᠡᠷ ᠪᠠᠭ ᠨᠢ ᠴᠠᠭᠠᠨᠰᠦᠮ᠂ 3 ᠍ ᠳᠦᠭᠡᠷ ᠪᠠᠭ ᠨᠢ ᠣᠷᠬᠣᠨ᠂ 4 ᠍ ᠳᠦᠭᠡᠷ ᠪᠠᠭ ᠨᠢ ᠴᠡᠩᠬᠡᠷ ᠦᠨ ᠭᠣᠣᠯ ᠤᠨ ᠳᠠᠭᠠᠤ ᠨᠤᠲᠤᠭ᠂ 5 ᠍ ᠳᠦᠭᠡᠷ ᠪᠠᠭ ᠨᠢ ᠮᠣᠭᠠᠢ ᠶᠢᠨ ᠭᠣᠣᠯ ᠤᠨ ᠣᠷᠴᠢᠮ᠂ 6 ᠍ ᠳᠦᠭᠡᠷ ᠪᠠᠭ ᠨᠢ ᠴᠡᠴᠡᠷᠯᠢᠭ ᠦᠨ ᠭᠣᠣᠯ ᠤᠨ ᠳ᠋ᠣᠣ ᠳᠤ ᠪᠡᠶ᠎ᠡ ᠶᠢᠨ ᠬᠣᠶᠢᠲᠤ ᠬᠡᠰᠡᠭ᠂ 7 ᠍ ᠳᠦᠭᠡᠷ ᠪᠠᠭ ᠨᠢ ᠴᠡᠴᠡᠷᠯᠢᠭ ᠦᠨ ᠭᠣᠣᠯ ᠤᠨ ᠳ᠋ᠣᠣ ᠳᠤ ᠪᠡᠶ᠎ᠡ ᠶᠢᠨ ᠡᠮᠦᠨ᠎ᠡ ᠬᠡᠰᠡᠭ ᠪᠤᠶᠤ ᠣᠳᠣ ᠶᠢᠨ ᠲᠦᠪᠰᠢᠷᠡᠭᠦᠯᠬᠦ ᠰᠤᠮᠤ ᠶᠢᠨ ᠶᠡᠬᠡᠩᠬᠢ ᠨᠤᠲᠤᠭ ᠢ ᠬᠠᠮᠤᠷᠴᠢ ᠪᠠᠶᠢᠪᠠ᠃ ᠲᠤᠰ ᠰᠤᠮᠤ ᠡᠨᠡ ᠦᠶ᠎ᠡ ᠳᠦ 780 ᠡᠷᠦᠬᠡ᠂ 3312 ᠬᠦᠮᠦᠨ ᠠᠮᠠ᠂ 6207 ᠠᠳᠤᠭᠤ᠂ 10828 ᠦᠬᠡᠷ᠂ 29787 ᠬᠣᠨᠢ᠂ 2088 ᠢᠮᠠᠭ᠎ᠠ ᠲᠠᠢ ᠪᠠᠶᠢᠭᠰᠠᠨ ᠪᠠᠶᠢᠨ᠎ᠠ᠃

ᠬᠠᠷᠢᠨ 2008 ᠣᠨ ᠤ ᠪᠠᠶᠢᠳᠠᠯ ᠢᠶᠠᠷ ᠴᠡᠩᠬᠡᠷ ᠰᠤᠮᠤ ᠶᠢᠨ ᠨᠡᠶᠢᠲᠡ ᠬᠦᠮᠦᠨ ᠠᠮᠠ 5387, ᠡᠭᠦᠨ ᠡᠴᠡ ᠡᠷ᠎ᠡ 2652, ᠡᠮᠡᠭᠲᠡᠢ 2735, ᠨᠡᠶᠢᠲᠡ ᠡᠷᠦᠬᠡ 1513, ᠰᠢᠨ᠎ᠡ ᠲᠦᠷᠦᠭᠰᠡᠨ ᠬᠡᠦᠬᠡᠳ 120, ᠨᠠᠰᠤ ᠪᠠᠷᠠᠭᠰᠠᠨ ᠬᠦᠮᠦᠨ 46, ᠰᠢᠯᠵᠢᠵᠦ ᠢᠷᠡᠭᠰᠡᠨ 68, ᠰᠢᠯᠵᠢᠵᠦ ᠶᠠᠪᠤᠭᠰᠠᠨ 127, ᠡᠷᠦᠬᠡ ᠲᠣᠯᠣᠭᠠᠶᠢᠯᠠᠰᠤᠯᠠᠨ ᠡᠮᠡᠭᠲᠡᠢ 392, ᠲᠠᠬᠢᠷ ᠳᠤᠲᠠᠭᠤ ᠢᠷᠭᠡᠨ 229, ᠥᠨᠳᠥᠷ ᠨᠠᠰᠤᠲᠠᠨ 368, ᠥᠨᠳᠥᠷ ᠨᠠᠰᠤᠲᠠᠢ ᠭᠠᠭᠴᠠ ᠪᠡᠶ᠎ᠡ ᠡᠷᠦᠬᠡ 102 ᠪᠠᠶᠢᠨ᠎ᠠ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

2008 ᠣᠨ ᠤ ᠵᠢᠯ ᠦᠨ ᠡᠴᠦᠰ ᠦᠨ ᠮᠠᠯ ᠲᠣᠭᠠᠯᠠᠯᠭ᠎ᠠ ᠪᠠᠷ 152,543 ᠲᠣᠯᠣᠭᠠᠢ ᠮᠠᠯ ᠲᠣᠭᠠᠯᠠᠭᠤᠯᠤᠭᠰᠠᠨ ᠨᠢ ᠡᠮᠦᠨᠡᠬᠢ ᠣᠨ ᠠᠴᠠ 11,000 ᠍ ᠪᠠᠷ ᠥᠰᠴᠠᠢ᠃

ᠲᠡᠦᠬᠡ ᠶᠢᠨ ᠳᠤᠷᠠᠰᠬᠠᠯ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠤᠬᠠᠩᠭᠠᠢ ᠠᠶᠢᠮᠠᠭ ᠤᠨ ᠴᠡᠩᠬᠡᠷ ᠰᠤᠮᠤ ᠶᠢᠨ ᠨᠤᠲᠤᠭ ᠲᠤ ᠡᠷᠲᠡ ᠳᠡᠭᠡᠷ᠎ᠡ ᠦᠶᠡᠰ ᠬᠦᠮᠦᠨ ᠣᠷᠣᠰᠢᠨ ᠠᠮᠢᠳᠤᠷᠠᠵᠤ ᠪᠠᠶᠢᠭᠰᠠᠨ ᠲᠤᠬᠠᠢ ᠤᠯᠠ ᠮᠥᠷ ᠲᠡᠦᠬᠡ ᠶᠢᠨ ᠳᠤᠷᠠᠰᠬᠠᠯᠲᠤ ᠵᠦᠢᠯᠡᠰ ᠦᠨ ᠦᠯᠡᠳᠡᠴᠡ ᠦᠯᠡᠳᠡᠭᠳᠡᠯ ᠬᠠᠳᠠᠭᠠᠯᠠᠭᠳᠠᠨ ᠪᠠᠶᠢᠭ᠎ᠠ ᠪᠢᠯᠡ᠃

ᠰᠤᠮᠤ ᠶᠢᠨ ᠲᠥᠪ ᠡᠴᠡ 3 ᠺᠢᠯᠣᠮᠧᠲ᠋ᠷ ᠣᠷᠴᠢᠮ ᠭᠠᠵᠠᠷ ᠴᠡᠴᠡᠷᠯᠢᠭ ᠦᠨ ᠭᠣᠣᠯ ᠤᠨ ᠬᠣᠶᠢᠲᠤ ᠪᠡᠶ᠎ᠡ ᠳᠦ ᠬᠥᠰᠢᠭᠡᠲᠦ ᠶᠢᠨ ᠠᠮᠠ ᠬᠡᠮᠡᠬᠦ ᠨᠤᠲᠤᠭ ᠲᠤ ᠪᠤᠢ ᠡᠷᠲᠡᠨ ᠦ ᠬᠦᠷᠡᠯ ᠵᠡᠪᠰᠡᠭ ᠦᠨ ᠦᠶ᠎ᠡ ᠶᠢᠨ ᠳᠤᠷᠠᠰᠬᠠᠯ᠂ 《ᠪᠤᠭᠤᠨ ᠬᠥᠰᠢᠶ᠎ᠡ》 ᠨᠢ ᠡᠷᠲᠡ ᠦᠶᠡᠰ ᠲᠤᠰ ᠰᠤᠮᠤ ᠶᠢᠨ ᠨᠤᠲᠤᠭ ᠲᠤ ᠬᠦᠮᠦᠨ ᠠᠮᠢᠳᠤᠷᠠᠵᠤ ᠪᠠᠶᠢᠭᠰᠠᠨ ᠤ ᠨᠢᠭᠡᠨ ᠲᠣᠳᠣᠷᠬᠠᠢ ᠵᠢᠱᠢᠶ᠎ᠡ ᠪᠣᠯᠤᠨ᠎ᠠ᠃ ᠡᠯ᠎ᠡ ᠪᠤᠭᠤᠨ ᠬᠥᠰᠢᠶ᠎ᠡ ᠨᠢ 2 ᠮᠧᠲ᠋ᠷ ᠥᠨᠳᠥᠷ 0.5 ᠮᠧᠲ᠋ᠷ ᠵᠤᠵᠠᠭᠠᠨ ᠶᠤᠮ ᠪᠠᠶᠢᠨ᠎ᠠ᠃ ᠬᠥᠰᠢᠭᠡᠨ ᠦ ᠨᠢᠭᠤᠷᠠᠨ ᠲᠠᠯ᠎ᠠ ᠶᠢᠨ ᠥᠷᠭᠡᠨ ᠬᠠᠪᠲᠠᠭᠠᠢ ᠶᠢᠨ ᠳᠡᠭᠡᠳᠦ ᠬᠡᠰᠡᠭ ᠲᠦ ᠨᠠᠷ᠂ ᠶᠡᠬᠡ ᠪᠡᠶᠡᠩ ᠳᠦ ᠪᠤᠭᠤ ᠵᠠᠭᠪᠤᠷᠴᠢᠯᠠᠨ ᠳᠦᠷᠰᠦᠯᠡᠵᠦ᠂ ᠳᠣᠣᠭᠤᠷ ᠨᠢ ᠥᠷᠭᠡᠨ ᠪᠥᠰᠡ ᠲᠠᠲᠠᠵᠠᠢ᠃ ᠵᠡᠭᠦᠨ ᠬᠠᠵᠠᠭᠤ ᠶᠢᠨ ᠨᠠᠷᠢᠨ ᠬᠠᠪᠲᠠᠭᠠᠢ ᠳᠤ 3 ᠪᠤᠭᠤ᠂ ᠠᠷᠤ ᠶᠢᠨ ᠥᠷᠭᠡᠨ ᠬᠠᠪᠲᠠᠭᠠᠢ ᠶᠢᠨ ᠳᠡᠭᠡᠳᠦ ᠬᠡᠰᠡᠭ ᠲᠦ ᠨᠠᠷ᠂ ᠶᠡᠬᠡ ᠪᠡᠶ᠎ᠡ ᠳᠦ 2 ᠪᠤᠭᠤ᠂ ᠪᠥᠰᠡᠨ ᠦ ᠳᠡᠭᠡᠬᠡᠨ ᠲᠠᠯ᠎ᠠ ᠳᠤ ᠪᠠᠮᠪᠠᠢ ᠰᠡᠶᠢᠯᠵᠡᠢ᠃ ᠳᠡᠭᠡᠷᠡᠬᠢ ᠶᠢᠨ ᠢᠵᠢᠯ ᠬᠣᠶᠠᠷ ᠪᠤᠭᠤᠨ ᠴᠢᠯᠠᠭᠤᠨ ᠬᠥᠰᠢᠶ᠎ᠡ ᠨᠢ ᠬᠦᠷᠡᠯ ᠪᠠ ᠲᠡᠮᠦᠷ ᠵᠡᠪᠰᠡᠭ ᠦᠨ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠦᠶ᠎ᠡ ᠳᠦ ᠣᠷᠣᠰᠢᠨ ᠰᠠᠭᠤᠵᠤ ᠪᠠᠶᠢᠭᠰᠠᠨ ᠣᠪᠤᠭ ᠠᠶᠢᠮᠠᠭ ᠤᠨ ᠲᠡᠦᠬᠡ ᠰᠤᠶᠤᠯ ᠤᠨ ᠭᠠᠶᠢᠬᠠᠮᠰᠢᠭᠲᠠᠢ ᠳᠤᠷᠠᠰᠬᠠᠯ ᠤᠨ ᠨᠢᠭᠡ ᠶᠠᠭᠤᠮ᠎ᠠ᠃

ᠴᠡᠩᠬᠡᠷ ᠰᠤᠮᠤ ᠶᠢᠨ ᠲᠥᠪ ᠦᠨ ᠪᠠᠷᠠᠭᠤᠬᠠᠨ ᠲᠠᠯ᠎ᠠ ᠳᠤ ᠴᠡᠴᠡᠷᠯᠢᠭ ᠦᠨ ᠭᠣᠣᠯ ᠤᠨ ᠬᠥᠪᠡᠭᠡᠨ ᠳᠤ ᠪᠠᠶᠢᠳᠠᠭ ᠡᠷᠲᠡᠨ ᠦ ᠪᠤᠯᠠᠰᠢ᠂ ᠪᠦᠷᠢ ᠳᠦ ᠪᠠᠭ ᠤᠨ ᠮᠠᠶᠢᠬᠠᠨ ᠬᠡᠮᠡᠬᠦ ᠠᠭᠤᠯᠠ ᠶᠢᠨ ᠡᠮᠦᠨ᠎ᠡ ᠦᠵᠦᠭᠦᠷ ᠲᠦ ᠪᠠᠶᠢᠬᠤ ᠡᠷᠲᠡᠨ ᠦ ᠲᠦᠷᠦᠭ ᠦᠨ ᠦᠶ᠎ᠡ ᠶᠢᠨ ᠪᠣᠯᠤᠯᠲᠠᠢ ᠳᠥᠷᠪᠡᠯᠵᠢᠨ ᠪᠤᠯᠠᠰᠢ᠂ ᠴᠡᠩᠬᠡᠷ ᠦᠨ ᠭᠣᠣᠯ ᠤᠨ 《ᠳᠡᠭᠡᠳᠦ ᠲᠡᠭᠡᠭ》 ᠬᠡᠮᠡᠬᠦ ᠭᠠᠵᠠᠷ ᠤᠨ ᠡᠬᠢᠨ ᠳᠦ ᠬᠣᠶᠠᠷ ᠲᠣᠮᠣ ᠴᠣᠬᠢᠶᠠᠨ ᠤ ᠳᠤᠮᠳᠠ ᠪᠠᠶᠢᠬᠤ ᠨᠢᠭᠡᠨ ᠰᠣᠨᠢᠨ ᠪᠤᠯᠠᠰᠢ᠂ ᠬᠤᠵᠢᠷ ᠤᠨ ᠠᠮᠠᠨ ᠤ ᠮᠣᠷᠢ ᠲᠠᠲᠠᠳᠠᠭ᠂ ᠪᠤᠶᠢᠯᠠᠨ ᠪᠠᠭ ᠤᠨ ᠬᠠᠶᠢᠷᠬᠠᠨ ᠠᠭᠤᠯᠠ ᠶᠢᠨ ᠵᠡᠭᠦᠨ ᠪᠡᠯ ᠵᠡᠷᠭᠡ ᠭᠠᠵᠠᠷ ᠤᠳ ᠲᠤ ᠬᠦᠷᠡᠯᠡᠶᠢᠨ ᠦᠶ᠎ᠡ ᠶᠢᠨ ᠲᠣᠮᠣ ᠬᠡᠮᠵᠢᠶ᠎ᠡ ᠲᠡᠢ ᠬᠢᠷᠭᠢᠰᠬᠡᠭᠦᠷ ᠦᠳ ᠪᠠᠶᠢᠳᠠᠭ ᠠᠵᠡᠢ᠃ ᠬᠦᠷᠡᠯ ᠪᠠ ᠲᠡᠮᠦᠷ ᠵᠡᠪᠰᠡᠭ ᠦᠨ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠦᠶ᠎ᠡ ᠳᠦ ᠬᠠᠮᠢᠶᠠᠷᠬᠤ ᠬᠠᠳᠠᠨ ᠤ ᠰᠡᠶᠢᠯᠦᠮᠡᠯ ᠵᠢᠷᠤᠭ᠂ ᠲᠠᠮᠠᠭ᠎ᠠ ᠲᠡᠮᠳᠡᠭ ᠦᠨ ᠵᠦᠢᠯᠡᠰ ᠲᠤᠰ ᠰᠤᠮᠤ ᠶᠢᠨ ᠪᠦᠷᠢ ᠳᠦ ᠪᠠᠭ ᠤᠨ ᠨᠤᠲᠤᠭ ᠰᠢᠷᠳᠡᠭ ᠦᠨ ᠭᠣᠣᠯ ᠬᠡᠮᠡᠬᠦ ᠭᠠᠵᠠᠷ ᠪᠠᠶᠢᠳᠠᠭ ᠶᠤᠮ ᠪᠠᠶᠢᠨ᠎ᠠ᠃

ᠠᠷᠪᠠᠨ ᠭᠤᠷᠪᠠᠳᠤᠭᠠᠷ ᠵᠠᠭᠤᠨ ᠤ ᠦᠶ᠎ᠡ ᠳᠦ ᠬᠣᠯᠪᠣᠭᠣᠳᠠᠬᠤ ᠲᠡᠦᠬᠡ ᠶᠢᠨ ᠳᠤᠷᠠᠰᠬᠠᠯᠲᠤ ᠵᠦᠢᠯᠡᠰ ᠦᠨ ᠦᠯᠡᠳᠡᠭᠳᠡᠯ ᠲᠤᠰ ᠰᠤᠮᠤ ᠶᠢᠨ ᠨᠤᠲᠤᠭ ᠲᠤ ᠨᠡᠯᠢᠶᠡᠳ ᠪᠠᠶᠢᠳᠠᠭ᠃ ᠲᠤᠬᠠᠶᠢᠯᠠᠪᠠᠯ᠂ ᠴᠠᠭᠠᠨ ᠰᠦᠮ᠎ᠡ ᠶᠢᠨ ᠭᠣᠣᠯ ᠤᠨ ᠬᠣᠶᠢᠲᠤ ᠪᠡᠶ᠎ᠡ ᠳᠦ᠂ ᠬᠥᠰᠢᠭᠡᠲᠦ ᠶᠢᠨ ᠠᠮᠠ ᠬᠡᠮᠡᠬᠦ ᠭᠠᠵᠠᠷ ᠤᠨ ᠤᠷᠳᠤ᠂ ᠴᠠᠭᠠᠨ ᠰᠦᠮ᠎ᠡ ᠶᠢᠨ ᠷᠠᠰᠢᠶᠠᠨ ᠤ ᠪᠠᠷᠠᠭᠤᠬᠠᠨ ᠲᠠᠯ᠎ᠠ ᠳᠤ ᠡᠷᠲᠡᠨ ᠦ ᠪᠠᠷᠢᠯᠭ᠎ᠠ ᠶᠢᠨ ᠦᠯᠡᠳᠡᠴᠡ ᠣᠷᠣᠮ ᠪᠠᠶᠢᠳᠠᠭ ᠪᠥᠭᠡᠳ ᠭᠠᠳᠠᠭᠤᠷ ᠢᠶᠠᠨ ᠬᠡᠷᠡᠮ ᠲᠡᠢ ᠪᠠᠶᠢᠭᠰᠠᠨ ᠪᠣᠯᠪᠠ ᠤᠤ ᠭᠡᠵᠦ ᠦᠵᠡᠵᠦ ᠪᠣᠯᠬᠤ ᠪᠠᠷ ᠪᠠᠶᠢᠳᠠᠭ ᠠᠵᠢ᠃ ᠡᠭᠦᠨ ᠢ ᠥᠭᠭᠦᠭᠡᠳᠦᠢ ᠬᠠᠭᠠᠨ ᠤ ᠣᠷᠳᠣ ᠪᠠᠶᠢᠭᠰᠠᠨ ᠲᠤᠬᠠᠢ ᠴᠤᠬᠤᠰ ᠮᠡᠳᠡᠭᠡ ᠪᠠᠶᠢᠳᠠᠭ ᠪᠣᠯᠠᠢ᠃ ᠥᠭᠭᠦᠭᠡᠳᠦᠢ ᠬᠠᠭᠠᠨ ᠬᠠᠷᠠᠬᠣᠷᠢᠨ ᠳᠤ ᠲᠤᠭᠤᠷᠢᠰᠢᠵᠤ ᠪᠠᠶᠢᠭᠰᠠᠨ ᠪᠣᠯ ᠲᠡᠭᠦᠨ ᠲᠡᠢ ᠲᠤᠩ ᠣᠶᠢᠷᠠᠯᠴᠠᠭ᠎ᠠ ᠪᠠᠶᠢᠬᠤ ᠴᠠᠭᠠᠨ ᠰᠽᠮ ᠤᠨ ᠷᠠᠰᠢᠶᠠᠨ ᠳᠤ ᠪᠡᠶ᠎ᠡ ᠪᠡᠨ ᠰᠤᠪᠢᠯᠠᠵᠤ ᠠᠮᠠᠷᠠᠬᠤ ᠵᠣᠷᠢᠯᠭ᠎ᠠ ᠪᠠᠷ ᠶᠠᠭᠤᠮᠤ᠂ ᠥᠭᠡᠷ᠎ᠡ ᠶᠠᠮᠠᠷ ᠨᠢᠭᠡ ᠵᠣᠷᠢᠯᠭ᠎ᠠ ᠪᠠᠷ ᠡᠶᠢᠨᠬᠦᠦ ᠣᠷᠳᠣ ᠬᠠᠷᠰᠢ ᠪᠠᠷᠢᠭᠤᠯᠵᠤ ᠰᠠᠭᠤᠷᠢᠰᠢᠵᠤ ᠪᠠᠶᠢᠭᠰᠠᠨ ᠪᠠᠶᠢᠵᠤ ᠪᠣᠯᠬᠤ ᠲᠠᠯ᠎ᠠ ᠲᠠᠢ᠃ ᠨᠥᠭᠥᠭᠡ ᠲᠠᠯ᠎ᠠ ᠪᠠᠷ ᠡᠷᠳᠡᠮᠲᠡᠨ ᠣ᠃ ᠨᠠᠮᠨᠠᠨᠳᠣᠷᠵᠢ ᠭᠤᠸᠠᠢ ᠴᠠᠭᠠᠨ ᠰᠦᠮ᠎ᠡ ᠶᠢᠨ ᠷᠠᠰᠢᠶᠠᠨ ᠢ ᠠᠷᠪᠠᠨ ᠭᠤᠷᠪᠠᠳᠤᠭᠠᠷ ᠵᠠᠭᠤᠨ ᠤ ᠦᠶ᠎ᠡ ᠳᠦ ᠲᠣᠬᠢᠵᠢᠭᠤᠯᠵᠤ ᠠᠰᠢᠭᠯᠠᠵᠤ ᠪᠠᠶᠢᠭᠰᠠᠨ ᠲᠤᠬᠠᠢ ᠪᠢᠴᠢᠭᠰᠡᠨ ᠪᠠᠶᠢᠳᠠᠭ᠃ ᠮᠥᠨ ᠴᠠᠭᠠᠨ ᠰᠦᠮ᠎ᠡ ᠶᠢᠨ ᠭᠣᠣᠯ ᠤᠨ ᠡᠬᠢᠨ ᠳᠦ ᠨᠢᠭᠡᠨ ᠪᠠᠷᠢᠯᠭ᠎ᠠ ᠶᠢᠨ ᠦᠯᠡᠳᠡᠴᠡ ᠣᠷᠣᠮ ᠪᠠᠶᠢᠳᠠᠭ ᠢ 《ᠴᠠᠭᠠᠨ ᠰᠦᠮ᠎ᠡ》 ᠬᠡᠮᠡᠨ ᠨᠡᠷᠡᠯᠡᠳᠡᠭ ᠪᠣᠯᠠᠢ᠃ ᠡᠯ᠎ᠡ ᠰᠦᠮ᠎ᠡ ᠶᠢ ᠨᠡᠯᠢᠶᠡᠳ ᠡᠷᠲᠡ ᠳᠡᠭᠡᠷ᠎ᠡ ᠦᠶ᠎ᠡ ᠳᠦ ᠮᠠᠭᠠᠳ ᠦᠭᠡᠢ ᠮᠣᠩᠭᠣᠯ ᠨᠤᠲᠤᠭ ᠳᠡᠭᠡᠷ᠎ᠡ ᠪᠠᠶᠢᠭᠰᠠᠨ ᠡᠷᠲᠡᠨ ᠦ ᠤᠯᠤᠰ ᠤᠳ ᠤᠨ ᠦᠶ᠎ᠡ ᠳᠦ ᠴᠤ ᠬᠠᠮᠢᠶᠠᠷᠴᠢ ᠪᠣᠯᠬᠤ ᠶᠤᠮ ᠬᠡᠮᠡᠨ ᠡᠷᠳᠡᠮᠲᠡᠳ ᠦᠵᠡᠳᠡᠭ ᠪᠣᠯᠤᠯᠲᠠᠢ ᠶᠤᠮ᠃

ᠣᠷᠬᠣᠨ ᠭᠣᠣᠯ ᠤᠨ ᠪᠦᠷ ᠡᠬᠢᠨ ᠳᠦ 《ᠵᠢᠷᠠᠨ ᠴᠥᠩᠭᠡᠷᠡᠭ》 ᠬᠡᠮᠡᠬᠦ ᠣᠪᠣᠭᠣᠷ ᠬᠣᠲᠣᠭᠣᠷ ᠶᠡᠬᠡ ᠲᠡᠢ ᠡᠳᠡᠭᠡᠷᠡᠴᠢ ᠡᠷᠡᠭᠦᠯᠰᠢᠭᠰᠡᠨ ᠭᠠᠵᠠᠷ ᠪᠠᠶᠢᠳᠠᠭ ᠠᠵᠢ᠃ ᠡᠯ᠎ᠡ ᠭᠠᠵᠠᠷ ᠢ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠍ ᠶᠢᠨ ᠭᠡᠰᠢᠭᠦᠨ᠂ ᠳ᠋ᠣᠺᠲ᠋ᠣᠷ ᠬ᠃ ᠫᠷᠯᠡᠢ ᠭᠤᠸᠠᠢ ᠡᠷᠲᠡ ᠴᠠᠭ ᠤᠨ ᠪᠠᠷᠢᠯᠭ᠎ᠠ ᠶᠢᠨ ᠦᠯᠡᠳᠡᠭᠳᠡᠯ ᠪᠠᠶᠢᠵᠤ ᠪᠣᠯᠬᠤ ᠶᠤᠮ ᠬᠡᠮᠡᠨ ᠲᠡᠮᠳᠡᠭᠯᠡᠭᠰᠡᠨ ᠪᠠᠶᠢᠨ᠎ᠠ᠃ 《ᠵᠢᠷᠠᠨ ᠴᠥᠩᠭᠡᠷᠡᠭ》 ᠨᠡᠷᠡᠲᠡᠢ ᠪᠠᠰᠠ ᠡᠶᠢᠮᠦᠷᠬᠡᠦ ᠭᠠᠵᠠᠷ ᠴᠡᠴᠡᠷᠯᠢᠭ ᠦᠨ ᠭᠣᠣᠯ ᠤᠨ ᠡᠬᠢᠨ ᠳᠦ ᠪᠠᠶᠢᠳᠠᠭ᠃ ᠣᠷᠬᠣᠨ ᠭᠣᠣᠯ ᠤᠨ ᠵᠥᠪ ᠲᠠᠯ᠎ᠠ ᠶᠢᠨ ᠴᠢᠳᠬᠤᠯᠠᠩ ᠳᠤ 《ᠲᠡᠭᠡᠯᠢ ᠶᠢᠨ ᠠᠮᠠᠨ ᠤ ᠳᠥᠷᠪᠡᠯᠵᠢᠨ ᠭᠠᠵᠠᠷ》 ᠭᠡᠳᠡᠭ ᠢ ᠲᠡᠷᠡᠪᠡᠷ ᠡᠷᠲᠡᠨ ᠦ ᠬᠣᠲᠠ ᠪᠠᠷᠢᠯᠭ᠎ᠠ ᠶᠢᠨ ᠦᠯᠡᠳᠡᠭᠳᠡᠯ ᠬᠡᠮᠡᠭᠰᠡᠨ ᠪᠠᠶᠢᠳᠠᠭ᠃ ᠠᠯᠲᠠᠨ-ᠣᠪᠣᠭ᠎ᠠ ᠪᠠᠭ ᠤᠨ ᠨᠤᠲᠤᠭ ᠲᠤ ᠥᠭᠭᠦᠭᠡᠳᠦᠢ ᠬᠠᠭᠠᠨ ᠤ ᠪᠣᠷᠣ ᠥᠷᠭᠥᠭᠡ ᠬᠡᠮᠡᠬᠦ ᠬᠣᠲᠠ ᠶᠢᠨ ᠲᠤᠭᠤᠷᠢ᠂ ᠮᠥᠨ ᠰᠠᠶᠢᠷ ᠤᠨ ᠪᠦᠷᠢᠳᠦᠨ ᠦ ᠳᠡᠨᠵᠢ ᠳᠡᠭᠡᠷ᠎ᠡ ᠮᠠᠨᠵᠤ ᠶᠢᠨ ᠦᠶ᠎ᠡ ᠶᠢᠨ ᠬᠣᠲᠠ ᠶᠢᠨ ᠲᠤᠭᠤᠷᠢ ᠪᠠᠶᠢᠳᠠᠭ ᠶᠤᠮ ᠪᠠᠶᠢᠨ᠎ᠠ᠃ ᠡᠨᠡ ᠮᠡᠲᠦ ᠲᠡᠦᠬᠡ ᠶᠢᠨ ᠳᠤᠷᠠᠰᠬᠠᠯᠲᠤ ᠵᠦᠢᠯᠡᠰ ᠲᠤᠰ ᠰᠤᠮᠤ ᠶᠢᠨ ᠨᠤᠲᠤᠭ ᠲᠤ ᠡᠯᠪᠡᠭ ᠪᠠᠶᠢᠳᠠᠭ ᠪᠥᠭᠡᠳ ᠭᠠᠭᠴᠠᠬᠦ ᠲᠡᠭᠦᠨ ᠢ ᠡᠷᠢᠨ ᠰᠤᠷᠪᠤᠯᠵᠢᠯᠠᠵᠤ ᠢᠯᠡᠷᠡᠭᠦᠯᠬᠦ᠂ ᠰᠢᠨᠵᠢᠯᠡᠨ ᠰᠤᠳᠤᠯᠵᠤ ᠲᠣᠳᠣᠷᠠᠭᠤᠯᠬᠤ ᠶᠠᠪᠤᠳᠠᠯ ᠨᠡᠩ ᠴᠢᠬᠤᠯᠠ ᠪᠠᠶᠢᠭ᠎ᠠ ᠶᠢ ᠳᠤᠷᠠᠳᠬᠤ ᠶᠠᠭᠤᠨ᠃

ᠠᠯᠪᠠᠨ ᠪᠠᠶᠢᠭᠤᠯᠤᠯᠭ᠎ᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠡᠮᠨᠡᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤ ᠶᠢᠨ ᠬᠦᠮᠦᠨ ᠡᠮᠨᠡᠯᠭᠡ ᠨᠢ 1938 ᠣᠨ ᠳᠤ ᠠᠩᠬ᠎ᠠ ᠪᠠᠶᠢᠭᠤᠯᠤᠭᠳᠠᠭᠰᠠᠨ ᠪᠠᠶᠢᠨ᠎ᠠ᠃ 1959 ᠣᠨ ᠳᠤ ᠠᠩᠬ᠎ᠠ ᠲᠥᠷᠥᠬᠦ ᠲᠠᠰᠤᠭ ᠨᠡᠭᠡᠭᠡᠭᠳᠡᠵᠦ ᠠᠩᠬᠠᠨ ᠤ ᠡᠬᠡ ᠪᠠᠷᠢᠭᠴᠢ ᠪᠠᠷ ᠳ᠃ ᠴᠢᠯᠠᠭᠤᠨᠵᠠᠪ ᠠᠵᠢᠯᠯᠠᠭᠰᠠᠨ ᠪᠠᠶᠢᠨ᠎ᠠ᠃ ᠡᠨᠡ ᠡᠮᠨᠡᠯᠭᠡ ᠨᠢ 1975 ᠣᠨ ᠳᠤ ᠶᠡᠬᠡ ᠡᠮᠴᠢ ᠶᠢᠨ ᠰᠠᠯᠪᠤᠷᠢ ᠪᠣᠯᠤᠨ ᠥᠷᠭᠡᠵᠢᠵᠦ ᠠᠩᠬᠠᠨ ᠤᠶᠡᠬᠡ ᠡᠮᠴᠢ ᠪᠡᠷ ᠼᠡᠳᠡᠨ᠂ ᠪᠠᠲᠤ-ᠥᠯᠵᠡᠢ᠂ ᠰᠣᠳᠨᠠᠮᠫᠢᠯ᠂ ᠰᠠᠩᠵᠤᠬᠠᠨ ᠳᠤ᠂ ᠰᠡᠨᠳᠣᠭᠣᠮ᠂ ᠴ᠃ ᠫᠦᠷᠪᠦᠰᠦ᠋ᠷᠦᠩ᠂ ᠣᠶᠤᠨᠴᠡᠴᠡᠭ ᠨᠠᠷ ᠠᠵᠢᠯᠯᠠᠵᠤ ᠪᠠᠶᠢᠪᠠ᠃ 1982 ᠣᠨ ᠳᠤ ᠲᠤᠰ ᠡᠮᠨᠡᠯᠭᠡ ᠶᠢᠨ ᠡᠷᠬᠢᠯᠡᠭᠴᠢ ᠪᠡᠷ ᠮᠢᠵᠢᠳᠠᠰᠦ᠋ᠷᠦᠩ᠂ ᠨ᠃ ᠡᠩᠬᠡᠲᠤᠶᠠᠭ᠎ᠠ ᠨᠠᠷ ᠠᠵᠢᠯᠯᠠᠵᠤ ᠪᠠᠶᠢᠭᠰᠠᠨ ᠪᠠ ᠠᠵᠢᠯᠯᠠᠵᠤ ᠪᠠᠶᠢᠨ᠎ᠠ᠃

ᠬᠡᠦᠬᠡᠳ ᠦᠨ ᠴᠡᠴᠡᠷᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

1972 ᠣᠨ ᠳᠤ ᠪᠠᠶᠢᠭᠤᠯᠤᠭᠳᠠᠭᠰᠠᠨ ᠪᠥᠭᠡᠳ 1975 ᠣᠨ ᠳᠤ 2 ᠪᠦᠯᠦᠭ᠂ 50 ᠬᠡᠦᠬᠡᠳ ᠦᠨ ᠲᠥᠯᠥᠪᠯᠡᠭᠡ ᠲᠡᠢ 8 ᠠᠵᠢᠯᠴᠢᠨ ᠲᠠᠢ ᠠᠵᠢᠯᠯᠠᠵᠤ ᠪᠠᠶᠢᠴᠠᠢ᠃ 1982 ᠣᠨ ᠳᠤ 3 ᠪᠦᠯᠦᠭ᠂ 75 ᠬᠡᠦᠬᠡᠳ᠂ 15 ᠠᠵᠢᠯᠴᠢᠨ ᠲᠠᠢ ᠪᠣᠯᠵᠤ ᠬᠡᠦᠬᠡᠳ ᠢ ᠨᠠᠰᠤ ᠪᠠᠷ ᠨᠢ ᠠᠩᠭᠢᠯᠠᠨ ᠬᠦᠮᠦᠵᠢᠯ ᠰᠤᠷᠭᠠᠯᠲᠠ ᠶᠢᠨ ᠠᠵᠢᠯ ᠢᠶᠠᠨ ᠶᠠᠪᠤᠭᠤᠯᠬᠤ ᠪᠣᠯᠤᠭᠰᠠᠨ ᠪᠠᠶᠢᠨ᠎ᠠ᠃ 1975-1990 ᠣᠨ ᠳᠤ 400-500 ᠬᠡᠦᠬᠡᠳ ᠢ ᠰᠤᠷᠭᠠᠭᠤᠯᠢ ᠳᠤ ᠪᠡᠯᠡᠳᠬᠡᠨ ᠥᠪᠡᠷ ᠦᠨ ᠪᠠᠶᠢᠷᠢ ᠲᠠᠢ ᠪᠣᠯᠤᠭᠰᠠᠨ ᠪᠠᠶᠢᠨ᠎ᠠ᠃ ᠬᠠᠮᠲᠤ ᠣᠯᠠᠨ ᠤ ᠳᠣᠲᠣᠷ᠎ᠠ ᠠᠴᠠ ᠲᠠᠪᠤᠨ ᠵᠢᠯ ᠦᠨ ᠭᠠᠪᠰᠢᠭᠠᠶᠢᠴᠢ᠂ ᠦᠯᠢᠭᠡᠷ ᠵᠢᠱᠢᠶ᠎ᠡ ᠵᠢᠭᠠᠬᠤ ᠠᠷᠭ᠎ᠠ ᠵᠦᠢᠴᠢ ᠲᠡᠷᠢᠭᠦᠨ ᠦ ᠬᠦᠮᠦᠰ ᠰᠢᠯᠭᠠᠷᠠᠨ ᠱᠠᠩᠨᠠᠭᠳᠠᠵᠤ ᠪᠠᠶᠢᠭᠰᠠᠨ ᠤ ᠳᠡᠭᠡᠷ᠎ᠡ ᠲᠤᠰ ᠴᠡᠴᠡᠷᠯᠢᠭ ᠬᠠᠮᠲᠤ ᠣᠯᠠᠨ ᠢᠶᠠᠷ ᠢᠶᠠᠨ ᠪᠡᠯᠡᠳᠬᠡᠯ ᠱᠠᠲᠤᠨ ᠤ ᠰᠤᠷᠭᠠᠭᠤᠯᠢ ᠪᠣᠯᠲᠠᠯ᠎ᠠ ᠪᠠᠨ ᠬᠥᠭᠵᠢᠵᠦ ᠢᠷᠡᠵᠡᠢ᠃ 1990-1997 ᠣᠨ ᠳᠤ ᠰᠤᠷᠭᠠᠭᠤᠯᠢ ᠶᠢᠨ ᠡᠮᠦᠨᠡᠬᠢ ᠨᠠᠰᠤᠨ ᠤ 200-250 ᠬᠡᠦᠬᠡᠳ ᠢ ᠰᠤᠷᠭᠠᠭᠤᠯᠢ ᠳᠤ ᠪᠡᠯᠡᠳᠬᠡᠵᠦ ᠥᠭᠴᠡᠢ᠃ ᠲᠥᠰᠥᠯ ᠬᠡᠷᠡᠭᠵᠢᠭᠦᠯᠬᠦ ᠵᠠᠮ ᠢᠶᠠᠷ ᠴᠡᠴᠡᠷᠯᠢᠭ ᠲᠡᠢ ᠲᠣᠭᠯᠠᠭᠠᠮ᠂ ᠬᠡᠪᠢᠰ᠂ ᠫᠷᠢᠰᠲ᠋ᠠᠸᠺ᠂ ᠥᠩᠭᠡᠲᠦ ᠲᠧᠯᠧᠸᠢᠽᠣᠷ᠂ ᠬᠥᠭᠵᠢᠮ ᠲᠡᠢ ᠪᠣᠯᠪᠠ᠃ 2002 ᠣᠨ ᠳᠤ 2 ᠪᠦᠯᠦᠭ᠂ 6 ᠠᠵᠢᠯᠴᠢᠨ ᠲᠠᠢ᠂ 6,5 ᠰᠠᠶ᠎ᠠ ᠲᠥᠭᠥᠷᠢᠭ ᠦᠨ ᠲᠥᠰᠥᠪ ᠲᠡᠢ᠂ 50 ᠬᠡᠦᠬᠡᠳ ᠲᠡᠢ ᠠᠵᠢᠯᠯᠠᠵᠤ ᠪᠠᠶᠢᠨ᠎ᠠ᠃ ᠲᠤᠰ ᠴᠡᠴᠡᠷᠯᠢᠭ ᠦᠨ ᠡᠷᠬᠢᠯᠡᠭᠴᠢ ᠪᠡᠷ ᠪᠠᠰᠠᠩᠵᠠᠪ᠂ ᠨᠠᠶᠢᠮᠠ᠂ ᠭᠦᠩᠰᠤᠮ᠎ᠠ ᠪᠠᠨ᠂ ᠰ᠃ ᠠᠶᠤᠱᠢᠵᠠᠪ᠂ ᠴ᠃ ᠳᠡᠯᠭᠡᠷ ᠨᠠᠷ ᠠᠵᠢᠯᠯᠠᠵᠤ ᠪᠠᠶᠢᠭᠰᠠᠨ ᠪᠠᠶᠢᠨ᠎ᠠ᠃

ᠪᠢᠴᠢᠭᠡᠰᠦ