ᠴᠠᠶᠢᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠠᠶᠢᠷ (Zn)
ᠠᠲ᠋ᠣᠮ ᠤᠨ ᠳ᠋ᠤᠭᠠᠷ 30
ᠠᠲ᠋ᠣᠮ ᠮᠠᠰ 65.382 /ᠮᠣᠯᠢ
ᠥᠩᠭᠡ ᠴᠡᠩᠬᠡᠷ ᠲᠤᠶᠠᠭ᠎ᠠ ᠲᠠᠢ ᠴᠠᠶᠢᠪᠤᠷ ᠰᠠᠷᠠᠯ
ᠡᠯᠧᠺᠲ᠋ᠷᠣᠨ ᠪᠠᠶᠢᠭᠤᠯᠤᠯᠲᠠ [Ar] 4s2 3d10
ᠪᠦᠷᠬᠦᠭᠦᠯ ᠳ᠋ᠡᠬᠢ
ᠡᠯᠧᠺᠲ᠋ᠷᠣᠨ ᠤ ᠲᠣᠭ᠎ᠠ
ᠹᠢᠽᠢᠺ ᠰᠢᠨᠵᠢ ᠴᠢᠨᠠᠷ
ᠪᠣᠳᠠᠰ ᠤᠨ ᠲᠥᠯᠥᠪ ᠬᠠᠲᠠᠭᠤ
ᠨᠢᠭᠲᠠᠴᠠ 7.14 /ᠰᠮ³
ᠬᠠᠶᠢᠯᠠᠬᠤ ᠲᠣᠯᠠᠭᠠᠨ ᠤ ᠬᠡᠮᠵᠢᠶ᠎ᠡ (419,53 °C), 692,68 K
ᠪᠤᠴᠠᠯᠬᠤ ᠲᠣᠯᠠᠭᠠᠨ ᠤ ᠬᠡᠮᠵᠢᠶ᠎ᠡ (907 °C), 1180 K
ᠬᠠᠶᠢᠯᠤᠯᠲᠠ ᠶᠢᠨ ᠬᠤᠪᠢ ᠤᠨ ᠳᠤᠯᠠᠭᠠᠨ 7,4 ᠺᠵ/ᠮᠣᠯᠢ
ᠠᠭᠤᠷᠰᠢᠯᠲᠠ ᠶᠢᠨ ᠬᠤᠪᠢ ᠤᠨ ᠳᠤᠯᠠᠭᠠᠨ 115 ᠺᠵ/ᠮᠣᠯᠢ
ᠳᠤᠯᠠᠭᠠᠨ ᠪᠠᠭᠲᠠᠭᠠᠮᠵᠢ 25 °C) 25.470 ᠺᠵ/(ᠮᠣᠯᠢ·K)
ᠠᠲ᠋ᠣᠮ ᠤᠨ ᠰᠢᠨᠵᠢ ᠴᠢᠨᠠᠷ
ᠣᠷᠣᠨ ᠳᠤ ᠲᠣᠷᠤᠨ ᠤ ᠪᠦᠲᠦᠴᠡ
(ᠰᠢᠩ ᠢᠶᠣᠨᠢ)
Hexagonal
ᠢᠰᠦᠯᠳᠦᠯᠲᠡ ᠶᠢᠨ ᠵᠡᠷᠭᠡ 2
ᠢᠣᠨᠵᠢᠬᠤ ᠡᠨᠧᠷᠭᠢ
(ᠡᠬᠢᠨ ᠦ ᠡᠯᠧᠺᠲ᠋ᠷᠣᠨ ᠢᠶᠠᠷ)
906,4 ᠺᠵ/ᠮᠣᠯᠢ
ᠠᠲ᠋ᠣᠮ ᠤᠨ ᠷᠠᠳᠢᠦ᠋ᠰ 135 (142) ᠫᠮ
ᠺᠣᠸᠠᠯᠧᠨᠲ ᠤᠨ ᠷᠠᠳᠢᠦ᠋ᠰ 122 ᠫᠮ

《ᠴᠠᠶᠢᠷ》 ᠡᠷᠲᠡᠨ ᠦ ᠮᠧᠲ᠋ᠠᠯᠯᠦ᠋ᠷᠭᠢᠴᠢᠳ ᠡᠷᠦᠳᠡᠰᠦ ᠭᠠᠯᠮᠧᠢ (ᠰᠮᠢᠲᠣᠰᠣᠨᠢ ᠳᠤ ZnCO3) ᠍ ᠶᠢ ᠵᠡᠰ᠂ ᠨᠡᠭᠦᠷᠡᠰᠦ ᠲᠡᠢ ᠬᠠᠯᠬᠤ ᠳᠤ ᠥᠩᠭᠡ ᠪᠡᠷ ᠢᠶᠡᠨ ᠠᠯᠲᠠ ᠶᠢ ᠰᠠᠨᠠᠭᠳᠠᠭᠤᠯᠤᠮ᠎ᠠ ᠬᠡᠰᠡᠭ ᠡᠭᠦᠰᠦᠨ᠎ᠡ᠃ (ᠡᠭᠦᠨ ᠡᠴᠡ ᠡᠭᠦᠳᠦᠨ ᠵᠡᠰ᠂ ᠴᠠᠶᠢᠷ ᠤᠨ ᠬᠠᠶᠢᠯᠤᠰᠢ ᠶᠢ ᠭᠠᠤᠯᠢ ᠭᠡᠵᠦ ᠨᠡᠷᠡᠯᠡᠬᠦ ᠪᠣᠯᠵᠠᠢ᠃) ᠡᠷᠲᠡ ᠦᠶᠡᠰ ᠮᠡᠳᠡᠭᠳᠡᠵᠦ ᠪᠠᠶᠢᠭᠰᠠᠨ 7 ᠍ ᠶᠢᠨ ᠮᠧᠲ᠋ᠠᠯ ᠤᠨ ᠲᠣᠭᠠᠨ ᠳᠤ ᠴᠠᠶᠢᠷ ᠣᠷᠣᠳᠠᠭ ᠦᠭᠡᠢ᠃ ᠤᠴᠢᠷ ᠨᠢ ᠲᠡᠭᠦᠨ ᠢ ᠴᠡᠪᠡᠷ ᠪᠠᠶᠢᠳᠠᠯ ᠲᠠᠢ ᠪᠠᠷ ᠭᠠᠷᠭᠠᠨ ᠠᠪᠬᠤ ᠪᠣᠯᠤᠮᠵᠢ ᠦᠭᠡᠢ ᠪᠠᠶᠢᠭᠰᠠᠨ᠃ ᠭᠠᠯᠮᠧᠢ ᠶᠢ ᠵᠡᠰᠦ ᠦᠭᠡᠢ ᠪᠡᠷ ᠨᠡᠭᠦᠷᠡᠰᠦ ᠲᠡᠢ ᠰᠢᠲᠠᠭᠠᠬᠤ ᠳᠤ ᠴᠠᠭᠠᠨ ᠨᠤᠨᠲᠠᠭ ZnO ᠨᠢ ᠠᠭᠠᠷ ᠲᠤ ᠬᠦᠴᠢᠯᠲᠥᠷᠦᠭᠴᠢ ᠲᠡᠢ ᠬᠠᠷᠢᠯᠴᠠᠨ ᠦᠢᠯᠡᠴᠢᠯᠡᠯᠴᠡᠬᠦ ᠶᠠᠪᠤᠴᠠ ᠳᠤ ᠴᠠᠶᠢᠷ ᠡᠭᠦᠰᠴᠢ ᠪᠠᠶᠢᠴᠠᠢ᠃ ᠬᠦᠮᠦᠰ ᠰᠢᠨ᠎ᠡ ᠡᠷᠡᠨ ᠦ ᠡᠬᠢᠨ ᠳᠦ ᠯᠠ ᠴᠠᠶᠢᠷ ᠢ ᠬᠠᠯᠠᠵ ᠡᠭᠦᠰᠦᠭᠰᠡᠨ ᠠᠭᠤᠷ ᠢ ᠰᠢᠪᠠᠷ ᠰᠠᠪᠤᠩ ᠳᠤ ᠬᠥᠷᠥᠭᠡᠨ ᠰᠢᠩᠭᠡᠨ ᠪᠣᠯᠭᠠᠳᠠᠭ᠃ ᠡᠨᠡ ᠦᠶ᠎ᠡ ᠳᠦ ᠲᠧᠭᠨᠣᠯᠣᠭᠢ ᠨᠡᠯᠢᠶᠡᠨ ᠨᠠᠷᠢᠨ ᠲᠥᠪᠡᠭᠲᠡᠢ ᠪᠠᠶᠢᠯ᠎ᠠ᠃ ᠬᠢᠮᠢ ᠶᠢᠨ ᠤᠳᠬ᠎ᠠ ᠤᠴᠢᠷ ᠢ ᠬᠦᠮᠦᠰ ᠰᠠᠶᠢᠨ ᠮᠡᠳᠡᠭᠡ ᠦᠭᠡᠢ ᠤᠴᠢᠷ ᠬ ᠵᠠᠭᠤᠨ ᠭᠡᠬᠦ ᠳᠦ ᠴᠠᠶᠢᠷ ᠢ ᠪᠡᠯᠡᠳᠬᠡᠬᠦ ᠨᠢ ᠨᠢᠭᠤᠴᠠ ᠬᠡᠪ ᠢᠶᠡᠷ ᠦᠯᠡᠳᠡᠵᠡᠢ᠃ ᠣᠯᠠᠨ ᠵᠠᠭᠤᠨ ᠵᠢᠯ ᠦᠨ ᠳᠠᠷᠠᠭ᠎ᠠ ᠴᠠᠶᠢᠷ ᠤᠨ ᠲᠤᠬᠠᠢ ᠳᠠᠬᠢᠨ ᠳᠤᠷᠠᠰᠬᠤ ᠪᠣᠯᠤᠭᠰᠠᠨ᠃ ᠠᠯᠬᠢᠮᠢᠴ ᠠᠨᠳᠠᠷᠡᠶᠢᠰ ᠯᠢᠪᠠᠪ ᠦ ᠴᠠᠶᠢᠷ ᠢ ᠡᠷᠲᠡᠨ ᠦ 7 ᠍ ᠶᠢᠨ ᠮᠧᠲ᠋ᠠᠯ ᠳᠤ ᠨᠢᠭᠡᠳᠦᠭᠰᠡᠨ 8 ᠳᠠᠬᠢ ᠮᠧᠲ᠋ᠠᠯ ᠭᠡᠵᠦ ᠨᠡᠷᠡᠯᠡᠭᠰᠡᠨ᠃ 《ᠴᠢᠨ᠋ᠺ》 ᠭᠡᠳᠡᠭ ᠨᠡᠷ᠎ᠡ ᠶᠢ ᠫᠠᠷᠠᠼᠧᠯᠰ ᠣᠨᠣᠭᠠᠭᠰᠠᠨ᠃ ᠴᠠᠶᠢᠷ ᠢ ᠬᠠᠶᠢᠯᠠᠭᠤᠯᠬᠤ ᠲᠠᠯ᠎ᠠ ᠪᠠᠷ ᠭᠧᠣᠷᠭ ᠠᠭᠷᠢᠺᠣᠯ ᠥᠪᠡᠷ ᠦᠨ ᠪᠦᠲᠦᠭᠡᠯ ᠪᠣᠯᠬᠤ 《ᠤᠤᠯ ᠤᠨ ᠠᠵᠢᠯ ᠪᠠ ᠮᠧᠲ᠋ᠠᠯᠯᠦ᠋ᠷᠭ》 ᠨᠣᠮᠣᠨ ᠳᠤ ᠪᠠᠨ ᠪᠢᠴᠢᠭᠰᠡᠨ᠃ ᠭᠡᠪᠡᠴᠦ ᠡᠨᠡ ᠮᠧᠲ᠋ᠠᠯ ᠢ ᠠᠩᠬ᠎ᠠ 1743 ᠣᠨ ᠳᠤ ᠠᠩᠭᠯᠢ ᠳᠤ ᠠᠩᠬ᠎ᠠ ᠦᠢᠯᠡᠳᠪᠦᠷᠢᠯᠡᠯ ᠳᠦ ᠠᠰᠢᠭᠯᠠᠭᠰᠠᠨ᠃ ᠲᠡᠷᠡ ᠦᠶᠡᠰ ᠬᠣᠶᠢᠰᠢ ᠴᠠᠶᠢᠷ ᠢ ᠢᠯᠭᠠᠬᠤ ᠠᠷᠭ᠎ᠠ ᠳᠤ ᠵᠠᠷᠴᠢᠮ ᠤᠨ ᠥᠭᠡᠷᠡᠴᠢᠯᠡᠯᠲᠡ ᠭᠠᠷᠤᠭ᠎ᠠ ᠦᠭᠡᠢ᠃ ᠴᠠᠶᠢᠷ ᠠᠭᠤᠯᠠᠰᠤᠩᠬᠥᠳᠡᠷ ᠢ ᠰᠢᠲᠠᠭᠠᠵᠤ ᠡᠭᠦᠰᠦᠭᠰᠡᠨ ᠣᠺᠰᠢᠳ ᠢ ᠪᠢᠲᠡᠭᠦᠦ ᠰᠠᠪᠤᠩ ᠳᠤ ᠨᠡᠭᠦᠷᠡᠰᠦ ᠲᠡᠢ ᠬᠠᠯᠬᠤ ᠪᠠ ᠡᠭᠦᠰᠦᠭᠰᠡᠨ ᠴᠠᠶᠢᠷ ᠤᠨ ᠠᠭᠤᠷ ᠢ ᠰᠢᠩᠭᠡᠨ ᠪᠣᠯᠭᠠᠨ᠎ᠠ᠃ ᠣᠷᠴᠢᠨ ᠦᠶ᠎ᠡ ᠳᠦ ᠴᠠᠶᠢᠷ ᠢ ᠴᠠᠶᠢᠷ ᠤᠨ ᠬᠥᠳᠡᠷ ᠢ ᠬᠦᠬᠦᠷ ᠦᠨ ᠬᠦᠴᠢᠯ ᠢᠶᠡᠷ ᠦᠢᠯᠡᠴᠢᠯᠡᠭᠦᠯᠬᠦ ᠳᠦ ᠡᠭᠦᠰᠦᠭᠰᠡᠨ ᠴᠠᠶᠢᠷ ᠤᠨ ᠰᠦᠯᠢᠹᠠᠲ ᠤᠨ ᠠᠭᠤᠰᠤᠮᠠᠯ ᠢ ᠡᠯᠧᠺᠲ᠋ᠷᠣᠯᠢᠰ ᠢᠶᠠᠷ ᠭᠠᠷᠭᠠᠨ ᠠᠪᠳᠠᠭ᠃ ᠴᠠᠶᠢᠷ ᠨᠢ ᠢᠳᠡᠪᠬᠢᠲᠡᠢ ᠮᠧᠲ᠋ᠠᠯ ᠪᠠ ᠬᠦᠴᠢᠯ ᠦᠨ ᠠᠭᠤᠰᠤᠮᠠᠯ ᠠᠴᠠ ᠤᠰᠤᠲᠥᠶᠢᠷᠦᠭᠴᠢ ᠶᠢ ᠲᠦᠷᠢᠵᠦ ᠭᠠᠷᠭᠠᠨ᠎ᠠ᠃ ᠮᠥᠨ ᠲᠡᠭᠦᠨᠴᠢᠯᠡᠨ ᠢᠳᠡᠪᠬᠢ ᠮᠠᠭᠤ ᠲᠠᠢ ᠮᠧᠲ᠋ᠠᠯ ᠢ ᠳᠠᠪᠤᠰᠤᠨ ᠤ ᠠᠭᠤᠰᠤᠮᠠᠯ ᠠᠴᠠ ᠨᠢ ᠲᠦᠷᠢᠨ᠎ᠡ᠃ Zn+CuSO4=Cu+ZnSO4 ᠮᠥᠩᠭᠥᠯᠢᠭ ᠴᠠᠭᠠᠨ ᠥᠩᠭᠡᠲᠡᠢ 420 ᠬᠡᠮ ᠳᠦ ᠬᠠᠶᠢᠯᠠᠵᠤ 906 ᠬᠡᠮ ᠳᠦ ᠪᠤᠴᠠᠯᠠᠳᠠᠭ᠃ ᠠᠭᠠᠷ ᠲᠤ ᠴᠠᠶᠢᠷ ᠤᠨ ᠣᠺᠰᠢ ᠳᠤ ᠡᠭᠦᠰᠬᠡᠨ᠎ᠡ᠃ ᠡᠨᠡ ᠨᠢ ᠲᠡᠭᠦᠨ ᠢ ᠴᠢᠨᠠᠭᠰᠢᠳᠠ ᠢᠰᠦᠯᠳᠦᠬᠡ ᠡᠴᠡ ᠬᠠᠮᠠᠭᠠᠯᠠᠨ᠎ᠠ᠃ ᠴᠠᠶᠢᠷ ᠤᠨ ᠨᠢᠮᠭᠡᠨ ᠳᠠᠪᠬᠤᠷᠭ᠎ᠠ ᠶᠢ ᠲᠧᠯᠣᠸᠢᠽᠣᠷ ᠤᠨ ᠨᠢᠭᠤᠷ᠂ ᠷᠧᠨ᠋ᠲ᠋ᠭᠧᠨ ᠬᠣᠭᠣᠯᠠᠢ ᠨᠤᠭᠤᠳ ᠳᠡᠭᠡᠷ᠎ᠡ ᠲᠦᠷᠬᠢᠳᠡᠭ᠃ ᠡᠨᠡ ᠨᠢ ᠵᠢᠪᠡᠷᠡᠯᠲᠡ ᠡᠴᠡ ᠬᠠᠮᠠᠭᠠᠯᠠᠳᠠᠭ ᠪᠠᠶᠢᠨ᠎ᠠ᠃ ᠮᠥᠨ ᠨᠠᠰᠤᠨ ᠳᠤ ᠬᠦᠷᠦᠭᠰᠡᠨ ᠬᠦᠮᠦᠨ ᠦ ᠪᠡᠶ᠎ᠡ ᠳᠦ 2,3 ᠭᠷᠦᠶᠢᠫ ᠴᠠᠶᠢᠷ ᠠᠭᠤᠯᠤᠭᠳᠠᠳᠠᠭ ᠪᠠ ᠡᠨᠡ ᠨᠢ ᠡᠰ ᠲᠦ ᠡᠨᠧᠷᠭᠢ ᠶᠢᠨ ᠰᠣᠯᠢᠯᠴᠠᠭ᠎ᠠ ᠶᠢ ᠵᠣᠬᠢᠴᠠᠭᠤᠯᠳᠠᠭ 40 ᠭᠠᠷᠤᠢ ᠢᠰᠭᠡᠬᠦᠷ ᠦᠨ ᠨᠠᠶᠢᠷᠠᠯᠭ᠎ᠠ ᠳᠤ ᠣᠷᠣᠯᠴᠠᠳᠠᠭ᠃

http://wiki.uhaan.com/index.php?title=ᠴᠠᠶᠢᠷ&oldid=425493》 ᠍  ᠡᠴᠡ ᠠᠪᠤᠭᠰᠠᠨ

ᠪᠢᠴᠢᠭᠡᠰᠦ