ᠴᠠᠰᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠤᠯᠠᠷᠢᠯ ᠤᠨ ᠥᠭᠡᠷᠡᠴᠢᠯᠡᠯᠲᠡ ᠪᠡᠷ ᠴᠠᠰᠤᠨ ᠪᠦᠷᠬᠦᠭᠦᠯ ᠥᠭᠡᠷᠡᠴᠢᠯᠡᠭᠳᠡᠬᠦ ᠨᠢ
ᠬᠠᠳᠠᠮᠠᠯ
ᠮᠣᠩᠭᠣᠯ ᠦᠰᠦᠭ ᠢᠶᠡᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠪᠤᠷᠢᠶᠠᠳ ᠺᠢᠷᠢᠯ ᠢᠶᠡᠷ ᠰᠠhᠠᠨ
ᠮᠣᠩᠭᠣᠯ ᠺᠢᠷᠢᠯ ᠢᠶᠡᠷ ᠴᠠᠰᠤ
ᠬᠠᠯᠢᠮᠠᠭ ᠺᠢᠷᠢᠯ ᠢᠶᠡᠷ ᠴᠠᠰᠤᠨ

ᠴᠠᠰᠤ

  1. ᠠᠭᠠᠷ ᠤᠨ ᠳᠤᠯᠠᠭᠠᠨ 0°C ᠍ ᠡᠴᠡ ᠳᠣᠭᠣᠭᠰᠢᠯᠠᠭᠰᠠᠨ ᠦᠶ᠎ᠡ ᠳᠦ ᠠᠭᠠᠷ ᠮᠠᠨᠳᠠᠯ ᠳᠤ ᠳᠡᠭᠳᠡᠭᠡ ᠳᠦ ᠪᠠᠶᠢᠭᠰᠠᠨ ᠤᠰᠤᠨ ᠤ ᠠᠭᠤᠷ ᠵᠢᠵᠢᠭ ᠮᠥᠰᠦᠨ ᠲᠠᠯᠠᠰᠲᠤ ᠪᠣᠯᠤᠨ ᠭᠠᠵᠠᠷ ᠲᠤ ᠪᠠᠭᠤᠳᠠᠭ ᠬᠤᠷ᠎ᠠ.
  2. ᠳᠡᠭᠡᠷᠡᠬᠢ ᠬᠤᠷ᠎ᠠ ᠶᠢᠨ ᠭᠠᠵᠠᠷ ᠤᠨ ᠭᠠᠳᠠᠷᠭᠤ ᠶᠢ ᠬᠤᠴᠢᠨ ᠪᠠᠭᠤᠵᠤ ᠬᠠᠶᠢᠯᠠᠬᠤ ᠦᠭᠡᠢ ᠠᠵᠠᠨᠠᠬᠤ ᠲᠤᠨᠤᠳᠠᠰᠤ[1]᠃ ᠴᠠᠰᠤᠨ ᠰᠢᠷᠬᠡᠭ ᠨᠢ ᠭᠠᠳᠠᠨ᠎ᠠ ᠶᠢᠨ ᠥᠨᠳᠥᠷ ᠳᠠᠷᠤᠯᠲᠠ ᠍ ᠤᠨ ᠨᠥᠯᠦᠭᠡ ᠦᠭᠡᠢ ᠤᠴᠢᠷ ᠵᠥᠭᠡᠯᠡᠨ ᠪᠠᠶᠢᠨ᠎ᠠ᠃

ᠴᠠᠰᠤᠨ ᠰᠢᠷᠬᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠰᠤᠨ ᠰᠢᠷᠬᠡᠭ ᠨᠢ ᠠᠭᠠᠷ ᠮᠠᠨᠳᠠᠯ ᠳᠤ ᠡᠭᠦᠯᠡᠡᠨᠳᠡ ᠡᠭᠦᠰᠦᠭᠰᠡᠨ ᠮᠥᠰᠦᠨ ᠦ ᠲᠠᠯᠠᠰ ᠤᠳ ᠪᠣᠯᠤᠨ᠎ᠠ᠃ ᠲᠣᠮᠣ ᠬᠡᠮᠵᠢᠶ᠎ᠡ ᠲᠡᠢ᠂ ᠰᠠᠶᠢᠨ ᠲᠠᠯᠠᠰᠵᠢᠭ᠌ᠰᠠᠨ ᠴᠠᠰᠤᠨ ᠰᠢᠷᠬᠡᠭ ᠦᠳ ᠨᠢ ᠬᠠᠪᠲᠠᠭᠠᠢ᠂ ᠣᠶᠢᠷᠠᠯᠴᠠᠭ᠎ᠠ ᠪᠠᠷ ᠲᠡᠭᠰᠢ ᠬᠡᠮᠲᠦ 6 ᠲᠠᠯ᠎ᠠ ᠲᠠᠢ ᠪᠠᠶᠢᠨ᠎ᠠ᠃ ᠬᠣᠪᠣᠷᠬᠠᠨ ᠲᠣᠬᠢᠶᠠᠯᠳᠤᠯ ᠳᠤ᠂ -2 °C ᠬᠦᠢᠲᠡᠨᠳᠡ᠂ 3 ᠲᠠᠯ᠎ᠠ ᠳᠤ ᠴᠠᠰᠤᠨ ᠰᠢᠷᠬᠡᠭ ᠦᠳ ᠡᠭᠦᠰᠴᠦ ᠪᠣᠯᠤᠨ᠎ᠠ [2]᠃ ᠭᠡᠬᠦ ᠳᠦ ᠪᠡᠨ ᠴᠠᠰᠤᠨ ᠰᠢᠷᠬᠡᠭ ᠦᠨ ᠬᠡᠯᠪᠡᠷᠢ ᠳᠦ᠂ ᠤᠭ ᠲᠠᠯᠠᠰᠲᠤ ᠶᠢ ᠡᠭᠦᠰᠬᠦ ᠦᠶ᠎ᠡ ᠶᠢᠨ ᠲᠣᠯᠠᠭᠠᠨ ᠤ ᠬᠡᠮᠵᠢᠶ᠎ᠡ᠂ ᠴᠢᠭᠢᠭᠰᠢᠯᠲᠡ ᠴᠢᠬᠤᠯᠠ ᠨᠥᠯᠥᠭᠡ ᠲᠡᠢ ᠲᠤᠯᠠ ᠶᠡᠬᠡᠩᠬᠢ ᠲᠣᠬᠢᠶᠠᠯᠳᠤᠯ ᠳᠤ ᠴᠠᠰᠤᠨ ᠰᠢᠷᠬᠡᠭ ᠦᠳ ᠨᠢ ᠵᠥᠪ ᠪᠤᠰᠤ ᠬᠡᠯᠪᠡᠷᠢ ᠲᠡᠢ ᠪᠠᠶᠢᠳᠠᠭ᠃ ᠮᠥᠨ ᠪᠠᠭᠠᠨᠠᠯᠠᠭ᠂ ᠵᠡᠭᠦᠯᠭᠡ᠂ ᠬᠠᠪᠲᠠᠭᠠᠢ ᠬᠡᠯᠪᠡᠷᠢ ᠲᠡᠢ ᠰᠢᠷᠬᠡᠭ ᠦᠳ ᠪᠠᠶᠢᠨ᠎ᠠ᠃

6 ᠲᠠᠯ᠎ᠠ ᠳᠤ ᠰᠢᠷᠬᠡᠭ ᠦᠳ 0 °C ᠍ ᠡᠴᠡ -3 °C ᠍ ᠳᠦ᠂ ᠵᠡᠭᠦᠯᠭᠡ ᠪᠣᠯᠤᠨ ᠪᠠᠭᠠᠨᠠᠯᠠᠭ ᠬᠡᠯᠪᠡᠷᠢ ᠲᠡᠢ ᠰᠢᠷᠬᠡᠭ ᠦᠳ -5 °C ᠍ ᠠᠴᠠ -10 °C ᠍ ᠳᠦ᠂ ᠢᠯᠡᠭᠦᠦ ᠬᠦᠢᠲᠡᠨ ᠲᠣᠯᠠᠭᠠᠨ ᠤ ᠬᠡᠮᠵᠢᠶ᠎ᠡ ᠲᠦ (-10 °C ᠍ ᠠᠴᠠ -22 °C) ᠳᠠᠬᠢᠨ 6 ᠲᠠᠯ᠎ᠠ ᠳᠤ ᠰᠢᠷᠬᠡᠭ ᠦᠳ ᠡᠭᠦᠰᠦᠨ᠎ᠡ᠃

ᠴᠠᠰᠤᠨ ᠰᠢᠷᠬᠡᠭ

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠪᠷᠣᠸᠬᠢᠨ ᠸ᠃ ᠸ᠃ ᠠᠲᠮᠣᠰᠹᠧᠷᠨᠧ ᠶᠠᠪᠤᠯᠧᠨᠢᠶ ᠠ — ᠺᠯᠠᠰᠰᠢᠹᠢᠺᠠᠼᠢᠶ᠎ᠠ ᠢ ᠣᠫᠢᠰᠤᠨᠧ
  2. http://www.its.caltech.edu/~atomic/snowcrystals/class/class.htm

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠴᠠᠰᠤ&oldid=432392》 ᠍  ᠡᠴᠡ ᠠᠪᠤᠭᠰᠠᠨ

ᠪᠢᠴᠢᠭᠡᠰᠦ