ᠴᠠᠭ ᠠᠭᠠᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠴᠠᠭ ᠠᠭᠤᠷ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠺᠠᠲᠷᠢᠨ᠎ᠠ ᠬᠠᠷ᠎ᠠ ᠰᠠᠯᠬᠢᠨ ᠤ ᠳᠠᠷᠠᠭ᠎ᠠ ᠰᠢᠨ᠎ᠡ ᠣᠷᠣᠯᠧᠶᠠᠨ ᠤ ᠦᠶᠡᠷ ᠲᠤ ᠠᠪᠲᠠᠭᠳᠠᠭᠰᠠᠨ ᠪᠠᠶᠢᠳᠠᠯ

ᠴᠠᠭ ᠠᠭᠠᠷ ᠭᠡᠳᠡᠭ ᠨᠢ ᠲᠤᠬᠠᠢ ᠶᠢᠨ ᠴᠠᠭ ᠲᠤ᠂ ᠠᠭᠠᠷ ᠮᠠᠨᠳᠠᠯ ᠤᠨ ᠲᠣᠳᠣᠷᠬᠠᠢ ᠨᠥᠬᠥᠴᠡᠯ ᠳ᠋ᠡᠬᠢ ᠪᠦᠬᠦ ᠦᠵᠡᠭᠳᠡᠯ  ᠦᠨ ᠴᠣᠭᠴᠠ ᠶᠢ ᠬᠡᠯᠡᠨ᠎ᠡ᠃ ᠡᠨᠡ ᠨᠡᠷ᠎ᠡ ᠲᠣᠮᠢᠶ᠎ᠠ ᠨᠢ ᠴᠠᠭᠡᠳᠦᠷ ᠢᠶᠡᠷ ᠬᠡᠮᠵᠢᠭᠳᠡᠬᠦ ᠪᠣᠭᠣᠨᠢ ᠬᠤᠭᠤᠴᠠᠭᠠᠨ ᠳᠤ ᠬᠡᠷᠡᠭᠯᠡᠭᠳᠡᠳᠡᠭ ᠢᠶᠡᠷ ᠢᠶᠡᠨ ᠠᠭᠤᠷ ᠠᠮᠢᠰᠬᠤᠯᠠ ᠠᠴᠠ ᠢᠯᠭᠠᠭ᠎ᠠ ᠲᠠᠢ ᠪᠣᠯᠤᠨ᠎ᠠ᠃

ᠦᠨᠳᠦᠰᠦᠨ ᠮᠧᠬᠠᠨᠢᠰᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠭ ᠠᠭᠠᠷ ᠨᠢ ᠶᠡᠬᠡᠪᠴᠢᠯᠡᠨ ᠠᠭᠠᠷ ᠤᠨ ᠲᠣᠯᠠᠭᠠᠨ ᠤ ᠬᠡᠮᠵᠢᠶ᠎ᠡ ᠤᠨ ᠥᠭᠡᠷᠡᠴᠢᠯᠡᠯᠲᠡ ᠡᠴᠡ ᠬᠠᠮᠢᠶᠠᠷᠤᠨ᠎ᠠ᠃ ᠷᠧᠭᠢᠶᠣᠨᠠᠯᠢ ᠬᠡᠮᠵᠢᠶᠡᠨ ᠳᠦ᠂ ᠠᠭᠠᠷ ᠤᠨ ᠲᠣᠯᠠᠭᠠᠨ ᠤ ᠬᠡᠮᠵᠢᠶ᠎ᠡ ᠤᠨ ᠢᠯᠭᠠᠭ᠎ᠠ ᠨᠢ ᠳᠣᠣᠷᠠᠬᠢ ᠪᠠᠶᠢᠳᠠᠯ ᠢᠶᠠᠷ ᠢᠯᠡᠷᠡᠨ᠎ᠡ᠃ ᠳᠡᠯᠡᠬᠡᠢᠡᠺᠸᠠᠲ᠋ᠣᠷ ᠣᠷᠴᠢᠮ ᠳᠤ ᠨᠢᠭᠡᠴᠡ ᠲᠠᠯᠠᠪᠠᠢ ᠳᠤ ᠨᠣᠣᠭ ᠲᠤ ᠬᠢ ᠨᠠᠷᠨ ᠤ ᠡᠨᠧᠷᠭᠢ ᠨᠢ ᠲᠤᠶᠢᠯ ᠣᠷᠴᠢᠮ ᠤᠨ ᠬᠢ ᠠᠴᠠ ᠢᠯᠡᠭᠦᠦ ᠶᠡᠬᠡ ᠪᠠᠶᠢᠨ᠎ᠠ᠃ ᠣᠷᠣᠨ ᠨᠤᠲᠤᠭ ᠤᠨ ᠬᠡᠮᠵᠢᠶᠡᠨ ᠳᠦ᠂ ᠲᠣᠯᠠᠭᠠᠨ ᠤ ᠬᠡᠮᠵᠢᠶ᠎ᠡ ᠤᠨ ᠢᠯᠭᠠᠭ᠎ᠠ ᠨᠢ᠂ ᠳᠠᠯᠠᠢᠣᠢ᠂ ᠮᠥᠰᠥᠲᠥᠯᠭᠡ᠂ ᠬᠦᠮᠦᠨ ᠦ ᠭᠠᠷ ᠢᠶᠠᠷ ᠪᠦᠲᠦᠭᠡᠭᠳᠡᠭᠰᠡᠨ ᠵᠦᠢᠯᠡᠰ ᠵᠡᠷᠭᠡ ᠭᠠᠵᠠᠷ ᠤᠨ ᠭᠠᠳᠠᠷᠭᠤ ᠶᠢᠨ ᠹᠢᠽᠢᠺ ᠢᠯᠭᠠᠨ ᠠᠴᠠ ᠥᠭᠡᠷ᠎ᠡ ᠪᠡᠷ ᠬᠡᠯᠡᠪᠡᠯ ᠳᠤᠯᠠᠭᠠᠨ ᠤ ᠡᠨᠧᠷᠭᠢ ᠶᠢ ᠤᠶᠢᠯᠠᠭᠠᠬᠤ ᠪᠠᠶᠢᠳᠠᠯ (ᠠᠯᠪᠧᠳᠠ), ᠠᠭᠠᠷ ᠤᠨ ᠪᠣᠯᠤᠨ ᠬᠥᠷᠦᠰᠨᠢᠭᠢ ᠴᠢᠭᠢᠭᠰᠢᠯᠲᠡ ᠵᠡᠷᠭᠡ ᠡᠴᠡ ᠬᠠᠮᠢᠶᠠᠷᠤᠨ᠎ᠠ᠃

ᠭᠠᠵᠠᠷ ᠤᠨ ᠭᠠᠳᠠᠷᠭᠤ ᠶᠢᠨ ᠲᠣᠯᠠᠭᠠᠨ ᠤ ᠬᠡᠮᠵᠢᠶ᠎ᠡ ᠤᠨ ᠢᠯᠭᠠᠭ᠎ᠠ ᠨᠢ ᠳᠠᠷᠤᠯᠲᠠ ᠍ ᠤᠨ ᠵᠥᠷᠢᠭᠦᠦ ᠶᠢ ᠪᠤᠢ ᠪᠣᠯᠭᠠᠨ᠎ᠠ᠃ ᠬᠠᠯᠤᠰᠤᠨ ᠭᠠᠵᠠᠷ ᠤᠨ ᠭᠠᠳᠠᠷᠭᠤ ᠠᠭᠠᠷ ᠢ ᠬᠠᠯᠠᠵ᠂ ᠠᠭᠠᠷ ᠤᠨ ᠳᠠᠷᠤᠯᠲᠠ ᠶᠢ ᠪᠠᠭᠠᠰᠬᠠᠨ᠎ᠠ᠃ ᠡᠨᠡᠬᠦ ᠠᠭᠠᠷ ᠤᠨ ᠳᠠᠷᠤᠯᠲᠠ ᠍ ᠤᠨ ᠪᠣᠰᠤᠭ᠎ᠠ ᠴᠢᠭᠯᠡᠯ ᠳ᠋ᠡᠬᠢ ᠥᠭᠡᠷᠡᠴᠢᠯᠡᠯᠲᠡ ᠨᠢ ᠰᠠᠯᠬᠢ ᠡᠭᠦᠰᠬᠦ ᠨᠥᠬᠥᠴᠡᠯ (ᠠᠭᠠᠷ ᠨᠢ ᠶᠡᠬᠡ ᠳᠠᠷᠤᠯᠲᠠ ᠲᠠᠢ ᠭᠠᠵᠠᠷ ᠠᠴᠠ ᠪᠠᠭ᠎ᠠ ᠳᠠᠷᠤᠯᠲᠠ ᠲᠠᠢ ᠭᠠᠵᠠᠷ ᠯᠤᠤ ᠰᠢᠯᠵᠢᠨ᠎ᠡ) ᠪᠣᠯᠤᠨ᠎ᠠ᠃ ᠡᠭᠦᠨ ᠳᠦ ᠳᠡᠯᠡᠬᠡᠢ ᠶᠢᠨ ᠡᠷᠭᠢᠯᠲᠡ ᠪᠠᠰᠠ ᠨᠥᠯᠦᠭᠡᠯᠡᠨ᠎ᠡ (ᠺᠣᠷᠢᠣᠯᠢᠰ ᠧᠹᠹᠧᠺᠲ).

ᠲᠤᠶᠢᠯ ᠪᠣᠯᠤᠨ ᠲᠷᠣᠫᠢᠺᠡᠶᠢᠨ ᠪᠥᠰᠡ ᠶᠢᠨ ᠲᠣᠯᠠᠭᠠᠨ ᠤ ᠬᠡᠮᠵᠢᠶ᠎ᠡ ᠍ ᠤᠨ ᠦᠯᠡᠮᠵᠢ ᠢᠯᠭᠠᠭ᠎ᠠ ᠨᠢ ᠮᠠᠰᠢ ᠬᠦᠴᠢᠲᠡᠢ ᠠᠭᠠᠷ ᠤᠨ ᠤᠷᠤᠰᠬᠠᠯ ᠢ ᠡᠭᠦᠰᠭᠡᠬᠦ ᠪᠠ ᠳᠤᠮᠳᠠ ᠥᠷᠭᠡᠷᠢᠭ ᠦᠨ ᠴᠠᠭ ᠠᠭᠠᠷ ᠡᠨᠡᠬᠦ ᠠᠭᠠᠷ ᠤᠨ ᠤᠷᠤᠰᠬᠠᠯ ᠤᠨ ᠨᠥᠯᠦᠭᠡᠨ ᠳᠦ ᠣᠷᠣᠰᠢᠨ᠎ᠠ᠃ ᠲᠷᠣᠫᠢᠺ ᠤᠨ ᠴᠠᠭ ᠠᠭᠠᠷ ᠨᠢ ᠤᠯᠠᠷᠢᠯ ᠤᠨ ᠰᠠᠯᠬᠢ (ᠪᠣᠷᠣᠭᠠᠨ ᠤ ᠤᠯᠠᠷᠢᠯ - monsoons) ᠪᠠ ᠠᠭᠠᠳᠠᠷ ᠪᠣᠷᠣᠭ᠎ᠠᠨᠣᠣᠰᠣ ᠬᠠᠮᠢᠶᠠᠷᠤᠨ᠎ᠠ (thunderstorm systems).

ᠳᠡᠯᠡᠬᠡᠢ ᠶᠢᠨ ᠡᠷᠭᠢᠯᠲᠡ ᠶᠢᠨ ᠲᠡᠩᠬᠡᠯᠢᠭᠣᠷᠪᠢᠲ ᠤᠨ ᠬᠠᠪᠲᠠᠭᠠᠢᠲᠠᠶᠢᠭ᠎ᠠ ᠪᠠᠨ ᠬᠠᠷᠢᠴᠠᠭᠤᠯᠬᠤ ᠳᠤ ᠲᠣᠳᠣᠷᠬᠠᠢ ᠥᠨᠴᠥᠭ ᠢᠶᠡᠷ ᠬᠠᠵᠠᠶᠢᠭᠰᠠᠨ ᠪᠠᠶᠢᠳᠠᠭ ᠨᠢ ᠵᠢᠯ ᠦᠨ ᠤᠯᠠᠷᠢᠯ ᠡᠭᠦᠰᠬᠦ ᠨᠥᠬᠥᠴᠡᠯ ᠪᠣᠯᠤᠨ᠎ᠠ᠃ ᠤᠴᠢᠷ ᠨᠢ ᠡᠨᠡᠬᠦ ᠬᠠᠵᠠᠶᠢᠯᠲᠠ ᠶᠢᠨ ᠨᠥᠯᠥᠭᠡ ᠪᠡᠷ ᠭᠠᠵᠠᠷ ᠤᠨ ᠭᠠᠳᠠᠷᠭᠤ ᠳᠤ ᠨᠠᠷᠨ ᠤ ᠲᠤᠶᠠᠭᠠᠨ ᠤ ᠲᠤᠰᠤᠬᠤ ᠥᠨᠴᠥᠭ ᠥᠭᠡᠷᠡᠴᠢᠯᠡᠭᠳᠡᠨ᠎ᠡ᠃ 6 ᠍ ᠳᠦᠭᠡᠷ ᠰᠠᠷ᠎ᠠ ᠳᠤ᠂ ᠳᠡᠯᠡᠬᠡᠢ ᠶᠢᠨ ᠪᠥᠮᠪᠥᠷᠴᠡᠭ ᠦᠨ ᠬᠣᠶᠢᠳᠤ ᠬᠠᠭᠠᠰ ᠲᠤ ᠨᠠᠷᠠᠨ ᠤ ᠲᠤᠶᠠᠭ᠎ᠠ ᠬᠠᠷᠢᠴᠠᠩᠭᠤᠢ ᠡᠭᠴᠡ᠂ ᠬᠠᠷᠢᠨ 12 ᠍ ᠳᠦᠭᠡᠷ ᠰᠠᠷ᠎ᠠ ᠳᠤ ᠡᠮᠦᠨᠡᠲᠦ ᠬᠠᠰᠠᠭ ᠲᠤ ᠡᠭᠴᠡ ᠲᠤᠰᠠᠨ᠎ᠠ᠃ ᠳᠡᠯᠡᠬᠡᠢ ᠶᠢᠨ ᠡᠷᠭᠢᠯᠲᠡ ᠶᠢᠨ ᠲᠡᠩᠬᠡᠯᠢᠭ ᠬᠡᠳᠦᠨ ᠵᠠᠭᠤ᠂ ᠮᠢᠩᠭᠠᠨ ᠵᠢᠯ ᠳᠤ ᠠᠭᠠᠵᠢᠮ ᠥᠭᠡᠷᠡᠴᠢᠯᠡᠭᠳᠡᠵᠦ᠂ ᠡᠭᠦᠨ ᠲᠡᠢ ᠬᠣᠯᠪᠣᠭᠠᠲᠠᠢ ᠪᠠᠷ ᠳᠡᠯᠡᠬᠡᠢ ᠳᠤ ᠨᠠᠷᠨ ᠠᠴᠠ ᠢᠷᠡᠬᠦ ᠳᠤᠯᠠᠭᠠᠨ ᠤ ᠡᠨᠧᠷᠭᠢ ᠶᠢᠨ ᠬᠡᠮᠵᠢᠶ᠎ᠡ ᠥᠭᠡᠷᠡᠴᠢᠯᠡᠭᠳᠡᠨ᠂ ᠤᠯᠠᠮ ᠢᠶᠠᠷ ᠠᠭᠤᠷ ᠠᠮᠢᠰᠬᠤᠯ ᠍ ᠤᠨ ᠥᠭᠡᠷᠡᠴᠢᠯᠡᠯᠲᠡ ᠶᠢ ᠪᠤᠢ ᠪᠣᠯᠭᠠᠨ᠎ᠠ (ᠮᠢᠯᠢᠨᠺᠣᠸᠢᠴᠢ ᠶᠢᠨ ᠼᠢᠺᠯ ᠰᠡᠳᠦᠪ ᠢ ᠦᠵᠡᠨ᠎ᠡ ᠦᠦ).

ᠡᠬᠡ ᠭᠠᠵᠠᠷ ᠤᠨ ᠴᠠᠭ ᠠᠭᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠳᠡᠭᠡᠷ᠎ᠡ᠂ ᠴᠠᠭ ᠠᠭᠠᠷ ᠤᠨ ᠲᠦᠭᠡᠮᠡᠯ ᠦᠵᠡᠭᠳᠡᠯ  ᠳᠦ ᠰᠠᠯᠬᠢᠡᠭᠦᠯᠡᠪᠣᠷᠣᠭ᠎ᠠᠴᠠᠰᠤᠰᠢᠷᠤᠶᠢᠨ ᠰᠢᠭᠤᠷᠭ᠎ᠠᠮᠠᠨᠠᠨ ᠵᠡᠷᠭᠡ ᠶᠢ ᠪᠠᠭᠲᠠᠭᠠᠨ᠎ᠠ᠃ ᠮᠥᠨ ᠬᠣᠪᠣᠷᠬᠠᠨ ᠲᠣᠬᠢᠶᠠᠯᠳᠣᠬᠤ ᠬᠠᠷ᠎ᠠ ᠰᠠᠯᠬᠢᠴᠠᠰᠤᠨ ᠰᠢᠭᠤᠷᠭ᠎ᠠ ᠵᠡᠷᠭᠡ ᠶᠢ ᠣᠷᠣᠭᠤᠯᠤᠨ᠎ᠠ᠃ ᠴᠠᠭ ᠠᠭᠠᠷ ᠤᠨ ᠳᠡᠭᠡᠷ᠎ᠡ ᠳᠤᠷᠢᠳᠠᠭᠰᠠᠨ ᠦᠵᠡᠭᠳᠡᠯ  ᠦᠳ ᠲᠷᠣᠫᠣᠰᠹᠧᠷ ᠲᠤ ᠡᠭᠦᠰᠬᠦ ᠪᠠ ᠨᠠᠷᠢᠪᠴᠢᠯᠠᠭᠰᠠᠨ ᠮᠧᠬᠠᠨᠢᠰᠮ ᠨᠢ ᠣᠳᠣ ᠪᠣᠯᠲᠠᠯ᠎ᠠ ᠲᠣᠳᠣᠷᠬᠠᠢ ᠪᠢᠰᠢ ᠪᠠᠶᠢᠭ᠎ᠠ ᠪᠣᠯᠤᠨ᠎ᠠ[1]

ᠳᠡᠯᠡᠬᠡᠢ ᠶᠢᠨ ᠠᠭᠠᠷ ᠮᠠᠨᠳᠠᠯ ᠤᠨ ᠨᠢᠭᠡ ᠬᠡᠰᠡᠭ ᠳ᠋ᠡᠬᠢ ᠪᠠᠭᠠᠬᠠᠨ ᠥᠭᠡᠷᠡᠴᠢᠯᠡᠯᠲᠡ ᠨᠢ ᠨᠡᠶᠢᠲᠡ ᠰᠢᠰᠲ᠋ᠧᠮ ᠳᠦ ᠬᠦᠴᠦᠲᠡᠢ ᠨᠥᠯᠦᠭᠡᠯᠡᠳᠡᠭ ᠲᠤᠯᠠ ᠴᠠᠭ ᠠᠭᠠᠷ ᠤᠨ ᠥᠭᠡᠷᠡᠴᠢᠯᠡᠯᠲᠡ ᠶᠢ ᠣᠯᠠᠨ ᠬᠣᠨᠣᠭ ᠤᠨ ᠡᠮᠦᠨ᠎ᠡ ᠤᠷᠢᠳᠴᠢᠯᠠᠨ᠂ ᠠᠯᠳᠠᠭ᠎ᠠ ᠦᠭᠡᠢ ᠬᠡᠯᠡᠬᠦ ᠨᠢ ᠣᠳᠣ ᠶᠢᠨ ᠲᠦᠪᠰᠢᠨ ᠳᠦ ᠪᠣᠯᠤᠮᠵᠢ ᠦᠭᠡᠢ ᠪᠠᠶᠢᠨ᠎ᠠ᠃

ᠳᠡᠯᠡᠬᠡᠢ ᠶᠢᠨ ᠭᠠᠳᠠᠷᠭᠤ ᠶᠢᠨ ᠬᠡᠯᠪᠡᠷᠢ ᠳᠦ ᠨᠦᠯᠦᠭᠡᠯᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠭ ᠠᠭᠠᠷ ᠨᠢ ᠳᠡᠯᠡᠬᠡᠢ ᠶᠢᠨ ᠭᠠᠳᠠᠷᠭᠤ ᠶᠢᠨ ᠬᠡᠯᠪᠡᠷᠢ ᠶᠢ ᠥᠭᠡᠷᠡᠴᠢᠯᠡᠳᠡᠭ (ᠥᠭᠢᠷᠡᠰᠢᠯ ᠢ ᠪᠤᠢ ᠪᠣᠯᠭᠠᠳᠠᠭ) ᠨᠢᠭᠡ ᠦᠨᠳᠦᠰᠦᠨ ᠬᠦᠴᠦᠨ ᠵᠦᠢᠯ ᠶᠤᠮ᠃ ᠥᠭᠢᠷᠡᠰᠢᠯ ᠦᠨ ᠶᠠᠪᠤᠴᠠ ᠨᠢ ᠬᠠᠳᠠ ᠴᠢᠯᠠᠭᠤ ᠶᠢ ᠡᠪᠳᠡᠨ᠂ ᠵᠢᠵᠢᠭ ᠬᠡᠰᠡᠭ ᠪᠣᠯᠭᠠᠨ᠎ᠠ᠃ ᠥᠭᠢᠷᠡᠰᠢᠯ ᠡᠭᠦᠰᠬᠦ ᠦᠨᠳᠦᠰᠦᠨ ᠬᠦᠴᠦᠨ ᠵᠦᠢᠯ ᠨᠢ ᠲᠣᠯᠠᠭᠠᠨ ᠤ ᠬᠡᠮᠵᠢᠶ᠎ᠡ ᠍ ᠤᠨ ᠥᠭᠡᠷᠡᠴᠢᠯᠡᠯᠲᠡ᠂ ᠳᠤᠯᠠᠭᠠᠨ ᠳᠠᠮᠵᠢᠭᠤᠯᠤᠯᠲᠠ ᠶᠤᠮ᠃ ᠥᠭᠢᠷᠡᠰᠢᠯ ᠨᠢ ᠭᠠᠵᠠᠷ ᠤᠨ ᠭᠠᠳᠠᠷᠭᠤ ᠶᠢᠨ ᠡᠯᠡᠭᠳᠡᠯ ᠳᠦ ᠭᠣᠣᠯ ᠡᠭᠦᠷᠭᠡ ᠭᠦᠢᠴᠡᠳᠭᠡᠨ᠎ᠡ᠃

ᠴᠠᠭ ᠠᠭᠠᠷ ᠤᠨ ᠤᠷᠢᠳᠴᠢᠯᠠᠭᠰᠠᠨ ᠮᠡᠳᠡᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠭ ᠠᠭᠠᠷ ᠤᠨ ᠬᠣᠶᠠᠷ ᠡᠳᠦᠷ ᠦᠨ ᠤᠷᠢᠳᠴᠢᠯᠠᠭᠰᠠᠨ ᠮᠡᠳᠡᠭᠡ᠃ ᠠᠮᠧᠷᠢᠺᠠ ᠶᠢᠨ ᠨᠢᠭᠡᠳᠦᠭᠰᠡᠨ ᠤᠯᠤᠰ᠂ ᠡᠳᠦᠷ ᠲᠤᠲᠤᠮ ᠤᠨ ᠬᠡᠪᠯᠡᠯ - ᠰᠣᠨᠢᠨ ᠠᠴᠠ

ᠴᠠᠭ ᠠᠭᠠᠷ ᠤᠨ ᠤᠷᠢᠳᠴᠢᠯᠠᠭᠰᠠᠨ ᠮᠡᠳᠡᠭᠡ ᠨᠢ ᠢᠷᠡᠭᠡᠳᠦᠢ ᠶᠢᠨ ᠴᠠᠭ ᠠᠭᠠᠷ ᠤᠨ ᠪᠠᠶᠢᠳᠠᠯ ᠢ ᠤᠷᠢᠳᠴᠢᠯᠠᠨ ᠲᠠᠭᠠᠮᠠᠭᠯᠠᠬᠤ ᠵᠣᠷᠢᠯᠭ᠎ᠠ ᠲᠠᠢ ᠰᠢᠨᠵᠢᠯᠡᠬᠦ ᠤᠬᠠᠭᠠᠨ ᠲᠧᠭᠨᠣᠯᠣᠭᠢ ᠶᠢᠨ ᠠᠷᠭᠠᠴᠢᠯᠠᠯ ᠶᠤᠮ᠃

ᠴᠠᠭ ᠠᠭᠤᠷ ᠢ ᠥᠭᠡᠷᠡᠴᠢᠯᠡᠬᠦ᠂ ᠴᠠᠭ ᠠᠭᠤᠷ ᠤᠨ ᠥᠭᠡᠷᠡᠴᠢᠯᠡᠯᠲᠡ ᠳ᠋ᠡᠬᠢ ᠬᠦᠮᠦᠨ ᠦ ᠨᠥᠯᠥᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡ ᠴᠠᠭ ᠠᠴᠠ ᠬᠦᠮᠦᠨ ᠲᠥᠷᠥᠯᠬᠢᠲᠡᠨ ᠦ ᠭᠣᠣᠯ ᠮᠥᠷᠥᠭᠡᠳᠦᠯ ᠦᠳ ᠦᠨ ᠨᠢᠭᠡ ᠨᠢ ᠴᠠᠭ ᠠᠭᠠᠷ ᠤᠨ ᠥᠭᠡᠷᠡᠴᠢᠯᠡᠯᠲᠡ ᠶᠢ ᠬᠢᠨᠠᠬᠤ᠂ ᠵᠣᠬᠢᠴᠠᠭᠤᠯᠬᠤ ᠶᠠᠪᠤᠳᠠᠯ ᠪᠠᠶᠢᠭᠰᠠᠨ ᠪᠢᠯᠡ᠃ ᠣᠷᠴᠢᠨ ᠦᠶ᠎ᠡ ᠳᠦ ᠴᠡᠷᠢᠭ ᠳᠠᠶᠢᠨ ᠤ[2] ᠵᠣᠷᠢᠭᠤᠯᠤᠯᠲᠠ ᠠᠴᠠ ᠡᠬᠢᠯᠡᠭᠡᠳ ᠬᠥᠳᠡᠭᠡ ᠠᠵᠤ ᠠᠬᠤᠢ ᠶᠢᠨ ᠵᠣᠷᠢᠭᠤᠯᠤᠯᠲᠠ ᠪᠠᠷ ᠴᠠᠭ ᠠᠭᠠᠷ ᠢ ᠥᠭᠡᠷᠡᠴᠢᠯᠡᠬᠦ ᠶᠢ ᠣᠷᠣᠯᠳᠤᠭᠰᠠᠭᠠᠷ ᠪᠠᠶᠢᠨ᠎ᠠ᠃

ᠴᠠᠭ ᠠᠭᠠᠷ ᠤᠨ ᠡᠷᠡᠰ ᠲᠡᠰᠦ ᠨᠥᠬᠥᠴᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠳᠡᠭᠡᠷ᠎ᠡ ᠠᠭᠠᠷ ᠤᠨ ᠲᠣᠯᠠᠭᠠᠨ ᠤ ᠬᠡᠮᠵᠢᠶ᠎ᠡ ±40 °C ᠬᠡᠯᠪᠡᠯᠵᠡᠯᠲᠡᠢ ᠪᠠᠶᠢᠳᠠᠭ᠃ ᠳᠡᠯᠡᠬᠡᠢ ᠶᠢᠨ ᠬᠠᠮᠤᠭ ᠤᠨ ᠬᠦᠢᠲᠡᠨ ᠪᠤᠶᠤ -89.2 °C ᠍ ᠢ᠂ 1982 ᠣᠨ ᠤ 6 ᠰᠠᠷ᠎ᠠ ᠶᠢᠨ 21 ᠍ ᠳᠦ ᠠᠨᠲ᠋ᠠᠷᠺᠲ᠋ᠢᠳ᠋ ᠳᠠᠬᠢ ᠸᠣᠰᠲ᠋ᠣᠺ ᠰᠲ᠋ᠠᠨᠼ ᠲᠡᠮᠳᠡᠭᠯᠡᠭᠰᠡᠨ ᠪᠠᠶᠢᠳᠠᠭ᠃ ᠬᠠᠷᠢᠨ 1922 ᠣᠨ ᠤ 9 ᠰᠠᠷ᠎ᠠ ᠶᠢᠨ 13 ᠍ ᠳᠦ ᠯᠢᠪᠢᠶ ᠠ ᠳᠤ ᠬᠠᠮᠤᠭ ᠤᠨ ᠬᠠᠯᠠᠭᠤᠨ ᠪᠤᠶᠤ 57.7 °C ᠪᠣᠯᠤᠭᠰᠠᠨ ᠪᠠᠶᠢᠨ᠎ᠠ᠃


ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]


ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠴᠠᠭ_ᠠᠭᠠᠷ&oldid=373091》 ᠍  ᠡᠴᠡ ᠠᠪᠤᠭᠰᠠᠨ

ᠪᠢᠴᠢᠭᠡᠰᠦ