ᠴᠠᠭᠠᠳᠠᠢ ᠶᠢᠨ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠠᠯᠪᠠᠨ ᠬᠡᠯᠡ ᠮᠣᠩᠭᠣᠯ ᠬᠡᠯᠡ
ᠠᠷᠠᠳ ᠲᠦᠮᠡᠨ  ᠮᠣᠩᠭᠣᠯ
1225-14 ᠍ ᠳᠦᠭᠡᠷ ᠵᠠᠭᠤᠨ ᠤ ᠳᠤᠮᠳᠠ ᠦᠶ᠎ᠡ
 -  ᠴᠠᠭᠠᠳᠠᠢ ᠶᠢᠨ ᠤᠯᠤᠰ ᠪᠠᠶᠢᠭᠤᠯᠤᠭᠳᠠᠪᠠ 1225 
 -  ᠴᠠᠭᠠᠳᠠᠢ ᠶᠢᠨ ᠤᠯᠤᠰ ᠪᠠᠷᠠᠭᠤᠨ᠂ ᠵᠡᠭᠦᠨ ᠬᠡᠰᠡᠭ ᠲᠦ ᠬᠤᠪᠢᠶᠠᠭᠳᠠᠨ ᠤᠨᠠᠪᠠ 14 ᠍ ᠳᠦᠭᠡᠷ ᠵᠠᠭᠤᠨ ᠤ ᠳᠤᠮᠳᠠ ᠦᠶ᠎ᠡ 

ᠴᠠᠭᠠᠳᠠᠢ ᠶᠢᠨ ᠤᠯᠤᠰ ᠶᠡᠬᠡ ᠮᠣᠩᠭᠣᠯ ᠤᠯᠤᠰ ᠍ ᠤᠨ ᠵᠠᠯᠭᠠᠮᠵᠢᠯᠠᠭᠰᠠᠨ ᠳᠥᠷᠪᠡᠨ ᠮᠣᠩᠭᠣᠯ ᠬᠠᠨᠲᠠ ᠤᠯᠤᠰ ᠤᠨ ᠨᠢᠭᠡᠨ ᠪᠠᠶᠢᠪᠠ᠃ ᠴᠢᠩᠭᠢᠰ ᠬᠠᠭᠠᠨᠢ ᠴᠡᠷᠢᠭ 1219-1225 ᠣᠨ ᠤ ᠬᠣᠭᠣᠷᠣᠨᠳᠣ ᠳᠤᠮᠳᠠᠳᠤ ᠠᠽᠢᠶ᠎ᠠ ᠳᠤ ᠲᠥᠪᠯᠡᠨ ᠪᠠᠶᠢᠭᠰᠠᠨ ᠰᠠᠷᠲᠠᠭᠤᠯ ᠤᠯᠤᠰ ᠍ ᠢ ᠪᠠᠶᠢᠯᠳᠤᠨ ᠳᠠᠭᠠᠭᠤᠯᠵᠤ ᠮᠥᠬᠥᠭᠡᠵᠦ ᠭᠠᠵᠠᠷ ᠨᠤᠲᠤᠭ ᠬᠦᠮᠦᠨ ᠠᠷᠠᠳ ᠢ ᠨᠢ ᠬᠠᠷᠢᠶᠠᠨ ᠳᠤ ᠪᠠᠨ ᠣᠷᠣᠭᠤᠯᠤᠭᠰᠠᠨ᠃ ᠴᠢᠩᠭᠢᠰ ᠬᠠᠭᠠᠨ ᠠᠮᠢᠳᠤ ᠠᠬᠤᠢ ᠳᠤ ᠪᠠᠨ ᠳᠥᠷᠪᠡᠨ ᠶᠡᠬᠡ ᠬᠦᠦ ᠳᠦ ᠪᠡᠨ ᠤᠯᠤᠰ ᠢᠶᠠᠨ ᠬᠤᠪᠢᠶᠠᠨ ᠥᠪᠯᠡᠭᠦᠯᠬᠦ ᠪᠡᠷ ᠵᠢᠭᠠᠭᠰᠠᠨ ᠪᠠᠶᠢᠳᠠᠭ᠃ ᠴᠠᠭᠠᠳᠠᠢ ᠳᠤ ᠥᠪᠯᠡᠭᠦᠯᠦᠭᠰᠡᠨ ᠤᠯᠤᠰ ᠲᠤ ᠥᠨᠥ ᠶᠢᠨ ᠬᠠᠰᠠᠭᠰᠲ᠋ᠠᠨᠦᠽᠪᠧᠺᠢᠰᠲᠠᠨᠢ ᠳᠣᠷᠣᠨ᠎ᠠ ᠪᠡᠶ᠎ᠡ᠂ ᠺ ᠤᠭ ᠤᠵᠰᠲ᠋ᠠᠨᠲᠠᠵᠢᠺᠢᠰᠲᠠᠨ ᠪᠦᠬᠦᠯᠢ ᠳᠦ ᠪᠡᠨ᠂ ᠰᠢᠨᠢᠵᠶᠠᠨ ᠤ ᠥᠷᠥᠨ᠎ᠡ ᠪᠡᠶ᠎ᠡ ᠪᠠᠭᠳᠠᠵᠣ ᠪᠠᠶᠢᠴᠠᠢ᠃ ᠮᠥᠩᠬᠡ ᠬᠠᠭᠠᠨ ᠍ ᠢ ᠨᠠᠰᠤ ᠪᠠᠷᠠᠭᠰᠠᠨ ᠤ ᠳᠠᠷᠠᠭ᠎ᠠ ᠶᠡᠬᠡ ᠮᠣᠩᠭᠣᠯ ᠤᠯᠤᠰ ᠵᠦᠴᠢ ᠶᠢᠨ᠂ ᠴᠠᠭᠠᠳᠠᠢ ᠶᠢᠨ᠂ ᠬᠦᠯᠢᠭ ᠦᠨᠶᠡᠬᠡ ᠬᠠᠭᠠᠨ ᠤ ᠳᠥᠷᠪᠡᠨ ᠲᠤᠰᠠᠭᠠᠷ ᠤᠯᠤᠰ ᠲᠤ ᠬᠤᠪᠢᠶᠠᠭᠳᠠᠵᠠᠢ᠃ 1326 ᠣᠨ ᠳᠤ ᠢᠰᠯᠠᠮ ᠱᠠᠰᠢᠨ ᠴᠠᠭᠠᠳᠠᠢ ᠶᠢᠨ ᠤᠯᠤᠰ ᠤᠨ ᠦᠨᠳᠦᠰᠦᠨ ᠱᠠᠰᠢᠨ ᠪᠣᠯᠵᠠᠢ᠃ 1370 ᠣᠨ ᠤ ᠣᠷᠴᠢᠮ ᠤᠯᠤᠰ ᠮᠣᠭᠤᠯᠢᠰᠲᠠᠨᠮᠠᠤᠧᠷᠠᠨᠠᠬᠢᠷ ᠍ ᠤᠨ ᠬᠣᠶᠠᠷ ᠬᠡᠰᠡᠭ ᠪᠣᠯᠤᠨ ᠬᠤᠪᠢᠶᠠᠭᠳᠠᠭᠰᠠᠨ᠃ ᠭᠡᠪᠡᠴᠦ 17 ᠍ ᠳᠦᠭᠡᠷ ᠵᠠᠭᠤᠨ ᠬᠦᠷᠲᠡᠯ᠎ᠡ ᠴᠠᠭᠠᠳᠠᠢ ᠶᠢᠨ ᠤᠳᠤᠮ ᠤᠨ ᠤᠯᠤᠰ ᠬᠠᠨᠲᠠ ᠤᠯᠤᠰ ᠣᠷᠣᠰᠢᠨ ᠲᠣᠭᠲᠠᠨᠢᠭᠰᠠᠭᠠᠷ ᠪᠠᠶᠢᠭᠰᠠᠨ ᠪᠢᠯᠡ᠃

ᠴᠢᠩᠭᠢᠰ ᠬᠠᠭᠠᠨ ᠠᠮᠢᠳᠤ ᠰᠡᠷᠢᠭᠦᠨ ᠳᠦ ᠪᠡᠨ ᠳᠥᠷᠪᠡᠨ ᠬᠥᠪᠡᠭᠦᠳ ᠳᠤ ᠪᠡᠨ ᠭᠠᠵᠠᠷ ᠨᠤᠲᠤᠭ ᠬᠤᠪᠢᠶᠠᠵᠤ ᠥᠭᠭᠦᠭᠰᠡᠨ ᠭᠡᠳᠡᠭ᠃ ᠴᠠᠭᠠᠳᠠᠢ ᠳᠤ ᠴᠤᠬᠤᠮ ᠶᠠᠮᠠᠷ ᠭᠠᠵᠠᠷ ᠨᠤᠲᠤᠭ ᠥᠭᠭᠦᠭᠰᠡᠨ ᠲᠠᠯ᠎ᠠ ᠪᠠᠷ ᠰᠤᠳᠤᠯᠤᠭᠠᠴᠢᠳ ᠤᠨ ᠰᠠᠨᠠᠯ ᠶᠡᠬᠡ ᠵᠥᠷᠢᠶᠡᠲᠡᠢ ᠪᠠᠶᠢᠨ᠎ᠠ᠃ ᠴᠠᠭᠠᠳᠠᠢ ᠶᠢᠨ ᠡᠵᠡᠮᠰᠢᠯ ᠭᠠᠵᠠᠷ ᠬᠢᠭᠡᠳ ᠣᠷᠳᠣ ᠥᠷᠭᠥᠭᠡ ᠶᠢᠨ ᠲᠠᠯ᠎ᠠ ᠪᠠᠷ ᠬᠠᠮᠤᠭ ᠤᠨ ᠠᠩᠬᠠᠨ ᠤ ᠮᠡᠳᠡᠭᠡ ᠪᠣᠯ ᠴᠢᠨ ᠴᠤᠨᠢ ᠪᠣᠮᠪᠣ ᠶᠢᠨ ᠲᠡᠮᠳᠡᠭᠯᠡᠯ ᠶᠤᠮ᠃ ᠲᠡᠷᠡᠪᠡᠷ 1221 ᠣᠨ ᠳᠤ ᠴᠢᠩᠭᠢᠰ ᠬᠠᠭᠠᠨ ᠲᠠᠢ ᠠᠭᠤᠯᠵᠠᠬᠤ ᠪᠠᠷ ᠳᠤᠮᠳᠠᠳᠤ ᠠᠽᠢᠶ᠎ᠠ ᠷᠤ ᠣᠳᠬᠤ ᠳᠤ ᠪᠠᠨ ᠪᠣᠯᠤᠨ 1223 ᠣᠨ ᠳᠤ ᠲᠡᠭᠦᠨ ᠲᠡᠢ ᠠᠭᠤᠯᠵᠠᠭᠠᠳ ᠪᠤᠴᠠᠬᠤ ᠳᠤ ᠪᠠᠨ ᠴᠠᠭᠠᠳᠠᠢ ᠶᠢᠨ ᠥᠷᠭᠥᠭᠡ ᠪᠡᠷ ᠳᠠᠭᠠᠷᠢᠨ ᠥᠩᠭᠡᠷᠡᠭᠰᠡᠨ ᠲᠤᠬᠠᠢ ᠲᠡᠮᠳᠡᠭᠯᠡᠭᠰᠡᠨ ᠪᠠᠶᠢᠨ᠎ᠠ᠃ ᠡᠨᠡ ᠦᠶ᠎ᠡ ᠳᠦ ᠴᠠᠭᠠᠳᠠᠢ ᠶᠢᠨ ᠥᠷᠭᠥᠭᠡ ᠢᠯᠢ ᠭᠣᠣᠯ ᠠᠴᠠ ᠤᠷᠤᠭᠰᠢ ᠪᠠᠶᠢᠷᠢᠯᠠᠵᠤ ᠪᠠᠶᠢᠪᠠ᠃ [ᠪᠠᠷᠲ᠋ᠣᠯᠢ ᠳᠤ 1963 a:460]. ᠭ᠃ᠸ᠃ᠸᠧᠷᠨᠠᠳᠤᠰᠺ ᠤᠨ ᠦᠵᠡᠵᠦ ᠪᠤᠢ ᠪᠠᠷ ᠴᠢᠩᠭᠢᠰ ᠬᠠᠭᠠᠨ ᠴᠠᠭᠠᠳᠠᠢ ᠳᠤ 《ᠢᠯᠢ ᠭᠣᠣᠯ ᠤᠨ ᠰᠠᠪᠠ ᠪᠠᠷ ᠲᠥᠪᠯᠡᠷᠡᠭᠰᠡᠨ ᠬᠠᠭᠤᠴᠢᠨ ᠬᠠᠷ᠎ᠠ ᠬᠢᠳᠠᠨ ᠤ ᠭᠠᠵᠠᠷ ᠨᠤᠲᠤᠭ ᠢ》 ᠬᠤᠪᠢ ᠪᠣᠯᠭᠠᠨ ᠣᠯᠭᠤᠵᠠᠢ᠃ [ᠸᠧᠷᠨᠠᠳᠤᠰᠺ ᠦ 2001:52]. ᠴᠠᠭᠠᠳᠠᠢ 《ᠡᠴᠢᠭᠡ ᠶᠢ ᠪᠡᠨ ᠨᠠᠰᠤ ᠪᠠᠷᠠᠭᠰᠠᠨ ᠤ ᠳᠠᠷᠠᠭ᠎ᠠ ᠡᠵᠡᠩᠨᠡᠯ ᠨᠤᠲᠤᠭ ᠲᠤ ᠪᠠᠨ ᠪᠠᠶᠢᠬᠤ ᠪᠣᠯᠵᠤ ᠲᠡᠭᠦᠨ ᠳᠦ ᠨᠢ ᠤᠶᠢᠭᠤᠷ ᠤᠨ ᠨᠤᠲᠤᠭ᠂ ᠬᠠᠷᠠ ᠬᠢᠳᠠᠨ ᠤ ᠬᠠᠭᠤᠴᠢᠨ ᠡᠵᠡᠮᠰᠢᠯ᠂ ᠮᠠᠤᠧᠷᠠᠨᠠᠬᠢᠷ ᠪᠠᠭᠳᠠᠵᠣ ᠪᠠᠶᠢᠯ᠎ᠠ》 ᠬᠡᠮᠡᠨ ᠵ᠃ᠵ᠃ᠰᠦᠨᠳᠧᠷᠰ ᠦᠭᠦᠯᠡᠵᠡᠢ᠃ [ᠰᠦᠨᠳᠧᠷᠰ 1992: 82]. ᠸ᠃ᠸ᠃ᠪᠠᠷᠲ᠋ᠣᠯᠢ ᠳᠤ ᠪᠢᠴᠢᠬᠦ ᠳᠦ ᠪᠡᠨ: 《ᠴᠢᠩᠭᠢᠰ ᠬᠠᠭᠠᠨ ᠤ ᠨᠥᠭᠥᠭᠡ ᠬᠣᠶᠠᠷ ᠬᠦᠦ ᠪᠣᠯᠬᠤ ᠴᠠᠭᠠᠳᠠᠢ᠂ ᠥᠭᠡᠳᠡᠢ ᠨᠠᠷᠠᠲᠤ ᠴᠤᠬᠤᠮ ᠬᠡᠵᠢᠶ᠎ᠡ ᠬᠤᠪᠢ ᠣᠯᠭᠤᠭᠰᠠᠨ ᠲᠤᠬᠠᠢ ᠪᠢᠳᠡᠨ ᠳᠦ ᠮᠡᠳᠡᠭᠡ ᠬᠠᠷᠠᠬᠠᠨ ᠠᠯᠠᠭ᠎ᠠ᠃ ᠲᠡᠳᠡᠨ ᠦ ᠬᠤᠪᠢ ᠭᠠᠵᠠᠷ ᠤᠨ ᠲᠤᠬᠠᠢ ᠬᠠᠮᠤᠭ ᠤᠨ ᠡᠷᠲᠡᠨ ᠦ ᠮᠡᠳᠡᠭᠡ ᠰᠡᠯᠲᠡ ᠶᠢ ᠪᠢᠳᠡ ᠡᠨᠡ ᠨᠤᠲᠤᠭ ᠢᠶᠠᠷ 1221 ᠣᠨ ᠳᠤ ᠣᠴᠢᠬᠤ ᠳᠤ ᠪᠠᠨ᠂1223 ᠣᠨ ᠳᠤ ᠪᠤᠴᠠᠬᠤ ᠳᠤ ᠪᠠᠨ ᠳᠠᠭᠠᠷᠢᠨ ᠥᠩᠭᠡᠷᠡᠭᠰᠡᠨ ᠴᠢᠨ ᠴᠢᠨ ᠦ ᠲᠡᠮᠳᠡᠭᠯᠡᠯ ᠡᠴᠡ ᠣᠯᠵᠤ ᠦᠵᠡᠵᠦ ᠪᠣᠯᠤᠨ᠎ᠠ᠃ ᠴᠠᠭᠠᠳᠠᠢ ᠶᠢᠨ ᠣᠷᠳᠣ ᠡᠨᠡ ᠦᠶ᠎ᠡ ᠳᠦ ᠢᠯᠢ ᠶᠢᠨ ᠤᠷᠳᠤ ᠪᠡᠶ᠎ᠡ ᠳᠦ ᠪᠠᠶᠢᠷᠢᠯᠠᠵᠤ ᠪᠠᠶᠢᠪᠠ》 ᠭᠡᠵᠡᠢ᠃ [ᠪᠠᠷᠲ᠋ᠣᠯᠢ ᠳᠤ 1963 a:460].ᠰᠤᠷᠪᠤᠯᠵᠢ ᠶᠢᠨ ᠮᠡᠳᠡᠭᠡ ᠮᠥᠰᠬᠢᠪᠡᠰᠦ ᠯᠤ᠋. 《ᠠᠯᠲᠠᠨ ᠲᠣᠪᠴᠢ》 ᠍ ᠳᠦ: 《ᠴᠠᠭᠠᠳᠠᠢ ᠶᠢ ᠰᠠᠷᠲᠠᠭᠴᠢᠨ ᠤ ᠭᠠᠵᠠᠷ ᠲᠤ ᠰᠠᠯᠭᠠᠪᠠ》 ᠭᠡᠵᠡᠢ᠃ [ᠠᠯᠲᠠᠨ ᠲᠣᠪᠴᠢ 1990: 137]. ᠮᠥᠨ ᠲᠡᠨᠳᠡ 《ᠴᠠᠭᠠᠳᠠᠢ ᠡᠵᠡᠨ ᠦ ᠦᠷ᠎ᠡ (ᠬᠥᠪᠡᠭᠦᠳ) ᠵᠡᠭᠦᠨ ᠵᠠᠬ᠎ᠠ ᠨᠢ ᠬᠡᠮᠢᠯ (ᠬᠠᠮᠢᠯ) ᠪᠤᠢ᠃ ᠪᠠᠷᠠᠭᠤᠨ ᠵᠠᠬ᠎ᠠ ᠨᠢ ᠪᠤᠷᠭᠠᠷᠢ (ᠪᠣᠯᠭᠠᠷᠢᠶ᠎ᠠ), ᠰᠡᠮᠢᠰᠬᠢᠨ ᠰᠠᠮᠤᠷᠬᠠᠨ (ᠰᠠᠮᠠᠷᠺᠠᠨᠳ), ᠡᠳ᠋ ᠠᠭᠰᠤ (ᠬᠦᠷᠲᠡᠯ᠎ᠡ) ᠵᠠᠬᠠᠴᠢᠯᠠᠨ ᠲᠦᠮᠡᠨ ᠬᠣᠲᠠ ᠮᠡᠳᠡᠨ ᠡᠵᠡᠯᠡᠪᠡ》 ᠭᠡᠵᠡᠢ᠃ [ᠠᠯᠲᠠᠨ ᠲᠣᠪᠴᠢ 1990: 147]. ᠳᠡᠭᠡᠷᠡᠬᠢ ᠮᠡᠳᠡᠭᠡ ᠶᠢ ᠲᠤᠯᠭᠠᠭᠤᠷᠢᠯᠠᠨ ᠦᠵᠡᠪᠡᠰᠦ ᠴᠢᠩᠭᠢᠰ ᠬᠠᠭᠠᠨ ᠴᠠᠭᠠᠳᠠᠢ ᠳᠤ ᠬᠤᠪᠢ ᠪᠣᠯᠭᠠᠵᠤ ᠢᠯᠢ ᠭᠣᠣᠯ ᠤᠨ ᠰᠠᠪᠠ᠂ ᠳᠣᠯᠣᠭᠠᠨ ᠭᠣᠣᠯ᠂ ᠺᠠᠰᠢᠭᠠᠷ ᠤᠨ ᠨᠤᠲᠤᠭ ᠳᠡᠪᠢᠭᠡᠷ ᠪᠤᠶᠤ ᠬᠠᠭᠤᠴᠢᠨ ᠬᠠᠷ᠎ᠠ ᠬᠢᠳᠠᠨ ᠤ ᠨᠤᠲᠤᠭ ᠳᠡᠪᠢᠰᠬᠡᠷ ᠢ ᠲᠠᠰᠤᠯᠤᠨ ᠥᠭᠴᠡᠢ᠃

ᠬᠠᠷ᠎ᠠ ᠬᠢᠳᠠᠨᠴᠤᠤᠳ 936 ᠣᠨ ᠠᠴᠠ 1122 ᠣᠨ ᠬᠦᠷᠲᠡᠯ᠎ᠡ ᠪᠡᠭᠡᠵᠢᠩ ᠢ ᠵᠠᠬᠢᠷᠴᠢ ᠪᠠᠶᠢᠭᠠᠳ 1128 ᠣᠨ ᠳᠤ ᠵᠦᠷᠴᠢᠳ ᠦᠨ 《ᠠᠯᠲᠠᠨ ᠬᠠᠭᠠᠨ ᠳᠤ》 ᠬᠥᠭᠡᠭᠡᠭᠳᠡᠨ ᠪᠡᠭᠡᠵᠢᠩ ᠡᠴᠡ ᠵᠢᠭᠤᠳᠠᠨ ᠭᠠᠷᠴᠤ ᠲᠩᠷᠢ ᠠᠭᠤᠯᠠ ᠶᠢᠨ ᠪᠠᠷᠠᠭᠤᠨ ᠳᠤ ᠪᠠᠨ ᠣᠴᠢᠭᠰᠠᠨ ᠪᠠᠶᠢᠨ᠎ᠠ᠃ ᠬᠡᠳᠦᠢ ᠪᠡᠷ ᠲᠡᠳᠡ ᠬᠢᠲᠠᠳ ᠤᠨ ᠰᠤᠶᠤᠯ ᠢᠷᠭᠡᠨᠰᠢᠯ ᠢ ᠥᠪᠯᠡᠵᠦ ᠠᠪᠤᠭᠰᠠᠨ ᠴᠤ ᠰᠢᠨ᠎ᠡ ᠨᠤᠲᠤᠭ ᠤᠨ ᠲᠦᠷᠦᠭ ᠦᠳ ᠲᠡᠳᠡᠨ ᠲᠡᠢ ᠬᠣᠷᠰᠢᠨ ᠠᠮᠢᠳᠤᠷᠠᠬᠤ ᠪᠣᠯᠪᠠ᠃ ᠲᠡᠭᠡᠬᠦ ᠳᠦ ᠪᠡᠨ ᠲᠡᠳᠡᠨ ᠦ ᠨᠢᠭᠡ ᠬᠡᠰᠡᠭ᠂ ᠲᠤᠬᠠᠶᠢᠯᠠᠪᠠᠯ ᠳᠣᠯᠣᠭᠠᠨ ᠭᠣᠣᠯ ᠬᠠᠪᠢ ᠶᠢᠨ ᠬᠢ ᠨᠢ ᠪᠥᠭᠡ ᠮᠥᠷᠭᠦᠯᠲᠡᠨ᠂ ᠵᠠᠷᠢᠮ ᠨᠢ ᠨᠧᠰᠲ᠋ᠣᠷᠢᠨ᠂ ᠯᠠᠯᠤ ᠶᠢᠨ ᠱᠠᠰᠢᠨᠲᠠᠨ᠂ ᠬᠠᠷᠢᠨ ᠺᠠᠰᠭᠢᠷ᠂ ᠢᠷᠺᠧᠨᠳ᠂ ᠬᠣᠲᠠᠨ ᠤ ᠣᠷᠣᠰᠢᠨ ᠰᠠᠭᠤᠭᠴᠢᠳ ᠲᠣᠯᠣᠭᠠᠢ ᠳᠠᠷᠠᠭᠠᠯᠠᠨ ᠮᠦᠰᠦ᠋ᠯᠮᠠᠨᠴᠤᠳ ᠪᠠᠶᠢᠭᠰᠠᠨ ᠠᠵᠢ᠃ 1229 ᠣᠨ ᠳᠤ ᠡᠴᠢᠭᠡ ᠶᠢᠨ ᠢᠶᠡᠨ ᠶᠡᠬᠡ ᠣᠷᠣ ᠳᠤ ᠰᠠᠭᠤᠭᠰᠠᠨ ᠥᠭᠡᠲᠡᠢ ᠬᠠᠭᠠᠨ ᠵᠢᠷᠦᠴᠢᠳ ᠦᠨ ᠠᠯᠲᠠᠨ ᠤᠯᠤᠰ ᠷᠤ ᠳᠠᠶᠢᠨ ᠬᠢᠵᠦ ᠡᠵᠡᠯᠡᠭᠡᠳ 1236 ᠣᠨ ᠳᠤ 《 ᠬᠢᠲᠠᠳ ᠤᠨ ᠨᠤᠲᠤᠭ ᠢ ᠨᠣᠶᠠᠳ ᠪᠣᠯᠤᠨ ᠬᠠᠭᠠᠨ ᠤ ᠠᠬ᠎ᠠ ᠳᠡᠭᠦᠦ ᠨᠠᠷᠠᠲᠤ ᠪᠠᠨ ᠬᠤᠪᠢᠶᠠᠨ ᠡᠵᠡᠮᠰᠢᠭᠦᠯᠪᠡ᠃ …ᠴᠠᠭᠠᠳᠠᠢ ᠳᠤ ᠲᠤᠬᠠᠢ ᠶᠤᠸᠠᠨ ᠹᠦ᠂ ᠭᠦᠶ ᠳᠦ ᠳᠠ ᠮᠢᠨᠢ ᠹᠦ᠂ … ᠴᠠᠭᠠᠳᠠᠢ ᠳᠤ ᠳᠠᠨᠢᠴᠽᠢᠨᠢ… ᠥᠭᠴᠡᠢ᠃ ᠬᠠᠭᠠᠨ ᠭᠠᠵᠠᠷ ᠰᠠᠶᠢᠭᠦᠢ ᠳᠠᠷᠤᠭ᠎ᠠ ᠨᠠᠷ ᠢ ᠲᠣᠳᠣᠷᠠᠭᠤᠯᠵᠤ᠂ ᠲᠤᠬᠠᠢ ᠶᠢᠨ ᠨᠤᠲᠤᠭ ᠲᠤ ᠣᠷᠣᠯᠭ᠎ᠠ ᠴᠤᠭᠯᠠᠭᠤᠯᠬᠤ ᠲᠦᠰᠢᠮᠡᠳ ᠢ ᠲᠠᠯᠪᠢᠵᠠᠢ᠃ ᠲᠡᠨᠳᠡ ᠬᠠᠭᠠᠳ ᠤᠨ ᠵᠠᠷᠯᠢᠭ ᠦᠭᠡᠢ ᠪᠡᠷ ᠬᠡᠨ ᠴᠤ ᠭᠠᠵᠠᠷ ᠤᠨ ᠲᠦᠷᠢᠶᠡᠰᠦ ᠠᠪᠬᠤ᠂ ᠴᠡᠷᠢᠭ ᠲᠠᠲᠠᠬᠤ ᠶᠢ ᠵᠢᠷᠦᠬᠡᠯᠡᠳᠡᠭ ᠦᠭᠡᠢ ᠪᠠᠶᠢᠯ᠎ᠠ》 ᠬᠡᠮᠡᠨ ᠨ᠃ᠶᠠ᠃ᠪᠢᠴᠤᠷᠢᠨ ᠪᠢᠴᠢᠵᠡᠢ᠃ [ᠪᠢᠴᠤᠷᠢᠨ 1829:126]. ᠴᠠᠭᠠᠳᠠᠢ ᠡᠵᠡᠮᠰᠢᠯ ᠳᠦ ᠣᠷᠣᠭᠰᠠᠨ ᠲᠤᠬᠠᠢ ᠶᠤᠸᠠᠨ ᠹᠦ᠋ ᠭᠡᠳᠡᠭ ᠨᠢ ᠱᠠᠨ ᠰᠢ ᠶᠢᠨ ᠲᠠᠢ ᠶᠤᠸᠠᠨ ᠹᠦ᠋ ᠬᠣᠲᠠ᠂ ᠳᠠᠨᠢᠴᠽᠢᠨᠢ ᠭᠡᠳᠡᠭ ᠨᠢ ᠱᠧᠨᠰᠢ ᠮᠤᠵᠢ ᠶᠢᠨ ᠵᠡᠭᠦᠨ ᠤᠷᠳᠤ ᠪᠠᠶᠢᠬᠤ ᠨᠢᠨᠢ ᠴᠢᠨᠢ ᠴᠴᠠᠤ ᠬᠣᠲᠠ ᠮᠥᠨ ᠬᠡᠮᠡᠨ 《ᠮᠣᠩᠭᠣᠯ ᠤᠨ 100 ᠬᠠᠭᠠᠨ᠂ ᠨᠠᠶᠢᠮᠠᠨ ᠪᠣᠭᠳᠠ》 ᠴᠤᠪᠤᠷᠠᠯ ᠤᠨ 《ᠴᠠᠭᠠᠳᠠᠢ ᠬᠠᠭᠠᠨ》 ᠴᠤᠪᠤᠷᠠᠯᠳᠤ ᠦᠭᠦᠯᠡᠭᠰᠡᠨ ᠪᠠᠶᠢᠨ᠎ᠠ᠃ [ᠬᠠᠭᠠᠳ ᠤᠨ ᠰᠠᠩ 2000: 56]. ᠷᠠᠰᠢ ᠳᠤ ᠳᠤ-ᠳᠢᠨ ᠤ 《ᠰᠤᠳᠤᠷ ᠤᠨ ᠴᠢᠭᠤᠯᠭᠠᠨ ᠳᠤ》 ᠴᠠᠭᠠᠳᠠᠢ ᠶᠢᠨ ᠡᠵᠡᠮᠰᠢᠯ ᠭᠠᠵᠠᠷ ᠪᠣᠯ ᠨᠠᠶᠢᠮᠠᠨ ᠤ ᠠᠶᠢᠮᠠᠭ ᠤᠨ ᠨᠤᠲᠤᠭ ᠪᠠᠶᠢᠭᠰᠠᠨ ᠠᠯᠲᠠᠢ ᠶᠢᠨ ᠠᠭᠤᠯᠠᠨ ᠠᠴᠠ ᠵᠧᠢᠬᠤᠨ (ᠰ ᠤᠷ ᠳᠠᠷᠢᠶ᠎ᠠ) ᠮᠥᠷᠡᠨ ᠬᠦᠷᠲᠡᠯ᠎ᠡ ᠨᠤᠲᠤᠭ ᠪᠣᠯᠤᠨ᠎ᠠ ᠬᠡᠮᠡᠵᠡᠢ᠃ [ᠷᠠᠰᠢ ᠳᠤ ᠳᠤ-ᠳ᠋ᠢᠩ ᠲ᠃II:94]. ᠡᠨᠡ ᠮᠡᠳᠡᠭᠡ ᠪᠡᠷ ᠴᠠᠭᠠᠳᠠᠢ ᠶᠢᠨ ᠤᠯᠤᠰ ᠤᠨ ᠪᠦᠷᠢᠯᠳᠦᠬᠦᠨ ᠳᠦ ᠬᠠᠷ᠎ᠠ-ᠬᠢᠳᠠᠨ ᠤ ᠨᠤᠲᠤᠭ ᠠᠴᠠ ᠭᠠᠳᠠᠨ᠎ᠠ ᠰ ᠤᠷ ᠳᠠᠷᠢᠶ᠎ᠠ ᠪᠣᠯᠤᠨ ᠠᠮᠤ ᠳᠠᠷᠢᠶ᠎ᠠ ᠮᠥᠷᠡᠨ ᠦ ᠬᠣᠭᠣᠷᠣᠨᠳᠣᠬᠢ ᠰᠠᠪᠠ ᠭᠠᠵᠠᠷ ᠪᠤᠶᠤ ᠮᠠᠤᠧᠷᠠᠨᠠᠬᠢᠷ ᠪᠠᠭᠳᠠᠵᠣ ᠪᠠᠶᠢᠭ᠎ᠠ ᠪᠢᠯᠡ᠃ ᠭᠡᠬᠦ ᠳᠦ ᠪᠡᠨ ᠮᠠᠤᠧᠷᠠᠨᠠᠬᠠᠷ ᠤᠨ ᠪᠠᠷᠠᠭᠤᠨ ᠬᠡᠰᠡᠭ ᠪᠤᠶᠤ ᠬᠣᠶᠠᠷ ᠮᠥᠷᠡᠨ ᠦ ᠠᠳᠠᠭ ᠵᠦᠴᠢ ᠶᠢᠨ ᠡᠵᠡᠮᠰᠢᠯ ᠳᠦ ᠪᠠᠭᠠᠳᠬᠤ ᠠᠵᠢ᠃ ᠴᠢᠩᠭᠢᠰ ᠬᠠᠭᠠᠨ ᠮᠠᠤᠧᠷᠠᠨᠠᠬᠠᠷ ᠤᠨ ᠵᠠᠬᠢᠷᠤᠭᠴᠢ ᠪᠠᠷ ᠮᠢᠬᠠᠮᠤᠳ ᠢᠯᠠᠪᠤᠴᠢ ᠶᠢ ᠲᠣᠮᠢᠯᠠᠭᠰᠠᠨ ᠨᠢ ᠡᠯ᠎ᠡ ᠭᠠᠵᠠᠷ ᠨᠤᠲᠤᠭ ᠶᠡᠬᠡ ᠬᠠᠭᠠᠨ ᠤ ᠮᠡᠳᠡᠯ ᠳᠦ ᠪᠠᠶᠢᠭᠰᠠᠨ ᠭᠡᠰᠡᠨ ᠦᠭᠡ ᠶᠤᠮ᠃ ᠲᠡᠶᠢᠮᠦ ᠴᠤ ᠤᠴᠢᠷ ᠠᠴᠠ ᠷᠠᠰᠢ ᠳᠤ ᠳᠤ-ᠳ᠋ᠢᠩ ᠳᠠᠷᠠᠭᠠᠬᠢ ᠨᠢᠭᠡᠨ ᠰᠣᠨᠢᠷᠬᠠᠯᠲᠠᠢ ᠮᠡᠳᠡᠭᠡ ᠶᠢ ᠡᠰᠢ ᠲᠠᠲᠠᠭᠰᠠᠨ ᠪᠠᠶᠢᠨ᠎ᠠ᠃ 《ᠥᠭᠡᠳᠡᠢ ᠬᠠᠭᠠᠨ ᠤ ᠦᠶ᠎ᠡ ᠳᠦ ᠶᠡᠬᠡ ᠬᠠᠭᠠᠨ ᠤ ᠵᠠᠷᠯᠢᠭ ᠢᠶᠠᠷ ᠢᠯᠠᠪᠠᠴᠢ ᠶᠢᠨ ᠮᠡᠳᠡᠯ ᠳᠦ ᠪᠠᠶᠢᠭᠰᠠᠨ ᠮᠠᠤᠧᠷᠠᠨᠠᠬᠠᠷ ᠤᠨ ᠵᠠᠷᠢᠮ ᠮᠤᠵᠢ ᠶᠢ ᠴᠠᠭᠠᠳᠠᠢ ᠥᠭᠡᠷ᠎ᠡ ᠬᠡᠨ ᠨᠢᠭᠡᠨ ᠳᠦ ᠰᠢᠯᠵᠢᠭᠦᠯᠦᠨ ᠥᠭᠬᠦ ᠲᠤᠬᠠᠢ ᠵᠠᠷᠯᠢᠭ ᠪᠠᠭᠤᠯᠭᠠᠭᠰᠠᠨ ᠭᠡᠳᠡᠭ᠃ ᠢᠯᠠᠪᠠᠴᠢ ᠡᠨᠡ ᠨᠥᠬᠥᠴᠡᠯ ᠪᠠᠶᠢᠳᠠᠯ ᠢ ᠬᠠᠭᠠᠨ ᠳᠤ ᠲᠠᠨᠢᠯᠴᠠᠭᠤᠯᠪᠠ᠃ ᠬᠠᠭᠠᠨ᠂ ᠴᠠᠭᠠᠳᠠᠢ ᠠᠴᠠ ᠡᠨᠡ ᠲᠤᠬᠠᠢ ᠯᠠᠪᠯᠠᠨ ᠠᠰᠠᠭᠤᠭᠰᠠᠨ ᠵᠠᠷᠯᠢᠭ ᠢᠯᠡᠭᠡᠵᠦ ᠬᠠᠷᠢᠭᠤ ᠪᠢᠴᠢᠵᠦ ᠢᠯᠡᠭᠡᠬᠦ ᠶᠢ ᠲᠤᠰᠢᠶᠠᠭᠰᠠᠨ ᠪᠠᠶᠢᠨ᠎ᠠ᠃ ᠴᠠᠭᠠᠳᠠᠢ: 》ᠪᠢ ᠪᠣᠳᠣᠯᠭ᠎ᠠ ᠦᠭᠡᠢ ᠶᠣᠰᠣ ᠠᠯᠳᠠᠯ ᠢᠶᠠᠨ᠂ ᠬᠠᠷᠢᠭᠤ ᠪᠣᠯᠭᠠᠵᠤ ᠪᠢᠴᠢᠬᠦ ᠵᠦᠢᠯ ᠴᠤ ᠠᠯᠠᠭ᠎ᠠ᠃ ᠭᠡᠪᠡᠴᠦ ᠬᠠᠭᠠᠨ ᠨᠠᠮᠠᠢ ᠵᠠᠪᠠᠯ ᠬᠠᠷᠢᠭᠤᠯ ᠭᠡᠵᠦ ᠵᠠᠷᠯᠢᠭᠳᠠᠭᠰᠠᠨ ᠤᠴᠢᠷ ᠡᠶᠢᠨᠬᠦᠦ ᠪᠢᠴᠢᠪᠡ》 ᠬᠡᠮᠡᠨ ᠬᠠᠷᠢᠭᠤᠯᠠᠵᠠᠢ᠃ ᠬᠠᠭᠠᠨ ᠳᠤ ᠡᠨᠡ ᠨᠢ ᠶᠡᠬᠡᠳᠡ ᠲᠠᠭᠠᠯᠠᠭᠳᠠᠭᠰᠠᠨ ᠤᠴᠢᠷ ᠲᠡᠷᠡ ᠪᠡᠷ ᠲᠡᠭᠦᠨ ᠢ ᠠᠭᠤᠴᠢᠯᠠᠵᠤ ᠲᠡᠷᠡ ᠨᠤᠲᠤᠭ ᠢ ᠴᠠᠭᠠᠳᠠᠢ ᠳᠤ ᠢᠨᠵᠢ ᠪᠣᠯᠭᠠᠨ ᠥᠭᠪᠡ》 ᠭᠡᠵᠡᠢ᠃ [ᠷᠠᠰᠢ ᠳᠤ ᠳᠤ ᠳ᠋ᠢᠩ ᠲ᠃ II:102]. ᠡᠨᠳᠡ ᠦᠭᠦᠯᠡᠵᠦ ᠪᠤᠢ ᠢᠨᠵᠢ ᠭᠡᠳᠡᠭ ᠨᠢ ᠠᠯᠲᠠᠨ ᠤᠷᠤᠭ ᠤᠨ ᠬᠢᠨ ᠤ ᠳᠤᠮᠳᠠ ᠥᠭᠭᠦᠯᠴᠡᠬᠦ ᠡᠵᠡᠮᠰᠢᠯ ᠭᠠᠵᠠᠷ ᠤᠨ ᠬᠡᠯᠪᠡᠷᠢ ᠪᠣᠯᠤᠯᠲᠠᠢ᠃

ᠴᠠᠭᠠᠳᠠᠢ ᠶᠢᠨ ᠤᠯᠤᠰ ᠤᠨ ᠬᠠᠩᠭ᠎ᠠ ᠨᠤᠭᠤᠳ ᠤᠨ ᠤᠷᠤᠭ ᠤᠨ ᠬᠡᠯᠬᠢᠶᠡᠰᠦ

ᠡᠶᠢᠨᠬᠦᠦ ᠥᠭᠡᠳᠡᠢ ᠬᠠᠭᠠᠨ ᠤ ᠦᠶ᠎ᠡ ᠳᠦ ᠴᠠᠭᠠᠳᠠᠢ ᠶᠢᠨ ᠤᠯᠤᠰ ᠤᠨ ᠭᠠᠵᠠᠷ ᠨᠤᠲᠤᠭ ᠲᠤ ᠮᠠᠤᠧᠷᠠᠨᠠᠬᠠᠷ ᠤᠨ ᠵᠠᠷᠢᠮ ᠮᠤᠵᠢ ᠬᠠᠷᠢᠶᠠᠯᠠᠭᠳᠠᠬᠤ ᠪᠣᠯᠤᠭᠰᠠᠨ ᠪᠠᠶᠢᠨ᠎ᠠ᠃ ᠡᠨᠡ ᠪᠠᠶᠢᠳᠠᠯ ᠴᠢᠨᠠᠭᠰᠢᠳᠠ ᠴᠠᠭᠠᠳᠠᠢ ᠶᠢᠨ ᠪᠣᠯᠤᠨ ᠵᠦᠴᠢ ᠶᠢᠨ ᠤᠳᠤᠮ ᠤ ᠬᠢᠨ ᠤ ᠬᠣᠭᠣᠷᠣᠨᠳᠣ ᠭᠠᠵᠠᠷ ᠨᠤᠲᠤᠭ ᠤᠨ ᠮᠠᠷᠭᠤᠭᠠᠨ ᠭᠠᠷᠬᠤ ᠳᠤ ᠨᠥᠯᠦᠭᠡᠯᠡᠵᠡᠢ᠃ ᠴᠠᠭᠠᠳᠠᠢ ᠶᠢᠨ ᠤᠯᠤᠰ ᠬᠡᠮᠡᠨ ᠲᠡᠦᠬᠡᠨ ᠳᠦ ᠠᠯᠳᠠᠷᠰᠢᠭᠰᠠᠨ ᠡᠨᠡᠬᠦ ᠤᠯᠤᠰ ᠤᠨ ᠪᠠᠶᠢᠭᠤᠯᠤᠭᠳᠠᠭᠰᠠᠨ ᠲᠠᠯ᠎ᠠ ᠪᠠᠷ ᠣᠨ ᠴᠠᠭ ᠤᠨ ᠲᠠᠯ᠎ᠠ ᠪᠠᠷ ᠰᠤᠳᠤᠯᠤᠭᠠᠴᠢᠳ ᠰᠠᠨᠠᠯ ᠵᠥᠷᠢᠶ᠎ᠡ ᠲᠡᠢ ᠪᠠᠶᠢᠳᠠᠭ ᠠᠵᠡᠢ᠃ ᠲᠤᠬᠠᠶᠢᠯᠠᠪᠠᠯ᠂ ᠱ᠃ᠪᠢᠷᠠ 《ᠦᠨᠡᠨ ᠬᠡᠷᠡᠭ ᠳᠡᠭᠡᠷ᠎ᠡ ᠪᠡᠨ ᠴᠤᠬᠤᠮ ᠬᠦ ᠠᠯᠠᠭᠤ ᠬᠠᠨ ᠯᠠ ᠴᠠᠭᠠᠳᠠᠢ ᠶᠢᠨ ᠮᠣᠩᠭᠣᠯ ᠬᠠᠨᠲᠠ ᠤᠯᠤᠰ ᠢ ᠪᠠᠶᠢᠭᠤᠯᠤᠭᠰᠠᠨ ᠠᠵᠡᠢ᠃ ᠲᠡᠷᠡ ᠪᠡᠷ ᠲᠥᠪ ᠠᠽᠢᠶ᠎ᠠ ᠶᠢ ᠪᠦᠬᠦᠯᠢ ᠳᠦ ᠨᠢ ᠥᠪᠡᠷ ᠦᠨ ᠡᠷᠬᠡᠰᠢᠶᠡᠯ ᠳᠦ ᠠᠪᠴᠤ᠂ ᠴᠠᠭᠠᠳᠠᠢ ᠶᠢᠨᠬᠠᠭᠤᠴᠢᠨ ᠡᠵᠡᠮᠰᠢᠯ ᠨᠤᠲᠤᠭ ᠢ ᠥᠷᠭᠡᠳᠬᠡᠨ ᠲᠡᠯᠡᠵᠡᠢ》 ᠭᠡᠰᠡᠨ ᠪᠠᠶᠢᠨ᠎ᠠ᠃ [ᠪᠢᠷᠠ 2001:439]. ᠭᠡᠲᠡᠯ᠎ᠡ ᠸ᠃ᠸ᠃ᠪᠠᠷᠲ᠋ᠣᠯᠢ ᠳᠤ 《ᠴᠠᠭᠠᠳᠠᠢ ᠶᠢᠨ ᠬᠠᠨᠲᠠ ᠤᠯᠤᠰ ᠢ ᠵᠢᠩᠬᠢᠨᠢ ᠦᠨᠳᠦᠰᠦᠯᠡᠨ ᠪᠠᠶᠢᠭᠤᠯᠤᠭᠴᠢ ᠨᠢ ᠳᠤᠸᠠ ᠬᠠᠨ》 ᠬᠡᠮᠡᠨ ᠲᠡᠮᠳᠡᠭᠯᠡᠵᠡᠢ᠃ ᠪᠢᠳᠡᠨ ᠦ ᠪᠣᠳᠣᠯ ᠢᠶᠠᠷ ᠴᠠᠭᠠᠳᠠᠢ ᠶᠢᠨ ᠤᠯᠤᠰ ᠴᠤᠬᠤᠮ ᠳᠤ ᠪᠠᠨ ᠴᠠᠭᠠᠳᠠᠢ ᠶᠢ ᠠᠮᠢᠳᠤ ᠰᠡᠷᠡᠭᠦᠨ ᠪᠠᠶᠢᠬᠤ ᠦᠶ᠎ᠡ ᠳᠦ ᠪᠥᠷᠢᠯᠳᠦᠨ ᠲᠣᠭᠲᠠᠭᠰᠠᠨ ᠪᠢᠯᠡ᠃ ᠴᠠᠭᠠᠳᠠᠢ 1227 ᠣᠨ ᠳᠤ ᠴᠢᠩᠭᠢᠰ ᠬᠠᠭᠠᠨ ᠢ ᠲᠩᠷᠢ ᠳᠦ ᠬᠠᠯᠢᠬᠤ ᠳᠤ ᠡᠵᠡᠮᠰᠢᠯ ᠨᠤᠲᠤᠭ ᠲᠤ ᠪᠠᠨ ᠣᠴᠢᠵᠤ ᠰᠠᠭᠤᠭᠰᠠᠨ ᠶᠤᠮ᠃ ᠴᠠᠭᠠᠳᠠᠢ ᠶᠢᠨ ᠠᠬᠠᠮᠠᠳ ᠬᠥᠪᠡᠭᠦᠨ ᠮᠢᠲᠦᠭᠡᠨ ᠦ 4 ᠳᠦᠭᠡᠷ ᠬᠦᠦ ᠬᠠᠷ᠎ᠠ ᠬᠦᠯᠦᠭ ᠴᠠᠭᠠᠳᠠᠢ ᠶᠢᠨ ᠤᠯᠤᠰ ᠤᠨ ᠲᠥᠷᠥ ᠶᠢ ᠪᠠᠷᠢᠵᠤ ᠪᠠᠶᠢᠪᠠ᠃ ᠴᠠᠭᠠᠳᠠᠢ ᠶᠢᠨ ᠨᠢ ᠡᠵᠡᠮᠰᠢᠯ ᠨᠤᠲᠤᠭ᠂ ᠤᠯᠤᠰ ᠢᠷᠭᠡᠨ ᠢᠶᠡᠨ ᠠᠴᠢ ᠬᠦᠦ ᠬᠠᠷ᠎ᠠ ᠬᠦᠯᠢᠭᠳᠡᠭᠦᠯ ᠵᠠᠯᠭᠠᠮᠵᠢᠯᠠᠭᠤᠯᠬᠤ ᠪᠠᠷ ᠭᠡᠷᠢᠶᠡᠰᠯᠡᠭᠰᠡᠨ ᠠᠵᠢ᠃ ᠬᠠᠷ᠎ᠠ ᠬᠦᠯᠢᠭ ᠦᠨ ᠬᠠᠲᠤᠨ ᠨᠢ ᠡᠷᠭᠢᠨ᠎ᠡ ᠪᠥᠭᠡᠳ ᠮᠤᠪᠠᠷᠧᠺ ᠰᠢᠬ᠎ᠠ ᠶᠢᠨ ᠡᠬᠡ ᠶᠤᠮ᠃


ᠴᠠᠭᠠᠳᠠᠢ ᠪᠣᠯᠤᠨ ᠲᠡᠭᠦᠨ ᠢ ᠵᠠᠯᠭᠠᠮᠵᠢᠯᠠᠭᠴᠢᠳ ᠤᠨ ᠦᠢᠯᠡ ᠠᠵᠢᠯᠯᠠᠭ᠎ᠠ

ᠴᠠᠭᠠᠳᠠᠢ ᠶᠢ ᠡᠵᠡᠨ ᠴᠢᠩᠭᠢᠰ ᠬᠠᠭᠠᠨ ᠤ ᠬᠣᠶᠠᠳᠤᠭᠠᠷ ᠬᠥᠪᠡᠭᠦᠨ ᠪᠣᠯᠤᠨ 1183 ᠣᠨ ᠤ ᠬᠠᠷᠠᠭᠴᠢᠨ ᠲᠠᠤᠯᠠᠢ ᠵᠢᠯ ᠳᠤ ᠲᠦᠷᠦᠭᠰᠡᠨ ᠭᠡᠵᠦ ᠶᠡᠬᠡᠩᠬᠢ ᠰᠤᠳᠤᠯᠤᠭᠠᠴᠢᠳ ᠦᠵᠡᠳᠡᠭ ᠪᠣᠯ ᠵᠠᠷᠢᠮ ᠨᠢ ᠲᠡᠭᠦᠨ ᠢ 1185 ᠣᠨ ᠤ ᠬᠥᠬᠡᠭᠴᠢᠨ ᠮᠣᠭᠠᠢ ᠵᠢᠯ ᠲᠦᠷᠦᠭᠰᠡᠨ ᠭᠡᠳᠡᠭ᠃ ᠴᠠᠭᠠᠳᠠᠢ ᠶᠢ ᠮᠡᠨᠳᠦᠯᠡᠵᠦ ᠪᠠᠶᠢᠬᠤ ᠳᠤ ᠲᠡᠮᠦᠵᠢᠨ ᠡᠴᠢᠭᠡ ᠨᠢ 21 ᠨᠠᠰᠤᠲᠠᠢ ᠪᠠᠶᠢᠵᠤ ᠨᠡᠩ ᠬᠦᠨᠳᠦ ᠨᠥᠬᠥᠴᠡᠯ ᠳᠦ ᠮᠣᠩᠭᠣᠯ ᠠᠶᠢᠮᠠᠭ ᠤᠳ ᠢ ᠨᠢᠭᠡᠳᠬᠡᠬᠦ ᠶᠢᠨ ᠲᠥᠯᠥᠭᠡ ᠲᠡᠮᠡᠴᠡᠵᠦ ᠪᠠᠶᠢᠪᠠ᠃ ᠲᠡᠷᠡ ᠦᠶ᠎ᠡ ᠶᠢ 《ᠣᠳᠣᠲᠠᠢ ᠲᠩᠷᠢ ᠣᠷᠴᠢᠵᠤ᠂ ᠣᠯᠠᠨ ᠤᠯᠤᠰ ᠪᠠᠶᠢᠯᠳᠤᠵᠤ᠂ ᠣᠷᠣᠨ ᠳᠤ ᠪᠠᠨ ᠤᠨᠲᠠᠬᠤ ᠵᠠᠪ ᠦᠭᠡᠢ᠂ ᠣᠯᠵᠠᠯᠠᠨ ᠪᠠᠶᠢᠯᠳᠤᠵᠤ ᠪᠠᠶᠢᠪᠠ》 ᠭᠡᠵᠦ ᠮᠣᠩᠭᠣᠯ ᠤᠨ ᠨᠢᠭᠤᠴᠠ ᠲᠣᠪᠴᠢᠶ᠎ᠠ ᠳᠦ ᠳᠦᠷᠰᠦᠯᠡᠭᠰᠡᠨ ᠪᠠᠶᠢᠳᠠᠭ᠃ [ᠮᠣᠩᠭᠣᠯ ᠤᠨ ᠨᠢᠭᠤᠴᠠ ᠲᠣᠪᠴᠢᠶ᠎ᠠ 1990:226].ᠴᠠᠭᠠᠳᠠᠢ ᠶᠢᠨ ᠠᠬ᠎ᠠ ᠵᠦᠴᠢ᠂ ᠬᠥᠪᠡᠭᠦᠨ ᠳᠡᠭᠦᠦ ᠨᠢ ᠥᠭᠥᠳᠡᠢ᠂ ᠲᠣᠯᠤᠢ ᠨᠠᠷ ᠪᠣᠯᠤᠨ᠎ᠠ᠃ ᠴᠠᠭᠠᠳᠠᠢ ᠪᠠᠭ᠎ᠠ ᠠᠴᠠ ᠪᠠᠨ ᠤᠬᠠᠭᠠᠯᠢᠭ᠂ ᠠᠪᠢᠶᠠᠰ ᠲᠠᠢ ᠭᠡᠭᠳᠡᠵᠦ ᠪᠠᠶᠢᠭᠰᠠᠨ ᠪᠥᠭᠡᠳ ᠡᠴᠢᠭᠡ ᠶᠢᠨ ᠪᠢᠯᠢᠭ ᠰᠤᠷᠭᠠᠯ ᠢ ᠠᠬ᠎ᠠ ᠳᠡᠭᠦᠦ ᠨᠠᠷ ᠠᠴᠠ ᠪᠠᠨ ᠢᠯᠡᠭᠦᠦ ᠰᠠᠶᠢᠨ ᠲᠤᠰᠬᠠᠨ ᠠᠪᠴᠤ ᠴᠢᠳᠠᠭᠰᠠᠨ ᠤᠴᠢᠷ ᠬᠣᠵᠢᠮ ᠬᠣᠶᠢᠨ᠎ᠠ ᠴᠢᠩᠭᠢᠰ ᠬᠠᠭᠠᠨ ᠨᠣᠶᠠᠳ ᠲᠦᠰᠢᠮᠡᠳ ᠲᠦ ᠪᠡᠨ ᠬᠠᠨᠳᠤᠵᠤ ᠬᠡᠯᠡᠬᠦ ᠳᠦ ᠪᠡᠨ:》ᠶᠠᠰᠠ ᠬᠠᠤᠯᠢ᠂ ᠳᠦᠷᠢᠮ ᠵᠢᠷᠤᠮ᠂ ᠶᠣᠰᠣ ᠵᠠᠩᠰᠢᠯ ᠢ ᠢᠯᠡᠭᠦᠦ ᠪᠡᠷ ᠮᠡᠳᠡᠵᠦ᠂ ᠬᠠᠭᠠᠨ ᠳᠤ ᠶᠣᠰᠣ ᠶᠢ ᠰᠠᠬᠢᠬᠤ ᠬᠦᠰᠡᠯ ᠲᠡᠢ ᠲᠡᠷᠡ ᠬᠦᠮᠦᠰ ᠴᠠᠭᠠᠳᠠᠢ ᠶᠢ ᠳᠠᠭ᠎ᠠ》 ᠭᠡᠵᠦ ᠵᠥᠪᠯᠡᠵᠦ ᠪᠠᠶᠢᠪᠠ᠃ [ᠷᠠᠰᠢ ᠳᠤ ᠳᠤ-ᠳ᠋ᠢᠩ ᠲ᠃II:93-94].ᠴᠠᠭᠠᠳᠠᠢ ᠪᠠᠭ᠎ᠠ ᠵᠠᠯᠠᠭᠤ ᠠᠴᠠ ᠪᠠᠨ ᠡᠴᠢᠭᠡ ᠪᠡᠨ ᠳᠠᠭᠠᠵᠤ᠂ ᠶᠡᠬᠡ ᠮᠣᠩᠭᠣᠯ ᠤᠯᠤᠰ ᠢ ᠪᠠᠶᠢᠭᠤᠯᠬᠤ ᠶᠢᠨ ᠲᠥᠯᠦᠭᠡᠬᠢ ᠲᠡᠮᠡᠴᠡᠯ ᠳᠦ ᠣᠷᠣᠯᠴᠠᠵᠤ ᠢᠷᠡᠵᠡᠢ᠃ ᠴᠠᠭᠠᠳᠠᠢ ᠶᠢ 20 ᠨᠠᠰᠤᠲᠠᠢ ᠪᠠᠶᠢᠬᠤ ᠳᠤ ᠪᠤᠶᠤ 1201 ᠣᠨ ᠳᠤ ᠴᠢᠩᠭᠢᠰ ᠬᠠᠭᠠᠨ ᠬᠡᠷᠡᠶᠢᠳ ᠦᠨ ᠸᠠᠩ ᠬᠠᠨ ᠲᠠᠢ ᠳᠠᠶᠢᠲᠤᠬᠤ ᠦᠶ᠎ᠡ ᠳᠦ ᠥᠭᠡᠲᠡᠢ ᠶᠢ ᠰᠢᠷᠬᠠᠲᠤᠭᠰᠠᠨ ᠲᠤᠬᠠᠢ ᠰᠤᠷᠪᠤᠯᠵᠢ ᠳᠤ ᠦᠭᠦᠯᠡᠳᠡᠭ᠃ [ᠮᠣᠩᠭᠣᠯ ᠤᠨ ᠨᠢᠭᠤᠴᠠ ᠲᠣᠪᠴᠢᠶ᠎ᠠ 1990:132]. ᠳᠥᠩᠭᠡᠵᠢ 15 ᠨᠠᠰᠤ ᠬᠦᠷᠴᠦ ᠪᠠᠶᠢᠭᠰᠠᠨ ᠥᠭᠡᠲᠡᠢ ᠡᠨᠡ ᠪᠠᠶᠢᠯᠳᠤᠭᠠᠨ ᠳᠤ ᠣᠷᠣᠯᠴᠠᠭᠰᠠᠨ ᠠᠴᠠ ᠦᠵᠡᠬᠦ ᠳᠦ ᠡᠷ᠎ᠡ ᠶᠢᠨ ᠴᠡᠭᠡᠨ ᠳᠦ ᠬᠦᠷᠦᠭᠰᠡᠨ ᠠᠬ᠎ᠠ ᠴᠠᠭᠠᠳᠠᠢ ᠨᠢ ᠮᠥᠨ ᠠᠳᠠᠯᠢ ᠳᠠᠶᠢᠲᠤᠵᠤ ᠶᠠᠪᠤᠭᠰᠠᠨ ᠨᠢ ᠳᠠᠮᠵᠢᠭ ᠦᠭᠡᠢ᠃

ᠴᠠᠭᠠᠳᠠᠢ ᠲᠠᠲᠠᠲᠤᠩᠭ᠎ᠠ ᠪᠠᠭᠰᠢ ᠪᠠᠷ ᠪᠢᠴᠢᠭ ᠦᠰᠦᠭ ᠵᠢᠭᠠᠯᠭᠠᠵᠤ᠂ ᠭᠠᠷᠮᠠᠭᠠᠢ ᠰᠠᠶᠢᠨ ᠰᠤᠷᠠᠭᠰᠠᠨ ᠤᠴᠢᠷ ᠬᠣᠵᠢᠮ ᠤᠯᠤᠰ ᠤᠨ ᠵᠠᠷᠭᠤᠴᠢ ᠰᠢᠭᠢᠬᠤᠲᠤᠭ ᠤᠨ ᠪᠢᠴᠢᠭ ᠢᠶᠡᠷ ᠦᠢᠯᠡᠳᠦᠭᠰᠡᠨ ᠰᠢᠢᠳᠪᠦᠷᠢ ᠨᠦᠭᠦᠳ ᠢ ᠬᠢᠨᠠᠨ ᠨᠢᠭᠲᠠᠯᠠᠬᠤ ᠡᠭᠦᠷᠭᠡ ᠪᠦᠬᠦᠢ 《ᠶᠡᠬᠡ ᠵᠠᠰᠠᠭ》 ᠬᠠᠤᠯᠢ ᠶᠢ ᠰᠠᠬᠢᠭᠤᠯᠤᠭᠴᠢ ᠭᠡᠭᠳᠡᠬᠦ ᠪᠣᠯᠤᠭᠰᠠᠨ ᠪᠤᠢ ᠵ᠎ᠠ᠃ ᠴᠠᠭᠠᠳᠠᠢ 1211 ᠣᠨ ᠠᠴᠠ ᠪᠡᠶ᠎ᠡ ᠳᠠᠩ ᠴᠡᠷᠢᠭ ᠤᠳᠤᠷᠢᠳᠥᠵᠤ ᠳᠠᠶᠢᠨ ᠳᠤ ᠤᠷᠤᠯᠴᠠᠬᠤ ᠪᠣᠯᠵᠠᠢ᠃ ᠴᠢᠩᠭᠢᠰ ᠬᠠᠭᠠᠨ ᠠᠩᠬ᠎ᠠ ᠤᠳᠠᠭ᠎ᠠ ᠠᠯᠲᠠᠨ ᠤᠯᠤᠰ ᠢ ᠳᠠᠶᠢᠯᠠᠬᠤ ᠳᠤ ᠪᠠᠨ ᠨᠢᠭᠡᠨ ᠵᠠᠮ ᠤᠨ ᠴᠡᠷᠢᠭ ᠢ ᠵᠦᠴᠢ᠂ ᠴᠠᠭᠠᠳᠠᠢ᠂ ᠥᠭᠡᠲᠡᠢ ᠨᠠᠷᠠ ᠪᠠᠷ ᠵᠠᠬᠢᠷᠤᠭᠤᠯᠵᠠᠢ᠃ ᠲᠡᠳᠡᠨ ᠦ ᠤᠳᠤᠷᠢᠳᠤᠭᠰᠠᠨ ᠵᠠᠮ ᠤᠨ ᠴᠡᠷᠢᠭ ᠶᠨᠨᠡᠢ᠂ ᠳᠤᠩᠰᠢᠨ᠂ ᠦᠵᠢᠤ᠂ ᠱᠤᠵᠢᠤᠭ ᠡᠵᠡᠯᠡᠭᠡᠳ ᠠᠯᠲᠠᠨ ᠤᠯᠤᠰ ᠤᠨ ᠪᠠᠷᠠᠭᠤᠨ ᠨᠡᠶᠢᠰᠯᠡᠯ ᠰᠢᠵᠢᠩ ᠢ (ᠣᠳᠣ ᠶᠢᠨ ᠳᠠᠲ᠋ᠦᠶᠢᠨ ᠬᠣᠲᠠ) ᠪᠥᠰᠡᠯᠡᠨ ᠡᠵᠡᠯᠡᠵᠡᠢ᠃ ᠴᠢᠩᠭᠢᠰ ᠬᠠᠭᠠᠨ 1213 ᠣᠨ ᠳᠤ ᠠᠯᠲᠠᠨ ᠤᠯᠤᠰ ᠲᠤ ᠳᠣᠪᠲᠣᠯᠬᠤ ᠳᠤ ᠪᠠᠨ ᠵᠦᠴᠢ᠂ ᠴᠠᠭᠠᠳᠠᠢ ᠨᠠᠷᠠ ᠪᠠᠷ ᠮᠥᠨ ᠨᠢᠭᠡᠨ ᠵᠢᠭᠦᠷ ᠦᠨ ᠴᠡᠷᠢᠭ ᠢ ᠤᠳᠤᠷᠢᠳᠤᠭᠤᠯᠤᠨ ᠣᠳᠣ ᠶᠢᠨ ᠪᠠᠣᠳᠣᠨ᠂ ᠳ᠋ᠢᠩᠰᠢᠨᠢ᠂ ᠰᠢᠨ ᠲᠠᠢ ᠵᠡᠷᠭᠡ ᠭᠠᠵᠠᠷ ᠢ ᠡᠵᠡᠯᠡᠭᠡᠳ ᠰᠢᠷ᠎ᠠ ᠮᠥᠷᠡᠨ (ᠬᠠᠲᠤᠨ ᠭᠣᠣᠯ) ᠬᠦᠷᠦᠭᠰᠡᠨ ᠪᠠᠶᠢᠨ᠎ᠠ᠃ ᠠᠯᠲᠠᠨ ᠤᠯᠤᠰ ᠢ ᠳᠠᠶᠢᠯᠠᠬᠤ ᠦᠶ᠎ᠡ ᠳᠦ ᠴᠡᠷᠢᠭ ᠦᠨ ᠠᠪᠢᠶᠠᠰᠯᠢᠭ ᠵᠠᠩᠵᠤᠨ ᠪᠣᠯᠬᠤ ᠪᠠᠨ ᠬᠠᠷᠠᠭᠤᠯᠤᠭᠰᠠᠨ ᠴᠠᠭᠠᠳᠠᠢ 1219 ᠣᠨ ᠳᠤ ᠴᠢᠩᠭᠢᠰ ᠬᠠᠭᠠᠨ ᠬᠣᠷᠧᠽᠮ ᠤᠨ ᠬᠠᠭᠠᠨᠲᠤ ᠤᠯᠤᠰ ᠢ ᠳᠠᠶᠢᠯᠠᠬᠤ ᠳᠤ ᠳᠡᠭᠦᠦ ᠥᠭᠡᠲᠡᠢ ᠶᠢᠨ ᠬᠠᠮᠲᠤ ᠨᠢᠭᠡᠨ ᠵᠠᠮ ᠤᠨ ᠴᠡᠷᠢᠭ ᠤᠳᠤᠷᠢᠳᠥᠵᠤ ᠣᠲᠷᠠᠷ ᠬᠣᠲᠠ ᠶᠢ ᠡᠵᠡᠯᠡᠨ ᠠᠪᠤᠭᠰᠠᠨ ᠶᠤᠮ᠃ ᠨᠡᠶᠢᠰᠯᠡᠯ ᠰᠠᠮᠠᠷᠺᠠᠨᠳ ᠪᠣᠯᠤᠨ ᠬᠠᠭᠤᠴᠢᠨ ᠨᠡᠶᠢᠰᠯᠡᠯ ᠤᠭᠧᠨᠴᠢ ᠶᠢ ᠡᠵᠡᠯᠡᠨ ᠠᠪᠬᠤ ᠪᠠᠶᠢᠯᠳᠤᠭᠠᠨ ᠳᠤ ᠴᠠᠭᠠᠳᠠᠢ ᠢᠳᠡᠬᠦ ᠲᠡᠢ ᠣᠷᠣᠯᠴᠠᠵᠠᠢ᠃

ᠴᠢᠩᠭᠢᠰ ᠬᠠᠭᠠᠨ 1224 ᠣᠨ ᠳᠤ ᠶᠡᠬᠡ ᠴᠡᠷᠢᠭ ᠢᠶᠡᠨ ᠬᠤᠷᠢᠶᠠᠵᠤ ᠠᠮᠤ ᠳᠠᠷᠢᠶ᠎ᠠ ᠮᠥᠷᠡᠨ ᠢ ᠭᠠᠲᠤᠯᠠᠵᠤ ᠰᠠᠮᠠᠷᠺᠠᠨᠳᠠ ᠳᠤ ᠢᠷᠡᠵᠦ ᠡᠪᠦᠯᠵᠢᠬᠦ ᠦᠶᠡᠳᠡᠭᠡ ᠴᠠᠭᠠᠳᠠᠢ᠂ ᠥᠭᠡᠲᠡᠢ ᠬᠣᠶᠠᠷ ᠢ ᠬᠠᠷ᠎ᠠ ᠨᠠᠭᠤᠷ ᠲᠡᠰᠢ ᠶᠠᠪᠤᠭᠤᠯᠵᠤ ᠬᠤᠨ᠂ ᠭᠠᠯᠠᠭᠤ ᠵᠡᠷᠭᠡ ᠤᠰᠤᠨ ᠤ ᠰᠢᠪᠠᠭᠤ ᠠᠩᠨᠠᠭᠤᠯᠵᠤ᠂ ᠵᠠᠮ ᠤᠨ ᠬᠦᠨᠡᠰᠦ ᠪᠡᠨ ᠪᠠᠵᠠᠭᠠᠯᠭᠠᠵᠤ ᠪᠠᠶᠢᠪᠠ᠃ ᠴᠠᠭᠠᠳᠠᠢ᠂ ᠥᠭᠡᠳᠡᠢ ᠬᠣᠶᠠᠷ ᠡᠴᠢᠭᠡ ᠶᠢᠨ ᠵᠠᠷᠯᠢᠭ ᠢ ᠳᠠᠭᠠᠵᠤ ᠡᠳᠦᠷ ᠲᠤᠲᠤᠮ ᠰᠢᠪᠠᠭᠤ ᠠᠩᠨᠠᠵᠤ᠂ ᠳᠣᠯᠣᠭ᠎ᠠ ᠬᠣᠨᠣᠭ ᠪᠦᠷᠢ 50 ᠲᠡᠮᠡᠭᠡᠨ ᠳᠦ ᠠᠴᠢᠨ ᠴᠢᠩᠭᠢᠰ ᠬᠠᠭᠠᠨ ᠳᠤ ᠡᠷᠭᠦᠨ ᠶᠠᠪᠤᠭᠤᠯᠵᠤ ᠲᠡᠭᠦᠨ ᠢ ᠪᠠᠶᠠᠷᠯᠠᠭᠤᠯᠵᠤ ᠪᠠᠶᠢᠪᠠ᠃ [ᠠᠯᠲᠠᠨᠤᠰᠢ ᠪᠠᠨ 1993:357-358]. ᠴᠢᠩᠭᠢᠰ ᠬᠠᠭᠠᠨ 1225 ᠣᠨ ᠳᠤ ᠲᠠᠩᠭᠣᠳ ᠤᠯᠤᠰ ᠢ ᠳᠠᠶᠢᠯᠠᠷ᠎ᠠ ᠮᠣᠷᠳᠠᠬᠤ ᠳᠤ ᠪᠠᠨ ᠴᠠᠭᠠᠳᠠᠢ ᠶᠢ ᠠᠷᠤ ᠲᠠᠯ᠎ᠠ ᠶᠢᠨ ᠴᠡᠷᠢᠭ ᠦᠨ ᠨᠢᠭᠡ ᠵᠢᠭᠦᠷ ᠢ ᠤᠳᠤᠷᠢᠳᠤᠭᠤᠯᠤᠨ ᠦᠯᠡᠳᠡᠭᠡᠪᠡ᠃ [ᠷᠠᠰᠢ ᠳᠤ ᠳᠤ-ᠳ᠋ᠢᠩ ᠲ᠃II:95]. ᠴᠠᠭᠠᠳᠠᠢ ᠳᠤ ᠠᠷᠤ ᠲᠠᠯ᠎ᠠ ᠶᠢᠨ ᠴᠡᠷᠢᠭ ᠬᠠᠷᠢᠭᠤᠴᠠᠭᠤᠯᠬᠤ ᠪᠣᠯᠤᠭᠰᠠᠨ ᠰᠢᠯᠲᠠᠭᠠᠨ ᠨᠢ ᠴᠢᠩᠭᠢᠰ ᠬᠠᠭᠠᠨ ᠠᠬᠠᠮᠠᠳ ᠬᠦᠦ ᠵᠦᠴᠢ ᠬᠣᠶᠠᠷ ᠤᠨ ᠬᠣᠭᠣᠷᠣᠨᠳᠣ ᠶᠢᠨ ᠬᠠᠷᠢᠴᠠᠭ᠎ᠠ ᠮᠠᠭᠤᠳᠠᠭᠰᠠᠨ ᠲᠠᠢ ᠬᠣᠯᠪᠣᠭ᠎ᠠ ᠲᠠᠢ ᠭᠡᠵᠦ ᠦᠵᠡᠵᠦ ᠪᠣᠯᠬᠤ ᠶᠤᠮ᠃》ᠰᠤᠳᠤᠷ ᠤᠨ ᠴᠢᠭᠤᠯᠭᠠᠨ》 ᠍ ᠳᠦ ᠲᠡᠮᠳᠡᠭᠯᠡᠭᠰᠡᠨ ᠢᠶᠡᠷ ᠴᠢᠩᠭᠢᠰ ᠬᠠᠭᠠᠨ ᠵᠦᠴᠢ ᠶᠢ ᠺᠢᠯᠠᠷ ᠲᠤ᠂ ᠪᠠᠱᠺᠢᠷ ᠲᠦ᠂ ᠤᠷᠤᠰ᠂ ᠴᠧᠷᠺᠧᠰ᠂ ᠳᠧᠱᠲ ᠢ ᠺᠢᠫᠴᠠᠺ ᠪᠣᠯᠤᠨ ᠪᠤᠰᠤᠳ ᠨᠤᠲᠤᠭ ᠢ ᠪᠠᠶᠢᠯᠳᠤᠨ ᠳᠠᠭᠠᠭᠤᠯᠬᠤ ᠶᠢ ᠵᠠᠷᠯᠢᠭ ᠪᠣᠯᠭᠠᠭᠰᠠᠨ ᠶᠤᠮ᠃ ᠲᠡᠷᠡᠪᠡᠷ ᠡᠭᠦᠨ ᠳᠦ ᠣᠷᠣᠯᠴᠠᠬᠤ ᠠᠴᠠ ᠵᠠᠶᠢᠯᠠᠰᠬᠢᠵᠤ᠂ ᠥᠪᠡᠷ ᠦᠨ ᠰᠠᠭᠤᠷᠢᠨ ᠥᠷᠭᠥᠭᠡ ᠷᠦᠦ ᠪᠡᠨ ᠣᠴᠢᠭᠰᠠᠨ ᠳᠤ ᠴᠢᠩᠭᠢᠰ ᠬᠠᠭᠠᠨ ᠶᠡᠬᠡᠳᠡ ᠬᠢᠯᠢᠩᠨᠡᠨ 《ᠪᠢ ᠲᠡᠭᠦᠨ ᠢ ᠥᠷᠥᠰᠢᠶᠡᠬᠦ ᠦᠭᠡᠢ ᠪᠡᠷ ᠴᠠᠭᠠᠵᠠᠯᠠᠨ᠎ᠠ》 ᠬᠡᠮᠡᠨ ᠬᠡᠯᠡᠭᠰᠡᠨ ᠭᠡᠵᠡᠢ᠃ [ᠷᠠᠰᠢ ᠳᠤ ᠳᠤ ᠳ᠋ᠢ ᠲ᠃II:78-79]. ᠵᠦᠴᠢ ᠶᠢᠨ ᠰᠠᠨᠠᠭ᠎ᠠ ᠬᠤᠪᠢᠷᠠᠨ ᠡᠴᠢᠭᠡ ᠶᠢᠨ ᠢᠶᠡᠨ ᠦᠭᠡ ᠶᠢ ᠳᠠᠭᠠᠬᠤ ᠦᠭᠡᠢ ᠪᠣᠯᠵᠠᠢ ᠭᠡᠵᠦ ᠦᠵᠡᠭᠰᠡᠨ ᠴᠢᠩᠭᠢᠰ ᠬᠠᠭᠠᠨ ᠲᠡᠭᠦᠨ ᠦ ᠵᠦᠭ ᠴᠠᠭᠠᠳᠠᠢ᠂ ᠥᠭᠡᠲᠡᠢ ᠶᠢ ᠴᠡᠷᠢᠭ ᠲᠡᠢ ᠨᠢ ᠬᠠᠮᠲᠤ ᠡᠬᠢᠯᠡᠵᠦ ᠬᠥᠳᠡᠯᠭᠡᠭᠡ ᠳᠦ ᠳᠠᠷᠠᠭ᠎ᠠ ᠨᠢ ᠥᠪᠡᠷ ᠢᠶᠡᠨ ᠶᠠᠪᠤᠬᠤ ᠪᠠᠷ ᠵᠡᠬᠢᠵᠦ ᠪᠠᠶᠢᠪᠠ᠃ [ᠮᠥᠨ ᠲᠡᠨᠳᠡ]. ᠡᠨᠡ ᠦᠶ᠎ᠡ ᠳᠦ ᠵᠦᠴᠢ ᠬᠠᠨ ᠨᠠᠰᠤ ᠪᠠᠷᠯᠠᠭ᠎ᠠ ᠭᠡᠰᠡᠨ ᠭᠠᠰᠢᠭᠤᠳᠠᠯ ᠤᠨ ᠮᠡᠳᠡᠭᠡ ᠢᠷᠡᠵᠡᠢ᠃ ᠣᠯᠠᠩᠬᠢ ᠰᠤᠳᠤᠯᠤᠭᠠᠴᠢᠳ ᠵᠦᠴᠢ ᠶᠢ 1227 ᠣᠨ ᠤ 2 ᠰᠠᠷ᠎ᠠ ᠳᠤ ᠨᠠᠰᠤ ᠪᠠᠷᠠᠭᠰᠠᠨ ᠭᠡᠵᠦ ᠦᠵᠡᠳᠡᠭ᠃

ᠴᠠᠭᠠᠳᠠᠢ ᠶᠢ ᠠᠬ᠎ᠠ ᠵᠦᠴᠢ ᠲᠡᠢ ᠪᠡᠨ ᠡᠪ ᠲᠦᠨᠵᠢᠩ ᠮᠠᠭᠤ ᠲᠠᠢ ᠪᠠᠶᠢᠭᠰᠠᠨ ᠲᠤᠬᠠᠢ ᠰᠤᠷᠪᠤᠯᠵᠢ ᠪᠢᠴᠢᠭ ᠲᠦ ᠣᠯᠠᠨᠲᠠ ᠦᠭᠦᠯᠡᠭᠰᠡᠨ ᠪᠠᠶᠢᠳᠠᠭ᠃ ᠴᠢᠩᠭᠢᠰ ᠬᠠᠭᠠᠨ 《ᠴᠠᠭᠠᠳᠠᠢ ᠬᠡᠴᠡᠭᠦᠦ ᠳᠣᠭᠰᠢᠨ ᠠᠪᠤᠷᠢ ᠲᠠᠢ ᠲᠤᠯᠠ ᠬᠥᠬᠥᠴ ᠠᠴᠠ ᠥᠷᠯᠥᠭᠡ ᠦᠳᠡᠰᠢ ᠳᠡᠷᠭᠡᠳᠡ ᠨᠢ ᠪᠠᠶᠢᠵᠤ ᠰᠠᠨᠠᠭᠰᠠᠨ ᠢᠶᠠᠨ ᠬᠡᠯᠡᠵᠦ ᠵᠥᠪᠯᠡᠵᠦ ᠪᠠᠶᠢᠲᠤᠭᠠᠢ》 ᠭᠡᠵᠦ ᠵᠠᠷᠯᠢᠭ ᠪᠣᠯᠭᠠᠵᠠᠢ᠃ [ᠮᠣᠩᠭᠣᠯ ᠤᠨ ᠨᠢᠭᠤᠴᠠ ᠲᠣᠪᠴᠢᠶ᠎ᠠ 1990:211]. 《ᠴᠠᠭᠠᠳᠠᠢ ᠬᠠᠨ ᠥᠪᠡᠷ ᠦᠨ ᠨᠢ ᠳᠡᠷᠭᠡᠳᠡ ᠪᠠᠶᠢᠬᠤ ᠳᠤ ᠲᠤᠩ ᠰᠢᠷᠦᠭᠦᠨ ᠳᠣᠭᠰᠢᠨ᠂ ᠲᠡᠶᠢᠮᠦ ᠡᠴᠡ ᠬᠡᠨ ᠴᠤ ᠲᠡᠭᠦᠨ ᠷᠦᠦ ᠬᠠᠷᠠᠬᠤ ᠠᠴᠠ ᠠᠶᠤᠳᠠᠭ ᠪᠠᠶᠢᠯ᠎ᠠ》 ᠭᠡᠵᠦ 《ᠲᠠᠲ᠋ᠠᠷ ᠤᠳ ᠤᠨ ᠭᠠᠷᠤᠯ ᠡᠭᠦᠰᠦᠯ ᠦᠨ ᠲᠤᠬᠠᠢ ᠲᠡᠦᠬᠡ》 ᠨᠣᠮᠣᠨ ᠳᠤ ᠪᠢᠴᠢᠭᠰᠡᠨ ᠪᠠᠶᠢᠨ᠎ᠠ᠃ [ᠷᠣᠳᠣᠰᠯᠠᠪᠨᠠᠶ᠎ᠠ ᠢᠰᠲ᠋ᠣᠷᠢᠶ᠎ᠠ ᠣ ᠲᠠᠲᠠᠷᠠᠬᠤ᠃ ᠲ᠃2 :3]. ᠲᠦᠷᠭᠡᠨ ᠠᠭᠤᠷ ᠲᠠᠢ᠂ ᠰᠠᠨᠠᠭᠰᠠᠨ ᠪᠣᠳᠣᠰᠣᠨ ᠢᠶᠠᠨ ᠰᠢᠭᠤᠳ ᠬᠡᠯᠡᠴᠢᠬᠡᠳᠡᠭ ᠴᠠᠭᠠᠳᠠᠢ ᠬᠠᠭᠠᠨ ᠡᠴᠢᠭᠡ ᠶᠢᠨ ᠰᠢᠷᠡᠭᠡ ᠶᠢ ᠵᠦᠴᠢ ᠲᠡᠢ ᠪᠤᠯᠢᠶᠠᠯᠳᠤᠨ ᠲᠡᠭᠦᠨ ᠢ ᠦᠭᠡ ᠬᠡᠯᠡᠭᠦᠯᠦᠯ ᠦᠭᠡᠢ:》ᠡᠨᠡ ᠮᠡᠷᠭᠡᠳ ᠦᠨ ᠣᠷᠬᠢᠳᠠᠰᠤ ᠳᠤ ᠪᠢᠳᠡ ᠵᠠᠬᠢᠷᠤᠭᠳᠠᠬᠤ ᠭᠡᠵᠦ ᠦᠦ?》 ᠭᠡᠰᠡᠨ ᠳᠦ ᠵᠦᠴᠢ ᠪᠣᠰᠤᠭᠠᠳ ᠴᠠᠭᠠᠳᠠᠢ ᠶᠢᠨ ᠡᠩᠭᠡᠷ ᠡᠴᠡ ᠰᠢᠭᠦᠷᠡᠨ ᠪᠠᠷᠢᠵᠤ ᠦᠭᠦᠯᠡᠷᠦᠨ:》ᠬᠠᠭᠠᠨ ᠡᠴᠢᠭᠡ ᠨᠠᠮᠠᠢ ᠭᠠᠳᠠᠭᠤᠷᠬᠠᠵᠤ ᠦᠵᠡᠭᠡ ᠦᠭᠡᠢ ᠪᠠᠶᠢᠬᠤ ᠳᠤ ᠴᠢ ᠨᠠᠮᠠᠢ ᠶᠠᠭᠠᠬᠢᠭᠠᠳ ᠢᠯᠭᠠᠵᠤ ᠪᠠᠶᠢᠨ᠎ᠠ? ᠴᠢ ᠨᠠᠳᠠ ᠠᠴᠠ ᠶᠠᠮᠠᠷ ᠡᠷᠳᠡᠮ ᠴᠢᠳᠠᠯ ᠢᠶᠠᠷ ᠢᠯᠡᠭᠦᠦ ᠪᠤᠢ? ᠴᠢ ᠭᠠᠭᠴᠠ ᠳᠣᠭᠰᠢᠨ ᠣᠮᠤᠭ ᠢᠶᠠᠷ ᠢᠶᠠᠨ ᠢᠯᠡᠭᠦᠦ ᠪᠢᠵᠡ᠃ ᠬᠠᠷᠪᠤᠯᠴᠠᠭᠠᠳ ᠴᠢᠮ᠎ᠠ ᠳᠤ ᠭᠠᠷᠲᠠᠪᠠᠯ ᠡᠷᠡᠬᠡᠢ ᠪᠡᠨ ᠣᠭᠲᠣᠯᠵᠤ ᠬᠠᠶᠠᠰᠤᠭᠠᠢ! ᠪᠠᠷᠢᠯᠳᠤᠭᠠᠳ ᠴᠢᠮ᠎ᠠ ᠳᠤ ᠢᠯᠠᠭᠳᠠᠪᠠᠯ ᠤᠨᠠᠭᠰᠠᠨ ᠭᠠᠵᠠᠷ ᠠᠴᠠ ᠪᠤᠤ ᠪᠣᠰᠤᠰᠤᠭᠠᠢ! ᠬᠠᠭᠠᠨ ᠡᠴᠢᠭᠡ ᠶᠢᠨ ᠵᠠᠷᠯᠢᠭ ᠮᠡᠳᠡᠲᠦᠭᠡᠢ!》 ᠭᠡᠪᠡ᠃ ᠵᠦᠴᠢ ᠶᠢᠨ ᠭᠠᠷ ᠠᠴᠠ ᠪᠣᠭᠣᠷᠴᠢ ᠲᠠᠲᠠᠵᠤ᠂ ᠴᠠᠭᠠᠳᠠᠢ ᠶᠢᠨ ᠭᠠᠷ ᠠᠴᠠ ᠮᠤᠬᠤᠯᠠᠢ ᠲᠠᠲᠠᠵᠤ ᠪᠠᠶᠢᠬᠤ ᠳᠤ ᠴᠢᠩᠭᠢᠰ ᠬᠠᠭᠠᠨ ᠳᠤᠤᠭᠤᠢ ᠰᠠᠭᠤᠵᠤ ᠪᠠᠶᠢᠪᠠ᠃ ᠬᠥᠬᠥᠴ ᠠᠴᠠ ᠵᠡᠭᠦᠨ ᠡᠲᠡᠭᠡᠳ ᠲᠦ ᠪᠠᠶᠢᠵᠤ ᠦᠭᠦᠯᠡᠷᠦᠨ:》ᠴᠠᠭᠠᠳᠠᠢ ᠴᠢ ᠶᠠᠭᠤᠨ ᠳᠤ ᠶᠠᠭᠠᠷᠠᠪᠠ? ᠬᠠᠭᠠᠨ ᠡᠴᠢᠭᠡ ᠴᠢᠨᠢ ᠬᠥᠪ ᠦᠳ ᠦᠨ ᠳᠣᠲᠣᠷ᠎ᠠ ᠠᠴᠠ ᠴᠢᠮ᠎ᠠ ᠳᠤ ᠢᠲᠡᠭᠡᠵᠦ ᠪᠠᠶᠢᠭᠰᠠᠨ ᠪᠢᠯᠡ》 ᠭᠡᠪᠡ᠃ ᠲᠡᠨᠳᠡ ᠡᠴᠡ ᠴᠢᠩᠭᠢᠰ ᠬᠠᠭᠠᠨ ᠦᠭᠦᠯᠡᠷᠦᠨ:》ᠵᠦᠴᠢ ᠶᠢ ᠲᠡᠭᠡᠵᠦ ᠬᠡᠯᠡᠵᠦ ᠶᠠᠭᠠᠬᠢᠵᠤ ᠪᠣᠯᠤᠨ᠎ᠠ? ᠬᠥᠪ ᠦᠳ ᠦᠨ ᠮᠢᠨᠢ ᠠᠬᠠᠮᠠᠳ ᠵᠦᠴᠢ ᠪᠢᠰᠢ ᠦᠦ? ᠬᠣᠵᠢᠮ ᠲᠡᠭᠡᠵᠦ ᠪᠤᠤ ᠬᠡᠯᠡᠲᠦᠭᠡᠢ》 ᠭᠡᠵᠦ ᠵᠠᠷᠯᠢᠭ ᠪᠣᠯᠪᠠ᠃ ᠡᠨᠡ ᠦᠭᠡᠨ ᠳᠦ ᠴᠠᠭᠠᠳᠠᠢ ᠮᠥᠰᠢᠯᠵᠡᠵᠦ ᠦᠭᠦᠯᠡᠷᠦᠨ:》ᠵᠦᠴᠢ ᠶᠢᠨ ᠬᠦᠴᠦ ᠡᠷᠳᠡᠮ ᠢ ᠪᠠᠰᠤᠮᠵᠢᠯᠠᠬᠤ ᠦᠭᠡᠢ᠃ ᠠᠪᠤ ᠶᠢᠨ ᠬᠥᠪᠡᠭᠦᠳ ᠦᠨ ᠠᠬᠠᠮᠠᠳ ᠨᠢ ᠵᠦᠴᠢ ᠪᠢᠳᠡ ᠬᠣᠶᠠᠷ ᠪᠢᠵᠡ᠃ ᠥᠭᠡᠲᠡᠢ ᠥᠷᠥᠰᠢᠶᠡᠯ ᠲᠡᠢ ᠲᠤᠯᠠ ᠡᠷᠭᠦᠮᠵᠢᠯᠡᠬᠦ ᠳᠦ ᠪᠣᠯᠤᠨ᠎ᠠ》 ᠭᠡᠵᠡᠢ᠃ [ᠮᠣᠩᠭᠣᠯ ᠤᠨ ᠨᠢᠭᠤᠴᠠ ᠲᠣᠪᠴᠢᠶ᠎ᠠ 1990:225-229].

ᠢᠩᠭᠢᠭᠡᠳ ᠴᠠᠭᠠᠳᠠᠢ ᠶᠢᠨ ᠰᠠᠨᠠᠯ ᠳᠡᠪᠰᠢᠭᠦᠯᠦᠭᠰᠡᠨ ᠢᠶᠡᠷ ᠥᠭᠡᠲᠡᠢ ᠶᠢ ᠬᠠᠭᠠᠨ ᠳᠤ ᠡᠷᠭᠦᠮᠵᠢᠯᠡᠬᠦ ᠪᠡᠷ ᠲᠣᠭᠲᠠᠵᠠᠢ᠃ ᠬᠥᠪ ᠦᠳ ᠦᠨ ᠳᠣᠲᠣᠷ᠎ᠠ ᠠᠴᠠ ᠭᠠᠷᠤᠯ ᠡᠭᠦᠰᠦᠯ ᠨᠢ ᠶᠠᠮᠠᠷ ᠴᠤ ᠮᠠᠷᠭᠤᠭᠠᠨ ᠦᠭᠡᠢ ᠪᠠᠶᠢᠭᠰᠠᠨ ᠴᠠᠭᠠᠳᠠᠢ ᠰᠠᠨᠠᠭ᠎ᠠ ᠪᠣᠳᠣᠯ ᠢᠶᠠᠨ ᠡᠴᠢᠭᠡ ᠳᠦ ᠪᠡᠨ ᠴᠢᠯᠦᠭᠡᠲᠡᠢ ᠢᠯᠡᠷᠬᠡᠶᠢᠯᠡᠳᠡᠭ ᠪᠠᠶᠢᠭᠰᠠᠨ ᠪᠥᠭᠡᠳ ᠬᠠᠭᠠᠨ ᠲᠡᠭᠦᠨ ᠦ ᠦᠭᠡ ᠶᠢ ᠳᠠᠭᠠᠳᠠᠭ ᠪᠠᠶᠢᠭᠰᠠᠨ ᠢ ᠡᠨᠡ ᠪᠠᠷᠢᠮᠲᠠ ᠭᠡᠷᠡᠴᠢᠯᠡᠵᠦ ᠪᠠᠶᠢᠭ᠎ᠠ ᠶᠤᠮ᠃ ᠨᠥᠭᠥᠭᠡ ᠲᠠᠯ᠎ᠠ ᠪᠠᠷ ᠴᠢᠩᠭᠢᠰ ᠬᠠᠭᠠᠨ ᠬᠥᠪᠡᠭᠦᠳ ᠦᠨ ᠲᠤᠬᠠᠢ ᠶᠠᠷᠢᠬᠤ ᠲᠣᠭᠣᠯᠠᠨ ᠳᠤ ᠪᠠᠨ 《ᠬᠥᠪᠡᠭᠦᠳ ᠦᠨ ᠮᠢᠨᠢ ᠠᠬ᠎ᠠ ᠵᠦᠴᠢ ᠪᠢᠯᠡ》 ᠭᠡᠵᠦ ᠬᠡᠯᠡᠵᠦ ᠪᠠᠶᠢᠭᠰᠠᠨ ᠨᠢ ᠰᠠᠨᠠᠮᠰᠠᠷ ᠦᠭᠡᠢ ᠵᠦᠢᠯ ᠪᠢᠰᠢ ᠶᠤᠮ᠃ [ᠮᠣᠩᠭᠣᠯ ᠤᠨ ᠨᠢᠭᠤᠴᠠ ᠲᠣᠪᠴᠢᠶ᠎ᠠ 1990:208]. ᠬᠡᠳᠦᠢ ᠪᠡᠷ ᠵᠦᠴᠢ ᠲᠡᠭᠦᠨ ᠦ ᠲᠦᠷᠦᠭᠰᠡᠨ ᠬᠦᠦ ᠪᠢᠰᠢ ᠪᠠᠶᠢᠭᠰᠠᠨ ᠴᠤ ᠴᠢᠩᠭᠢᠰ ᠬᠠᠭᠠᠨ ᠡᠨᠡ ᠠᠰᠠᠭᠤᠳᠠᠯ ᠢ ᠬᠥᠨᠳᠡᠬᠦ ᠪᠣᠯᠤᠮᠵᠢ ᠦᠭᠡᠢ ᠪᠠᠶᠢᠪᠠ᠃ ᠡᠰᠡ ᠲᠡᠭᠡᠪᠡᠰᠦ ᠲᠡᠭᠦᠨ ᠦ ᠥᠪᠡᠷ ᠦᠨ ᠬᠢ ᠨᠢ ᠭᠠᠷᠤᠯ ᠡᠭᠦᠰᠦᠯ ᠦᠨ ᠲᠤᠬᠠᠢ ᠠᠰᠠᠭᠤᠳᠠᠯ ᠲᠠᠯᠪᠢᠭᠳᠠᠬᠤ ᠨᠢ ᠵᠠᠶᠢᠯᠠᠰᠢ ᠦᠭᠡᠢ ᠪᠠᠶᠢᠪᠠ᠃ ᠵᠦᠴᠢ ᠡᠴᠢᠭᠡ ᠶᠢ ᠪᠡᠨ ᠵᠠᠯᠭᠠᠮᠵᠢᠯᠠᠨ ᠶᠡᠬᠡ ᠬᠠᠭᠠᠨ ᠤ ᠰᠠᠭᠤᠳᠠᠯ ᠳᠤ ᠰᠠᠭᠤᠯᠭᠠᠬᠤ ᠵᠥᠪᠰᠢᠶᠡᠷᠡᠯ ᠣᠯᠠᠳᠤᠭ᠎ᠠ ᠦᠭᠡᠢ ᠳᠦ ᠳᠣᠲᠣᠷ᠎ᠠ ᠪᠠᠨ ᠭᠣᠣᠯ ᠪᠤᠷᠤᠭᠤᠲᠠᠨ ᠴᠠᠭᠠᠳᠠᠢ ᠳᠤ ᠳᠤᠷᠭᠤᠶᠢᠴᠡᠨ ᠲᠡᠭᠦᠨ ᠲᠡᠢ ᠦᠭᠡ ᠬᠡᠯᠡ ᠪᠡᠨ ᠣᠯᠤᠯᠴᠠᠬᠤ ᠦᠭᠡᠢ ᠪᠣᠯᠤᠭᠰᠠᠨ ᠢ ᠳᠠᠷᠠᠭᠠᠬᠢ ᠪᠠᠷᠢᠮᠲᠠ ᠭᠡᠷᠡᠴᠢᠯᠡᠵᠦ ᠪᠠᠶᠢᠨ᠎ᠠ᠃ ᠬᠣᠷᠧᠽᠮ ᠤᠯᠤᠰ ᠤᠨ ᠬᠠᠭᠤᠴᠢᠨ ᠨᠡᠶᠢᠰᠯᠡᠯ ᠤᠭᠧᠨᠴᠢ ᠶᠢ ᠪᠠᠶᠢᠯᠳᠤᠬᠤ ᠦᠶ᠎ᠡ ᠳᠦ ᠵᠦᠴᠢ᠂ ᠴᠠᠭᠠᠳᠠᠢ ᠶᠢᠨ ᠬᠣᠭᠣᠷᠣᠨᠳᠣ ᠶᠢᠨ ᠵᠥᠷᠢᠴᠡᠯ ᠬᠤᠷᠴᠠᠳᠠᠭᠰᠠᠨ ᠢ ᠡᠮᠦᠨ᠎ᠡ ᠦᠭᠦᠯᠡᠭᠰᠡᠨ᠃ ᠡᠨᠡ ᠬᠣᠶᠠᠷ ᠤᠨ ᠡᠪ ᠲᠦᠨᠵᠢᠩ ᠮᠠᠭᠤᠳᠠᠯᠴᠠᠭᠰᠠᠨ ᠶᠠᠪᠤᠳᠠᠯ ᠬᠣᠵᠢᠮ ᠲᠡᠳᠡᠨ ᠦ ᠦᠷ᠎ᠡ ᠬᠦᠳ ᠦᠳ ᠦᠨ ᠬᠣᠭᠣᠷᠣᠨᠳᠣ ᠶᠢᠨ ᠬᠠᠷᠢᠯᠴᠠᠭ᠎ᠠ ᠬᠣᠯᠪᠣᠭᠠᠨ ᠳᠤ ᠮᠠᠭᠤ ᠪᠠᠷ ᠨᠥᠯᠦᠭᠡᠯᠡᠭᠰᠡᠨ ᠪᠢᠯᠡ᠃

ᠴᠢᠩᠭᠢᠰ ᠬᠠᠭᠠᠨ ᠢ ᠲᠩᠷᠢ ᠳᠦ ᠬᠠᠯᠢᠭᠰᠠᠨ ᠤ ᠳᠠᠷᠠᠭ᠎ᠠ 1229 ᠣᠨ ᠳᠤ ᠥᠭᠡᠲᠡᠢ ᠶᠢ ᠬᠠᠭᠠᠨ ᠰᠢᠷᠡᠭᠡᠨ ᠳᠦ ᠵᠠᠯᠠᠬᠤ ᠶᠡᠬᠡ ᠬᠤᠷᠠᠯᠳᠠᠢ ᠳᠤ ᠴᠠᠭᠠᠳᠠᠢ ᠣᠳᠬᠣᠨ ᠳᠡᠭᠦᠦ ᠲᠣᠯᠤᠢ ᠶᠢᠨ ᠬᠠᠮᠲᠤ ᠴᠢᠬᠤᠯᠠ ᠡᠭᠦᠷᠭᠡ ᠭᠦᠢᠴᠡᠳᠭᠡᠪᠡ᠃ ᠥᠭᠡᠲᠡᠢ ᠶᠢᠨ ᠬᠠᠭᠠᠨᠴᠢᠯᠠᠯ ᠤᠨ ᠦᠶ᠎ᠡ ᠳᠦ ᠴᠠᠭᠠᠳᠠᠢ ᠶᠢᠨ ᠨᠡᠷ᠎ᠡ ᠬᠦᠨᠳᠦ ᠥᠨᠳᠥᠷ ᠪᠠᠶᠢᠭᠰᠠᠨ ᠲᠡᠳᠦᠢ ᠦᠭᠡᠢ ᠲᠣᠯᠤᠢ ᠶᠢ ᠨᠠᠰᠤ ᠪᠠᠷᠠᠭᠰᠠᠨ ᠠᠴᠠ ᠬᠣᠶᠢᠰᠢ ᠤᠯᠠᠮ ᠴᠤ ᠳᠡᠭᠡᠭᠰᠢᠯᠡᠵᠡᠢ᠃ ᠥᠭᠡᠲᠡᠢ ᠬᠠᠭᠠᠨ ᠢ 13 ᠵᠢᠯ ᠲᠥᠷᠥ ᠪᠠᠷᠢᠬᠤ ᠳᠤ ᠲᠡᠭᠦᠨ ᠦ ᠥᠮᠥᠭ ᠲᠦᠰᠢᠭ ᠪᠣᠯᠵᠤ ᠪᠠᠶᠢᠭᠰᠠᠨ ᠴᠠᠭᠠᠳᠠᠢ ᠶᠡᠬᠡ ᠬᠠᠭᠠᠨ ᠤ ᠠᠬ᠎ᠠ ᠶᠢᠨ ᠬᠤᠪᠢ ᠳᠤ᠂ 《ᠶᠡᠬᠡ ᠵᠠᠰᠠᠭ》 ᠬᠠᠤᠯᠢ ᠶᠢ ᠭᠠᠷᠮᠠᠭᠠᠢ ᠮᠡᠳᠡᠬᠦ ᠬᠦᠮᠦᠨ ᠦ ᠬᠤᠪᠢ ᠳᠤ ᠶᠡᠬᠡ ᠮᠣᠩᠭᠣᠯ ᠤᠯᠤᠰ ᠢ ᠪᠡᠬᠢᠵᠢᠭᠦᠯᠬᠦ ᠦᠢᠯᠡᠰ ᠲᠦ ᠪᠦᠬᠦᠢ ᠯᠠ ᠣᠶᠤᠨ ᠤᠬᠠᠭᠠᠨ᠂ ᠵᠢᠷᠦᠬᠡ ᠰᠡᠳᠬᠢᠯ ᠢᠶᠡᠨ ᠵᠣᠷᠢᠭᠤᠯᠤᠭᠰᠠᠨ ᠶᠤᠮ᠃ ᠥᠭᠡᠲᠡᠢ ᠬᠠᠭᠠᠨ ᠢ ᠲᠩᠷᠢ ᠳᠦ ᠬᠠᠯᠢᠰᠤᠨ ᠠᠴᠠ ᠬᠣᠶᠢᠰᠢ ᠬᠡᠳᠦᠬᠡᠨ ᠰᠠᠷ᠎ᠠ ᠶᠢᠨ ᠳᠠᠷᠠᠭ᠎ᠠ 1242 ᠣᠨ ᠤ ᠡᠬᠢ ᠪᠡᠷ ᠴᠠᠭᠠᠳᠠᠢ ᠢᠶᠡᠨ ᠳᠦ ᠪᠣᠯᠵᠠᠢ᠃ 《ᠰᠤᠳᠤᠷ ᠤᠨ ᠴᠢᠭᠤᠯᠭᠠᠨ》 ᠍ ᠳᠦ ᠪᠤᠰᠤᠳ ᠰᠤᠷᠪᠤᠯᠵᠢ ᠠᠴᠠ ᠢᠯᠡᠭᠦᠦ ᠳᠡᠯᠭᠡᠷᠡᠩᠭᠦᠢ ᠪᠡᠷ ᠴᠠᠭᠠᠳᠠᠢ ᠶᠢᠨ ᠭᠡᠷ ᠪᠦᠯᠢ ᠶᠢᠨ ᠲᠤᠬᠠᠢ ᠦᠭᠦᠯᠡᠭᠰᠡᠨ ᠪᠠᠶᠢᠳᠠᠭ᠃ 《ᠴᠢᠩᠭᠢᠰ ᠬᠠᠭᠠᠨ ᠤ ᠬᠣᠶᠠᠳᠤᠭᠠᠷ ᠬᠥᠪᠡᠭᠦᠨ ᠨᠢ ᠴᠠᠭᠠᠳᠠᠢ ᠪᠥᠭᠡᠳ ᠲᠡᠭᠦᠨ ᠦ ᠡᠬᠡ ᠨᠢ ᠬᠣᠩᠭᠢᠷᠠᠳ ᠠᠶᠢᠮᠠᠭ ᠤᠨ ᠳᠠᠢ ᠨᠣᠶᠠᠨ ᠤ ᠥᠬᠢᠨ᠂ ᠴᠢᠩᠭᠢᠰ ᠬᠠᠭᠠᠨ ᠤ ᠶᠡᠬᠡ ᠬᠠᠲᠤᠨ ᠪᠥᠷᠲᠡ ᠦᠵᠢᠨ ᠶᠤᠮ᠃ ᠴᠠᠭᠠᠳᠠᠢ ᠨᠢ ᠣᠯᠠᠨ ᠬᠠᠲᠤᠨ᠂ ᠲᠠᠲᠠᠪᠤᠷᠢ ᠡᠬᠡᠨᠡᠷ ᠲᠡᠢ ᠪᠠᠶᠢᠴᠠᠢ᠃ ᠲᠡᠳᠡᠨ ᠡᠴᠡ ᠬᠠᠮᠤᠭ ᠤᠨ ᠶᠡᠬᠡ ᠨᠥᠯᠥᠭᠡ ᠲᠡᠢ ᠬᠣᠶᠠᠷ ᠬᠠᠲᠠᠨ ᠪᠠᠶᠢᠪᠠ᠃ ᠨᠢᠭᠡ ᠨᠢ ᠬᠣᠩᠭᠢᠷᠠᠳ (ᠠᠶᠢᠮᠠᠭ ᠤᠨ) ᠡᠵᠡᠨᠲᠡᠨ ᠳᠠᠷᠢᠲᠠᠢ ᠶᠢᠨ ᠬᠦᠦ ... ᠨᠣᠶᠠᠨ ᠤ ᠥᠬᠢᠨ ᠶᠢᠰᠦᠨᠯᠤᠩ ᠪᠥᠭᠡᠳ ᠲᠡᠷᠡ ᠴᠠᠭᠠᠳᠠᠢ ᠶᠢᠨ ᠠᠯᠳᠠᠷᠰᠢᠭᠰᠠᠨ ᠪᠦᠬᠦ ᠬᠥᠪᠡᠭᠦᠳ ᠦᠨ ᠡᠬᠡ ᠶᠤᠮ᠃ ᠴᠢᠩᠭᠢᠰ ᠬᠠᠭᠠᠨ ᠤ ᠶᠡᠬᠡ ᠬᠠᠲᠤᠨ ᠪᠥᠷᠲᠡ ᠦᠵᠢᠨ ᠪᠠ ᠶᠢᠰᠦᠨᠯᠤᠩ ᠬᠠᠲᠤᠨ ᠬᠣᠶᠠᠭᠤᠯᠠ ᠠᠬ᠎ᠠ ᠳᠡᠭᠦᠰ ᠦᠨ ᠬᠡᠦᠬᠡᠳ ᠪᠠᠶᠢᠴᠠᠢ᠃ ᠨᠥᠭᠥᠭᠡ ᠨᠢ ᠲᠦᠺᠠᠨ (ᠲᠤᠷᠢᠬᠠᠨ) ᠬᠠᠲᠤᠨ ᠪᠥᠭᠡᠳ ᠳᠡᠭᠡᠷ᠎ᠡ ᠳᠤᠷᠠᠳᠤᠭᠰᠠᠨ ᠶᠢᠰᠦᠨᠯᠤᠩ ᠬᠠᠲᠤᠨ ᠤ ᠳᠡᠭᠦᠦ ᠨᠢ ᠪᠢᠯᠡ᠃ ᠴᠠᠭᠠᠳᠠᠢ ᠶᠢᠰᠦᠨᠯᠤᠩ ᠬᠠᠲᠤᠨ ᠢᠶᠠᠨ ᠥᠭᠡᠳᠡ ᠪᠣᠯᠣᠰᠣᠨ ᠤ ᠳᠠᠷᠠᠭ᠎ᠠ ᠲᠦᠺᠠᠨ ᠢ ᠭᠡᠷᠭᠡᠢ ᠪᠣᠯᠭᠠᠨ ᠠᠪᠤᠭᠰᠠᠨ ᠪᠢᠯᠡ᠃ ᠴᠠᠭᠠᠳᠠᠢ ᠨᠢ ᠵᠢᠷᠭᠤᠭᠠᠨ ᠬᠦᠦᠲᠡᠢ ᠪᠠᠶᠢᠴᠠᠢ᠃ ᠲᠡᠳᠡᠨ ᠢ ᠨᠠᠰᠤᠨ ᠤ ᠳᠠᠷᠠᠭᠠᠯᠠᠯ ᠢᠶᠠᠷ ᠳᠤᠷᠢᠪᠠᠯ:1.ᠮᠢᠲᠦᠭᠡᠨ᠂ 2.ᠮᠤᠵᠢ ᠶᠠᠶ᠎ᠠ᠂ 3.ᠪᠧᠯᠺᠧᠱᠢ᠂4.ᠰᠠᠷᠠᠪᠠᠨ᠂ 5.ᠶᠢᠰᠦᠨ-ᠮᠥᠩᠬᠡ᠂ 6.ᠪᠠᠶᠢᠳᠠᠷ᠂ 7. …᠂ 8.. …》 ᠭᠡᠵᠦ ᠷᠠᠰᠢ ᠳᠤ ᠳᠤ-ᠳ᠋ᠢᠩ ᠪᠢᠴᠢᠵᠡᠢ [ᠷᠠᠰᠢ ᠳᠤ –ᠠᠳᠠ ᠳ᠋ᠢᠩ ᠲ᠃II: 88-89].《ᠲᠠᠲ᠋ᠠᠷ ᠤᠳ ᠤᠨ ᠭᠠᠷᠤᠯ ᠡᠭᠦᠰᠦᠯ ᠦᠨ ᠲᠡᠦᠬᠡ》 ᠨᠣᠮᠣᠨ ᠳᠤ 《ᠴᠠᠭᠠᠳᠠᠢ ᠣᠯᠠᠨ ᠬᠠᠲᠤᠨ ᠲᠠᠢ ᠪᠠᠶᠢᠭᠰᠠᠨ ᠠᠴᠠ ᠬᠣᠩᠭᠢᠷᠠᠳ ᠠᠶᠢᠮᠠᠭ ᠤᠨ ᠡᠭᠡᠴᠢ ᠳᠡᠭᠦᠦ ᠬᠣᠶᠠᠷ ᠬᠠᠲᠤᠨ ᠢᠶᠠᠨ ᠶᠡᠬᠡ ᠬᠠᠶᠢᠷᠠᠯᠠᠳᠠᠭ ᠪᠠᠶᠢᠪᠠ᠃ ᠴᠠᠭᠠᠳᠠᠢ ᠣᠯᠠᠨ ᠬᠡᠦᠬᠡᠳ ᠦᠨ ᠡᠬᠡ ᠪᠤᠰᠠᠰᠤᠯᠤᠩ ᠬᠠᠲᠤᠨ ᠢᠶᠠᠨ ᠨᠠᠰᠤ ᠪᠠᠷᠠᠭᠰᠠᠨ ᠤ ᠳᠠᠷᠠᠭ᠎ᠠ ᠲᠠᠷᠬᠠᠨ ᠬᠠᠲᠤᠨ ᠢᠶᠠᠨ ᠠᠪᠴᠠᠢ᠃ ᠴᠠᠭᠠᠳᠠᠢ ᠶᠢᠨ ᠬᠡᠦᠬᠡᠳ ᠦᠳ ᠨᠢ: 1.ᠮᠤᠲᠤᠭᠤᠨ᠂ 2.ᠮᠤᠴᠢ᠂ 3.ᠪᠠᠯᠳᠠ ᠱᠠᠭ᠂ 4.ᠰᠠᠭᠢᠨᠯᠠᠯᠭ᠎ᠠ᠂ 5.ᠰᠠᠷᠮᠠᠨᠰ᠂ 6.ᠪᠤᠰᠢᠮᠦᠩᠭᠤ᠂ 7.ᠪᠠᠶᠢᠳᠠᠷ》 ᠭᠡᠰᠡᠨ ᠪᠠᠶᠢᠨ᠎ᠠ [ᠷᠣᠳᠣᠰᠯᠠᠪᠨᠠᠶ᠎ᠠ ᠢᠰᠲ᠋ᠣᠷᠢᠶ᠎ᠠ ᠣ ᠲᠠᠲᠠᠷᠠᠬᠤ ᠲ᠃II:10].

ᠳᠡᠭᠡᠷᠡᠬᠢ ᠬᠣᠶᠠᠷ ᠰᠤᠷᠪᠤᠯᠵᠢ ᠶᠢᠨ ᠮᠡᠳᠡᠭᠡᠨ ᠡᠴᠡ ᠦᠵᠡᠬᠦ ᠳᠦ ᠠᠪᠠᠯᠢ ᠭᠡᠷᠭᠡᠢ᠂ ᠬᠠᠯᠠᠮᠵᠢᠲᠤ ᠶᠢᠰᠦᠨᠯᠤᠩ ᠬᠠᠲᠤᠨ ᠢᠶᠠᠨ ᠨᠠᠰᠤ ᠪᠠᠷᠠᠬᠤ ᠳᠤ ᠲᠡᠷᠡ ᠪᠡᠷ ᠲᠡᠭᠦᠨ ᠦ ᠳᠡᠭᠦᠦ ᠲᠦᠺᠠᠨ ᠢ ᠬᠠᠲᠤᠨ ᠢᠶᠠᠨ ᠪᠣᠯᠭᠠᠨ ᠠᠪᠤᠭᠰᠠᠨ ᠢᠶᠠᠷ ᠨᠢᠭᠡ ᠳᠦ᠂ ᠲᠠᠯᠢᠢᠭᠴᠢ ᠬᠠᠲᠠᠨ ᠳᠤ ᠪᠠᠨ ᠶᠡᠬᠡ ᠬᠠᠶᠢᠷᠠᠲᠠᠢ ᠪᠠᠶᠢᠭᠰᠠᠨ ᠢ᠂ ᠬᠣᠶᠠᠷ ᠲᠤ᠂ ᠥᠨᠥᠴᠢᠨ ᠬᠣᠴᠣᠷᠤᠭᠰᠠᠨ ᠣᠯᠠᠨ ᠬᠥᠪᠡᠭᠦᠳ ᠢᠶᠡᠨ ᠲᠦᠷᠦᠭᠰᠡᠨ ᠡᠬᠡ ᠡᠴᠡ ᠨᠢ ᠳᠤᠲᠠᠬᠤ ᠪᠠᠷ ᠦᠭᠡᠢ ᠬᠠᠶᠢᠷᠠᠯᠠᠬᠤ ᠬᠦᠮᠦᠨ ᠢ ᠣᠯᠵᠤ ᠠᠪᠤᠭᠰᠠᠨ ᠢ ᠬᠠᠷᠠᠭᠤᠯᠵᠤ ᠪᠠᠶᠢᠨ᠎ᠠ᠃ ᠡᠭᠦᠨ ᠡᠴᠡ ᠭᠠᠳᠠᠨ᠎ᠠ ᠴᠠᠭᠠᠳᠠᠢ ᠶᠢᠨ ᠬᠥᠪᠡᠭᠦᠳ ᠦᠨ ᠲᠣᠭ᠎ᠠ ᠬᠣᠶᠠᠷ ᠰᠤᠷᠪᠤᠯᠵᠢ ᠳᠤ ᠵᠥᠷᠢᠵᠦ ᠪᠠᠶᠢᠨ᠎ᠠ᠃ ᠴᠠᠭᠠᠳᠠᠢ ᠶᠢᠨ ᠠᠬᠠᠮᠠᠳ ᠬᠦᠦ ᠨᠢ ᠶᠢᠰᠦᠨᠯᠤᠩ ᠬᠠᠲᠤᠨ ᠠᠴᠠ ᠲᠦᠷᠦᠭᠰᠡᠨ ᠮᠢᠲᠦᠭᠡᠨ ᠪᠥᠭᠡᠳ ᠲᠡᠷᠡᠪᠡᠷ ᠡᠪᠦᠭᠡ ᠡᠴᠢᠭᠡ ᠴᠢᠩᠭᠢᠰ ᠬᠠᠭᠠᠨ ᠤ ᠳᠡᠷᠭᠡᠳᠡᠰᠴᠦ ᠲᠣᠷᠨᠢᠵᠠᠢ ᠪᠠᠮᠢᠨ ᠴᠠᠶᠢᠵᠠ ᠶᠢ ᠪᠠᠶᠢᠯᠳᠤᠬᠤ ᠦᠶ᠎ᠡ ᠳᠦ ᠮᠢᠲᠦᠭᠡᠨ ᠰᠢᠷᠬᠠᠲᠤᠵᠤ ᠨᠠᠰᠤ ᠪᠠᠷᠠᠬᠤ ᠳᠤ ᠴᠢᠩᠭᠢᠰ ᠬᠠᠭᠠᠨ ᠶᠡᠬᠡᠳᠡ ᠬᠣᠷᠣᠰᠤᠨ ᠭᠠᠰᠢᠭᠤᠳᠠᠵᠤ᠂ ᠡᠰᠡᠷᠭᠦᠴᠡᠯ ᠦᠵᠡᠭᠦᠯᠦᠭᠴᠢᠳ ᠢ ᠤᠰᠠᠳᠬᠠᠵᠤ᠂ ᠪᠠᠷᠢᠯᠭ᠎ᠠ ᠪᠡᠬᠢᠯᠡᠯᠲᠡ ᠶᠢ ᠨᠤᠷᠠᠭᠠᠴᠠᠢ [ᠷᠠᠰᠢ ᠳᠤ ᠳᠤ-ᠳ᠋ᠢᠩ ᠲ᠃II:89]. ᠡᠨᠡ ᠦᠶ᠎ᠡ ᠳᠦ ᠴᠠᠭᠠᠳᠠᠢ ᠤᠭᠧᠨᠴᠢ ᠶᠢ ᠡᠵᠡᠯᠡᠵᠦ ᠠᠪᠤᠭᠠᠳ ᠪᠤᠴᠠᠵᠤ ᠢᠷᠡᠭᠰᠡᠨ ᠠᠵᠢ᠃ ᠴᠢᠩᠭᠢᠰ ᠬᠠᠭᠠᠨ ᠮᠢᠲᠦᠭᠡᠨ ᠢ ᠠᠯᠠᠭᠤᠯᠤᠭᠰᠠᠨ ᠲᠤᠬᠠᠢ ᠡᠴᠢᠭᠡ ᠳᠦ ᠨᠢ ᠰᠢᠭᠤᠳ ᠬᠡᠯᠡᠵᠦ ᠵᠢᠷᠦᠬᠡᠯᠡᠭᠰᠡᠨ ᠦᠭᠡᠢ᠃ ᠡᠨᠡ ᠲᠤᠬᠠᠢ ᠴᠠᠭᠠᠳᠠᠢ ᠳᠤ ᠬᠡᠯᠡᠬᠦ ᠦᠭᠡᠢ ᠪᠠᠶᠢᠬᠤ ᠶᠢ ᠵᠠᠷᠯᠢᠭ ᠪᠠᠭᠤᠯᠭᠠᠵᠠᠢ᠃ ᠮᠢᠲᠦᠭᠡᠨ ᠶᠠᠭᠤᠮᠠᠨ ᠳᠤ ᠶᠠᠪᠤᠭᠰᠠᠨ ᠭᠡᠵᠦ ᠡᠴᠢᠭᠡ ᠳᠦ ᠨᠢ ᠬᠡᠯᠡᠭᠡᠳ ᠬᠡᠳᠦ ᠬᠣᠨᠣᠭᠰᠠᠨ ᠠᠵᠢ᠃

ᠴᠢᠩᠭᠢᠰ ᠬᠠᠭᠠᠨ ᠨᠢᠭᠡ ᠤᠳᠠᠭ᠎ᠠ ᠰᠢᠯᠲᠠᠭ ᠣᠯᠤᠭᠠᠳ ᠬᠥᠪᠡᠭᠦᠳ ᠳᠤ ᠪᠡᠨ: 《ᠲᠠ ᠨᠠᠷ ᠮᠢᠨᠦ ᠦᠭᠡᠨ ᠳᠦ ᠣᠷᠣᠬᠤ ᠦᠭᠡᠢ᠂ ᠬᠡᠯᠡᠵᠦ ᠶᠠᠷᠢᠭᠰᠠᠨ ᠢ ᠳᠠᠭᠠᠵᠤ ᠭᠦᠢᠴᠡᠳᠭᠡᠬᠦ ᠦᠭᠡᠢ ᠪᠠᠶᠢᠨ᠎ᠠ》 ᠭᠡᠵᠦ ᠵᠣᠷᠢᠭᠤᠲᠠ ᠪᠠᠷ ᠠᠭᠠᠰᠢᠯᠠᠵᠤ ᠵᠠᠩᠨᠠᠵᠠᠢ᠃ ᠲᠡᠭᠡᠬᠦ ᠳᠦ ᠨᠢ ᠴᠠᠭᠠᠳᠠᠢ ᠡᠪᠦᠳᠦᠭ ᠰᠥᠬᠥᠷᠡᠨ 《ᠡᠴᠢᠭᠡ ᠬᠠᠭᠠᠨ ᠲᠠᠨ ᠤ ᠤᠤ ᠭᠡᠵᠦ ᠲᠤᠰᠢᠶᠠᠵᠤ ᠵᠠᠷᠯᠢᠭᠳᠠᠰᠤᠨ ᠢᠶᠠᠷ ᠪᠢ ᠵᠢᠳᠬᠦᠨ᠎ᠡ᠃ ᠪᠢ ᠴᠢᠳᠠᠯ ᠤᠨ ᠬᠢᠷᠢ ᠪᠡᠷ ᠵᠢᠳᠬᠦᠭᠡᠳ ᠬᠡᠷᠡᠭᠴᠡᠭᠡ ᠲᠡᠢ ᠪᠣᠯ ᠠᠮᠢᠶ᠎ᠠ ᠥᠭᠬᠦ ᠳᠦ ᠴᠤ ᠪᠡᠯᠡᠨ》 ᠬᠡᠮᠡᠨ ᠥᠭᠥᠯᠡᠬᠦ ᠳᠦ ᠨᠢ ᠴᠢᠩᠭᠢᠰ ᠬᠠᠭᠠᠨ:》ᠴᠢ ᠡᠭᠦᠨ ᠢ ᠦᠨᠡᠨ ᠰᠡᠳᠬᠢᠯ ᠡᠴᠡ ᠪᠡᠨ ᠬᠡᠯᠡᠵᠦ ᠪᠠᠶᠢᠨ᠎ᠠ ᠤᠤ᠂ ᠴᠢ ᠦᠨᠡᠬᠡᠷ ᠮᠢᠨᠦ ᠬᠡᠯᠡᠭᠰᠡᠨ ᠢ ᠳᠠᠭᠠᠬᠤ ᠶᠤᠮ ᠤᠤ》 ᠭᠡᠵᠦ ᠳᠠᠬᠢᠨ ᠳᠠᠬᠢᠨ ᠯᠠᠪᠯᠠᠬᠤ ᠳᠤ ᠴᠠᠭᠠᠳᠠᠢ:》ᠥᠪᠡᠷ ᠦᠨ ᠬᠡᠯᠡᠭᠰᠡᠨ ᠦᠭᠡ ᠡᠴᠡ ᠪᠡᠨ ᠵᠥᠷᠢᠴᠡᠪᠡᠯ᠂ ᠪᠢ ᠦᠬᠦᠲᠦᠭᠡᠢ》 ᠭᠡᠵᠦ ᠬᠠᠷᠢᠭᠤᠯᠵᠠᠢ᠃ ᠶᠠᠭ ᠲᠡᠭᠡᠵᠦ ᠬᠠᠷᠢᠭᠤᠯᠬᠤ ᠳᠤ ᠨᠢ ᠡᠴᠢᠭᠡ ᠨᠢ :》ᠮᠢᠲᠦᠭᠡᠨ ᠪᠠᠶᠢᠬᠤ ᠦᠭᠡᠢ ᠪᠣᠯᠤᠭᠰᠠᠨ᠂ ᠴᠢ ᠤᠬᠢᠯᠠᠵᠤ ᠴᠥᠬᠥᠷᠡᠵᠦ ᠪᠣᠯᠬᠤ ᠦᠭᠡᠢ》 ᠭᠡᠵᠦ ᠬᠡᠯᠡᠪᠡ᠃ ᠴᠠᠭᠠᠳᠠᠢ ᠶᠢᠨ ᠳᠣᠲᠣᠷ᠎ᠠ ᠬᠠᠷᠠᠩᠭᠤᠶᠢᠯᠠᠨ ᠭᠠᠰᠢᠭᠤᠳᠠᠭᠰᠠᠨ ᠪᠣᠯᠪᠠᠴᠤ ᠬᠡᠯᠡᠭᠰᠡᠨ ᠠᠮᠠᠨ ᠳᠤ ᠪᠠᠨ ᠡᠵᠡᠨ ᠪᠣᠯᠵᠤ ᠲᠡᠰᠪᠦᠷᠢᠯᠡᠭᠡᠳ ᠤᠬᠢᠯᠠᠵᠤ ᠤᠨᠵᠢᠭ᠌ᠰᠠᠨ ᠦᠭᠡᠢ᠃ ᠬᠠᠷᠢᠨ ᠭᠠᠳᠠᠭᠰᠢ ᠭᠠᠷᠤᠭᠠᠳ ᠬᠣᠯᠠᠬᠠᠨ ᠣᠴᠢᠵᠤ ᠨᠢᠭᠤᠴᠠ ᠪᠠᠷ ᠨᠡᠯᠢᠶᠡᠳ ᠤᠬᠢᠯᠠᠵᠤ ᠰᠡᠳᠬᠢᠯ ᠢᠶᠡᠨ ᠣᠩᠭᠣᠶᠢᠯᠭᠠᠭᠠᠳ ᠬᠠᠭᠠᠨ ᠡᠴᠢᠭᠡ ᠶᠢᠨ ᠥᠷᠭᠥᠭᠡ ᠷᠦᠦ ᠪᠤᠴᠠᠵᠤ ᠢᠷᠡᠭᠰᠡᠨ ᠪᠠᠶᠢᠨ᠎ᠠ᠃ 《ᠰᠤᠳᠤᠷ ᠤᠨ ᠴᠢᠭᠤᠯᠭᠠᠨ》 ᠍ ᠳᠦ ᠦᠭᠦᠯᠡᠭᠰᠡᠨ ᠡᠨᠡᠬᠦ ᠮᠡᠳᠡᠭᠡᠨ ᠡᠴᠡ ᠦᠵᠡᠬᠦ ᠳᠦ ᠴᠢᠩᠭᠢᠰ ᠬᠠᠭᠠᠨ ᠬᠦᠦ ᠴᠠᠭᠠᠳᠠᠢ ᠶᠢ ᠠᠬ᠎ᠠ ᠳᠡᠭᠦᠦ ᠨᠠᠷ ᠠᠴᠠ ᠪᠠᠨ ᠲᠦᠷᠦᠭᠦᠯᠡᠵᠦ ᠳᠠᠭᠤᠤ ᠭᠠᠷᠬᠤ ᠶᠢ ᠮᠡᠳᠡᠵᠦ ᠪᠠᠶᠢᠭᠰᠠᠨ ᠤᠴᠢᠷ ᠡᠶᠢᠨᠬᠦᠦ ᠠᠭᠠᠰᠢᠯᠠᠵᠤ ᠵᠠᠩᠨᠠᠨ ᠡᠬᠢᠯᠡᠭᠰᠡᠨ ᠠᠵᠡᠢ᠃

ᠮᠢᠲᠦᠭᠡᠨ ᠨᠢ ᠪᠠᠶᠢᠴᠤ᠂ ᠪᠦᠷᠢ᠂ ᠶᠢᠰᠦᠨᠳᠤᠸᠠ᠂ ᠬᠠᠷ᠎ᠠ ᠬᠦᠯᠦᠭ ᠭᠡᠰᠡᠨ ᠳᠥᠷᠪᠡᠨ ᠬᠦᠦᠲᠡᠢ ᠪᠠᠶᠢᠪᠠ᠃ ᠡᠳᠡᠭᠡᠷ ᠡᠴᠡ ᠪᠦᠷᠢ᠂ ᠶᠢᠰᠦᠨᠳᠤᠸᠠ᠂ ᠬᠠᠷ᠎ᠠ ᠬᠦᠯᠦᠭ ᠨᠠᠷ ᠴᠠᠭᠠᠳᠠᠢ ᠤᠯᠤᠰ ᠤᠨ ᠲᠡᠦᠬᠡᠨ ᠳᠦ ᠨᠡᠷ᠎ᠡ ᠪᠡᠨ ᠦᠯᠡᠳᠡᠭᠡᠭᠰᠡᠨ ᠲᠥᠷᠥ ᠶᠢᠨ ᠲᠣᠮᠣᠬᠠᠨ ᠵᠢᠳᠬᠦᠯᠲᠡᠨ ᠨᠦᠭᠦᠳ ᠶᠤᠮ᠃ ᠮᠢᠲᠦᠭᠡᠨ ᠦ ᠠᠬᠠᠮᠠᠳ ᠬᠥᠪᠡᠭᠦᠨ ᠪᠠᠶᠢᠴᠤ ᠨᠢ ᠲᠤᠳᠠᠨ ᠭᠡᠳᠡᠭ ᠨᠢᠭᠡ ᠬᠥᠪᠡᠭᠦᠨ ᠲᠡᠢ᠂ ᠲᠤᠳᠠᠨ ᠨᠢ ᠪᠤᠵᠢᠶ᠎ᠠ ᠭᠡᠳᠡᠭ ᠬᠦᠦᠲᠡᠢ᠂ ᠪᠤᠵᠢᠶ᠎ᠠ ᠨᠢ ᠠᠪ ᠲᠤᠯᠯᠠᠬᠤ ᠭᠡᠳᠡᠭ ᠬᠥᠪᠡᠭᠦᠨ ᠲᠡᠢ ᠪᠠᠶᠢᠴᠠᠢ᠃ ᠮᠢᠲᠦᠭᠡᠨ ᠦ ᠬᠣᠶᠠᠳᠤᠭᠠᠷ ᠬᠥᠪᠡᠭᠦᠨ ᠪᠦᠷᠢ ᠶᠢᠨ ᠲᠤᠬᠠᠢ ᠨᠢᠭᠡᠨ ᠬᠠᠭᠤᠴᠢ ᠶᠠᠷᠢᠶ᠎ᠠ ᠪᠠᠶᠢᠳᠠᠭ᠃ ᠡᠪ ᠣᠭᠯᠠᠨ ᠨᠤᠭᠤᠳ ᠤᠨ ᠭᠡᠷ ᠦᠨ ᠵᠠᠷᠤᠴᠠ ᠨᠠᠷ ᠴᠤᠭᠯᠠᠷᠠᠵᠤ ᠣᠷᠳᠣᠨ ᠤ ᠠᠵᠢᠯ ᠳᠤ ᠬᠠᠮᠵᠢᠯᠴᠠᠳᠠᠭ ᠪᠠᠶᠢᠴᠠᠢ᠃ ᠨᠢᠭᠡ ᠤᠳᠠᠭ᠎ᠠ ᠮᠢᠲᠦᠭᠡᠨ ᠬᠠᠭᠠᠨ ᠤ ᠣᠷᠳᠣᠨ ᠳᠤ ᠣᠷᠣᠬᠤ ᠳᠤ ᠪᠠᠨ ᠣᠯᠠᠨ ᠬᠡᠦᠬᠡᠨ ᠴᠤᠭᠯᠠᠭᠰᠠᠨ ᠢ ᠬᠠᠷᠠᠵᠠᠢ᠃ ᠲᠡᠳᠡᠨ ᠦ ᠳᠤᠮᠳᠠ ᠦᠵᠡᠰᠬᠦᠯᠡᠩ ᠲᠡᠢ ᠨᠢᠭᠡᠨ ᠪᠦᠰᠡᠭᠦᠢ ᠪᠠᠶᠢᠬᠤ ᠶᠢ ᠦᠵᠡᠭᠰᠡᠨ ᠮᠢᠲᠦᠭᠡᠨ ᠲᠡᠭᠦᠨ ᠲᠡᠢ ᠠᠭᠤᠯᠵᠠᠨ᠂ ᠳᠠᠭᠠᠭᠤᠯᠵᠤ ᠶᠠᠪᠤᠭᠠᠳ ᠥᠷᠥᠭᠡᠨ ᠳᠦ ᠣᠷᠣᠵᠤ ᠨᠡᠶᠢᠯᠡᠭᠰᠡᠨ ᠪᠠᠶᠢᠨ᠎ᠠ᠃ ᠲᠡᠷᠡ ᠪᠦᠰᠡᠭᠦᠢ ᠨᠢ ᠵᠢᠷᠮᠦᠰᠦᠯᠡᠵᠦ ᠮᠠᠭᠠᠳ ᠦᠭᠡᠢ ᠭᠡᠵᠦ ᠦᠵᠡᠭᠡᠳ ᠮᠢᠲᠦᠭᠡᠨ ᠨᠥᠬᠥᠷ ᠡᠴᠡ ᠨᠢ ᠲᠤᠰᠠᠭᠠᠷᠯᠠᠨ ᠬᠠᠮᠠᠭᠠᠯᠠᠬᠤ ᠶᠢ ᠲᠤᠰᠢᠶᠠᠪᠠ᠃ ᠲᠡᠷᠡ ᠪᠦᠰᠡᠭᠦᠢ ᠦᠨᠡᠬᠡᠷ ᠵᠢᠷᠮᠦᠰᠦᠨ ᠪᠣᠯᠤᠭᠠᠳ ᠮᠡᠨᠳᠦᠯᠡᠭᠰᠡᠨ ᠬᠦᠦ ᠨᠢ ᠪᠦᠷᠢ ᠶᠠᠭᠤᠮ᠎ᠠ᠃ ᠪᠦᠷᠢ ᠶᠢ ᠮᠡᠨᠳᠦᠯᠡᠭᠰᠡᠨ ᠦ ᠳᠠᠷᠠᠭ᠎ᠠ ᠲᠡᠭᠦᠨ ᠢ ᠬᠠᠨ ᠬᠦ ᠶᠢᠨ ᠣᠷᠳᠣᠨ ᠤ ᠬᠠᠯᠠᠮᠵᠢᠨ ᠳᠤ ᠠᠪᠴᠤ ᠡᠬᠡ ᠶᠢ ᠨᠢ ᠬᠠᠭᠤᠴᠢᠨ ᠨᠥᠬᠥᠷ ᠲᠡᠢ ᠨᠢ ᠳᠠᠬᠢᠨ ᠨᠡᠶᠢᠯᠡᠭᠦᠯᠦᠭᠰᠡᠨ ᠪᠠᠶᠢᠨ᠎ᠠ᠃ ᠡᠨᠡᠬᠦ ᠪᠦᠷᠢ ᠨᠢ ᠲᠤᠩ ᠵᠣᠷᠢᠭ ᠵᠢᠷᠦᠬᠡ ᠲᠡᠢ᠂ ᠰᠢᠵᠠᠷᠠᠭᠤᠨ ᠡᠷ᠎ᠡ ᠪᠣᠯᠪᠠ᠃ ᠲᠡᠷᠡᠪᠡᠷ ᠰᠣᠭᠲᠣᠬᠤ ᠪᠠᠷ ᠢᠶᠠᠨ ᠡᠯᠳᠡᠪ ᠢ ᠶᠠᠷᠢᠵᠤ ᠠᠭᠰᠤᠮᠨᠠᠨ᠎ᠠ᠃ ᠮᠥᠩᠬᠡ ᠬᠠᠭᠠᠨ ᠤ ᠦᠶ᠎ᠡ ᠳᠦ ᠪᠦᠷᠢ ᠠᠷᠢᠬᠢ ᠤᠤᠭᠤᠵᠤ ᠰᠣᠭᠲᠣᠬᠤ ᠳᠤ ᠪᠠᠨ ᠰᠡᠳᠬᠢᠯ ᠳᠦ ᠪᠡᠨ ᠨᠢᠭᠤᠭᠳᠠᠵᠤ ᠪᠠᠶᠢᠭᠰᠠᠨ ᠬᠣᠷᠣᠰᠤᠯ ᠢᠶᠠᠨ ᠲᠠᠶᠢᠯᠵᠤ ᠪᠠᠲᠤ ᠶᠢ ᠮᠠᠭᠤ ᠬᠡᠯᠡᠨ ᠬᠠᠷᠢᠶᠠᠳᠠᠭ ᠪᠠᠶᠢᠪᠠ᠃ ᠡᠨᠡ ᠲᠤᠬᠠᠢ ᠪᠠᠲᠤ ᠮᠡᠳᠡᠭᠡᠳ ᠲᠡᠭᠦᠨ ᠢ ᠥᠪᠡᠷ ᠦᠨ ᠣᠷᠳᠣᠨ ᠳᠤ ᠢᠷᠡᠭᠦᠯᠬᠦ ᠶᠢ ᠱᠠᠭᠠᠷᠳᠠᠵᠠᠢ᠃ ᠮᠥᠩᠬᠡ ᠬᠠᠭᠠᠨ ᠤ ᠵᠠᠷᠯᠢᠭ ᠢᠶᠠᠷ ᠮᠥᠩᠬᠡᠰᠠᠷ ᠨᠣᠶᠠᠨ ᠪᠠᠲᠤ ᠶᠢᠨ ᠣᠷᠳᠣᠨ ᠳᠤ ᠪᠦᠷᠢ ᠶᠢ ᠬᠦᠷᠭᠡᠬᠦ ᠳᠦ ᠪᠠᠲᠤ ᠲᠡᠭᠦᠨ ᠢ ᠴᠠᠭᠠᠵᠠᠯᠠᠭᠰᠠᠨ ᠪᠠᠶᠢᠨ᠎ᠠ᠃ ᠪᠦᠷᠢ ᠲᠠᠪᠤᠨ ᠬᠥᠪᠡᠭᠦᠨ ᠲᠡᠢ ᠪᠠᠶᠢᠪᠠ᠃ ᠲᠡᠳᠡᠭᠡᠷ ᠡᠴᠡ ᠨᠡᠷ᠎ᠡ ᠳᠦ ᠭᠠᠷᠤᠭᠰᠠᠨ ᠨᠢ ᠣᠳᠬᠣᠨ ᠬᠦᠦ ᠠᠪᠥᠱᠺᠠ ᠪᠥᠭᠡᠳ ᠲᠡᠷᠡ ᠨᠢ ᠤᠷᠤᠭ ᠨᠡᠷᠡᠲᠦ ᠨᠢᠭᠡᠨ ᠬᠥᠪᠡᠭᠦᠨ ᠲᠡᠢ᠃ ᠬᠤᠪᠢᠯᠠᠢ ᠨᠢ ᠠᠷᠭᠦᠪᠡᠬᠦ ᠲᠡᠢ ᠬᠠᠭᠠᠨ ᠰᠢᠷᠡᠭᠡ ᠪᠤᠯᠢᠶᠠᠯᠳᠤᠨ ᠡᠪ ᠡᠪᠳᠡᠷᠡᠯᠴᠡᠬᠦ ᠳᠦ ᠪᠡᠨ ᠠᠪᠥᠱᠺᠠᠭ ᠴᠠᠭᠠᠳᠠᠢ ᠶᠢᠨ ᠤᠯᠤᠰ ᠤᠨ ᠬᠠᠷ᠎ᠠ ᠬᠦᠯᠢᠭ ᠦᠨ ᠣᠷᠣᠨ ᠳᠤ ᠡᠵᠡᠨ ᠰᠠᠭᠤᠯᠭᠠᠵᠤ᠂ ᠡᠷᠭᠢᠨ᠎ᠡ ᠬᠠᠲᠤᠨ ᠢ ᠪᠠᠷᠢᠪᠴᠢᠯᠠᠭᠤᠯᠬᠤ ᠪᠠᠷ ᠶᠠᠪᠤᠭᠤᠯᠵᠠᠢ᠃ ᠵᠠᠮ ᠳᠤ ᠨᠢ ᠠᠷᠭᠦᠪᠦᠬᠦ ᠶᠢᠨ ᠴᠡᠷᠢᠭ ᠦᠳ ᠠᠪᠥᠱᠺᠠᠭ ᠪᠠᠷᠢᠪᠴᠢᠯᠠᠨ ᠠᠪᠠᠴᠢᠵᠠᠢ᠃ ᠵᠠᠷᠢᠮ ᠮᠡᠳᠡᠭᠡ ᠪᠡᠷ ᠮᠥᠩᠬᠡ ᠬᠠᠭᠠᠨ ᠤ ᠬᠦᠦ ᠠᠰᠤ ᠲᠠᠢ ᠠᠷᠭᠦᠪᠦᠬᠦ ᠶᠢᠨ ᠲᠤᠰᠢᠶᠠᠯ ᠢᠶᠠᠷ ᠠᠪᠥᠱᠺᠠᠭ ᠴᠠᠭᠠᠵᠠᠯᠠᠭᠰᠠᠨ ᠭᠡᠬᠦ ᠠᠭᠠᠳ ᠥᠭᠡᠷ᠎ᠡ ᠮᠡᠳᠡᠭᠡ ᠪᠡᠷ ᠡᠨᠡ ᠠᠪᠥᠱᠺᠠ ᠨᠢ ᠬᠤᠪᠢᠯᠠᠢ ᠬᠠᠭᠠᠨ ᠤ ᠳᠡᠷᠭᠡᠳᠡ ᠪᠠᠶᠢᠩᠭᠤ ᠪᠠᠶᠢᠭᠰᠠᠨ ᠪᠥᠭᠡᠳ ᠳᠠᠷᠠᠭ᠎ᠠ ᠨᠢ ᠬᠤᠪᠢᠯᠠᠢ ᠬᠠᠭᠠᠨ ᠤ ᠬᠦᠦ ᠥᠯᠵᠡᠶᠢᠲᠦ ᠬᠠᠭᠠᠨ ᠤ ᠳᠡᠷᠭᠡᠳᠡ ᠨᠠᠰᠤ ᠥᠨᠳᠥᠷ ᠪᠣᠯᠲᠠᠯ᠎ᠠ ᠪᠠᠶᠢᠭᠰᠠᠨ ᠭᠡᠬᠦ ᠠᠵᠡᠢ [ᠷᠠᠰᠢ ᠳᠤ ᠳᠤ-ᠳ᠋ᠢᠩ ᠲ᠃II:90,166]. ᠠᠪᠥᠱᠺᠠ ᠶᠢᠨ ᠣᠷᠣᠨ ᠳᠤ ᠠᠯᠭᠤᠢ ᠶᠢ ᠠᠷᠭᠦᠪᠡᠬᠦ ᠴᠠᠭᠠᠳᠠᠢ ᠶᠢᠨ ᠤᠯᠤᠰ ᠢ ᠵᠠᠬᠢᠷᠤᠭᠤᠯᠬᠤ ᠪᠠᠷ ᠲᠣᠮᠢᠯᠠᠨ ᠶᠠᠪᠤᠭᠤᠯᠵᠠᠢ᠃ ᠠᠯᠭᠤᠢ ᠪᠣᠯ ᠴᠠᠭᠠᠳᠠᠢ ᠶᠢᠨ ᠠᠴᠢ᠂ ᠪᠠᠶᠢᠳᠠᠷ ᠤᠨ ᠬᠥᠪᠡᠭᠦᠨ ᠪᠢᠯᠡ᠃ ᠠᠷᠭᠦᠪᠡᠬᠦ ᠥᠪᠡᠷ ᠦᠨ ᠢᠶᠡᠨ ᠳᠡᠷᠭᠡᠳᠡ ᠠᠯᠪᠠ ᠬᠠᠭᠠᠵᠤ ᠪᠠᠶᠢᠭᠰᠠᠨ ᠠᠯᠭᠤᠢ ᠳᠤ ᠭᠡᠷᠭᠡ᠂ ᠵᠠᠷᠯᠢᠭ ᠢᠶᠠᠨ ᠠᠳᠬᠤᠭᠤᠯᠤᠨ ᠴᠠᠭᠠᠳᠠᠢ ᠶᠢᠨ ᠤᠯᠤᠰ ᠤᠨ ᠡᠵᠡᠨ ᠢᠶᠡᠷ ᠲᠣᠮᠢᠯᠠᠨ ᠶᠠᠪᠤᠭᠤᠯᠬᠤ ᠳᠤ ᠪᠠᠨ ᠳᠣᠷᠣᠨᠠᠲᠤ ᠲᠦᠺᠧᠰᠲᠠᠨ ᠠᠴᠠ ᠲᠠᠷᠢᠶ᠎ᠠ ᠨᠡᠶᠢᠯᠡᠭᠦᠯᠬᠦ᠂ ᠠᠯᠲᠠᠨ ᠣᠷᠳᠣᠨ ᠤ ᠵᠦᠭ ᠡᠴᠡ ᠬᠤᠪᠢᠯᠠᠢ ᠷᠤ ᠴᠡᠷᠢᠭ ᠢᠯᠡᠭᠡᠬᠦ ᠳᠦ ᠬᠦᠷᠦᠪᠡᠯ ᠲᠡᠭᠦᠨ ᠢ ᠲᠣᠰᠤᠨ ᠲᠤᠯᠤᠯᠳᠤᠵᠤ ᠮᠣᠩᠭᠣᠯ ᠷᠤ ᠣᠷᠣᠭᠤᠯᠬᠤ ᠦᠭᠡᠢ ᠪᠠᠶᠢᠬᠤ ᠶᠢᠨ ᠵᠠᠷᠯᠢᠭᠳᠠᠵᠠᠢ᠃ ᠬᠠᠷ᠎ᠠ ᠬᠦᠯᠢᠭ ᠦᠨ ᠬᠠᠲᠤᠨ ᠡᠷᠭᠢᠨᠡᠭ ᠠᠯᠭᠤᠢ ᠥᠪᠡᠷ ᠦᠨ ᠬᠠᠲᠤᠨ ᠢᠶᠠᠨ ᠪᠣᠯᠭᠠᠵᠠᠢ᠃

ᠠᠯᠭᠤᠢ 1263 ᠣᠨ ᠠᠴᠠ ᠠᠷᠭᠦᠪᠦᠬᠦ ᠶᠢᠨ ᠨᠥᠯᠦᠭᠡᠨ ᠡᠴᠡ ᠭᠠᠷᠴᠤ ᠪᠡᠶ᠎ᠡ ᠳᠠᠬᠤ ᠪᠣᠳᠣᠯᠭ᠎ᠠ ᠪᠠᠷᠢᠮᠲᠠᠯᠠᠵᠤ ᠡᠬᠢᠯᠡᠵᠡᠢ᠃ ᠠᠷᠭᠦᠪᠡᠬᠦ ᠴᠠᠭᠠᠳᠠᠢ ᠶᠢᠨ ᠤᠯᠤᠰ ᠠᠴᠠ ᠠᠪᠬᠠᠭᠤᠯᠬᠠᠤᠷ᠎ᠠ ᠢᠯᠡᠭᠡᠭᠰᠡᠨ ᠡᠯᠴᠢ ᠨᠠᠷ ᠢ ᠠᠯᠭᠤᠢ ᠤᠳᠠᠭᠠᠨ ᠬᠤᠭᠤᠴᠠᠭ᠎ᠠ ᠪᠠᠷ ᠰᠠᠭᠠᠲᠠᠭᠤᠯᠵᠤ ᠤᠯᠠᠮ ᠢᠶᠠᠷ ᠨᠣᠶᠠᠳ ᠤᠨ ᠵᠥᠪᠯᠡᠯᠭᠡᠨ ᠢᠶᠡᠷ ᠬᠡᠯᠡᠯᠴᠡᠨ ᠲᠡᠳᠡᠭᠡᠷ ᠡᠯᠴᠢ ᠨᠠᠷ ᠢ ᠪᠦᠭᠦᠳᠡ ᠶᠢ ᠨᠢ ᠠᠯᠠᠵᠤ ᠬᠣᠷᠢᠶᠠᠵᠤ ᠪᠠᠶᠢᠴᠠᠢ᠃ ᠲᠡᠷᠡᠪᠡᠷ ᠬᠣᠵᠢᠮ ᠨᠢ ᠮᠠᠤᠧᠷᠠᠨᠠᠬᠠᠷ ᠠᠴᠠ ᠠᠯᠲᠠᠨ ᠣᠷᠳᠣᠨ ᠤ ᠴᠡᠷᠢᠭ ᠦᠳ ᠢ ᠰᠢᠬᠠᠨ ᠭᠠᠷᠭᠠᠵᠤ ᠭᠠᠵᠠᠷ ᠨᠤᠲᠤᠭ ᠢᠶᠠᠨ ᠲᠡᠯᠡᠭᠰᠡᠨ ᠠᠵᠡᠢ᠃ ᠠᠯᠭᠤᠢ ᠶᠢ ᠨᠠᠰᠤ ᠪᠠᠷᠠᠬᠤ ᠳᠤ ᠡᠷᠭᠢᠨ᠎ᠡ ᠬᠠᠲᠤᠨ ᠨᠣᠶᠠᠳ ᠢ ᠢᠳᠬᠠᠵᠤ ᠥᠪᠡᠷ ᠦᠨ ᠬᠦᠦ ᠮᠤᠪᠠᠷᠧᠺ ᠰᠢᠬ᠎ᠠ ᠶᠢ ᠶᠡᠬᠡ ᠬᠠᠭᠠᠨ ᠤ ᠵᠥᠪᠰᠢᠶᠡᠷᠡᠯ ᠦᠭᠡᠢ ᠴᠠᠭᠠᠳᠠᠢ ᠶᠢᠨ ᠤᠯᠤᠰ ᠤᠨ ᠡᠵᠡᠨ ᠰᠠᠭᠤᠯᠭᠠᠵᠠᠢ᠃ ᠮᠤᠪᠠᠷᠧᠺ ᠱᠠᠾ ᠴᠠᠭᠠᠳᠠᠢ ᠶᠢᠨ ᠤᠳᠤᠮ ᠤᠨ ᠬᠢᠨ ᠳᠣᠲᠣᠷ᠎ᠠ ᠠᠴᠠ ᠬᠠᠮᠤᠭ ᠤᠨ ᠲᠦᠷᠦᠭᠦᠨ ᠳᠦ ᠯᠠᠯᠤ ᠶᠢᠨ ᠱᠠᠰᠢᠨ ᠳᠤ ᠣᠷᠣᠭᠰᠠᠨ ᠶᠤᠮ᠃ [ᠪᠠᠷᠲ᠋ᠣᠯᠢ ᠳᠤ 1963 ᠪ:68-69].ᠮᠢᠲᠦᠭᠡᠨ ᠦ ᠭᠤᠷᠪᠠᠳᠤᠭᠠᠷ ᠬᠦᠦ ᠶᠢᠰᠦᠨᠳᠤᠸᠠ ᠪᠥᠭᠡᠳ ᠲᠡᠷᠡᠪᠡᠷ ᠮᠥᠮᠡᠨ᠂ ᠪᠠᠰᠠᠷ (ᠶᠠᠰᠠᠦ᠋ᠷ), ᠪᠣᠷᠠᠺ (ᠪᠣᠷᠣᠭ) ᠬᠡᠮᠡᠬᠦ ᠭᠤᠷᠪᠠᠨ ᠬᠥᠪᠡᠭᠦᠨ ᠲᠡᠢ ᠪᠠᠶᠢᠪᠠ᠃ ᠮᠥᠮᠡᠨ ᠨᠢ ᠠᠷᠢᠬᠢᠨ ᠳᠤ ᠬᠡᠲᠦᠷᠬᠡᠢ ᠣᠷᠣᠭᠰᠠᠨ᠂ ᠬᠡᠰᠦᠵᠦ ᠵᠤᠭᠠᠯᠠᠬᠤ ᠨᠢ ᠳᠡᠩᠳᠡᠭᠰᠡᠨ ᠨᠢᠭᠦᠯ ᠲᠡᠢ ᠨᠢᠭᠡᠨ ᠪᠠᠶᠢᠪᠠ ᠭᠡᠵᠦ ᠷᠠᠰᠢ ᠳᠤ ᠳᠤ-ᠳ᠋ᠢᠩ ᠲᠡᠮᠳᠡᠭᠯᠡᠭᠰᠡᠨ ᠪᠠᠶᠢᠨ᠎ᠠ᠃ [ᠷᠠᠰᠢ ᠳᠤ ᠳᠤ-ᠳ᠋ᠢᠩ ᠲ᠃II:91]. ᠶᠢᠰᠦᠨᠳᠤᠪᠠᠭ ᠤᠨ ᠬᠣᠶᠠᠳᠤᠭᠠᠷ ᠬᠦᠦ ᠪᠠᠰᠠᠷ ᠨᠢ ᠢᠯ ᠬᠠᠭᠠᠨᠲᠤ ᠤᠯᠤᠰ ᠲᠤ ᠰᠠᠶᠢᠳ ᠢᠶᠠᠷ ᠣᠴᠢᠵᠠᠢ᠃ ᠲᠡᠷᠡᠪᠡᠷ ᠤᠳᠠᠯ ᠦᠭᠡᠢ ᠠᠮᠢ ᠦᠷᠡᠭᠳᠡᠭᠰᠡᠨ ᠠᠵᠡᠢ᠃ ᠶᠢᠰᠦᠨᠳᠤᠪᠠᠭ ᠤᠨ ᠭᠤᠷᠪᠠᠳᠤᠭᠠᠷ ᠬᠥᠪᠡᠭᠦᠨ ᠪᠣᠷᠠᠺ ᠪᠢᠯᠡ᠃ ᠪᠣᠷᠠᠺ ᠨᠢ ᠬᠤᠪᠢᠯᠠᠢ ᠬᠠᠭᠠᠨ ᠤ ᠳᠡᠷᠭᠡᠳᠡ ᠥᠰᠴᠢ ᠥᠨᠳᠡᠶᠢᠵᠦ᠂ ᠠᠯᠪᠠᠨ ᠡᠭᠦᠷᠭᠡ ᠪᠡᠨ ᠭᠠᠷᠭᠠᠭᠤᠳ ᠰᠠᠶᠢᠨ ᠪᠡᠶᠡᠯᠡᠭᠦᠯᠵᠦ ᠪᠠᠶᠢᠴᠠᠢ᠃ ᠴᠠᠭᠠᠳᠠᠢ ᠶᠢᠨ ᠤᠯᠤᠰ ᠤᠨ ᠡᠵᠡᠨ ᠢᠶᠡᠷ ᠬᠠᠷ᠎ᠠ ᠬᠦᠯᠢᠭ ᠦᠨ ᠭᠠᠭᠴᠠ ᠬᠥᠪᠡᠭᠦᠨ ᠮᠤᠪᠠᠷᠧᠺ ᠱᠠᠾ ᠪᠠᠶᠢᠭᠰᠠᠨ ᠦᠶ᠎ᠡ ᠳᠦ ᠬᠤᠪᠢᠯᠠᠢ ᠬᠠᠭᠠᠨ ᠴᠠᠭᠠᠳᠠᠢ ᠶᠢᠨ ᠤᠯᠤᠰ ᠤᠨ ᠲᠣᠯᠣᠭᠠᠢ ᠳᠤ ᠪᠣᠷᠠᠺ ᠢ ᠰᠠᠭᠤᠯᠭᠠᠬᠤ ᠵᠠᠷᠯᠢᠭ ᠭᠠᠷᠭᠠᠨ ᠶᠠᠪᠤᠭᠤᠯᠵᠠᠢ᠃ ᠪᠣᠷᠠᠺ ᠴᠠᠭᠠᠳᠠᠢ ᠶᠢᠨ ᠤᠯᠤᠰ ᠲᠤ ᠣᠴᠢᠵᠤ᠂ ᠠᠷᠭ᠎ᠠ ᠵᠠᠯᠢ ᠬᠡᠷᠡᠭᠯᠡᠵᠦ᠂ ᠮᠤᠪᠠᠷᠧᠺ ᠰᠢᠬ᠎ᠠ ᠶᠢ ᠵᠠᠶᠢᠯᠠᠭᠤᠯᠤᠨ᠂ ᠲᠡᠨᠳᠡ ᠡᠵᠡᠨ ᠰᠠᠭᠤᠴᠠᠢ᠃

ᠴᠠᠭᠠᠳᠠᠢ ᠶᠢᠨ ᠤᠯᠤᠰ ᠤᠨ ᠬᠢᠯᠢ ᠬᠢᠵᠠᠭᠠᠷ ᠨᠢ ᠥᠭᠡᠲᠡᠢ ᠬᠠᠭᠠᠨ ᠤ ᠠᠴᠢ ᠬᠦᠦ ᠬᠠᠶᠢᠳᠤᠭ ᠤᠨ ᠡᠵᠡᠮᠰᠢᠯ ᠨᠤᠲᠤᠭ ᠲᠠᠢ ᠬᠢᠯᠢᠯᠡᠳᠡᠭ ᠪᠠᠶᠢᠪᠠ᠃ ᠪᠣᠷᠠᠺ ᠬᠠᠶᠢᠳᠤᠭ ᠤᠨ ᠨᠤᠲᠤᠭ ᠤᠨ ᠬᠡᠰᠡᠭ ᠭᠠᠵᠠᠷ ᠢ ᠡᠵᠡᠯᠡᠨ ᠠᠪᠴᠤ ᠬᠠᠶᠢᠳᠤᠭ ᠤᠨ ᠴᠡᠷᠢᠭ ᠲᠡᠢ ᠬᠡᠳᠦ ᠬᠡᠳᠦᠨ ᠤᠳᠠᠭ᠎ᠠ ᠲᠤᠯᠤᠯᠳᠤᠵᠠᠢ᠃ ᠭᠡᠰᠡᠨ ᠬᠡᠳᠦᠢ ᠴᠤ ᠤᠳᠠᠯ ᠦᠭᠡᠢ ᠥᠭᠡᠲᠡᠢ ᠬᠠᠭᠠᠨ ᠤ ᠤᠳᠤᠮ ᠤᠨ ᠺᠢᠫᠴᠠᠺ ᠨᠣᠶᠠᠨ ᠲᠡᠷᠡ ᠬᠣᠶᠠᠷ ᠤᠨ ᠳᠤᠮᠳᠠ ᠵᠠᠭᠤᠴᠢᠯᠠᠵᠤ ᠡᠪᠯᠡᠷᠡᠭᠦᠯᠵᠡᠢ᠃ ᠪᠣᠷᠠᠺ ᠬᠠᠶᠢᠳᠤ ᠬᠣᠶᠠᠷ ᠠᠨᠳᠠ ᠪᠣᠯᠤᠯᠴᠠᠵᠤ ᠪᠡᠶ᠎ᠡ ᠪᠡᠶ᠎ᠡ ᠪᠡᠨ ᠬᠦᠨᠳᠦᠳᠬᠡᠳᠡᠭ ᠪᠣᠯᠵᠠᠢ᠃ ᠬᠣᠵᠢᠮ ᠬᠣᠶᠢᠨ᠎ᠠ ᠡᠨᠡ ᠬᠣᠶᠠᠷ ᠤᠨ ᠦᠷ᠎ᠡ ᠬᠡᠦᠬᠡᠳ ᠦᠳ ᠨᠢᠭᠡ ᠨᠢᠭᠡᠨ ᠢᠶᠡᠨ 《ᠠᠨᠳᠠ》 ᠭᠡᠵᠦ ᠨᠡᠷᠡᠯᠡᠳᠡᠭ ᠪᠠᠶᠢᠭᠰᠠᠨ ᠭᠡᠵᠦ ᠷᠠᠰᠢ ᠳᠤ ᠳᠤ-ᠳ᠋ᠢᠩ ᠦᠭᠦᠯᠡᠵᠡᠢ᠃ [ᠷᠠᠰᠢ ᠳᠤ ᠳᠤ-ᠳ᠋ᠢᠩ᠂ ᠮᠥᠨ ᠲᠡᠨᠳᠡ].ᠪᠣᠷᠠᠺ ᠢ ᠨᠠᠰᠤ ᠪᠠᠷᠠᠭᠰᠠᠨ ᠤ ᠳᠠᠷᠠᠭ᠎ᠠ ᠴᠠᠭᠠᠳᠠᠢ ᠶᠢᠨ ᠳᠥᠷᠪᠡᠳᠦᠭᠡᠷ ᠠᠥᠪᠦᠭᠦᠨ ᠰᠠᠷᠠᠪᠠᠨ ᠤ ᠬᠦᠦ ᠨᠢᠭᠫᠧᠢ ᠴᠠᠭᠠᠳᠠᠢ ᠶᠢᠨ ᠤᠯᠤᠰ ᠤᠨ ᠬᠠᠭᠠᠨ ᠰᠢᠷᠡᠭᠡᠨ ᠳᠦ ᠰᠠᠭᠤᠴᠠᠢ᠃ ᠠᠯᠭᠤᠢ ᠴᠠᠭᠠᠳᠠᠢ ᠶᠢᠨ ᠤᠯᠤᠰ ᠤᠨ ᠬᠠᠭᠠᠨ ᠪᠠᠶᠢᠬᠤ ᠦᠶᠡᠳᠡᠭᠡ ᠠᠯᠲᠠᠨ ᠣᠷᠳᠣᠨ ᠤ ᠮᠡᠳᠡᠯ ᠳᠦ ᠪᠠᠶᠢᠭᠰᠠᠨ ᠮᠠᠤᠧᠷᠠᠨᠠᠬᠤᠷ ᠢ ᠡᠵᠡᠯᠡᠭᠦᠯᠬᠦ ᠪᠡᠷ ᠨᠢᠭᠫᠧᠢ ᠳᠦ 5 ᠮᠢᠩᠭᠠᠨ ᠴᠡᠷᠢᠭ ᠵᠠᠬᠢᠷᠤᠭᠤᠯᠤᠨ ᠶᠠᠪᠤᠭᠤᠯᠵᠠᠢ᠃ ᠨᠢᠭᠫᠧᠢ ᠲᠡᠢ ᠬᠠᠮᠲᠤ ᠤᠴᠢᠴᠠᠷ ᠨᠣᠶᠠᠨ᠂ ᠬᠠᠪᠠᠰ ᠠᠮᠢᠳ ᠤᠨ ᠬᠦᠦ ᠰᠤᠯᠠᠶᠢᠮᠠᠨ ᠪᠡᠬᠡᠶᠢᠭ ᠬᠠᠮᠲᠤ ᠢᠯᠡᠭᠡᠨ ᠲᠤᠬᠠᠢ ᠶᠢᠨ ᠵᠣᠷᠢᠯᠭ᠎ᠠ ᠶᠢ ᠭᠦᠢᠴᠡᠯᠳᠦᠭᠦᠯᠵᠦ ᠪᠠᠶᠢᠪᠠ᠃ ᠨᠢᠭᠫᠧᠢ 1271-1272 ᠣᠨ ᠳᠤ ᠬᠠᠭᠠᠨ ᠰᠠᠭᠤᠴᠠᠢ᠃

ᠪᠦᠷᠢ ᠶᠢᠨ ᠬᠥᠪᠡᠭᠦᠨ ᠬᠠᠳᠠᠭᠰᠡᠴᠡᠨ ᠦ ᠬᠦᠦ ᠪᠥᠬᠥᠲᠡᠮᠦᠷ (ᠲᠤᠭᠠ-ᠲᠧᠮᠶᠤᠶᠢᠷ) ᠨᠢᠭᠫᠧᠢ ᠶᠢᠨ ᠣᠷᠣᠨ ᠳᠤ ᠬᠠᠭᠠᠨ ᠰᠢᠷᠡᠭᠡ ᠶᠢ ᠵᠠᠯᠭᠠᠮᠵᠢᠯᠠᠪᠠ᠃ ᠪᠥᠬᠥᠲᠡᠮᠦᠷ ᠬᠠᠭᠠᠨ ᠰᠠᠭᠤᠭᠠᠳ ᠲᠡᠳᠦᠶᠢᠯᠡᠨ ᠤᠳᠠᠯ ᠦᠭᠡᠢ ᠠᠷᠠᠰᠤᠨ ᠤ ᠬᠣᠮᠬᠣᠷᠠᠤ ᠡᠪᠡᠳᠴᠢᠲᠡᠢ ᠪᠣᠯᠤᠭᠰᠠᠨ ᠭᠡᠨ᠎ᠡ᠃ ᠲᠡᠭᠦᠨ ᠦ ᠲᠣᠯᠣᠭᠠᠢ ᠶᠢᠨ ᠤ ᠪᠦᠬᠦ ᠦᠰᠦ ᠬᠠᠯᠴᠠᠷᠠᠨ ᠤᠨᠠᠭᠠᠳ᠂ ᠡᠨᠡ ᠡᠪᠡᠳᠴᠢᠨ ᠡᠴᠡ ᠪᠡᠨ ᠪᠣᠯᠵᠤ ᠥᠭᠡᠳᠡ ᠪᠣᠯᠵᠠᠢ᠃ [ᠷᠠᠰᠢ ᠳᠤ ᠳᠤ-ᠳ᠋ᠢᠩ ᠲ᠃II :100].ᠴᠠᠭᠠᠳᠠᠢ ᠶᠢᠨ ᠤᠯᠤᠰ ᠤᠨ ᠤᠯᠤᠰ ᠲᠥᠷᠥ ᠶᠢᠨ ᠪᠠᠶᠢᠳᠠᠯ 1282 ᠣᠨ ᠳᠤ ᠬᠠᠭᠠᠨ ᠰᠢᠷᠡᠭᠡᠨ ᠳᠦ ᠰᠠᠭᠤᠭᠰᠠᠨ ᠪᠣᠷᠠᠺ ᠤᠨ ᠬᠦᠦ ᠳᠤᠪᠠᠭ ᠤᠨ ᠦᠶ᠎ᠡ ᠪᠡᠨ ᠡᠴᠡ ᠶᠡᠬᠡᠳᠡ ᠲᠣᠭᠲᠠᠪᠤᠷᠢᠵᠢᠵᠠᠢ ᠳᠤᠪᠠᠭ ᠤᠨ ᠵᠢᠷᠭᠤᠭᠠᠨ ᠬᠦᠦ ᠴᠠᠭᠠᠳᠠᠢ ᠶᠢᠨ ᠤᠯᠤᠰ ᠤᠨ ᠬᠠᠭᠠᠨ ᠰᠢᠷᠡᠭᠡ ᠶᠢ ᠵᠠᠯᠭᠠᠮᠵᠢᠯᠠᠵᠠᠢ᠃ᠳᠤᠸᠠ ᠬᠠᠨ ᠤ ᠲᠥᠷᠥ ᠪᠠᠷᠢᠭᠰᠠᠨ ᠬᠤᠭᠤᠴᠠᠭᠠᠨ ᠤ ᠲᠠᠯ᠎ᠠ ᠪᠠᠷ ᠡᠷᠳᠡᠮᠲᠡᠳ ᠦᠨ ᠰᠠᠨᠠᠯ ᠵᠥᠷᠢᠶ᠎ᠡ ᠲᠡᠢ ᠪᠠᠶᠢᠳᠠᠭ᠃ ᠸ᠃ᠸ᠃ᠪᠠᠷᠲ᠋ᠣᠯᠢ ᠳᠤ ᠲᠡᠭᠦᠨ ᠢ 1282 ᠣᠨ ᠠᠴᠠ ᠲᠥᠷᠥ ᠪᠠᠷᠢᠭᠰᠠᠨ ᠭᠡᠵᠦ ᠦᠵᠡᠳᠡᠭ ᠠᠵᠡᠢ᠃ [ᠪᠠᠷᠲ᠋ᠣᠯᠢ ᠳᠤ 1963 ᠪ:70]. ᠺ᠃ᠡ᠃ᠪᠣᠰᠹᠣᠷ ᠲᠤ ᠲᠡᠭᠦᠨ ᠢ 1291 ᠣᠨ ᠠᠴᠠ ᠬᠠᠭᠠᠨ ᠰᠠᠭᠤᠭᠰᠠᠨ ᠭᠡᠵᠡᠢ᠃ [ᠪᠣᠰᠹᠣᠷ ᠲᠤ 1971:197]. ᠳᠤᠸᠠ 1307 ᠣᠨ ᠳᠤ ᠨᠤᠭᠤᠰᠤ ᠲᠠᠷᠢᠬᠢ ᠨᠢ ᠬᠠᠪᠤᠳᠤᠨ ᠰᠠ ᠡᠪᠡᠳᠴᠢᠨ ᠳᠠᠭᠠᠷᠢᠭᠰᠠᠨ ᠤ ᠤᠯᠠᠮ ᠠᠴᠠ ᠲᠩᠷᠢ ᠳᠦ ᠬᠠᠯᠢᠵᠠᠢ [ᠪᠠᠷᠲ᠋ᠣᠯᠢ ᠳᠤ 1963 ᠪ:73]. ᠥᠭᠡᠷ᠎ᠡ ᠪᠡᠷ ᠬᠡᠯᠡᠪᠡᠯ ᠳᠤᠸᠠ 25 ᠵᠢᠯ ᠴᠠᠭᠠᠳᠠᠢ ᠶᠢᠨ ᠤᠯᠤᠰ ᠤᠨ ᠲᠥᠷᠥ ᠶᠢᠨ ᠵᠢᠯᠣᠭᠣ ᠶᠢ ᠠᠳᠬᠤᠵᠤ ᠪᠠᠶᠢᠴᠠᠢ᠃

ᠳᠤᠸᠠ ᠬᠠᠨ ᠡᠮᠦᠨᠡᠬᠢ ᠬᠠᠭᠠᠳ ᠤᠨ ᠦᠶ᠎ᠡ ᠳᠦ ᠪᠠᠶᠢᠩᠭᠤ ᠭᠠᠷᠴᠤ ᠪᠠᠶᠢᠭᠰᠠᠨ ᠢᠵᠠᠭᠤᠷᠲᠠᠨ ᠨᠣᠶᠠᠳ ᠤᠨ ᠬᠣᠭᠣᠷᠣᠨᠳᠣ ᠶᠢᠨ ᠳᠠᠶᠢᠨ ᠰᠠᠮᠠᠭᠤᠨ ᠢ ᠨᠠᠮᠵᠢᠭᠠᠵᠤ᠂ ᠤᠯᠤᠰ ᠣᠷᠣᠨ ᠢᠶᠠᠨ ᠲᠥᠪᠬᠢᠨᠡᠭᠦᠯᠪᠡ ᠭᠡᠵᠦ ᠮᠢᠬᠠᠮᠤᠳ ᠢᠪᠨ ᠸᠠᠯᠢ ᠳᠤ ᠣᠨᠴᠠᠯᠠᠨ ᠲᠡᠮᠳᠡᠭᠯᠡᠵᠡᠢ [ᠫᠢᠱᠤᠯᠢᠨ᠎ᠠ 1983:44]. ᠳᠤᠸᠠ ᠬᠠᠨ ᠤᠯᠤᠰ ᠲᠥᠷᠥ ᠶᠢᠨ ᠳᠣᠲᠣᠭᠠᠳᠤ ᠪᠠᠶᠢᠳᠠᠯ ᠢᠶᠠᠨ ᠲᠣᠭᠲᠠᠪᠤᠷᠢᠵᠢᠭᠤᠯᠵᠤ ᠴᠢᠳᠠᠭᠰᠠᠨ ᠬᠡᠳᠦᠢ ᠴᠤ ᠤᠯᠤᠰ ᠲᠥᠷᠥ ᠶᠢᠨ ᠭᠠᠳᠠᠭᠠᠳᠤ ᠪᠠᠶᠢᠳᠠᠯ ᠨᠢ ᠲᠡᠳᠦᠶᠢᠯᠡᠨ ᠲᠠᠶᠢᠪᠤᠩ ᠪᠤᠰᠤ ᠪᠠᠶᠢᠪᠠ᠃ ᠳᠤᠸᠠ ᠨᠢ ᠬᠠᠶᠢᠳᠤ ᠨᠣᠶᠠᠨ ᠤ ᠬᠠᠮᠲᠤᠷᠠᠨ ᠵᠢᠳᠬᠦᠭ᠍ᠴᠢ ᠪᠠᠶᠢᠭᠰᠠᠨ ᠲᠡᠳᠦᠢ ᠦᠭᠡᠢ ᠮᠣᠩᠭᠣᠯ ᠤᠨ ᠨᠤᠲᠤᠭ ᠳᠡᠪᠢᠰᠬᠡᠷ ᠳᠡᠭᠡᠷ᠎ᠡ ᠪᠣᠯᠤᠭᠰᠠᠨ ᠬᠤᠪᠢᠯᠠᠢ ᠶᠢᠨ ᠡᠰᠡᠷᠬᠦ ᠵᠡᠪᠰᠡᠭᠲᠦ ᠲᠡᠮᠡᠴᠡᠯ ᠳᠦ ᠪᠡᠶᠡᠴᠢᠯᠡᠨ ᠣᠷᠣᠯᠴᠠᠵᠤ ᠶᠠᠪᠤᠵᠠᠢ᠃ ᠲᠡᠭᠦᠨ ᠡᠴᠡ ᠭᠠᠳᠠᠨ᠎ᠠ ᠪᠠᠲᠤ ᠬᠠᠭᠠᠨ ᠤ ᠠᠬ᠎ᠠ ᠣᠷᠳᠣ ᠶᠢᠨ ᠤᠳᠤᠮ ᠤᠨ ᠪᠠᠶᠠᠨ ᠬᠠᠨ ᠲᠠᠢ ᠳᠤᠸᠠ ᠬᠠᠶᠢᠳᠤ ᠬᠣᠶᠠᠷ 18 ᠤᠳᠠᠭ᠎ᠠ ᠲᠤᠯᠤᠯᠳᠤᠵᠤ ᠪᠠᠶᠢᠭᠰᠠᠨ ᠭᠡᠵᠦ ᠸ᠃ᠸ᠃ᠪᠠᠷᠲ᠋ᠣᠯᠢ ᠳᠤ ᠲᠡᠮᠳᠡᠭᠯᠡᠵᠡᠢ᠃ [ᠪᠠᠷᠲ᠋ᠣᠯᠢ ᠳᠤ 1963 ᠪ:70]. ᠬᠤᠪᠢᠯᠠᠢ ᠬᠠᠭᠠᠨ ᠤ ᠬᠦᠦ ᠲᠡᠮᠦᠷ ᠬᠠᠭᠠᠨ ᠳᠤ ᠪᠠᠶᠠᠨ ᠬᠠᠨ ᠡᠯᠴᠢ ᠵᠠᠷᠤᠵᠤ ᠬᠠᠶᠢᠳᠤ ᠳᠤᠸᠠ ᠨᠠᠷ ᠤᠨ ᠡᠰᠡᠷᠬᠦ ᠬᠣᠯᠪᠣᠭ᠎ᠠ ᠪᠠᠶᠢᠭᠤᠯᠵᠤ ᠴᠡᠷᠢᠭᠯᠡᠨ ᠴᠤᠬᠢᠬᠤ ᠰᠠᠨᠠᠯ ᠳᠡᠪᠰᠢᠭᠦᠯᠵᠡᠢ᠃ ᠭᠡᠪᠡᠴᠦ ᠲᠡᠮᠦᠷ ᠬᠠᠭᠠᠨ ᠬᠠᠲᠤᠨ ᠡᠬᠡ ᠶᠢᠨ ᠵᠥᠪᠯᠡᠭᠰᠡᠨ ᠢᠶᠡᠷ ᠲᠣᠳᠣᠷᠬᠠᠢ ᠬᠠᠷᠢᠭᠤ ᠥᠭᠭᠦᠭᠡ ᠦᠭᠡᠢ ᠪᠠᠶᠢᠨ᠎ᠠ᠃ 1301 ᠣᠨ ᠳᠤ ᠬᠠᠶᠢᠳᠤ ᠶᠤᠸᠠᠨ ᠤᠯᠤᠰ ᠤᠨ ᠴᠡᠷᠢᠭ ᠲᠡᠢ ᠲᠤᠯᠤᠯᠳᠤᠵᠤ ᠶᠠᠪᠤᠭᠠᠳ ᠠᠮᠢ ᠦᠷᠡᠭᠳᠡᠭᠰᠡᠨ ᠪᠠ ᠳᠤᠸᠠ ᠡᠨᠡ ᠲᠤᠯᠤᠯᠳᠤᠭᠠᠨ ᠳᠤ ᠬᠦᠨᠳᠦ ᠰᠢᠷᠬ᠎ᠠ ᠣᠯᠵᠤ 《ᠨᠠᠰᠤᠨ ᠲᠤᠷᠰᠢ ᠡᠳᠡᠭᠡᠷᠡᠬᠦ ᠦᠭᠡᠢ ᠡᠪᠡᠳᠴᠢᠲᠡᠢ ᠪᠣᠯᠵᠠᠢ》 [ᠪᠠᠷᠲ᠋ᠣᠯᠢ ᠳᠤ ᠮᠥᠨ ᠲᠡᠨᠳᠡ].ᠭᠡᠯ᠎ᠡ ᠬᠡᠳᠦᠢ ᠴᠤ ᠳᠤᠸᠠ ᠬᠠᠨ ᠢᠳᠡᠪᠬᠢ ᠲᠡᠢ ᠦᠢᠯᠡ ᠠᠵᠢᠯᠯᠠᠭ᠎ᠠ ᠥᠷᠨᠢᠭᠦᠯᠵᠦ ᠮᠣᠩᠭᠣᠯ ᠤᠨ ᠡᠵᠡᠨᠲᠦ ᠭᠦᠷᠦᠨ ᠦ ᠬᠡᠮᠵᠢᠶᠡᠨ ᠳᠦ ᠳᠥᠷᠪᠡᠨ ᠤᠯᠤᠰ ᠢ ᠬᠣᠯᠪᠣᠭᠠᠨ ᠤ ᠬᠡᠯᠪᠡᠷᠢ ᠪᠡᠷ ᠨᠢᠭᠡᠳᠬᠡᠵᠦ ᠬᠤᠳᠠᠯᠳᠤᠭ᠎ᠠ ᠠᠷᠠᠯᠵᠢᠶ᠎ᠠ ᠬᠥᠭᠵᠢᠭᠦᠯᠵᠦ ᠲᠣᠭᠲᠠᠮᠠᠯ ᠬᠠᠷᠢᠯᠴᠠᠭ᠎ᠠ ᠬᠣᠯᠪᠣᠭ᠎ᠠ ᠶᠢ ᠲᠣᠭᠲᠠᠭᠠᠬᠤ ᠰᠠᠨᠠᠯ ᠳᠡᠪᠰᠢᠭᠦᠯᠦᠨ᠂ ᠲᠡᠭᠦᠨ ᠢ ᠪᠡᠨ ᠬᠡᠷᠡᠭᠵᠢᠭᠦᠯᠬᠦ ᠭᠡᠵᠦ ᠬᠥᠭᠡᠭᠡᠴᠡᠯᠳᠦᠵᠦ ᠪᠠᠶᠢᠴᠠᠢ᠃ ᠲᠤᠰᠠᠭᠠᠷ ᠤᠯᠤᠰ ᠤᠳ ᠤᠨ ᠲᠡᠷᠢᠭᠦᠨ ᠨᠠᠷ ᠨᠢ ᠡᠵᠡᠨ ᠳᠦ ᠭᠦᠷᠦᠨ ᠦ ᠶᠡᠬᠡ ᠬᠠᠭᠠᠨ ᠤ ᠪᠢᠯᠢᠭᠳᠡᠯ ᠦᠨ ᠤᠳᠤᠷᠢᠳᠤᠯᠭ᠎ᠠ ᠶᠢᠨ ᠳᠣᠣᠷ᠎ᠠ ᠪᠡᠶ᠎ᠡ ᠪᠡᠶᠡᠲᠡᠢ ᠪᠡᠨ ᠡᠪᠲᠡᠢ ᠨᠠᠶᠢᠷᠲᠠᠢ ᠠᠵᠤ ᠲᠥᠷᠥᠬᠦ ᠶᠣᠰᠣᠠᠢ ᠪᠥᠭᠡᠳ ᠬᠤᠳᠠᠯᠳᠤᠭ᠎ᠠ ᠮᠠᠶᠢᠮᠠᠭ᠎ᠠ ᠶᠢ ᠪᠠᠨ ᠪᠦᠬᠦ ᠮᠣᠩᠭᠣᠯ ᠭᠦᠷᠦᠨ ᠦ ᠬᠡᠮᠵᠢᠶᠡᠨ ᠳᠦ ᠶᠠᠪᠤᠭᠤᠯᠤᠨ᠎ᠠ ᠭᠡᠵᠡᠢ᠃ [ᠪᠠᠷᠲ᠋ᠣᠯᠢ ᠳᠤ 1963 ᠪ:72].

ᠳᠤᠸᠠ ᠬᠠᠨ ᠡᠨᠡᠬᠦ ᠲᠥᠯᠥᠪᠯᠡᠭᠡ ᠶᠢ ᠶᠤᠸᠠᠨ ᠤᠯᠤᠰ ᠤᠨ ᠶᠡᠬᠡ ᠬᠠᠭᠠᠨ ᠥᠯᠵᠡᠶᠢᠲᠦ (ᠲᠡᠮᠦᠷ) ᠵᠥᠪᠰᠢᠶᠡᠷᠡᠴᠢ᠂ ᠥᠪᠡᠷ ᠦᠨ ᠡᠯᠴᠢ ᠶᠢ ᠳᠤᠮᠳᠠᠳᠤ ᠠᠽᠢᠶ᠎ᠠ ᠳᠤ ᠲᠣᠮᠢᠯᠠᠨ ᠶᠠᠪᠤᠭᠤᠯᠵᠠᠢ᠃ 1304 ᠣᠨ ᠳᠤ ᠤᠭ ᠡᠯᠴᠢ ᠶᠢᠨ ᠬᠠᠮᠲᠤ ᠳᠤᠸᠠ ᠬᠠᠭᠠᠨ ᠤ ᠡᠯᠴᠢ ᠡᠯ᠎ᠡ ᠬᠠᠭᠠᠨᠲᠤ ᠤᠯᠤᠰ᠂ ᠠᠯᠲᠠᠨ ᠣᠷᠳᠣᠨ ᠤ ᠤᠯᠤᠰ ᠤᠨ ᠬᠠᠭᠠᠳ ᠤᠳ ᠲᠤ ᠤᠭ ᠲᠥᠯᠥᠪᠯᠡᠭᠡ ᠶᠢ ᠲᠠᠨᠢᠯᠴᠠᠭᠤᠯᠵᠠᠢ᠃ ᠲᠡᠳᠡ ᠲᠥᠯᠥᠪᠯᠡᠭᠡ ᠶᠢ ᠳᠡᠮᠵᠢᠵᠦ᠂ ᠲᠡᠭᠦᠨ ᠢ ᠬᠡᠷᠡᠭᠵᠢᠭᠦᠯᠬᠦ ᠲᠠᠯ᠎ᠠ ᠪᠠᠷ ᠬᠡᠯᠡᠯᠴᠡᠭᠡᠷ ᠪᠠᠶᠢᠭᠤᠯᠤᠭᠰᠠᠨ ᠠᠪᠴᠤ ᠲᠡᠷᠡ ᠨᠢ ᠪᠡᠶᠡᠯᠡᠭᠰᠡᠨ ᠦᠭᠡᠢ᠃ ᠤᠴᠢᠷ ᠨᠢ 1305 ᠣᠨ ᠳᠤ ᠬᠠᠶᠢᠳᠤ ᠨᠣᠶᠠᠨ ᠤ ᠬᠦᠦ ᠴᠠᠫᠠᠷ ᠤᠨ ᠴᠡᠷᠢᠭ ᠴᠠᠭᠠᠳᠠᠢ ᠶᠢᠨ ᠤᠯᠤᠰ ᠤᠨ ᠨᠤᠲᠤᠭ ᠮᠠᠤᠧᠷᠠᠨᠠᠬᠢᠷᠲ ᠳᠣᠪᠲᠣᠯᠤᠨ ᠳᠠᠶᠢᠨ ᠥᠳᠥᠭᠡᠵᠡᠢ᠃ ᠳᠤᠸᠠ ᠬᠠᠨ ᠴᠠᠫᠠᠷᠲ ᠡᠯᠴᠢ ᠢᠯᠡᠭᠡᠨ 《ᠡᠪ ᠦᠭᠡᠢ ᠶᠠᠪᠤᠳᠠᠯ ᠤᠨ ᠤᠴᠢᠷ ᠢ ᠶᠠᠷᠢᠵᠤ ᠰᠢᠢᠳᠦᠶ᠎ᠡ》 ᠭᠡᠵᠡᠢ᠃ ᠡᠭᠦᠨ ᠦ ᠳᠠᠭᠠᠤ ᠲᠠᠱᠺᠧᠨᠲ ᠲᠦ ᠠᠭᠤᠯᠵᠠᠯᠲᠠ ᠬᠢᠬᠦ ᠪᠡᠷ ᠪᠣᠯᠤᠭᠰᠠᠨ ᠪᠣᠯᠪᠠᠴᠤ ᠥᠭᠥᠳᠡᠢ᠂ ᠴᠠᠭᠠᠳᠠᠢ ᠨᠠᠷ ᠤᠨ ᠦᠷ᠎ᠡ ᠠᠴᠢ ᠨᠠᠷ ᠬᠣᠭᠣᠷᠣᠨᠳᠣ ᠪᠠᠨ ᠲᠤᠯᠤᠯᠳᠤᠵᠤ ᠳᠤᠸᠠ ᠴᠠᠫᠠᠷ ᠢ ᠪᠠᠭᠤᠯᠭᠠᠨ ᠠᠪᠤᠭᠰᠠᠨ ᠪᠠᠶᠢᠨ᠎ᠠ᠃ ᠳᠤᠪᠠᠭ ᠨᠠᠰᠤ ᠪᠠᠷᠠᠬᠤ ᠳᠤ ᠲᠡᠭᠦᠨ ᠦ ᠣᠷᠣ ᠶᠢ ᠬᠥᠪᠡᠭᠦᠨ ᠺᠦᠶᠢᠨᠵᠢᠺ ᠵᠠᠯᠭᠠᠮᠵᠢᠯᠠᠭᠰᠠᠨ ᠪᠣᠯᠪᠠᠴᠤ ᠲᠤᠩ ᠤᠳᠠᠯ ᠦᠭᠡᠢ 1308 ᠣᠨ ᠳᠤ ᠨᠠᠰᠤ ᠨᠥᠬᠥᠴᠢᠵᠠᠢ᠃ ᠬᠠᠭᠠᠨ ᠰᠢᠷᠡᠭᠡ ᠶᠢ ᠪᠦᠷᠢ ᠶᠢᠨ ᠠᠴᠢ ᠲᠠᠯᠢᠺᠦ᠋ ᠡᠵᠡᠯᠡᠨ ᠠᠪᠤᠪᠠ᠃ ᠲᠡᠷᠡᠪᠡᠷ ᠯᠠᠯᠤ ᠶᠢᠨ ᠱᠠᠰᠢᠨᠲᠠᠨ ᠪᠠᠶᠢᠭᠰᠠᠨ ᠪᠥᠭᠡᠳ ᠳᠤᠪᠠᠭ ᠤᠨ ᠦᠷ᠎ᠡ ᠬᠡᠦᠬᠡᠳ ᠦᠳ ᠲᠡᠭᠦᠨ ᠦ ᠡᠰᠡᠷᠬᠦ ᠬᠤᠤᠪᠢᠯᠳᠤᠭᠠᠨ ᠵᠣᠬᠢᠶᠠᠵᠤ ᠺᠧᠪᠧᠺ 1310 ᠣᠨ ᠳᠤ ᠲᠡᠭᠦᠨ ᠦ ᠠᠮᠢ ᠨᠠᠰᠤᠨ ᠳᠤ ᠨᠢ ᠬᠠᠯᠠᠳᠠᠵᠠᠢ᠃ᠺᠧᠪᠧᠺ ᠲᠡᠷᠡ ᠵᠢᠯ ᠳᠤ ᠪᠡᠨ ᠨᠣᠶᠠᠳ ᠤᠨ ᠴᠢᠭᠤᠯᠭᠠᠨ ᠬᠢᠵᠦ᠂ ᠥᠪᠡᠷ ᠦᠨ ᠠᠬ᠎ᠠ ᠡᠰᠡᠨᠪᠦᠬᠦ ᠶᠢ ᠬᠠᠭᠠᠨ ᠰᠢᠷᠡᠭᠡᠨ ᠳᠦ ᠡᠷᠭᠦᠮᠵᠢᠯᠡᠪᠡ᠃ ᠡᠰᠡᠨᠪᠦᠬᠦ ᠶᠢᠨ ᠬᠠᠭᠠᠨᠴᠢᠯᠠᠯ ᠤᠨ ᠦᠶ᠎ᠡ ᠳᠦ ᠴᠠᠭᠠᠳᠠᠢ ᠶᠢᠨ ᠤᠯᠤᠰ ᠤᠨ ᠳᠣᠲᠣᠭᠠᠳᠤ ᠪᠠᠶᠢᠳᠠᠯ ᠲᠣᠭᠲᠠᠪᠤᠷᠢᠲᠠᠢ ᠪᠠᠶᠢᠭᠰᠠᠨ ᠪᠣᠯᠪᠠᠴᠤ ᠭᠠᠳᠠᠭᠰᠢ ᠬᠢᠭᠰᠡᠨ ᠠᠶᠠᠨ ᠳᠠᠶᠢᠨ ᠲᠡᠭᠦᠨ ᠳᠦ ᠰᠥᠷᠭᠡᠷ᠎ᠡ ᠨᠥᠯᠦᠭᠡᠯᠡᠵᠡᠢ᠃ ᠶᠤᠸᠠᠨ ᠤᠯᠤᠰ ᠤᠨ ᠬᠢᠯᠢ ᠶᠢᠨ ᠴᠡᠷᠢᠭ ᠲᠡᠢ ᠲᠤᠯᠤᠯᠳᠤᠭᠰᠠᠨ ᠠᠴᠠ ᠳᠠᠶᠢᠨ ᠳᠡᠭᠳᠡᠵᠦ᠂ ᠶᠤᠸᠠᠨ ᠤᠯᠤᠰ ᠤᠨ ᠴᠡᠷᠢᠭ ᠦᠳ ᠡᠰᠡᠨᠪᠦᠬᠦ ᠶᠢᠨ ᠡᠪᠦᠯ᠂ ᠵᠤᠨ ᠤ ᠣᠷᠳᠣ ᠶᠢ ᠡᠵᠡᠯᠡᠨ ᠰᠦᠢᠳᠬᠡᠵᠡᠢ᠃ ᠶᠤᠸᠠᠨ ᠤᠯᠤᠰ ᠤᠨ ᠬᠠᠭᠠᠨ ᠤ ᠡᠰᠡᠷᠬᠦ ᠬᠣᠯᠪᠣᠭ᠎ᠠ ᠪᠠᠶᠢᠭᠤᠯᠬᠤ ᠵᠣᠷᠢᠯᠭ᠎ᠠ ᠪᠠᠷ ᠠᠯᠲᠠᠨ ᠣᠷᠳᠣᠨ ᠤ ᠬᠠᠭᠠᠨ ᠦᠽᠡᠪᠸᠺᠢᠰᠲᠠᠨ ᠲᠡᠢ ᠬᠢᠭᠰᠡᠨ ᠬᠡᠯᠡᠯᠴᠡᠭᠡᠷ ᠨᠢ ᠲᠡᠳᠦᠶᠢᠯᠡᠨ ᠠᠮᠵᠢᠯᠲᠠᠨ ᠳᠤ ᠬᠦᠷᠢᠶ᠎ᠡ ᠭᠦᠢ ᠠᠵᠤ᠃ ᠡᠯ᠎ᠡ ᠬᠠᠭᠠᠨᠲᠤ ᠤᠯᠤᠰ ᠲᠠᠢ ᠬᠣᠯᠪᠣᠭ᠎ᠠ ᠲᠣᠭᠲᠠᠭᠠᠬᠤ ᠣᠷᠣᠯᠳᠤᠯᠭ᠎ᠠ ᠨᠢ ᠮᠥᠨ ᠪᠦᠲᠦᠯᠭᠦᠶᠢᠲᠦᠪᠡ᠃ ᠪᠠᠷᠲᠯᠳ ᠤᠨ ᠲᠣᠭᠠᠴᠠᠭ᠎ᠠ ᠪᠠᠷ ᠡᠰᠡᠨᠪᠡᠬᠦ 1318 ᠣᠨ ᠤ ᠦᠶ᠎ᠡ ᠳᠦ ᠨᠠᠰᠤ ᠪᠠᠷᠠᠭᠰᠠᠨ ᠪᠣᠯᠤᠯᠲᠠᠢ᠃ ᠴᠠᠭᠠᠳᠠᠢ ᠶᠢᠨ ᠤᠯᠤᠰ ᠤᠨ ᠲᠡᠦᠬᠡᠨ ᠳᠦ ᠨᠡᠷ᠎ᠡ ᠪᠡᠨ ᠮᠥᠩᠬᠡᠷᠡᠭᠦᠯᠦᠭᠰᠡᠨ ᠲᠣᠭ᠎ᠠ ᠲᠠᠢ ᠬᠡᠳᠦᠨ ᠬᠠᠭᠠᠳ ᠤᠨ ᠨᠢᠭᠡ ᠪᠣᠯᠬᠤ ᠺᠧᠪᠧᠺ 1318-1326 ᠣᠨ ᠤ ᠬᠣᠭᠣᠷᠣᠨᠳᠣ ᠲᠥᠷᠥ ᠪᠠᠷᠢᠵᠤ ᠪᠠᠶᠢᠪᠠ᠃ ᠠᠷᠠᠪ ᠤᠨ ᠵᠢᠭᠤᠯᠴᠢᠨ ᠢᠪᠨ ᠪᠠᠲᠤᠲᠤᠲᠠ 1333 ᠣᠨ ᠳᠤ ᠳᠤᠮᠳᠠᠳᠤ ᠠᠽᠢᠶ᠎ᠠ᠂ ᠴᠠᠭᠠᠳᠠᠢ ᠶᠢᠨ ᠤᠯᠤᠰ ᠢᠶᠠᠷ ᠠᠶᠠᠯᠠᠬᠤ ᠳᠤ ᠪᠠᠨ ᠺᠧᠪᠧᠺ ᠬᠠᠨ ᠤ ᠲᠠᠯ᠎ᠠ ᠪᠠᠷ ᠰᠣᠨᠣᠰᠤᠭᠰᠠᠨ ᠵᠦᠢᠯ ᠢᠶᠡᠨ ᠪᠢᠴᠢᠵᠦ ᠦᠯᠡᠳᠡᠭᠡᠵᠢ ᠪᠡᠨ᠃ ᠺᠧᠪᠧᠺ ᠪᠥᠭᠡ ᠮᠥᠷᠭᠦᠯᠲᠡᠨ ᠪᠠᠶᠢᠭᠰᠠᠨ ᠪᠥᠭᠡᠳ ᠤᠯᠤᠰ ᠣᠷᠣᠨ ᠳᠤ ᠪᠠᠨ ᠰᠢᠳᠤᠷᠭᠤ ᠪᠠᠶᠢᠳᠠᠯ ᠲᠣᠭᠲᠠᠭᠠᠬᠤ ᠶᠢᠨ ᠲᠥᠯᠥᠭᠡ᠂ ᠯᠠᠯᠤ ᠶᠢᠨ ᠱᠠᠰᠢᠨᠲᠠᠨ ᠢ ᠡᠨᠡᠷᠢᠴᠢ ᠬᠠᠮᠠᠭᠠᠯᠬ᠎ᠠ ᠶᠢᠨ ᠲᠥᠯᠥᠭᠡ᠂ ᠠᠯᠪᠠᠲᠤ ᠨᠠᠷ ᠤᠨ ᠢᠶᠠᠨ ᠠᠶᠠᠲᠠᠢ ᠪᠠᠶᠢᠳᠠᠯ ᠤᠨ ᠲᠥᠯᠥᠭᠡ ᠲᠡᠮᠡᠴᠡᠵᠦ ᠪᠠᠶᠢᠯ᠎ᠠ᠃ ᠲᠡᠷᠡ ᠦᠶ᠎ᠡ ᠳᠦ ᠴᠠᠭᠠᠳᠠᠢ ᠶᠢᠨ ᠤᠯᠤᠰ ᠤᠨ ᠨᠡᠶᠢᠰᠯᠡᠯ ᠨᠢ ᠨᠬᠱᠧᠪ ᠪᠠᠶᠢᠪᠠ᠃ ᠨᠬᠱᠧᠪ ᠬᠣᠲᠠ ᠠᠴᠠ ᠬᠣᠯᠠ ᠦᠭᠡᠢ ᠭᠠᠵᠠᠷ ᠲᠤ ᠺᠧᠪᠧᠺ ᠥᠪᠡᠷᠲᠡᠭᠡᠨ ᠲᠤᠰᠬᠠᠢ ᠣᠷᠳᠣ ᠪᠠᠶᠢᠭᠤᠯᠵᠠᠢ᠃ ᠤᠭ ᠣᠷᠳᠣ ᠶᠢ ᠺᠠᠷᠰᠢ (ᠬᠠᠷᠰᠢ) ᠭᠡᠵᠦ ᠨᠡᠷᠡᠯᠡᠳᠡᠭ ᠪᠠᠶᠢᠪᠠ᠃ ᠺᠧᠪᠧᠺ ᠨᠢ ᠴᠠᠭᠠᠳᠠᠢ ᠶᠢᠨ ᠤᠯᠤᠰ ᠤᠨ ᠬᠠᠭᠠᠳ ᠳᠣᠲᠣᠷ᠎ᠠ ᠠᠴᠠ ᠠᠩᠬ᠎ᠠ ᠤᠳᠠᠭ᠎ᠠ ᠤᠯᠤᠰ ᠤᠨ ᠢᠶᠠᠨ ᠬᠡᠮᠵᠢᠶ᠎ᠡ ᠪᠡᠷ ᠬᠡᠷᠡᠭᠯᠡᠬᠦ ᠮᠥᠩᠭᠥᠨ ᠵᠣᠭᠣᠰ ᠢ ᠥᠪᠡᠷ ᠦᠨ ᠨᠡᠷ᠎ᠡ ᠶᠢᠨ ᠡᠮᠦᠨ᠎ᠡ ᠡᠴᠡ ᠴᠢᠳᠬᠤᠨ ᠭᠠᠷᠭᠠᠵᠠᠢ᠃ ᠡᠨᠡᠬᠦ ᠵᠣᠭᠣᠰ ᠢ ᠲᠡᠭᠦᠨ ᠦ ᠨᠡᠷ᠎ᠡ ᠪᠡᠷ ᠺᠧᠪᠧᠺ ᠦᠳ ᠬᠡᠮᠡᠨ ᠨᠡᠷᠡᠯᠡᠵᠦ ᠪᠠᠶᠢᠪᠠ᠃ ᠡᠨᠡ ᠨᠡᠷ᠎ᠡ ᠨᠢ ᠣᠷᠣᠰ ᠬᠡᠯᠡᠨ ᠳᠦ ᠰᠤᠨᠵᠢᠷᠠᠭᠰᠠᠭᠠᠷ 《ᠺᠣᠫᠧᠢᠺᠠ》 ᠪᠣᠯᠤᠨ ᠬᠤᠪᠢᠷᠠᠭᠰᠠᠨ ᠭᠡᠵᠦ ᠵᠠᠷᠢᠮ ᠰᠤᠳᠤᠯᠤᠭᠠᠴᠢᠳ ᠦᠵᠡᠳᠡᠭ ᠠᠵᠢ᠃ [ᠬᠠᠭᠠᠳ ᠤᠨ ᠰᠠᠩ 2000᠎ᠠ:205].ᠵᠠᠷᠢᠮ ᠲᠡᠦᠬᠡᠴᠢᠳ ᠦᠨ ᠦᠵᠡᠵᠦ ᠪᠤᠢ ᠪᠠᠷ ᠺᠧᠪᠧᠺ ᠥᠪᠡᠷ ᠦᠨ ᠦᠬᠦᠯ ᠢᠶᠡᠷ ᠨᠠᠰᠤ ᠨᠥᠬᠦᠴᠢᠭᠰᠡᠨ ᠠᠵᠢ᠃ ᠬᠠᠷᠢᠨ ᠢᠪᠨ ᠪᠠᠲ᠋ᠦ᠋ᠲ ᠲ ᠶᠢᠨ ᠲᠡᠮᠳᠡᠭᠯᠡᠭᠰᠡᠨ ᠢᠶᠡᠷ ᠺᠧᠪᠧᠺ ᠥᠪᠡᠷ ᠦᠨ ᠳᠡᠭᠦᠦ ᠲᠠᠷᠮᠠᠰᠢᠷᠢᠨ ᠳᠤ ᠠᠯᠠᠭᠳᠠᠭᠰᠠᠨ ᠭᠡᠳᠡᠭ᠃ᠺᠧᠪᠧᠺ᠂ ᠲᠠᠷᠮᠠᠰᠢᠷᠢᠨ ᠨᠠᠷ ᠤᠨ ᠬᠣᠭᠣᠷᠣᠨᠳᠣ ᠳᠤᠸᠠ ᠬᠠᠨ ᠤ ᠥᠭᠡᠷ᠎ᠡ ᠬᠣᠶᠠᠷ ᠬᠦᠦ ᠡᠯᠵᠢᠭᠡᠳᠡᠢ᠂ ᠳᠤᠷᠷᠠ-ᠲᠡᠮᠦᠷ ᠨᠠᠷ ᠬᠡᠳᠦᠬᠡᠨ ᠰᠠᠷ᠎ᠠ ᠶᠢᠨ ᠬᠤᠭᠤᠴᠠᠭ᠎ᠠ ᠪᠠᠷ ᠲᠥᠷᠥ ᠪᠠᠷᠢᠵᠤ ᠪᠠᠶᠢᠪᠠ᠃ ᠡᠯᠵᠢᠭᠡᠳᠡᠢ ᠶᠢᠨ ᠦᠶ᠎ᠡ ᠳᠦ ᠴᠠᠭᠠᠳᠠᠢ ᠶᠢᠨ ᠤᠯᠤᠰ ᠲᠤ ᠺᠠᠲ᠋ᠣᠯᠢᠭ ᠱᠠᠰᠢᠨ ᠤ ᠰᠤᠷᠲᠠᠯ ᠤᠬᠠᠭᠤᠯᠭ᠎ᠠ ᠳᠡᠯᠭᠡᠷᠴᠢ ᠹᠣᠮᠠ ᠮᠠᠩᠭᠠᠽᠣᠯ ᠬᠡᠮᠡᠬᠦ ᠳ᠋ᠣᠮᠢᠨᠢᠺᠠᠨ ᠶᠣᠰᠣᠨ ᠤ ᠭᠡᠯᠦᠩ ᠱᠠᠰᠢᠨ ᠤ ᠦᠢᠯᠡ ᠠᠵᠢᠯᠯᠠᠭ᠎ᠠ ᠶᠢ ᠥᠷᠨᠢᠭᠦᠯᠵᠦ ᠪᠠᠶᠢᠪᠠ᠃ 1329 ᠣᠨ ᠳᠤ ᠭᠡᠯᠡᠩ ᠢ ᠠᠪᠢᠨᠢᠨ ᠷᠤ ᠨᠤᠲᠤᠭ ᠪᠤᠴᠠᠬᠤ ᠳᠤ ᠫᠠᠫ ᠯᠠᠮᠠ ᠲᠡᠭᠦᠨ ᠢ ᠴᠠᠭᠠᠳᠠᠢ ᠶᠢᠨ ᠤᠯᠤᠰ ᠤᠨ ᠬᠠᠩᠪᠤ ᠪᠠᠷ ᠲᠣᠮᠢᠯᠠᠨ ᠪᠤᠴᠠᠭᠠᠨ ᠶᠠᠪᠤᠭᠤᠯᠵᠠᠢ᠃

1326 ᠣᠨ ᠤ ᠰᠡᠭᠦᠯᠡᠷ ᠴᠠᠭᠠᠳᠠᠢ ᠶᠢᠨ ᠤᠯᠤᠰ ᠤᠨ ᠬᠠᠭᠠᠨ ᠰᠢᠷᠡᠭᠡ ᠶᠢ ᠲᠠᠷᠮᠠᠰᠢᠷᠢᠨ ᠡᠵᠡᠯᠡᠨ ᠠᠪᠤᠪᠠ᠃ ᠲᠡᠷᠡ ᠪᠡᠷ 1334 ᠣᠨ ᠬᠦᠷᠲᠡᠯ᠎ᠡ ᠬᠠᠭᠠᠨᠴᠢᠯᠠᠵᠠᠢ᠃ ᠨᠬᠱᠧᠪ ᠬᠣᠲᠠ ᠶᠢᠨ ᠣᠶᠢᠷᠠᠯᠴᠠᠭ᠎ᠠ ᠲᠠᠷᠮᠠᠰᠢᠷᠢᠨ ᠲᠡᠢ ᠢᠪᠨ ᠪᠠᠲᠤᠲᠠᠲᠠ ᠳᠠᠭᠠᠷᠢᠯᠳᠤᠵᠠᠢ᠃ ᠲᠠᠷᠮᠠᠰᠢᠷᠢᠨ ᠨᠢ ᠯᠠᠯᠤ ᠶᠢᠨ ᠱᠠᠰᠢᠨ ᠰᠢᠲᠦᠵᠦ ᠰᠠᠭᠤᠷᠢᠨ ᠠᠮᠢᠳᠤᠷᠠᠯ ᠢ ᠢᠯᠡᠭᠦᠦ ᠳᠦ ᠦᠵᠡᠵᠦ ᠪᠠᠶᠢᠭᠰᠠᠨ ᠪᠥᠭᠡᠳ ᠮᠦᠰᠦ᠋ᠯᠮᠠᠨᠴᠤᠳ ᠲᠡᠭᠦᠨ ᠢ ᠠᠯ ᠠᠳᠠ-ᠳ᠋ᠢᠩ ᠭᠡᠵᠦ ᠨᠡᠷᠡᠯᠡᠳᠡᠭ ᠪᠠᠶᠢᠪᠠ᠃ ᠲᠡᠭᠦᠨ ᠦ ᠨᠡᠭᠦᠳᠡᠯᠴᠢᠨ ᠠᠷᠠᠳ ᠤᠨ ᠢᠶᠠᠨ ᠤᠯᠠᠮᠵᠢᠯᠠᠯ ᠶᠣᠰᠣ ᠵᠠᠩᠰᠢᠯ ᠠᠴᠠ ᠬᠡᠲᠦᠷᠬᠡᠢ ᠲᠠᠰᠤᠷᠴᠢ ᠬᠣᠯᠠᠳᠠᠯ᠎ᠠ ᠬᠡᠮᠡᠨ ᠵᠠᠷᠢᠮ ᠬᠠᠨ ᠬᠥᠪ ᠦᠳ ᠳᠤᠷᠠᠭᠦᠶᠢᠴᠡᠨ ᠪᠣᠰᠤᠯᠭ᠎ᠠ ᠭᠠᠷᠭᠠᠨ ᠬᠠᠯᠠᠳᠠᠵᠠᠢ᠃ ᠤᠭ ᠪᠣᠰᠤᠯᠭ᠎ᠠ ᠶᠢ ᠳᠤᠷᠷᠠ-ᠲᠡᠮᠦᠷ ᠬᠠᠨ ᠤ ᠬᠦᠦ ᠪᠤᠵᠠᠨ ᠤᠳᠤᠷᠢᠳᠥᠵᠤ ᠪᠠᠶᠢᠭᠰᠠᠨ ᠪᠥᠭᠡᠳ ᠲᠡᠷᠡ ᠪᠡᠷ ᠲᠠᠷᠮᠠᠰᠢᠷᠢᠨ ᠢ ᠬᠠᠭᠠᠨ ᠰᠢᠷᠡᠭᠡᠨ ᠡᠴᠡ ᠵᠠᠶᠢᠯᠠᠭᠤᠯᠵᠤ ᠠᠮᠠ ᠶᠢ ᠨᠢ ᠬᠥᠨᠥᠭᠡᠭᠰᠡᠨ ᠠᠵᠡᠢ᠃ᠪᠤᠵᠠᠨ ᠤ ᠲᠤᠬᠠᠢ ᠢᠪᠨ-ᠪᠠᠲᠤᠲᠠᠲᠠ ᠥᠭᠭᠦᠭᠦᠯᠬᠦ ᠳᠦ ᠪᠡᠨ ᠲᠡᠭᠦᠨ ᠢ ᠯᠠᠯᠤ ᠶᠢᠨ ᠬᠢᠨ ᠳᠤ ᠳᠤᠷ᠎ᠠ ᠦᠭᠡᠢ ᠬᠠᠷᠢᠨ ᠵᠠᠭᠠᠯᠮᠠᠶᠢᠲᠠᠨ ᠨᠤᠭᠤᠳ ᠪᠣᠯᠤᠨ ᠢᠪᠡᠷᠡᠢ ᠨᠠᠷᠠᠲᠤ ᠶᠡᠬᠡ ᠲᠠᠯ᠎ᠠ ᠲᠠᠢ ᠪᠠᠶᠢᠭᠰᠠᠨ ᠤᠴᠢᠷ ᠲᠡᠳᠡᠨ ᠳᠦ ᠰᠦᠮ᠎ᠡ ᠬᠡᠶᠢᠳ ᠢᠶᠡᠨ ᠰᠡᠷᠭᠦᠭᠡᠨ ᠪᠣᠰᠬᠠᠬᠤ ᠪᠣᠯᠤᠮᠵᠢ ᠣᠯᠭᠤᠭᠰᠠᠨ ᠭᠡᠵᠡᠢ᠃ [ᠪᠠᠷᠲ᠋ᠣᠯᠢ ᠳᠤ 1963 ᠪ:76]. ᠪᠤᠵᠠᠨ ᠬᠡᠳᠦᠬᠡᠨ ᠰᠠᠷ᠎ᠠ ᠲᠥᠷᠥ ᠪᠠᠷᠢ ᠳᠤᠮᠥᠨ 1334 ᠣᠨᠳᠣᠣ ᠬᠠᠭᠠᠨ ᠰᠢᠷᠡᠭᠡ ᠶᠢ ᠳᠤᠪᠠᠭ ᠤᠨ ᠠᠴᠢ ᠵᠧᠩᠺᠢᠰᠢ ᠳᠤ ᠲᠠᠯᠪᠢᠵᠤ ᠥᠭᠴᠡᠢ᠃ ᠵᠧᠩᠺᠢᠰᠢ ᠬᠠᠨ ᠪᠤᠷᠬᠠᠨ ᠤ ᠱᠠᠰᠢᠨᠲᠠᠨ ᠪᠠᠶᠢᠭᠰᠠᠨ ᠪᠥᠭᠡᠳ 1332 ᠣᠨ ᠳᠤ 172 ᠣᠯᠵᠠᠨ ᠤ ᠣᠷᠣᠰ ᠬᠦᠮᠦᠰ ᠢ ᠢᠯᠡᠭᠡᠭᠰᠡᠨ ᠦ ᠪᠡᠨ ᠲᠥᠯᠥᠭᠡ ᠮᠥᠩᠭᠥᠨ ᠱᠠᠩᠨᠠᠯᠬᠦᠷᠲᠡᠵᠦ ᠪᠠᠶᠢᠴᠠᠢ᠃ ᠵᠧᠩᠺᠢᠰᠢ ᠬᠠᠨ ᠤ ᠣᠷᠳᠣ ᠨᠢ ᠠᠯᠮᠠᠯᠢᠭ ᠲᠤ ᠪᠠᠶᠢᠭᠰᠠᠨ ᠪᠥᠭᠡᠳ ᠺᠠᠲ᠋ᠣᠯᠢᠭ ᠱᠠᠰᠢᠨ ᠤ ᠯᠠᠮᠠ ᠨᠠᠷ ᠲᠤᠰ ᠬᠣᠲᠠ ᠶᠢᠨ ᠣᠶᠢᠷᠠᠯᠴᠠᠭ᠎ᠠ ᠭᠠᠵᠠᠷ ᠬᠤᠳᠠᠯᠳᠤᠨ ᠠᠪᠴᠤ ᠰᠦᠮ᠎ᠡ ᠳᠤᠭᠠᠩ ᠪᠠᠷᠢᠭᠤᠯᠵᠠᠢ᠃ ᠵᠧᠩᠺᠢᠰᠢ ᠬᠠᠨ ᠢ 1338 ᠣᠨ ᠳᠤ ᠲᠡᠭᠦᠨ ᠦ ᠳᠡᠭᠦᠦ ᠶᠢᠰᠦᠨᠲᠡᠮᠦᠷ ᠠᠮᠢ ᠨᠠᠰᠤ ᠶᠢ ᠨᠢ ᠪᠦᠷᠢᠯᠭᠡᠬᠦ ᠵᠠᠮ ᠢᠶᠠᠷ ᠲᠥᠷᠥ ᠶᠢᠨ ᠡᠷᠭᠢᠯᠲᠡ ᠬᠡᠶᠢᠵᠢᠭᠡ᠃ ᠶᠢᠰᠦᠨᠲᠡᠮᠦᠷ ᠤᠳᠠᠯ ᠦᠭᠡᠢ ᠰᠡᠳᠬᠢᠯ ᠰᠠᠨᠠᠭ᠎ᠠ ᠪᠠᠷ ᠤᠨᠠᠵᠤ᠂ ᠠᠬ᠎ᠠ ᠶᠢᠨ ᠢᠶᠠᠨ ᠦᠬᠦᠯ ᠳᠦ ᠥᠪᠡᠷ ᠦᠨ ᠡᠬᠡ ᠶᠢ ᠪᠤᠷᠤᠭᠤᠳᠬᠠᠵᠠᠢ᠃ ᠲᠡᠭᠦᠨ ᠦ ᠳᠠᠷᠠᠭ᠎ᠠ ᠴᠠᠭᠠᠳᠠᠢ ᠶᠢᠨ ᠤᠯᠤᠰ ᠤᠨ ᠬᠠᠭᠠᠨ ᠰᠢᠷᠡᠭᠡ ᠶᠢ ᠥᠭᠡᠲᠡᠢ ᠤᠳᠤᠮ ᠤᠨ ᠠᠯᠢ ᠰᠤᠯᠲᠠᠨ ᠪᠤᠯᠢᠶᠠᠨ ᠠᠪᠴᠤ ᠵᠠᠭᠠᠯᠮᠠᠶᠢᠲᠤ ᠱᠠᠰᠢᠨᠲᠠᠨ ᠤ ᠡᠰᠡᠷᠬᠦ ᠠᠯᠠᠯᠭ᠎ᠠ ᠬᠢᠳᠤᠯᠭ᠎ᠠ ᠶᠠᠪᠤᠭᠤᠯᠵᠠᠢ᠃ ᠡᠨᠡ ᠠᠯᠠᠯᠭ᠎ᠠ ᠶᠢᠨ ᠦᠶ᠎ᠡ ᠪᠡᠷ ᠺᠠᠲ᠋ᠣᠯᠢᠭ ᠱᠠᠰᠢᠨ ᠤ ᠪᠦᠬᠦ ᠯᠠᠮᠠ ᠨᠠᠷ ᠠᠮᠢ ᠦᠷᠡᠭᠳᠡᠵᠡᠢ᠃

ᠠᠯᠢ ᠰᠤᠯᠲᠠᠨ ᠤ ᠳᠠᠷᠠᠭ᠎ᠠ ᠺᠦᠶᠢᠨᠵᠢᠭ ᠬᠠᠨ ᠤ ᠠᠴᠢ ᠮᠤᠬᠤᠮ ᠢᠶ᠎ᠡ ᠳᠦ-ᠫᠦᠯ ᠳᠤ ᠬᠠᠨ ᠪᠣᠯᠵᠤ᠂ ᠲᠡᠭᠦᠨ ᠦ ᠣᠷᠣ ᠶᠢ ᠶᠠᠰᠪᠠᠭᠤᠷ ᠤᠨ ᠬᠦᠦ ᠺᠠᠽᠠᠨ ᠡᠵᠡᠯᠡᠪᠡ᠃ ᠺᠠᠽᠠᠨ ᠳᠠᠶᠢᠨ ᠰᠠᠮᠠᠭᠤᠨ ᠳᠤ ᠳᠣᠷᠣᠶᠢᠲᠠᠭᠰᠠᠨ ᠬᠠᠨᠲᠠ ᠲᠥᠷᠥ ᠶᠢ ᠪᠡᠬᠢᠵᠢᠭᠦᠯᠬᠦ ᠶᠢᠨ ᠲᠥᠯᠥᠭᠡ ᠲᠡᠮᠡᠴᠡᠵᠦ ᠶᠠᠪᠤᠭᠠᠳ 1346 ᠣᠨ ᠳᠤ ᠬᠠᠰᠠᠭᠠᠨ ᠨᠣᠶᠠᠨ ᠤ ᠭᠠᠷ ᠲᠤ ᠠᠮᠢ ᠦᠷᠡᠭᠳᠡᠵᠡᠢ᠃ ᠲᠡᠭᠦᠨ ᠦ ᠳᠠᠷᠠᠭ᠎ᠠ ᠶᠢᠨ ᠬᠠᠭᠠᠳ ᠤᠳ ᠶᠣᠰᠣ ᠲᠡᠳᠦᠢ ᠲᠥᠷᠥ ᠪᠠᠷᠢᠵᠤ ᠪᠠᠶᠢᠭᠰᠠᠨ ᠪᠥᠭᠡᠳ ᠲᠥᠷᠥ ᠶᠢᠨ ᠪᠣᠳᠠᠲᠤ ᠡᠷᠬᠡ ᠮᠡᠳᠡᠯ ᠮᠣᠩᠭᠣᠯ᠂ ᠲᠦᠷᠦᠭ ᠨᠣᠶᠠᠳ ᠤᠨ ᠭᠠᠷ ᠲᠤ ᠣᠷᠣᠵᠠᠢ᠃ ᠴᠠᠭᠠᠳᠠᠢ ᠶᠢᠨ ᠤᠯᠤᠰ ᠲᠤ 1241 ᠣᠨ ᠠᠴᠠ ᠬᠣᠶᠢᠰᠢ 1370 ᠣᠨ ᠳᠤ ᠳᠣᠭᠣᠯᠠᠩ ᠲᠡᠮᠦᠷ ᠲᠥᠷᠥ ᠶᠢᠨ ᠡᠷᠬᠡᠨ ᠳᠦ ᠭᠠᠷᠴᠤ ᠢᠷᠡᠬᠦ ᠦᠶ᠎ᠡ ᠬᠦᠷᠲᠡᠯ᠎ᠡ ᠨᠡᠶᠢᠲᠡ ᠳᠦ ᠪᠡᠨ 25 ᠬᠠᠭᠠᠨ ᠲᠥᠷᠥ ᠪᠠᠷᠢᠭᠰᠠᠨ ᠭᠡᠵᠦ ᠰᠤᠳᠤᠯᠤᠭᠠᠴᠢᠳ ᠦᠵᠡᠳᠡᠭ [ᠪᠣᠰᠪᠠᠷ ᠲᠤ 1971:197].ᠭᠡᠪᠡᠴᠦ ᠮᠠᠤᠧᠷᠠᠨᠠᠬᠢᠷᠲ ᠴᠠᠭᠠᠳᠠᠢ ᠶᠢᠨ ᠤᠭᠰᠠᠭᠠᠨ ᠤ ᠺᠠᠽᠠᠨ ᠬᠠᠨ ᠤ ᠳᠠᠷᠠᠭ᠎ᠠ 1346 ᠣᠨ ᠳᠤ ᠥᠭᠡᠲᠡᠢ ᠶᠢᠨ ᠤᠳᠤᠮ ᠤᠨ ᠬᠠᠨ ᠳᠠᠨᠢᠰᠮᠧᠨᠵ 2 ᠵᠢᠯ ᠲᠥᠷᠥ ᠶᠢᠨ ᠡᠷᠬᠡ ᠶᠢ ᠪᠤᠯᠢᠶᠠᠨ ᠠᠪᠴᠤ ᠪᠠᠷᠢᠵᠤ ᠪᠠᠶᠢᠪᠠ᠃ ᠲᠡᠭᠦᠨ ᠦ ᠳᠠᠷᠠᠭ᠎ᠠ 1370 ᠣᠨ ᠬᠦᠷᠲᠡᠯ᠎ᠡ 22 ᠵᠢᠯ ᠦᠨ ᠲᠤᠷᠰᠢ ᠪᠣᠳᠠᠲᠤ ᠡᠷᠬᠡ ᠮᠡᠳᠡᠯ ᠦᠭᠡᠢ ᠪᠣᠯᠵᠤ᠂ ᠮᠣᠩᠭᠣᠯ᠂ ᠲᠦᠷᠦᠭ ᠤᠭᠰᠠᠭᠠᠨ ᠤ ᠨᠣᠶᠠᠳ ᠤᠨ ᠭᠠᠷ ᠬᠤᠷᠤᠭᠤᠨ ᠤ ᠲᠣᠭᠯᠠᠭᠠᠮ ᠤᠨ ᠬᠡᠦᠬᠡᠯᠳᠡᠢ ᠪᠣᠯᠤᠭᠰᠠᠨ ᠪᠠᠶᠠᠨ-ᠺᠦᠶᠢᠯ᠂ ᠲᠡᠮᠦᠷ ᠰᠢᠬ᠎ᠠ ᠨᠠᠷ ᠡᠭᠡᠯᠵᠢ ᠳᠠᠷᠠᠭᠠᠯᠠᠨ ᠬᠠᠭᠠᠨ ᠰᠢᠷᠡᠭᠡᠨ ᠳᠦ ᠰᠠᠭᠤᠵᠤ ᠪᠠᠶᠢᠪᠠ᠃ ᠬᠠᠷᠢᠨ ᠮᠣᠭᠣᠯᠢᠰᠲᠠᠨ ᠳᠤ 1348 ᠣᠨ ᠳᠤ ᠲᠥᠷᠥ ᠶᠢᠨ ᠡᠷᠬᠡᠨ ᠳᠦ ᠭᠠᠷᠴᠤ ᠢᠷᠡᠭᠰᠡᠨ 18 ᠨᠠᠰᠤᠲᠠᠢ ᠲᠤᠭᠤᠯᠲᠡᠮᠦᠷ ᠢ ᠳᠤᠸᠠ ᠬᠠᠨ ᠤ ᠠᠴᠢ ᠬᠡᠮᠡᠨ ᠵᠠᠷᠯᠠᠵᠤ ᠬᠠᠭᠠᠨ ᠰᠢᠷᠡᠭᠡᠨ ᠳᠦ ᠡᠷᠭᠦᠮᠵᠢᠯᠡᠵᠡᠢ᠃ ᠲᠤᠭᠤᠯᠲᠡᠮᠦᠷ ᠦᠨ ᠡᠬᠡ ᠨᠢ ᠳᠤᠸᠠ ᠬᠠᠨ ᠤ ᠬᠦᠦ ᠡᠮᠢᠯ-ᠬᠣᠵᠢᠭ ᠤᠨ ᠡᠬᠡᠨᠡᠷ ᠪᠠᠶᠢᠭᠠᠳ ᠲᠡᠭᠦᠨ ᠦ ᠨᠠᠰᠤ ᠪᠠᠷᠠᠬᠤ ᠳᠤ ᠬᠣᠶᠠᠷ ᠳ᠋ᠡᠬᠢ ᠨᠥᠬᠥᠷ ᠦᠨ ᠭᠡᠷ ᠲᠦ ᠪᠡᠶ᠎ᠡ ᠳᠠᠪᠬᠤᠷ ᠣᠴᠢᠭᠰᠠᠨ ᠬᠡᠮᠡᠨ ᠦᠵᠡᠳᠡᠭ ᠪᠠᠶᠢᠨ᠎ᠠ᠃ [ᠪᠠᠷᠲ᠋ᠣᠯᠢ ᠳᠤ 1963 ᠪ:79-80]. ᠥᠭᠡᠷ᠎ᠡ ᠪᠡᠷ ᠬᠡᠯᠡᠪᠡᠯ᠂ ᠲᠤᠭᠤᠯᠲᠡᠮᠦᠷ ᠴᠠᠭᠠᠳᠠᠢ ᠶᠢᠨ ᠤᠳᠤᠮ ᠤᠨ ᠬᠠᠭᠠᠨ ᠭᠡᠬᠦ ᠳᠦ ᠶᠡᠬᠡ ᠳᠤ ᠡᠷᠡᠭᠡᠯᠵᠡᠭᠡ ᠲᠡᠢ ᠤᠴᠢᠷ ᠵᠠᠷᠢᠮ ᠰᠤᠳᠤᠯᠤᠭᠠᠴᠢᠳ ᠲᠡᠭᠦᠨ ᠦ ᠴᠠᠭᠠᠳᠠᠢ ᠶᠢᠨ ᠤᠯᠤᠰ ᠤᠨ ᠬᠠᠭᠠᠨ ᠭᠡᠵᠦ ᠦᠵᠡᠳᠡᠭ ᠦᠭᠡᠢ ᠪᠠᠶᠢᠨ᠎ᠠ᠃


ᠵᠠᠷᠢᠮ ᠰᠤᠳᠤᠯᠤᠭᠠᠴᠢᠳ ᠴᠠᠭᠠᠳᠠᠢ ᠶᠢᠨ ᠤᠭᠰᠠᠭᠠᠨ ᠤ ᠰᠡᠭᠦᠯᠴᠢ ᠶᠢᠨ ᠬᠠᠨ ᠺᠠᠽᠠᠨ ᠭᠡᠵᠦ ᠦᠵᠡᠳᠡᠭ ᠪᠠᠶᠢᠨ᠎ᠠ᠃ ᠪᠢᠳᠡᠨ ᠦ ᠪᠣᠳᠣᠯ ᠢᠶᠠᠷ ᠴᠠᠭᠠᠳᠠᠢ ᠶᠢᠨ ᠤᠯᠤᠰ 1370 ᠣᠨ ᠳᠤ ᠳᠣᠭᠣᠯᠠᠩ ᠲᠡᠮᠦᠷ ᠦᠨ ᠳᠠᠶᠢᠨ ᠤ ᠬᠥᠯ ᠳᠦ ᠮᠥᠬᠦᠭᠰᠡᠨ ᠪᠣᠯᠤᠯᠲᠠᠢ᠃ ᠭᠡᠪᠡᠴᠦ ᠴᠠᠭᠠᠳᠠᠢ ᠶᠢᠨ ᠤᠯᠤᠰ ᠤᠨ ᠦᠯᠡᠳᠡᠴᠡ ᠪᠣᠯᠤᠭᠰᠠᠨ ᠬᠡᠰᠡᠭ ᠪᠤᠰᠠᠭ ᠨᠡᠭᠦᠳᠡᠯᠴᠢᠳ ᠣᠷᠣᠨ ᠨᠤᠲᠤᠭ ᠲᠤ ᠪᠠᠨ ᠣᠷᠣᠰᠢᠭᠰᠠᠭᠠᠷ ᠪᠠᠶᠢᠴᠠᠢ᠃ ᠴᠢᠩᠭᠢᠰ ᠬᠠᠭᠠᠨ ᠳᠤᠮᠳᠠᠳᠤ ᠠᠽᠢ ᠶᠢ ᠡᠵᠡᠯᠡᠵᠦ ᠠᠪᠤᠮᠠᠭᠴᠠ ᠭᠤᠷᠪᠠᠨ ᠬᠥᠪᠡᠭᠦᠳ ᠳᠤ ᠪᠡᠨ ᠡᠵᠡᠯᠡᠭᠰᠡᠨ ᠣᠷᠣᠨ ᠤ ᠨᠤᠲᠤᠭ ᠢ ᠬᠤᠪᠢᠶᠠᠵᠤ ᠥᠭᠭᠦᠭᠰᠡᠨ ᠨᠢ ᠤᠭᠲᠤᠭ᠎ᠠ ᠳᠠᠶᠢᠨ ᠤ ᠬᠥᠯ ᠳᠦ ᠨᠢᠷᠪᠢᠭᠳᠡᠭᠰᠡᠨ ᠡᠳᠡᠭᠡᠷ ᠭᠠᠵᠠᠷ ᠣᠷᠣᠨ ᠢ ᠡᠵᠡᠨ ᠦ ᠶᠣᠰᠣᠭᠠᠷ ᠬᠠᠨᠳᠤᠵᠤ ᠥᠭᠡᠳᠡ ᠲᠠᠲᠠᠬᠤ ᠵᠣᠷᠢᠯᠭ᠎ᠠ ᠠᠭᠤᠯᠵᠤ ᠪᠠᠶᠢᠪᠠ᠃ ᠴᠠᠭᠠᠳᠠᠢ ᠳᠤ ᠣᠨᠣᠭᠳᠠᠭᠰᠠᠨ ᠬᠠᠷᠯᠤ ᠶᠢᠨ ᠬᠠᠭᠤᠴᠢᠨ ᠭᠠᠵᠠᠷ ᠨᠤᠲᠤᠭ ᠮᠣᠩᠭᠣᠯᠴᠤᠳ ᠲᠤ ᠳᠠᠭᠠᠷ᠎ᠠ ᠣᠷᠣᠭᠰᠠᠨ ᠤᠴᠢᠷ ᠳᠠᠶᠢᠨ ᠳᠤ ᠲᠡᠳᠦᠶᠢᠯᠡᠨ ᠨᠢᠷᠪᠢᠭᠳᠡᠭᠡ ᠦᠭᠡᠢ ᠠᠵᠤ᠃ ᠳᠠᠶᠢᠨ ᠤ ᠬᠠᠯᠠᠭᠤᠨ ᠮᠥᠷ ᠢᠶᠡᠷ ᠶᠠᠪᠤᠭᠰᠠᠨ ᠴᠢᠨᠢ-ᠴᠦᠨᠢ ᠪᠤᠮᠪ ᠴᠠᠭᠠᠳᠠᠢ ᠶᠢᠨ ᠭᠠᠵᠠᠷ ᠨᠤᠲᠤᠭ ᠢᠶᠠᠷ ᠳᠠᠭᠠᠷᠢᠨ ᠥᠩᠭᠡᠷᠡᠬᠦ ᠳᠦ ᠪᠡᠨ ᠡᠪᠳᠡᠷᠡᠯ ᠰᠦᠢᠷᠡᠯ ᠦᠨ ᠲᠤᠬᠠᠢ ᠣᠭᠲᠣ ᠥᠭᠭᠦᠭᠦᠯᠦᠭᠡ ᠦᠭᠡᠢ ᠪᠠᠶᠢᠨ᠎ᠠ᠃ [ᠰᠢ ᠢᠦᠢ ᠴᠽᠢ 1866 :304,336-337].

ᠡᠵᠡᠯᠡᠭᠳᠡᠭᠰᠡᠨ ᠭᠠᠵᠠᠷ ᠣᠷᠣᠨ ᠢ ᠠᠯᠢ ᠪᠣᠯᠬᠤ ᠣᠨᠣᠪᠴᠢᠲᠠᠢ ᠵᠠᠬᠢᠷᠬᠤ ᠶᠢᠨ ᠲᠤᠯᠠᠳᠠ ᠴᠢᠩᠭᠢᠰ ᠬᠠᠭᠠᠨ ᠲᠤᠬᠠᠢ ᠶᠢᠨ ᠣᠷᠣᠨ ᠨᠤᠲᠤᠭ ᠤᠨ ᠣᠨᠴᠠᠯᠢᠭ ᠢ ᠰᠠᠶᠢᠨ ᠮᠡᠳᠡᠬᠦ ᠬᠦᠮᠦᠨ ᠢ ᠵᠠᠬᠢᠷᠤᠭᠴᠢ ᠪᠠᠷ ᠲᠣᠮᠢᠯᠠᠵᠤ ᠮᠣᠩᠭᠣᠯ ᠳᠠᠷᠤᠭᠠᠴᠢ ᠨᠠᠷ ᠢ ᠲᠡᠭᠦᠨ ᠦ ᠮᠡᠳᠡᠯ ᠳᠦ ᠥᠭᠳᠡᠭ ᠪᠠᠶᠢᠪᠠ᠃ ᠡᠨᠡ ᠪᠣᠳᠣᠯᠭ᠎ᠠ ᠶᠢ ᠲᠡᠭᠦᠨ ᠦ ᠦᠶ᠎ᠡ ᠵᠠᠯᠭᠠᠮᠵᠢᠯᠠᠭᠴᠢᠳ ᠴᠤ ᠬᠠᠲᠠᠭᠤ ᠪᠠᠷᠢᠮᠲᠠᠯᠠᠭᠰᠠᠭᠠᠷ ᠢᠷᠡᠭᠰᠡᠨ ᠪᠢᠯᠡ᠃ ᠵᠢᠱᠢᠶᠡᠯᠡᠪᠡᠯ᠂ ᠷᠠᠰᠢ ᠳᠤ ᠠᠳᠠ ᠳᠢᠨ ᠤ ᠮᠡᠳᠡᠭᠡᠯᠡᠭᠰᠡᠨ ᠢᠶᠡᠷ᠂ ᠠᠮᠤ ᠳᠠᠷᠢᠶ᠎ᠠ ᠮᠥᠷᠡᠨ ᠡᠴᠡ ᠡᠮᠦᠨ᠎ᠡ ᠲᠡᠰᠢ ᠮᠣᠩᠭᠣᠯ ᠤᠨ ᠡᠵᠡᠯᠡᠭᠰᠡᠨ ᠭᠠᠵᠠᠷ᠂ ᠥᠭᠡᠷ᠎ᠡ ᠪᠡᠷ ᠬᠡᠯᠡᠪᠡᠯ᠂ ᠬᠣᠷᠠᠭᠰᠠᠨ᠂ ᠢᠷᠠᠨ ᠢ ᠤᠶᠢᠭᠤᠷ ᠭᠠᠷᠤᠯᠲᠠᠢ ᠺᠦᠺᠦ᠋ᠽᠢ ᠳᠦ ᠵᠠᠬᠢᠷᠤᠭᠤᠯᠤᠭᠰᠠᠨ ᠪᠥᠭᠡᠳ ᠲᠡᠷᠡ ᠨᠢ ᠬᠣᠷᠠᠭᠰᠠᠨ᠂ ᠮᠠᠽᠧᠨᠳᠠᠷᠠᠨ ᠤ ᠬᠡᠷᠡᠭ ᠢ ᠬᠥᠲᠥᠯᠵᠢ ᠴᠡᠭᠴᠡᠯᠡᠭᠰᠡᠨ ᠠᠵᠤ᠃ ᠮᠥᠩᠬᠦᠦ ᠵᠣᠬᠢᠶᠠᠭᠴᠢ ᠶᠢᠨ ᠮᠡᠳᠡᠭᠡ ᠪᠡᠷ᠂ ᠬᠣᠶᠢᠳᠤ ᠬᠢᠲᠠᠳ ᠢ ᠵᠠᠬᠢᠷᠬᠤ ᠡᠭᠦᠷᠭᠡ ᠬᠠᠭᠤᠴᠢᠨ ᠴᠢᠩᠭᠢᠰ ᠬᠠᠭᠠᠨ ᠠᠴᠠ ᠮᠠᠤᠧᠷᠠᠨᠠᠬᠢᠷᠲ ᠲᠠᠯᠪᠢᠭᠰᠠᠨ ᠵᠠᠬᠢᠷᠤᠭᠴᠢ ᠰᠠᠬᠢᠪ ᠮᠢᠬᠠᠮᠤᠳ ᠢᠯᠠᠪᠠᠴᠢᠳ ᠣᠨᠣᠭᠳᠠᠪᠠ᠃ ᠲᠡᠭᠦᠨ ᠦ ᠬᠦᠦ ᠮᠠᠰᠤᠳ ᠪᠧᠺ ᠮᠠᠤᠧᠷᠠᠨᠠᠬᠢᠷ᠂ ᠳᠣᠷᠣᠨᠠᠲᠤ ᠲᠦᠺᠧᠰᠲᠠᠨ᠂ ᠤᠶᠢᠭᠤᠷ ᠤᠨ ᠵᠠᠬᠢᠷᠤᠭᠴᠢ ᠶᠢᠨ ᠠᠯᠪᠠ ᠶᠢ ᠨᠠᠰᠤᠨ ᠥᠭᠡᠳᠡ ᠪᠣᠯᠲᠠᠯ᠎ᠠ ᠬᠠᠰᠢᠵᠤ ᠪᠠᠶᠢᠪᠠ᠃ [ᠷᠠᠰᠢ ᠳᠤ ᠳᠤ ᠳ᠋ᠢᠩ ᠲ᠃I :142, ᠲ᠃II :46]. ᠲᠡᠭᠦᠨᠴᠢᠯᠡᠨ ᠮᠣᠩᠭᠣᠯ ᠤᠨ ᠬᠠᠭᠠᠳ ᠳᠤᠮᠳᠠᠳᠤ ᠠᠽᠢᠶ᠎ᠠ᠂ ᠳᠣᠷᠣᠨᠠᠲᠤ ᠲᠦᠺᠧᠰᠲᠠᠨ ᠳᠤ ᠲᠥᠷᠥ ᠶᠢᠨ ᠠᠯᠪᠠ ᠬᠠᠭᠠᠯᠭᠠᠬᠤ ᠪᠠᠷ ᠮᠣᠩᠭᠣᠯ᠂ ᠬᠢᠲᠠᠳ ᠬᠦᠮᠦᠰ ᠢ ᠲᠣᠮᠢᠯᠠᠨ ᠶᠠᠪᠤᠭᠤᠯᠵᠤ ᠪᠠᠶᠢᠪᠠ᠃ [ᠪᠠᠷᠲ᠋ᠣᠯᠢ ᠳᠤ 1963᠎ᠠ:543].ᠡᠶᠢᠨᠬᠦᠦ᠂ ᠮᠣᠩᠭᠣᠯ ᠬᠠᠭᠠᠳ ᠤᠨ ᠲᠥᠷᠥ ᠶᠢᠨ ᠪᠣᠳᠣᠯᠭ᠎ᠠ ᠨᠢ ᠲᠤᠬᠠᠢ ᠶᠢᠨ ᠭᠠᠵᠠᠷ ᠣᠷᠣᠨ ᠤ ᠠᠵᠤ ᠠᠬᠤᠢ ᠶᠢᠨ ᠣᠨᠴᠠᠯᠢᠭ ᠢ ᠰᠠᠶᠢᠨ ᠮᠡᠳᠡᠬᠦ ᠬᠦᠮᠦᠰ ᠢ ᠲᠣᠮᠢᠯᠠᠨ ᠠᠵᠢᠯᠯᠠᠭᠤᠯᠬᠤ ᠳᠤ ᠣᠷᠣᠰᠢᠵᠤ ᠪᠠᠶᠢᠪᠠ᠃ ᠵᠠᠷᠢᠮ ᠰᠤᠳᠤᠯᠤᠭᠠᠴᠢᠳ ᠤᠨ ᠦᠵᠡᠵᠦ ᠪᠤᠢ ᠪᠠᠷ 《ᠭᠠᠳᠠᠭᠠᠳᠤ ᠶᠢᠬᠠᠨ ᠢ ᠮᠣᠩᠭᠣᠯᠴᠤᠳ ᠠᠯᠪᠠᠨ ᠳᠤ ᠪᠠᠨ ᠲᠠᠲᠠᠨ ᠣᠷᠤᠯᠴᠠᠭᠤᠯᠳᠠᠭ ᠪᠠᠶᠢᠭᠰᠠᠨ ᠨᠢ ᠨᠡᠭᠦᠳᠡᠯᠴᠢᠳ ᠥᠪᠡᠷᠰᠡᠳ ᠢᠶᠡᠨ ᠰᠤᠶᠤᠯ ᠢᠶᠠᠷ ᠳᠣᠷᠣᠢ᠂ ᠡᠵᠡᠯᠡᠭᠳᠡᠭᠰᠡᠨ ᠠᠷᠠᠳ ᠲᠦᠮᠡᠨ ᠢ ᠤᠳᠤᠷᠢᠳᠬᠤ ᠠᠷᠭ᠎ᠠ ᠲᠤᠷᠰᠢᠯᠭ᠎ᠠ ᠦᠭᠡᠢ ᠪᠡᠷ ᠲᠠᠶᠢᠯᠪᠤᠷᠢᠯᠠᠭᠳᠠᠨ᠎ᠠ》 ᠭᠡᠵᠡᠢ᠃ [ᠺᠦ᠋ᠲᠯᠤᠺᠣᠸ 1984: 102].

ᠪᠢᠳᠡᠨ ᠦ ᠦᠵᠡᠵᠦ ᠪᠤᠢ ᠪᠠᠷ ᠵᠠᠬᠢᠷᠤᠭᠴᠢ ᠭᠡᠳᠡᠭ ᠨᠢ ᠨᠢᠭᠡ ᠳᠦ᠂ ᠭᠦᠢᠴᠡᠳᠭᠡᠬᠦ ᠲᠤᠰᠢᠶᠠᠯᠲᠠᠨ ᠬᠣᠶᠠᠷ ᠲᠤ᠂ ᠲᠡᠷᠡᠪᠡᠷ ᠳᠠᠩ ᠭᠠᠭᠴᠠ ᠪᠠᠷ ᠢᠶᠠᠨ ᠪᠦᠬᠦ ᠠᠰᠠᠭᠤᠳᠠᠯ ᠢ ᠰᠢᠢᠳᠴᠦ ᠪᠠᠶᠢᠭ᠎ᠠ ᠦᠭᠡᠢ᠃ ᠵᠠᠬᠢᠷᠤᠭᠴᠢ ᠶᠢᠨ ᠳᠡᠷᠭᠡᠳᠡ ᠪᠠᠶᠢᠭᠰᠠᠨ ᠮᠣᠩᠭᠣᠯ ᠳᠠᠷᠤᠭᠠᠴᠢ ᠨᠠᠷ ᠲᠡᠭᠦᠨ ᠢ ᠬᠢᠨᠠᠬᠤ ᠡᠭᠦᠷᠭᠡ ᠲᠡᠢ ᠪᠠᠶᠢᠪᠠ᠃ ᠭᠤᠷᠪᠠ ᠳᠤ᠂ ᠮᠣᠩᠭᠣᠯᠴᠤᠳ ᠡᠵᠡᠯᠡᠭᠳᠡᠭᠰᠡᠨ ᠣᠷᠣᠨ ᠨᠤᠭᠤᠳ ᠲᠤ ᠣᠷᠣᠨ ᠨᠤᠲᠤᠭ ᠤᠨ ᠵᠠᠰᠠᠭ ᠵᠠᠬᠢᠷᠭ᠎ᠠ ᠶᠢ ᠣᠷᠣᠨ ᠨᠤᠲᠤᠭ ᠤᠨ ᠢᠵᠠᠭᠤᠷᠲᠠᠨ ᠳᠤ ᠦᠯᠡᠳᠡᠭᠡᠳᠡᠭᠪᠠᠶᠢᠭᠰᠠᠨ ᠠᠬᠤᠯ᠎ᠠ᠂ ᠲᠡᠳᠡᠨ ᠦ ᠳᠡᠷᠭᠡᠳᠡ ᠮᠣᠩᠭᠣᠯ ᠲᠦᠰᠢᠮᠡᠯ ᠵᠠᠬᠢᠷᠤᠭᠴᠢ ᠵᠠᠪᠠᠯ ᠲᠠᠯᠪᠢᠳᠠᠭ ᠠᠵᠢ᠃ ᠲᠡᠳᠡᠭᠡᠷ ᠦᠨ ᠭᠣᠣᠯ ᠡᠭᠦᠷᠭᠡ ᠨᠢ: 1/ ᠬᠦᠮᠦᠨ ᠠᠮᠠ ᠶᠢᠨ ᠲᠣᠭᠠᠯᠠᠯᠭ᠎ᠠ ᠶᠠᠪᠤᠭᠤᠯᠤᠨ᠎ᠠ᠂ 2/ ᠣᠷᠣᠨ ᠨᠤᠲᠤᠭ ᠤᠨ ᠬᠦᠮᠦᠨ ᠠᠮᠠ ᠠᠴᠠ ᠴᠡᠷᠢᠭ ᠡᠷᠡᠰ ᠲᠠᠲᠠᠨ᠎ᠠ᠂ 3/ ᠥᠷᠲᠡᠭᠡ ᠰᠢᠤᠳᠠᠨ ᠵᠣᠬᠢᠶᠠᠨ ᠪᠠᠶᠢᠭᠤᠯᠤᠨ᠎ᠠ᠂ 4/ ᠠᠯᠪᠠ ᠭᠤᠪᠴᠢᠭᠤᠷ ᠬᠤᠷᠢᠶᠠᠨ᠎ᠠ᠂ 5/ ᠣᠷᠳᠣᠨ ᠳᠤ ᠠᠯᠪᠠ᠂ ᠠᠯᠪᠠᠨ ᠲᠠᠲᠠᠪᠤᠷᠢ ᠬᠦᠷᠭᠡᠭᠦᠯᠦᠨ᠎ᠡ᠂ 6/ ᠣᠷᠣᠨ ᠨᠤᠲᠤᠭ ᠤᠨ ᠵᠠᠰᠠᠭ ᠵᠠᠬᠢᠷᠭ᠎ᠠ ᠶᠢ ᠬᠢᠨᠠᠨ᠎ᠠ᠃ [ᠪᠠᠷᠲ᠋ᠣᠯᠢ ᠳᠤ 1963᠎ᠠ:468]. ᠥᠭᠡᠷ᠎ᠡ ᠪᠡᠷ ᠬᠡᠯᠡᠪᠡᠯ᠂ ᠵᠠᠬᠢᠷᠤᠭᠴᠢ ᠪᠣᠯ ᠮᠣᠩᠭᠣᠯ ᠤᠨ ᠲᠥᠷᠥ ᠶᠢᠨ ᠵᠢᠳᠬᠦᠯᠲᠡᠨ᠂ ᠶᠡᠬᠡ ᠬᠠᠭᠠᠨ ᠤ ᠵᠠᠷᠯᠢᠭ ᠰᠢᠢᠳᠪᠦᠷᠢ ᠶᠢ ᠲᠤᠬᠠᠢ ᠶᠢᠨ ᠭᠠᠵᠠᠷ ᠨᠤᠲᠤᠭ ᠲᠤ ᠬᠡᠷᠡᠭᠵᠢᠭᠦᠯᠦᠭᠴᠢ ᠠᠯᠪᠠᠨ ᠲᠤᠰᠢᠶᠠᠯᠲᠠᠨ ᠶᠤᠮ᠃ ᠡᠵᠡᠯᠡᠭᠳᠡᠭᠰᠡᠨ ᠣᠷᠣᠨ ᠳᠤ ᠵᠠᠬᠢᠷᠤᠭᠴᠢ ᠪᠠᠷ ᠬᠠᠷᠢ ᠬᠦᠮᠦᠨ ᠢ ᠲᠣᠮᠢᠯᠠᠨ ᠠᠵᠢᠯᠯᠠᠭᠤᠯᠵᠤ ᠪᠠᠶᠢᠭᠰᠠᠨ ᠨᠢ ᠲᠤᠬᠠᠢ ᠶᠢᠨ ᠠᠯᠪᠠᠨ ᠲᠤᠰᠢᠶᠠᠯ ᠳᠤ ᠲᠣᠮᠢᠯᠠᠨ ᠠᠵᠢᠯᠯᠠᠭᠤᠯᠬᠤ ᠴᠢᠳᠠᠪᠤᠷᠢ ᠲᠠᠢ ᠮᠣᠩᠭᠣᠯ ᠲᠤᠰᠢᠮᠡᠯ ᠪᠠᠶᠢᠭ᠎ᠠ ᠦᠭᠡᠢ ᠡᠴᠡ ᠪᠤᠰᠤ ᠬᠠᠷᠢᠨ ᠡᠨᠡ ᠪᠠᠶᠢᠳᠠᠯ ᠨᠢ ᠡᠵᠡᠯᠡᠭᠳᠡᠭᠰᠡᠨ ᠣᠷᠣᠨ ᠤ ᠲᠠᠯ᠎ᠠ ᠪᠠᠷ ᠶᠠᠪᠤᠭᠤᠯᠵᠤ ᠪᠠᠶᠢᠭᠰᠠᠨ ᠮᠣᠩᠭᠣᠯ ᠲᠥᠷᠥ ᠶᠢᠨ ᠪᠣᠳᠣᠯᠭ᠎ᠠ ᠲᠠᠢ ᠰᠢᠭᠤᠳ ᠬᠣᠯᠪᠣᠭ᠎ᠠ ᠲᠠᠢ ᠶᠤᠮ᠃ ᠮᠣᠩᠭᠣᠯ ᠤᠨ ᠬᠠᠭᠠᠳ ᠤᠳ ᠡᠵᠡᠯᠡᠵᠦ ᠠᠪᠤᠭᠰᠠᠨ ᠣᠷᠣᠨ ᠨᠤᠭᠤᠳ ᠤᠨ ᠨᠡᠶᠢᠭᠡᠮ ᠡᠳ᠋ ᠍ ᠦᠨ ᠵᠠᠰᠠᠭ ᠤᠨ ᠪᠦᠲᠦᠴᠡ ᠶᠢ ᠨᠢ ᠲᠤᠬᠠᠢ ᠪᠦᠷᠢ ᠳᠦ ᠡᠪᠳᠡᠵᠦ ᠠᠷᠠᠳ ᠲᠦᠮᠡᠨ ᠳᠦ ᠨᠢ ᠥᠪᠡᠷ ᠦᠨ ᠵᠠᠰᠠᠭ ᠵᠠᠬᠢᠷᠭᠠᠨ ᠤ ᠲᠣᠭᠲᠠᠯᠴᠠᠭ᠎ᠠ ᠶᠢ ᠬᠦᠴᠦ ᠪᠡᠷ ᠲᠤᠯᠭᠠᠵᠤ ᠪᠠᠶᠢᠭ᠎ᠠ ᠦᠭᠡᠢ ᠪᠥᠭᠡᠳ ᠡᠭᠦᠨ ᠢ ᠵᠤᠭᠤᠤᠬᠠᠨ ᠰᠢᠲᠠ ᠳᠠᠷᠠᠭᠠᠯᠠᠯ ᠲᠠᠢ ᠬᠢᠵᠦ ᠪᠠᠶᠢᠭᠰᠠᠨ ᠢ ᠣᠨᠴᠠᠯᠠᠨ ᠲᠡᠮᠳᠡᠭᠯᠡᠭᠦᠰᠢᠲᠡᠢ᠃ ᠡᠵᠡᠯᠡᠭᠳᠡᠭᠰᠡᠨ ᠣᠷᠣᠨ ᠤ ᠠᠷᠠᠳ ᠲᠦᠮᠡᠨ ᠢ ᠶᠠᠭᠤᠨ ᠤ ᠡᠮᠦᠨ᠎ᠡ ᠣᠶᠤᠨ ᠰᠠᠨᠠᠭ᠎ᠠ ᠪᠠᠷ ᠨᠢ ᠪᠠᠷᠢᠵᠤ ᠪᠠᠶᠢᠬᠤ ᠶᠢ ᠢᠯᠡᠭᠦᠦ ᠳᠦ ᠦᠵᠡᠵᠦ ᠪᠠᠶᠢᠭᠰᠠᠨ ᠲᠤᠯᠠ ᠲᠤᠬᠠᠢ ᠶᠢᠨ ᠠᠷᠠᠳ ᠲᠦᠮᠡᠨ ᠦ ᠰᠡᠳᠬᠢᠯ ᠰᠠᠨᠠᠭᠠᠨ ᠳᠤ ᠪᠦᠬᠦ ᠶᠠᠭᠤᠮ᠎ᠠ ᠬᠡᠪ ᠦᠨ᠂ ᠡᠪᠦᠭᠡ ᠳᠡᠭᠡᠳᠦᠰ ᠦᠨ ᠬᠠᠭᠤᠴᠢᠨ ᠤᠯᠠᠮᠵᠢᠯᠠᠯ ᠵᠠᠩᠰᠢᠯ ᠢᠶᠠᠷ ᠶᠠᠪᠤᠭᠳᠠᠵᠤ ᠪᠠᠶᠢᠨ᠎ᠠ ᠭᠡᠳᠡᠭ ᠢ ᠣᠶᠢᠯᠠᠭᠠᠭᠤᠯᠬᠤ ᠨᠢ ᠴᠢᠬᠤᠯᠠ ᠪᠠᠶᠢᠯ᠎ᠠ᠃ ᠡᠶᠢᠮᠦ ᠡᠴᠡ ᠲᠤᠬᠠᠢ ᠶᠢᠨ ᠠᠷᠠᠳ ᠲᠦᠮᠡᠨ ᠦ ᠠᠬᠤᠢ ᠠᠮᠢᠳᠤᠷᠠᠯ ᠢ ᠰᠠᠶᠢᠨ ᠮᠡᠳᠡᠳᠡᠭ ᠪᠥᠭᠡᠳ ᠮᠣᠩᠭᠣᠯ ᠬᠠᠭᠠᠳ ᠤᠳ ᠥᠪᠡᠷ ᠦᠨ ᠢᠲᠡᠭᠡᠯ ᠨᠠᠶᠢᠳᠠᠪᠤᠷᠢ ᠶᠢ ᠪᠦᠷᠢᠨ ᠬᠦᠯᠢᠶᠡᠭᠰᠡᠨ ᠬᠦᠮᠦᠨ ᠢ ᠵᠠᠬᠢᠷᠤᠭᠴᠢ ᠪᠠᠷ ᠲᠣᠮᠢᠯᠠᠨ ᠠᠵᠢᠯᠯᠠᠭᠤᠯᠵᠤ ᠪᠠᠶᠢᠪᠠ᠃

1241 ᠣᠨ ᠳᠤ ᠮᠢᠬᠠᠮᠤᠳ ᠢᠯᠠᠪᠤᠴᠢ ᠶᠢ ᠬᠣᠶᠢᠳᠤ ᠬᠢᠲᠠᠳ ᠤᠨ ᠵᠠᠬᠢᠷᠤᠭᠴᠢ ᠪᠠᠷ ᠲᠣᠮᠢᠯᠠᠨ ᠠᠵᠢᠯᠯᠠᠭᠤᠯᠬᠤ ᠳᠤ ᠲᠡᠭᠦᠨ ᠦ ᠬᠦᠦ ᠮᠠᠰᠤᠳ ᠪᠧᠺ ᠥᠪᠡᠷ ᠦᠨ ᠲᠦᠷᠦᠭᠰᠡᠨ ᠨᠤᠲᠤᠭ ᠲᠤ ᠪᠠᠨ ᠦᠯᠡᠳᠡᠵᠦ ᠳᠤᠮᠳᠠᠳᠤ ᠠᠽᠢᠶ᠎ᠠ ᠵᠠᠬᠢᠷᠬᠤ ᠪᠣᠯᠤᠭᠰᠠᠨ ᠪᠢᠯᠡ᠃ [ᠷᠠᠰᠢ ᠳᠤ ᠳᠤ ᠳ᠋ᠢᠩ᠂ ᠲ᠃II:140]. ᠠᠯᠢ ᠴᠤ ᠲᠠᠯ᠎ᠠ ᠪᠠᠷ ᠪᠣᠳᠣᠭᠰᠠᠨ ᠬᠠᠷᠢ ᠬᠦᠮᠦᠨ ᠢ ᠲᠤᠬᠠᠢ ᠶᠢᠨ ᠨᠤᠲᠤᠭ ᠤᠨ ᠵᠠᠬᠢᠷᠤᠭᠴᠢ ᠪᠠᠷ ᠠᠵᠢᠯᠯᠠᠭᠤᠯᠬᠤ ᠨᠢ ᠮᠣᠩᠭᠣᠯ ᠤᠨ ᠲᠥᠷᠥ ᠳᠦ ᠢᠯᠡᠭᠦᠦ ᠠᠰᠢᠭᠲᠠᠢ ᠪᠠᠶᠢᠵᠤ ᠲᠠᠭᠠᠷᠠᠨ᠎ᠠ᠃ ᠮᠢᠬᠠᠮᠤᠳ ᠢᠯᠠᠪᠠᠴᠢ ᠶᠢᠨ ᠬᠤᠪᠢ ᠳᠤ ᠲᠡᠷᠡ ᠪᠡᠷ ᠴᠢᠩᠭᠢᠰ ᠬᠠᠭᠠᠨ ᠤ ᠢᠲᠡᠭᠡᠯ ᠢ ᠣᠯᠤᠭᠰᠠᠨ ᠮᠣᠩᠭᠣᠯ ᠤᠨ ᠲᠥᠷᠥ ᠳᠦ ᠦᠨᠡᠨᠴᠢ ᠪᠡᠷ ᠵᠢᠳᠬᠦᠵᠦ ᠪᠠᠶᠢᠭᠰᠠᠨ ᠬᠠᠷᠢ ᠭᠠᠷᠤᠯᠲᠠᠢ ᠲᠥᠷᠥ ᠶᠢᠨ ᠵᠢᠳᠬᠦᠯᠲᠡᠨ ᠪᠠᠶᠢᠭᠰᠠᠨ ᠲᠤᠯᠠ ᠮᠣᠩᠭᠣᠯ ᠤᠨ ᠶᠡᠬᠡ ᠬᠠᠭᠠᠳ ᠤᠳ ᠲᠡᠭᠦᠨ ᠳᠦ ᠪᠣᠯᠤᠨ ᠲᠡᠭᠦᠨ ᠦ ᠦᠷ᠎ᠡ ᠬᠡᠦᠬᠡᠳ ᠦᠳ ᠲᠦ ᠪᠦᠷᠢᠨ ᠢᠲᠡᠭᠡᠵᠦ ᠲᠡᠳᠡᠨ ᠢ ᠮᠠᠤᠧᠷᠠᠨᠠᠬᠢᠷ᠂ ᠳᠣᠷᠣᠨᠠᠲᠤ ᠲᠦᠺᠧᠰᠲᠠᠨ ᠤ ᠵᠠᠬᠢᠷᠤᠭᠴᠢ ᠪᠠᠷ ᠦᠶ᠎ᠡ ᠤᠯᠠᠷᠢᠭᠤᠯᠤᠨ ᠲᠣᠮᠢᠯᠠᠵᠤ ᠪᠠᠶᠢᠪᠠ᠃ᠶᠡᠬᠡ ᠮᠣᠩᠭᠣᠯ ᠤᠯᠤᠰ ᠤᠨ ᠦᠶ᠎ᠡ ᠳᠦ ᠡᠳᠡᠭᠡᠷ ᠵᠠᠬᠢᠷᠤᠭᠴᠢ ᠨᠠᠷ ᠶᠡᠬᠡ ᠬᠠᠭᠠᠨ ᠤ ᠲᠥᠯᠥᠭᠡ᠂ ᠡᠵᠡᠨ ᠳᠦ ᠭᠦᠷᠦᠨ ᠦ ᠦᠶ᠎ᠡ ᠳᠦ ᠲᠡᠳᠡ ᠨᠠᠷ ᠲᠤᠬᠠᠢ ᠶᠢᠨ ᠤᠯᠤᠰ ᠤᠨ ᠬᠠᠨ ᠤ ᠲᠥᠯᠥᠭᠡ ᠠᠯᠪᠠ ᠭᠤᠪᠴᠢᠭᠤᠷ ᠲᠠᠲᠠᠬᠤ ᠦᠨᠳᠦᠰᠦᠨ ᠡᠭᠦᠷᠭᠡ ᠬᠦᠯᠢᠶᠡᠵᠦ ᠪᠠᠶᠢᠪᠠ᠃ ᠴᠠᠭᠠᠳᠠᠢ ᠶᠢᠨ ᠤᠯᠤᠰ ᠤᠨ ᠨᠡᠶᠢᠭᠡᠮ ᠡᠳ᠋ ᠍ ᠦᠨ ᠵᠠᠰᠠᠭ ᠤᠨ ᠪᠠᠶᠢᠭᠤᠯᠤᠯ ᠢ ᠲᠣᠳᠣᠷᠬᠠᠶᠢᠯᠠᠬᠤ ᠳᠤ ᠲᠤᠰ ᠤᠯᠤᠰ ᠤᠨ ᠭᠠᠵᠠᠷ ᠤᠨ ᠬᠠᠷᠢᠯᠴᠠᠭᠠᠨ ᠤ ᠬᠡᠯᠪᠡᠷᠢ ᠨᠦᠭᠦᠳ ᠢ ᠠᠪᠴᠤ ᠦᠵᠡᠬᠦ ᠬᠡᠷᠡᠭᠲᠡᠢ ᠶᠤᠮ᠃ ᠮᠣᠩᠭᠣᠯᠴᠤᠳ ᠤᠨ ᠦᠶ᠎ᠡ ᠶᠢᠨ ᠳᠤᠮᠳᠠᠳᠤ ᠠᠽᠢᠶ᠎ᠠ ᠶᠢᠨ ᠭᠠᠵᠠᠷ ᠤᠨ ᠬᠠᠷᠢᠯᠴᠠᠭᠠᠨ ᠤ ᠠᠩᠬᠢᠯᠠᠯ ᠢ ᠠᠩᠬ᠎ᠠ ᠠ᠃ᠶᠦ᠃ᠶᠠᠺᠦᠶᠢᠪᠦᠢᠰᠺ ᠦ ᠰᠠᠨᠠᠯ ᠪᠣᠯᠭᠠᠭᠰᠠᠨ ᠠᠵᠤ᠃ [ᠢᠰᠲ᠋ᠣᠷᠢᠶ᠎ᠠ ᠨᠠᠷᠣᠳᠣᠪ ᠦᠽᠪᠧᠺᠢᠰᠲᠠᠨ᠎ᠠ 1950: 233-234]. ᠡᠭᠦᠨ ᠳᠦ: 1/. ᠮᠢᠯᠺ - ᠳ᠋ᠢᠸᠠᠨᠢ ᠪᠤᠶᠤ ᠤᠯᠤᠰ ᠤᠨ ᠭᠠᠵᠠᠷ ᠤᠨ ᠥᠮᠴᠢ ᠮᠥᠨ ᠡᠨᠳᠡ ᠬᠠᠨ ᠤ ᠬᠤᠪᠢ ᠭᠠᠵᠠᠷ – ᠢᠨᠵᠢ (ᠢᠩᠳᠵᠤ) ᠪᠠᠭᠳᠠᠨ᠎ᠠ; 2/. ᠮᠤᠯᠺ ᠪᠤᠶᠤ ᠹᠧᠣᠳᠠᠯ ᠤᠨ ᠪᠣᠯᠵᠣᠯ ᠦᠭᠡᠢ ᠭᠠᠵᠠᠷ ᠤᠨ ᠥᠮᠴᠢ; 3/. ᠸᠠᠺᠹ ᠪᠤᠶᠤ ᠯᠠᠯᠤ ᠶᠢᠨ ᠱᠠᠰᠢᠨ ᠤ ᠰᠦᠮ᠎ᠡ ᠬᠡᠶᠢᠳ ᠦᠨ ᠭᠠᠵᠠᠷ ᠤᠨ ᠥᠮᠴᠢ ᠪᠠᠭᠠᠳᠳᠠᠭ ᠪᠠᠶᠢᠨ᠎ᠠ᠃ ᠰᠤᠳᠤᠯᠤᠭᠠᠴᠢᠳ ᠡᠨᠡᠬᠦ ᠠᠩᠬᠢᠯᠠᠯ ᠢ ᠶᠡᠷᠦᠩᠬᠡᠢ ᠳᠤ ᠨᠢ ᠬᠦᠯᠢᠶᠡᠨ ᠵᠥᠪᠰᠢᠶᠡᠷᠡᠴᠢ ᠭᠠᠵᠠᠷ ᠤᠨ ᠬᠠᠷᠢᠯᠴᠠᠭᠠᠨ ᠤ ᠳᠥᠷᠪᠡᠳᠡᠬᠦ ᠬᠡᠯᠪᠡᠷᠢ ᠶᠢ ᠨᠡᠮᠡᠵᠦ ᠣᠷᠣᠭᠤᠯᠵᠠᠢ: 4/. ᠮᠢᠯᠺ ᠪᠤᠶᠤ ᠲᠠᠷᠢᠶᠠᠴᠢᠳ ᠤᠨ ᠭᠠᠵᠠᠷ ᠤᠨ ᠡᠵᠡᠮᠰᠢᠯ᠃ [ᠭᠠᠹᠦᠷᠠᠪᠠ 1972: 465]. ᠢᠩᠭᠢᠭᠡᠳ ᠳᠤᠮᠳᠠᠳᠤ ᠠᠽᠢ ᠶᠢ ᠶᠡᠷᠦᠩᠬᠡᠢ ᠳᠤ ᠨᠢ ᠪᠠᠭᠲᠠᠭᠠᠵᠤ ᠪᠠᠶᠢᠭᠰᠠᠨ ᠴᠠᠭᠠᠳᠠᠢ ᠶᠢᠨ ᠤᠯᠤᠰ ᠲᠤ ᠭᠠᠵᠠᠷ ᠤᠨ ᠬᠠᠷᠢᠯᠴᠠᠭᠠᠨ ᠤ ᠦᠨᠳᠦᠰᠦᠨ ᠳᠥᠷᠪᠡᠨ ᠬᠡᠯᠪᠡᠷᠢ ᠪᠠᠶᠢᠭᠰᠠᠨ ᠭᠡᠵᠦ ᠰᠤᠳᠤᠯᠤᠭᠠᠴᠢᠳ ᠦᠵᠡᠳᠡᠭ ᠠᠵᠢ᠃ ᠮᠢᠯᠺ - ᠳ᠋ᠢᠸᠠᠨᠢ ᠪᠤᠶᠤ ᠤᠯᠤᠰ ᠤᠨ ᠭᠠᠵᠠᠷ ᠤᠨ ᠥᠮᠴᠢ᠃

ᠮᠣᠩᠭᠣᠯ ᠤᠨ ᠪᠠᠶᠢᠯᠳᠤᠨ ᠳᠠᠭᠠᠭᠤᠯᠤᠯ ᠤᠨ ᠡᠮᠦᠨᠡᠬᠢ ᠦᠶ᠎ᠡ ᠶᠢᠨ ᠳᠤᠮᠳᠠᠳᠤ ᠠᠽᠢᠶ᠎ᠠ ᠶᠢᠨ ᠲᠡᠦᠬᠡ ᠡᠴᠡ ᠦᠵᠡᠬᠦ ᠳᠦ ᠬᠣᠷᠧᠽᠮ ᠰᠢᠬ᠎ᠠ ᠮᠤᠬᠤᠮ ᠢᠶ᠎ᠡ ᠳᠦ ᠥᠪᠡᠷᠲᠡᠭᠡᠨ ᠦᠨᠡᠨᠴᠢ ᠪᠡᠷ ᠵᠢᠳᠬᠦᠵᠦ᠂ ᠴᠡᠷᠢᠭ ᠦᠨ ᠭᠠᠪᠢᠶ᠎ᠠ ᠪᠠᠶᠢᠭᠤᠯᠤᠭᠰᠠᠨ ᠨᠡᠭᠦᠳᠡᠯᠴᠢᠨ ᠢᠵᠠᠭᠤᠷᠲᠠᠨ ᠨᠤᠭᠤᠳ ᠲᠤ ᠤᠯᠤᠰ ᠤᠨ ᠭᠠᠵᠠᠷ ᠤᠨ ᠰᠠᠩ ᠠᠴᠠ ᠱᠠᠩᠨᠠᠯ ᠪᠣᠯᠭᠠᠨ ᠭᠠᠵᠠᠷ ᠲᠠᠰᠤᠯᠤᠨ ᠥᠭᠴᠦ ᠪᠠᠶᠢᠪᠠ᠃ ᠡᠨᠡᠬᠦ ᠱᠠᠩᠨᠠᠯ ᠤᠨ ᠭᠠᠵᠠᠷ ᠢ ᠢᠺᠲ᠋ᠠ ᠭᠡᠳᠡᠭ ᠠᠵᠢ᠃ ᠢᠺᠲ᠋ᠠᠭ ᠲᠣᠳᠣᠷᠬᠠᠢ ᠬᠤᠭᠤᠴ ᠲᠠᠢ ᠪᠠᠷ ᠴᠡᠷᠢᠭ ᠦᠨ ᠠᠯᠪᠠ ᠵᠠᠯᠭᠠᠭᠤᠯᠬᠤ ᠪᠣᠯᠵᠣᠯ ᠲᠠᠢ ᠣᠯᠭᠤᠵᠤ ᠪᠠᠶᠢᠭᠰᠠᠨ ᠲᠤᠯᠠ ᠪᠣᠯᠵᠣᠯᠲᠤ ᠭᠠᠵᠠᠷ ᠤᠨ ᠡᠵᠡᠮᠰᠢᠯ ᠳᠦ ᠬᠠᠮᠢᠶᠠᠷᠤᠨ᠎ᠠ᠃ ᠡᠨᠡᠬᠦ ᠭᠠᠵᠠᠷ ᠤᠨ ᠡᠵᠡᠮᠰᠢᠯ ᠨᠢ ᠶᠡᠬᠡ ᠮᠣᠩᠭᠣᠯ ᠤᠨ ᠤᠯᠤᠰ ᠤᠨ ᠮᠢᠩᠭᠠᠨ ᠤ ᠡᠵᠡᠮᠰᠢᠯ ᠭᠠᠵᠠᠷ ᠲᠠᠢ ᠤᠭ ᠤᠳᠬ᠎ᠠ ᠪᠠᠷ ᠢᠶᠠᠨ ᠠᠳᠠᠯᠢ ᠲᠥᠰᠲᠡᠢ ᠶᠤᠮ᠃ ᠮᠢᠩᠭᠠᠨ ᠤ ᠨᠣᠶᠠᠳ 《ᠲᠤᠬᠠᠢ ᠶᠢᠨ ᠮᠢᠩᠭᠠᠨ ᠤ ᠭᠠᠵᠠᠷ ᠢ ᠪᠦᠷᠢᠨ ᠭᠦᠢᠴᠡᠳ ᠥᠮᠴᠢᠯᠡᠭᠴᠢ ᠪᠤᠰᠤ ᠬᠠᠷᠢᠨ ᠬᠠᠭᠠᠰ ᠡᠷᠬᠡ ᠲᠡᠢ ᠥᠮᠴᠢᠯᠡᠭᠴᠢ ᠲᠡᠳᠦᠢ ᠪᠥᠭᠡᠳ ᠮᠢᠩᠭᠠᠨ ᠤ ᠨᠣᠶᠠᠨ ᠬᠠᠷᠢᠶᠠᠲᠤ ᠮᠢᠩᠭᠠᠨ ᠢᠶᠠᠨ ᠦᠶ᠎ᠡ ᠤᠯᠠᠷᠢᠨ ᠡᠵᠡᠮᠰᠢᠬᠦ ᠪᠣᠯᠪᠠᠴᠤ ᠲᠡᠭᠦᠨ ᠢ ᠪᠡᠨ ᠪᠤᠲᠠᠯᠠᠨ ᠬᠤᠪᠢᠶᠠᠵᠤ ᠪᠤᠰᠤᠳ ᠲᠤ ᠰᠢᠯᠵᠢᠭᠦᠯᠬᠦ᠂ ᠨᠠᠶᠢᠮᠠᠭᠠᠯᠠᠬᠤ ᠡᠷᠬᠡ ᠦᠭᠡᠢ ᠪᠠᠶᠢᠭᠰᠠᠨ ᠶᠤᠮ》 ᠬᠡᠮᠡᠨ ᠮᠣᠩᠭᠣᠯ ᠤᠨ ᠨᠡᠷᠡᠲᠦ ᠲᠡᠦᠬᠡᠴᠢ ᠱ᠃ᠨᠠᠴᠤᠭᠳᠣᠷᠵᠢ ᠲᠡᠮᠳᠡᠭᠯᠡᠵᠡᠢ᠃ [ᠨᠠᠴᠤᠭᠳᠣᠷᠵᠢ 1978: 60].ᠮᠢᠩᠭᠠᠨ ᠤ ᠨᠣᠶᠠᠨ ᠤ ᠠᠳᠠᠯᠢ ᠢᠺᠲ᠋ᠠ ᠡᠵᠡᠮᠰᠢᠭᠴᠢ ᠴᠡᠷᠢᠭ ᠦᠨ ᠪᠣᠯᠤᠨ ᠵᠠᠰᠠᠭ ᠵᠠᠬᠢᠷᠭᠠᠨ ᠤ ᠠᠯᠪᠠ ᠬᠠᠭᠠᠬᠤ ᠪᠣᠯᠵᠣᠯ ᠲᠠᠢ ᠪᠥᠭᠡᠳ ᠡᠭᠦᠨ ᠦ ᠪᠡᠨ ᠲᠥᠯᠥᠭᠡ ᠲᠤᠬᠠᠢ ᠶᠢᠨ ᠭᠠᠵᠠᠷ ᠢ ᠡᠵᠡᠮᠰᠢᠵᠦ ᠪᠠᠶᠢᠴᠠᠢ᠃ ᠢᠺᠲ᠋ᠠᠭ ᠮᠢᠩᠭᠠᠨ ᠤ ᠨᠤᠲᠤᠭ ᠤᠨ ᠨᠢᠭᠡᠨ ᠠᠳᠠᠯᠢ ᠲᠤᠬᠠᠢ ᠶᠢᠨ ᠭᠠᠵᠠᠷ ᠲᠤ ᠣᠷᠣᠰᠢᠨ ᠰᠠᠭᠤᠬᠤ ᠢᠷᠭᠡᠳ ᠲᠡᠢ ᠨᠢ ᠬᠠᠮᠲᠤ ᠥᠭᠳᠡᠭ ᠪᠠᠶᠢᠭᠰᠠᠨ ᠨᠢ ᠭᠠᠵᠠᠷ ᠡᠵᠡᠮᠰᠢᠭᠴᠢᠳ ᠡᠴᠡ ᠲᠠᠷᠢᠶᠠᠴᠢᠳ ᠬᠠᠷᠠᠭᠠᠲᠤ ᠪᠣᠯᠬᠤ ᠪᠠᠶᠢᠳᠠᠯ ᠢ ᠤᠯᠠᠮ ᠳᠡᠯᠭᠡᠷᠡᠭᠦᠯᠵᠦ ᠪᠠᠶᠢᠴᠠᠢ᠃ ᠴᠠᠭᠠᠳᠠᠢ ᠶᠢᠨ ᠤᠯᠤᠰ ᠤᠨ ᠭᠠᠵᠠᠷ ᠨᠤᠲᠤᠭ ᠤᠨ ᠰᠠᠭᠤᠷᠢᠰᠢᠮᠠᠯ ᠬᠡᠰᠡᠭ ᠨᠢ ᠪᠣᠯᠬᠤ ᠮᠠᠤᠧᠷᠠᠨᠠᠬᠢᠷ ᠶᠡᠬᠡ ᠬᠠᠭᠠᠨ ᠤ ᠮᠡᠳᠡᠯ ᠳᠦ ᠪᠠᠶᠢᠭᠰᠠᠨ ᠠᠬᠤᠯ᠎ᠠ ᠨᠡᠭᠦᠳᠡᠯᠴᠢᠨ ᠬᠡᠰᠡᠭ ᠪᠣᠯᠬᠤ ᠳᠣᠯᠣᠭᠠᠨ ᠭᠣᠣᠯ ᠢᠯᠢ ᠭᠣᠣᠯ ᠤᠨ ᠰᠠᠪᠠ ᠭᠠᠵᠠᠷ ᠤᠨ ᠳᠡᠭᠡᠳᠦ ᠡᠵᠡᠨ ᠨᠢ ᠴᠠᠭᠠᠳᠠᠢ ᠪᠣᠯᠤᠨ ᠲᠡᠭᠦᠨ ᠦ ᠤᠷᠤᠭ ᠤᠨ ᠬᠢᠨ ᠪᠠᠶᠢᠪᠠ᠃ ᠲᠡᠶᠢᠮᠦ ᠡᠴᠡ ᠴᠠᠭᠠᠳᠠᠢ ᠶᠢᠨ ᠤᠯᠤᠰ ᠤᠨ ᠳ᠋ᠢᠸᠠᠨᠢ ᠭᠠᠵᠠᠷ ᠲᠤ ᠵᠥᠪᠬᠡᠨ ᠮᠠᠤᠧᠷᠠᠨᠠᠬᠢᠷ ᠬᠠᠷᠢᠶᠠᠯᠠᠭᠳᠠᠵᠤ ᠪᠠᠶᠢᠭᠰᠠᠨ ᠭᠡᠵᠦ ᠦᠵᠡᠵᠦ ᠪᠣᠯᠬᠤ ᠶᠤᠮ᠃ ᠴᠠᠭᠠᠳᠠᠢ ᠶᠢᠨ ᠤᠯᠤᠰ ᠪᠣᠯᠤᠨᠡᠯ᠎ᠡ ᠬᠠᠭᠠᠳ ᠤᠨ ᠦᠶ᠎ᠡ ᠶᠢᠨ ᠫᠧᠷᠰ ᠲᠤ ᠤᠯᠤᠰ ᠤᠨ ᠭᠠᠵᠠᠷ ᠤᠨ ᠰᠠᠨ ᠶᠡᠬᠡᠬᠡᠨ ᠬᠣᠷᠣᠭᠳᠠᠭᠰᠠᠨ ᠭᠡᠰᠡᠨ ᠢ᠃ᠫ᠃ᠫᠧᠲ᠋ᠷᠤᠱᠧᠸᠰᠺ ᠤᠨ ᠳ᠋ᠦᠩᠨᠡᠯᠲᠡ ᠲᠡᠢ ᠪᠢᠳᠡ ᠰᠠᠨᠠᠯ ᠨᠢᠭᠡ ᠪᠠᠶᠢᠨ᠎ᠠ᠃ ᠤᠴᠢᠷ ᠨᠢ ᠤᠯᠤᠰ ᠤᠨ ᠭᠠᠵᠠᠷ ᠤᠨ ᠰᠠᠩ ᠠᠴᠠ ᠢᠺᠲ᠋ᠠ ᠪᠣᠯᠤᠨ ᠰᠣᠶᠣᠷᠬᠠᠯ ᠤᠨ ᠭᠠᠵᠠᠷ ᠢ ᠲᠠᠰᠤᠯᠤᠨ ᠥᠭᠴᠦ ᠪᠠᠶᠢᠭᠰᠠᠨ ᠪᠥᠭᠡᠳ ᠤᠭ ᠰᠠᠩ ᠢ ᠠᠷᠪᠢᠵᠢᠭᠤᠯᠬᠤ ᠡᠬᠢ ᠡᠭᠦᠰᠪᠦᠷᠢ ᠰᠡᠭᠦᠯ ᠳᠦ ᠪᠡᠨ ᠪᠠᠷᠤᠭ ᠦᠭᠡᠢ ᠪᠣᠯᠤᠭᠰᠠᠨ ᠲᠤᠯᠠ ᠳᠡᠭᠡᠷᠡᠬᠢ ᠳ᠋ᠦᠩᠨᠡᠯᠲᠡ ᠪᠣᠳᠠᠲᠤ ᠪᠠᠶᠢᠳᠠᠯ ᠲᠠᠢ ᠨᠡᠶᠢᠴᠡᠭᠰᠡᠨ ᠠᠵᠢ᠃ ᠤᠯᠤᠰ ᠤᠨ ᠭᠠᠵᠠᠷ ᠢ ᠲᠠᠷᠢᠶᠠᠴᠢᠳ ᠲᠤ ᠪᠤᠲᠠᠷᠭᠠᠨ ᠮᠢᠯᠺ ᠪᠣᠯᠭᠠᠨ ᠡᠵᠡᠮᠰᠢᠭᠦᠯᠳᠡᠭ ᠪᠠᠶᠢᠪᠠ᠃ ᠡᠳᠡᠭᠡᠷ ᠲᠠᠷᠢᠶᠠᠴᠢᠳ ᠤᠯᠤᠰ ᠤᠨ ᠰᠠᠩ ᠳ᠋ᠢᠸᠠᠨᠢᠳ ᠲᠠᠲᠠᠪᠤᠷᠢ ᠲᠥᠯᠦᠳᠡᠭ ᠪᠠᠶᠢᠪᠠ᠃

ᠶᠡᠬᠡ ᠮᠣᠩᠭᠣᠯ ᠤᠯᠤᠰ ᠤᠨ ᠦᠶ᠎ᠡ ᠳᠦ ᠴᠠᠭᠠᠳᠠᠢ ᠶᠢᠨ ᠤᠷᠤᠭ ᠤᠨ ᠬᠢᠨ ᠤ ᠡᠵᠡᠮᠰᠢᠯ ᠭᠠᠵᠠᠷ ᠢ ᠢᠩᠳᠵᠤ ᠬᠡᠮᠡᠨ ᠨᠡᠷᠡᠯᠡᠵᠦ ᠪᠠᠶᠢᠴᠠᠢ᠃ [ᠷᠠᠰᠢ ᠳᠤ ᠳᠤ ᠳ᠋ᠢᠩ ᠲ᠃II:102]. ᠬᠠᠷᠢᠨ ᠡᠵᠡᠨ ᠳᠦ ᠭᠦᠷᠦᠨ ᠦ ᠦᠶ᠎ᠡ ᠳᠦ ᠢᠩᠳᠵᠤ ᠪᠣᠯᠤᠨ ᠤᠯᠤᠰ ᠤᠨ ᠳ᠋ᠢᠸᠠᠨᠢ ᠭᠠᠵᠠᠷ ᠨᠢ ᠤᠳᠬ᠎ᠠ ᠨᠢᠭᠡ ᠪᠣᠯᠵᠤ ᠨᠢᠭᠡᠳᠦᠭᠰᠡᠨ ᠪᠣᠯᠤᠯᠲᠠᠢ᠃ ᠢᠩᠳᠵᠤ ᠭᠠᠵᠠᠷ ᠤᠨ ᠣᠷᠣᠯᠭ᠎ᠠ ᠶᠢ ᠴᠠᠭᠠᠳᠠᠢ ᠶᠢᠨ ᠣᠷᠳᠣ ᠥᠷᠭᠦᠭᠡᠨ ᠦ ᠵᠠᠷᠤᠳᠠᠯ ᠳᠤ ᠵᠠᠷᠤᠴᠠᠭᠤᠯᠵᠤ ᠪᠠᠶᠢᠭᠰᠠᠨ ᠠᠬᠤᠯ᠎ᠠ ᠳ᠋ᠢᠸᠠᠨᠢ ᠭᠠᠵᠠᠷ ᠤᠨ ᠣᠷᠣᠯᠭ᠎ᠠ ᠶᠢ ᠶᠡᠬᠡ ᠬᠠᠭᠠᠨ ᠤ ᠴᠡᠷᠢᠭ ᠵᠠᠬᠢᠷᠭᠠᠨ ᠤ ᠬᠡᠷᠡᠭᠴᠡᠭᠡᠨ ᠳᠦ ᠵᠠᠷᠤᠴᠠᠭᠤᠯᠤᠭᠳᠠᠵᠤ ᠪᠠᠶᠢᠪᠠ᠃ [ᠫᠧᠲ᠋ᠷᠤᠱᠧᠸᠰᠺ ᠦ 1960: 240].ᠮᠣᠩᠭᠣᠯᠴᠤᠳ ᠤᠨ ᠦᠶ᠎ᠡ ᠳᠦ ᠢᠺᠲ᠋ᠠᠭ ᠰᠣᠶᠣᠷᠬᠠᠯ ᠬᠡᠮᠡᠨ ᠨᠡᠷᠡᠯᠡᠬᠦ ᠪᠣᠯᠤᠭᠰᠠᠨ ᠭᠡᠵᠦ ᠰᠤᠳᠤᠯᠤᠭᠠᠴᠢᠳ ᠦᠵᠡᠳᠡᠭ᠃ [ᠫᠧᠲ᠋ᠷᠤᠱᠧᠸᠰᠺ ᠦ 1960:274, ᠭᠠᠹᠦᠷᠠᠪᠠ 1972:466]. ᠥᠭᠡᠷ᠎ᠡ ᠪᠡᠷ ᠬᠡᠯᠡᠪᠡᠯ᠂ ᠠᠷᠪᠠᠨ ᠳᠥᠷᠪᠡᠳᠦᠭᠡᠷ ᠵᠠᠭᠤᠨ ᠤ II ᠬᠠᠭᠠᠰ ᠠᠴᠠ ᠢᠺᠲ᠋ᠠ ᠨᠢ ᠪᠣᠯᠵᠣᠯᠲᠤ ᠡᠵᠡᠮᠰᠢᠯ ᠡᠴᠡ ᠪᠣᠯᠵᠣᠯ ᠦᠭᠡᠢ ᠡᠵᠡᠮᠰᠢᠯ - ᠰᠣᠶᠣᠷᠬᠠᠯ - ᠪᠣᠯᠤᠨ ᠬᠤᠪᠢᠷᠠᠭᠰᠠᠨ ᠢᠶᠠᠷ ᠴᠠᠭᠠᠳᠠᠢ ᠶᠢᠨ ᠤᠯᠤᠰ ᠤᠨ ᠲᠣᠮᠣᠬᠠᠨ ᠰᠣᠶᠣᠷᠬᠠᠯ ᠤᠨ ᠭᠠᠵᠠᠷ ᠤᠨ ᠡᠵᠡᠳ ᠦᠨ ᠭᠠᠷ ᠲᠤ ᠭᠠᠵᠠᠷ ᠲᠠᠷᠢᠶᠠᠯᠠᠩ ᠤᠨ ᠲᠠᠯᠠᠪᠠᠢ ᠪᠣᠯᠤᠨ ᠠᠭᠤᠳᠠᠮ ᠪᠡᠯᠴᠢᠭᠡᠷ ᠨᠤᠲᠤᠭ ᠲᠥᠪᠯᠡᠷᠡᠬᠦ ᠪᠣᠯᠵᠠᠢ᠃ ᠤᠯᠠᠮ ᠢᠶᠠᠷ ᠡᠳᠡᠭᠡᠷ ᠮᠣᠩᠭᠣᠯ ᠲᠦᠷᠦᠭ ᠤᠭᠰᠠᠭᠠᠨ ᠤ ᠲᠣᠮᠣ ᠭᠠᠵᠠᠷ ᠤᠨ ᠡᠵᠡᠳ ᠡᠳ᠋ ᠍ ᠦᠨ ᠵᠠᠰᠠᠭ ᠤᠨ ᠡᠷᠬᠡ ᠮᠡᠳᠡᠯ ᠡᠴᠡ ᠭᠠᠳᠠᠨ᠎ᠠ ᠵᠠᠰᠠᠭ ᠵᠠᠬᠢᠷᠭᠠᠨ ᠤ ᠪᠣᠯᠤᠨ ᠰᠢᠭᠦᠨ ᠲᠠᠰᠤᠯᠬᠤ ᠡᠷᠬᠡ ᠪᠦᠬᠦᠢ ᠪᠣᠯᠪᠠ᠃ [ᠠᠪ ᠳᠤᠷᠢᠮᠣᠸ 1961 :11]. ᠭᠠᠵᠠᠷ ᠤᠨ ᠡᠵᠡᠳ ᠦᠨ ᠡᠳᠡᠭᠡᠷ ᠳᠠᠪᠠᠭᠤ ᠡᠷᠬᠡ ᠨᠢ ᠴᠠᠭᠠᠳᠠᠢ ᠶᠢᠨ ᠤᠯᠤᠰ ᠤᠨᠠᠭᠰᠠᠨ ᠠᠴᠠ ᠬᠣᠶᠢᠰᠢ ᠬVII ᠵᠠᠭᠤᠨ ᠬᠦᠷᠲᠡᠯ᠎ᠡ ᠳᠤᠮᠳᠠᠳᠤ ᠠᠽᠢᠶ᠎ᠠ ᠳᠤ ᠬᠠᠳᠠᠭᠠᠯᠠᠭᠳᠠᠭᠰᠠᠭᠠᠷ ᠪᠠᠶᠢᠴᠠᠢ᠃ [ᠠᠪ ᠳᠤᠷᠢᠮᠣᠸ ᠮᠥᠨ ᠲᠡᠨᠳᠡ]. ᠡᠷᠳᠡᠮᠲᠡᠨ᠎ᠠ᠃ᠮ᠃ᠪᠧᠯᠧᠨᠢᠼᠺ ᠤᠨ ᠲᠡᠮᠳᠡᠭᠯᠡᠭᠰᠡᠨ ᠢᠶᠡᠷ ᠳᠤᠮᠳᠠᠳᠤ ᠠᠽᠢᠶ᠎ᠠ ᠳᠤ ᠰᠣᠶᠣᠷᠬᠠᠯ ᠤᠨ ᠭᠠᠵᠠᠷ ᠳᠣᠭᠣᠯᠠᠩ ᠲᠡᠮᠦᠷ ᠦᠨ ᠦᠶ᠎ᠡ ᠳᠦ ᠬᠠᠮᠤᠭ ᠤᠨ ᠥᠷᠭᠡᠨ ᠳᠡᠯᠭᠡᠷᠡᠭᠰᠡᠨ ᠠᠵᠤ᠃ [ᠪᠧᠯᠧᠨᠢᠼᠺᠢ 1941:46]. ᠮᠤᠯᠺ ᠬᠡᠮᠡᠬᠦ ᠨᠡᠷ᠎ᠡ ᠲᠣᠮᠢᠶ᠎ᠠ ᠨᠢ ᠬᠦᠢ ᠨᠢᠭᠡᠳᠦᠯ ᠦᠨ ᠲᠠᠷᠢᠶᠠᠴᠢᠳ ᠤᠨ ᠭᠠᠵᠠᠷ ᠤᠨ ᠡᠵᠡᠮᠰᠢᠯ ᠪᠣᠯᠤᠨ ᠹᠧᠣᠳᠠᠯ ᠨᠣᠶᠠᠳ ᠤᠨ ᠪᠣᠯᠵᠣᠯ ᠦᠭᠡᠢ ᠭᠠᠵᠠᠷ ᠤᠨ ᠥᠮᠴᠢ ᠶᠢᠨ ᠬᠡᠯᠪᠡᠷᠢ ᠶᠢ ᠲᠣᠳᠣᠷᠬᠠᠶᠢᠯᠠᠬᠤ ᠠᠵᠤ᠃ [ᠫᠧᠲ᠋ᠷᠤᠱᠧᠸᠰᠺ ᠦ 1960:251]. ᠡᠨᠡᠬᠦ ᠭᠠᠵᠠᠷ ᠤᠨ ᠬᠡᠯᠪᠡᠷᠢ ᠶᠢᠨ ᠲᠠᠯ᠎ᠠ ᠪᠠᠷ ᠰᠤᠷᠪᠤᠯᠵᠢ ᠶᠢᠨ ᠮᠡᠳᠡᠭᠡ ᠲᠤᠩ ᠬᠣᠮᠰᠠ ᠲᠤᠯᠠ ᠰᠤᠳᠤᠯᠤᠭᠠᠴᠢᠳ ᠢᠷᠠᠨ ᠤ ᠵᠢᠱᠢᠭ ᠢᠶᠡᠷ ᠲᠣᠶᠢᠮᠣᠯᠠᠨ ᠦᠵᠡᠳᠡᠭ ᠪᠠᠶᠢᠨ᠎ᠠ᠃ ᠮᠤᠯᠺ ᠤᠨ ᠡᠵᠡᠳ ᠤᠯᠤᠰ ᠲᠤ ᠲᠠᠲᠠᠪᠤᠷᠢ ᠲᠥᠯᠦᠳᠡᠭ ᠪᠠᠶᠢᠭᠰᠠᠨ ᠪᠥᠭᠡᠳ ᠡᠨᠡᠬᠦ ᠲᠠᠲᠠᠪᠤᠷᠢ ᠨᠢ ᠭᠠᠵᠠᠷ ᠤᠨ ᠲᠠᠲᠠᠪᠤᠷᠢ ᠪᠣᠯᠬᠤ ᠬᠠᠷᠠᠳᠴᠢ ᠠᠴᠠ ᠬᠠᠪᠢ ᠦᠭᠡᠢ ᠬᠥᠩᠭᠡᠨ ᠶᠡᠷᠦᠳᠡᠭᠡᠨ ᠤᠷᠭᠤᠴᠠ ᠶᠢᠨ 1/10 ᠬᠤᠪᠢᠲᠠᠢ ᠲᠡᠩᠴᠡᠵᠦ ᠪᠠᠶᠢᠪᠠ᠃ ᠮᠣᠩᠭᠣᠯ ᠤᠨ ᠨᠣᠶᠠᠷᠬᠠᠯ ᠤᠨ ᠦᠶ᠎ᠡ ᠶᠢᠨ ᠳᠤᠮᠳᠠᠳᠤ ᠠᠽᠢᠶ᠎ᠠ ᠳᠤ ᠵᠠᠷᠢᠮ 《ᠴᠢᠯᠦᠭᠡᠲᠦ ᠮᠤᠯᠺ》 ᠍ ᠤᠳ ᠤᠯᠤᠰ ᠤᠨ ᠭᠠᠵᠠᠷ ᠤᠨ ᠲᠠᠲᠠᠪᠤᠷᠢ ᠠᠴᠠ ᠪᠦᠷᠢᠨ ᠴᠢᠯᠦᠭᠡᠯᠡᠭᠳᠡᠭᠰᠡᠨ ᠪᠠᠶᠢᠴᠠᠢ᠃ [ᠫᠧᠲ᠋ᠷᠤᠱᠧᠸᠰᠺ ᠦ 1960:.255-256]. ᠮᠤᠯᠺ ᠶᠢᠨ ᠡᠵᠡᠳ ᠤᠭ ᠭᠠᠵᠠᠷ ᠢᠶᠠᠨ ᠦᠶ᠎ᠡ ᠳᠠᠮᠵᠢᠨ ᠥᠮᠴᠢᠯᠡᠬᠦ ᠡᠴᠡ ᠭᠠᠳᠠᠨ᠎ᠠ ᠬᠦᠮᠦᠨ ᠠᠮᠠ ᠲᠠᠢ ᠨᠢ ᠴᠤᠭ ᠨᠠᠶᠢᠮᠠᠭᠠᠯᠠᠬᠤ᠂ ᠪᠡᠯᠭᠡᠯᠡᠬᠦ ᠡᠷᠬᠡ ᠲᠡᠢ ᠪᠠᠶᠢᠪᠠ᠃ ᠬᠦᠢ ᠨᠢᠭᠡᠳᠦᠯ ᠦᠨ ᠭᠠᠵᠠᠷ ᠤᠨ ᠡᠵᠡᠮᠰᠢᠯ ᠪᠣᠯᠬᠤ ᠮᠤᠯᠺ ᠡᠵᠡᠮᠰᠢᠭᠴᠢ ᠲᠠᠷᠢᠶᠠᠴᠢᠳ ᠶᠠᠮᠠᠷ ᠴᠤ ᠪᠣᠯᠵᠣᠯ ᠦᠭᠡᠢ ᠪᠡᠷ ᠤᠭ ᠭᠠᠵᠠᠷ ᠢᠶᠠᠨ ᠦᠶ᠎ᠡ ᠳᠠᠮᠵᠢᠨ ᠡᠵᠡᠮᠰᠢᠵᠦ ᠪᠠᠶᠢᠴᠠᠢ᠃ ᠴᠠᠭᠠᠳᠠᠢ ᠶᠢᠨ ᠤᠯᠤᠰ ᠤᠨ ᠭᠠᠵᠠᠷ ᠤᠨ ᠬᠠᠷᠢᠯᠴᠠᠭᠠᠨ ᠤ ᠭᠤᠷᠪᠠ ᠳᠠᠬᠢ ᠬᠡᠯᠪᠡᠷᠢ ᠪᠣᠯᠬᠤ ᠸᠠᠺᠹ ᠪᠤᠶᠤ ᠯᠠᠯᠤ ᠶᠢᠨ ᠱᠠᠰᠢᠨ ᠤ ᠰᠦᠮ᠎ᠡ ᠬᠡᠶᠢᠳ ᠦᠨ ᠭᠠᠵᠠᠷ ᠤᠨ ᠥᠮᠴᠢ ᠶᠢᠨ ᠲᠠᠯ᠎ᠠ ᠪᠠᠷ ᠰᠤᠷᠪᠤᠯᠵᠢ ᠶᠢᠨ ᠮᠡᠳᠡᠭᠡ ᠬᠠᠷᠢᠴᠠᠩ ᠦᠭᠡᠢ ᠢᠯᠡᠭᠦᠦ ᠪᠠᠶᠢᠳᠠᠭ ᠲᠤᠯᠠ ᠡᠨᠡ ᠲᠠᠯ᠎ᠠ ᠪᠠᠷ ᠬᠢᠭᠰᠡᠨ ᠰᠤᠳᠤᠯᠭ᠎ᠠ ᠴᠤ ᠨᠡᠯᠢᠶᠡᠳ ᠪᠠᠶᠢᠳᠠᠭ᠃

ᠡᠨᠡ ᠲᠠᠯ᠎ᠠ ᠪᠠᠷ ᠰᠤᠳᠤᠯᠭ᠎ᠠ ᠬᠢᠭᠰᠡᠨ ᠡᠷᠳᠡᠮᠲᠡᠳ ᠮᠣᠩᠭᠣᠯ ᠤᠨ ᠨᠣᠶᠠᠷᠬᠠᠯ ᠤᠨ ᠦᠶ᠎ᠡ ᠳᠦ ᠳᠤᠮᠳᠠᠳᠤ ᠠᠽᠢᠶ᠎ᠠ ᠳᠤ ᠰᠦᠮ᠎ᠡ ᠬᠡᠶᠢᠳ ᠦᠨ ᠡᠵᠡᠮᠰᠢᠯ ᠭᠠᠵᠠᠷ ᠤᠷᠢᠳᠤ ᠦᠶ᠎ᠡ ᠲᠡᠢ ᠬᠠᠷᠢᠴᠠᠭᠤᠯᠬᠤ ᠳᠤ ᠥᠷᠭᠡᠨ ᠳᠡᠯᠭᠡᠷᠡᠭᠰᠡᠨ ᠢ ᠰᠠᠨᠠᠯ ᠨᠢᠭᠡᠲᠡᠢ ᠬᠦᠯᠢᠶᠡᠨ ᠵᠥᠪᠰᠢᠶᠡᠷᠡᠴᠢ ᠪᠠᠶᠢᠨ᠎ᠠ᠃ [ᠫᠧᠲ᠋ᠷᠤᠱᠧᠸᠰᠺ ᠦ 1960:280]. ᠬᠣᠷᠧᠽᠮ ᠤᠨ ᠬᠠᠭᠠᠨᠲᠤ ᠤᠯᠤᠰ ᠤᠨ ᠲᠥᠷᠥ ᠨᠢ ᠬᠦᠴᠦᠷᠬᠡᠭ ᠨᠡᠭᠦᠳᠡᠯᠴᠢᠨ ᠴᠡᠷᠢᠭ ᠦᠨ ᠢᠵᠠᠭᠤᠷᠲᠠᠨ ᠨᠤᠭᠤᠳ ᠲᠤ ᠲᠤᠯᠭᠠᠭᠤᠷᠢᠯᠠᠭᠰᠠᠨ ᠴᠡᠷᠢᠭ ᠢᠷᠭᠡᠨ ᠦ ᠰᠢᠨᠵᠢᠲᠡᠢ ᠲᠥᠷᠥ ᠪᠠᠶᠢᠭᠰᠠᠨ ᠲᠤᠯᠠ ᠱᠠᠰᠢᠨ ᠤ ᠰᠠᠨᠸᠠᠷᠲᠠᠨᠤᠭ ᠤᠳ ᠤᠨ ᠨᠡᠶᠢᠭᠡᠮ ᠤᠨ ᠪᠠᠶᠢᠷᠢ ᠰᠠᠭᠤᠷᠢ ᠰᠤᠯᠠ ᠳᠣᠷᠣᠢ ᠪᠠᠶᠢᠪᠠ᠃ [ᠠᠷᠲ᠋ᠧᠮᠣᠪ 2000 :267]. ᠮᠣᠩᠭᠣᠯ ᠤᠨ ᠪᠠᠶᠢᠯᠳᠤᠨ ᠳᠠᠭᠠᠭᠤᠯᠤᠯ ᠤᠨ ᠳᠠᠷᠠᠭ᠎ᠠ ᠳᠤᠮᠳᠠᠳᠤ ᠠᠽᠢᠶ᠎ᠠ ᠶᠢᠨ ᠣᠷᠣᠨ ᠨᠤᠭᠤᠳ ᠤᠨ ᠲᠥᠷᠥ ᠶᠢᠨ ᠲᠣᠭᠲᠠᠯᠴᠠᠭ᠎ᠠ ᠥᠭᠡᠷᠡᠴᠢᠯᠡᠭᠳᠡᠵᠦ ᠤᠯᠠᠮ ᠢᠶᠠᠷ ᠯᠠᠯᠤ ᠶᠢᠨ ᠱᠠᠰᠢᠨ ᠤ ᠰᠠᠩᠸᠠᠷᠲᠠᠨᠤᠭ ᠤᠳ ᠨᠡᠶᠢᠭᠡᠮ ᠤᠨ ᠪᠠᠶᠢᠷᠢ ᠰᠠᠭᠤᠷᠢ ᠪᠠᠨ ᠦᠯᠡᠮᠵᠢ ᠳᠡᠭᠡᠭᠰᠢᠯᠡᠭᠦᠯᠬᠦ ᠲᠠᠭᠠᠲᠠᠢ ᠨᠥᠬᠥᠴᠡᠯ ᠪᠦᠷᠢᠳᠴᠡᠢ᠃ ᠴᠢᠩᠭᠢᠰ ᠬᠠᠭᠠᠨ ᠠᠴᠠ ᠡᠬᠢᠯᠡᠨ ᠮᠣᠩᠭᠣᠯ ᠬᠠᠭᠠᠳ ᠤᠨ ᠲᠥᠷᠥ ᠶᠢᠨ ᠪᠣᠳᠣᠯᠭ᠎ᠠ ᠶᠢᠨ ᠴᠢᠬᠤᠯᠠ ᠨᠢᠭᠡ ᠬᠡᠰᠡᠭ ᠪᠣᠯ ᠡᠵᠡᠯᠡᠭᠳᠡᠭᠰᠡᠨ ᠣᠷᠣᠨ ᠨᠤᠭᠤᠳ ᠤᠨ ᠠᠷᠠᠳ ᠲᠦᠮᠡᠨ ᠢ ᠡᠪ ᠢᠶᠡᠷ ᠵᠠᠰᠠᠬᠤ ᠪᠤᠶᠤ ᠣᠶᠤᠨ ᠰᠠᠨᠠᠭ᠎ᠠ ᠪᠠᠷ ᠨᠢ ᠵᠠᠬᠢᠷᠬᠤ ᠪᠣᠳᠣᠯᠭ᠎ᠠ ᠶᠢ ᠲᠤᠤᠱᠲᠠᠢ ᠬᠡᠷᠡᠭᠵᠢᠭᠦᠯᠵᠦ ᠢᠷᠡᠪᠡ᠃ ᠡᠭᠦᠨ ᠦ ᠬᠦᠷᠢᠶᠡᠨ ᠳᠦ ᠯᠠᠮᠠ ᠨᠠᠷ ᠢ ᠬᠥᠬᠢᠭᠦᠯᠦᠨ ᠳᠡᠮᠵᠢᠵᠦ ᠲᠡᠳᠡ ᠨᠠᠷ ᠢ ᠠᠯᠢᠪᠠ ᠠᠯᠪᠠ ᠲᠠᠲᠠᠪᠤᠷᠢ ᠠᠴᠠ ᠴᠢᠯᠦᠭᠡᠯᠡᠳᠡᠭ ᠶᠠᠪᠤᠳᠠᠯ ᠪᠠᠶᠢᠯ᠎ᠠ᠃ ᠰᠤᠷᠪᠤᠯᠵᠢ ᠶᠢᠨ ᠮᠡᠳᠡᠭᠡ ᠪᠡᠷ ᠬᠠᠮᠤᠭ ᠤᠨ ᠠᠩᠬ᠎ᠠ ᠴᠢᠩᠭᠢᠰ ᠬᠠᠭᠠᠨ ᠠᠴᠠ ᠡᠶᠢᠮᠦ ᠬᠥᠩᠭᠡᠯᠡᠯᠲᠡ ᠠᠪᠤᠭᠰᠠᠨ ᠬᠦᠮᠦᠨ ᠪᠣᠯ ᠳᠠᠣᠱᠢ ᠶᠢᠨ ᠪᠤᠮᠪ ᠴᠢᠨᠢ-ᠴᠦᠨᠢ ᠠᠷᠰᠢ ᠪᠢᠯᠡ᠃ [ᠰᠢ ᠢᠦᠢ ᠴᠽᠢ 1866:335]. ᠰᠤᠳᠤᠯᠤᠭᠠᠴᠢᠳ ᠤᠨ ᠦᠵᠡᠵᠦ ᠪᠤᠢ ᠪᠠᠷ ᠴᠢᠩᠭᠢᠰ ᠬᠠᠭᠠᠨ 1222 ᠣᠨ ᠳᠤ ᠮᠥᠨ ᠯᠠᠯᠤ ᠶᠢᠨ ᠱᠠᠰᠢᠨ ᠤ 《ᠪᠦᠬᠦ ᠰᠠᠨᠸᠠᠷᠲᠠᠨ᠂ ᠲᠤᠬᠠᠶᠢᠯᠠᠪᠠᠯ᠂ ᠢᠮᠠᠮ᠂ ᠺᠠᠳᠢᠰ ᠢ ᠪᠦᠬᠦ ᠲᠥᠷᠥᠯ ᠦᠨ ᠠᠯᠪᠠ ᠭᠤᠪᠴᠢᠭᠤᠷ ᠠᠴᠠ ᠴᠢᠯᠦᠭᠡᠯᠡᠵᠦ᠂ ᠲᠡᠳᠡᠨ ᠦ ᠦᠶ᠎ᠡ ᠵᠠᠯᠭᠠᠮᠵᠢᠯᠠᠬᠤ ᠡᠷᠬᠡ ᠶᠢ ᠪᠠᠲᠤᠯᠠᠭᠠᠵᠢᠭᠤᠯᠵᠤ᠂ ᠱᠠᠰᠢᠨ ᠤ ᠠᠰᠠᠭᠤᠳᠠᠯ ᠢ ᠡᠷᠬᠢᠯᠡᠬᠦ ᠰᠠᠶᠢᠳ ᠤᠨ ᠲᠤᠰᠢᠶᠠᠯ ᠢ ᠪᠤᠢ ᠪᠣᠯᠭᠠᠭᠰᠠᠨ》 ᠠᠵᠢ᠃ [ᠰᠦᠨᠳᠧᠷᠰ 1992:71]. ᠡᠭᠦᠨ ᠡᠴᠡ ᠭᠠᠳᠠᠨ᠎ᠠ ᠮᠥᠩᠬᠡ ᠬᠠᠭᠠᠨ ᠤ ᠡᠬᠡ ᠵᠠᠭᠠᠯᠮᠠᠶᠢᠲᠤ ᠱᠠᠰᠢᠨ ᠲᠠᠢ ᠰᠣᠷᠬᠠᠭᠲᠠᠨᠢ ᠪᠡᠬᠡ 1000 ᠮᠥᠩᠭᠥᠨ ᠯᠠᠨ ᠬᠠᠨᠳᠢᠪᠯᠠᠨ ᠥᠭᠴᠦ ᠪᠤᠬᠤᠷ ᠬᠣᠲᠣᠩ ᠢᠶᠠᠨ ᠯᠠᠯᠤ ᠶᠢᠨ ᠱᠠᠰᠢᠨ ᠤ ᠰᠦᠮ᠎ᠡ ᠶᠢᠨ ᠰᠤᠷᠭᠠᠭᠤᠯᠢ ᠪᠠᠷᠢᠭᠤᠯᠵᠤ ᠮᠥᠨ ᠤᠭ ᠰᠦᠮ᠎ᠡ ᠶᠢᠨ ᠬᠠᠷᠢᠶ᠎ᠠ ᠡᠵᠡᠮᠰᠢᠯ ᠭᠠᠵᠠᠷ – ᠸᠠᠺᠹ - ᠬᠤᠳᠠᠯᠳᠤᠨ ᠠᠪᠬᠠᠭᠤᠯᠵᠠᠢ᠃ ᠡᠨᠡ ᠰᠦᠮ᠎ᠡ ᠶᠢᠨ ᠵᠠᠬᠢᠷᠤᠭᠴᠢ ᠪᠠᠷ ᠰᠧᠢᠹ ᠤᠯᠠ ᠢᠰᠯᠠᠮ ᠪᠬᠠᠷᠵᠡ ᠶᠢ ᠲᠤᠮᠢᠯᠠᠪᠠ᠃ [ᠷᠠᠰᠢ ᠳᠤ ᠳᠤ ᠳ᠋ᠢᠩ ᠲ᠃ II:128]. ᠰᠣᠷᠬᠠᠭᠲᠠᠨᠢ ᠪᠡᠬᠡ 1252 ᠣᠨ ᠳᠤ ᠨᠠᠰᠤᠨ ᠥᠭᠡᠳᠡ ᠪᠣᠯᠲᠠᠯ᠎ᠠ ᠪᠠᠨᠡᠨᠡ ᠰᠦᠮ᠎ᠡ ᠪᠡᠷ ᠳᠠᠮᠵᠢᠭᠤᠯᠠᠨ ᠮᠦᠰᠦ᠋ᠯᠮᠠᠨ ᠶᠠᠳᠠᠭᠤᠰ ᠭᠦᠢᠯᠠᠭᠴᠢᠳ ᠲᠤ ᠪᠤᠶᠠᠨ ᠦᠢᠯᠡᠳᠴᠦ ᠬᠣᠭᠣᠯᠠ ᠬᠦᠨᠡᠰᠦ᠂ ᠬᠤᠪᠴᠠᠰᠤ ᠬᠤᠨᠠᠷ ᠪᠠᠶᠢᠩᠭᠤ ᠲᠦᠭᠡᠭᠡᠵᠦ ᠪᠠᠶᠢᠴᠠᠢ᠃

ᠰᠠᠶᠢᠹᠢ ᠳᠤ ᠳ᠋ᠢᠩ ᠪᠬᠠᠷᠵᠢ ᠤᠭ ᠰᠦᠮ᠎ᠡ ᠪᠣᠯᠤᠨ ᠰᠦᠮ᠎ᠡ ᠶᠢᠨ ᠡᠵᠡᠮᠰᠢᠯ ᠭᠠᠵᠠᠷ ᠢᠶᠠᠨ ᠦᠶ᠎ᠡ ᠳᠠᠮᠵᠢᠨ ᠵᠠᠬᠢᠷᠴᠢ ᠪᠠᠶᠢᠭᠰᠠᠨ ᠪᠥᠭᠡᠳ ᠲᠡᠭᠦᠨ ᠦ ᠠᠴᠢ ᠬᠦᠦ ᠶᠠᠬᠢᠢ ᠪᠬᠠᠷᠵᠢ 1326 ᠣᠨ ᠤ 8 ᠰᠠᠷ᠎ᠠ ᠶᠢᠨ 1 ᠍ ᠳᠦ ᠤᠭ ᠡᠵᠡᠮᠰᠢᠯ ᠳᠦ ᠪᠡᠨ ᠨᠡᠮᠡᠵᠦ ᠪᠤᠬᠤᠷ ᠬᠣᠲᠠ ᠶᠢᠨ ᠵᠡᠭᠦᠨ ᠬᠡᠰᠡᠭ ᠲᠦ ᠤᠷᠤᠰᠢᠬᠤ 100 ᠺᠢᠯᠣᠸᠣᠯᠲ᠋.km ᠲᠠᠯᠠᠪᠠᠢ ᠪᠦᠬᠦᠢ 11 ᠲᠣᠰᠬᠣᠨ ᠪᠣᠯᠤᠨ 18 ᠪᠣᠭᠣᠯ ᠬᠤᠯᠠᠯᠳᠤᠵᠤ ᠠᠪᠤᠭᠰᠠᠨ ᠲᠤᠬᠠᠢ ᠪᠠᠷᠢᠮᠲᠠ ᠪᠢᠴᠢᠭ ᠣᠯᠳᠠᠵᠠᠢ᠃ [ᠴᠧᠬᠣᠪᠢᠴ 1965:33]. ᠶᠠᠭᠠᠬᠢᠭᠠᠳ ᠵᠢᠵᠢᠭ ᠭᠠᠵᠠᠷ ᠤᠨ ᠡᠵᠡᠳ ᠦᠳ ᠥᠪᠡᠷ ᠦᠨ ᠭᠠᠵᠠᠷ ᠢᠶᠠᠨ ᠸᠠᠺᠹ ᠪᠣᠯᠭᠠᠨ ᠬᠤᠳᠠᠯᠳᠤᠬᠤ ᠪᠣᠯᠪᠠ ᠠ᠋? ᠭᠡᠰᠡᠨ ᠠᠰᠠᠭᠤᠯᠲᠠ ᠡᠭᠦᠨ ᠡᠴᠡ ᠤᠷᠭᠤᠨ ᠭᠠᠷᠴᠤ ᠪᠠᠶᠢᠭ᠎ᠠ ᠶᠤᠮ᠃ ᠤᠴᠢᠷ ᠨᠢ ᠤᠭ ᠭᠠᠵᠠᠷ ᠢ ᠬᠤᠳᠠᠯᠳᠤᠨ ᠠᠪᠤᠭᠰᠠᠨ ᠰᠦᠮ᠎ᠡ ᠬᠠᠭᠤᠴᠢᠨ ᠡᠵᠡᠨ ᠳᠦ ᠦᠶ᠎ᠡ ᠶᠢᠨ ᠦᠶ᠎ᠡ ᠳᠦ ᠤᠭ ᠭᠠᠵᠠᠷ ᠤᠨ ᠣᠷᠣᠯᠭ᠎ᠠ ᠶᠢᠨ ᠲᠣᠳᠣᠷᠬᠠᠢ ᠬᠤᠪᠢ ᠶᠢ ᠣᠯᠭᠣᠬᠤ ᠡᠭᠦᠷᠭᠡ ᠬᠦᠯᠢᠶᠡᠭᠰᠡᠨ ᠪᠠᠶᠢᠪᠠ᠃ [ᠴᠧᠬᠣᠪᠢᠴ 1959:157]. ᠸᠠᠺᠹ ᠪᠣᠯᠭᠠᠭᠰᠠᠨ ᠭᠠᠵᠠᠷ ᠪᠣᠯᠤᠨ ᠠᠷᠠᠳ ᠢᠷᠭᠡᠳ ᠢ ᠬᠤᠳᠠᠯᠳᠤᠬᠤ ᠦᠭᠡᠢ᠂ ᠪᠡᠯᠡᠭᠯᠡᠬᠦ ᠦᠭᠡᠢ ᠪᠥᠭᠡᠳ ᠦᠶ᠎ᠡ ᠶᠢᠨ ᠦᠶ᠎ᠡ ᠳᠦ ᠤᠭ ᠰᠦᠮ᠎ᠡ ᠶᠢᠨ ᠡᠵᠡᠮᠰᠢᠯ ᠳᠦ ᠪᠠᠶᠢᠬᠤ ᠠᠭᠠᠳ ᠬᠣᠶᠠᠷ ᠲᠠᠯ᠎ᠠ ᠶᠢᠨ ᠦᠢᠯᠡᠳᠦᠭᠰᠡᠨ ᠪᠠᠷᠢᠮᠲᠠ ᠪᠢᠴᠢᠭ ᠲᠦ ᠲᠤᠰᠬᠠᠭᠰᠠᠨ ᠶᠣᠰᠣᠭᠠᠷ ᠣᠷᠣᠯᠭ᠎ᠠ ᠵᠠᠷᠤᠯᠭ᠎ᠠ ᠪᠠᠨ ᠬᠤᠪᠢᠶᠠᠷᠢᠯᠠᠵᠤ ᠪᠠᠶᠢᠬᠤ ᠶᠣᠰᠣᠲᠠᠢ ᠠᠵᠢ᠃ [ᠴᠧᠬᠣᠪᠢᠴ 1959:153]. ᠥᠭᠡᠷ᠎ᠡ ᠪᠡᠷ ᠬᠡᠯᠡᠪᠡᠯ᠂ ᠰᠦᠮ᠎ᠡ ᠬᠡᠶᠢᠳ ᠦᠨ ᠡᠵᠡᠮᠰᠢᠯ ᠭᠠᠵᠠᠷ ᠸᠠᠺᠹ ᠠᠯᠢᠪᠠ ᠠᠯᠪᠠ ᠲᠠᠲᠠᠪᠤᠷᠢ ᠠᠴᠠ ᠪᠦᠷᠢᠨ ᠴᠢᠯᠦᠭᠡᠯᠡᠭᠳᠡᠭᠰᠡᠨ ᠪᠠᠶᠢᠭᠰᠠᠨ ᠤᠴᠢᠷ ᠵᠢᠵᠢᠭ ᠭᠠᠵᠠᠷ ᠤᠨ ᠡᠵᠡᠳ ᠤᠯᠤᠰ ᠤᠨ ᠲᠠᠲᠠᠪᠤᠷᠢ ᠠᠴᠠ ᠵᠠᠶᠢᠯᠠᠰᠬᠢᠵᠤ ᠥᠪᠡᠷ ᠦᠨ ᠭᠠᠵᠠᠷ ᠢᠶᠠᠨ ᠳᠤᠷᠠᠲᠠᠶ᠎ᠠ ᠸᠠᠺᠹ ᠪᠣᠯᠭᠠᠵᠤ ᠪᠠᠶᠢᠭᠰᠠᠨ ᠪᠣᠯᠤᠯᠲᠠᠢ᠃ ᠴᠢᠩᠭᠢᠬᠦ ᠳᠦ ᠪᠡᠨ ᠥᠪᠡᠷ ᠦᠨ ᠬᠥᠳᠡᠯᠮᠦᠷᠢ ᠪᠡᠷ ᠣᠯᠵᠤ ᠪᠠᠶᠢᠭᠰᠠᠨ ᠠᠰᠢᠭ ᠨᠢ ᠰᠦᠮ᠎ᠡ ᠡᠴᠡ ᠠᠪᠬᠤ ᠠᠰᠢᠭᠲᠠᠢ ᠣᠶᠢᠷᠠᠯᠴᠠᠭ᠎ᠠ ᠪᠠᠶᠢᠭᠰᠠᠨ ᠪᠣᠯᠪᠠ ᠤᠤ᠃ ᠡᠰᠡ ᠲᠡᠭᠡᠪᠡᠰᠦ ᠭᠠᠵᠠᠷ ᠢᠶᠠᠨ ᠸᠠᠺᠹ ᠪᠣᠯᠭᠠᠬᠤ ᠠᠰᠢᠭ ᠦᠭᠡᠢ ᠶᠤᠮ᠃ ᠡᠭᠦᠨ ᠡᠴᠡ ᠭᠠᠳᠠᠨ᠎ᠠ 1299 ᠣᠨ ᠤ ᠸᠠᠺᠹ ᠤᠨ ᠪᠠᠷᠢᠮᠲᠠ ᠪᠢᠴᠢᠭ ᠲᠦ ᠪᠤᠬᠤᠷ ᠬᠣᠲᠠ ᠶᠢᠨ ᠤᠮᠠᠷᠠᠳᠤ ᠬᠡᠰᠡᠭ ᠲᠦ ᠲᠣᠮᠣ ᠭᠠᠵᠠᠷ ᠤᠨ ᠡᠵᠡᠨ ᠲᠣᠮᠣᠬᠠᠨ ᠰᠠᠭᠤᠷᠢᠨ ᠢ ᠬᠤᠳᠠᠯᠳᠤᠵᠤ ᠠᠪᠤᠭᠠᠳ ᠰᠦᠮ᠎ᠡ ᠬᠡᠶᠢᠳ ᠰᠢᠨ᠎ᠡ ᠪᠡᠷ ᠪᠠᠷᠢᠭᠤᠯᠵᠤ ᠲᠣᠰᠬᠣᠨ ᠪᠠᠶᠢᠭᠤᠯᠵᠤ ᠬᠠᠮᠤᠭ ᠤᠨ ᠭᠣᠣᠯ ᠨᠢ ᠲᠡᠨᠳᠡ ᠪᠡᠨ ᠬᠡᠳᠦ ᠬᠡᠳᠦᠨ ᠨᠡᠬᠡᠮᠡᠯ ᠦᠨ ᠭᠠᠵᠠᠷ ᠪᠠᠶᠢᠭᠤᠯᠤᠭᠰᠠᠨ ᠲᠤᠬᠠᠢ ᠲᠤᠰᠬᠠᠭᠰᠠᠨ ᠪᠠᠶᠢᠨ᠎ᠠ᠃ [ᠪᠤᠬᠠᠷᠰᠺ ᠦ ᠸᠠᠺᠹ 1979:8].

ᠳᠡᠭᠡᠷᠡᠬᠢ ᠬᠣᠶᠠᠷ ᠪᠠᠷᠢᠮᠲᠠ ᠠᠴᠠ ᠦᠵᠡᠬᠦ ᠳᠦ ᠮᠣᠩᠭᠣᠯᠴᠤᠳ ᠤᠨ ᠦᠶ᠎ᠡ ᠳᠦ ᠳᠤᠮᠳᠠᠳᠤ ᠠᠽᠢᠶ᠎ᠠ ᠳᠤ ᠱᠠᠰᠢᠨ ᠤ ᠪᠠᠶᠢᠭᠤᠯᠤᠯᠭ᠎ᠠ ᠶᠢᠨ ᠡᠵᠡᠮᠰᠢᠯ ᠭᠠᠵᠠᠷ ᠡᠷᠴᠢᠮᠲᠡᠢ ᠥᠷᠭᠡᠵᠢᠨ ᠲᠡᠯᠡᠵᠦ ᠯᠠᠯᠤ ᠶᠢᠨ ᠱᠠᠰᠢᠨ ᠤ ᠰᠠᠨᠸᠠᠷᠲᠠᠨᠤᠭ ᠤᠳ ᠤᠨ ᠨᠡᠶᠢᠭᠡᠮ ᠤᠨ ᠪᠠᠶᠢᠷᠢ ᠰᠠᠭᠤᠷᠢ ᠦᠯᠡᠮᠵᠢ ᠳᠡᠭᠡᠭᠰᠢᠯᠡᠵᠦ ᠪᠠᠶᠢᠭᠰᠠᠨ ᠢ ᠭᠡᠷᠡᠴᠢᠯᠡᠵᠦ ᠪᠠᠶᠢᠨ᠎ᠠ᠃ ᠵᠢᠱᠢᠶᠡᠯᠡᠪᠡᠯ᠂ ᠠᠷᠪᠠᠨ ᠭᠤᠷᠪᠠᠳᠤᠭᠠᠷ ᠵᠠᠭᠤᠨ ᠳᠤ ᠳᠤᠮᠳᠠᠳᠤ ᠠᠽᠢᠶ᠎ᠠ ᠶᠢᠨ ᠰᠠᠨᠸᠠᠷᠲᠠᠨ ᠰᠧᠢᠹᠢ ᠳᠤ ᠳ᠋ᠢᠩ ᠪᠬᠠᠷᠵᠢ ᠠᠩᠬ᠎ᠠ ᠤᠳᠠᠭ᠎ᠠ 《ᠱᠧᠢᠬ ᠠᠯᠠ ᠣᠯᠤᠮ᠎ᠠ》 ᠪᠤᠶᠤ ᠳᠡᠯᠡᠬᠡᠢ ᠶᠢᠨ ᠱᠧᠢᠬ ᠴᠣᠯᠠ ᠶᠢ ᠮᠣᠩᠭᠣᠯ ᠬᠠᠭᠠᠳ ᠤᠨ ᠢᠪᠡᠭᠡᠯ ᠢᠶᠡᠷ ᠬᠦᠷᠲᠡᠭᠰᠡᠨ ᠠᠵᠤ᠃ [ᠴᠧᠬᠣᠪᠢᠴ 1965:9]. ᠢ᠃ᠫ᠃ᠫᠧᠲ᠋ᠷᠤᠱᠧᠸᠰᠺ ᠤᠨ ᠲᠡᠮᠳᠡᠭᠯᠡᠭᠰᠡᠨ ᠢᠶᠡᠷ 《ᠸᠠᠺᠹ ᠤᠨ ᠲᠡᠦᠬᠡᠨ ᠡᠭᠦᠷᠭᠡ ᠵᠢᠩ ᠦᠨ ᠬᠤᠳᠠᠯᠳᠤᠭ᠎ᠠ ᠪᠣᠯᠤᠨ ᠭᠠᠷ ᠦᠢᠯᠡᠳᠪᠦᠷᠢ ᠶᠢᠨ ᠲᠥᠪ ᠪᠣᠯᠤᠭᠰᠠᠨ ᠵᠠᠬ᠎ᠠ ᠵᠡᠭᠡᠯᠢ ᠲᠡᠢ ᠨᠢᠭᠲᠠᠴᠠ ᠬᠣᠯᠪᠣᠭ᠎ᠠ ᠪᠦᠬᠦᠢ ᠹᠧᠣᠳᠠᠯ ᠠᠩᠬᠢ ᠶᠢᠨ ᠣᠨᠴᠠᠭᠠᠢ ᠪᠦᠯᠦᠭ ᠪᠣᠯᠬᠤ ᠮᠥᠰᠥᠶᠢᠯᠮᠡᠨ ᠯᠠᠮᠠ ᠨᠠᠷ ᠤᠨ ᠣᠷᠣᠯᠭ᠎ᠠ ᠶᠢᠨ ᠦᠨᠳᠦᠰᠦᠨ ᠡᠬᠢ ᠰᠤᠷᠪᠤᠯᠵᠢ ᠪᠣᠯᠵᠤ ᠪᠠᠶᠢᠭᠰᠠᠨ ᠳᠤ ᠣᠷᠣᠰᠢᠨ᠎ᠠ》 ᠭᠡᠵᠡᠢ᠃ [ᠫᠧᠲ᠋ᠷᠤᠱᠧᠸᠰᠺ ᠦ 1960:249]. ᠮᠢᠯᠺ ᠢ ᠵᠥᠪᠬᠡᠨ ᠴᠢᠯᠦᠭᠡᠲᠦ ᠲᠠᠷᠢᠶᠠᠴᠢᠳ ᠡᠵᠡᠮᠰᠢᠵᠦ ᠪᠠᠶᠢᠭᠰᠠᠨ ᠪᠥᠭᠡᠳ ᠮᠣᠩᠭᠣᠯ ᠤᠨ ᠨᠣᠶᠠᠷᠬᠠᠯ ᠤᠨ ᠦᠶ᠎ᠡ ᠳᠦ ᠡᠳᠡᠭᠡᠷ ᠡᠵᠡᠮᠰᠢᠯ ᠭᠠᠵᠠᠷ ᠤᠳ ᠢ ᠲᠣᠮᠣ ᠭᠠᠵᠠᠷ ᠤᠨ ᠡᠵᠡᠳ ᠪᠣᠯᠤᠨ ᠰᠦᠮ᠎ᠡ ᠬᠡᠶᠢᠳ ᠦᠨ ᠡᠵᠡᠮᠰᠢᠯ ᠳᠦ ᠰᠢᠯᠵᠢᠵᠦ ᠡᠷᠡᠰ ᠴᠥᠭᠡᠷᠡᠬᠦ ᠬᠠᠨᠳᠤᠯᠭ᠎ᠠ ᠳᠠᠪᠠᠮᠠᠭᠠᠶᠢᠯᠠᠬᠤ ᠪᠣᠯᠪᠠ᠃ [ᠫᠧᠲ᠋ᠷᠤᠱᠧᠸᠰᠺ ᠦ 1955:100]. ᠭᠡᠪᠡᠴᠦ ᠡᠨᠡ ᠬᠠᠨᠳᠤᠯᠭ᠎ᠠ ᠨᠢ ᠹᠧᠣᠳᠠᠯ ᠤᠨ ᠭᠠᠵᠠᠷ ᠡᠵᠡᠮᠰᠢᠯ ᠦᠨ ᠬᠡᠯᠪᠡᠷᠢ ᠶᠢᠨ ᠴᠢᠨᠠᠭᠰᠢᠳᠠ ᠶᠢᠨ ᠬᠥᠭᠵᠢᠯ ᠦᠨ ᠵᠦᠢ ᠶᠣᠰᠣᠨ ᠤ ᠦᠷ᠎ᠡ ᠳᠠᠭᠠᠪᠤᠷᠢ ᠪᠠᠶᠢᠭᠰᠠᠨ ᠢ ᠣᠨᠴᠠᠯᠠᠨ ᠲᠡᠮᠳᠡᠭᠯᠡᠬᠦ ᠬᠡᠷᠡᠭᠲᠡᠢ ᠶᠤᠮ᠃ [ᠫᠧᠲ᠋ᠷᠤᠱᠧᠸᠰᠺ ᠦ 1955: 102-103].ᠭᠠᠵᠠᠷ ᠦᠭᠡᠢ ᠪᠣᠯᠤᠭᠰᠠᠨ ᠲᠠᠷᠢᠶᠠᠴᠢᠳ ᠲᠦᠷᠢᠶᠡᠰᠦᠯᠡᠭᠴᠢ ᠪᠣᠯᠬᠤ ᠠᠴᠠ ᠭᠠᠳᠠᠨ᠎ᠠ ᠲᠣᠮᠣ ᠭᠠᠵᠠᠷ ᠤᠨ ᠡᠵᠡᠨ ᠦ ᠬᠤᠪᠢ ᠨᠡᠶᠢᠯᠡᠭᠦᠯᠦᠭᠴᠢ ᠢᠽᠢᠳᠣᠯᠱᠢᠺ ᠪᠣᠯᠵᠤ ᠪᠠᠶᠢᠪᠠ᠃ ᠭᠡᠪᠡᠴᠦ ᠬᠤᠪᠢ ᠨᠡᠶᠢᠯᠡᠭᠦᠯᠦᠭᠴᠢ ᠨᠢ ᠦᠨᠡᠨ ᠬᠡᠷᠡᠭᠲᠦ ᠪᠡᠨ 《ᠦᠶ᠎ᠡ ᠳᠠᠮᠵᠢᠭ᠌ᠰᠠᠨ ᠹᠧᠣᠳᠠᠯ ᠤᠨ ᠬᠠᠷᠠᠭᠠᠲᠤ ᠪᠠᠶᠢᠳᠠᠯ ᠤᠨ ᠨᠢᠭᠡᠨ ᠬᠡᠯᠪᠡᠷᠢ》 ᠶᠤᠮ᠃ [ᠫᠧᠲ᠋ᠷᠤᠱᠧᠸᠰᠺ ᠦ 1960:286].

ᠣ᠃ᠳ᠃ᠴᠧᠬᠣᠸᠢᠴᠢ ᠶᠢᠨ ᠬᠢᠭᠰᠡᠨ ᠰᠤᠳᠤᠯᠭ᠎ᠠ ᠪᠠᠷ ᠸᠠᠺᠹ ᠤᠨ ᠡᠵᠡᠮᠰᠢᠯ ᠭᠠᠵᠠᠷ ᠢ 《ᠮᠦᠽᠣᠷᠧ》 ᠨᠠᠷ ᠬᠠᠷᠢᠨ ᠮᠢᠯᠺ ᠭᠠᠵᠠᠷ ᠢ "ᠺᠧᠳᠢᠪᠤᠷ" 》ᠬᠡᠮᠡᠬᠦ ᠲᠠᠷᠢᠶᠠᠴᠢᠳ ᠲᠤᠰ ᠲᠤᠰ ᠪᠣᠯᠪᠠᠷᠠᠭᠤᠯᠵᠤ ᠪᠠᠶᠢᠪᠠ᠃ [ᠴᠧᠬᠣᠪᠢᠴ 1959: 149]. ᠭᠡᠪᠡᠴᠦ ᠡᠳᠡᠭᠡᠷ ᠺᠧᠳᠢᠪᠤᠷ᠂ ᠮᠦᠽᠣᠷᠧ ᠨᠠᠷ ᠤᠨ ᠨᠡᠶᠢᠭᠡᠮ ᠤᠨ ᠪᠠᠶᠢᠷᠢ ᠰᠠᠭᠤᠷᠢ ᠶᠢ ᠲᠣᠳᠣᠷᠬᠠᠶᠢᠯᠠᠬᠤ ᠪᠠᠷᠢᠮᠲᠠ ᠪᠢᠴᠢᠭ ᠬᠠᠷᠠᠬᠠᠨ ᠣᠯᠳᠠᠭ᠎ᠠ ᠦᠭᠡᠢ ᠪᠠᠶᠢᠨ᠎ᠠ᠃ ᠲᠡᠶᠢᠮᠦ ᠡᠴᠡ ᠲᠡᠳᠡ ᠨᠠᠷ ᠢ ᠡᠷᠬᠡ ᠴᠢᠯᠦᠭᠡ ᠲᠡᠢ ᠠᠯᠢ ᠡᠰᠡᠪᠡᠯ ᠬᠠᠮᠵᠢᠯᠭ᠎ᠠ ᠪᠠᠶᠢᠭᠰᠠᠨ ᠡᠰᠡᠬᠦ ᠶᠢ ᠲᠣᠳᠣᠷᠬᠠᠶᠢᠯᠠᠬᠤ ᠪᠣᠯᠤᠮᠵᠢ ᠦᠭᠡᠢ ᠠᠵᠢ᠃ [ᠴᠧᠬᠣᠪᠢᠴ 1959:155].ᠳᠤᠮᠳᠠᠳᠤ ᠠᠽᠢᠶ᠎ᠠ ᠶᠢᠨ ᠪᠦᠬᠦ ᠬᠦᠮᠦᠨ ᠠᠮᠠ ᠳᠤ ᠣᠨᠣᠭᠳᠠᠭᠤᠯᠤᠭᠰᠠᠨ ᠶᠡᠬᠡ ᠮᠣᠩᠭᠣᠯ ᠤᠨ ᠤᠯᠤᠰ ᠤᠨ ᠨᠢᠭᠡᠳᠦᠭᠰᠡᠨ ᠲᠠᠲᠠᠪᠤᠷᠢ ᠶᠢ 《ᠺᠦᠶᠢᠴᠤᠷ》 ᠬᠡᠮᠡᠨ ᠨᠡᠷᠡᠯᠡᠳᠡᠭ ᠪᠠᠶᠢᠪᠠ᠃ 1229 ᠣᠨ ᠳᠤ ᠥᠭᠡᠲᠡᠢ ᠬᠠᠭᠠᠨ ᠤᠯᠤᠰ ᠤᠨ ᠨᠢᠭᠡᠳᠦᠭᠰᠡᠨ ᠠᠯᠪᠠ ᠲᠠᠲᠠᠪᠤᠷᠢ ᠶᠢᠨ ᠬᠠᠤᠯᠢ ᠭᠠᠷᠭᠠᠵᠤ ᠠᠷᠠᠳ ᠢᠷᠭᠡᠳ ᠡᠴᠡ ᠠᠪᠬᠤ ᠲᠠᠲᠠᠪᠤᠷᠢ ᠶᠢᠨ ᠬᠡᠮᠵᠢᠶ᠎ᠡ ᠶᠢ ᠬᠠᠤᠯᠢᠴᠢᠯᠠᠨ ᠲᠣᠭᠲᠠᠭᠠᠴᠠᠢ᠃ [ᠮᠤᠩᠺᠦ᠋ᠸ 1965 a :137]. 100 ᠲᠣᠯᠣᠭᠠᠢ ᠮᠠᠯ ᠠᠴᠠ ᠨᠢᠵᠢᠭᠡᠳ ᠮᠠᠯ ᠢ ᠠᠪᠬᠤ ᠪᠠᠷ ᠲᠣᠭᠲᠠᠪᠠ᠃ [ᠷᠠᠰᠢ ᠳᠤ ᠳᠤ ᠳ᠋ᠢᠩ ᠲ᠃II: 36]. 1233 ᠣᠨ ᠳᠤ ᠤᠯᠤᠰ ᠤᠨ ᠠᠯᠪᠠᠨ ᠲᠠᠲᠠᠪᠤᠷᠢ ᠶᠢᠨ ᠬᠠᠤᠯᠢᠩ ᠳᠤ ᠰᠢᠨ᠎ᠡ ᠪᠡᠷ ᠨᠡᠮᠡᠯᠲᠡ ᠥᠭᠡᠷᠡᠴᠢᠯᠡᠯᠲᠡ ᠣᠷᠣᠭᠤᠯᠵᠠᠢ᠃ ᠲᠡᠷᠡ ᠨᠡᠮᠡᠯᠲᠡ ᠶᠣᠰᠣᠭᠠᠷ ᠠᠳᠤᠭᠤ᠂ ᠦᠬᠡᠷ᠂ ᠬᠣᠨᠢ ᠲᠤᠰ ᠪᠦᠷᠢ 100 ᠲᠣᠯᠣᠭᠠᠢ ᠪᠦᠬᠦᠢ ᠡᠷᠦᠬᠡ ᠡᠴᠡ ᠨᠢᠵᠡᠭᠡᠳ ᠮᠣᠷᠢ᠂ ᠦᠬᠡᠷ᠂ ᠬᠣᠩ ᠢ ᠲᠠᠲᠠᠪᠤᠷᠢᠯᠠᠨ ᠠᠪᠬᠤ ᠪᠣᠯᠤᠨ ᠠᠳᠤᠭᠤ᠂ ᠦᠬᠡᠷ᠂ ᠬᠣᠨᠢ ᠲᠤᠰ ᠪᠦᠷᠢ 10 ᠲᠣᠯᠣᠭᠠᠢ ᠡᠷᠦᠬᠡ ᠡᠴᠡ ᠲᠤᠰ ᠪᠦᠷᠢ ᠴᠤ ᠮᠥᠨ ᠠᠳᠠᠯᠢ ᠨᠢᠵᠡᠭᠡᠳ ᠮᠣᠷᠢ᠂ ᠦᠬᠡᠷ᠂ ᠬᠣᠨᠢ ᠲᠠᠲᠠᠪᠤᠷᠢᠯᠠᠨ ᠠᠪᠬᠤ ᠪᠠᠷ ᠵᠢᠭᠠᠭᠰᠠᠨ ᠪᠠᠶᠢᠨ᠎ᠠ᠃ ᠢᠯᠠᠩᠭᠤᠶ᠎ᠠ ᠬᠤᠳᠠᠯᠳᠤᠭ᠎ᠠ᠂ ᠠᠷᠠᠯᠵᠢᠶ᠎ᠠ ᠡᠷᠡᠬᠯᠡᠭᠴᠢᠳ ᠡᠴᠡ ᠠᠪᠬᠤ ᠭᠠᠶᠢᠯᠢ ᠶᠢᠨ ᠲᠠᠲᠠᠪᠤᠷᠢ ᠶᠢ ᠴᠢᠩᠭᠠᠳᠬᠠᠭᠰᠠᠨ ᠬᠠᠤᠯᠢ ᠪᠠᠰᠠ ᠲᠣᠭᠲᠠᠭᠠᠴᠠᠢ᠃ [ᠳᠠᠯᠠᠢ 1994:148-149]. ᠥᠭᠡᠲᠡᠢ ᠬᠠᠭᠠᠨ ᠡᠵᠡᠯᠡᠭᠰᠡᠨ ᠣᠷᠣᠨ ᠤ ᠠᠷᠠᠳ ᠤᠳ ᠠᠴᠠ ᠲᠠᠲᠠᠪᠤᠷᠢᠯᠠᠬᠤ ᠠᠯᠪᠠ ᠲᠠᠲᠠᠪᠤᠷᠢ ᠶᠢᠨ ᠬᠡᠮᠵᠢᠶ᠎ᠡ ᠶᠢ ᠬᠢᠲᠠᠳ ᠤᠨ ᠬᠦᠮᠦᠨ ᠠᠮᠠ ᠠᠴᠠ ᠡᠷᠦᠬᠡ ᠪᠡᠷ ᠪᠣᠳᠣᠵᠤ᠂ ᠳᠤᠮᠳᠠᠳᠤ ᠠᠽᠢᠶ᠎ᠠ ᠶᠢᠨ ᠵᠡᠷᠭᠡ ᠪᠠᠷᠠᠭᠤᠨ ᠵᠦᠭ ᠦᠨ ᠣᠷᠣᠨ ᠨᠤᠭᠤᠳ ᠠᠴᠠ ᠡᠷ᠎ᠡ ᠶᠢᠨ ᠲᠣᠭ᠎ᠠ ᠪᠠᠷ ᠪᠣᠳᠣᠵᠤ ᠠᠪᠬᠤ ᠵᠢᠷᠤᠮ ᠢ ᠲᠣᠭᠲᠠᠭᠠᠴᠠᠢ᠃[ᠮᠣᠩᠭᠣᠯ ᠤᠯᠤᠰ ᠤᠨ ᠲᠡᠦᠬᠡ᠃ II ᠪᠣᠲᠢ :166].《ᠠᠯᠪᠠᠨ ᠤ ᠬᠡᠮᠵᠢᠶ᠎ᠡ ᠨᠢ ᠰᠠᠶᠢᠨ ᠴᠢᠨᠠᠷ ᠤᠨ ᠲᠠᠷᠢᠶᠠᠨ ᠤ ᠮᠤ ᠲᠤᠲᠤᠮ ᠠᠴᠠ 3 ᠵᠢᠩ᠂ ᠳᠤᠮᠳᠠ ᠲᠠᠷᠢᠶᠠᠨ ᠤ ᠮᠤ ᠲᠤᠲᠤᠮ ᠠᠴᠠ 2 ᠵᠢᠩ ᠬᠠᠭᠠᠰ᠂ ᠳᠣᠣᠷ᠎ᠠ ᠳᠤ ᠲᠠᠷᠢᠶᠠᠨ ᠤ ᠨᠢᠭᠡ ᠮᠤ ᠲᠤᠲᠤᠮ ᠠᠴᠠ 2 ᠵᠢᠩ ᠲᠤᠰ ᠲᠤᠰ ᠬᠤᠷᠢᠶᠠᠬᠤ᠂ ᠤᠰᠤ ᠣᠷᠣᠭᠤᠯᠤᠭᠰᠠᠨ ᠰᠠᠶᠢᠨ ᠲᠠᠷᠢᠶᠠᠨ ᠤ ᠨᠢᠭᠡ ᠮᠤ ᠲᠤᠲᠤᠮ ᠠᠴᠠ 5 ᠵᠢᠩ ᠲᠠᠷᠢᠶ᠎ᠠ ᠠᠪᠬᠤ ᠪᠠᠷ ᠲᠣᠭᠲᠠᠭᠠᠭᠰᠠᠨ ᠪᠠᠶᠢᠨ᠎ᠠ᠃ ᠬᠤᠳᠠᠯᠳᠤᠭᠠᠨ ᠤ ᠵᠦᠢᠯ ᠡᠴᠡ ᠭᠠᠶᠢᠯᠢ ᠬᠤᠷᠢᠶᠠᠬᠤ ᠳᠤ ᠪᠠᠨ ᠣᠷᠣᠯᠭ᠎ᠠ ᠶᠢᠨ 1/30 ᠠᠪᠬᠤ᠂ ᠳᠠᠷᠠᠰᠤᠨ ᠤ ᠬᠤᠳᠠᠯᠳᠤᠭᠠᠨ ᠠᠴᠠ 40 ᠵᠢᠩ ᠠᠷᠢᠬᠢ ᠲᠤᠲᠤᠮ ᠠᠴᠠ ᠨᠢᠭᠡ ᠯᠠᠨ ᠬᠤᠷᠢᠶᠠᠬᠤ ᠪᠠᠷ ᠲᠤᠰ ᠲᠤᠰ ᠲᠣᠭᠲᠠᠭᠠᠭᠰᠠᠨ ᠪᠠᠶᠢᠨ᠎ᠠ᠃ ᠡᠨᠡ ᠨᠢ ᠬᠢᠲᠠᠳ ᠢᠷᠭᠡᠳ ᠡᠴᠡ ᠠᠪᠴᠤ ᠪᠠᠶᠢᠭᠰᠠᠨ ᠲᠠᠲᠠᠪᠤᠷᠢ ᠶᠢᠨ ᠬᠡᠮᠵᠢᠶ᠎ᠡ ᠪᠥᠭᠡᠳ ᠳᠤᠮᠳᠠᠳᠤ ᠠᠽᠢᠶ᠎ᠠ ᠶᠢᠨ ᠣᠷᠣᠨ ᠨᠤᠭᠤᠳ ᠠᠴᠠ ᠮᠥᠨ ᠡᠭᠦᠨ ᠦ ᠨᠢᠭᠡᠨ ᠠᠳᠠᠯᠢ ᠠᠯᠪᠠᠨ ᠲᠠᠲᠠᠪᠤᠷᠢ ᠠᠪᠴᠤ ᠪᠠᠶᠢᠭᠰᠠᠨ ᠪᠠᠶᠢᠨ᠎ᠠ》. [ᠮᠣᠩᠭᠣᠯ ᠤᠯᠤᠰ ᠤᠨ ᠲᠡᠦᠬᠡ II ᠪᠣᠲᠢ: 166].

ᠥᠭᠡᠲᠡᠢ ᠬᠠᠭᠠᠨ ᠤ ᠡᠨᠡᠬᠦ ᠬᠠᠤᠯᠢ ᠶᠢᠨ ᠲᠤᠬᠠᠢ ᠮᠡᠳᠡᠭᠡ ᠰᠡᠯᠲᠡ ᠳᠤᠮᠳᠠᠳᠤ ᠠᠽᠢᠶ᠎ᠠ ᠶᠢᠨ ᠰᠤᠷᠪᠤᠯᠵᠢ ᠪᠢᠴᠢᠭ ᠲᠦ ᠲᠡᠷᠡ ᠪᠦᠷᠢ ᠲᠤᠰᠬᠠᠭ᠎ᠠ ᠦᠭᠡᠢ ᠲᠤᠯᠠ ᠰᠤᠳᠤᠯᠤᠭᠠᠴᠢᠳ ᠭᠣᠣᠯ ᠲᠥᠯᠥᠪ ᠮᠥᠩᠬᠡ ᠬᠠᠭᠠᠨ ᠤ ᠬᠠᠤᠯᠢ ᠶᠢᠨ ᠲᠠᠲᠠᠪᠤᠷᠢ ᠶᠢᠨ ᠵᠢᠭᠠᠯᠲᠠ ᠶᠢ ᠵᠦᠸᠧᠢᠨ ᠤᠨ ᠪᠦᠲᠦᠭᠡᠯ ᠳᠦ ᠦᠭᠦᠯᠡᠭᠰᠡᠨ ᠶᠣᠰᠣᠭᠠᠷ ᠠᠪᠴᠤ ᠦᠵᠡᠳᠡᠭ ᠪᠠᠶᠢᠨ᠎ᠠ᠃ [ᠫᠧᠲ᠋ᠷᠤᠱᠧᠸᠰᠺ ᠦ 1960:115].ᠮᠥᠩᠬᠡ ᠬᠠᠭᠠᠨ ᠤ ᠠᠯᠪᠠ ᠲᠠᠲᠠᠪᠤᠷᠢ ᠶᠢᠨ ᠬᠠᠤᠯᠢ ᠶᠢᠨ ᠵᠢᠭᠠᠯᠲᠠ ᠶᠢᠨ ᠶᠣᠰᠣᠭᠠᠷ ᠳᠤᠮᠳᠠᠳᠤ ᠠᠽᠢᠶ᠎ᠠ ᠶᠢᠨ ᠨᠡᠭᠦᠳᠡᠯᠴᠢᠨ ᠠᠷᠠᠳ ᠢᠷᠭᠡᠳ ᠡᠴᠡ 100 ᠲᠣᠯᠣᠭᠠᠢ ᠠᠳᠤᠭᠤ᠂ ᠦᠬᠡᠷ᠂ ᠬᠣᠨᠢ ᠲᠤᠰ ᠪᠦᠷᠢ ᠡᠴᠡ ᠨᠢᠵᠡᠭᠡᠳ ᠢ᠂ ᠰᠠᠭᠤᠷᠢᠰᠢᠮᠠᠯ ᠬᠡᠰᠡᠭ ᠦᠨ ᠬᠦᠮᠦᠨ ᠠᠮᠠ ᠠᠴᠠ ᠬᠥᠷᠥᠩᠭᠡ ᠴᠢᠨᠡᠭᠡ ᠪᠡᠷ ᠠᠪᠬᠤ ᠪᠠᠷ ᠲᠣᠭᠲᠠᠭᠠᠪᠠ᠃ 《ᠪᠠᠶᠠᠨ ᠴᠢᠨᠡᠭᠡᠯᠢᠭ ᠠᠷᠠᠳ ᠢᠷᠭᠡᠳ ᠡᠴᠡ ᠨᠢᠭᠡ ᠵᠢᠯ ᠦᠨ ᠭᠤᠪᠴᠢᠭᠤᠷ 15 ᠳ᠋ᠢᠨᠠᠷ᠂ ᠶᠠᠳᠠᠭᠤ ᠳᠣᠷᠣᠢ ᠠᠴᠠ 1 ᠳ᠋ᠢᠨᠠᠷ》 ᠠᠪᠬ᠎ᠠ ᠪᠠᠷ ᠲᠣᠭᠲᠠᠵᠠᠢ᠃ [ᠶᠠᠺᠦᠶᠢᠪᠦᠢᠰᠺ ᠦ 1936:114].ᠮᠣᠩᠭᠣᠯ ᠤᠨ ᠨᠣᠶᠠᠷᠬᠠᠯ ᠤᠨ ᠦᠶ᠎ᠡ ᠳᠦ ᠳᠤᠮᠳᠠᠳᠤ ᠠᠽᠢᠶ᠎ᠠ ᠳᠤ ᠺᠦᠶᠢᠴᠤᠷ᠂ ᠺᠠᠯᠠᠨ᠂ ᠲᠠᠭᠠᠷ᠂ ᠲᠠᠮᠠᠭ᠎ᠠ ᠵᠡᠷᠭᠡ ᠠᠯᠪᠠᠨ ᠲᠠᠲᠠᠪᠤᠷᠢ ᠰᠢᠨ᠎ᠡ ᠪᠡᠷ ᠣᠷᠣᠵᠤ ᠢᠷᠡᠭᠰᠡᠨ ᠪᠠᠶᠢᠨ᠎ᠠ᠃ [ᠢᠰᠲ᠋ᠣᠷᠢᠶ᠎ᠠ ᠲᠠᠵᠢᠺᠰᠺᠣᠭᠣ ᠨᠠᠷᠣᠳᠠ 1964:310].ᠪ᠃ᠳ᠃ᠭᠷᠧᠺᠣᠸ᠂᠎ᠠ᠃ᠶᠦ᠃ᠶᠠᠺᠦᠶᠢᠪᠦᠢᠰᠺ ᠦ ᠨᠠᠷ ᠭᠠᠵᠠᠷ ᠤᠨ ᠲᠠᠲᠠᠪᠤᠷᠢ ᠬᠠᠷᠠᠵᠢ ᠶᠢ ᠮᠣᠩᠭᠣᠯᠴᠤᠳ ᠤᠨ ᠦᠶ᠎ᠡ ᠳᠦ ᠺᠠᠯᠠᠨ ᠬᠡᠮᠡᠨ ᠨᠡᠷᠡᠯᠡᠬᠦ ᠪᠣᠯᠤᠭᠰᠠᠨ ᠭᠡᠵᠦ ᠦᠵᠡᠳᠡᠭ ᠪᠠᠶᠢᠨ᠎ᠠ᠃ [ᠭᠷᠧᠺᠣᠸ᠂ ᠶᠠᠺᠦᠶᠢᠪᠦᠢᠰᠺ ᠦ 1950:111]. ᠭᠠᠵᠠᠷ ᠤᠨ ᠲᠠᠲᠠᠪᠤᠷᠢ ᠬᠠᠷᠠᠵ ᠲᠥᠯᠥᠬᠦ ᠡᠴᠡ ᠭᠠᠳᠠᠨ᠎ᠠ ᠲᠠᠷᠢᠶᠠᠴᠢᠳ ᠠᠴᠠ ᠭᠠᠷᠭᠠᠭᠤᠯᠵᠤ ᠪᠠᠶᠢᠭᠰᠠᠨ ᠲᠠᠭᠠᠷ ᠬᠡᠮᠡᠬᠦ ᠪᠦᠲᠦᠭᠡᠭᠳᠡᠬᠦᠨ ᠦ ᠲᠠᠲᠠᠪᠤᠷᠢ ᠨᠢ ᠮᠣᠩᠭᠣᠯ ᠴᠡᠷᠢᠭ ᠦᠨ ᠬᠠᠩᠭᠠᠮᠵᠢᠨ ᠳᠤ ᠵᠣᠷᠢᠭᠤᠯᠤᠭᠳᠠᠭᠰᠠᠨ ᠲᠠᠲᠠᠪᠤᠷᠢ ᠪᠠᠶᠢᠴᠠᠢ᠃ [ᠠᠭᠠᠳᠵᠠᠨᠨᠣᠸ 2000: 411].ᠲᠠᠮᠠᠭ᠎ᠠ ᠬᠡᠮᠡᠬᠦ ᠲᠠᠲᠠᠪᠤᠷᠢ ᠶᠢ ᠭᠠᠷ ᠤᠷᠠᠴᠤᠳ ᠠᠴᠠ ᠠᠪᠴᠤ ᠪᠠᠶᠢᠭᠰᠠᠨ ᠪᠠᠶᠢᠨ᠎ᠠ᠃ [ᠢᠰᠲ᠋ᠣᠷᠢᠶ᠎ᠠ ᠲᠠᠵᠢᠺᠰᠺᠣᠭᠣ ᠨᠠᠷᠣᠳᠠ 1964:308].ᠳᠡᠷᠬᠢ ᠠᠯᠪᠠ ᠲᠠᠲᠠᠪᠤᠷᠢ ᠨᠤᠭᠤᠳ ᠤᠨ ᠬᠡᠮᠵᠢᠶ᠎ᠡ ᠮᠠᠷᠭᠤᠭᠠᠨ ᠲᠠᠢ ᠬᠡᠪ ᠢᠶᠡᠷ ᠪᠠᠶᠢᠨ᠎ᠠ᠃ᠳᠡᠭᠡᠷᠡᠬᠢ ᠲᠣᠭᠲᠠᠮᠠᠯ ᠲᠠᠲᠠᠪᠤᠷᠢ ᠠᠴᠠ ᠭᠠᠳᠠᠨ᠎ᠠ ᠣᠨᠴᠠᠭᠠᠢ ᠦᠶ᠎ᠡ ᠳᠦ ᠠᠪᠳᠠᠭ ᠨᠡᠮᠡᠯᠲᠡ ᠲᠠᠲᠠᠪᠤᠷᠢ ᠨᠤᠭᠤᠳ ᠪᠠᠶᠢᠭᠰᠠᠨ ᠠᠴᠠ ᠳᠠᠶᠢᠨ ᠤ ᠦᠶ᠎ᠡ ᠳᠦ ᠠᠪᠴᠤ ᠪᠠᠶᠢᠭᠰᠠᠨ ᠠᠰᠢᠯᠠᠭ ᠬᠡᠮᠡᠬᠦ ᠪᠦᠲᠦᠭᠡᠭᠳᠡᠬᠦᠨ ᠦ ᠲᠠᠲᠠᠪᠤᠷᠢ ᠶᠢ ᠴᠠᠭᠠᠳᠠᠢ ᠶᠢᠨ ᠤᠯᠤᠰ ᠤᠨ ᠪᠦᠬᠦ ᠬᠦᠮᠦᠨ ᠠᠮᠠ ᠠᠴᠠ ᠠᠪᠴᠤ ᠪᠠᠶᠢᠭᠰᠠᠨ ᠭᠡᠵᠦ ᠪ᠃ᠠ᠃ᠠᠬᠠᠮᠧᠳᠠᠪᠠ ᠲᠡᠮᠳᠡᠭᠯᠡᠭᠰᠡᠨ ᠪᠠᠶᠢᠨ᠎ᠠ᠃ ᠡᠨᠡ ᠲᠠᠲᠠᠪᠤᠷᠢ ᠶᠢᠨ ᠬᠡᠮᠵᠢᠶ᠎ᠡ ᠨᠢ ᠲᠤᠬᠠᠢ ᠶᠢᠨ ᠨᠥᠬᠥᠴᠡᠯ ᠪᠠᠶᠢᠳᠠᠯ ᠠᠴᠠ ᠬᠠᠮᠢᠶᠠᠷᠴᠢ ᠪᠠᠶᠢᠭᠰᠠᠨ ᠠᠵᠢ᠃ [ᠠᠬᠠᠮᠧᠳᠠᠪᠠ 1965:95].

ᠴᠠᠭᠠᠳᠠᠢ ᠶᠢᠨ ᠤᠯᠤᠰ ᠤᠨ ᠨᠡᠶᠢᠭᠡᠮ ᠤᠨ ᠪᠦᠲᠦᠴᠡ ᠶᠢ ᠪᠦᠬᠦᠯᠢ ᠳᠦ ᠨᠢ ᠠᠪᠴᠤ ᠦᠵᠡᠬᠦ ᠳᠦ ᠨᠡᠶᠢᠭᠡᠮ ᠤᠨ ᠳᠡᠭᠡᠳᠦ ᠳᠠᠪᠬᠤᠷᠭ᠎ᠠ ᠳᠤ ᠴᠠᠭᠠᠳᠠᠢ ᠶᠢᠨ ᠤᠳᠤᠮ ᠤᠨ ᠬᠢᠨ ᠪᠠᠭᠳᠠᠵᠣ ᠪᠠᠶᠢᠪᠠ᠃ ᠤᠳᠠᠭᠠᠬᠢ ᠪᠠᠶᠢᠷᠢᠨ ᠳᠤ ᠮᠣᠩᠭᠣᠯ ᠲᠦᠷᠦᠭ ᠤᠭᠰᠠᠭᠠᠨ ᠤ ᠲᠦᠮᠡᠨ ᠦ ᠪᠣᠯᠤᠨ ᠮᠢᠩᠭᠠᠨ ᠤ ᠨᠣᠶᠠᠳ᠃ ᠡᠳᠡᠭᠡᠷ ᠨᠣᠶᠠᠳ ᠤᠨ ᠠᠳᠠᠯᠢ ᠳᠠᠪᠠᠭᠤ ᠡᠷᠬᠡ ᠡᠳ᠋ᠯᠡᠵᠦ ᠪᠠᠶᠢᠭᠰᠠᠨ ᠯᠠᠯᠤ ᠶᠢᠨ ᠱᠠᠰᠢᠨ ᠤ ᠬᠤᠲᠤᠭᠲᠤ ᠬᠤᠪᠢᠯᠭᠠᠳ ᠡᠨᠳᠡ ᠪᠠᠰᠠ ᠬᠠᠮᠢᠶᠠᠷᠤᠨ᠎ᠠ᠃ ᠤᠳᠠᠭᠠᠬᠢ ᠪᠠᠶᠢᠷᠢᠨ ᠳᠤ ᠮᠣᠩᠭᠣᠯ ᠲᠦᠷᠦᠭ ᠤᠭᠰᠠᠭᠠᠨ ᠤ ᠨᠡᠭᠦᠳᠡᠯ ᠦᠨ ᠪᠣᠯᠤᠨ ᠰᠠᠭᠤᠷᠢᠰᠢᠮᠠᠯ ᠬᠡᠰᠡᠭ ᠦᠨ ᠰᠤᠷᠪᠤᠯᠵᠢᠲᠤ ᠢᠵᠠᠭᠤᠷᠲᠠᠨ ᠨᠤᠭᠤᠳ᠃ ᠲᠡᠭᠡᠭᠡᠳ ᠬᠤᠳᠠᠯᠳᠤᠭᠠᠴᠢᠳ ᠭᠠᠷ ᠤᠷᠠᠴᠤᠳ᠂ ᠲᠡᠳᠡᠨ ᠦ ᠳᠠᠷᠠᠭ᠎ᠠ ᠲᠠᠷᠢᠶᠠᠴᠢᠳ ᠣᠷᠣᠵᠤ ᠪᠠᠶᠢᠪᠠ᠃ ᠨᠡᠶᠢᠭᠡᠮ ᠤᠨ ᠳᠠᠪᠬᠤᠷᠭ᠎ᠠ ᠶᠢᠨ ᠳ᠋ᠣᠣ ᠳᠤ ᠬᠡᠰᠡᠭ ᠲᠦ ᠪᠣᠭᠣᠯᠴᠤᠳ ᠣᠷᠣᠵᠤ ᠪᠠᠶᠢᠪᠠ᠃ ᠠᠷᠪᠠᠨ ᠳᠥᠷᠪᠡᠳᠦᠭᠡᠷ ᠵᠠᠭᠤᠨ ᠤ 20 ᠍ ᠢᠤᠳ᠋ ᠣᠨ ᠳᠤ ᠮᠣᠩᠭᠣᠯ ᠤᠨ ᠡᠵᠡᠨᠲᠦ ᠭᠦᠷᠦᠨ ᠦ ᠬᠡᠮᠵᠢᠶᠡᠨ ᠳᠦ ᠤᠯᠤᠰ ᠲᠥᠷᠥ ᠶᠢᠨ ᠪᠠᠶᠢᠳᠠᠯ ᠶᠡᠷᠦᠩᠬᠡᠶᠢᠳᠡᠭᠡ ᠲᠥᠭᠲᠠᠪᠤᠷᠢᠵᠢᠵᠤ ᠡᠳ᠋ ᠍ ᠦᠨ ᠵᠠᠰᠠᠭ᠂ ᠣᠯᠠᠨ ᠤᠯᠤᠰ ᠤᠨ ᠬᠤᠳᠠᠯᠳᠤᠭ᠎ᠠ ᠬᠥᠭᠵᠢᠬᠦ ᠲᠠᠭᠠᠲᠠᠢ ᠨᠥᠬᠥᠴᠡᠯ ᠪᠥᠷᠢᠳᠪᠡ᠃ ᠡᠨᠡ ᠦᠶ᠎ᠡ ᠳᠦ ᠫᠠᠫ ᠯᠠᠮᠠ ᠶᠢᠨ ᠵᠠᠰᠠᠭ ᠤᠨ ᠭᠠᠵᠠᠷ ᠨᠢ ᠠᠯᠲᠠᠨ ᠣᠷᠳᠣᠨ ᠤ ᠤᠯᠤᠰ ᠪᠣᠯᠤᠨ ᠴᠠᠭᠠᠳᠠᠢ ᠶᠢᠨ ᠤᠯᠤᠰ ᠲᠤ ᠬᠤᠳᠠᠯᠳᠤᠭᠠᠨ ᠤ ᠪᠣᠯᠤᠨ ᠱᠠᠰᠢᠨ ᠤ ᠦᠢᠯᠡ ᠠᠵᠢᠯᠯᠠᠭ᠎ᠠ ᠥᠷᠢᠨᠠᠭᠤᠯᠬᠤ ᠲᠤᠬᠠᠢ ᠪᠠᠶᠢᠯᠳᠣᠬᠣ ᠪᠣᠳᠣᠯᠭ᠎ᠠ ᠲᠥᠯᠥᠪᠯᠡᠭᠡ ᠪᠣᠯᠪᠠᠰᠤᠷᠠᠭᠤᠯᠵᠠᠢ᠃ ᠤᠭ ᠲᠥᠯᠦᠪᠯᠡᠭᠡᠨ ᠳᠦ ᠲᠠᠨ᠎ᠠ-ᠰᠠᠷᠠᠢ-ᠤᠭᠧᠨᠴᠢ-ᠬᠠᠨᠪᠠᠯ ᠢᠺ ᠭᠡᠰᠡᠨ ᠠᠯᠲᠠᠨ ᠣᠷᠳᠣᠨ ᠤ ᠤᠯᠤᠰ᠂ ᠴᠠᠭᠠᠳᠠᠢ ᠶᠢᠨ ᠤᠯᠤᠰ ᠤᠨ ᠨᠤᠲᠤᠭ ᠢᠶᠠᠷ ᠳᠠᠭᠠᠷᠢᠨ ᠥᠩᠭᠡᠷᠡᠴᠢ ᠧᠦ᠋ᠷᠣᠫᠠ ᠬᠢᠲᠠᠳ ᠢ ᠬᠣᠯᠪᠣᠭᠰᠠᠨ ᠣᠯᠠᠨ ᠤᠯᠤᠰ ᠤᠨ ᠲᠥᠪ ᠵᠠᠮ ᠳᠤ ᠭᠣᠣᠯ ᠠᠩᠬᠠᠷᠤᠯ ᠢᠶᠠᠨ ᠬᠠᠨᠳᠤᠭᠤᠯᠤᠭᠰᠠᠨ ᠪᠠᠶᠢᠨ᠎ᠠ᠃ ᠤᠴᠢᠷ ᠨᠢ ᠡᠨᠡ ᠵᠠᠮ ᠢ ᠱᠠᠭᠠᠷᠳᠠᠯᠭ᠎ᠠ ᠲᠠᠢ ᠦᠶ᠎ᠡ ᠳᠦ ᠡᠨᠡᠳᠬᠡᠭ ᠤᠷᠤᠬᠤ ᠨᠥᠭᠡᠴᠡ ᠵᠠᠮ ᠪᠣᠯᠭᠠᠨ ᠠᠰᠢᠭᠯᠠᠬᠤ ᠪᠣᠯᠤᠮᠵᠢ ᠲᠠᠢ ᠭᠡᠵᠦ ᠲᠣᠭᠠᠴᠠᠭᠠᠯᠠᠵᠤ ᠪᠠᠶᠢᠴᠠᠢ᠃ [ᠫᠣᠰᠯᠧ ᠮᠠᠷᠺᠣ ᠫᠣᠯᠣ 1968:106].ᠬIᠦ ᠵᠠᠭᠤᠨ ᠤ 20 ᠍ ᠢᠤᠳ᠋ ᠣᠨ ᠳᠤ ᠢᠯᠡ ᠬᠠᠭᠠᠳ ᠤᠨ ᠤᠯᠤᠰ ᠲᠤ ᠰᠠᠭᠤᠵᠤ ᠪᠠᠶᠢᠭᠰᠠᠨ ᠸᠧᠨᠧᠼᠢ ᠤᠯᠤᠰ ᠤᠨ ᠺᠣᠨᠰᠤᠶᠢᠯ ᠮᠠᠷᠺᠣ ᠳᠠ ᠮᠣᠯᠢᠨ ᠵᠠᠰᠠᠭ ᠤᠨ ᠭᠠᠵᠠᠷ ᠲᠤ ᠪᠠᠨ ᠮᠡᠳᠡᠭᠡᠯᠡᠬᠦ ᠳᠦ ᠪᠡᠨ ᠢᠷᠠᠨ ᠳᠤ ᠬᠤᠳᠠᠯᠳᠤᠭ᠎ᠠ ᠵᠣᠭᠰᠣᠩᠭᠢ ᠪᠠᠶᠢᠳᠠᠯ ᠳᠤ ᠣᠷᠣᠭᠠᠳ ᠪᠠᠶᠢᠨ᠎ᠠ᠂ ᠢᠷᠠᠨ ᠤ ᠵᠠᠮ ᠬᠠᠷᠭᠤᠢ ᠲᠡᠳᠦᠶᠢᠯᠡᠨ ᠠᠶᠤᠯ ᠦᠭᠡᠢ ᠪᠤᠰᠤ ᠪᠠᠶᠢᠨ᠎ᠠ ᠲᠡᠷᠡ ᠪᠠᠶᠢᠲᠤᠭᠠᠢ ᠲᠧᠪᠷᠢᠽᠢᠳ ᠭᠠᠳᠠᠭᠠᠳᠤ ᠶᠢᠨ ᠬᠤᠳᠠᠯᠳᠤᠭᠠᠴᠢᠳ ᠲᠤ ᠬᠠᠯᠠᠳᠠᠵᠤ ᠪᠠᠶᠢᠭ᠎ᠠ ᠲᠤᠬᠠᠢ ᠦᠭᠦᠯᠡᠭᠰᠡᠨ ᠪᠠᠶᠢᠨ᠎ᠠ᠃ [ᠫᠣᠰᠯᠧ ᠮᠠᠷᠺᠣ ᠫᠣᠯᠣ 1968:106].ᠸᠧᠨᠧᠼ ᠤᠨ ᠬᠤᠳᠠᠯᠳᠤᠭᠠᠴᠢᠳ ᠡᠨᠡᠳᠬᠡᠭ᠂ ᠬᠢᠲᠠᠳ ᠷᠤ ᠫᠧᠷᠰ ᠦᠨ ᠨᠤᠲᠤᠭ ᠢᠶᠠᠷ ᠪᠤᠰᠤ ᠴᠠᠭᠠᠳᠠᠢ ᠶᠢᠨ ᠤᠯᠤᠰ᠂ ᠫᠠᠮᠢᠷ ᠪᠣᠯᠤᠨ ᠭᠢᠨᠳᠦᠶᠢᠺᠰᠢ ᠶᠢᠨ ᠨᠢᠷᠤᠭᠤ ᠪᠠᠷ ᠶᠠᠪᠤᠬᠤ ᠵᠠᠮ ᠡᠷᠢᠯᠬᠢᠯᠡᠬᠦ ᠪᠣᠯᠤᠭᠰᠠᠨ ᠠᠵᠢ᠃ ᠢᠩᠭᠢᠭᠡᠳ ᠫᠠᠫ ᠤᠨ ᠵᠠᠰᠠᠭ ᠤᠨ ᠭᠠᠵᠠᠷ ᠪᠣᠯᠤᠨ ᠧᠦ᠋ᠷᠣᠫᠠ ᠶᠢᠨ ᠬᠤᠳᠠᠯᠳᠤᠭᠠᠴᠢᠳ ᠡᠨᠡ ᠦᠶ᠎ᠡ ᠪᠡᠨ ᠡᠴᠡ ᠡᠬᠢᠯᠡᠨ ᠴᠠᠭᠠᠳᠠᠢ ᠶᠢᠨ ᠤᠯᠤᠰ ᠢ ᠡᠳ᠋ ᠍ ᠦᠨ ᠵᠠᠰᠠᠭ᠂ ᠱᠠᠰᠢᠨ ᠤ ᠲᠠᠯ᠎ᠠ ᠠᠴᠠ ᠶᠡᠬᠡᠳᠡ ᠰᠣᠨᠢᠷᠬᠠᠵᠤ ᠡᠬᠢᠯᠡᠭᠰᠡᠨ ᠪᠠᠶᠢᠨ᠎ᠠ᠃ ᠡᠨᠡ ᠦᠶ᠎ᠡ ᠳᠦ ᠴᠠᠭᠠᠳᠠᠢ ᠶᠢᠨ ᠤᠯᠤᠰ ᠲᠤ ᠳᠤᠸᠠ ᠬᠠᠭᠠᠨ ᠤ ᠬᠥᠪᠡᠭᠦᠳ ᠡᠯᠵᠢᠭᠲᠡᠢ ᠪᠣᠯᠤᠨ ᠳᠤᠷᠠᠷᠲᠡᠮᠦᠷ ᠨᠠᠷ (1326-1329) ᠲᠥᠷᠥ ᠲᠥᠷᠥ ᠪᠠᠷᠢᠵᠤ ᠪᠠᠶᠢᠪᠠ᠃ [ᠪᠠᠷᠲ᠋ᠣᠯᠢ ᠳᠤ 1964 a:76]. ᠪᠤᠰᠤᠳ ᠤᠯᠤᠰ ᠤᠳ ᠢ ᠪᠣᠳᠣᠪᠠᠯ ᠴᠠᠭᠠᠳᠠᠢ ᠶᠢᠨ ᠤᠯᠤᠰ ᠤᠨ ᠳᠣᠲᠣᠭᠠᠳᠤ ᠪᠠᠶᠢᠳᠠᠯ ᠲᠡᠳᠦᠶᠢᠯᠡᠨ ᠲᠠᠶᠢᠪᠤᠩ ᠪᠠᠶᠢᠭᠰᠠᠨ ᠦᠭᠡᠢ᠃ ᠮᠠᠤᠧᠷᠠᠨᠠᠬᠢᠷ ᠪᠣᠯᠤᠨ ᠳᠣᠯᠣᠭᠠᠨ ᠭᠣᠣᠯ ᠤᠨ ᠨᠤᠲᠤᠭ ᠤᠨ ᠹᠧᠣᠳᠠᠯ ᠨᠣᠶᠠᠳ ᠥᠪᠥᠷ ᠬᠣᠭᠣᠷᠣᠨᠳᠣ ᠪᠠᠨ ᠪᠠᠶᠢᠩᠭᠤ ᠳᠠᠶᠢᠰᠤᠩᠨᠠᠵᠤ ᠲᠤᠰ ᠤᠯᠤᠰ ᠤᠨ 《ᠪᠠᠷᠤᠭ ᠨᠡᠶᠢᠰᠯᠡᠯ》 ᠠᠯᠮᠠᠯᠢᠭ ᠲᠤ ᠦᠶ᠎ᠡ ᠦᠶ᠎ᠡ ᠣᠷᠳᠣᠨ ᠤ ᠡᠷᠭᠢᠯᠲᠡ ᠪᠣᠯᠵᠤ ᠪᠠᠶᠢᠯ᠎ᠠ᠃ [ᠫᠣᠰᠯᠧ ᠮᠠᠷᠺᠣ ᠫᠣᠯᠣ 1968:119].

ᠫᠠᠫ ᠯᠠᠮᠠ XXII ᠢᠣᠠᠨ ᠳ᠋ᠣᠮᠢᠨᠢᠺᠠᠨ ᠶᠣᠰᠣᠨ ᠤ ᠭᠡᠯᠦᠩ ᠲᠣᠮᠮᠠᠽᠣ ᠮᠠᠩᠭᠠᠵᠣᠯ ᠢ ᠰᠠᠮᠠᠷᠺᠠᠨᠳ ᠬᠣᠲᠠ ᠶᠢᠨ ᠬᠠᠩᠪᠤ ᠪᠠᠷ ᠲᠣᠮᠢᠯᠠᠨ 1328 ᠣᠨ ᠳᠤ ᠵᠠᠬᠢᠳᠠᠯ ᠤᠨ ᠬᠠᠮᠲᠤ ᠴᠠᠭᠠᠳᠠᠢ ᠶᠢᠨ ᠤᠯᠤᠰ ᠤᠨ ᠡᠯᠵᠢᠭᠲᠡᠢ ᠬᠠᠨ ᠷᠤ ᠢᠯᠡᠭᠡᠵᠢ ᠪᠡᠨ᠃ ᠭᠡᠯᠦᠩ ᠲᠣᠮᠮᠠᠽᠣ ᠮᠠᠩᠭᠠᠽᠣᠯ ᠬᠡᠷᠡᠭ ᠵᠣᠷᠢᠯᠭ᠎ᠠ ᠪᠠᠨ ᠠᠮᠵᠢᠯᠲᠠ ᠲᠠᠢ ᠪᠡᠶᠡᠯᠡᠭᠦᠯᠵᠦ ᠴᠠᠭᠠᠳᠠᠢ ᠶᠢᠨ ᠤᠯᠤᠰ ᠲᠤ ᠱᠠᠰᠢᠨ ᠤ ᠲᠥᠯᠥᠭᠡᠨ ᠦ ᠭᠠᠵᠠᠷ ᠢ ᠨᠡᠭᠡᠭᠡᠵᠦ ᠪᠠᠶᠢᠷᠢ ᠰᠠᠭᠤᠷᠢ ᠪᠠᠨ ᠪᠡᠬᠢᠵᠢᠭᠦᠯᠵᠦ ᠴᠢᠳᠠᠭᠰᠠᠨ ᠠᠵᠢ᠃ ᠳᠤᠸᠠ ᠬᠠᠨ ᠤ ᠠᠴᠢ ᠬᠦᠦ ᠳᠴᠡᠩᠬᠰᠢ ᠬᠠᠨ ᠤ ᠦᠶ᠎ᠡ ᠳᠦ (1334-1338) ᠠᠯᠮᠠᠯᠢᠭ ᠬᠣᠲᠠ ᠨᠢ ᠳᠤᠮᠳᠠᠳᠤ ᠠᠽᠢᠶ᠎ᠠ ᠳᠠᠬᠢ ᠵᠠᠭᠠᠯᠮᠠᠶᠢᠲᠠᠨ ᠤ ᠱᠠᠰᠢᠨ ᠤ ᠨᠣᠮᠯᠠᠯ ᠤᠨ ᠲᠥᠪ ᠪᠣᠯᠤᠨ ᠬᠤᠪᠢᠷᠠᠵᠠᠢ᠃ ᠨᠧᠰᠲ᠋ᠣᠷᠢᠨ ᠱᠠᠰᠢᠨ ᠲᠠᠢ ᠪᠠᠶᠢᠵᠤ ᠪᠣᠯᠵᠣᠰᠢ ᠦᠭᠡᠢ ᠺᠠᠷᠠᠰᠠᠮᠤᠨ᠂ ᠶᠤᠬᠠᠨᠠᠨ ᠬᠣᠶᠠᠷ ᠫᠠᠫ ᠯᠠᠮᠠ ᠶᠢᠨ ᠢᠯᠡᠭᠡᠭᠰᠡᠨ ᠬᠠᠩᠪᠤ ᠳᠤ ᠠᠯᠮᠠᠯᠢᠭ ᠤᠨ ᠣᠶᠢᠷᠠᠯᠴᠠᠭ᠎ᠠ ᠡᠳ᠋ᠯᠡᠩ ᠭᠠᠵᠠᠷ ᠢ ᠡᠷᠭᠦᠯ ᠪᠣᠯᠭᠠᠨ ᠪᠠᠷᠢᠬᠤ ᠳᠤ ᠲᠡᠷᠡᠪᠡᠷ ᠲᠡᠨᠳᠡ ᠪᠡᠨ ᠲᠤᠩ ᠤᠳᠠᠯ ᠦᠭᠡᠢ ᠵᠠᠭᠠᠯᠮᠠᠶᠢᠲᠠᠨ ᠤ ᠱᠠᠰᠢᠨ ᠤ ᠰᠦᠮ᠎ᠡ ᠶᠢᠨ ᠪᠠᠷᠢᠯᠭ᠎ᠠ ᠪᠠᠷᠢᠭᠤᠯᠵᠠᠢ᠃ ᠡᠨᠡ ᠦᠶᠡᠰ ᠬᠣᠶᠢᠰᠢ ᠠᠯᠮᠠᠯᠢᠭ ᠲᠤ ᠪᠤᠷᠭᠤᠨᠳᠠ ᠶᠢᠨ ᠬᠠᠩᠪᠤ ᠯᠠᠮᠠ ᠷᠢᠱᠠᠷ᠂ ᠠᠯᠧᠺᠰᠠᠨᠳᠠᠷ ᠬᠣᠲᠠ ᠠᠴᠠ ᠢᠷᠡᠭᠰᠡᠨ ᠠᠬ᠎ᠠ ᠳᠡᠭᠦᠦ ᠭᠡᠯᠦᠩ ᠹᠷᠠᠨᠼᠢᠰᠺ ᠪᠣᠯᠤᠨ ᠷᠠᠶᠤᠮᠤᠨ ᠳᠤ ᠷᠦᠹ ᠪᠣᠯᠤᠨ ᠢᠰᠫᠠᠨᠢ ᠶᠢᠨ ᠯᠠᠮᠠᠲᠠᠨ ᠫᠠᠰᠬᠠᠯᠢᠢ ᠨᠠᠷ ᠦᠵᠦᠭ ᠲᠤ ᠬᠢ ᠪᠣᠯᠵᠠᠢ᠃ [ᠪᠠᠷᠲ᠋ᠣᠯᠢ ᠳᠤ 1964 a: 62-63]. ᠬᠠᠨ ᠤ ᠪᠡᠶ᠎ᠡ ᠴᠢᠯᠡᠭᠡᠷᠬᠡᠬᠦ ᠳᠦ ᠡᠳᠡᠭᠡᠷ ᠯᠠᠮᠠ ᠨᠠᠷ ᠲᠡᠭᠦᠨ ᠢ ᠠᠨᠠᠭᠠᠬᠤ ᠳᠤ ᠲᠡᠷᠡ ᠪᠡᠷ ᠲᠠᠯᠠᠷᠬᠠᠨ ᠥᠪᠡᠷ ᠦᠨ ᠳᠣᠯᠣᠭᠠᠨ ᠨᠠᠰᠤᠲᠠᠢ ᠬᠦᠦᠭᠢ ᠵᠠᠭᠠᠯᠮᠠᠶᠢᠯᠠᠬᠤ ᠵᠥᠪᠰᠢᠶᠡᠷᠡᠯ ᠥᠭᠴᠡᠢ᠃ ᠫᠠᠫ ᠤᠨ ᠵᠠᠰᠠᠭ ᠤᠨ ᠭᠠᠵᠠᠷ ᠨᠢ ᠲᠤᠬᠠᠢ ᠶᠢᠨ ᠦᠶ᠎ᠡ ᠳᠦ ᠫᠠᠫ ᠤᠨ ᠥᠷᠭᠥᠭᠡ ᠪᠠᠶᠢᠷᠢᠯᠠᠵᠤ ᠪᠠᠶᠢᠭᠰᠠᠨ ᠠᠪᠢᠨᠢᠨ ᠬᠣᠲᠠ ᠬᠠᠨᠪᠠᠯ ᠢᠺ ᠬᠣᠲᠠ ᠬᠣᠶᠠᠷ ᠤᠨ ᠬᠣᠭᠣᠷᠣᠨᠳᠣ ᠪᠠᠶᠢᠩᠭᠤ ᠶᠢᠨ ᠬᠠᠷᠢᠯᠴᠠᠭ᠎ᠠ ᠬᠣᠯᠪᠣᠭ᠎ᠠ ᠲᠣᠭᠲᠠᠭᠠᠬᠤ ᠣᠷᠣᠯᠳᠤᠯᠭ᠎ᠠ ᠬᠢᠵᠦ ᠪᠠᠶᠢᠪᠠ᠃ ᠬᠢᠲᠠᠳ ᠳᠠᠬᠢ ᠵᠠᠭᠠᠯᠮᠠᠶᠢᠲᠠᠨ ᠤ ᠱᠠᠰᠢᠨ ᠤ ᠰᠦᠮ᠎ᠡ ᠶᠢᠨ ᠬᠠᠩᠪᠤ ᠯᠠᠮᠠ ᠮᠣᠨᠲ᠋ᠧᠺᠣᠷᠪᠢᠨᠣᠭ ᠨᠠᠰᠤ ᠪᠠᠷᠠᠬᠤ ᠳᠤ ᠫᠠᠫ ᠯᠠᠮᠠ XXII ᠢᠣᠠᠨ ᠰᠢᠨ᠎ᠡ ᠬᠠᠩᠪᠤ ᠯᠠᠮᠠ ᠨᠢᠺᠣᠯᠠᠢ ᠶᠢ ᠢᠯᠡᠭᠡᠭᠰᠡᠨ ᠪᠠᠶᠢᠨ᠎ᠠ᠃ ᠯᠠᠮᠠᠲᠠᠨ ᠴᠠᠭᠠᠳᠠᠢ ᠶᠢᠨ ᠤᠯᠤᠰ ᠲᠤ ᠢᠷᠡᠵᠦ ᠳᠴᠡᠩᠬᠰᠢ ᠬᠠᠨᠳᠠ ᠪᠠᠷᠠᠭᠠᠯᠬᠠᠬᠤ ᠳᠤ ᠬᠠᠨ ᠲᠡᠭᠦᠨ ᠢ ᠶᠡᠬᠡᠳᠡ ᠨᠠᠶᠢᠷᠰᠠᠭ ᠬᠦᠯᠢᠶᠡᠨ ᠠᠪᠤᠭᠰᠠᠨ ᠪᠠᠶᠢᠨ᠎ᠠ᠃ ᠭᠡᠪᠡᠴᠦ ᠲᠡᠷᠡ ᠪᠡᠷ ᠬᠢᠲᠠᠳ ᠬᠦᠷᠴᠦ ᠴᠢᠳᠠᠯ ᠦᠭᠡᠢ ᠪᠤᠴᠠᠵᠠᠢ᠃

ᠠᠯᠮᠠᠯᠢᠭ ᠬᠣᠲᠠ ᠤᠯᠤᠰ ᠲᠥᠷᠥ ᠶᠢᠨ ᠠᠮᠢᠳᠤᠷᠠᠯ ᠤᠨ ᠭᠣᠣᠯ ᠲᠥᠪ ᠲᠦ ᠣᠷᠣᠰᠢᠵᠤ ᠪᠠᠶᠢᠭᠰᠠᠨ ᠤᠴᠢᠷ 1339 ᠣᠨ ᠳᠤ ᠪᠣᠯᠤᠭᠰᠠᠨ ᠡᠭᠡᠯᠵᠢᠲᠦ ᠦᠢᠮᠡᠭᠡᠨ ᠦ ᠬᠥᠯ ᠳᠦ ᠯᠠᠮᠠ ᠨᠠᠷ ᠠᠮᠢ ᠦᠷᠡᠭᠳᠡᠵᠡᠢ᠃ ᠴᠠᠭᠠᠳᠠᠢ ᠶᠢᠨ ᠤᠯᠤᠰ ᠤᠨ ᠬᠠᠨ ᠰᠢᠷᠡᠭᠡᠨ ᠳᠦ ᠰᠠᠨᠠᠭᠠᠷᠬᠠᠵᠤ ᠪᠠᠶᠢᠭᠰᠠᠨ ᠥᠭᠡᠲᠡᠢ ᠶᠢᠨ ᠤᠳᠤᠮ ᠤᠨ ᠠᠯᠢ ᠰᠤᠯᠲᠠᠨ ᠳᠴᠡᠩᠬᠰᠢ ᠬᠠᠨ ᠢ ᠬᠠᠨ ᠰᠢᠷᠡᠭᠡᠨ ᠡᠴᠡ ᠤᠨᠠᠭᠠᠵᠤ ᠠᠮᠢ ᠨᠠᠰᠤᠨ ᠳᠤ ᠨᠢ ᠬᠣᠷ ᠲᠠᠢ ᠪᠠᠷ ᠬᠠᠯᠠᠳᠠᠪᠠ᠃ ᠲᠥᠷᠥ ᠶᠢᠨ ᠡᠷᠭᠢᠯᠲᠡ ᠬᠢᠬᠦ ᠡᠨᠡ ᠦᠶ᠎ᠡ ᠳᠦ ᠵᠠᠭᠠᠯᠮᠠᠶᠢᠲᠤ ᠱᠠᠰᠢᠨ ᠤ ᠬᠠᠩᠪᠤ ᠷᠢᠱᠠᠷ ᠲᠡᠷᠢᠭᠦᠲᠡᠢ ᠭᠡᠯᠦᠩ᠂ ᠯᠠᠮᠠ ᠨᠠᠷ ᠢ ᠪᠦᠭᠦᠳᠡ ᠶᠢ ᠨᠢ ᠬᠦᠢᠰᠦ ᠲᠡᠮᠲᠡᠷᠢᠭᠰᠡᠨ ᠡᠮᠭᠡᠨᠢᠯ ᠳᠦ ᠬᠡᠷᠡᠭ ᠭᠠᠷᠴᠠᠢ᠃ ᠫᠠᠰᠬᠠᠯᠢᠢ ᠯᠠᠮᠠᠲᠠᠨ ᠡᠨᠡ ᠠᠶᠤᠮᠰᠢᠭᠲᠤ ᠦᠢᠯᠡ ᠶᠠᠪᠤᠳᠠᠯ ᠤᠨ ᠡᠮᠦᠨᠡᠬᠡᠨ ᠫᠠᠫ ᠯᠠᠮᠠ ᠳᠤ ᠴᠠᠭᠠᠳᠠᠢ ᠶᠢᠨ ᠤᠯᠤᠰ ᠪᠣᠯᠤᠨ ᠠᠯᠲᠠᠨ ᠣᠷᠳᠣᠨ ᠤ ᠤᠯᠤᠰ ᠤᠨ ᠲᠠᠯ᠎ᠠ ᠪᠠᠷ ᠰᠣᠨᠢᠷᠬᠠᠯᠲᠠᠢ ᠮᠡᠳᠡᠭᠡ ᠠᠭᠤᠯᠠᠭᠰᠠᠨ ᠵᠠᠬᠢᠳᠠᠯ ᠢᠯᠡᠭᠡᠭᠰᠡᠨ ᠪᠠᠶᠢᠴᠠᠢ᠃ ᠭᠡᠪᠡᠴᠦ 1339 ᠣᠨ ᠤ ᠲᠥᠷᠥ ᠶᠢᠨ ᠡᠷᠭᠢᠯᠲᠡ ᠨᠢ ᠲᠡᠳᠦᠯ ᠦᠭᠡᠢ ᠳᠠᠷᠤᠭᠳᠠᠵᠤ ᠠᠯᠢ ᠰᠤᠯᠲᠠᠨ ᠢ ᠬᠠᠨ ᠰᠢᠷᠡᠭᠡᠨ ᠡᠴᠡ ᠵᠠᠶᠢᠯᠠᠭᠤᠯᠵᠤ ᠳᠠᠷᠠᠭ᠎ᠠ ᠵᠢᠯ ᠨᠢ ᠠᠯᠮᠠᠯᠢᠭ ᠲᠤ ᠢᠷᠡᠭᠰᠡᠨ ᠮᠠᠷᠢᠨᠣᠯᠯᠢ ᠯᠠᠮᠠᠲᠠᠨ ᠱᠠᠰᠢᠨ ᠤ ᠲᠥᠪ ᠢᠶᠡᠨ ᠪᠦᠷᠢᠨ ᠰᠡᠷᠭᠦᠭᠡᠵᠦ ᠴᠢᠳᠠᠪᠠ᠃ 1338 ᠣᠨ ᠤ 5 ᠍ ᠳᠦᠭᠡᠷ ᠰᠠᠷ᠎ᠠ ᠶᠢᠨ 31 ᠍ ᠳᠦ ᠲᠣᠭᠠᠨᠲᠡᠮᠦᠷ ᠬᠠᠭᠠᠨ ᠤ ᠲᠥᠯᠥᠭᠡᠯᠡᠭᠴᠢᠳ ᠠᠪᠢᠨᠢᠨ ᠬᠣᠲᠣᠩ ᠢᠶᠠᠨ ᠬᠦᠷᠦᠯᠴᠡᠨ ᠢᠷᠡᠬᠦ ᠳᠦ ᠲᠡᠳᠡ ᠨᠠᠷ ᠢ ᠫᠠᠫ ᠯᠠᠮᠠ ᠬII ᠪᠧᠨ᠋ᠧᠳᠢᠺ ᠲᠤ (1334-1342) ᠬᠦᠯᠢᠶᠡᠨ ᠠᠪᠴᠤ ᠠᠭᠤᠯᠵᠠᠵᠠᠢ᠃ ᠶᠡᠬᠡ ᠬᠠᠭᠠᠨ ᠤ ᠬᠦᠰᠡᠯᠲᠡ ᠶᠢᠨ ᠳᠠᠭᠠᠤ ᠫᠠᠫ ᠯᠠᠮᠠ ᠬᠠᠨᠪᠠᠯ ᠢᠺ ᠷᠤ ᠹᠷᠠᠨᠼᠢᠰᠺᠠᠨ ᠭᠡᠯᠦᠩ ᠶᠣᠰᠣᠨ ᠤ ᠯᠠᠮᠠᠲᠠᠨ ᠳᠵᠢᠪᠠᠨᠢ ᠮᠠᠷᠢᠨᠣᠯᠯᠢ ᠲᠡᠷᠢᠭᠦᠲᠡᠢ ᠱᠠᠰᠢᠨ ᠤ ᠲᠥᠯᠥᠭᠡᠯᠡᠭᠴᠢᠳ ᠢ ᠢᠯᠡᠭᠡᠬᠦ ᠪᠡᠷ ᠲᠣᠭᠲᠠᠵᠠᠢ᠃ ᠡᠳᠡᠭᠡᠷ ᠲᠥᠯᠥᠭᠡᠯᠡᠭᠴᠢᠳ ᠦᠨ ᠵᠣᠷᠢᠯᠭ᠎ᠠ ᠨᠢ ᠭᠠᠭᠴᠠᠬᠦ ᠬᠠᠨᠪᠠᠯ ᠢᠺ ᠬᠦᠷᠬᠦ ᠲᠡᠳᠦᠢ ᠦᠭᠡᠢ ᠵᠠᠮ ᠵᠠᠭᠤᠷ᠎ᠠ ᠪᠠᠨ ᠠᠯᠲᠠᠨ ᠣᠷᠳᠣᠨ ᠤ ᠬᠠᠨ ᠦᠽᠡᠪᠸᠺᠢᠰᠲᠠᠨ (1312-1341), ᠴᠠᠭᠠᠳᠠᠢ ᠶᠢᠨ ᠤᠯᠤᠰ ᠤᠨ ᠬᠠᠨ ᠪᠣᠯᠤᠨ ᠲᠡᠭᠦᠨ ᠦ ᠵᠠᠭᠠᠯᠮᠠᠶᠢᠲᠤ ᠱᠠᠰᠢᠨ ᠳᠤ ᠬᠣᠶᠠᠷ ᠵᠦᠪᠳᠡᠬᠦ (ᠺᠠᠷᠠᠰᠠᠮᠤᠨ᠂ ᠶᠦᠭᠤᠨᠠᠨ) ᠨᠠᠷᠠᠲᠤ ᠵᠠᠬᠢᠳᠠᠯ ᠳᠠᠮᠵᠢᠭᠤᠯᠵᠤ ᠥᠭᠬᠦ ᠳᠦ ᠣᠷᠣᠰᠢᠵᠤ ᠪᠠᠶᠢᠯ᠎ᠠ᠃ ᠮᠠᠷᠢᠨᠣᠯᠯᠢ ᠯᠠᠮᠠᠲᠠᠨ ᠡᠳᠡᠭᠡᠷ ᠪᠦᠬᠦ ᠵᠣᠷᠢᠯᠭ᠎ᠠ ᠪᠠᠨ ᠠᠮᠵᠢᠯᠲᠠ ᠲᠠᠢ ᠪᠡᠶᠡᠯᠡᠭᠦᠯᠦᠭᠡᠳ 1353 ᠣᠨ ᠳᠤ ᠧᠦ᠋ᠷᠣᠫᠠ ᠷᠤ ᠪᠤᠴᠠᠵᠠᠢ᠃ ᠡᠶᠢᠮᠦ ᠳᠦ᠂ ᠡᠯ᠎ᠡ ᠬᠠᠨᠲᠠ ᠤᠯᠤᠰ ᠤᠨ ᠤᠯᠤᠰ ᠲᠥᠷᠥ ᠶᠢᠨ ᠳᠣᠲᠣᠭᠠᠳᠤ ᠪᠠᠶᠢᠳᠠᠯ ᠲᠣᠭᠲᠠᠪᠤᠷᠢ ᠦᠭᠡᠢ ᠪᠣᠯᠬᠤ ᠳᠤ ᠫᠠᠫ ᠤᠨ ᠵᠠᠰᠠᠭ ᠤᠨ ᠭᠠᠵᠠᠷ ᠬᠢᠲᠠᠳ ᠬᠦᠷᠬᠦ ᠬᠤᠳᠠᠯᠳᠤᠭᠠᠨ ᠤ ᠨᠥᠭᠡᠴᠡ ᠵᠠᠮ ᠢ ᠴᠠᠭᠠᠳᠠᠢ ᠶᠢᠨ ᠤᠯᠤᠰ ᠤᠨ ᠨᠤᠲᠤᠭ ᠢᠶᠠᠷ ᠥᠷᠲᠡᠭᠡᠯᠡᠨ ᠥᠩᠭᠡᠷᠡᠭᠡᠬᠦ ᠠᠷᠭ᠎ᠠ ᠵᠠᠮ ᠢ ᠡᠷᠢᠯᠬᠢᠯᠡᠨ ᠲᠤᠰ ᠤᠯᠤᠰ ᠲᠤ ᠡᠯᠴᠢ ᠲᠥᠯᠥᠭᠡᠯᠡᠭᠴᠢ ᠢᠯᠡᠭᠡᠵᠦ ᠪᠠᠶᠢᠴᠠᠢ᠃ ᠭᠡᠪᠡᠴᠦ ᠴᠠᠭᠠᠳᠠᠢ ᠶᠢᠨ ᠤᠯᠤᠰ ᠲᠤ ᠠᠷᠪᠠᠨ ᠳᠥᠷᠪᠡᠳᠦᠭᠡᠷ ᠵᠠᠭᠤᠨ ᠤ ᠳᠤᠮᠳᠠ ᠦᠶ᠎ᠡ ᠳᠦ ᠤᠯᠤᠰ ᠲᠥᠷᠥ ᠶᠢᠨ ᠵᠥᠷᠢᠴᠡᠯ ᠲᠡᠮᠡᠴᠡᠯ ᠳᠡᠭᠳᠡᠵᠦ ᠫᠠᠫ ᠤᠨ ᠵᠠᠰᠠᠭ ᠤᠨ ᠭᠠᠵᠠᠷ ᠲᠡᠷᠬᠡᠦ ᠰᠠᠨᠠᠭᠠᠴᠢᠯᠠᠭ᠎ᠠ ᠪᠠᠨ ᠣᠷᠬᠢᠬᠤ ᠳᠤ ᠬᠦᠷᠴᠡᠢ᠃ ᠡᠵᠡᠨ ᠳᠦ ᠭᠦᠷᠦᠨ ᠦ ᠦᠶ᠎ᠡ ᠶᠢᠨ ᠴᠠᠭᠠᠳᠠᠢ ᠶᠢᠨ ᠤᠯᠤᠰ ᠮᠥᠩᠬᠡ ᠬᠠᠭᠠᠨ ᠡᠮᠦᠨᠡᠲᠦ ᠰᠦᠨ ᠤᠯᠤᠰ ᠢ ᠳᠠᠶᠢᠯᠠᠷ᠎ᠠ ᠮᠣᠷᠳᠠᠬᠤ ᠳᠤ ᠪᠠᠨ ᠥᠪᠡᠷ ᠦᠨ ᠣᠳᠬᠣᠨ ᠳᠡᠭᠦᠦ ᠠᠷᠭᠦᠪᠡᠬᠦ ᠳᠦ ᠬᠠᠷᠠᠬᠣᠷᠣᠮ ᠢ ᠳᠠᠭᠠᠳᠬᠠᠨ ᠦᠯᠡᠳᠡᠭᠡᠭᠰᠡᠨ ᠪᠢᠯᠡ᠃ ᠭᠡᠲᠡᠯ᠎ᠡ ᠮᠥᠩᠬᠡ ᠬᠠᠭᠠᠨ 1259 ᠣᠨ ᠳᠤ ᠲᠩᠷᠢ ᠳᠦ ᠬᠠᠯᠢᠪ᠃ ᠠᠷᠭᠦᠪᠡᠬᠦ ᠲᠣᠯᠤᠢ ᠶᠢᠨ ᠣᠳᠬᠣᠨ ᠬᠥᠪᠡᠭᠦᠨ ᠦ ᠬᠤᠪᠢ ᠳᠤ ᠲᠣᠯᠤᠢ ᠶᠢᠨ ᠤᠳᠤᠮ ᠤᠨ ᠮᠡᠳᠡᠯ ᠳᠦ ᠰᠢᠯᠵᠢᠨ ᠢᠷᠡᠭᠰᠡᠨ ᠶᠡᠬᠡ ᠮᠣᠩᠭᠣᠯ ᠤᠯᠤᠰ ᠤᠨ ᠬᠠᠭᠠᠨ ᠰᠢᠷᠡᠭᠡ ᠶᠢ ᠵᠠᠯᠭᠠᠮᠵᠢᠯᠠᠬᠤ ᠢᠯᠡᠭᠦᠦ ᠡᠷᠬᠡ ᠪᠦᠬᠦᠢ ᠪᠠᠶᠢᠴᠠᠢ᠃ ᠮᠥᠩᠬᠡ ᠬᠠᠭᠠᠨ ᠤ ᠪᠡᠯᠪᠡᠰᠦᠨ ᠶᠡᠬᠡ ᠬᠠᠲᠤᠨ ᠰᠣᠷᠬᠠᠭᠲᠠᠨᠢ ᠪᠡᠬᠡ ᠡᠴᠡ ᠡᠬᠢᠯᠡᠭᠡᠳ ᠠᠯᠲᠠᠨ ᠤᠷᠤᠭ ᠤᠨ ᠶᠡᠬᠡᠩᠬᠢ ᠨᠣᠶᠠᠳ᠂ ᠨᠥᠯᠥᠭᠡ ᠪᠦᠬᠦᠢ ᠰᠠᠶᠢᠳ ᠲᠦᠰᠢᠮᠡᠳ ᠠᠷᠭᠦᠪᠦᠬᠦ ᠶᠢ ᠬᠠᠭᠠᠨ ᠡᠷᠭᠦᠮᠵᠢᠯᠡᠬᠦ ᠶᠢ ᠳᠡᠮᠵᠢᠵᠦ ᠬᠠᠷᠠᠬᠣᠷᠣᠮ ᠳᠤ ᠨᠣᠶᠠᠳ ᠤᠨ ᠶᠡᠬᠡ ᠬᠤᠷᠠᠯᠳᠠᠢ ᠬᠢᠯᠭᠡᠬᠦ ᠪᠡᠷ ᠪᠣᠯᠤᠭᠰᠠᠨ ᠪᠠᠶᠢᠨ᠎ᠠ᠃ ᠤᠭ ᠬᠤᠷᠠᠯᠳᠠᠢ ᠳᠤ ᠬᠦᠷᠦᠯᠴᠡᠨ ᠢᠷᠡᠬᠦ ᠶᠢ ᠠᠬ᠎ᠠ ᠬᠤᠪᠢᠯᠠᠢ ᠳᠤ ᠲᠤᠰᠬᠠᠢ ᠡᠯᠴᠢ ᠢᠯᠡᠭᠡᠨ ᠮᠡᠳᠡᠭᠳᠡᠵᠡᠢ᠃ ᠭᠡᠲᠡᠯ᠎ᠡ ᠬᠤᠪᠢᠯᠠᠢ ᠠᠷᠭᠦᠪᠦᠬᠦ ᠶᠢ ᠮᠣᠩᠭᠣᠯ ᠤᠨ ᠬᠠᠭᠠᠨ ᠰᠢᠷᠡᠭᠡᠨ ᠳᠦ ᠰᠠᠭᠤᠬᠤ ᠪᠡᠯᠡᠳᠬᠡᠯ ᠬᠢᠵᠦ ᠪᠤᠢ ᠶᠢ ᠮᠡᠳᠡᠭᠡᠳ ᠲᠡᠷᠡ ᠳᠠᠷᠤᠢ ᠳᠤ ᠪᠠᠨ ᠺᠠᠢᠫᠠᠨ ᠬᠣᠳᠠ ᠳᠤ 1260 ᠣᠨ ᠤ 5 ᠰᠠᠷ᠎ᠠ ᠶᠢᠨ 6 ᠍ ᠳᠦ ᠨᠢᠭᠡᠨ 《ᠶᠡᠬᠡ ᠬᠤᠷᠠᠯᠳᠠᠢ》 ᠵᠠᠷᠯᠠᠨ ᠬᠤᠷᠠᠯᠳᠤᠭᠤᠯᠵᠤ᠂ ᠥᠪᠡᠷ ᠢ ᠪᠡᠨ ᠮᠣᠩᠭᠣᠯ ᠤᠨ ᠵᠦᠢ ᠶᠣᠰᠣᠨ ᠤ 《ᠶᠡᠬᠡ ᠬᠠᠭᠠᠨ》 ᠬᠡᠮᠡᠨ ᠡᠷᠭᠦᠮᠵᠢᠯᠡᠭᠰᠡᠨ ᠪᠠᠶᠢᠨ᠎ᠠ᠃ ᠲᠡᠷᠡ ᠦᠶ᠎ᠡ ᠳᠦ ᠬᠤᠪᠢᠯᠠᠢ 44 ᠨᠠᠰᠤᠲᠠᠢ ᠪᠠᠶᠢᠴᠠᠢ᠃ [ᠳ’ᠣᠰᠤᠭᠰᠠᠨ 1937:288]. ᠲᠡᠷᠡ 《ᠶᠡᠬᠡ ᠬᠤᠷᠠᠯᠳᠠᠢ ᠳᠤ》 ᠣᠷᠣᠯᠴᠠᠭᠴᠢᠳ ᠨᠢ ᠶᠡᠬᠡ ᠬᠠᠭᠠᠨ ᠢ ᠰᠤᠩᠭᠤᠬᠤ ᠬᠡᠷᠡᠭ ᠢ ᠰᠢᠢᠳᠪᠦᠷᠢᠯᠡᠬᠦ ᠨᠡᠷ᠎ᠡ ᠨᠥᠯᠥᠭᠡ ᠪᠦᠬᠦᠢ ᠡᠲᠡᠭᠡᠳ ᠦᠳ ᠪᠢᠰᠢ ᠪᠠᠶᠢᠭᠰᠠᠨ ᠠᠵᠢ᠃ ᠬᠤᠪᠢᠯᠠᠢ ᠶᠡᠬᠡ ᠬᠠᠭᠠᠨ ᠭᠡᠵᠦ ᠡᠷᠭᠦᠮᠵᠢᠯᠡᠭᠳᠡᠭᠡᠳ ᠬᠠᠷᠠᠬᠣᠷᠣᠮ ᠳᠤ ᠪᠠᠶᠢᠭᠰᠠᠨ ᠬᠦᠦ ᠪᠡᠷ ᠢᠶᠡᠨ ᠳᠠᠮᠵᠢᠭᠤᠯᠠᠨ ᠶᠡᠬᠡ ᠬᠠᠭᠠᠨ ᠤ ᠲᠠᠮᠠᠭ᠎ᠠ ᠶᠢ ᠠᠷᠢᠭ-ᠪᠥᠬᠡ ᠡᠴᠡ ᠰᠠᠯᠭᠠᠵᠤ ᠠᠪᠬᠤ ᠶᠢ ᠣᠷᠣᠯᠳᠤᠵᠤ ᠪᠠᠶᠢᠴᠠᠢ᠃ ᠬᠤᠪᠢᠯᠠᠢ ᠬᠠᠭᠠᠨ ᠪᠣᠯᠤᠭᠠᠳ ᠵᠠᠷᠯᠠᠨ ᠲᠤᠩᠬᠠᠭᠯᠠᠬᠤ ᠪᠢᠴᠢᠭᠲᠦ ᠪᠡᠨ: 《ᠣᠯᠠᠨ ᠨᠣᠶᠠᠳ ᠨᠠᠮᠠᠢ ᠬᠠᠭᠠᠨ ᠡᠷᠭᠦᠮᠵᠢᠯᠡᠬᠦ ᠭᠡᠵᠦ ᠳᠠᠬᠢᠨ ᠳᠠᠪᠲᠠᠨ ᠱᠠᠭᠠᠷᠳᠠᠪᠠ᠃ ᠡᠪᠦᠭᠡ ᠴᠢᠩᠭᠢᠰ ᠦᠨ ᠤᠳᠤᠮ ᠤᠭᠰᠠᠭᠠᠨ ᠤ ᠳᠣᠲᠣᠷ᠎ᠠ ᠠᠴᠠ ᠨᠠᠰᠤᠨ ᠤ ᠠᠬ᠎ᠠ᠂ ᠰᠤᠷᠠᠭᠰᠠᠨ ᠡᠷᠳᠡᠮ ᠢᠶᠡᠷ ᠨᠠᠳᠠ ᠠᠴᠠ ᠢᠯᠡᠭᠦᠦ ᠨᠢ ᠦᠭᠡᠢ ᠲᠤᠯᠠ ᠲᠦᠮᠡᠨ ᠦ ᠬᠦᠰᠡᠯᠲᠡ ᠰᠢᠬᠠᠯᠲᠠ ᠶᠢ ᠳᠠᠭᠠᠵᠤ ᠬᠠᠭᠠᠨ ᠰᠠᠭᠤᠪᠠ》 ᠭᠡᠵᠡᠢ᠃ [МҮТТ 1988:108].

ᠠᠷᠭᠦᠪᠡᠬᠦ 1260 ᠣᠨ ᠤ 5 ᠰᠠᠷ᠎ᠠ ᠶᠢᠨ 12 ᠍ ᠨᠣᠣᠰᠣ 6 ᠰᠠᠷ᠎ᠠ ᠬᠦᠷᠲᠡᠯ᠎ᠡ ᠣᠷᠬᠣᠨ ᠭᠣᠣᠯ ᠤᠨ ᠡᠬᠢᠨ ᠳᠦ ᠪᠠᠰᠠ ᠮᠣᠩᠭᠣᠯ ᠨᠣᠶᠠᠳ ᠤᠨ ᠶᠡᠬᠡ ᠬᠤᠷᠠᠯᠳᠠᠢ ᠶᠢ ᠬᠤᠷᠠᠯᠳᠤᠭᠤᠯᠵᠤ᠂ ᠥᠪᠡᠷ ᠢ ᠪᠡᠨ ᠮᠣᠩᠭᠣᠯ ᠤᠨ ᠠᠯᠪᠠᠨ ᠶᠣᠰᠣᠨ ᠤ ᠶᠡᠬᠡ ᠬᠠᠭᠠᠨ ᠭᠡᠵᠦ ᠡᠷᠭᠦᠮᠵᠢᠯᠡᠭᠰᠡᠨ ᠪᠠᠶᠢᠨ᠎ᠠ᠃ ᠢᠩᠭᠢᠵᠦ ᠮᠣᠩᠭᠣᠯ ᠳᠤ 1260 ᠣᠨ ᠳᠤ ᠬᠣᠶᠠᠷ ᠬᠤᠷᠠᠯᠳᠠᠢ ᠬᠤᠷᠠᠵᠤ ᠨᠢᠭᠡᠨ ᠵᠡᠷᠭᠡ ᠬᠣᠶᠠᠷ ᠶᠡᠬᠡ ᠬᠠᠭᠠᠨ ᠲᠣᠳᠣᠷᠠᠵᠠᠢ᠃ ᠤᠷᠢᠳᠤ ᠬᠠᠭᠠᠨ ᠰᠢᠷᠡᠭᠡᠨ ᠦ ᠲᠥᠯᠥᠭᠡ ᠲᠡᠮᠡᠴᠡᠯ ᠠᠬ᠎ᠠ ᠳᠡᠭᠦᠦ ᠥᠭᠥᠳᠡᠢ᠂ ᠲᠣᠯᠤᠶᠢᠬᠠᠨ ᠤ ᠳᠤᠮᠳᠠ ᠶᠠᠪᠤᠭᠳᠠᠵᠤ ᠪᠠᠶᠢᠭᠰᠠᠨ ᠪᠣᠯ ᠡᠨᠡ ᠤᠳᠠᠭ᠎ᠠ ᠠᠴᠠ ᠡᠬᠢᠯᠡᠭᠡᠳ ᠲᠣᠯᠤᠢ ᠶᠢᠨ ᠬᠢᠨ ᠤ ᠳᠣᠲᠣᠷ᠎ᠠ᠂ ᠲᠡᠭᠦᠨ ᠦ ᠠᠬ᠎ᠠ ᠳᠡᠭᠦᠦ ᠬᠣᠶᠠᠷ ᠬᠡᠦᠬᠡᠳ ᠦᠨ ᠬᠣᠭᠣᠷᠣᠨᠳᠣ ᠥᠷᠨᠢᠵᠡᠢ᠃ ᠠᠷᠭᠦᠪᠡᠬᠦ ᠬᠤᠪᠢᠯᠠᠢ ᠨᠠᠷ ᠤᠨ ᠬᠣᠭᠣᠷᠣᠨᠳᠣ ᠥᠷᠨᠢᠭᠰᠡᠨ ᠵᠡᠪᠰᠡᠭᠲᠦ ᠲᠡᠮᠡᠴᠡᠯ ᠪᠣᠯ ᠬᠠᠭᠠᠨ ᠰᠢᠷᠡᠭᠡᠨ ᠦ ᠲᠥᠯᠦᠭᠡᠬᠢ ᠲᠡᠮᠡᠴᠡᠯ ᠪᠠᠶᠢᠭᠰᠠᠨ ᠪᠣᠯᠪᠠᠴᠤ ᠦᠨᠡᠨ ᠬᠡᠷᠡᠭᠲᠦ ᠪᠡᠨ ᠠᠷᠭᠦᠪᠦᠬᠦ ᠶᠢᠨ ᠲᠡᠮᠡᠴᠡᠯ ᠨᠢ ᠤᠯᠤᠰ ᠲᠥᠷᠥ ᠶᠢᠨ ᠲᠥᠪ ᠢ ᠮᠣᠩᠭᠣᠯ ᠳᠤ ᠬᠡᠪ ᠢᠶᠡᠷ ᠨᠢ ᠪᠠᠶᠢᠯᠭᠠᠵᠤ᠂ ᠮᠣᠩᠭᠣᠯ ᠨᠤᠲᠤᠭ ᠢ ᠤᠷᠢᠳᠤ ᠶᠢᠨ ᠠᠳᠠᠯᠢ ᠡᠵᠡᠨᠲᠦ ᠭᠦᠷᠨᠢ ᠲᠥᠪ ᠬᠡᠪ ᠢᠶᠡᠷ ᠪᠠᠶᠢᠯᠭᠠᠬᠤ ᠳᠤ ᠴᠢᠭᠯᠡᠭᠳᠡᠵᠦ ᠪᠠᠶᠢᠴᠠᠢ᠃ ᠠᠷᠭᠦᠪᠦᠬᠦ ᠶᠢ ᠶᠡᠬᠡ ᠬᠠᠭᠠᠨ ᠤ ᠰᠢᠷᠡᠭᠡᠨ ᠳᠦ ᠵᠠᠯᠠᠭᠰᠠᠨ ᠶᠠᠪᠤᠳᠠᠯ ᠢ ᠴᠠᠭᠠᠳᠠᠢ ᠪᠣᠯᠤᠨ ᠠᠯᠲᠠᠨ ᠣᠷᠳᠣᠨ ᠤ ᠤᠯᠤᠰ ᠤᠨ ᠨᠥᠯᠥᠭᠡ ᠪᠦᠬᠦᠢ ᠨᠣᠶᠠᠳ ᠰᠠᠨᠠᠯ ᠨᠢᠭᠡᠲᠡᠢ ᠳᠡᠮᠵᠢᠵᠡᠢ᠃ ᠮᠣᠩᠭᠣᠯ ᠤᠨ ᠶᠡᠬᠡᠩᠬᠢ ᠨᠣᠶᠠᠳ ᠤᠳ ᠠᠷᠭᠦᠪᠦᠬᠦ ᠶᠢᠨ ᠲᠠᠯ᠎ᠠ ᠳᠤ ᠪᠠᠶᠢᠭᠰᠠᠨ ᠪᠣᠯ ᠬᠤᠪᠢᠯᠠᠢ ᠶᠢ ᠲᠣᠯᠤᠢ ᠶᠢᠨ ᠲᠥᠷᠥᠯ ᠦᠨ ᠵᠠᠷᠢᠮ ᠨᠣᠶᠠᠳ ᠳᠡᠮᠵᠢᠵᠦ ᠪᠠᠶᠢᠭᠰᠠᠨ ᠠᠴᠠ ᠭᠠᠳᠠᠨ᠎ᠠ ᠬᠠᠮᠤᠭ ᠤᠨ ᠭᠣᠣᠯ ᠨᠢ ᠠᠷᠭᠦᠪᠦᠬᠦ ᠶᠢᠨ ᠡᠰᠡᠷᠬᠦ ᠳᠠᠶᠢᠨ ᠳᠤ ᠬᠤᠪᠢᠯᠠᠢ ᠶᠢᠨ ᠤᠳᠤᠷᠢᠳᠤᠯᠭ᠎ᠠ ᠪᠠᠷ ᠬᠢᠲᠠᠳ ᠢ ᠪᠠᠶᠢᠯᠳᠤᠨ ᠶᠠᠪᠤᠭᠰᠠᠨ ᠴᠡᠷᠢᠭ ᠦᠨ ᠬᠦᠴᠦ ᠰᠢᠭᠤᠳ ᠣᠷᠣᠯᠴᠠᠭᠰᠠᠨ ᠠᠵᠢ᠃ ᠶᠡᠬᠡ ᠮᠣᠩᠭᠣᠯ ᠤᠯᠤᠰ ᠤᠨ ᠬᠠᠭᠠᠨ ᠰᠢᠷᠡᠭᠡᠨ ᠦ ᠲᠥᠯᠥᠭᠡ ᠲᠡᠮᠡᠴᠡᠯ ᠳᠦ ᠴᠠᠭᠠᠳᠠᠢ ᠶᠢᠨ ᠤᠯᠤᠰ ᠤᠨ ᠪᠠᠶᠢᠷᠢ ᠰᠠᠭᠤᠷᠢ ᠴᠢᠬᠤᠯᠠ ᠪᠠᠶᠢᠭᠰᠠᠨ ᠲᠤᠯᠠ ᠬᠣᠶᠠᠷ ᠲᠠᠯ᠎ᠠ ᠲᠡᠭᠦᠨ ᠢ ᠪᠤᠯᠢᠶᠠᠯᠴᠠᠯᠳᠤᠨ ᠲᠡᠮᠡᠴᠡᠬᠦ ᠪᠣᠯᠵᠠᠢ᠃ ᠲᠤᠬᠠᠢ ᠶᠢᠨ ᠦᠶ᠎ᠡ ᠳᠦ ᠴᠠᠭᠠᠳᠠᠢ ᠶᠢᠨ ᠤᠯᠤᠰ ᠤᠨ ᠲᠥᠷᠥ ᠶᠢ ᠪᠠᠷᠢᠵᠤ ᠪᠠᠶᠢᠭᠰᠠᠨ ᠡᠷᠭᠢᠨ᠎ᠡ ᠬᠠᠲᠤᠨ ᠢ ᠬᠤᠪᠢᠯᠠᠢ ᠬᠠᠭᠠᠨ ᠥᠪᠡᠷ ᠦᠨ ᠲᠠᠯ᠎ᠠ ᠳᠤ ᠲᠠᠲᠠᠨ ᠠᠪᠬᠤ ᠵᠣᠷᠢᠯᠭ᠎ᠠ ᠪᠠᠷ ᠪᠦᠷᠢ ᠶᠢᠨ ᠬᠦᠦ ᠠᠪᠥᠱᠺᠠᠭ ᠲᠤᠰ ᠤᠯᠤᠰ ᠤᠷᠤᠭᠤ ᠢᠯᠡᠭᠡᠵᠢ ᠪᠡᠨ᠃ ᠭᠡᠪᠡᠴᠦ ᠠᠪᠥᠱᠺᠠ ᠲᠠᠩᠭᠤᠳ ᠤᠨ ᠨᠤᠲᠤᠭ ᠲᠤ ᠠᠷᠭᠦᠪᠦᠬᠦ ᠶᠢᠨ ᠲᠠᠯ᠎ᠠ ᠶᠢᠨ ᠨᠣᠶᠠᠳ ᠤᠨ ᠭᠠᠷ ᠲᠤ ᠣᠷᠣᠵᠤ ᠤᠳᠠᠯ ᠦᠭᠡᠢ ᠬᠣᠷᠣᠭᠠᠭᠳᠠᠭᠰᠠᠨ ᠪᠠᠶᠢᠨ᠎ᠠ᠃ ᠢᠩᠭᠢᠵᠦ ᠠᠪᠥᠱᠺᠠ ᠨᠢ ᠬᠤᠪᠢᠯᠠᠢ᠂ ᠠᠷᠭᠦᠪᠦᠬᠦ ᠶᠢᠨ ᠲᠡᠮᠡᠴᠡᠯ ᠦᠨ ᠵᠣᠯᠢᠶᠠᠰᠤ ᠪᠣᠯᠪᠠ᠃ ᠬᠤᠪᠢᠯᠠᠢ ᠶᠢᠨ ᠵᠢᠱᠢᠭ ᠢᠶᠡᠷ ᠠᠷᠭᠦᠪᠡᠬᠦ ᠮᠥᠨ ᠴᠠᠭᠠᠳᠠᠢ ᠶᠢᠨ ᠤᠯᠤᠰ ᠤᠷᠤᠭᠤ ᠥᠪᠡᠷ ᠦᠨ ᠢᠶᠡᠨ ᠳᠡᠷᠭᠡᠳᠡ ᠠᠯᠪᠠ ᠬᠠᠭᠠᠵᠤ ᠪᠠᠶᠢᠭᠰᠠᠨ ᠴᠠᠭᠠᠳᠠᠢ ᠶᠢᠨ ᠣᠳᠬᠣᠨ ᠬᠦᠦ ᠪᠠᠶᠢᠳᠠᠷ ᠤᠨ ᠬᠦᠦ ᠠᠯᠭᠤᠢ ᠳᠤ ᠭᠡᠷᠭᠡ᠂ ᠵᠠᠷᠯᠢᠭ ᠢᠶᠠᠨ ᠥᠭᠴᠦ ᠶᠠᠪᠤᠭᠤᠯᠵᠠᠢ᠃ ᠠᠷᠭᠦᠪᠡᠬᠦ ᠠᠯᠭᠤᠢ ᠶᠢ ᠴᠠᠭᠠᠳᠠᠢ ᠶᠢᠨ ᠤᠯᠤᠰ ᠤᠨ ᠡᠵᠡᠨ ᠢᠶᠡᠷ ᠲᠣᠮᠢᠯᠠᠵᠤ ᠬᠡᠷᠪᠡ ᠬᠦᠯᠦᠭ᠂ ᠪᠡᠷᠬᠡ ᠬᠣᠶᠠᠷ ᠬᠤᠪᠢᠯᠠᠢ ᠶᠢᠨ ᠲᠠᠯ᠎ᠠ ᠳᠤ ᠭᠡᠨᠡᠳᠲᠡ ᠣᠷᠣᠵᠤ ᠴᠡᠷᠢᠭ ᠢᠯᠭᠡᠭᠡᠪᠡᠯ ᠲᠡᠭᠦᠨ ᠦ ᠵᠠᠮ ᠢ ᠬᠠᠭᠠᠬᠤ ᠮᠥᠨ ᠡᠨᠡ ᠦᠶ᠎ᠡ ᠳᠦ ᠬᠤᠪᠢᠯᠠᠢ ᠬᠢᠲᠠᠳ ᠠᠴᠠ ᠮᠣᠩᠭᠣᠯ ᠤᠷᠤᠭᠤ ᠲᠠᠯᠬ᠎ᠠ ᠲᠠᠷᠢᠶ᠎ᠠ ᠨᠡᠶᠢᠯᠡᠭᠦᠯᠬᠦ ᠪᠡᠨ ᠪᠣᠯᠢᠭᠰᠠᠨ ᠤᠴᠢᠷ ᠮᠣᠩᠭᠣᠯ ᠳᠤ ᠥᠯᠥᠰᠬᠦᠯᠡᠩ ᠭᠠᠷᠤᠭᠰᠠᠨ ᠲᠤᠯᠠ ᠲᠦᠺᠧᠰᠲᠠᠨ ᠠᠴᠠ ᠲᠠᠯᠬ᠎ᠠ ᠲᠠᠷᠢᠶ᠎ᠠ ᠨᠡᠶᠢᠯᠡᠭᠦᠯᠬᠦ ᠵᠡᠷᠭᠡ ᠳᠠᠭᠠᠭᠠᠯᠭᠠᠪᠤᠷᠢ ᠥᠭᠴᠡᠢ᠃ ᠡᠶᠢᠨᠬᠦᠦ ᠴᠠᠭᠠᠳᠠᠢ ᠶᠢᠨ ᠤᠯᠤᠰ ᠨᠢ ᠡᠯ᠎ᠡ ᠬᠠᠭᠠᠳ ᠤᠨ ᠤᠯᠤᠰ᠂ ᠠᠯᠲᠠᠨ ᠣᠷᠳᠣᠨ ᠤ ᠤᠯᠤᠰ ᠠᠴᠠ ᠶᠡᠬᠡ ᠮᠣᠩᠭᠣᠯ ᠤᠯᠤᠰ ᠢ ᠬᠠᠮᠠᠭᠠᠯᠠᠬᠤ 《ᠵᠢᠭᠢᠷᠢᠭ᠌ᠪᠴᠢ》ᠡᠶᠢᠨ ᠡᠭᠦᠷᠭᠡ ᠭᠦᠢᠴᠡᠳᠭᠡᠬᠦ ᠪᠣᠯᠵᠠᠢ᠃

ᠠᠯᠭᠤᠢ ᠡᠪᠦᠭᠡ ᠡᠴᠢᠭᠡ ᠶᠢᠨ ᠢᠶᠡᠨ ᠬᠤᠪᠢ ᠤᠯᠤᠰ ᠲᠤ ᠣᠴᠢᠵᠤ ᠴᠠᠭᠠᠳᠠᠢ ᠶᠢᠨ ᠤᠳᠤᠮ ᠤᠨ ᠨᠣᠶᠠᠳ᠂ ᠲᠡᠳᠡᠨ ᠦ ᠲᠠᠯ᠎ᠠ ᠶᠢ ᠳᠡᠮᠵᠢᠭᠴᠢᠳ ᠦᠨ ᠢᠲᠡᠭᠡᠯ ᠢ ᠬᠦᠯᠢᠶᠡᠨ ᠤᠯᠤᠰ ᠢᠶᠠᠨ ᠪᠦᠷᠢᠨ ᠡᠷᠬᠡ ᠲᠡᠢ ᠪᠡᠨ ᠵᠠᠬᠢᠷᠴᠢ ᠡᠬᠢᠯᠡᠵᠡᠢ᠃ ᠡᠷᠭᠢᠨ᠎ᠡ ᠬᠠᠲᠤᠨ ᠵᠠᠬᠢᠷᠤᠭᠴᠢ ᠮᠠᠰᠤᠳ ᠪᠧᠺ ᠦᠨ ᠬᠠᠮᠲᠤ ᠠᠷᠭᠦᠪᠦᠬᠦ ᠶᠢᠨ ᠵᠦᠭ ᠶᠠᠪᠤᠵᠤ ᠲᠡᠨᠳᠡ ᠣᠴᠢᠭᠠᠳ ᠠᠯᠭᠤᠢ ᠶᠢᠨ ᠲᠠᠯ᠎ᠠ ᠪᠠᠷ ᠭᠣᠮᠣᠳᠠᠯ ᠮᠡᠳᠡᠭᠦᠯᠵᠦ ᠪᠠᠶᠢᠴᠠᠢ᠃ ᠡᠷᠭᠢᠨ᠎ᠡ ᠬᠠᠲᠤᠨ ᠠᠷᠭᠦᠪᠦᠬᠦ ᠶᠢᠨ ᠬᠠᠯᠠᠮᠵᠢᠨ ᠳᠤ ᠨᠡᠯᠢᠶᠡᠳ ᠬᠤᠭᠤᠴᠠᠭ᠎ᠠ ᠪᠠᠷ ᠬᠠᠵᠠᠭᠤ ᠳᠤ ᠨᠢ ᠪᠠᠶᠢᠴᠠᠢ᠃ ᠡᠨᠡ ᠬᠤᠭᠤᠴᠠᠭᠠᠨ ᠳᠤ ᠠᠯᠭᠤᠢ ᠮᠠᠤᠧᠷᠠᠨᠠᠬᠤᠷ ᠢ ᠡᠵᠡᠯᠡᠵᠦ ᠪᠡᠷᠬᠡ ᠶᠢᠨ ᠵᠠᠬᠢᠷᠤᠭᠴᠢ ᠨᠠᠷ ᠢ ᠵᠠᠶᠢᠯᠠᠭᠤᠯᠬᠤ ᠪᠠᠷ ᠨᠢᠭᠫᠧᠢ-ᠣᠭᠤᠯ ᠢ 5 ᠮᠢᠩᠭᠠᠨ ᠴᠡᠷᠢᠭ ᠲᠡᠢ ᠢᠯᠡᠭᠡᠪᠡ᠃ ᠨᠢᠭᠫᠧᠢ ᠶᠢᠨ ᠬᠠᠮᠲᠤ ᠤᠴᠢᠴᠠᠷ ᠨᠣᠶᠠᠨ᠂ ᠬᠠᠪᠠᠰ-ᠠᠮᠢᠳ ᠤᠨ ᠬᠦᠦ ᠰᠤᠯᠠᠶᠢᠮᠠᠨ ᠪᠧᠺ ᠨᠠᠷ ᠢ ᠶᠠᠪᠤᠭᠤᠯᠤᠭᠰᠠᠨ ᠠᠴᠠ ᠦᠵᠡᠬᠦ ᠳᠦ ᠠᠯᠭᠤᠢ ᠶᠢᠨ ᠲᠠᠯ᠎ᠠ ᠳᠤ ᠯᠠᠯᠤ ᠶᠢᠨ ᠱᠠᠰᠢᠨᠲᠤ ᠨᠥᠯᠥᠭᠡ ᠪᠦᠬᠦᠢ ᠰᠠᠶᠢᠳ ᠨᠣᠶᠠᠳ ᠪᠠᠶᠢᠭᠰᠠᠨ ᠪᠠᠶᠢᠨ᠎ᠠ᠃ ᠪᠤᠬᠤᠷ ᠬᠣᠲᠠ ᠶᠢ ᠡᠵᠡᠯᠡᠬᠦ ᠦᠶ᠎ᠡ ᠳᠦ ᠯᠠᠯᠤ ᠶᠢᠨ ᠱᠠᠰᠢᠨ ᠤ ᠲᠣᠮᠣᠬᠠᠨ ᠲᠥᠯᠥᠭᠡᠯᠡᠭᠴᠢ ᠰᠧᠢᠹ ᠠᠳᠠ ᠳᠢᠨ ᠤ ᠬᠦᠦ ᠳᠵᠧᠯᠠᠯ ᠠᠳᠠ ᠳ᠋ᠢᠩ ᠪᠠᠬᠠᠷᠵᠢ ᠠᠮᠢ ᠦᠷᠡᠭᠳᠡᠵᠡᠢ᠃ ᠮᠠᠤᠧᠷᠠᠨᠠᠬᠢᠷ ᠳᠠᠬᠢ ᠮᠣᠩᠭᠣᠯ ᠴᠡᠷᠢᠭ ᠦᠨ ᠳᠠᠷᠤᠭ᠎ᠠ ᠪᠥᠬᠡ-ᠨᠤᠱ ᠪᠣᠯᠤᠨ ᠴᠢᠩᠰᠠᠩ ᠲᠠᠶᠢᠹᠦ᠋ ᠨᠠᠷ ᠠᠯᠭᠤᠢ ᠶᠢᠨ ᠲᠠᠯ᠎ᠠ ᠳᠤ ᠣᠷᠣᠭᠰᠠᠨ ᠪᠠᠶᠢᠨ᠎ᠠ᠃ ᠠᠯᠭᠤᠢ ᠦᠢᠯᠡ ᠬᠡᠷᠡᠭ ᠢᠶᠡᠨ ᠡᠭᠦᠪᠡᠷ ᠬᠢᠵᠠᠭᠠᠯᠠᠯ ᠦᠭᠡᠢ ᠴᠠᠭᠠᠳᠠᠢ ᠶᠢᠨ ᠤᠯᠤᠰ ᠤᠨ ᠨᠤᠲᠤᠭ ᠳᠡᠪᠢᠰᠬᠡᠷ ᠲᠦ ᠤᠷᠢᠳᠤ ᠡᠮᠦᠨ᠎ᠡ ᠣᠭᠲᠣ ᠣᠷᠣᠵᠤ ᠪᠠᠶᠢᠭ᠎ᠠ ᠦᠭᠡᠢ ᠬᠣᠷᠧᠽᠮ ᠪᠣᠯᠤᠨ ᠠᠹᠬᠠᠨᠨᠢᠰᠲᠠᠨ ᠢ ᠡᠠᠬᠢᠷᠭᠠᠨ ᠳᠤ ᠪᠠᠨ ᠣᠷᠣᠭᠤᠯᠬᠤ ᠶᠢ ᠵᠣᠷᠢᠵᠤ ᠪᠠᠶᠢᠯ᠎ᠠ᠃ ᠬᠣᠷᠧᠽᠮ ᠤᠷᠤᠭᠤ ᠤᠴᠢᠴᠠᠷ ᠢ᠂ ᠠᠹᠬᠠᠨᠨᠢᠰᠲᠠᠨ ᠤᠷᠤᠭᠤ ᠰᠠᠳᠠᠢ ᠢᠯᠴᠢ ᠶᠢ ᠲᠤᠰ ᠲᠤᠰ ᠢᠯᠡᠭᠡᠪᠡ᠃ ᠮᠥᠩᠬᠡ ᠬᠠᠭᠠᠨ ᠤ ᠦᠶ᠎ᠡ ᠳᠦ ᠡᠨᠡᠳᠬᠡᠭ ᠤᠷᠤᠭᠤ ᠶᠠᠪᠤᠭᠤᠯᠤᠭᠰᠠᠨ ᠮᠣᠩᠭᠣᠯ ᠴᠡᠷᠢᠭ ᠦᠨ ᠳᠠᠷᠤᠭ᠎ᠠ ᠰᠠᠯᠤᠪᠠᠭᠠᠲᠤᠷ ᠤᠨ ᠵᠠᠬᠢᠷᠭᠠᠨ ᠳᠤ ᠪᠠᠶᠢᠭᠰᠠᠨ ᠬᠦᠮᠦᠰ ᠢ ᠰᠠᠳᠠᠢ ᠢᠯᠢᠴᠢ ᠥᠪᠡᠷ ᠦᠨ ᠲᠠᠯ᠎ᠠ ᠳᠤ ᠲᠠᠲᠠᠨ ᠣᠷᠣᠭᠤᠯᠤᠭᠰᠠᠨ ᠢᠶᠠᠷ ᠲᠡᠳᠡ ᠨᠠᠷ ᠲᠡᠭᠦᠨ ᠳᠦ ᠴᠡᠷᠢᠭ ᠦᠨ ᠳᠠᠷᠤᠭ᠎ᠠ ᠪᠠᠨ ᠪᠠᠷᠢᠵᠤ ᠥᠭᠴᠡᠢ᠃ ᠡᠭᠦᠪᠡᠷ ᠠᠹᠬᠠᠨᠨᠢᠰᠲᠠᠨ ᠨᠢ ᠠᠯᠭᠤᠢ ᠶᠢᠨ ᠵᠠᠬᠢᠷᠭᠠᠨ ᠳᠤ ᠤᠷᠤᠪᠠ᠃

ᠡᠨᠡ ᠪᠦᠬᠦᠨ ᠢ ᠠᠯᠭᠤᠢ ᠠᠷᠭᠦᠪᠦᠬᠦ ᠶᠢᠨ ᠲᠥᠯᠥᠭᠡ ᠪᠤᠰᠤ ᠥᠪᠡᠷ ᠦᠨ ᠲᠥᠯᠥᠭᠡ ᠬᠢᠵᠦ ᠪᠠᠶᠢᠭᠰᠠᠨ ᠨᠢ ᠲᠤᠩ ᠤᠳᠠᠯ ᠦᠭᠡᠢ ᠲᠣᠳᠣᠷᠬᠠᠢ ᠪᠣᠯᠤᠭᠰᠠᠨ ᠶᠤᠮ᠃ 1262 ᠣᠨ ᠳᠤ ᠠᠷᠭᠦᠪᠡᠬᠦ ᠴᠠᠭᠠᠳᠠᠢ ᠶᠢᠨ ᠤᠯᠤᠰ ᠤᠨ ᠠᠷᠪᠠᠲᠤ ᠪᠦᠬᠦᠨ ᠡᠴᠡ ᠠᠴᠢᠯᠭᠠᠨ ᠤ ᠬᠣᠶᠠᠷ ᠮᠠᠯ᠂ ᠵᠡᠪᠰᠡᠭ᠂ ᠮᠥᠩᠭᠥ ᠴᠤᠭᠯᠠᠭᠤᠯᠬᠤ ᠪᠠᠷ ᠵᠠᠷᠯᠢᠭ ᠭᠠᠷᠭᠠᠨ ᠢᠷᠺᠠᠺᠦᠶᠢᠨ᠂ ᠪᠦᠷᠢ ᠲᠠᠢ᠂ ᠱᠠᠳᠢ ᠨᠡᠷᠡᠲᠦ ᠭᠤᠷᠪᠠᠨ ᠡᠯᠴᠢ ᠶᠢ ᠢᠯᠡᠭᠡᠪᠡ᠃ [ᠷᠠᠰᠢ ᠳᠤ ᠳᠤ-ᠳ᠋ᠢᠩ ᠲ᠃II: 97]. ᠡᠯᠴᠢ ᠨᠠᠷ ᠠᠯᠭᠤᠢ ᠲᠠᠢ ᠠᠭᠤᠯᠵᠠᠵᠤ ᠵᠠᠷᠯᠢᠭ ᠢ ᠭᠠᠷᠳᠠᠭᠤᠯᠤᠨ ᠤᠨᠤᠯᠭ᠎ᠠ ᠠᠴᠢᠯᠭᠠᠨ ᠤ ᠮᠠᠯ᠂ ᠵᠡᠪᠰᠡᠭ ᠮᠥᠩᠭᠥ ᠴᠤᠭᠯᠠᠭᠤᠯᠵᠤ ᠡᠬᠢᠯᠡᠵᠡᠢ᠃ ᠡᠯᠴᠢ ᠨᠠᠷ ᠨᠡᠯᠢᠶᠡᠳ ᠮᠠᠯ᠂ ᠵᠡᠪᠰᠡᠭ ᠮᠥᠩᠭᠥ ᠴᠤᠭᠯᠠᠭᠤᠯᠤᠭᠠᠳ ᠪᠤᠴᠠᠬᠤ ᠪᠣᠯᠬᠤ ᠳᠤ 《ᠪᠤᠰᠤᠳ ᠨᠥᠬᠥᠳᠢ ᠴᠢᠨᠢ ᠢᠷᠡᠬᠦ ᠪᠡᠷ ᠲᠠ ᠪᠦᠬᠦᠨ ᠢ ᠬᠠᠮᠲᠤ ᠶᠠᠪᠤᠭᠤᠯᠤᠨ᠎ᠠ》 ᠭᠡᠳ ᠠᠯᠭᠤᠢ ᠲᠡᠳᠡ ᠨᠠᠷ ᠢ ᠰᠠᠲᠠᠭᠤᠯᠤᠭᠰᠠᠨ ᠪᠠᠶᠢᠨ᠎ᠠ᠃ 1263 ᠣᠨ ᠳᠤ ᠪᠤᠰᠤᠳ ᠨᠥᠬᠥᠳ ᠨᠢ ᠢᠷᠡᠭᠡᠳ ᠶᠠᠭᠠᠬᠢᠭᠠᠳ ᠪᠤᠴᠠᠭ᠎ᠠ ᠦᠭᠡᠢ ᠪᠠᠶᠢᠭ᠎ᠠ ᠰᠢᠯᠲᠠᠭᠠᠨ ᠢ ᠡᠯᠴᠢ ᠨᠠᠷ ᠠᠴᠠ ᠠᠰᠠᠭᠤᠬᠤ ᠳᠤ ᠦᠨᠡᠨ ᠪᠠᠶᠢᠳᠠᠯ ᠢᠶᠠᠨ ᠬᠡᠯᠡᠭᠰᠡᠨ ᠪᠠᠶᠢᠨ᠎ᠠ᠃ ᠡᠯᠴᠢ ᠨᠠᠷ ᠪᠥᠭᠥᠳᠡᠭᠡᠷ ᠢᠶᠡᠨ ᠨᠡᠶᠢᠯᠡᠵᠦ ᠠᠯᠭᠤᠢ ᠶᠢᠨ ᠥᠷᠭᠦᠭᠡᠨ ᠳᠦ ᠬᠦᠷᠦᠯᠴᠡᠨ ᠣᠴᠢᠭᠠᠳ 《ᠪᠢᠳᠡ ᠪᠦᠬᠦᠨ ᠠᠷᠭᠦᠪᠦᠬᠦ ᠶᠢᠨ ᠵᠠᠷᠯᠢᠭ ᠢᠶᠠᠷ ᠢᠷᠡᠵᠦ ᠲᠠᠲᠠᠪᠤᠷᠢ ᠴᠤᠭᠯᠠᠭᠤᠯᠤᠭᠠᠳ ᠶᠠᠪᠤᠵᠤ ᠪᠠᠶᠢᠨ᠎ᠠ᠃ ᠪᠢᠳᠡᠨ ᠦ ᠨᠥᠬᠥᠳ ᠦᠳ ᠲᠦ ᠰᠠᠭᠠᠳ ᠬᠢᠬᠦ ᠲᠠ ᠶᠠᠮᠠᠷ ᠡᠷᠬᠡ ᠲᠡᠢ ᠶᠤᠮ ᠪᠤᠢ?》 ᠭᠡᠵᠦ ᠠᠰᠠᠭᠤᠴᠠᠢ᠃ ᠬᠤᠪᠢᠯᠠᠢ ᠠᠷᠭᠦᠪᠡᠬᠦ ᠨᠠᠷ ᠤᠨ ᠲᠡᠮᠡᠴᠡᠯ ᠡᠴᠡ ᠭᠠᠷᠬ᠎ᠠ ᠪᠠᠷ ᠰᠢᠢᠳᠴᠦ ᠠᠯᠭᠤᠢ ᠡᠨᠡ ᠠᠯᠬᠤᠮ ᠢ ᠬᠢᠭᠰᠡᠨ ᠪᠣᠯᠤᠯᠲᠠᠢ᠃ ᠲᠡᠭᠡᠭᠡᠳ ᠰᠢᠯᠲᠠᠭ ᠭᠠᠷᠭᠠᠵᠤ ᠪᠦᠳᠦᠭᠦᠯᠢᠭ ᠦᠭᠡ ᠬᠡᠯᠡᠯ᠎ᠡ ᠭᠡᠵᠦ ᠲᠡᠳᠡ ᠨᠠᠷ ᠢ ᠪᠠᠷᠢᠪᠴᠢᠯᠠᠨ ᠬᠤᠷᠢᠬᠤ ᠲᠤᠰᠢᠶᠠᠯ ᠥᠭᠪᠡ᠃ ᠡᠭᠦᠨ ᠦ ᠳᠠᠷᠠᠭ᠎ᠠ ᠠᠯᠭᠤᠢ ᠨᠣᠶᠠᠳ ᠲᠠᠢ ᠪᠠᠨ ᠶᠠᠭᠠᠬᠢᠪᠠᠯ ᠵᠡᠷᠭᠡᠯᠲᠠᠢ ᠲᠠᠯ᠎ᠠ ᠪᠠᠷ ᠵᠥᠪᠯᠡᠵᠡᠢ᠃ ᠨᠣᠶᠠᠳ ᠦᠭᠦᠯᠡᠭᠰᠡᠨ ᠨᠢ:》ᠡᠯᠴᠢ ᠨᠠᠷ ᠢ ᠪᠠᠷᠢᠪᠴᠢᠯᠠᠬᠤ ᠶᠢᠨ ᠡᠮᠦᠨ᠎ᠡ ᠵᠥᠪᠯᠡᠯᠳᠦᠬᠦ ᠶᠣᠰᠣᠲᠠᠢ ᠪᠠᠶᠢᠴᠠᠢ᠃ ᠣᠳᠣ ᠪᠢᠳᠡ ᠠᠷᠭᠦᠪᠡᠬᠦ ᠲᠡᠢ ᠡᠪ ᠡᠪᠳᠡᠷᠡᠯᠴᠡᠨ ᠲᠡᠭᠦᠨ ᠦ ᠳᠠᠶᠢᠰᠤᠨ ᠪᠣᠯᠤᠯ᠎ᠠ᠃ ᠡᠶᠢᠮᠦ ᠡᠴᠡ ᠪᠢᠳᠡᠨ ᠦ ᠴᠣᠷ ᠤᠨ ᠭᠠᠭᠴᠠ ᠵᠥᠪ ᠵᠠᠮ ᠪᠣᠯ ᠠᠷᠭᠦᠪᠦᠬᠦ ᠡᠴᠡ ᠪᠦᠷᠢᠮᠦᠰᠦᠨ ᠰᠠᠯᠵᠤ᠂ ᠬᠤᠪᠢᠯᠠᠢ ᠬᠠᠭᠠᠨ ᠲᠠᠢ ᠨᠡᠶᠢᠯᠡᠬᠦ ᠨᠢ ᠵᠥᠪ》 ᠭᠡᠵᠡᠢ᠃ [ᠷᠠᠰᠢ ᠳᠤ ᠠᠳᠠ-ᠳ᠋ᠢᠩ᠂ ᠮᠥᠨ ᠲᠡᠨᠳᠡ].ᠠᠯᠭᠤᠢ ᠠᠷᠭᠦᠪᠦᠬᠦ ᠶᠢᠨ ᠡᠯᠴᠢ ᠨᠠᠷ ᠢ ᠠᠯᠠᠵᠤ᠂ ᠴᠤᠭᠯᠠᠭᠤᠯᠤᠭᠰᠠᠨ ᠡᠳ᠋ ᠮᠥᠩᠭᠥ ᠶᠢ ᠠᠪᠤᠭᠠᠳ ᠶᠡᠬᠡᠬᠡᠨ ᠬᠦᠴᠦᠷᠬᠡᠵᠢᠭᠰᠡᠨ ᠪᠠᠶᠢᠨ᠎ᠠ᠃

ᠡᠯᠴᠢ ᠨᠠᠷ ᠢ ᠠᠯᠠᠭᠰᠠᠨ ᠲᠤᠬᠠᠢ ᠮᠡᠳᠡᠭᠡ ᠶᠢ ᠠᠷᠭᠦᠪᠡᠬᠦ ᠠᠪᠤᠭᠠᠳ ᠶᠡᠬᠡᠳᠡ ᠠᠭᠤᠷᠠᠭᠰᠠᠨ ᠴᠡᠷᠢᠭ ᠢᠶᠡᠨ ᠮᠠᠤᠧᠷᠠᠨᠠᠬᠠᠷ ᠤᠨ ᠵᠦᠭ ᠠᠯᠭᠤᠢ ᠶᠢᠨ ᠡᠰᠡᠷᠬᠦ ᠬᠥᠳᠡᠯᠭᠡᠭᠰᠡᠨ ᠪᠠᠶᠢᠨ᠎ᠠ᠃ ᠠᠷᠭᠦᠪᠦᠬᠦ ᠶᠢᠨ ᠮᠠᠩᠯᠠᠢ ᠴᠡᠷᠢᠭ ᠢ ᠤᠳᠤᠷᠢᠳᠤᠭᠰᠠᠨ ᠬᠠᠷᠪᠡᠬᠦ ᠵᠠᠩᠵᠤᠨ ᠰᠤᠮᠤ ᠺᠦᠶᠢᠯᠢ (ᠰᠠᠶᠢᠷᠠᠮ) ᠨᠠᠭᠤᠷ ᠤᠨ ᠣᠶᠢᠷᠠᠯᠴᠠᠭ᠎ᠠ ᠠᠯᠭᠤᠢ ᠶᠢᠨ ᠴᠡᠷᠢᠭ ᠲᠡᠢ ᠲᠤᠯᠭᠠᠷᠠᠨ ᠪᠠᠶᠢᠯᠳᠤᠪᠠ᠃ ᠡᠨᠡ ᠲᠤᠯᠤᠯᠳᠤᠭᠠᠨ ᠳᠤ ᠬᠠᠷᠪᠡᠬᠦ ᠠᠮᠢᠶ᠎ᠠ ᠠᠯᠳᠠᠵᠤ ᠠᠯᠭᠤᠢ ᠢᠯᠠᠭᠴᠢ ᠪᠣᠯᠤᠭᠰᠠᠨ ᠲᠤᠯᠠ ᠠᠷᠭᠦᠪᠦᠬᠦ ᠶᠢᠨ ᠮᠠᠩᠯᠠᠢ ᠶᠢᠨ ᠴᠡᠷᠢᠭ ᠢ ᠪᠤᠲᠠ ᠴᠣᠬᠢᠵᠤ ᠵᠠᠩᠵᠤᠨ ᠬᠠᠷᠪᠦᠬᠦ ᠶᠢᠨ ᠠᠮᠢᠨ ᠳᠤ ᠬᠦᠷᠡᠭᠰᠡᠨ ᠢᠶᠡᠷ ᠨᠡᠷ᠎ᠡ ᠨᠥᠯᠥᠭᠡ ᠣᠯᠤᠭᠰᠠᠨ ᠪᠠᠶᠢᠨ᠎ᠠ᠃ ᠢᠯᠠᠯᠲᠠ ᠪᠠᠶᠢᠭᠤᠯᠵᠤ ᠰᠡᠳᠬᠢᠯ ᠨᠢ ᠠᠮᠠᠷᠠᠭᠰᠠᠨ ᠠᠯᠭᠤᠢ ᠢᠯᠢ ᠭᠣᠣᠯ ᠤᠨ ᠬᠥᠨᠳᠡᠶᠢᠳᠡ ᠪᠠᠶᠢᠭᠰᠠᠨ ᠣᠷᠳᠣᠨ ᠳᠤ ᠪᠠᠨ ᠪᠤᠴᠠᠵᠤ ᠣᠴᠢᠭᠠᠳ ᠴᠡᠷᠢᠭ ᠢᠶᠡᠨ ᠭᠡᠷ ᠭᠡᠷ ᠲᠦ ᠨᠢ ᠶᠠᠪᠤᠭᠤᠯᠵᠠᠢ᠃ ᠮᠥᠩᠬᠡ ᠬᠠᠭᠠᠨ ᠤ ᠬᠦᠦ ᠠᠰᠤ ᠲᠠᠢ ᠠᠷᠭᠦᠪᠦᠬᠦ ᠶᠢᠨ ᠠᠷᠤ ᠲᠠᠯ᠎ᠠ ᠶᠢᠨ ᠴᠡᠷᠢᠭ ᠢ ᠤᠳᠤᠷᠢᠳᠥᠵᠤ ᠪᠠᠶᠢᠪᠠ᠃ ᠠᠰᠤ ᠲᠠᠢ ᠲᠡᠮᠦᠷ ᠬᠠᠭᠠᠯᠭ᠎ᠠ ᠶᠢᠨ ᠳᠠᠪᠠᠭ᠎ᠠ ᠪᠠᠷ ᠢᠯᠢ ᠶᠢᠨ ᠬᠥᠨᠳᠡᠢ ᠷᠦᠦ ᠣᠷᠣᠵᠤ ᠠᠯᠭᠤᠢ ᠶᠢ ᠭᠡᠩᠳᠡᠭᠦᠯᠦᠨ ᠪᠤᠲᠠ ᠴᠣᠬᠢᠵᠠᠢ᠃ ᠠᠯᠭᠤᠢ ᠳᠣᠷᠣᠨᠠᠲᠤ ᠲᠦᠺᠧᠰᠲᠠᠨ ᠤᠷᠤᠭᠤ ᠵᠢᠭᠤᠳᠠᠨ ᠵᠠᠶᠢᠯᠠᠪᠠ᠃ ᠠᠷᠭᠦᠪᠡᠬᠦ ᠢᠯᠢ ᠶᠢᠨ ᠬᠥᠨᠳᠡᠢ ᠳᠤ ᠡᠪᠦᠯᠵᠢᠬᠦ ᠳᠦ ᠪᠡᠨ ᠨᠤᠲᠤᠭ ᠤᠨ ᠠᠷᠠᠳ ᠢᠷᠭᠡᠳ ᠢ ᠪᠠᠶᠢᠩᠭᠤ ᠳᠠᠷᠤᠯᠠᠵᠤ ᠪᠠᠶᠢᠭᠰᠠᠨ ᠤᠴᠢᠷ ᠥᠯᠥᠰᠬᠦᠯᠡᠩ ᠪᠣᠯᠵᠤ ᠣᠯᠠᠨ ᠬᠦᠮᠦᠨ ᠦᠬᠦᠭᠰᠡᠨ ᠪᠠᠶᠢᠨ᠎ᠠ᠃ [ᠪᠠᠷᠲ᠋ᠣᠯᠢ ᠳᠤ 1963᠎ᠠ:576]. ᠲᠡᠷᠡ ᠡᠪᠦᠯ ᠠᠷᠭᠦᠪᠦᠬᠦ ᠶᠢ ᠳᠡᠮᠵᠢᠵᠦ ᠪᠠᠶᠢᠭᠰᠠᠨ ᠨᠣᠶᠠᠳ ᠤᠨ ᠣᠯᠠᠩᠬᠢ ᠨᠢ ᠲᠡᠭᠦᠨ ᠢ ᠣᠷᠬᠢᠨ ᠣᠳᠴᠠᠢ᠃ ᠮᠥᠨ ᠠᠯᠲᠠᠢ ᠳᠤ ᠴᠡᠷᠢᠭ ᠲᠡᠢ ᠪᠡᠨ ᠡᠪᠦᠯᠵᠢᠵᠦ ᠪᠠᠶᠢᠭᠰᠠᠨ ᠥᠭᠡᠲᠡᠢ ᠬᠠᠭᠠᠨ ᠤ ᠥᠭᠡᠷ᠎ᠡ ᠨᠢᠭᠡ ᠬᠦᠦ ᠦᠷᠠᠨᠲ᠋ᠠᠰ (ᠷᠠᠰᠢ ᠳᠤ ᠠᠳᠠ ᠳ᠋ᠢᠩ: ᠤᠷᠧᠨ᠋ᠭᠲᠠᠰᠢ) ᠬᠤᠪᠢᠯᠠᠢ ᠶᠢᠨ ᠲᠠᠯ᠎ᠠ ᠳᠤ ᠤᠷᠪᠠᠨ ᠣᠷᠣᠵᠠᠢ᠃ ᠳᠡᠭᠡᠷ᠎ᠡ ᠡᠴᠡ ᠨᠢ ᠡᠪᠦᠯᠵᠢᠩᠭᠡᠨ ᠨᠤᠲᠤᠭ ᠤᠨ ᠢᠷᠭᠡᠳ ᠡᠴᠡ ᠬᠦᠴᠦ ᠪᠡᠷ ᠭᠠᠷᠭᠠᠭᠤᠯᠤᠨ ᠠᠪᠤᠭᠰᠠᠨ ᠤᠯᠠᠭᠠᠨ ᠪᠤᠭᠤᠳᠠᠢ ᠪᠠᠷ ᠠᠳᠤᠭᠤ ᠮᠠᠯ ᠢᠶᠠᠨ ᠲᠡᠵᠢᠭᠡᠵᠦ ᠪᠠᠶᠢᠭᠰᠠᠨ ᠤᠴᠢᠷ ᠬᠠᠪᠤᠷ ᠨᠣᠭᠣᠭ᠎ᠠ ᠴᠤᠬᠤᠶᠢᠬᠤ ᠳᠤ ᠠᠭᠲᠠ ᠮᠣᠷᠢᠳ ᠨᠢ ᠡᠪᠡᠳᠴᠢᠯᠡᠵᠦ ᠬᠢᠶᠠᠷᠠᠭᠰᠠᠨ ᠪᠠᠶᠢᠨ᠎ᠠ᠃ ᠠᠯᠭᠤᠢ ᠠᠷᠭᠦᠪᠦᠬᠦ ᠶᠢᠨ ᠡᠨᠡᠬᠦ ᠬᠦᠨᠳᠦ ᠪᠠᠶᠢᠳᠠᠯ ᠢ ᠠᠰᠢᠭᠯᠠᠨ ᠲᠡᠭᠦᠨ ᠢ ᠨᠢᠭᠡᠮᠦᠰᠦᠨ ᠪᠦᠲᠡ ᠴᠤᠬᠢᠬᠤ ᠰᠠᠨᠠᠭ᠎ᠠ ᠲᠠᠢ ᠬᠦᠮᠦᠨ ᠬᠦᠴᠦ ᠪᠡᠨ ᠪᠠᠽᠠᠭᠠᠭᠠᠳ ᠳᠥᠬᠥᠵᠦ ᠢᠷᠡᠬᠦ ᠳᠦ ᠠᠷᠭᠦᠪᠡᠬᠦ ᠡᠷᠭᠢᠨ᠎ᠡ ᠬᠠᠲᠤᠨ ᠪᠣᠯᠤᠨ ᠮᠠᠰᠤᠳ ᠪᠧᠺ ᠢ ᠲᠡᠭᠦᠨ ᠢ ᠤᠭᠲᠤᠭᠤᠯᠤᠨ ᠢᠯᠡᠭᠡᠭᠡᠳ ᠥᠪᠡᠷ ᠢᠶᠡᠨ 1264 ᠣᠨ ᠳᠤ ᠠᠰᠤᠲᠠᠢ ᠶᠢᠨ ᠬᠠᠮᠲᠤ ᠪᠠᠷ ᠬᠤᠪᠢᠯᠠᠢ ᠬᠠᠭᠠᠨ ᠳᠤ ᠪᠦᠵᠢ ᠥᠭᠬᠦ ᠪᠡᠷ ᠣᠳᠴᠠᠢ᠃

ᠪᠢᠳᠡᠨ ᠦ ᠦᠵᠡᠵᠦ ᠪᠠᠶᠢᠭ᠎ᠠ ᠪᠠᠷ ᠠᠷᠭᠦᠪᠡᠬᠦ ᠡᠷᠭᠢᠨ᠎ᠡ ᠬᠠᠲᠤᠨ ᠢ ᠴᠤᠬᠤᠮ ᠡᠨᠡ ᠦᠶ᠎ᠡ ᠳᠦ ᠠᠯᠭᠤᠢ ᠷᠤ ᠶᠠᠪᠤᠭᠤᠯᠤᠭᠰᠠᠨ ᠨᠢ ᠦᠨᠡᠨ ᠳᠦ ᠨᠡᠶᠢᠴᠡᠨ᠎ᠡ᠃ ᠡᠨᠡ ᠦᠶᠡᠰ ᠠᠯᠭᠤᠢ ᠡᠷᠭᠢᠨᠡᠭ ᠬᠠᠲᠤᠨ ᠢᠶᠠᠨ ᠪᠣᠯᠭᠠᠵᠤ ᠬᠠᠷᠢᠨ ᠮᠠᠰᠤᠳ ᠪᠧᠺ ᠢ ᠰᠠᠮᠠᠷᠺᠠᠨᠳ᠂ ᠪᠤᠬᠤᠷ ᠤᠨ ᠵᠠᠬᠢᠷᠤᠭᠴᠢ ᠪᠠᠷ ᠲᠣᠮᠢᠯᠠᠵᠠᠢ᠃ ᠪᠡᠷᠬᠡ ᠬᠦᠯᠦᠭ ᠬᠣᠶᠠᠷ ᠤᠨ ᠳᠤᠮᠳᠠ ᠠᠯᠭᠤᠢ ᠶᠠᠰᠤ ᠬᠠᠶᠠᠭᠰᠠᠨ ᠭᠡᠵᠦ ᠠᠷᠮᠢᠩ ᠰᠤᠷᠪᠤᠯᠵᠢ ᠳᠤ ᠲᠡᠮᠳᠡᠭᠯᠡᠨ ᠦᠯᠡᠳᠡᠭᠡᠭᠰᠡᠨ ᠪᠠᠶᠢᠨ᠎ᠠ᠃ ᠠᠯᠭᠤᠢ ᠪᠡᠷᠬᠡ ᠶᠢ ᠦᠵᠡᠨ ᠶᠠᠳᠠᠳᠠᠭ ᠪᠢᠰᠢ ᠶᠠᠭᠤᠮ᠎ᠠ ᠪᠠᠨ ᠭᠡᠬᠦ ᠳᠦ ᠳᠦᠷᠢ ᠦᠭᠡᠢ ᠪᠠᠶᠢᠬᠤ ᠪᠦᠷᠢᠨ ᠦᠨᠳᠦᠰᠦ ᠲᠡᠢ ᠶᠤᠮ᠃ ᠨᠢᠭᠡ ᠳᠦ᠂ ᠪᠡᠷᠬᠡ ᠯᠠᠯᠤ ᠶᠢᠨ ᠱᠠᠰᠢᠨ ᠳᠤ ᠣᠷᠣᠭᠰᠠᠨ ᠪᠥᠭᠡᠳ ᠯᠠᠯᠤ ᠶᠢᠬᠠᠨ ᠢ ᠬᠦᠯᠦᠭ ᠬᠠᠭᠠᠨ ᠤ ᠰᠢᠬᠠᠯᠲᠠ ᠳᠠᠷᠤᠮᠲᠠ ᠠᠴᠠ ᠥᠪᠡᠷ ᠢ ᠪᠡᠨ ᠰᠠᠬᠢᠩ ᠬᠠᠮᠠᠭᠠᠯᠠᠭᠴᠢ ᠬᠡᠮᠡᠨ ᠵᠠᠷᠯᠠᠵᠤ ᠪᠠᠶᠢᠪᠠ᠃ ᠬᠣᠶᠠᠷ ᠲᠤ᠂ ᠪᠡᠷᠬᠡ ᠶᠢᠨ ᠮᠠᠲᠠᠭᠠᠰᠤ ᠪᠠᠷ ᠠᠯᠭᠤᠢ ᠶᠢᠨ ᠤᠳᠤᠮ ᠪᠤᠶᠤ ᠥᠭᠡᠲᠡᠢ ᠶᠢᠨ ᠦᠷ᠎ᠡ ᠠᠴᠢ ᠨᠠᠷ ᠢ ᠬᠡᠯᠮᠡᠭᠳᠡᠭᠦᠯᠦᠭᠰᠡᠨ᠂ ᠥᠭᠡᠷ᠎ᠡ ᠪᠡᠷ ᠬᠡᠯᠡᠪᠡᠯ 1251 ᠣᠨ ᠤ ᠦᠢᠯᠡ ᠶᠠᠪᠤᠳᠠᠯ ᠤᠨ ᠭᠣᠣᠯ ᠪᠤᠷᠤᠭᠤᠲᠠᠨ ᠨᠢ ᠪᠡᠷᠬᠡ ᠮᠥᠨ ᠭᠡᠵᠦ ᠠᠯᠭᠤᠢ ᠦᠵᠡᠵᠦ ᠪᠠᠶᠢᠪᠠ᠃ [ᠪᠠᠷᠲ᠋ᠣᠯᠢ ᠳᠤ 1963᠎ᠠ: 576].ᠠᠯᠭᠤᠢ ᠪᠡᠷᠬᠡ ᠬᠣᠶᠠᠷ ᠢ ᠳᠠᠶᠢᠲᠤᠵᠤ ᠪᠠᠶᠢᠭᠰᠠᠨ ᠭᠡᠵᠦ ᠪᠠᠷᠲ᠋ᠣᠯᠢ ᠳᠤ ᠦᠵᠡᠭᠰᠡᠨ ᠪᠠᠶᠢᠨ᠎ᠠ᠃ ᠠᠯᠭᠤᠢ ᠶᠢᠨ ᠵᠠᠷᠯᠢᠭ ᠢᠶᠠᠷ ᠮᠠᠰᠤᠳ ᠪᠧᠺ ᠮᠠᠤᠧᠷᠠᠨᠠᠬᠠᠷ ᠤᠨ ᠬᠣᠲᠠ ᠶᠢᠨ ᠣᠷᠣᠰᠢᠨ ᠰᠠᠭᠤᠭᠴᠢᠳ ᠠᠴᠠ ᠪᠡᠷᠬᠡ ᠲᠡᠢ ᠬᠢᠬᠦ ᠳᠠᠶᠢᠨ ᠳᠤ ᠵᠣᠷᠢᠭᠤᠯᠤᠭᠰᠠᠨ ᠮᠥᠩᠭᠥ ᠲᠠᠲᠠᠵᠤ ᠠᠯᠭᠤᠢ ᠳᠤ ᠥᠭᠭᠦᠭᠰᠡᠨ ᠭᠡᠵᠡᠢ᠃ [ᠪᠠᠷᠲ᠋ᠣᠯᠢ ᠳᠤ᠂ ᠮᠥᠨ ᠲᠡᠨᠳᠡ]. ᠡᠨᠡ ᠳᠠᠶᠢᠨ ᠳᠤ ᠪᠡᠷᠬᠡ ᠪᠦᠷᠢᠨ ᠢᠯᠠᠭᠳᠠᠵᠤ᠂ ᠠᠯᠭᠤᠢ ᠲᠡᠭᠦᠨ ᠦ ᠮᠡᠳᠡᠯ ᠳᠦ ᠪᠠᠶᠢᠭᠰᠠᠨ ᠣᠲᠷᠠᠷ ᠢ ᠡᠵᠡᠯᠡᠨ ᠳᠡᠭᠡᠷᠡᠮᠳᠡᠭᠰᠡᠨ ᠪᠠᠶᠢᠨ᠎ᠠ᠃ ᠠᠷᠷᠠᠨ᠂ ᠠᠽᠧᠷᠪᠠᠶᠢᠳᠠᠵᠠᠨ ᠤ ᠨᠤᠲᠤᠭ ᠳᠡᠪᠢᠰᠬᠡᠷ ᠨᠢ ᠠᠯᠲᠠᠨ ᠣᠷᠳᠣᠨ ᠤ ᠪᠣᠯᠤᠨ ᠡᠯ᠎ᠡ ᠬᠠᠭᠠᠳ ᠤᠨ ᠤᠯᠤᠰ ᠤᠨ ᠬᠣᠭᠣᠷᠣᠨᠳᠣ ᠶᠢᠨ ᠬᠡᠷᠡᠭᠦᠯ ᠦᠨ ᠠᠯᠢᠮ᠎ᠠ ᠪᠣᠯᠵᠤ ᠪᠠᠶᠢᠯ᠎ᠠ᠃ ᠡᠨᠡ ᠬᠣᠶᠠᠷ ᠤᠯᠤᠰ ᠤᠨ ᠬᠣᠭᠣᠷᠣᠨᠳᠣ 1262 ᠣᠨ ᠠᠴᠠ ᠳᠠᠶᠢᠨ ᠶᠠᠪᠤᠭᠳᠠᠵᠤ ᠪᠠᠶᠢᠭᠰᠠᠨ ᠪᠥᠭᠡᠳ ᠡᠨᠡ ᠳᠠᠶᠢᠨ ᠤ ᠦᠶ᠎ᠡ ᠳᠦ ᠬᠤᠪᠢᠯᠠᠢ ᠡᠯᠴᠢ ᠵᠠᠷᠤᠵᠤ ᠪᠤᠬᠤᠷ ᠤᠨ ᠬᠦᠮᠦᠨ ᠠᠮᠠ ᠶᠢᠨ ᠲᠣᠭᠠᠯᠠᠯᠭ᠎ᠠ ᠬᠢᠬᠦ ᠶᠢ ᠵᠠᠷᠯᠢᠭᠳᠠᠵᠠᠢ᠃ ᠡᠯ᠎ᠡ ᠲᠣᠭᠠᠯᠠᠯᠭ᠎ᠠ ᠪᠠᠷ ᠪᠤᠬᠤᠷ ᠬᠣᠲᠣᠩ ᠢᠶᠠᠨ 16 ᠮᠢᠩᠭᠠᠨ ᠮᠣᠩᠭᠣᠯ ᠴᠡᠷᠢᠭ ᠪᠠᠶᠢᠭᠰᠠᠨ ᠠᠴᠠ 5 ᠮᠢᠩᠭ᠎ᠠ ᠨᠢ ᠪᠠᠲᠤ ᠶᠢᠨ ᠪᠤᠶᠤ ᠠᠯᠲᠠᠨ ᠣᠷᠳᠣᠨ ᠤ᠂ 3 ᠮᠢᠩᠭ᠎ᠠ ᠨᠢ ᠰᠣᠷᠬᠠᠭᠲᠠᠨᠢ ᠬᠠᠲᠤᠨ ᠤ ᠪᠤᠶᠤ ᠬᠤᠪᠢᠯᠠᠢ᠂ ᠬᠦᠯᠦᠭ ᠨᠠᠷ ᠤᠨ ᠡᠬᠡ ᠶᠢᠨ᠂ ᠦᠯᠡᠳᠡᠭᠰᠡᠨ 8 ᠮᠢᠩᠭ᠎ᠠ ᠨᠢ ᠶᠡᠬᠡ ᠬᠠᠭᠠᠨ ᠤ ᠬᠢ ᠪᠠᠶᠢᠴᠠᠢ᠃ ᠬᠤᠪᠢᠯᠠᠢ ᠶᠢᠨ ᠵᠠᠷᠯᠢᠭ ᠢᠶᠠᠷ ᠠᠯᠲᠠᠨ ᠣᠷᠳᠣᠨ ᠤ ᠤᠯᠤᠰ ᠤᠨ ᠴᠡᠷᠢᠭ ᠦᠳ ᠢ ᠬᠣᠲᠠ ᠠᠴᠠ ᠭᠠᠷᠭᠠᠵᠤ ᠪᠦᠭᠦᠳᠡ ᠶᠢᠨ ᠬᠣᠷᠢᠶᠠᠭᠰᠠᠨ ᠪᠥᠭᠡᠳ ᠭᠡᠷ ᠪᠦᠯᠢ᠂ ᠥᠮᠴᠢ ᠬᠥᠷᠥᠩᠭᠡᠢ ᠨᠢ ᠬᠤᠷᠢᠶᠠᠨ ᠠᠪᠴᠠᠢ᠃ ᠠᠯᠭᠤᠢ 1264 ᠣᠨ ᠳᠤ ᠨᠠᠰᠤ ᠪᠠᠷᠪᠠ᠃

ᠠᠷᠭᠦᠪᠡᠬᠦ ᠬᠤᠪᠢᠯᠠᠢ ᠬᠣᠶᠠᠷ ᠤᠨ ᠵᠡᠪᠰᠡᠭᠲᠦ ᠲᠡᠮᠡᠴᠡᠯ 1260 ᠍ ᠠᠴᠠ 1264 ᠣᠨ ᠬᠦᠷᠲᠡᠯ᠎ᠡ ᠪᠦᠲᠦᠨ 5 ᠵᠢᠯ ᠦᠷᠭᠦᠯᠵᠢᠯᠡᠵᠦ ᠡᠴᠦᠰ ᠲᠦ ᠨᠢ ᠠᠷᠭᠦᠪᠡᠬᠦ ᠲᠡᠮᠡᠴᠡᠯ ᠢᠶᠡᠨ ᠦᠷᠭᠦᠯᠵᠢᠯᠡᠭᠦᠯᠬᠦ ᠶᠠᠮᠠᠷ ᠴᠤ ᠨᠥᠬᠥᠴᠡᠯ ᠦᠭᠡᠢ ᠪᠣᠯᠤᠭᠰᠠᠨ ᠲᠤᠯᠠ᠂ ᠦᠯᠡᠳᠡᠭᠰᠡᠨ ᠴᠡᠷᠢᠭ ᠲᠡᠢ ᠪᠡᠨ ᠬᠤᠪᠢᠯᠠᠢ ᠳᠤ ᠪᠠᠭᠤᠵᠤ ᠥᠭᠪᠡ᠃ ᠬᠤᠪᠢᠯᠠᠢ ᠬᠠᠭᠠᠨ ᠳᠡᠭᠦᠦ ᠠᠷᠭᠦᠪᠡᠬᠦ ᠪᠣᠯᠤᠨ ᠠᠰᠤ ᠲᠠᠢ ᠶᠢ ᠬᠡᠷᠬᠢᠬᠦ ᠲᠠᠯ᠎ᠠ ᠪᠠᠷ ᠠᠬ᠎ᠠ ᠬᠦᠯᠦᠭ᠂ ᠪᠡᠷᠬᠡ᠂ ᠠᠯᠭᠤᠢ ᠨᠠᠷ ᠤᠨ ᠰᠠᠨᠠᠯ ᠠᠪᠤᠭᠰᠠᠨ ᠬᠡᠮᠡᠨ ᠪᠠᠷᠲ᠋ᠣᠯᠢ ᠳᠤ ᠪᠢᠴᠢᠵᠡᠢ᠃ [ᠪᠠᠷᠲ᠋ᠣᠯᠢ ᠳᠤ᠂ ᠮᠥᠨ ᠲᠡᠨᠳᠡ]. ᠭᠤᠷᠪᠠᠭᠤᠯᠠ ᠪᠤᠯᠵᠠᠮᠠᠬᠠᠢ ᠬᠠᠷᠢᠭᠤ ᠥᠭᠭᠦᠭᠰᠡᠨ ᠲᠤᠯᠠ ᠬᠤᠪᠢᠯᠠᠢ ᠬᠣᠶᠠᠭᠤᠯᠠᠩ ᠤᠨ ᠥᠷᠥᠰᠢᠶᠡᠵᠦ ᠠᠮᠢ ᠨᠠᠰᠤ ᠶᠢ ᠨᠢ ᠬᠡᠯᠲᠦᠷᠢᠭᠦᠯᠵᠡᠢ᠃ᠬᠤᠪᠢᠯᠠᠢ ᠥᠪᠡᠷ ᠦᠨ ᠣᠳᠬᠣᠨ ᠳᠡᠭᠦᠦ ᠠᠷᠭᠦᠪᠦᠬᠦ ᠶᠢᠨ ᠠᠮᠢ ᠨᠠᠰᠤ ᠶᠢ ᠬᠡᠯᠲᠦᠷᠢᠭᠦᠯᠦᠭᠰᠡᠨ ᠪᠣᠯᠪᠠᠴᠤ ᠲᠡᠭᠦᠨ ᠢ ᠨᠠᠰᠤ ᠪᠠᠷᠠᠬᠤ ᠬᠦᠷᠲᠡᠯ᠎ᠡ ᠨᠢ ᠲᠤᠰᠬᠠᠢ ᠬᠠᠷᠠᠭᠠᠯᠵᠠᠨ ᠪᠠᠷᠢᠵᠤ ᠪᠠᠶᠢᠴᠠᠢ᠃ ᠭᠡᠪᠡᠴᠦ ᠬᠤᠪᠢᠯᠠᠢ ᠠᠷᠭᠦᠪᠦᠬᠦ ᠶᠢᠨ ᠲᠠᠯ᠎ᠠ ᠶᠢᠨ ᠪᠤᠰᠤᠳ ᠨᠣᠶᠠᠳ ᠢ ᠠᠬ᠎ᠠ ᠳᠡᠭᠦᠰ ᠦᠨ ᠬᠣᠭᠣᠷᠣᠨᠳᠣ ᠬᠤᠤᠪᠢᠯᠳᠤᠭᠠᠨ ᠵᠣᠬᠢᠶᠠᠨ ᠪᠠᠶᠢᠭᠤᠯᠵᠤ᠂ ᠬᠡᠷᠡᠭᠦᠯ ᠮᠠᠷᠭᠤᠭᠠᠨ ᠭᠠᠷᠭᠠᠵᠤ᠂ ᠳᠠᠶᠢᠨ ᠡᠳᠦᠭᠡᠪᠡ ᠬᠡᠮᠡᠨ ᠰᠢᠳᠬᠡᠵᠦ ᠨᠡᠯᠢᠶᠡᠳ ᠣᠯᠠᠨ ᠢ ᠨᠢ ᠴᠠᠭᠠᠵᠠᠯᠠᠨ ᠠᠯᠠᠭᠰᠠᠨ ᠪᠢᠯᠡ᠃ [ᠷᠠᠰᠢ ᠳᠤ ᠳᠤ ᠳ᠋ᠢᠩ ᠲ᠃II :197].ᠡᠭᠦᠪᠡᠷ ᠠᠬ᠎ᠠ ᠳᠡᠭᠦᠦ ᠬᠣᠶᠠᠷ ᠤᠨ ᠵᠡᠪᠰᠡᠭᠲᠦ ᠮᠥᠷᠭᠥᠯᠳᠦᠭᠡᠨ ᠳᠠᠭᠤᠰᠤᠭᠰᠠᠨ ᠪᠣᠯᠪᠠᠴᠤ᠂ ᠶᠡᠬᠡ ᠬᠠᠭᠠᠨ ᠤ ᠰᠢᠷᠡᠭᠡᠨ ᠦ ᠲᠥᠯᠥᠭᠡ ᠲᠡᠮᠡᠴᠡᠯ ᠵᠣᠭᠰᠣᠭᠰᠠᠨ ᠦᠭᠡᠢ᠂ ᠡᠨᠡ ᠤᠳᠠᠭ᠎ᠠ ᠤᠭ ᠲᠡᠮᠡᠴᠡᠯ ᠮᠣᠩᠭᠣᠯ ᠨᠣᠶᠠᠨ ᠬᠠᠶᠢᠳᠤᠭ ᠤᠨ ᠤᠳᠤᠷᠢᠳᠤᠯᠭ᠎ᠠ ᠶᠢᠨ ᠳᠣᠣᠷ᠎ᠠ ᠶᠠᠪᠤᠭᠳᠠᠵᠠᠢ᠃ ᠬᠤᠪᠢᠯᠠᠢ ᠶᠢᠨ ᠡᠰᠡᠷᠬᠦ ᠮᠣᠩᠭᠣᠯ ᠨᠣᠶᠠᠳ ᠤᠨ ᠰᠢᠨ᠎ᠡ ᠡᠪᠰᠡᠯ 1266 ᠣᠨ ᠳᠤ ᠪᠠᠶᠢᠭᠤᠯᠤᠭᠳᠠᠵᠤ ᠲᠡᠭᠦᠨ ᠢ ᠤᠷᠢᠳᠤ ᠠᠷᠭᠦᠪᠦᠬᠦ ᠶᠢ ᠳᠡᠮᠵᠢᠵᠦ ᠶᠠᠪᠤᠭᠰᠠᠨ ᠬᠠᠶᠢᠳᠤ ᠲᠣᠯᠣᠭᠠᠶᠢᠯᠠᠵᠠᠢ᠃ ᠬᠠᠶᠢᠳᠤ᠂ ᠥᠭᠡᠳᠦᠢ ᠶᠢᠨ ᠦᠷ᠎ᠡ ᠠᠴᠢ ᠨᠠᠷ ᠤᠨ ᠳᠤᠮᠳᠠ ᠰᠡᠷᠭᠦᠯᠡᠩ ᠤᠬᠠᠭᠠᠨ ᠲᠠᠢ ᠭᠡᠵᠦ ᠠᠯᠳᠠᠷᠰᠢᠭᠰᠠᠨ ᠬᠦᠮᠦᠨ ᠪᠠᠶᠢᠭᠰᠠᠨ ᠪᠥᠭᠡᠳ ᠮᠥᠩᠬᠡ ᠬᠠᠭᠠᠨ ᠤ ᠦᠶ᠎ᠡ ᠳᠦ ᠶᠡᠬᠡ ᠬᠠᠭᠠᠨ ᠤ ᠡᠰᠡᠷᠬᠦ ᠬᠤᠤᠪᠢᠯᠳᠤᠭᠠᠨ ᠳᠤ ᠣᠷᠣᠯᠴᠠᠵᠤ ᠰᠢᠳᠬᠡᠭᠦᠯᠬᠦ ᠶᠢᠨ ᠳᠠᠪᠠᠭᠠᠨ ᠳᠡᠭᠡᠷ᠎ᠡ ᠬᠠᠮᠢᠭ᠎ᠠ ᠠᠴᠠ ᠥᠷᠥᠰᠢᠶᠡᠯ ᠭᠤᠶᠤᠭᠰᠠᠨ ᠲᠤᠯᠠ ᠶᠡᠬᠡ ᠬᠠᠭᠠᠨ ᠲᠡᠭᠦᠨ ᠦ ᠠᠮᠠ ᠶᠢ ᠬᠡᠯᠲᠦᠷᠢᠭᠦᠯᠦᠨ ᠲᠠᠷᠪᠠᠭᠠᠲᠠᠢ ᠳᠤ ᠨᠤᠲᠤᠭ ᠵᠢᠭᠠᠨ ᠲᠡᠨᠳᠡ ᠪᠠᠶᠢᠩᠭᠤ ᠪᠠᠶᠢᠬᠤ ᠪᠠᠷ ᠴᠥᠯᠡᠭᠰᠡᠨ ᠠᠵᠢ᠃ᠬᠠᠶᠢᠳᠤ ᠪᠣᠯ ᠥᠭᠡᠲᠡᠢ ᠬᠠᠭᠠᠨ ᠤ ᠲᠠᠪᠤ ᠳᠠᠬᠢ ᠬᠦᠦ ᠬᠠᠰᠢᠨ ᠤ ᠬᠡᠦ᠃ ᠡᠪᠦᠭᠡ ᠡᠴᠢᠭᠡ ᠴᠢᠩᠭᠢᠰ ᠦᠨ ᠣᠷᠳᠣᠨ ᠳᠤ ᠬᠦᠮᠦᠵᠢᠯ ᠣᠯᠤᠭᠰᠠᠨ᠂ ᠥᠭᠡᠲᠡᠢ ᠬᠠᠭᠠᠨ ᠤ ᠨᠠᠰᠤ ᠪᠠᠷᠠᠬᠤ ᠳᠤ ᠮᠥᠩᠬᠡ ᠬᠠᠭᠠᠨ ᠤ ᠳᠡᠷᠭᠡᠳᠡ ᠪᠠᠶᠢᠭᠰᠠᠨ ᠪᠥᠭᠡᠳ ᠳᠠᠷᠠᠭ᠎ᠠ ᠨᠢ ᠬᠠᠭᠠᠨ ᠢ ᠬᠢᠲᠠᠳ ᠤᠷᠤᠭᠤ ᠳᠠᠶᠢᠯᠠᠷ᠎ᠠ ᠮᠣᠷᠳᠠᠬᠤ ᠳᠤ ᠠᠷᠭᠦᠪᠦᠬᠦ ᠶᠢᠨ ᠳᠡᠷᠭᠡᠳᠡ ᠦᠯᠡᠳᠡᠭᠰᠡᠨ᠃ ᠠᠬ᠎ᠠ ᠳᠡᠭᠦᠦ ᠬᠣᠶᠠᠷ ᠤᠨ ᠬᠠᠭᠠᠨ ᠰᠢᠷᠡᠭᠡᠨ ᠦ ᠲᠥᠯᠥᠭᠡ ᠲᠡᠮᠡᠴᠡᠯ ᠳᠡᠭᠳᠡᠬᠦ ᠳᠦ ᠠᠷᠭᠦᠪᠦᠷᠢ ᠶᠢᠨ ᠲᠠᠯ᠎ᠠ ᠳᠤ ᠣᠷᠣᠭᠰᠠᠨ᠃ ᠬᠠᠷᠢᠨ ᠠᠷᠭᠦᠪᠦᠬᠦ ᠶᠢ ᠪᠠᠭᠤᠵᠤ ᠥᠭᠬᠦ ᠳᠦ ᠬᠠᠶᠢᠳᠤ ᠥᠪᠡᠷ ᠦᠨ ᠤᠳᠤᠮ ᠤᠨ ᠡᠷᠬᠡ ᠳᠠᠷᠬ᠎ᠠ ᠶᠢ ᠰᠡᠷᠭᠦᠭᠡᠨ ᠬᠠᠮᠠᠭᠠᠯᠬ᠎ᠠ ᠪᠠᠷ ᠦᠯᠡᠳᠡᠵᠡᠢ᠃

ᠡᠨᠡ ᠤᠳᠠᠭ᠎ᠠ ᠲᠡᠷᠡᠪᠡᠷ ᠬᠤᠪᠢᠯᠠᠢ ᠶᠢᠨ ᠡᠰᠡᠷᠬᠦ ᠲᠡᠮᠡᠴᠡᠵᠦ ᠮᠣᠩᠭᠣᠯ ᠨᠣᠶᠠᠳ ᠤᠨ ᠡᠪᠰᠡᠯ ᠪᠠᠶᠢᠭᠤᠯᠬᠤ ᠪᠣᠯᠤᠭᠰᠠᠨ ᠰᠢᠯᠲᠠᠭᠠᠨ ᠨᠢ 《ᠡᠴᠢᠭᠡ ᠡᠪᠦᠭᠡᠳ ᠦᠨ ᠤᠯᠠᠮᠵᠢᠯᠠᠯᠲᠤ ᠶᠣᠰᠣ ᠶᠢ ᠡᠪᠳᠡᠵᠦ ᠬᠠᠭᠠᠨ ᠰᠢᠷᠡᠭᠡ ᠡᠵᠡᠯᠡᠨ ᠬᠢᠲᠠᠳ ᠤᠨ ᠨᠥᠯᠦᠭᠡᠨ ᠳᠦ ᠣᠷᠣᠭᠰᠠᠨ》 ᠭᠡᠵᠦ ᠬᠤᠪᠢᠯᠠᠢ ᠶᠢ ᠪᠤᠷᠤᠭᠤᠰᠢᠶᠠᠵᠤ ᠪᠠᠶᠢᠭᠰᠠᠨ ᠲᠠᠢ ᠬᠣᠯᠪᠣᠭ᠎ᠠ ᠲᠠᠢ ᠶᠤᠮ᠃ [ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠲᠡᠦᠬᠡ 1 ᠪᠣᠲᠢ: 289]. ᠡᠨᠡ ᠡᠪᠰᠡᠯᠳᠦ ᠮᠥᠩᠬᠡ ᠬᠠᠭᠠᠨ ᠤ ᠦᠶ᠎ᠡ ᠳᠦ ᠬᠡᠯᠮᠡᠭᠳᠡᠵᠦ ᠶᠠᠪᠤᠭᠰᠠᠨ ᠥᠭᠡᠲᠡᠢ ᠪᠣᠯᠤᠨ ᠴᠠᠭᠠᠳᠠᠢ ᠶᠢᠨ ᠤᠳᠤᠮ ᠤᠨ ᠬᠢᠨ ᠣᠷᠣᠵᠠᠢ᠃ ᠬᠤᠪᠢᠯᠠᠢ ᠬᠠᠭᠠᠨ ᠬᠠᠶᠢᠳᠤᠭ ᠤᠨ ᠳᠣᠪᠲᠣᠯᠭᠠᠨ ᠠᠴᠠ ᠪᠦᠬᠦ ᠲᠠᠯ᠎ᠠ ᠪᠠᠷ ᠰᠡᠷᠭᠡᠶᠢᠯᠡᠵᠦ ᠡᠰᠡᠷᠭᠦᠴᠡᠨ ᠪᠠᠶᠢᠯᠳᠤᠬᠤ ᠴᠡᠷᠢᠭ ᠦᠨ ᠬᠦᠴᠦ ᠶᠢ ᠪᠡᠯᠡᠳᠬᠡᠵᠦ᠂ ᠶᠡᠷᠦᠩᠬᠡᠶᠢᠯᠡᠨ ᠵᠠᠬᠢᠷᠤᠭᠴᠢ ᠪᠠᠷ ᠬᠥᠪᠡᠭᠦᠨ ᠨᠣᠮᠣᠬᠠᠨ ᠢ ᠲᠣᠬᠣᠭᠠᠨ ᠲᠣᠮᠢᠯᠠᠵᠠᠢ᠃ ᠨᠣᠮᠣᠬᠠᠨ ᠬᠠᠷᠠᠬᠣᠷᠣᠮ ᠳᠤ ᠬᠦᠷᠦᠯᠴᠡᠨ ᠢᠷᠡᠰᠦᠨ ᠦ ᠳᠠᠷᠠᠭ᠎ᠠ ᠶᠠᠭᠤᠨ ᠤ ᠡᠮᠦᠨ᠎ᠡ ᠮᠣᠩᠭᠣᠯ ᠤᠨ ᠰᠢᠯᠢᠳᠡᠭ ᠴᠡᠷᠢᠭ ᠦᠨ ᠬᠦᠴᠦᠨ ᠢ ᠪᠥᠭᠡᠭᠡᠨᠡᠷᠡᠭᠦᠯᠵᠦ᠂ ᠴᠡᠷᠢᠭ ᠦᠨ ᠰᠤᠷᠭᠠᠭᠤᠯᠢ ᠬᠢᠯᠭᠡᠵᠡᠢ᠃ ᠡᠭᠦᠨ ᠡᠴᠡ ᠭᠠᠳᠠᠨ᠎ᠠ ᠠᠯᠲᠠᠨ ᠣᠷᠳᠣ᠂ ᠴᠠᠭᠠᠳᠠᠢ ᠶᠢᠨ ᠤᠯᠤᠰ ᠤᠨ ᠮᠣᠩᠭᠣᠯ ᠨᠣᠶᠠᠳ ᠲᠠᠢ ᠬᠣᠯᠪᠣᠭ᠎ᠠ ᠪᠠᠷᠢᠬᠤ ᠪᠠᠷ ᠡᠯᠴᠢ ᠲᠥᠯᠥᠭᠡᠯᠡᠭᠴᠢ ᠵᠠᠷᠤᠵᠠᠢ᠃ ᠡᠩ ᠲᠦᠷᠦᠭᠦᠨ ᠳᠦ ᠴᠠᠭᠠᠳᠠᠢ ᠶᠢᠨ ᠤᠯᠤᠰ ᠲᠤ ᠬᠠᠭᠠᠨ ᠡᠴᠢᠭᠡ ᠬᠤᠪᠢᠯᠠᠢ ᠶᠢᠨ ᠨᠡᠷ᠎ᠡ ᠪᠡᠷ ᠬᠡᠳᠦ ᠳᠠᠬᠢᠨ ᠶᠠᠭᠠᠷᠠᠯᠲᠠᠢ ᠡᠯᠴᠢ ᠶᠢ 《ᠬᠢᠲᠠᠳ ᠭᠠᠵᠠᠷ ᠤᠨ ᠦᠨᠡᠲᠦ ᠪᠡᠯᠡᠭ ᠲᠡᠢ ᠢᠯᠡᠭᠡᠵᠦ ᠲᠦᠷ ᠵᠠᠭᠤᠷ᠎ᠠ ᠶᠢᠨ ᠬᠣᠯᠪᠣᠭ᠎ᠠ ᠲᠣᠭᠲᠠᠭᠠᠨ ᠬᠡᠯᠡᠯᠴᠡᠭᠡᠷ ᠪᠠᠶᠢᠭᠤᠯᠵᠤ ᠠᠮᠵᠢᠵᠠᠢ᠃ ᠲᠡᠷᠡ ᠬᠡᠯᠡᠯᠴᠡᠭᠡᠷ ᠶᠣᠰᠣᠭᠠᠷ ᠴᠠᠭᠠᠳᠠᠢ ᠶᠢᠨ ᠤᠯᠤᠰ ᠤᠨ ᠴᠠᠫᠠᠷ ᠴᠡᠷᠢᠭ ᠦᠨ ᠬᠦᠴᠦ ᠪᠡᠷ ᠬᠠᠶᠢᠳᠤᠭ ᠴᠠᠭᠳᠠᠨ ᠰᠡᠷᠭᠡᠶᠢᠯᠡᠵᠦ ᠪᠠᠶᠢᠬᠤ ᠪᠠᠷ ᠲᠣᠭᠲᠠᠵᠠᠢ》. [ᠮᠣᠩᠭᠣᠯ ᠤᠯᠤᠰ ᠤᠨ ᠲᠡᠦᠬᠡ II ᠪᠣᠲᠢ:198]. ᠴᠠᠫᠠᠷ ᠪᠣᠯ ᠬᠠᠶᠢᠳᠤ ᠨᠣᠶᠠᠨ ᠤ ᠬᠦᠦ ᠪᠥᠭᠡᠳ ᠡᠴᠢᠭᠡ ᠶᠢᠨ ᠦᠢᠯᠡ ᠬᠡᠷᠡᠭ ᠢ ᠦᠷᠭᠦᠯᠵᠢᠯᠡᠭᠦᠭᠰᠡᠨ ᠪᠢᠯᠡ᠃

ᠨᠣᠮᠣᠬᠠᠨ ᠪᠠᠰᠠ ᠡᠴᠢᠭᠡ ᠶᠢᠨ ᠨᠡᠷ᠎ᠡ ᠪᠡᠷ ᠠᠷᠤᠲᠠᠨ ᠣᠷᠳᠣᠨ ᠤ ᠤᠯᠤᠰ ᠲᠤ ᠡᠯᠴᠢ ᠵᠠᠷᠤᠵᠠᠢ᠃ ᠠᠯᠲᠠᠨ ᠣᠷᠳᠣᠨ ᠤ ᠮᠥᠩᠬᠡᠲᠡᠮᠦᠷ ᠬᠠᠭᠠᠨ᠂ ᠬᠠᠶᠢᠳᠤᠭ ᠶᠤᠸᠠᠨ ᠤᠯᠤᠰ ᠲᠤ ᠳᠣᠪᠲᠣᠯᠪᠠᠯ ᠴᠡᠷᠢᠭ ᠭᠠᠷᠭᠠᠵᠤ ᠬᠤᠪᠢᠯᠠᠢ ᠳᠤ ᠲᠤᠰᠯᠠᠬᠤ ᠶᠢ ᠵᠥᠪᠰᠢᠶᠡᠷᠡᠴᠡᠢ᠃ ᠴᠤᠬᠤᠮ ᠢᠩᠭᠢᠵᠦ ᠨᠣᠮᠣᠬᠠᠨ ᠪᠣᠭᠣᠨᠢ ᠬᠤᠭᠤᠴᠠᠭᠠᠨ ᠳᠤ ᠪᠤᠰᠤᠳ ᠤᠯᠤᠰ ᠤᠨ ᠬᠦᠴᠦ ᠶᠢ ᠬᠠᠶᠢᠳᠤᠭ ᠤᠨ ᠡᠰᠡᠷᠬᠦ ᠴᠢᠭᠯᠡᠭᠦᠯᠵᠦ ᠴᠢᠳᠠᠭᠰᠠᠨ ᠪᠣᠯᠪᠠᠴᠤ ᠲᠡᠷᠡ ᠨᠢ ᠪᠠᠲᠤ ᠪᠡᠬᠢ ᠪᠢᠰᠢ ᠪᠠᠶᠢᠴᠠᠢ᠃ 1276 ᠣᠨ ᠳᠤ ᠬᠤᠪᠢᠯᠠᠢ ᠶᠢᠨ ᠡᠰᠡᠷᠬᠦ ᠶᠠᠪᠤᠭᠤᠯᠤᠭᠰᠠᠨ ᠲᠡᠮᠡᠴᠡᠯ ᠳᠦ ᠮᠥᠩᠬᠡ ᠬᠠᠭᠠᠨ ᠤ ᠬᠥᠪᠡᠭᠦᠨ ᠰᠢᠷᠵᠢ᠂ ᠠᠷᠢᠭ-ᠪᠥᠬᠡ ᠶᠢᠨ ᠬᠥᠪᠡᠭᠦᠨ ᠮᠢᠩᠭᠡᠯ-ᠲᠡᠮᠦᠷ᠂ ᠶᠠᠭᠤᠮᠠᠬᠣᠷ ᠨᠠᠷ ᠢᠳᠡᠪᠬᠢ ᠲᠡᠢ ᠣᠷᠣᠯᠴᠠᠭᠰᠠᠨ ᠪᠠᠶᠢᠨ᠎ᠠ᠃ ᠬᠤᠪᠢᠯᠠᠢ ᠡᠮᠦᠨᠡᠲᠦ ᠬᠢᠲᠠᠳ ᠢ ᠳᠠᠶᠢᠯᠠᠷ᠎ᠠ ᠶᠠᠪᠤᠭᠤᠯᠤᠭᠰᠠᠨ ᠴᠡᠷᠢᠭ ᠦᠨ ᠭᠣᠣᠯ ᠬᠦᠴᠦ ᠶᠢ ᠲᠠᠲᠠᠨ ᠠᠪᠴᠢᠷᠠᠵᠤ ᠡᠰᠡᠷᠭᠦᠴᠡᠨ ᠪᠣᠰᠤᠭᠰᠠᠨ ᠨᠣᠶᠠᠳ ᠢ ᠳᠠᠷᠤᠬᠤ ᠠᠷᠭ᠎ᠠ ᠬᠡᠮᠵᠢᠶ᠎ᠡ ᠶᠢ ᠶᠠᠭᠠᠷᠠᠯᠲᠠᠢ ᠠᠪᠤᠭᠰᠠᠨ ᠪᠠᠶᠢᠨ᠎ᠠ᠃ 1283 ᠣᠨ ᠬᠦᠷᠲᠡᠯ᠎ᠡ ᠦᠷᠭᠦᠯᠵᠢᠯᠡᠭᠰᠡᠨ ᠰᠢᠷᠦᠭᠦᠨ ᠪᠠᠶᠢᠯᠳᠤᠭᠠᠨ ᠤ ᠡᠴᠦᠰ ᠲᠦ ᠬᠤᠪᠢᠯᠠᠢ ᠶᠢᠨ ᠡᠰᠡᠷᠬᠦ ᠪᠣᠰᠤᠭᠰᠠᠨ ᠨᠣᠶᠠᠳ ᠬᠦᠴᠦ ᠮᠣᠬᠣᠵᠤ ᠪᠠᠭᠤᠵᠤ ᠥᠭᠭᠦᠭᠰᠡᠨ ᠪᠣᠯᠪᠠᠴᠤ ᠮᠣᠩᠭᠣᠯ ᠭᠦᠷᠦᠨ ᠦ ᠲᠠᠯ᠎ᠠ ᠨᠤᠲᠤᠭ ᠤᠨ ᠪᠠᠷᠠᠭᠤᠨ ᠬᠡᠰᠡᠭ ᠦᠨ ᠶᠡᠬᠡᠩᠬᠢ ᠶᠢ ᠡᠵᠡᠯᠡᠭᠰᠡᠨ ᠬᠠᠶᠢᠳᠤ ᠬᠤᠪᠢᠯᠠᠢ ᠶᠢᠨ ᠡᠰᠡᠷᠬᠦ ᠲᠡᠮᠡᠴᠡᠯ ᠢᠶᠡᠨ ᠴᠠᠰᠢ ᠦᠷᠭᠦᠯᠵᠢᠯᠡᠭᠦᠭᠰᠡᠨ ᠶᠤᠮ᠃ ᠬᠤᠪᠢᠯᠠᠢ ᠬᠠᠶᠢᠳᠤ ᠨᠠᠷ ᠤᠨ ᠵᠥᠷᠢᠴᠡᠯ ᠦᠨ ᠦᠨᠳᠦᠰᠦ ᠨᠢ ᠬᠤᠪᠢᠯᠠᠢ ᠬᠢᠲᠠᠳ ᠲᠤ ᠲᠥᠷᠥ ᠶᠢᠨ ᠲᠥᠪ ᠢ ᠰᠢᠯᠵᠢᠭᠦᠯᠦᠭᠰᠡᠨ᠂ ᠬᠠᠶᠢᠳᠤ ᠮᠣᠩᠭᠣᠯ ᠤᠨ ᠨᠡᠭᠦᠳᠡᠯ ᠦᠨ ᠤᠯᠠᠮᠵᠢᠯᠠᠯᠲᠤ ᠬᠡᠪ ᠶᠣᠰᠣ ᠪᠠᠨ ᠬᠠᠳᠠᠭᠠᠯᠠᠬᠤ ᠶᠢᠨ ᠲᠤᠯᠠᠳᠠ ᠬᠤᠪᠢᠯᠠᠢ ᠶᠢ ᠡᠰᠡᠷᠭᠦᠴᠡᠨ ᠲᠡᠮᠡᠴᠡᠭᠰᠡᠨ ᠨᠢ ᠤᠤᠯ ᠲᠡᠮᠡᠴᠡᠯ ᠦᠨ ᠨᠢᠭᠡᠨ ᠭᠣᠣᠯ ᠰᠢᠯᠲᠠᠭᠠᠨ ᠮᠥᠨ ᠪᠣᠯᠪᠠᠴᠤ 《ᠡᠭᠦᠨ ᠡᠴᠡ ᠥᠭᠡᠷ᠎ᠡ ᠢᠯᠡᠭᠦᠦ ᠴᠢᠬᠤᠯᠠ ᠰᠢᠯᠲᠠᠭᠠᠨ ᠪᠠᠶᠢᠭᠰᠠᠨ ᠢ ᠦᠭᠡᠶᠢᠰᠬᠡᠵᠦ ᠪᠣᠯᠬᠤ ᠦᠭᠡᠢ》. 《ᠶᠠᠭᠤᠨ ᠤ ᠤᠷᠢᠳᠠ ᠬᠤᠪᠢᠯᠠᠢ ᠲᠥᠪ ᠠᠽᠢᠶ᠎ᠠ ᠶᠢ ᠥᠪᠡᠷ ᠦᠨ ᠭᠦᠷᠦᠨ ᠳᠦ ᠪᠠᠭᠲᠠᠭᠠᠨ ᠣᠷᠣᠭᠤᠯᠬᠤ ᠶᠢ ᠴᠢᠬᠤᠯᠠᠴᠢᠯᠠᠵᠤ ᠪᠠᠶᠢᠭᠰᠠᠨ ᠢ ᠳᠤᠷᠢᠳᠠᠬᠤ ᠨᠢ ᠴᠢᠬᠤᠯᠠ᠃ ᠬᠤᠪᠢᠯᠠᠢ ᠲᠥᠪ ᠠᠽᠢ ᠪᠠᠷ ᠳᠠᠮᠵᠢᠨ ᠥᠷᠥᠨ᠎ᠡ ᠵᠦᠭ ᠠᠰᠤᠷᠤ ᠶᠡᠬᠡ ᠬᠤᠳᠠᠯᠳᠤᠭᠠᠨ ᠤ ᠵᠠᠮ ᠢ ᠨᠡᠭᠡᠭᠡᠬᠦ ᠪᠣᠳᠣᠯ ᠲᠠᠢ ᠪᠠᠶᠢᠭᠰᠠᠨ᠃ ᠭᠡᠲᠡᠯ᠎ᠡ ᠬᠠᠶᠢᠳᠤᠭ ᠤᠨ ᠡᠰᠡᠷᠭᠦᠴᠡᠯ ᠡᠴᠡ ᠪᠣᠯᠵᠤ ᠡᠨᠡ ᠪᠣᠳᠣᠯᠭ᠎ᠠ ᠲᠥᠯᠥᠪᠯᠡᠭᠡ ᠪᠡᠶᠡᠯᠡᠭᠳᠡᠬᠦ ᠦᠭᠡᠢ ᠪᠣᠯᠤᠭᠰᠠᠨ ᠪᠠᠶᠢᠨ᠎ᠠ᠃ ᠲᠥᠪ ᠠᠽᠢᠶ᠎ᠠ ᠬᠠᠶᠢᠳᠤᠭ ᠤᠨ ᠭᠠᠷ ᠲᠤ ᠪᠠᠶᠢᠬᠤ ᠨᠢ ᠬᠤᠪᠢᠯᠠᠢ ᠳᠤ ᠠᠰᠢᠭ ᠦᠭᠡᠢ ᠪᠣᠯᠪᠠᠴᠤ ᠡᠨᠡ ᠪᠣᠯ ᠪᠠᠭ᠎ᠠ ᠬᠡᠷᠡᠭ᠃ ᠬᠡᠷᠪᠡ ᠮᠣᠩᠭᠣᠯ ᠣᠷᠣᠨ ᠲᠡᠷᠡ ᠠᠶᠠᠷ ᠢᠶᠠᠨ ᠬᠠᠶᠢᠳᠤᠭ ᠤᠨ ᠭᠠᠷ ᠲᠤ ᠣᠷᠣᠪᠠᠯ ᠬᠤᠪᠢᠯᠠᠢ ᠳᠤ ᠬᠡᠮᠵᠢᠶᠡᠯᠡᠵᠦ ᠪᠠᠷᠠᠰᠢ ᠦᠭᠡᠢ ᠠᠶᠤᠯ ᠬᠣᠬᠢᠷᠠᠯ ᠭᠠᠷᠬᠤ ᠨᠢ ᠲᠠᠭᠠᠵᠤ ᠴᠥᠬᠥᠷᠡᠮᠡᠷ ᠦᠭᠡᠢ ᠵᠦᠢᠯ ᠪᠠᠶᠢᠪᠠ᠃ ᠬᠡᠷᠪᠡ ᠬᠠᠶᠢᠳᠤ ᠮᠣᠩᠭᠣᠯ ᠣᠷᠣᠨ ᠢ ᠡᠵᠡᠯᠡᠨ ᠠᠪᠠᠪᠠᠯ ᠬᠤᠪᠢᠯᠠᠢ ᠡᠬᠡ ᠨᠤᠲᠤᠭ ᠠᠴᠠ ᠪᠠᠨ ᠰᠠᠯᠵᠤ ᠵᠥᠪᠬᠡᠨ ᠬᠢᠲᠠᠳ ᠢ ᠵᠠᠬᠢᠷᠬᠤ ᠲᠡᠳᠦᠢ ᠪᠡᠷ ᠦᠯᠦ ᠪᠠᠷᠠᠮ ᠥᠴᠢᠨᠡᠨ ᠣᠯᠠᠨ ᠵᠢᠯ ᠦᠢᠯᠡ ᠲᠠᠮᠤ ᠪᠠᠨ ᠡᠳ᠋ᠯᠡᠵᠦ ᠪᠠᠶᠢᠵᠤ ᠡᠵᠡᠯᠡᠨ ᠠᠪᠤᠭᠰᠠᠨ ᠬᠢᠲᠠᠳ ᠢ ᠠᠯᠠᠳᠠᠬᠤ ᠳᠤ ᠬᠦᠷᠭᠡᠬᠦ ᠨᠢ ᠶᠠᠮᠠᠷᠴᠤ ᠮᠠᠷᠭᠤᠭᠠᠨ ᠦᠭᠡᠢ ᠪᠠᠶᠢᠪᠠ᠃ᠡᠴᠦᠰ ᠦᠨ ᠪᠦᠯᠦᠭ ᠲᠦ ᠬᠤᠪᠢᠯᠠᠢ ᠲᠣᠭᠠᠨᠲᠡᠮᠦᠷ ᠬᠠᠭᠠᠨ ᠰᠢᠭ ᠬᠥᠭᠡᠭᠡᠭᠳᠡᠨ ᠭᠠᠷᠬᠤ ᠨᠢ ᠭᠠᠷᠴᠠᠭ᠎ᠠ ᠦᠭᠡᠢ ᠪᠠᠶᠢᠪᠠ᠃ ᠡᠨᠡ ᠪᠣᠯ ᠵᠥᠪᠬᠡᠨ ᠬᠢᠲᠠᠳ ᠲᠤ ᠮᠣᠩᠭᠣᠯ ᠤᠨ ᠨᠣᠶᠠᠷᠬᠠᠯ ᠤᠨᠠᠵᠤ ᠪᠠᠶᠢᠭ᠎ᠠ ᠬᠡᠷᠡᠭ ᠲᠡᠳᠦᠢ ᠪᠢᠰᠢ ᠴᠢᠩᠭᠢᠰ ᠦᠨ ᠡᠭᠦᠰᠬᠡᠨ ᠪᠠᠶᠢᠭᠤᠯᠤᠭᠰᠠᠨ ᠮᠣᠩᠭᠣᠯ ᠶᠡᠬᠡ ᠭᠦᠷᠦᠨ ᠪᠦᠷᠢᠮᠦᠰᠦᠨ ᠪᠠᠯᠠᠷᠠᠨ ᠮᠥᠬᠦᠨ᠎ᠡ ᠬᠡᠮᠡᠭᠰᠡᠨ ᠬᠡᠷᠡᠭ ᠪᠠᠶᠢᠪᠠ》 ᠭᠡᠵᠦ ᠠᠺᠠᠳᠧᠮᠢᠴᠢ ᠱ᠃ᠨᠠᠴᠤᠭᠳᠣᠷᠵᠢ ᠳ᠋ᠦᠩᠨᠡᠭᠰᠡᠨ ᠪᠠᠶᠢᠨ᠎ᠠ᠃ [ᠨᠠᠴᠤᠭᠳᠣᠷᠵᠢ᠃1998:41-42].

ᠡᠷᠭᠢᠨ᠎ᠡ ᠬᠠᠲᠤᠨ ᠴᠠᠭᠠᠳᠠᠢ ᠶᠢᠨ ᠤᠯᠤᠰ ᠤᠨ ᠨᠣᠶᠠᠳ ᠲᠦᠰᠢᠮᠡᠳ ᠦᠨ ᠳᠡᠮᠵᠢᠯᠭᠡ ᠪᠡᠷ ᠥᠪᠡᠷ ᠦᠨ ᠬᠦᠦ ᠮᠤᠪᠠᠷᠧᠺ ᠱᠠᠭ ᠢ ᠬᠠᠭᠠᠨ ᠰᠢᠷᠡᠭᠡᠨ ᠳᠦ ᠡᠷᠭᠦᠮᠵᠢᠯᠡᠵᠡᠢ᠃ ᠭᠡᠪᠡᠴᠦ ᠴᠠᠭᠠᠳᠠᠢ ᠶᠢᠨ ᠤᠯᠤᠰ ᠤᠨ ᠰᠢᠨ᠎ᠡ ᠡᠵᠡᠨ ᠢ ᠬᠤᠪᠢᠯᠠᠢ ᠬᠠᠭᠠᠨ ᠦᠯᠦ ᠵᠥᠪᠰᠢᠶᠡᠷᠡᠴᠢ ᠶᠢᠰᠦᠨᠳᠤᠪᠠᠭ ᠤᠨ ᠬᠦᠦ ᠪᠣᠷᠠᠺ ᠢ ᠮᠤᠪᠠᠷᠧᠺ ᠰᠢᠬ᠎ᠠ ᠲᠠᠢ ᠬᠠᠮᠲᠤᠷᠠᠨ ᠲᠥᠷᠥ ᠪᠠᠷᠢᠵᠤ ᠬᠠᠶᠢᠳᠤ ᠨᠣᠶᠠᠨ ᠢ ᠳᠠᠷᠤᠵᠤ ᠭᠠᠵᠠᠷ ᠨᠤᠲᠤᠭᠡᠢ ᠨᠢ ᠡᠷᠬᠡᠨ ᠳᠦ ᠪᠡᠨ ᠣᠷᠣᠭᠤᠯᠬᠤ ᠶᠢ ᠵᠠᠷᠯᠢᠭᠳᠠᠨ ᠨᠤᠲᠤᠭ ᠤᠷᠤᠭᠤ ᠨᠢ ᠢᠯᠡᠭᠡᠪᠡ᠃ ᠪᠣᠷᠠᠺ ᠨᠢ ᠬᠤᠪᠢᠯᠠᠢ ᠬᠠᠭᠠᠨ ᠤ ᠳᠡᠷᠭᠡᠳᠡ ᠣᠯᠠᠨ ᠵᠢᠯ ᠠᠯᠪᠠ ᠬᠠᠭᠠᠵᠤ᠂ ᠬᠠᠭᠠᠨ ᠤ ᠢᠲᠡᠭᠡᠯ ᠢ ᠣᠯᠤᠭᠰᠠᠨ ᠬᠦᠮᠦᠨ ᠪᠠᠶᠢᠯ᠎ᠠ᠃ ᠡᠨᠡ ᠦᠶ᠎ᠡ ᠳᠦ ᠬᠠᠶᠢᠳᠤ ᠡᠮᠢᠯ ᠭᠣᠣᠯ ᠤᠨ ᠡᠷᠭᠢ ᠳᠠᠭᠠᠤ ᠭᠠᠵᠠᠷ ᠢ ᠡᠵᠡᠯᠡᠨ ᠡᠷᠬᠡᠰᠢᠶᠡᠯ ᠢᠶᠡᠨ ᠳᠣᠷᠣᠨᠠᠲᠤ ᠲᠦᠺᠧᠰᠲᠠᠨ ᠬᠦᠷᠲᠡᠯ᠎ᠡ ᠲᠡᠯᠡᠵᠡᠢ᠃ ᠤᠶᠢᠭᠤᠷ ᠤᠨ ᠨᠤᠲᠤᠭ ᠬᠠᠶᠢᠳᠤ᠂ ᠬᠤᠪᠢᠯᠠᠢ ᠬᠣᠶᠠᠷ ᠤᠨ ᠬᠣᠭᠣᠷᠣᠨᠳᠣ ᠶᠢᠨ ᠵᠢᠭᠢᠷᠢᠭ᠌ ᠭᠠᠵᠠᠷ ᠪᠣᠯᠤᠨ ᠬᠤᠪᠢᠷᠠᠵᠠᠢ᠃ᠬᠤᠪᠢᠯᠠᠢ ᠶᠢᠨ ᠲᠠᠯ᠎ᠠ ᠳᠤ ᠣᠷᠣᠭᠰᠠᠨ ᠤᠶᠢᠭᠤᠷ ᠤᠳ ᠬᠠᠶᠢᠳᠤ ᠨᠣᠶᠠᠨ ᠤ ᠡᠪᠰᠡᠯᠳᠦ ᠣᠷᠣᠭᠰᠠᠨ ᠴᠠᠭᠠᠳᠠᠢ ᠶᠢᠨ ᠤᠯᠤᠰ ᠤᠨ ᠴᠡᠷᠢᠭ ᠲᠦ ᠣᠯᠢᠭᠲᠠᠢ ᠡᠰᠡᠷᠭᠦᠴᠡᠯ ᠦᠵᠡᠭᠦᠯᠵᠦ ᠴᠢᠳᠠᠯ ᠦᠭᠡᠢ ᠪᠢᠰᠢᠪᠠᠯ ᠢᠺ ᠬᠣᠲᠠ ᠪᠠᠨ ᠣᠷᠬᠢᠨ ᠵᠠᠶᠢᠯᠤᠬ᠎ᠠ ᠠᠴᠠ ᠥᠭᠡᠷ᠎ᠡ ᠠᠷᠭ᠎ᠠ ᠣᠯᠤᠭᠰᠠᠨ ᠦᠭᠡᠢ᠃ ᠤᠶᠢᠭᠤᠷ ᠤᠨ ᠢᠳᠢᠺᠦᠶᠢᠭᠤᠲᠤ ᠨᠤᠭᠤᠳ ᠠᠷᠠᠳ ᠢᠷᠭᠡᠳ ᠢᠶᠡᠨ ᠳᠠᠭᠠᠭᠤᠯᠤᠭᠠᠳ ᠡᠬᠢᠯᠡᠭᠡᠳ ᠬᠠᠮᠢᠳ ᠨᠡᠭᠦᠨ ᠣᠴᠢᠭᠠᠳ ᠳᠠᠷᠠᠭ᠎ᠠ ᠪᠠᠷ ᠨᠢ ᠪᠠᠷᠤᠭᠴᠠᠭᠠᠯᠠᠪᠠᠯ 1283-1284 ᠣᠨ ᠳᠤ 400 ᠵᠢᠯ ᠦᠨ ᠲᠤᠷᠰᠢ ᠣᠷᠣᠰᠢᠨ ᠰᠠᠭᠤᠭᠰᠠᠨ ᠭᠠᠵᠠᠷ ᠣᠷᠣᠨ ᠢᠶᠠᠨ ᠣᠷᠬᠢᠵᠤ ᠭᠠᠨᠢᠰᠤᠳ ᠵᠢᠭᠤᠲᠠᠭᠠᠨ ᠣᠴᠢᠵᠤ᠂ ᠡᠴᠡᠵᠦ ᠶᠠᠳᠠᠷᠴᠢ ᠬᠦᠰᠦᠭᠦᠴᠢᠯᠡᠨ ᠶᠠᠪᠤᠭᠰᠠᠨ ᠨᠢ ᠶᠤᠸᠠᠨ ᠤᠯᠤᠰ ᠤᠨ ᠬᠠᠭᠠᠨ ᠤ ᠠᠪᠤᠷᠠᠯ ᠥᠷᠥᠰᠢᠶᠡᠯ ᠢᠶᠡᠷ ᠡᠴᠦᠰ ᠪᠣᠯᠵᠤ᠂ ᠶᠦᠩᠴᠢᠨᠳᠠ ᠠᠮᠢᠳᠤᠷᠠᠬᠤ ᠪᠣᠯᠵᠠᠢ᠃ ᠡᠶᠢᠨᠬᠦᠦ ᠤᠶᠢᠭᠤᠷ ᠤᠨ ᠭᠠᠵᠠᠷ ᠨᠤᠲᠤᠭ ᠴᠠᠭᠠᠳᠠᠢ ᠶᠢᠨ ᠤᠯᠤᠰ ᠤᠨ ᠪᠦᠷᠢᠯᠳᠦᠬᠦᠨ ᠳᠦ ᠤᠷᠤᠪᠠ᠃ ᠲᠦᠷᠹᠠᠨ᠂ ᠬᠠᠮ ᠤᠨ ᠨᠣᠭᠣᠭᠠᠨ ᠲᠠᠯ᠎ᠠ ᠳᠤ ᠪᠠᠨ ᠦᠯᠡᠳᠡᠭᠰᠡᠨ ᠵᠠᠷᠢᠮ ᠤᠶᠢᠭᠤᠷ ᠬᠡᠰᠡᠭ ᠬᠤᠭᠤᠴᠠᠭᠠᠨ ᠳᠤ ᠶᠤᠸᠠᠨ ᠤᠯᠤᠰ ᠪᠠ ᠴᠠᠭᠠᠳᠠᠢ ᠶᠢᠨ ᠤᠯᠤᠰ ᠤᠨ ᠬᠣᠭᠣᠷᠣᠨᠳᠣ ᠲᠠᠯ᠎ᠠ ᠵᠠᠰᠠᠬᠤ ᠠᠷᠭ᠎ᠠ ᠪᠠᠷ ᠲᠤᠰᠠᠭᠠᠷ ᠲᠣᠭᠲᠠᠨᠢᠯ ᠢᠶᠠᠨ ᠨᠡᠯᠢᠶᠡᠳ ᠬᠠᠮᠠᠭᠠᠯᠠᠵᠤ ᠪᠠᠶᠢᠴᠠᠢ᠃ 1369 ᠣᠨ ᠳᠤ ᠲᠡᠳᠡᠭᠡᠷ ᠢ ᠴᠠᠭᠠᠳᠠᠢ ᠶᠢᠨ ᠤᠯᠤᠰ ᠤᠨ ᠬᠠᠭᠠᠨ ᠬᠢᠰᠷ-ᠬᠤᠳᠵᠠ ᠡᠵᠡᠯᠡᠨ ᠠᠪᠴᠠᠢ᠃ ᠴᠠᠭᠠᠳᠠᠢ ᠶᠢᠨ ᠤᠯᠤᠰ ᠲᠤ ᠣᠴᠢᠭᠠᠳ ᠪᠣᠷᠠᠺ ᠪᠠᠶᠢᠳᠠᠯ ᠢ ᠠᠵᠢᠪᠠᠯ ᠮᠤᠪᠠᠷᠧᠺ ᠰᠢᠬ᠎ᠠ ᠶᠢᠨ ᠪᠠᠶᠢᠷᠢ ᠰᠠᠭᠤᠷᠢ ᠨᠡᠯᠢᠶᠡᠳ ᠪᠡᠬᠢ ᠪᠠᠲᠤ ᠪᠣᠯᠬᠤ ᠶᠢ ᠣᠯᠵᠤ ᠬᠠᠷᠠᠵᠠᠢ᠃ ᠡᠶᠢᠮᠦ ᠳᠦ ᠲᠡᠷᠡᠪᠡᠷ ᠮᠤᠪᠠᠷᠧᠺ ᠰᠢᠬ᠎ᠠ ᠲᠠᠢ ᠡᠶ᠎ᠡ ᠪᠡᠷ ᠦᠵᠡᠬᠦ ᠶᠢ ᠰᠢᠢᠳᠴᠦ ᠬᠦᠮᠦᠨ ᠠᠷᠤ ᠳᠠᠭᠠᠨ ᠴᠤᠭᠯᠠᠭᠤᠯᠵᠤ ᠡᠴᠢᠭᠡ ᠡᠪᠦᠭᠡ ᠶᠢᠨ ᠢᠶᠡᠨ ᠡᠵᠡᠮᠰᠢᠯ ᠨᠤᠲᠤᠭ ᠲᠤ ᠣᠴᠢᠵᠤ ᠠᠮᠢᠳᠤᠷᠠᠬᠤ ᠬᠦᠰᠡᠯ ᠲᠡᠢ ᠪᠠᠶᠢᠭ᠎ᠠ ᠪᠠᠨ ᠢᠯᠡᠷᠬᠡᠶᠢᠯᠡᠵᠡᠢ᠃ ᠡᠴᠢᠭᠡ ᠶᠢᠰᠦᠨᠳᠤᠪᠠᠭ ᠤᠨ ᠡᠵᠡᠮᠰᠢᠯ ᠨᠤᠲᠤᠭ ᠨᠢ ᠴᠢᠩᠨᠢᠶᠠᠨ ᠳᠤ ᠪᠠᠶᠢᠭᠰᠠᠨ ᠲᠤᠯᠠ ᠮᠤᠪᠠᠷᠧᠺ ᠰᠢᠬ᠎ᠠ ᠬᠦᠰᠡᠯᠲᠡ ᠶᠢ ᠶᠣᠰᠣᠭᠠᠷ ᠪᠣᠯᠭᠠᠪᠠ᠃ ᠮᠤᠮᠢᠨ᠂ ᠪᠠᠰᠠᠷ ᠬᠡᠮᠡᠬᠦ ᠬᠣᠶᠠᠷ ᠠᠬ᠎ᠠ ᠨᠠᠷ ᠲᠠᠢ ᠪᠠᠨ ᠪᠣᠷᠠᠺ ᠴᠢᠩᠨᠢᠶᠠᠨ ᠳᠤ ᠣᠴᠢᠵᠤ ᠰᠠᠭᠤᠷᠢᠰᠢᠵᠤ ᠠᠭᠠᠵᠢᠮ ᠢᠶᠠᠷ ᠴᠠᠭᠠᠳᠠᠢ ᠶᠢᠨ ᠤᠯᠤᠰ ᠤᠨ ᠨᠣᠶᠠᠳ ᠲᠦᠰᠢᠮᠡᠳ ᠦᠨ ᠶᠡᠬᠡᠩᠬᠢ ᠶᠢ ᠥᠪᠡᠷᠲᠡᠭᠡᠨ ᠤᠷᠪᠠᠭᠤᠯᠤᠨ ᠲᠠᠲᠠᠵᠤ ᠴᠢᠳᠠᠵᠠᠢ᠃ ᠤᠯᠠᠮ ᠢᠶᠠᠷ ᠮᠠᠤᠧᠷᠠᠨᠠᠬᠤᠷ ᠢ ᠭᠠᠷ ᠲᠤ ᠪᠠᠨ ᠣᠷᠣᠭᠤᠯᠵᠤ 1264 ᠣᠨ ᠤ 10 ᠍ ᠳᠦᠭᠡᠷ ᠰᠠᠷ᠎ᠠ ᠳᠤ ᠴᠠᠭᠠᠳᠠᠢ ᠶᠢᠨ ᠤᠯᠤᠰ ᠤᠨ ᠬᠠᠭᠠᠨ ᠰᠢᠷᠡᠭᠡᠨ ᠳᠦ ᠰᠠᠭᠤᠴᠠᠢ᠃

ᠷᠠᠰᠢ ᠳᠤ ᠠᠳᠠ-ᠳᠢᠨ ᠤ ᠲᠡᠮᠳᠡᠭᠯᠡᠭᠰᠡᠨ ᠢᠶᠡᠷ ᠮᠤᠪᠠᠷᠧᠺ ᠰᠢᠬ᠎ᠠ ᠶᠢ ᠪᠣᠷᠠᠺ ᠥᠪᠡᠷ ᠦᠨ ᠪᠠᠷᠰᠴᠢᠨ ᠪᠤᠶᠤ ᠠᠨ ᠠᠪᠠ ᠶᠢᠨ ᠠᠵᠢᠯ ᠡᠷᠬᠢᠯᠡᠭᠰᠡᠨ ᠨᠣᠶᠠᠨ ᠪᠣᠯᠭᠠᠵᠠᠢ᠃ [ᠷᠠᠰᠢ ᠳᠤ ᠠᠳᠠ ᠳ᠋ᠢᠩ ᠲ᠃ II: 98].ᠡᠶᠢᠨᠬᠦᠦ ᠪᠣᠷᠠᠺ ᠴᠠᠭᠠᠳᠠᠢ ᠶᠢᠨ ᠤᠯᠤᠰ ᠤᠨ ᠬᠠᠭᠠᠨ ᠰᠢᠷᠡᠭᠡ ᠶᠢ ᠡᠵᠡᠯᠡᠨ ᠠᠪᠴᠠᠢ᠃ ᠴᠠᠭᠠᠳᠠᠢ ᠶᠢᠨ ᠤᠯᠤᠰ ᠨᠢ ᠬᠠᠶᠢᠳᠤᠭ ᠤᠨ ᠡᠵᠡᠮᠰᠢᠯ ᠭᠠᠵᠠᠷ ᠲᠠᠢ ᠬᠢᠯᠢᠯᠡᠵᠦ ᠪᠠᠶᠢᠪᠠ᠃ ᠡᠨᠡ ᠦᠶ᠎ᠡ ᠳᠦ ᠡᠵᠡᠨᠲᠦ ᠭᠦᠷᠦᠨ ᠦ ᠬᠤᠪᠢ ᠤᠯᠤᠰ ᠤᠳ ᠤᠨ ᠬᠣᠭᠣᠷᠣᠨᠳᠣ ᠶᠢᠨ ᠬᠢᠯᠢ ᠬᠢᠵᠠᠭᠠᠷ ᠨᠠᠷᠢᠨ ᠲᠣᠭᠲᠠᠭᠠᠭᠳᠠᠭ᠎ᠠ ᠦᠭᠡᠢ ᠪᠠᠶᠢᠭᠰᠠᠨ ᠤᠴᠢᠷ ᠪᠣᠷᠠᠺ ᠬᠠᠶᠢᠳᠤ ᠬᠣᠶᠠᠷ ᠭᠠᠵᠠᠷ ᠨᠤᠲᠤᠭ ᠤᠨ ᠮᠠᠷᠭᠤᠭᠠᠨ ᠠᠴᠠ ᠬᠡᠳᠦ ᠬᠡᠳᠦᠨ ᠤᠳᠠᠭ᠎ᠠ ᠲᠤᠯᠤᠯᠳᠤᠵᠠᠢ᠃ ᠭᠡᠪᠡᠴᠦ ᠪᠣᠷᠠᠺ ᠳᠠᠩ ᠭᠠᠭᠴᠠ ᠥᠪᠡᠷ ᠦᠨ ᠬᠦᠴᠦ ᠪᠡᠷ ᠬᠠᠶᠢᠳᠤᠭ ᠴᠣᠬᠢᠵᠤ ᠴᠢᠳᠠᠬᠤ ᠦᠭᠡᠢ ᠭᠡᠳᠡᠭ ᠢᠶᠡᠨ ᠮᠡᠳᠡᠭᠡᠳ ᠲᠡᠭᠦᠨ ᠲᠡᠢ ᠡᠪᠯᠡᠷᠡᠬᠢ ᠪᠡᠷ ᠰᠢᠢᠳᠪᠡ᠃ ᠢᠩᠭᠢᠭᠡᠳ ᠪᠣᠷᠠᠺ ᠬᠠᠶᠢᠳᠤ ᠲᠠᠢ ᠬᠢᠯᠢ ᠶᠢᠨ ᠮᠠᠷᠭᠤᠭᠠᠨ ᠢᠶᠠᠨ ᠡᠪ ᠳᠦᠢ ᠪᠡᠷ ᠰᠢᠢᠳᠴᠦ ᠡᠨᠡ ᠠᠰᠠᠭᠤᠳᠠᠯ ᠢᠶᠠᠷ ᠳᠠᠬᠢᠨ ᠡᠪᠳᠡᠷᠡᠯᠴᠡᠬᠦ ᠦᠭᠡᠢ ᠭᠡᠵᠦ ᠠᠨᠳᠠᠭᠠᠢ ᠲᠠᠩᠭᠠᠷᠢᠭ ᠲᠠᠯᠪᠢᠭᠰᠠᠨ ᠪᠠᠶᠢᠨ᠎ᠠ᠃ ᠬᠡᠷᠡᠭ ᠦᠨ ᠶᠠᠪᠤᠴᠠ ᠪᠠᠷ ᠪᠣᠷᠠᠺ ᠬᠦᠴᠦ ᠪᠡᠨ ᠨᠡᠮᠡᠭᠳᠡᠭᠦᠯᠵᠦ ᠬᠤᠪᠢᠯᠠᠢ ᠶᠢᠨ ᠳᠠᠭᠠᠭᠠᠯᠭᠠᠪᠤᠷᠢ ᠶᠢ ᠤᠮᠠᠷᠲᠠᠨ ᠡᠵᠡᠮᠰᠢᠯ ᠨᠤᠲᠤᠭ ᠢᠶᠠᠨ ᠦᠷᠭᠡᠳᠭᠡᠬᠦ ᠡᠭᠦᠳᠡᠨ ᠡᠴᠡ ᠲᠡᠭᠦᠨ ᠡᠴᠡ ᠤᠷᠪᠠᠬᠤ ᠪᠠᠷ ᠰᠢᠢᠳᠪᠡ᠃

ᠶᠠᠭᠤᠨ ᠤ ᠡᠮᠦᠨ᠎ᠡ ᠪᠣᠷᠠᠺ ᠳᠣᠷᠣᠨᠠᠲᠤ ᠲᠦᠺᠧᠰᠲᠠᠨ ᠳᠠᠬᠢ ᠶᠡᠬᠡ ᠬᠠᠭᠠᠨ ᠤ ᠮᠡᠳᠡᠯ ᠦᠨ ᠬᠣᠲᠠᠨ ᠢ ᠲᠣᠨᠣᠨ ᠳᠡᠭᠡᠷᠡᠮᠳᠡᠵᠦ ᠶᠡᠬᠡ ᠣᠯᠵᠠ ᠠᠪᠤᠭᠰᠠᠨ ᠲᠡᠳᠦᠢ ᠦᠭᠡᠢ ᠬᠤᠪᠢᠯᠠᠢ ᠬᠠᠭᠠᠨ ᠤ ᠲᠣᠮᠢᠯᠠᠭᠰᠠᠨ ᠲᠦᠺᠧᠰᠲᠠᠨ ᠤ ᠵᠠᠬᠢᠷᠤᠭᠴᠢ ᠮᠤᠭᠤᠯ ᠲᠠᠢ ᠨᠣᠶᠠᠨ ᠢ ᠬᠢᠲᠠᠳ ᠷᠤ ᠬᠥᠭᠡᠭᠡᠵᠦ ᠶᠠᠪᠤᠭᠤᠯᠤᠭᠰᠠᠨ ᠪᠠᠶᠢᠨ᠎ᠠ᠃ ᠪᠣᠷᠠᠺ ᠤᠨ ᠵᠥᠪ ᠲᠣᠭᠠᠴᠠᠭᠠᠯᠠᠭᠰᠠᠨ ᠢᠶᠠᠷ ᠵᠡᠭᠦᠨ᠂ ᠵᠡᠭᠦᠨ ᠡᠮᠦᠨᠡᠲᠦ ᠠᠽᠢᠶ᠎ᠠ ᠳᠤ ᠪᠠᠶᠢᠯᠳᠤᠨ ᠳᠠᠭᠠᠭᠤᠯᠤᠯ ᠬᠢᠵᠦ ᠪᠠᠶᠢᠭᠰᠠᠨ ᠬᠤᠪᠢᠯᠠᠢ ᠬᠠᠭᠠᠨ ᠲᠡᠭᠦᠨ ᠦ ᠡᠰᠡᠷᠬᠦ ᠶᠡᠬᠡ ᠴᠡᠷᠢᠭ ᠢᠶᠡᠨ ᠢᠯᠡᠭᠡᠵᠦ ᠴᠢᠳᠠᠬᠤ ᠦᠭᠡᠢ ᠪᠠᠶᠢᠭᠰᠠᠨ ᠪᠥᠭᠡᠳ ᠵᠥᠪᠬᠡᠨ ᠴᠥᠭᠡᠨ ᠲᠣᠭᠠᠨ ᠤ ᠴᠡᠷᠢᠭ ᠢᠯᠡᠭᠡᠭᠰᠡᠨ ᠪᠣᠯᠪᠠᠴᠤ ᠠᠮᠵᠢᠯᠲᠠᠨ ᠳᠤ ᠲᠡᠳᠦᠶᠢᠯᠡᠨ ᠬᠦᠷᠡᠭᠰᠡᠨ ᠦᠭᠡᠢ᠃ ᠬᠤᠪᠢᠯᠠᠢ ᠶᠢᠨ ᠡᠰᠡᠷᠬᠦ ᠬᠢᠵᠦ ᠪᠠᠶᠢᠭᠰᠠᠨ ᠮᠣᠩᠭᠣᠯ ᠨᠣᠶᠠᠳ ᠤᠨ ᠲᠡᠮᠡᠴᠡᠯ ᠦᠨ ᠦᠷ᠎ᠡ ᠳ᠋ᠦᠩ ᠨᠢ ᠬᠠᠶᠢᠳᠤ ᠪᠣᠷᠠᠺ ᠨᠠᠷ ᠤᠨ ᠵᠣᠬᠢᠴᠠᠵᠤ ᠬᠦᠴᠦ ᠪᠡᠨ ᠨᠢᠭᠡᠳᠬᠡᠵᠦ ᠴᠢᠳᠠᠬᠤ ᠡᠰᠡᠬᠦ ᠡᠴᠡ ᠶᠡᠬᠡᠬᠡᠨ ᠬᠠᠮᠢᠶᠠᠷᠴᠢ ᠪᠠᠶᠢᠯ᠎ᠠ᠃ ᠡᠶᠢᠮᠦ ᠳᠦ ᠪᠣᠷᠠᠺ᠂ ᠬᠤᠪᠢᠯᠠᠢ ᠨᠠᠷ ᠤᠨ ᠵᠥᠷᠢᠴᠡᠯ ᠲᠡᠮᠡᠴᠡᠯ ᠢ ᠠᠰᠢᠭᠯᠠᠨ ᠡᠮᠦᠨ᠎ᠡ ᠴᠠᠭᠠᠳᠠᠢ ᠶᠢᠨ ᠤᠳᠤᠮ ᠤᠨ ᠬᠢᠨ ᠤ ᠮᠡᠳᠡᠯ ᠳᠦ ᠪᠠᠶᠢᠭᠰᠠᠨ ᠲᠠᠯ᠎ᠠ ᠠᠴᠠ ᠭᠣᠣᠯ ᠬᠦᠷᠲᠡᠯᠡᠬᠢ ᠨᠤᠲᠤᠭ ᠳᠡᠪᠢᠰᠬᠡᠷ ᠢ ᠬᠠᠶᠢᠳᠤ ᠡᠵᠡᠯᠡᠨ ᠠᠪᠴᠠᠢ᠃ ᠮᠠᠤᠧᠷᠠᠨᠠᠬᠠᠷ ᠢᠶᠠᠨ ᠬᠠᠮᠠᠭᠠᠯᠠᠬᠤ ᠶᠢᠨ ᠲᠤᠯᠠᠳᠠ ᠬᠠᠶᠢᠳᠤᠭ ᠤᠨ ᠡᠰᠡᠷᠬᠦ ᠬᠥᠳᠡᠯᠵᠦ ᠰ ᠤᠷ ᠳᠠᠷᠢᠶ᠎ᠠ ᠮᠥᠷᠡᠨ ᠦ ᠡᠷᠭᠢ ᠳᠡᠭᠡᠷ᠎ᠡ ᠪᠣᠯᠤᠭᠰᠠᠨ ᠠᠩᠬᠠᠨ ᠤ ᠲᠤᠯᠤᠯᠳᠤᠭᠠᠨ ᠳᠤ ᠪᠣᠷᠠᠺ ᠢᠯᠠᠨ ᠳᠡᠶᠢᠯᠵᠡᠢ᠃ ᠠᠯᠲᠠᠨ ᠣᠷᠳᠣᠨ ᠤ ᠤᠯᠤᠰ ᠤᠨ ᠬᠠᠭᠠᠨ ᠮᠥᠩᠬᠡᠲᠡᠮᠦᠷ ᠦᠨ ᠢᠯᠡᠭᠡᠭᠰᠡᠨ 50 ᠮᠢᠩᠭᠠᠨ ᠴᠡᠷᠢᠭ ᠦᠨ ᠳᠡᠮᠵᠢᠯᠭᠡ ᠲᠡᠢ ᠪᠡᠷ ᠬᠠᠶᠢᠳᠤ ᠬᠠᠷᠢᠭᠤ ᠴᠣᠬᠢᠯᠲᠠ ᠬᠢᠵᠦ ᠪᠣᠷᠠᠺ ᠤᠨ ᠴᠡᠷᠢᠭ ᠢ ᠪᠤᠲᠠ ᠴᠣᠬᠢᠵᠠᠢ᠃ ᠪᠣᠷᠠᠺ ᠮᠠᠰᠢ ᠬᠦᠨᠳᠦ ᠭᠠᠷᠤᠵᠠ ᠬᠣᠬᠢᠷᠠᠯ ᠠᠮᠰᠠᠭᠰᠠᠨ ᠲᠤᠯᠠ ᠴᠥᠬᠥᠷᠡᠩᠭᠡ ᠪᠠᠷᠠᠨ ᠪᠤᠬᠤᠷ ᠰᠠᠮᠠᠷᠺᠠᠨᠳ ᠬᠣᠲᠠ ᠶᠢᠨ ᠣᠷᠣᠰᠢᠨ ᠰᠠᠭᠤᠭᠴᠢᠳ ᠢ ᠬᠣᠲᠠ ᠠᠴᠠ ᠭᠠᠷᠭᠠᠵᠤ ᠥᠮᠴᠢ ᠬᠥᠷᠥᠩᠭᠡ ᠶᠢ ᠨᠢ ᠴᠡᠷᠢᠭ ᠢᠶᠡᠷ ᠲᠣᠨᠣᠨ ᠳᠡᠭᠡᠷᠡᠮᠳᠡᠭᠦᠯᠬᠦ ᠶᠢ ᠬᠦᠰᠡᠭᠰᠡᠨ ᠪᠠᠶᠢᠨ᠎ᠠ᠃ ᠭᠡᠪᠡᠴᠦ ᠬᠣᠲᠠ ᠶᠢᠨ ᠣᠷᠣᠰᠢᠨ ᠰᠠᠭᠤᠭᠴᠢᠳ ᠯᠠᠯᠤ ᠶᠢᠨ ᠱᠠᠰᠢᠨ ᠤ ᠥᠮᠥᠭᠡᠯᠡᠯ ᠳᠦ ᠣᠷᠣᠭᠰᠠᠨ ᠢᠶᠠᠷ ᠪᠣᠷᠠᠺ ᠳᠡᠭᠡᠷᠡᠬᠢ ᠵᠣᠷᠢᠯᠭ᠎ᠠ ᠠᠴᠠ ᠪᠠᠨ ᠨᠢᠴᠤᠵᠤ ᠬᠣᠲᠠ ᠶᠢᠨ ᠭᠠᠷ ᠤᠷᠠᠴᠢ ᠨᠤᠭᠤᠳ ᠲᠤ ᠳᠡᠶᠢᠯᠵᠦ ᠳᠠᠪᠠᠰᠢ ᠦᠭᠡᠢ ᠲᠠᠲᠠᠪᠤᠷᠢ ᠣᠨᠣᠭᠳᠠᠭᠤᠯᠵᠠᠢ᠃ ᠡᠭᠦᠨ ᠦ ᠤᠯᠠᠮ ᠠᠴᠠ ᠳᠠᠷᠬᠠᠴᠤᠤᠯ ᠡᠳᠦᠷ ᠱᠥᠨᠢ ᠦᠭᠡᠢ ᠵᠡᠪᠰᠡᠭ ᠬᠢᠬᠦ ᠪᠣᠯᠵᠠᠢ᠃ [ᠪᠠᠷᠲ᠋ᠣᠯᠢ ᠳᠤ᠂ ᠮᠥᠨ ᠲᠡᠨᠳᠡ]. ᠪᠣᠷᠠᠺ ᠢ ᠳᠠᠶᠢᠨ ᠤ ᠪᠡᠯᠡᠳᠬᠡᠯ ᠢᠶᠡᠨ ᠢᠳᠡ ᠪᠠᠵᠠᠭᠠᠵᠤ ᠪᠠᠶᠢᠬᠤ ᠲᠡᠷᠡ ᠦᠶ᠎ᠡ ᠳᠦ ᠬᠠᠶᠢᠳᠤ᠂ ᠥᠭᠡᠲᠡᠢ ᠬᠠᠭᠠᠨ ᠤ ᠬᠥᠪᠡᠭᠦᠨ ᠬᠠᠳᠠᠭᠠᠨ ᠤ ᠬᠥᠪᠡᠭᠦᠨ ᠺᠢᠫᠴᠠᠺ ᠢ ᠡᠯᠴᠢ ᠪᠡᠷ ᠢᠯᠡᠭᠡᠵᠦ ᠨᠠᠶᠢᠷᠠᠮᠳᠠᠬᠤ ᠶᠢ ᠬᠦᠰᠡᠭᠰᠡᠨ ᠪᠠᠶᠢᠨ᠎ᠠ᠃ ᠺᠢᠫᠴᠠᠺ ᠪᠣᠷᠠᠺ ᠲᠠᠢ ᠳᠣᠲᠣᠨᠣ ᠬᠠᠷᠢᠴᠠᠭ᠎ᠠ ᠲᠠᠢ ᠪᠠᠶᠢᠭᠰᠠᠨ ᠤᠴᠢᠷ ᠬᠣᠶᠠᠷ ᠡᠲᠡᠭᠡᠳ ᠦᠨ ᠳᠤᠮᠳᠠ ᠵᠠᠭᠤᠴᠢᠯᠠᠵᠤ ᠲᠡᠳᠡᠨ ᠢ ᠡᠪᠯᠡᠷᠡᠭᠦᠯᠦᠨ ᠨᠥᠬᠥᠷᠰᠡᠭ ᠬᠠᠷᠢᠯᠴᠠᠭ᠎ᠠ ᠲᠠᠢ ᠪᠣᠯᠭᠠᠵᠤ ᠴᠢᠳᠠᠵᠠᠢ᠃ ᠪᠣᠷᠠᠺ ᠺᠢᠫᠴᠠᠺ ᠢ ᠰᠠᠮᠠᠷᠺᠠᠨᠳ ᠬᠣᠲᠣᠩ ᠢᠶᠠᠨ ᠬᠦᠨᠳᠦᠳᠬᠡᠯᠲᠡᠢ ᠬᠦᠯᠢᠶᠡᠨ ᠠᠪᠴᠤ ᠮᠣᠩᠭᠣᠯ ᠵᠠᠩᠰᠢᠯ ᠢᠶᠠᠷ ᠨᠢᠭᠡ ᠨᠢᠭᠡᠨ ᠳᠦ ᠪᠡᠨ ᠬᠤᠨᠳᠠᠭ᠎ᠠ ᠪᠠᠷᠢᠵᠠᠢ᠃ ᠢᠩᠭᠢᠭᠡᠳ ᠤᠴᠢᠷ ᠵᠦᠢ ᠪᠡᠨ ᠣᠯᠤᠯᠴᠠᠵᠤ ᠳᠠᠷᠠᠭ᠎ᠠ ᠵᠢᠯ ᠬᠤᠷᠠᠯᠳᠠᠢ ᠬᠢᠵᠦ ᠭᠠᠵᠠᠷ ᠨᠤᠲᠤᠭ ᠤᠨ ᠮᠠᠷᠭᠤᠭᠠᠨ ᠢᠶᠠᠨ ᠰᠢᠢᠳᠪᠦᠷᠢᠯᠡᠬᠦ ᠪᠡᠷ ᠲᠣᠬᠢᠷᠠᠯᠴᠠᠵᠠᠢ᠃ ᠡᠶᠢᠨᠬᠦᠦ ᠬᠠᠶᠢᠳᠤ ᠪᠣᠷᠠᠺ ᠢ ᠨᠢᠭᠡ ᠮᠥᠰᠦᠨ ᠳᠠᠭᠤᠰᠬᠠᠨ ᠴᠣᠬᠢᠬᠤ ᠶᠢ ᠪᠣᠳᠣᠯ ᠦᠭᠡᠢ ᠬᠠᠷᠢᠨ ᠡᠯᠴᠢ ᠵᠠᠷᠤᠵᠤ ᠳᠠᠷᠠᠭ᠎ᠠ ᠵᠢᠯ ᠦᠨ ᠬᠠᠪᠤᠷ ᠠᠭᠤᠯᠵᠠᠵᠤ ᠭᠡᠷ᠎ᠡ ᠬᠡᠯᠡᠴᠡᠯ ᠬᠢᠬᠦ ᠰᠠᠨᠠᠯ ᠪᠣᠯᠭᠠᠭᠰᠠᠨ ᠤ ᠴᠠᠭᠠᠨ᠎ᠠ ᠶᠠᠮᠠᠷ ᠤᠳᠬ᠎ᠠ ᠠᠭᠤᠯᠵᠤ ᠪᠤᠢ ᠶᠢ ᠪᠣᠷᠠᠺ ᠲᠠᠭᠠᠪᠤᠷᠢᠯᠠᠨ ᠮᠡᠳᠡᠭᠡ ᠦᠭᠡᠢ ᠴᠤ ᠳᠤᠷᠠᠲᠠᠶ᠎ᠠ ᠬᠦᠯᠢᠶᠡᠨ ᠵᠥᠪᠰᠢᠶᠡᠷᠡᠴᠡᠢ᠃ ᠬᠠᠶᠢᠳᠤ ᠲᠤᠬᠠᠢ ᠶᠢᠨ ᠦᠶᠡᠳᠡᠭᠡ ᠪᠣᠷᠠᠺ ᠢ ᠪᠤᠲᠠ ᠴᠣᠬᠢᠵᠤ ᠴᠠᠭᠠᠳᠠᠢ ᠶᠢᠨ ᠤᠯᠤᠰ ᠢ ᠪᠦᠭᠦᠳᠡ ᠶᠢ ᠡᠵᠡᠯᠡᠵᠦ ᠠᠪᠬᠤ ᠪᠣᠯᠤᠮᠵᠢ ᠪᠠᠶᠢᠭᠰᠠᠨ ᠪᠣᠯᠪᠠᠴᠤ ᠲᠡᠭᠡᠭᠡ ᠦᠭᠡᠢ ᠨᠢ ᠭᠠᠶᠢᠬᠠᠯ ᠲᠥᠷᠦᠭᠦᠯᠵᠦ ᠪᠠᠶᠢᠨ᠎ᠠ᠃ ᠠᠯᠲᠠᠨ ᠤᠷᠤᠭ ᠤᠨ ᠳᠤᠮᠳᠠ ᠡᠪᠦᠭᠡ ᠡᠴᠢᠭᠡ ᠶᠢᠨ ᠭᠡᠷ ᠡᠴᠡ ᠵᠠᠬᠢᠶᠠᠰᠤ ᠶᠢ ᠳᠠᠪᠠᠬᠤ ᠡᠷᠬᠡ ᠦᠭᠡᠢ ᠪᠠᠶᠢᠭᠰᠠᠨ ᠨᠢ ᠡᠭᠦᠨ ᠡᠴᠡ ᠬᠠᠷᠠᠭᠳᠠᠵᠤ ᠪᠠᠶᠢᠭ᠎ᠠ ᠶᠤᠮ᠃

ᠷᠠᠰᠢ ᠳᠤ ᠳᠤ-ᠳᠢᠨ ᠤ ᠮᠡᠳᠡᠭᠡ ᠪᠡᠷ 1269 ᠣᠨ ᠤ ᠬᠠᠪᠤᠷ ᠲᠠᠯ᠎ᠠ ᠠᠴᠠ ᠭᠣᠣᠯ ᠤᠨ ᠬᠥᠨᠳᠡᠶᠢᠳᠡ ᠴᠠᠭᠠᠳᠠᠢ᠂ ᠥᠭᠡᠲᠡᠢ ᠶᠢᠨ ᠤᠳᠤᠮ ᠤᠨ ᠬᠠᠨ ᠬᠥᠪ ᠦᠳ ᠪᠣᠯᠤᠨ ᠨᠣᠶᠠᠳ ᠤᠳ ᠬᠤᠷᠠᠨ ᠴᠤᠭᠯᠠᠷᠠᠵᠤ ᠳᠤᠮᠳᠠᠳᠤ ᠠᠽᠢᠶ᠎ᠠ ᠳᠠᠬᠢ ᠮᠣᠩᠭᠣᠯ ᠨᠣᠶᠠᠳ ᠤᠨ ᠠᠩᠬᠠᠨ ᠤ ᠬᠤᠷᠠᠯᠳᠠᠢ ᠶᠢ ᠬᠡᠶᠢᠵᠢᠭᠡ᠃ [ᠷᠠᠰᠢ ᠳᠤ ᠳᠤ-ᠳ᠋ᠢᠩ ᠲ᠃III:71]. ᠤᠭ ᠴᠢᠭᠤᠯᠭᠠᠨ ᠳᠤ (ᠰᠤᠷᠪᠤᠯᠵᠢ ᠳᠤ ᠺᠦ᠋ᠷᠤᠯ ᠲᠠᠢ᠂ ᠵᠥᠪᠯᠡᠭᠡᠨ᠂ ᠴᠢᠭᠤᠯᠭᠠᠨ ᠭᠡᠵᠦ ᠵᠥᠷᠢᠶ᠎ᠡ ᠲᠡᠢ ᠲᠡᠮᠳᠡᠭᠯᠡᠭᠰᠡᠨ ᠪᠠᠶᠢᠭ᠎ᠠ ᠪᠠᠷ ᠠᠪᠤᠪᠠ). ᠠᠯᠲᠠᠨ ᠣᠷᠳᠣᠨ ᠤ ᠤᠯᠤᠰ ᠤᠨ ᠮᠥᠩᠬᠡᠲᠡᠮᠦᠷ ᠬᠠᠭᠠᠨ ᠲᠤᠰ ᠴᠢᠭᠤᠯᠭᠠᠨ ᠳᠤ ᠣᠷᠣᠯᠴᠠᠭᠰᠠᠨ ᠢ ᠵᠠᠷᠢᠮ ᠰᠤᠳᠤᠯᠤᠭᠠᠴᠢᠳ ᠦᠯᠦ ᠵᠥᠪᠰᠢᠶᠡᠷᠡᠨ 《ᠵᠦᠴᠢ ᠶᠢᠨ ᠤᠯᠤᠰ ᠤᠨ ᠲᠥᠯᠥᠭᠡᠨ ᠦ ᠬᠦᠮᠦᠨ ᠣᠷᠣᠯᠴᠠᠭᠰᠠᠨ ᠪᠠᠶᠢᠬᠤ ᠶᠢ ᠦᠭᠡᠶᠢᠰᠭᠡᠬᠦ ᠠᠷᠭ᠎ᠠ ᠦᠭᠡᠢ》 ᠬᠡᠮᠡᠨ ᠦᠵᠡᠳᠡᠭ ᠪᠠᠶᠢᠨ᠎ᠠ᠃ [ᠪᠠᠷᠲ᠋ᠣᠯᠢ ᠳᠤ 1963 a :582].ᠬᠤᠷᠠᠨ ᠴᠤᠭᠯᠠᠷᠠᠭᠴᠢᠳ 7 ᠬᠣᠨᠣᠭ ᠨᠠᠶᠢᠷᠯᠠᠵᠤ ᠴᠡᠩᠭᠡᠵᠦ᠂ ᠨᠠᠶᠢᠮᠠ ᠳᠠᠬᠢ ᠡᠳᠦᠷ ᠨᠢ ᠬᠡᠯᠡᠯᠴᠡᠭᠡᠷ ᠢᠶᠡᠨ ᠬᠢᠵᠦ ᠡᠬᠢᠯᠡᠵᠡᠢ᠃ ᠪᠦᠬᠦ ᠬᠡᠯᠡᠯᠴᠡᠭᠡᠷ ᠢ ᠬᠠᠶᠢᠳᠤ ᠤᠳᠤᠷᠢᠳᠥᠵᠤ ᠪᠠᠶᠢᠪᠠ᠃ ᠲᠠᠯ᠎ᠠ ᠠᠴᠠ ᠭᠣᠣᠯ ᠬᠦᠷᠲᠡᠯᠡᠬᠢ ᠤᠯᠤᠰ ᠤᠨ ᠢᠶᠠᠨ ᠵᠡᠭᠦᠨ ᠬᠡᠰᠡᠭ ᠢ ᠠᠯᠠᠳᠠᠭᠰᠠᠨ ᠪᠣᠷᠠᠺ᠂ ᠴᠠᠭᠠᠳᠠᠢ ᠶᠢᠨ ᠬᠠᠤᠯᠢ ᠶᠣᠰᠣᠨ ᠤ ᠵᠠᠯᠭᠠᠮᠵᠢᠯᠠᠭᠴᠢ ᠶᠢᠨ ᠬᠤᠪᠢ ᠳᠤ ᠭᠠᠵᠠᠷ ᠨᠤᠲᠤᠭ ᠢᠶᠠᠨ ᠡᠷᠭᠢᠭᠦᠯᠦᠨ ᠥᠭᠬᠦ ᠶᠢ ᠱᠠᠭᠠᠷᠳᠠᠭᠰᠠᠨ ᠪᠠᠶᠢᠨ᠎ᠠ᠃ ᠭᠡᠪᠡᠴᠦ ᠤᠭ ᠬᠤᠷᠠᠯᠳᠠᠢ ᠳᠤ ᠣᠷᠣᠯᠴᠠᠭᠰᠠᠨ ᠨᠣᠶᠠᠳ ᠤᠳ ᠬᠡᠯᠡᠯᠴᠡᠵᠦ ᠮᠠᠤᠧᠷᠠᠨᠠᠬᠢᠷ ᠨᠤᠲᠤᠭ ᠤᠨ 2/3 ᠬᠡᠰᠡᠭ ᠢ ᠪᠣᠷᠠᠺ ᠲᠤ᠂ 1/3 ᠬᠡᠰᠡᠭ ᠢ ᠬᠠᠶᠢᠳᠤ ᠪᠣᠯᠤᠨ ᠮᠥᠩᠬᠡᠲᠡᠮᠦᠷ ᠬᠠᠭᠠᠨ ᠨᠠᠷ ᠤᠨ ᠬᠠᠮᠲᠤ ᠶᠢᠨ ᠡᠵᠡᠮᠰᠢᠯ ᠳᠦ ᠣᠯᠭᠤᠬᠤ ᠪᠠᠷ ᠰᠢᠢᠳᠪᠦᠷᠢᠯᠡᠵᠡᠢ᠃ [ᠷᠠᠰᠢ ᠳᠤ ᠳᠤ-ᠳ᠋ᠢᠩ ᠲ᠃III :71].ᠤᠭ ᠴᠢᠭᠤᠯᠭᠠᠨ ᠢᠶᠠᠷ ᠬᠡᠯᠡᠯᠴᠡᠭᠰᠡᠨ ᠬᠠᠮᠤᠭ ᠤᠨ ᠬᠡᠴᠡᠭᠦᠦ ᠪᠥᠭᠡᠳ ᠮᠠᠷᠭᠤᠭᠠᠨ ᠲᠠᠢ ᠠᠰᠠᠭᠤᠳᠠᠯ ᠪᠣᠯ ᠳᠣᠯᠣᠭᠠᠨ ᠭᠣᠣᠯ᠂ ᠢᠯᠢ ᠶᠢᠨ ᠬᠥᠨᠳᠡᠶᠢᠳᠡ ᠠᠵᠤ ᠲᠥᠷᠦᠵᠢ ᠪᠠᠶᠢᠭᠰᠠᠨ ᠴᠠᠭᠠᠳᠠᠢ ᠶᠢᠨ ᠤᠯᠤᠰ ᠤᠨ ᠬᠦᠮᠦᠨ ᠠᠮᠠ ᠶᠢᠨ ᠨᠡᠭᠦᠳᠡᠯᠴᠢᠨ ᠬᠡᠰᠡᠭ ᠢ ᠰᠠᠭᠤᠷᠢᠰᠢᠮᠠᠯ ᠰᠤᠶᠤᠯ ᠲᠠᠢ ᠮᠠᠤᠧᠷᠠᠨᠠᠬᠢᠷᠲ ᠨᠡᠭᠦᠯᠭᠡᠨ ᠰᠢᠯᠵᠢᠭᠦᠯᠵᠦ ᠲᠡᠨᠳᠡ ᠨᠢᠭᠡᠮᠦᠰᠦᠨ ᠨᠤᠲᠤᠭᠰᠢᠭᠤᠯᠬᠤ ᠲᠤᠬᠠᠢ ᠪᠠᠶᠢᠪᠠ᠃ ᠢᠩᠭᠢᠭᠡᠳ ᠴᠠᠭᠠᠳᠠᠢ ᠶᠢᠨ ᠤᠯᠤᠰ ᠤᠨ ᠬᠦᠮᠦᠨ ᠠᠮᠠ ᠶᠢᠨ ᠨᠡᠭᠦᠳᠡᠯᠴᠢᠨ ᠬᠢᠭᠡᠳ ᠰᠠᠭᠤᠷᠢᠰᠢᠮᠠᠯ ᠬᠣᠶᠠᠷ ᠬᠡᠰᠡᠭ ᠬᠡᠷᠬᠢᠨ ᠵᠡᠷᠭᠡᠴᠡᠨ ᠤᠷᠤᠰᠢᠬᠤ ᠦᠨᠳᠦᠰᠦᠨ ᠵᠠᠷᠴᠢᠮ ᠤᠳ ᠢ ᠴᠢᠭᠤᠯᠭᠠᠨ ᠢᠶᠠᠷ ᠪᠣᠯᠪᠠᠰᠤᠷᠠᠭᠤᠯᠤᠨ ᠭᠠᠷᠭᠠᠪᠠ᠃ ᠡᠭᠦᠨ ᠳᠦ ᠨᠡᠭᠦᠳᠡᠯᠴᠢᠳ ᠮᠠᠤᠧᠷᠠᠨᠠᠬᠠᠷ ᠤᠨ ᠵᠥᠪᠬᠡᠨ ᠬᠡᠭᠡᠷ᠎ᠡ ᠲᠠᠯ᠎ᠠ ᠳᠤ ᠠᠵᠤ ᠲᠥᠷᠦᠵᠢ ᠬᠣᠲᠠ ᠰᠠᠭᠤᠷᠢᠨ ᠤ ᠣᠶᠢᠷ᠎ᠠ ᠣᠷᠴᠢᠮ ᠳᠤ ᠡᠷᠭᠢᠯᠳᠦᠨ ᠬᠣᠷᠭᠣᠳᠠᠵᠤ ᠪᠠᠶᠢᠬᠤ ᠦᠭᠡᠢ ᠠᠭᠠᠳ ᠲᠠᠷᠢᠶᠠᠯᠠᠩ ᠤᠨ ᠲᠠᠯᠠᠪᠠᠢ ᠳᠤ ᠮᠠᠯ ᠢᠶᠠᠨ ᠪᠡᠯᠴᠢᠭᠡᠬᠦ ᠦᠭᠡᠢ᠂ ᠬᠣᠲᠠ ᠶᠢᠨ ᠣᠷᠣᠰᠢᠨ ᠰᠠᠭᠤᠭᠴᠢᠳ ᠠᠴᠠ ᠬᠠᠤᠯᠢ ᠶᠣᠰᠣᠨ ᠤ ᠲᠠᠲᠠᠪᠤᠷᠢ ᠠᠴᠠ ᠭᠠᠳᠠᠭᠤᠷ ᠨᠡᠮᠡᠯᠲᠡ ᠲᠠᠲᠠᠪᠤᠷᠢ ᠠᠪᠬᠤ ᠦᠭᠡᠢ ᠪᠠᠶᠢᠬᠤ ᠪᠠᠷ ᠲᠣᠬᠢᠷᠠᠯᠴᠠᠪᠠ᠃ ᠮᠠᠤᠧᠷᠠᠨᠠᠬᠠᠷ ᠤᠨ ᠵᠠᠬᠢᠷᠤᠭᠴᠢ ᠪᠠᠷ ᠮᠠᠰᠤᠳ ᠪᠧᠺ ᠢ ᠤᠯᠠᠷᠢᠭᠠᠨ ᠲᠣᠮᠢᠯᠠᠵᠠᠢ᠃ [ᠷᠠᠰᠢ ᠳᠤ ᠳᠤ-ᠳ᠋ᠢᠩ ᠲ III.:71]. ᠮᠥᠨ ᠴᠢᠭᠤᠯᠭᠠᠨ ᠢᠶᠠᠷ ᠴᠠᠭᠠᠳᠠᠢ ᠶᠢᠨ ᠤᠯᠤᠰ ᠤᠨ ᠬᠠᠨ ᠪᠣᠷᠠᠺ ᠤᠨ ᠡᠪᠦᠯ ᠵᠤᠨ ᠤ ᠣᠷᠳᠣ ᠶᠢᠨ ᠭᠠᠵᠠᠷ ᠢ ᠨᠠᠷᠢᠨ ᠲᠣᠭᠲᠠᠭᠠᠵᠤ ᠥᠭᠪᠡ᠃ ᠠᠺᠠᠳᠧᠮᠢᠴᠢ ᠸ᠃ᠸ᠃ᠪᠠᠷᠲᠯᠳ ᠤᠨ ᠦᠵᠡᠵᠦ ᠪᠤᠢ ᠪᠠᠷ ᠡᠨᠡ ᠴᠢᠭᠤᠯᠭᠠᠨ ᠢᠶᠠᠷ ᠬᠣᠷᠠᠭᠰᠠᠨ ᠷᠤ ᠢᠯ ᠬᠠᠭᠠᠨᠲᠤ ᠤᠯᠤᠰ ᠠᠪᠠᠭ᠎ᠠ ᠶᠢᠨ ᠡᠰᠡᠷᠬᠦ ᠬᠢᠬᠦ ᠪᠣᠷᠠᠺ ᠤᠨ ᠳᠠᠶᠢᠨ ᠤ ᠲᠥᠯᠥᠪᠯᠡᠭᠡ ᠶᠢ ᠮᠥᠨ ᠬᠡᠯᠡᠯᠴᠡᠵᠦ ᠲᠣᠬᠢᠷᠠᠯᠴᠠᠭᠰᠠᠨ ᠠᠵᠡᠢ᠃ [ᠪᠠᠷᠲ᠋ᠣᠯᠢ ᠳᠤ 1964 ᠪ:510].

ᠡᠴᠦᠰ ᠲᠦ ᠨᠢ ᠴᠢᠭᠤᠯᠭᠠᠨ ᠳᠤ ᠣᠷᠣᠯᠴᠠᠭᠰᠠᠨ ᠬᠠᠨ ᠬᠥᠪ ᠦᠳ ᠠᠨᠳᠠ ᠪᠣᠯᠤᠯᠴᠠᠨ ᠥᠪᠥᠷ ᠬᠣᠭᠣᠷᠣᠨᠳᠣ ᠪᠠᠨ ᠬᠤᠪᠴᠠᠰᠤ ᠬᠤᠨᠠᠷ ᠢᠶᠠᠨ ᠰᠣᠯᠢᠯᠴᠠᠵᠤ ᠡᠮᠦᠰᠦᠭᠡᠳ ᠬᠤᠨᠳᠠᠭ᠎ᠠ ᠡᠷᠭᠦᠨ ᠦᠶ᠎ᠡ ᠶᠢᠨ ᠦᠶ᠎ᠡ ᠳᠦ ᠨᠢᠭᠡ ᠨᠢᠭᠡᠨ ᠳᠦ ᠪᠡᠨ ᠦᠨᠡᠨᠴᠢ ᠪᠠᠶᠢᠬᠤ ᠠᠨᠳᠠᠭᠠᠢ ᠲᠠᠩᠭᠠᠷᠢᠭ ᠲᠠᠯᠪᠢᠵᠠᠢ᠃ ᠡᠭᠦᠪᠡᠷ ᠲᠠᠯᠠᠰ ᠤᠨ ᠴᠢᠭᠤᠯᠭᠠᠨ ᠥᠨᠳᠥᠷᠯᠡᠪᠡ᠃ ᠲᠠᠯᠠᠰ ᠤᠨ ᠴᠢᠭᠤᠯᠭᠠᠨ ᠢ ᠰᠠᠨᠠᠭᠠᠴᠢᠯᠠᠭᠴᠢ ᠬᠠᠶᠢᠳᠤ ᠤᠭ ᠴᠢᠭᠤᠯᠭᠠᠨ ᠢᠶᠠᠷ ᠲᠣᠭᠲᠠᠭᠠᠭᠰᠠᠨ ᠳᠤᠮᠳᠠᠳᠤ ᠠᠽᠢᠶ᠎ᠠ ᠶᠢᠨ ᠰᠢᠨ᠎ᠡ ᠵᠣᠬᠢᠶᠠᠨ ᠪᠠᠶᠢᠭᠤᠯᠤᠯᠲᠠ ᠶᠢᠨ ᠭᠣᠣᠯ ᠡᠲᠡᠭᠡᠳ ᠪᠠᠶᠢᠭᠰᠠᠨ ᠨᠢ ᠡᠷᠡᠭᠡᠯᠵᠡᠭᠡ ᠦᠭᠡᠢ ᠪᠥᠭᠡᠳ ᠲᠡᠭᠦᠨ ᠦ ᠴᠠᠭᠠᠳᠤ ᠰᠠᠨᠠᠭ᠎ᠠ ᠨᠢ ᠡᠴᠢᠭᠡ ᠡᠪᠦᠭᠡᠳ ᠦᠨ ᠬᠠᠭᠤᠴᠢᠨ ᠨᠤᠲᠤᠭ ᠢ ᠰᠡᠷᠭᠦᠭᠡᠬᠦ ᠳᠦ ᠴᠢᠭᠯᠡᠭᠳᠡᠵᠦ ᠪᠠᠶᠢᠭᠰᠠᠨ ᠪᠣᠯᠤᠯᠲᠠᠢ᠃ ᠬᠠᠶᠢᠳᠤ ᠴᠠᠭᠠᠳᠠᠢ ᠶᠢᠨ ᠤᠯᠤᠰ ᠤᠨ ᠭᠠᠵᠠᠷ ᠨᠤᠲᠤᠭ ᠤᠨ ᠳᠣᠯᠣᠭᠠᠨ ᠭᠣᠣᠯ᠂ ᠢᠯᠢ ᠭᠣᠣᠯ ᠤᠨ ᠬᠥᠨᠳᠡᠢ ᠶᠢᠨ ᠬᠡᠰᠡᠭ ᠢ ᠡᠵᠡᠯᠡᠵᠦ ᠠᠪᠤᠭᠠᠳ ᠬᠠᠷᠢᠭᠤ ᠳᠤ ᠨᠢ ᠨᠥᠬᠥᠨ ᠲᠥᠯᠥᠪᠦᠷᠢ ᠮᠠᠶ᠋ᠢᠭ ᠢᠶᠠᠷ ᠤᠷᠢᠳᠤ ᠨᠢ 1260 ᠣᠨ ᠳᠤ ᠠᠯᠲᠠᠨ ᠣᠷᠳᠣᠨ ᠤ ᠤᠯᠤᠰ ᠠᠴᠠ ᠠᠯᠭᠤᠢ ᠶᠢᠨ ᠪᠤᠯᠢᠶᠠᠵᠤ ᠠᠪᠤᠭᠰᠠᠨ ᠮᠠᠤᠧᠷᠠᠨᠠᠬᠤᠷ ᠢ ᠠᠯᠪᠠᠨ ᠶᠣᠰᠣᠭᠠᠷ ᠴᠠᠭᠠᠳᠠᠢ ᠶᠢᠨ ᠤᠯᠤᠰ ᠤᠨ ᠡᠵᠡᠨ ᠪᠣᠷᠠᠺ ᠲᠤ ᠰᠢᠯᠵᠢᠭᠦᠯᠵᠦ ᠥᠭᠬᠦ ᠵᠣᠷᠢᠯᠭ᠎ᠠ ᠡᠪᠦᠷᠲᠦᠯᠡᠵᠦ ᠡᠨᠡᠬᠦ ᠴᠢᠭᠤᠯᠭᠠᠨ ᠢ ᠵᠣᠬᠢᠶᠠᠨ ᠪᠠᠶᠢᠭᠤᠯᠤᠭᠰᠠᠨ ᠨᠢ ᠬᠠᠷᠠᠭᠳᠠᠵᠤ ᠪᠠᠶᠢᠨ᠎ᠠ᠃ ᠬᠠᠷᠢᠨ ᠶᠠᠭᠠᠬᠢᠭᠠᠳ ᠴᠠᠭᠠᠳᠠᠢ ᠶᠢᠨ ᠤᠯᠤᠰ ᠢ ᠨᠢᠭᠡ ᠮᠥᠰᠦᠨ ᠡᠵᠡᠯᠡᠵᠦ ᠥᠪᠡᠷ ᠦᠨ ᠵᠠᠬᠢᠷᠭᠠᠨ ᠳᠤ ᠣᠷᠣᠭᠤᠯᠤᠭ᠎ᠠ ᠦᠭᠡᠢ ᠶᠤᠮ ᠪᠤᠢ? ᠭᠡᠪᠡᠰᠦ ᠶᠡᠬᠡ ᠬᠠᠭᠠᠨ ᠬᠤᠪᠢᠯᠠᠢ ᠬᠢᠭᠡᠳ ᠠᠯᠲᠠᠨ ᠣᠷᠳᠣᠨ ᠪᠣᠯᠤᠨ ᠢᠯᠡ ᠬᠠᠭᠠᠳ ᠤᠨ ᠤᠯᠤᠰ ᠤᠨ ᠵᠦᠭ ᠡᠴᠡ ᠬᠦᠴᠦᠲᠡᠢ ᠡᠰᠡᠷᠭᠦᠴᠡᠯ ᠲᠡᠢ ᠲᠤᠯᠭᠠᠷᠠᠬᠤ ᠠᠴᠠ ᠪᠣᠯᠭᠣᠮᠵᠢᠯᠠᠵᠤ ᠬᠠᠶᠢᠳᠤ ᠴᠠᠭᠠᠳᠠᠢ ᠶᠢᠨ ᠤᠯᠤᠰ ᠠᠴᠠ ᠴᠡᠷᠢᠭ ᠦᠨ ᠬᠦᠴᠦ ᠪᠡᠷ ᠠᠪᠤᠭᠰᠠᠨ ᠭᠠᠵᠠᠷ ᠨᠤᠲᠤᠭ ᠢᠶᠠᠨ ᠶᠠᠮᠠᠷᠴᠤ ᠮᠠᠷᠭᠤᠭᠠᠨ ᠦᠭᠡᠢ ᠪᠡᠷ ᠥᠪᠡᠷ ᠦᠨ ᠤᠳᠤᠮ ᠤᠨ ᠵᠠᠬᠢᠷᠭᠠᠨ ᠳᠤ ᠣᠷᠣᠭᠤᠯᠬᠤ ᠶᠢ ᠤᠤ ᠶᠠᠭᠤᠨ ᠠᠴᠠ ᠢᠯᠡᠭᠦᠦ ᠳᠦ ᠦᠵᠡᠭᠰᠡᠨ ᠪᠣᠯᠤᠯᠲᠠᠢ᠃ ᠡᠭᠦᠨ ᠢ ᠪᠡᠨ ᠴᠤ ᠬᠢᠵᠦ ᠴᠢᠳᠠᠪᠠ᠃ ᠲᠠᠯᠠᠰ ᠤᠨ ᠴᠢᠭᠤᠯᠭᠠᠨ ᠳᠤ ᠬᠠᠶᠢᠳᠤ ᠪᠣᠷᠠᠺ ᠬᠣᠶᠠᠷ ᠠᠴᠠ ᠭᠠᠳᠠᠨ᠎ᠠ ᠠᠯᠲᠠᠨ ᠣᠷᠳᠣᠨ ᠤ ᠬᠠᠨ ᠮᠥᠩᠬᠡᠲᠡᠮᠦᠷ ᠣᠷᠣᠯᠴᠠᠭᠰᠠᠨ ᠨᠢ ᠭᠠᠵᠠᠷ ᠨᠤᠲᠤᠭ ᠢᠶᠠᠨ ᠪᠤᠯᠢᠶᠠᠯᠴᠠᠯᠳᠤᠵᠤ ᠪᠠᠶᠢᠭ᠎ᠠ ᠬᠣᠶᠠᠷ ᠡᠲᠡᠭᠡᠳ ᠦᠨ ᠮᠠᠷᠭᠤᠭᠠᠨ ᠢ ᠲᠠᠰᠤᠯᠬᠤ ᠠᠴᠠ ᠭᠠᠳᠠᠨ᠎ᠠ ᠬᠥᠨᠳᠡᠯᠡᠩ ᠦᠨ ᠭᠡᠷᠡᠴᠢ ᠶᠢᠨ ᠡᠭᠦᠷᠭᠡ ᠭᠦᠴᠡᠳᠬᠡᠵᠦ ᠪᠠᠶᠢᠪᠠ᠃ ᠢᠩᠭᠢᠭᠡᠳ ᠬᠠᠶᠢᠳᠤ ᠠᠴᠠ ᠢᠯᠠᠭᠳᠠᠯ ᠬᠦᠯᠢᠶᠡᠭᠰᠡᠨ ᠪᠣᠷᠠᠺ ᠬᠦᠰᠡᠭᠰᠡᠨ ᠬᠦᠰᠡᠭᠡ ᠦᠭᠡᠢ ᠲᠠᠯᠠᠰ ᠤᠨ ᠴᠢᠭᠤᠯᠭᠠᠨ ᠤ ᠰᠢᠢᠳᠪᠦᠷᠢ ᠶᠢ ᠳᠠᠭᠠᠵᠤ ᠬᠠᠷᠢᠶᠠᠲᠤ ᠠᠷᠠᠳ ᠢᠷᠭᠡᠳ ᠲᠡᠢ ᠪᠡᠨ ᠮᠠᠤᠧᠷᠠᠨᠠᠬᠢᠷᠲ ᠰᠢᠯᠵᠢᠨ ᠰᠠᠭᠤᠬᠤ ᠪᠣᠯᠪᠠ᠃ ᠴᠠᠭᠠᠳᠠᠢ ᠶᠢᠨ ᠤᠯᠤᠰ ᠤᠨ ᠬᠦᠮᠦᠨ ᠠᠮᠠ ᠶᠢᠨ ᠦᠨᠳᠦᠰᠦᠨ ᠮᠣᠩᠭᠣᠯ ᠬᠡᠰᠡᠭ ᠨᠢ ᠵᠠᠯᠠᠶᠢᠷ᠂ ᠪᠠᠷᠯᠠᠰ᠂ ᠬᠠᠭᠤᠴᠢᠳ ᠪᠣᠯᠤᠨ ᠠᠷᠯᠤ ᠲᠤ ᠠᠶᠢᠮᠠᠭ ᠠᠴᠠ ᠪᠥᠷᠢᠳᠴᠦ ᠪᠠᠶᠢᠴᠠᠢ᠃

ᠣᠷᠣᠰ ᠤᠨ ᠡᠷᠳᠡᠮᠲᠡᠨ᠎ᠠ᠃ᠶᠦ᠃ᠶᠠᠺᠦᠶᠢᠪᠦᠢᠰᠺ ᠤᠨ ᠲᠡᠮᠳᠡᠭᠯᠡᠭᠰᠡᠨ ᠢᠶᠡᠷ 《ᠵᠠᠯᠠᠶᠢᠷ ᠠᠶᠢᠮᠠᠭ ᠤᠨ ᠬᠢᠨ ᠠᠩᠷᠧᠨ ᠮᠥᠷᠡᠨ ᠦ ᠬᠥᠨᠳᠡᠢ ᠳᠤ᠂ ᠪᠠᠷᠯᠠᠰᠤ ᠨᠤᠭᠤᠳ ᠺᠠᠱᠺᠠ ᠳᠠᠷᠢᠶ᠎ᠠ ᠭᠣᠣᠯ ᠤᠨ ᠰᠠᠪᠠ ᠭᠠᠵᠠᠷ ᠲᠤ ᠰᠠᠭᠤᠷᠢᠰᠢᠬᠤ ᠪᠣᠯᠤᠭᠰᠠᠨ ᠪᠠ ᠡᠳᠡᠭᠡᠷ ᠠᠶᠢᠮᠠᠭ ᠤᠳ ᠳᠣᠯᠣᠭᠠᠨ ᠭᠣᠣᠯ ᠠᠴᠠ ᠢᠷᠡᠬᠦ ᠳᠦ ᠪᠡᠨ ᠬᠡᠯᠡ ᠶᠠᠷᠢᠶᠠᠨ ᠤ ᠬᠤᠪᠢ ᠳᠤ ᠶᠡᠬᠡ ᠪᠠᠭ᠎ᠠ ᠬᠡᠮᠵᠢᠶ᠎ᠡ ᠪᠡᠷ ᠲᠦᠷᠦᠭ ᠦᠨ ᠨᠥᠯᠦᠭᠡᠨ ᠳᠦ ᠠᠪᠲᠠᠭᠰᠠᠨ ᠪᠠᠶᠢᠭᠰᠠᠨ ᠪᠥᠭᠡᠳ ᠮᠠᠤᠧᠷᠠᠨᠠᠬᠢᠷᠲ ᠢᠷᠡᠭᠡᠳ ᠲᠡᠳᠡᠨ ᠦ ᠲᠦᠷᠡᠭᠵᠢᠬᠦ ᠦᠢᠯᠡ ᠶᠠᠪᠤᠴᠠ ᠤᠯᠠᠮ ᠡᠷᠴᠢᠮᠵᠢᠭᠰᠡᠨ ᠪᠠᠶᠢᠨ᠎ᠠ》 ᠭᠡᠵᠡᠢ᠃ [ᠶᠠᠺᠦᠶᠢᠪᠦᠢᠰᠺ ᠦ 1946: 49].ᠴᠠᠭᠠᠳᠠᠢ ᠶᠢᠨ ᠤᠯᠤᠰ ᠤᠨ ᠨᠥᠭᠥᠭᠡ ᠬᠣᠶᠠᠷ ᠦᠨᠳᠦᠰᠦᠨ ᠠᠶᠢᠮᠠᠭ ᠤᠳ ᠤᠨ ᠲᠤᠬᠠᠢ ᠳᠤ ᠭᠡᠪᠡᠯ 《ᠬᠠᠭᠤᠴᠢᠳ ᠠᠮᠤ ᠳᠠᠷᠢᠶ᠎ᠠ ᠮᠥᠷᠡᠨ ᠦ ᠡᠬᠢᠨ ᠳᠦ᠂ ᠠᠷᠯᠠᠭᠠᠳ ᠤᠳ ᠠᠮᠤ ᠳᠠᠷᠢᠶ᠎ᠠ ᠮᠥᠷᠡᠨ ᠢ ᠥᠭᠰᠥᠨ ᠡᠮᠦᠨ᠎ᠡ ᠡᠲᠡᠭᠡᠳ ᠢᠶᠡᠷ ᠨᠤᠲᠤᠭᠯᠠᠨ ᠰᠠᠭᠤᠴᠠᠢ》. [ᠫᠧᠲ᠋ᠷᠤᠱᠧᠸᠰᠺ ᠦ 1984:152].ᠶᠡᠬᠡᠩᠬᠢ ᠰᠤᠳᠤᠯᠤᠭᠠᠴᠢᠳ ᠡᠳᠡᠭᠡᠷ ᠠᠶᠢᠮᠠᠭ ᠤᠳ ᠢ ᠮᠠᠤᠧᠷᠠᠨᠠᠬᠢᠷ ᠯᠤᠤ ᠰᠢᠯᠵᠢᠬᠦ ᠪᠣᠯᠤᠭᠰᠠᠨ ᠭᠣᠣᠯ ᠰᠢᠯᠲᠠᠭᠠᠨ ᠢ ᠮᠤᠪᠠᠷᠧᠺ ᠰᠢᠬ᠎ᠠ ᠪᠣᠯᠤᠨ ᠪᠣᠷᠠᠺ ᠨᠠᠷ ᠯᠠᠯᠤ ᠶᠢᠨ ᠱᠠᠰᠢᠨ ᠳᠤ ᠣᠷᠣᠵᠤ ᠰᠠᠭᠤᠷᠢᠰᠢᠮᠠᠯ ᠰᠤᠶᠤᠯ ᠢ ᠡᠷᠬᠢᠮᠯᠡᠨ ᠦᠵᠡᠵᠦ ᠬᠣᠲᠠ ᠰᠠᠭᠤᠷᠢᠨ ᠢ ᠪᠠᠷᠠᠭᠠᠳᠠᠨ ᠠᠮᠢᠳᠤᠷᠠᠬᠤ ᠪᠣᠯᠤᠭᠰᠠᠨ ᠲᠠᠢ ᠬᠣᠯᠪᠣᠨ ᠡᠭᠦᠨ ᠦ ᠲᠥᠯᠥᠭᠡ ᠲᠠᠯᠠᠰ ᠤᠨ ᠴᠢᠭᠤᠯᠭᠠᠨ ᠢ ᠬᠤᠷᠠᠯᠳᠤᠭᠤᠯᠵᠠᠢ ᠬᠡᠮᠡᠨ ᠦᠵᠡᠳᠡᠭ ᠨᠢ ᠪᠢᠳᠡᠨ ᠦ ᠪᠣᠳᠣᠯ ᠢᠶᠠᠷ ᠡᠨᠳᠡᠭᠦᠦ ᠵᠦᠢᠯ ᠪᠣᠯᠤᠯᠲᠠᠢ᠃ [ᠫᠧᠲ᠋ᠷᠤᠱᠧᠸᠰᠺ ᠦ ᠮᠥᠨ ᠲᠡᠨᠳᠡ]. ᠴᠠᠭᠠᠳᠠᠢ ᠶᠢᠨ ᠤᠯᠤᠰ ᠤᠨ ᠡᠳᠡᠭᠡᠷ ᠠᠶᠢᠮᠠᠭ ᠤᠳ ᠤᠨ ᠰᠠᠭᠤᠵᠤ ᠪᠠᠶᠢᠭᠰᠠᠨ ᠬᠠᠭᠤᠴᠢᠨ ᠨᠤᠲᠤᠭ ᠪᠣᠯᠬᠤ ᠳᠣᠯᠣᠭᠠᠨ ᠭᠣᠣᠯ ᠳᠤ ᠡᠷᠴᠢᠰ ᠮᠥᠷᠡᠨ᠂ ᠲᠠᠷᠪᠠᠭᠠᠲᠠᠢ ᠶᠢᠨ ᠲᠡᠨᠳᠡ ᠡᠴᠡ ᠰᠢᠯᠵᠢᠨ ᠢᠷᠡᠭᠰᠡᠨ ᠥᠭᠡᠲᠡᠢ ᠬᠠᠭᠠᠨ ᠤ ᠬᠠᠷᠢᠶᠠᠲᠤ ᠠᠶᠢᠮᠠᠭ ᠪᠣᠯᠬᠤ ᠰᠦᠯᠳᠦᠰ᠂ ᠬᠣᠩᠭᠢᠷᠠᠳ᠂ ᠬᠣᠩᠬᠣᠲᠠᠨ ᠨᠠᠷ ᠡᠵᠡᠯᠡᠨ ᠰᠠᠭᠤᠴᠠᠢ᠃ ᠴᠤ ᠭᠣᠣᠯ ᠤᠨ ᠬᠥᠨᠳᠡᠢ ᠶᠢ ᠬᠠᠶᠢᠳᠤ ᠬᠠᠭᠠᠨ ᠤ ᠬᠣᠷᠢᠭ /《ᠬᠣᠷᠣ ᠶᠢ》/ ᠪᠣᠯᠭᠠᠪᠠ᠃ ᠷᠠᠰᠢ ᠳᠤ ᠳᠤ ᠳᠢᠨ ᠤ ᠲᠡᠮᠳᠡᠭᠯᠡᠭᠰᠡᠨ ᠢᠶᠡᠷ 《ᠢᠯᠢ ᠪᠣᠯᠤᠨ ᠴᠤ ᠭᠣᠣᠯ ᠤᠨ ᠵᠠᠪᠰᠠᠷᠪᠠᠶᠢᠬᠤ ᠱᠣᠩᠬᠣᠷᠯᠢᠭ ᠬᠡᠮᠡᠬᠦ ᠨᠡᠷᠡᠲᠡᠢ ᠥᠨᠳᠥᠷ ᠠᠭᠤᠯᠠᠨ ᠳᠤ ᠬᠠᠶᠢᠳᠤ ᠪᠣᠯᠤᠨ ᠪᠤᠰᠤᠳ ᠬᠠᠨ ᠬᠥᠪ ᠦᠳ ᠦᠨ ᠣᠩᠭᠣᠳ ᠪᠠᠶᠢᠳᠠᠭ》 ᠭᠡᠳᠡᠭ ᠨᠢ ᠡᠨᠡ ᠨᠤᠲᠤᠭ ᠬᠠᠶᠢᠳᠤᠭ ᠤᠨ ᠡᠵᠡᠮᠰᠢᠯ ᠪᠣᠯᠤᠭᠰᠠᠨ ᠢ ᠭᠡᠷᠡᠴᠢᠯᠡᠵᠦ ᠪᠠᠶᠢᠭ᠎ᠠ ᠶᠤᠮ᠃ [ᠷᠠᠰᠢ ᠳᠤ ᠳᠤ-ᠳ᠋ᠢᠩ ᠲ᠃II:16].

ᠴᠠᠭᠠᠳᠠᠢ ᠶᠢᠨ ᠤᠯᠤᠰ ᠤᠨ ᠳᠠᠷᠠᠭ᠎ᠠ ᠳᠠᠷᠠᠭ᠎ᠠ ᠶᠢᠨ ᠬᠠᠭᠠᠳ ᠤᠳ ᠠᠯᠠᠳᠠᠭᠰᠠᠨ ᠨᠤᠲᠤᠭ ᠳᠡᠪᠢᠰᠬᠡᠷ ᠢᠶᠡᠨ ᠥᠭᠡᠲᠡᠢ ᠶᠢᠨ ᠤᠳᠤᠮ ᠤ ᠬᠢᠨ ᠠᠴᠠ ᠡᠷᠭᠢᠭᠦᠯᠦᠨ ᠠᠪᠬᠤ ᠶᠢ ᠣᠷᠣᠯᠳᠤᠵᠤ ᠪᠠᠶᠢᠭᠰᠠᠨ ᠲᠤᠯᠠ ᠡᠨᠡ ᠬᠣᠶᠠᠷ ᠤᠯᠤᠰ ᠤᠨ ᠬᠣᠭᠣᠷᠣᠨᠳᠣ ᠳᠠᠶᠢᠨ ᠰᠠᠮᠠᠭᠤᠨ ᠨᠢᠭᠡ ᠪᠤᠰᠤ ᠤᠳᠠᠭ᠎ᠠ ᠳᠡᠭᠳᠡᠵᠦ ᠪᠠᠶᠢᠪᠠ᠃ ᠡᠨᠡ ᠬᠣᠶᠠᠷ ᠡᠲᠡᠭᠡᠳ ᠦᠨ ᠬᠣᠭᠣᠷᠣᠨᠳᠣ ᠶᠢᠨ ᠳᠠᠶᠢᠨ ᠰᠠᠮᠠᠭᠤᠨ ᠢ ᠰᠤᠳᠤᠯᠤᠭᠠᠴᠢᠳ ᠴᠠᠭᠠᠳᠠᠢ ᠶᠢᠨ ᠤᠯᠤᠰ ᠤᠨ ᠳᠣᠲᠣᠭᠠᠳᠤ ᠶᠢᠨ ᠨᠡᠭᠦᠳᠡᠯ ᠦᠨ ᠪᠣᠯᠤᠨ ᠰᠠᠭᠤᠷᠢᠰᠢᠮᠠᠯ ᠬᠣᠶᠠᠷ ᠴᠢᠭ ᠬᠠᠨᠳᠤᠯᠭ᠎ᠠ ᠶᠢᠨ ᠵᠥᠷᠢᠴᠡᠯ ᠲᠡᠮᠡᠴᠡᠯ ᠢᠶᠡᠷ ᠲᠠᠶᠢᠯᠪᠤᠷᠢᠯᠠᠨ ᠠᠪᠴᠤ ᠦᠵᠡᠳᠡᠭ᠃ [ᠪᠠᠷᠲ᠋ᠣᠯᠢ ᠳᠤ 1963 ᠳ: 731].ᠬᠤᠷᠠᠯᠳᠠᠢ ᠶᠢᠨ ᠳᠠᠷᠠᠭ᠎ᠠ ᠬᠠᠶᠢᠳᠤ ᠪᠣᠷᠠᠺ ᠠᠴᠠ ᠶᠡᠬᠡᠳᠡ ᠰᠡᠷᠡᠮᠵᠢᠯᠡᠵᠦ ᠪᠠᠶᠢᠪᠠ᠃ ᠪᠣᠷᠠᠺ ᠢ ᠪᠤᠬᠤᠷ ᠲᠤ ᠣᠶᠢᠷᠠᠲᠤᠭᠤᠯᠬᠤ ᠦᠭᠡᠢ ᠶᠢᠨ ᠲᠤᠯᠠᠳᠠ ᠬᠠᠶᠢᠳᠤ ᠪᠣᠷᠠᠺ ᠤᠨ ᠰᠠᠭᠤᠵᠤ ᠪᠠᠶᠢᠭᠰᠠᠨ ᠭᠠᠵᠠᠷ ᠬᠣᠲᠠ ᠬᠣᠶᠠᠷ ᠤᠨ ᠳᠤᠮᠳᠠ ᠴᠡᠷᠢᠭ ᠪᠠᠶᠢᠷᠢᠯᠠᠭᠤᠯᠵᠠᠢ᠃ ᠪᠣᠷᠠᠺ ᠬᠤᠷᠠᠯᠳᠠᠢ ᠶᠢᠨ ᠰᠢᠢᠳᠪᠦᠷᠢ ᠪᠣᠯᠤᠨ ᠲᠠᠯᠪᠢᠭᠰᠠᠨ ᠠᠨᠳᠠᠭᠠᠢ ᠲᠠᠩᠭᠠᠷᠢᠭ ᠲᠤ ᠪᠠᠨ ᠦᠨᠡᠨᠴᠢ ᠦᠯᠡᠳᠡᠵᠦ ᠬᠠᠶᠢᠳᠤ ᠲᠠᠢ ᠡᠨᠡ ᠠᠰᠠᠭᠤᠳᠠᠯ ᠢᠶᠠᠷ ᠠᠮᠠ ᠮᠤᠷᠤᠶᠢᠭᠰᠠᠨ ᠦᠭᠡᠢ᠂ ᠬᠠᠷᠢᠨ: 《ᠮᠠᠨ ᠤ ᠴᠡᠷᠢᠭ ᠦᠨ ᠲᠣᠭ᠎ᠠ ᠶᠡᠬᠡᠳᠡ ᠣᠯᠠᠰᠢᠷᠠᠯ᠎ᠠ᠃ ᠴᠡᠷᠢᠭ ᠢᠶᠡᠨ ᠨᠤᠲᠤᠭ ᠲᠤ ᠪᠠᠨ ᠠᠭᠤᠯᠠᠬᠤ ᠳᠤ ᠬᠦᠨᠳᠦᠷᠡᠯᠲᠡᠢ ᠪᠠᠶᠢᠨ᠎ᠠ᠃ ᠭᠣᠣᠯ ᠭᠠᠲᠤᠯᠠᠵᠤ ᠬᠣᠷᠠᠭᠰᠠᠨ ᠮᠤᠵᠢ ᠶᠢ ᠡᠵᠡᠯᠡᠬᠦ ᠬᠡᠷᠡᠭᠲᠡᠢ ᠪᠠᠶᠢᠨ᠎ᠠ᠃ ᠡᠨᠡ ᠠᠵᠢᠯᠯᠠᠭᠠᠨ ᠳᠤ ᠬᠠᠶᠢᠳᠤ ᠠᠨᠳᠠ ᠲᠤᠰᠤᠯ》 ᠭᠡᠵᠡᠢ᠃ [ᠷᠠᠰᠢ ᠳᠤ ᠳᠤ ᠳ᠋ᠢᠩ ᠲ᠃II :98]. ᠬᠠᠶᠢᠳᠤ ᠨᠢ ᠬᠣᠷᠢᠶᠠᠰᠠᠨ ᠤ ᠠᠪᠠᠭ᠎ᠠ ᠬᠠᠭᠠᠨ ᠲᠠᠢ ᠲᠠᠭᠠᠷᠠᠮᠵᠢ ᠮᠠᠭᠤ ᠲᠠᠢ ᠠᠴᠠ ᠭᠠᠳᠠᠨ᠎ᠠ ᠨᠥᠭᠥᠭᠡ ᠲᠠᠯ᠎ᠠ ᠪᠠᠷ ᠪᠣᠷᠠᠺ ᠢ ᠬᠣᠯᠠᠳᠠᠭᠤᠯᠬᠤ ᠶᠢᠨ ᠲᠤᠯᠠᠳᠠ ᠺᠢᠫᠴᠠᠺ᠂ ᠴᠠᠫᠠᠲ ᠬᠣᠶᠠᠷ ᠢ ᠲᠤᠰ ᠲᠤᠰ ᠲᠤ ᠴᠡᠷᠢᠭ ᠵᠠᠬᠢᠷᠤᠭᠤᠯᠤᠨ ᠪᠣᠷᠠᠺ ᠲᠤ ᠲᠤᠰᠠᠯᠠᠭᠤᠯᠬᠤ ᠪᠠᠷ ᠢᠯᠡᠭᠡᠵᠢ ᠪᠡᠨ᠃ ᠴᠠᠫᠠᠲ ᠨᠢ ᠭᠦᠶᠦᠭ ᠬᠠᠭᠠᠨ ᠤ ᠬᠦᠦ ᠨᠠᠭᠤ ᠶᠢᠨ ᠬᠦᠦ ᠠᠵᠡᠢ᠃ ᠪᠣᠷᠠᠺ ᠴᠡᠷᠢᠭ ᠲᠡᠢ ᠪᠡᠨ ᠬᠥᠳᠡᠯᠦᠨ ᠶᠠᠪᠤᠭᠰᠠᠭᠠᠷ ᠭᠣᠣᠯ ᠢ ᠭᠠᠲᠤᠯᠤᠨ ᠮᠧᠷᠧ ᠶᠢᠨ ᠬᠢᠯᠢ ᠶᠢᠨ ᠬᠠᠪᠢᠴᠠᠭ᠎ᠠ ᠪᠤᠳᠠᠯᠯᠠᠪᠠ᠃ ᠳᠠᠷᠠᠭ᠎ᠠ ᠨᠢ ᠲᠡᠷᠡᠪᠡᠷ ᠠᠪᠠᠭ᠎ᠠ ᠬᠠᠭᠠᠨ ᠤ ᠳᠡᠭᠦᠦ ᠲᠣᠪᠰᠢᠨ ᠤ ᠴᠡᠷᠢᠭ ᠲᠡᠢ ᠲᠤᠯᠤᠯᠳᠤᠵᠠᠢ᠃ ᠡᠨᠡ ᠦᠶ᠎ᠡ ᠳᠦ ᠠᠪᠠᠭ᠎ᠠ ᠬᠠᠭᠠᠨ ᠤ ᠮᠢᠩᠭᠠᠨ ᠤ ᠨᠣᠶᠠᠨ ᠰᠦᠵᠢᠭᠲᠦ ᠪᠣᠷᠠᠺ ᠲᠠᠢ ᠬᠠᠮᠲᠤ ᠺᠢᠫᠴᠠᠺ ᠢᠷᠡᠭᠰᠡᠨ ᠢ ᠰᠣᠨᠣᠰᠤᠭᠠᠳ ᠪᠤᠯᠲᠠᠩ ᠣᠴᠢᠵᠤ ᠲᠡᠭᠦᠨ ᠦ ᠲᠠᠯ᠎ᠠ ᠳᠤ ᠣᠷᠣᠭᠠᠳ ᠦᠭᠦᠯᠡᠭᠰᠡᠨ ᠨᠢ:》ᠪᠢ ᠺᠢᠫᠴᠠᠺ ᠨᠣᠶᠠᠨ ᠤ ᠠᠯᠪᠠᠲᠤ ᠲᠤᠯᠠ ᠥᠪᠡᠷ ᠦᠨ ᠡᠵᠡᠨ ᠳᠦ ᠪᠡᠨ ᠢᠷᠡᠯ᠎ᠡ᠃ ᠪᠠᠰᠠ ᠡᠵᠡᠨ ᠳᠦ ᠪᠡᠨ ᠰᠠᠶᠢᠨ ᠬᠥᠯᠥᠭ ᠮᠣᠷᠢ ᠠᠪᠴᠤ ᠢᠷᠡᠯ᠎ᠡ》 ᠭᠡᠵᠡᠢ᠃ ᠺᠢᠫᠴᠠᠺ ᠬᠠᠷᠢᠭᠤ ᠪᠣᠯᠭᠠᠨ:》ᠬᠡᠳᠦᠨ ᠰᠠᠶᠢᠨ ᠮᠣᠷᠢ ᠠᠪᠴᠤ ᠪᠣᠷᠠᠺ ᠲᠤ ᠪᠡᠯᠡᠭ ᠪᠣᠯᠭᠠᠨ ᠪᠠᠷᠢ》 ᠭᠡᠵᠡᠢ᠃ ᠰᠦᠵᠢᠭᠲᠦ ᠺᠢᠫᠴᠠᠺ ᠤᠨ ᠬᠡᠯᠡᠭᠰᠡᠨ ᠶᠣᠰᠣᠭᠠᠷ ᠪᠣᠯᠭᠠᠵᠠᠢ᠃ ᠮᠠᠷᠭᠠᠰᠢ ᠨᠢ ᠪᠣᠷᠠᠺ ᠤᠨ ᠥᠷᠭᠦᠭᠡᠨ ᠳᠦ ᠵᠠᠯᠠᠶᠢᠷᠠᠲᠠᠢ ᠨᠣᠶᠠᠨ ᠺᠢᠫᠴᠠᠺᠲ ᠬᠡᠯᠡᠭᠰᠡᠨ ᠨᠢ:》ᠪᠣᠷᠠᠺ ᠴᠢᠨᠤ ᠲᠥᠯᠥᠭᠡ ᠰᠡᠯᠡᠮᠡᠨ ᠦ ᠪᠡᠨ ᠢᠳᠡ ᠬᠠᠪᠤ ᠶᠢ ᠦᠵᠡᠬᠦ ᠭᠡᠵᠦ ᠣᠯᠠᠨ ᠮᠢᠩᠭᠠᠨ ᠴᠡᠷᠢᠭ ᠲᠡᠢ ᠪᠡᠨ ᠡᠨᠳᠡ ᠢᠷᠡᠭᠰᠡᠨ》 ᠭᠡᠵᠡᠢ᠃ ᠺᠢᠫᠴᠠᠺ:》ᠡᠨᠡ ᠴᠢᠨᠢ ᠤᠤ ᠭᠡᠰᠡᠨ ᠦᠭᠡ ᠪᠤᠢ?》 ᠭᠡᠵᠦ ᠭᠠᠶᠢᠬᠠᠨ ᠠᠰᠠᠭᠤᠪᠠ᠃ 《ᠪᠣᠯᠬᠤ ᠶᠤᠮ ᠶᠣᠰᠣᠭᠠᠷ ᠢᠶᠠᠨ ᠯᠠ ᠪᠣᠯᠵᠤ ᠪᠠᠶᠢᠨ᠎ᠠ᠃ ᠰᠦᠵᠢᠭᠲᠦ ᠴᠢᠨᠤ ᠠᠯᠪᠠᠲᠤ᠂ ᠴᠢᠮ᠎ᠠ ᠳᠤ ᠵᠠᠬᠢᠷᠤᠭᠳᠠᠳᠠᠭ ᠴᠤ ᠭᠡᠯ᠎ᠡ᠂ ᠥᠴᠢᠨᠡᠨ ᠬᠤᠭᠤᠴᠠᠭ᠎ᠠ ᠥᠩᠭᠡᠷᠡᠴᠢᠬᠡᠭᠡᠳ ᠪᠠᠶᠢᠬᠤ ᠳᠤ ᠲᠡᠷᠡ ᠣᠳᠣ ᠶᠠᠭᠠᠬᠢᠭᠠᠳ ᠴᠢᠮᠠᠷᠠᠤ ᠢᠷᠡᠬᠦ ᠦᠭᠡᠢ ᠪᠠᠶᠢᠨ᠎ᠠ᠃ ᠪᠣᠷᠠᠺ ᠪᠠᠶᠢᠭ᠎ᠠ ᠤᠴᠢᠷ ᠠᠴᠠ ᠯᠠ ᠰᠦᠵᠢᠭᠲᠦ ᠨᠠᠰᠢ ᠪᠠᠨ ᠢᠷᠡᠭᠰᠡᠨ᠃ ᠰᠦᠵᠢᠭᠲᠦᠭ ᠡᠴᠡ ᠪᠣᠷᠠᠺ ᠲᠤ ᠥᠭᠬᠦ ᠶᠣᠰᠣᠲᠠᠢ ᠰᠠᠶᠢᠨ ᠮᠣᠷᠢᠳ ᠢ ᠴᠢ ᠥᠪᠡᠷᠲᠡᠭᠡᠨ ᠠᠪᠤᠭᠰᠠᠨ᠃ ᠴᠢ ᠥᠪᠡᠷᠲᠡᠭᠡᠨ ᠠᠪᠬᠤ ᠶᠣᠰᠣᠲᠠᠢ ᠮᠣᠷᠢᠳ ᠢ ᠪᠣᠷᠠᠺ ᠲᠤ ᠥᠭᠭᠦᠭᠰᠡᠨ᠃ ᠡᠶᠢᠮᠦ ᠤᠴᠢᠷ ᠠᠴᠠ ᠴᠢ ᠰᠦᠵᠦᠭᠲᠦᠭ ᠡᠴᠡ ᠥᠪᠡᠷᠲᠡᠭᠡᠨ ᠠᠪᠤᠭᠰᠠᠨ ᠮᠣᠷᠢᠳ ᠢ ᠪᠣᠷᠠᠭ ᠲᠤ ᠪᠡᠯᠡᠭ ᠪᠣᠯᠭᠠᠨ ᠪᠠᠷᠢ》 ᠭᠡᠵᠦ ᠵᠠᠯᠠᠶᠢᠷᠠᠲᠠᠢ ᠵᠠᠩᠳᠤᠷᠤᠭᠰᠠᠨ ᠪᠠᠶᠢᠨ᠎ᠠ᠃ ᠡᠨᠡ ᠦᠭᠡ ᠶᠢ ᠰᠣᠨᠣᠰᠤᠭᠰᠠᠨ ᠺᠢᠫᠴᠠᠺ ᠠᠭᠤᠷᠰᠠᠩᠭᠤᠢ ᠪᠠᠷ:》ᠠᠬ᠎ᠠ ᠳᠡᠭᠦᠦ ᠨᠠᠷ ᠤᠨ ᠬᠣᠭᠣᠷᠣᠨᠳᠣᠭᠤᠷ ᠣᠷᠣᠵᠤ ᠶᠡᠬᠡ ᠦᠭᠡ ᠬᠡᠯᠡᠵᠦ ᠪᠠᠶᠢᠳᠠᠭ ᠴᠢ ᠶᠡᠷᠦ ᠨᠢ ᠬᠡᠨ ᠶᠤᠮ ᠪᠤᠢ?》 ᠭᠡᠵᠡᠢ᠃ ᠵᠠᠯᠠᠶᠢᠷᠠᠲᠠᠢ:》ᠪᠢ ᠪᠣᠷᠠᠺ ᠤᠨ ᠵᠠᠷᠤᠴᠠ ᠪᠣᠯᠬᠤ ᠠᠴᠠ ᠴᠢᠨᠤᠬᠢ ᠪᠢᠰᠢ᠃ ᠲᠡᠶᠢᠮᠦ ᠤᠴᠢᠷ ᠴᠢ ᠨᠠᠮᠠᠢ ᠬᠡᠨ ᠪᠤᠢ ᠭᠡᠳᠡᠭ ᠢ ᠠᠰᠠᠭᠤᠬᠤ ᠪᠣᠯᠤᠭ᠎ᠠ ᠦᠭᠡᠢ》 ᠬᠡᠮᠡᠨ ᠬᠠᠷᠢᠭᠤᠯᠪᠠ᠃ ᠺᠢᠫᠴᠠᠺ:》ᠬᠡᠵᠢᠶ᠎ᠡ ᠴᠢᠩᠭᠢᠰ ᠬᠠᠭᠠᠨ ᠤ ᠤᠳᠤᠮ ᠤᠨ ᠬᠢᠨ ᠲᠠᠢ ᠬᠠᠷᠠᠴᠠ ᠬᠦᠮᠦᠨ ᠮᠠᠷᠭᠤᠯᠳᠤᠵᠤ ᠵᠢᠷᠦᠬᠡᠯᠡᠵᠦ ᠪᠠᠶᠢᠯ᠎ᠠ? ᠴᠢ ᠮᠠᠭᠤ ᠨᠣᠬᠠᠢ ᠨᠠᠳᠠ ᠳᠤ ᠤᠤ ᠭᠡᠵᠦ ᠰᠥᠷᠭᠡᠯᠳᠦᠨ᠎ᠡ ᠪᠤᠢ?》 ᠬᠡᠮᠡᠨ ᠠᠭᠤᠷᠯᠠᠪᠠ᠃ ᠵᠠᠯᠠᠶᠢᠷᠠᠲᠠᠢ:》ᠬᠡᠷᠪᠡ ᠪᠢ ᠨᠣᠬᠠᠢ ᠶᠤᠮ ᠪᠣᠯ ᠴᠢᠨᠤᠬᠢ ᠪᠢᠰᠢ ᠪᠣᠷᠠᠺ ᠤᠨ ᠬᠢ᠃ ᠴᠢ ᠥᠪᠡᠷ ᠦᠨ ᠨᠡᠷ᠎ᠡ ᠪᠡᠨ ᠬᠢᠴᠢᠶᠡᠵᠦ᠂ ᠬᠢᠷᠢ ᠪᠡᠨ ᠮᠡᠳᠡ》.ᠺᠢᠫᠴᠠᠺ ᠤᠨ ᠰᠢᠷ᠎ᠠ ᠨᠢ ᠬᠥᠳᠡᠯᠵᠦ:》ᠴᠢ ᠨᠠᠳᠠ ᠳᠤ ᠢᠩᠭᠢᠵᠦ ᠬᠠᠷᠢᠭᠤᠯᠵᠤ ᠪᠠᠶᠢᠭ᠎ᠠ ᠶᠤᠮ ᠤᠤ? ᠪᠢ ᠴᠢᠮᠠᠢ ᠲᠠᠰᠤ ᠴᠠᠪᠴᠢᠨ᠎ᠠ ᠳ᠋ᠠ! ᠪᠣᠷᠠᠺ ᠮᠢᠨᠦ ᠠᠬ᠎ᠠ ᠤᠴᠢᠷ ᠴᠢᠮᠠᠢ ᠲᠠᠰᠤ ᠴᠠᠪᠴᠢᠰᠤᠨ ᠤ ᠲᠥᠯᠥᠭᠡ ᠨᠠᠳᠠ ᠳᠤ ᠶᠠᠭᠤ ᠴᠤ ᠬᠡᠯᠡᠬᠦ ᠦᠭᠡᠢ》 ᠭᠡᠵᠡᠢ᠃ ᠵᠠᠯᠠᠶᠢᠷᠠᠲᠠᠢ ᠬᠢᠲᠤᠭ᠎ᠠ ᠰᠢᠭᠦᠷᠡᠨ ᠠᠪᠴᠤ:》ᠬᠡᠷᠪᠡ ᠴᠢ ᠮᠢᠨᠦ ᠡᠮᠦᠨ᠎ᠡ ᠡᠴᠡ ᠰᠠᠷᠪᠠᠯᠵᠠᠬᠤ ᠶᠤᠮ ᠪᠣᠯ ᠪᠢ ᠴᠢᠨᠤ ᠭᠡᠳᠡᠰᠦ ᠶᠢ ᠬᠦᠦ ᠲᠠᠲᠠᠨ᠎ᠠ》 ᠭᠡᠵᠦ ᠬᠠᠩᠬᠠᠯᠵᠠᠪᠠ᠃

ᠲᠡᠷᠡ ᠬᠣᠶᠠᠷ ᠤᠨ ᠬᠡᠷᠡᠭᠦᠯ ᠡᠶᠢᠨᠬᠦᠦ ᠲᠦᠢᠯ ᠳᠤ ᠪᠠᠨ ᠬᠦᠷᠬᠦ ᠳᠦ ᠪᠣᠷᠠᠺ ᠣᠭᠲᠣ ᠳᠤᠤᠭᠠᠷᠤᠯ ᠦᠭᠡᠢ ᠪᠠᠶᠢᠬᠤ ᠶᠢ ᠺᠢᠫᠴᠠᠺ ᠬᠠᠷᠠᠭᠠᠳ ᠪᠣᠷᠠᠺ ᠢ ᠵᠠᠯᠠᠶᠢᠷᠠᠲᠠᠢ ᠶᠢᠨ ᠲᠠᠯ᠎ᠠ ᠳᠤ ᠪᠠᠶᠢᠨ᠎ᠠ ᠭᠡᠵᠦ ᠣᠶᠢᠯᠠᠭᠠᠭᠠᠳ ᠨᠡᠷ᠎ᠡ ᠪᠡᠨ ᠬᠢᠴᠢᠶᠡᠨ ᠭᠠᠷᠴᠤ ᠶᠠᠪᠤᠵᠠᠢ᠃ ᠲᠡᠷᠡᠪᠡᠷ ᠥᠪᠡᠷ ᠦᠨ ᠴᠡᠷᠢᠭ ᠢᠶᠡᠨ ᠠᠪᠴᠤ ᠭᠣᠣᠯ ᠢ ᠭᠠᠲᠤᠯᠤᠨ ᠪᠤᠴᠠᠪᠠ᠃ ᠺᠢᠫᠴᠠᠺ ᠤᠨ ᠪᠤᠴᠠᠭᠰᠠᠨ ᠢ ᠪᠣᠷᠠᠺ ᠮᠡᠳᠡᠭᠡᠳ ᠰᠠᠨᠳᠤᠷᠤᠨ᠂ ᠲᠡᠭᠦᠨ ᠢ ᠪᠤᠴᠠᠭᠠᠵᠤ ᠢᠷᠡᠭᠦᠯᠬᠦ ᠭᠡᠵᠦ ᠳᠡᠭᠦᠦ ᠨᠢᠭᠫᠧᠢ ᠪᠡᠨ᠂ ᠮᠥᠨ ᠠᠷᠤ ᠠᠴᠠ ᠨᠢ ᠵᠠᠯᠠᠶᠢᠷᠠᠲᠠᠢ ᠶᠢ 3 ᠮᠢᠩᠭᠠᠨ ᠴᠡᠷᠢᠭ ᠲᠡᠢ ᠶᠠᠪᠤᠭᠤᠯᠵᠠᠢ᠃ ᠡᠭᠦᠨ ᠦ ᠳᠠᠷᠠᠭ᠎ᠠ ᠴᠠᠫᠠᠲ ᠴᠤ ᠴᠡᠷᠢᠭ ᠢᠶᠡᠨ ᠠᠪᠤᠨ ᠺᠢᠫᠴᠠᠺ ᠤᠨ ᠠᠷᠤ ᠠᠴᠠ ᠬᠠᠶᠢᠳᠤᠭ ᠤᠨ ᠵᠦᠭ ᠪᠤᠴᠠᠭᠰᠠᠨ ᠪᠠᠶᠢᠨ᠎ᠠ᠃ 1269 ᠣᠨ ᠳᠤ ᠪᠣᠯᠤᠭᠰᠠᠨ ᠡᠨᠡᠬᠦ ᠲᠤᠯᠤᠯᠳᠤᠭᠠᠨ ᠳᠤ ᠪᠣᠷᠠᠺ ᠤᠨ ᠴᠡᠷᠢᠭ ᠦᠨ ᠶᠡᠬᠡᠩᠬᠢ ᠨᠢ ᠠᠮᠢ ᠦᠷᠡᠭᠳᠡᠵᠦ ᠦᠯᠡᠳᠡᠭᠰᠡᠨ ᠬᠡᠳᠦᠨ ᠨᠢ ᠲᠠᠷᠠᠨ ᠵᠢᠭᠤᠳᠠᠪᠠ᠃ ᠬᠤᠨ ᠳᠤ ᠰᠢᠷᠬᠠᠲᠤᠭᠰᠠᠨ ᠪᠣᠷᠠᠺ ᠪᠤᠬᠤᠷ ᠲᠤ ᠣᠴᠢᠵᠤ ᠬᠡᠰᠡᠭ ᠬᠤᠭᠤᠴᠠᠭ᠎ᠠ ᠪᠠᠷ ᠪᠡᠶ᠎ᠡ ᠪᠡᠨ ᠲᠡᠩᠬᠡᠷᠡᠲᠡᠯ᠎ᠡ ᠪᠠᠶᠢᠭᠰᠠᠨ ᠪᠠᠶᠢᠨ᠎ᠠ᠃ ᠪᠣᠷᠠᠺ ᠥᠪᠡᠷᠲᠡᠭᠡᠨ ᠲᠤᠰᠯᠠᠬᠤ ᠠᠴᠠ ᠲᠠᠲᠠᠭᠠᠯᠵᠠᠭᠰᠠᠨ ᠴᠠᠭᠠᠳᠠᠢ ᠶᠢᠨ ᠬᠦᠦ ᠮᠤᠵᠢ-ᠶᠠᠶ ᠶᠢᠨ ᠬᠥᠪᠡᠭᠦᠨ ᠠᠬᠠᠮᠧᠳ ᠤᠨ ᠡᠰᠡᠷᠬᠦ ᠳᠠᠯᠳᠠ ᠲᠡᠮᠡᠴᠡᠯ ᠳᠡᠭᠳᠡᠭᠡᠪᠡ᠃ ᠪᠣᠷᠠᠺ ᠪᠠᠰᠠᠷ ᠠᠬ᠎ᠠ ᠶᠢ ᠪᠠᠨ ᠡᠯᠴᠢ ᠪᠣᠯᠭᠠᠨ ᠬᠠᠶᠢᠳᠤ ᠳᠤ ᠵᠠᠷᠤᠵᠤ: 》ᠬᠠᠨ ᠬᠥᠪᠡᠭᠦᠳ ᠨᠠᠳᠠ ᠳᠤ ᠲᠤᠰᠯᠠᠬᠤ ᠭᠡᠳ ᠬᠠᠶᠢᠬᠤᠷᠤᠮᠵᠢ ᠦᠭᠡᠢ ᠬᠠᠨᠳᠤᠭᠰᠠᠨ ᠠᠴᠠ ᠪᠢ ᠪᠣᠯᠤᠨ ᠮᠢᠨᠦ ᠴᠡᠷᠢᠭ ᠢᠯᠠᠭᠳᠠᠯ ᠢᠶᠠᠨ᠃ ᠬᠡᠳᠦᠢ ᠪᠡᠷ ᠮᠢᠨᠦ ᠬᠦᠴᠦᠨ ᠴᠢᠳᠠᠯ ᠳᠣᠷᠣᠶᠢᠲᠠᠭᠰᠠᠨ ᠴᠤ ᠭᠡᠯ᠎ᠡ ᠠᠨᠳᠠ ᠮᠢᠨᠢ ᠨᠠᠳᠠ ᠳᠤ ᠲᠤᠰᠠᠯᠠᠪᠠᠯ ᠪᠢ ᠲᠡᠳᠡᠨ ᠦ ᠠᠷᠤ ᠠᠴᠠ ᠮᠥᠰᠬᠢᠨ ᠬᠥᠭᠡᠭᠡᠵᠦ᠂ ᠪᠠᠷᠢᠵᠤ ᠠᠪᠴᠤ ᠵᠣᠬᠢᠬᠤ ᠱᠠᠩ ᠢ ᠨᠢ ᠬᠦᠷᠲᠡᠭᠡᠬᠦ ᠪᠣᠯᠤᠨ᠎ᠠ》 ᠭᠡᠵᠦ ᠬᠡᠯᠡᠭᠦᠯᠵᠡᠢ᠃ [ᠷᠠᠰᠢ ᠳᠤ ᠳᠤ-ᠳ᠋ᠢᠩ᠂ ᠮᠥᠨ ᠲᠡᠨᠳᠡ].ᠪᠣᠷᠠᠺ ᠤᠨ ᠡᠨᠡᠬᠦ ᠰᠠᠨᠠᠯ ᠢ ᠬᠠᠶᠢᠳᠤ ᠡᠷᠭᠢᠴᠡᠭᠦᠯᠦᠨ ᠪᠣᠳᠣᠵᠤ᠂ ᠬᠦᠮᠦᠨ ᠦ ᠭᠠᠷ ᠢᠶᠠᠷ ᠮᠣᠭᠠᠢ ᠪᠠᠷᠢᠬᠤ ᠭᠡᠰᠡᠨ ᠪᠣᠷᠠᠺ ᠤᠨ ᠳᠠᠯᠳᠠ ᠰᠠᠨᠠᠭ᠎ᠠ ᠶᠢ ᠭᠠᠳᠠᠷᠯᠠᠨ ᠡᠯᠴᠢ ᠪᠠᠰᠠᠷ ᠢ ᠪᠠᠷᠢᠪᠴᠢᠯᠠᠨ ᠳᠥᠩᠭᠡᠯᠡᠵᠡᠢ᠃ ᠬᠠᠶᠢᠳᠤ ᠪᠣᠷᠠᠺ ᠤᠨ ᠬᠦᠴᠦᠨᠰᠤᠯᠠᠷᠠᠭᠰᠠᠨ ᠢ ᠳᠠᠯᠢᠮᠳᠠᠭᠤᠯᠤᠨ ᠪᠦᠷᠢᠮᠦᠰᠦᠨ ᠵᠠᠶᠢᠯᠠᠭᠤᠯᠬᠤ ᠶᠢᠨ ᠲᠤᠯᠠᠳᠠ ᠲᠡᠭᠦᠨ ᠳᠦ ᠲᠤᠰᠠᠯᠠᠨ᠎ᠠ ᠭᠡᠰᠡᠨ ᠴᠤᠤ ᠲᠠᠷᠠᠭᠠᠭᠠᠳ 20 ᠮᠢᠩᠭᠠᠨ ᠴᠡᠷᠢᠭ ᠦᠨ ᠬᠠᠮᠲᠤ ᠪᠣᠷᠠᠺ ᠤᠨ ᠡᠰᠡᠷᠬᠦ ᠮᠣᠷᠳᠠᠵᠠᠢ᠃ ᠡᠨᠡ ᠦᠶ᠎ᠡ ᠳᠦ ᠪᠣᠷᠠᠺ ᠤᠨ ᠬᠦᠮᠦᠰ ᠠᠬᠠᠮᠧᠳ ᠢ ᠭᠠᠷ ᠲᠤ ᠪᠠᠨ ᠣᠷᠣᠭᠤᠯᠤᠨ ᠠᠯᠠᠭᠰᠠᠨ ᠪᠠᠶᠢᠴᠠᠢ᠃ ᠡᠭᠦᠨ ᠡᠴᠡ ᠪᠣᠯᠵᠤ ᠪᠣᠷᠠᠺ ᠬᠠᠶᠢᠳᠤ ᠠᠴᠠ ᠴᠡᠷᠢᠭ ᠦᠨ ᠲᠤᠰᠠᠯᠠᠮᠵᠢ ᠬᠦᠰᠡᠭᠰᠡᠨ ᠳᠦ ᠪᠡᠨ ᠬᠠᠷᠠᠮᠰᠠᠴᠢ ᠬᠠᠶᠢᠳᠤ ᠳᠤ ᠡᠯᠴᠢ ᠢᠯᠡᠭᠡᠨ: 》ᠠᠨᠳᠠ ᠬᠠᠶᠢᠳᠤ ᠮᠢᠨᠢ ᠡᠨᠳᠡ ᠥᠪᠡᠷ ᠦᠨ ᠴᠢᠨᠢ ᠲᠤᠰᠠᠯᠠᠯᠴᠠᠭ᠎ᠠ ᠶᠢ ᠠᠪᠬᠤ ᠬᠡᠷᠡᠭᠴᠡᠭᠡ ᠦᠭᠡᠢ ᠪᠣᠯᠤᠯ᠎ᠠ᠃ ᠣᠳᠣ ᠰᠠᠨᠠᠭ᠎ᠠ ᠪᠠᠨ ᠵᠣᠪᠠᠭᠠᠯ ᠦᠭᠡᠢ ᠪᠤᠴᠠᠵᠤ ᠬᠠᠷᠢ》 ᠬᠡᠮᠡᠨ ᠬᠡᠯᠡᠭᠦᠯᠵᠡᠢ᠃ᠬᠠᠶᠢᠳᠤ ᠪᠣᠷᠠᠺ ᠤᠨ ᠡᠯᠴᠢ ᠶᠢᠨ ᠦᠭᠡ ᠶᠢ ᠦᠯᠦ ᠲᠣᠭᠤᠵᠤ ᠤᠷᠤᠭᠰᠢᠯᠠᠭᠰᠠᠭᠠᠷ ᠪᠣᠷᠠᠺ ᠤᠨ ᠥᠷᠭᠦᠭᠡᠨ ᠳᠦ ᠣᠶᠢᠷᠠᠳᠤᠨ ᠪᠦᠰᠡᠯᠡᠵᠦ ᠬᠣᠨᠣᠵᠠᠢ᠃ ᠪᠣᠷᠠᠺ ᠠᠶᠤᠭᠰᠠᠨ ᠳᠤ ᠪᠠᠨ ᠲᠡᠷᠡ ᠰᠥᠨᠢ ᠳᠦ ᠪᠡᠨ ᠨᠠᠰᠤ ᠪᠠᠷᠠᠭᠰᠠᠨ ᠪᠠᠶᠢᠯ᠎ᠠ ᠭᠡᠵᠦ 《ᠰᠤᠳᠤᠷ ᠤᠨ ᠴᠢᠭᠤᠯᠭᠠᠨ》 ᠍ ᠳᠦ ᠦᠭᠦᠯᠡᠭᠰᠡᠨ ᠪᠠᠶᠢᠨ᠎ᠠ᠃ [ᠷᠠᠰᠢ ᠳᠤ ᠳᠤ-ᠳ᠋ᠢᠩ ᠲ᠃III:85]. ᠳᠠᠷᠠᠭ᠎ᠠ ᠡᠳᠦᠷ ᠨᠢ ᠬᠠᠶᠢᠳᠤ ᠪᠣᠷᠠᠺ ᠤᠨ ᠥᠷᠭᠦᠭᠡᠨ ᠳᠦ ᠣᠴᠢᠵᠤ ᠭᠠᠰᠢᠭᠤᠳᠠᠯ ᠢᠯᠡᠷᠬᠡᠶᠢᠯᠡᠭᠡᠳ᠂ ᠣᠷᠣᠰᠢᠭᠤᠯᠭ᠎ᠠ ᠳᠤ ᠨᠢ ᠣᠷᠣᠯᠴᠠᠵᠠᠢ᠃ ᠪᠣᠷᠠᠺ ᠤᠨ ᠴᠣᠭᠴᠠᠰ ᠢ ᠮᠣᠩᠭᠣᠯ ᠶᠣᠰᠣᠭᠠᠷ ᠥᠨᠳᠥᠷ ᠭᠠᠵᠠᠷ ᠣᠩᠭᠣᠯᠠᠭᠰᠠᠨ ᠪᠠᠶᠢᠨ᠎ᠠ᠃ ᠲᠡᠨᠳᠡ ᠪᠠᠶᠢᠭᠰᠠᠨ ᠬᠠᠨ ᠬᠥᠪ ᠦᠳ᠂ ᠨᠣᠶᠠᠳ ᠬᠠᠶᠢᠳ᠋ ᠍ ᠤᠳ ᠪᠠᠷᠠᠭᠠᠯᠬᠠᠨ 《ᠡᠨᠡ ᠴᠠᠭ ᠦᠶ᠎ᠡ ᠬᠦᠷᠲᠡᠯ᠎ᠡ ᠪᠢᠳᠡᠨ ᠦ ᠡᠵᠡᠨ ᠪᠣᠷᠠᠺ ᠠᠬ᠎ᠠ ᠪᠠᠶᠢᠭᠰᠠᠨ ᠶᠤᠮ᠃ ᠡᠭᠦᠨ ᠡᠴᠡ ᠬᠣᠶᠢᠰᠢ ᠬᠠᠶᠢᠳᠤ ᠠᠬ᠎ᠠ ᠪᠢᠳᠡᠨ ᠢ ᠵᠠᠬᠢᠷᠬᠤ ᠪᠣᠯᠤᠨ᠎ᠠ᠃ ᠲᠠ ᠤᠤ ᠭᠡᠵᠦ ᠵᠠᠷᠯᠢᠭ ᠪᠠᠭᠤᠯᠭᠠᠨ᠎ᠠ ᠪᠢᠳᠡ ᠶᠣᠰᠣᠭᠠᠷ ᠭᠦᠢᠴᠡᠳᠭᠡᠨ᠎ᠡ》 ᠭᠡᠳ ᠮᠡᠬᠦᠶᠢᠨ ᠶᠤᠰᠤᠯᠠᠪᠠ᠃ [ᠷᠠᠰᠢ ᠳᠤ ᠳᠤ ᠳ᠋ᠢᠩ ᠲ᠃II:100].

ᠬᠠᠶᠢᠳᠤ ᠪᠣᠷᠠᠺ ᠤᠨ ᠬᠥᠷᠥᠩᠭᠡ ᠶᠢ ᠴᠡᠷᠢᠭ ᠦᠳ ᠲᠡᠭᠡᠨ ᠬᠤᠪᠢᠶᠠᠵᠤ ᠥᠭᠭᠦᠭᠡᠳ ᠨᠤᠲᠤᠭ ᠤᠨ ᠵᠦᠭ ᠣᠳᠴᠠᠢ᠃ ᠡᠭᠦᠨ ᠳᠦ ᠨᠢ ᠪᠣᠷᠠᠺ ᠤᠨ ᠦᠦᠭᠢᠨ ᠬᠥᠪᠡᠭᠦᠨ ᠶᠡᠬᠡᠳᠡ ᠳᠤᠷᠠᠭᠦᠶᠢᠴᠡᠨ ᠠᠯᠤᠰᠤ᠂ ᠴᠤᠫᠠᠢ᠂ ᠺᠠᠫᠠᠨ ᠨᠡᠷᠡᠲᠦ ᠳᠡᠭᠦᠦ ᠨᠠᠷ ᠢᠶᠠᠨ ᠳᠠᠭᠠᠭᠤᠯᠤᠨ ᠠᠯᠲᠠᠨ ᠣᠷᠳᠣᠨ ᠤ ᠪᠡᠬᠢᠲᠡᠮᠦᠷ ᠬᠠᠭᠠᠨ ᠳᠤ ᠳᠠᠭᠠᠷ᠎ᠠ ᠣᠷᠣᠵᠠᠢ᠃ ᠭᠤᠶᠣᠭ ᠬᠠᠭᠠᠨ ᠤ ᠬᠣᠶᠠᠳᠤᠭᠠᠷ ᠬᠦᠦ ᠴᠠᠫᠠᠲ ᠨᠢ ᠠᠷᠠᠳ ᠢᠷᠭᠡᠳ ᠢᠶᠡᠨ ᠳᠠᠭᠠᠭᠤᠯᠤᠨ ᠬᠤᠪᠢᠯᠠᠢ ᠬᠠᠭᠠᠨ ᠢ ᠪᠠᠷᠠᠭᠠᠳᠠᠨ ᠶᠠᠪᠤᠵᠠᠢ᠃ ᠬᠠᠷᠢᠨ ᠮᠤᠪᠠᠷᠧᠺ ᠰᠢᠬ᠎ᠠ ᠶᠢᠨ ᠬᠥᠪᠡᠭᠦᠳ ᠪᠣᠯᠤᠨ ᠬᠠᠷ ᠬᠢᠦᠯᠭᠡ ᠶᠢᠨ ᠬᠥᠪᠡᠭᠦᠨ ᠡᠯ᠎ᠡ ᠬᠠᠭᠠᠳ ᠤᠨ ᠤᠯᠤᠰ ᠤᠨ ᠠᠪᠠᠭ᠎ᠠ ᠬᠠᠭᠠᠨ ᠤ ᠬᠠᠷᠢᠶᠠᠨ ᠳᠤ ᠣᠷᠣᠬᠤ ᠳᠤ ᠬᠠᠭᠠᠨ ᠲᠡᠳᠡᠨ ᠢ ᠭᠠᠵᠠᠨᠢ ᠬᠣᠲᠠ ᠶᠢᠨ ᠣᠷᠴᠢᠮ ᠪᠠᠶᠢᠷᠢᠯᠠᠵᠤ ᠪᠠᠶᠢᠭᠰᠠᠨ ᠨᠢᠺᠦᠶᠢᠳᠤᠷ ᠤᠨ ᠴᠡᠷᠢᠭ ᠦᠨ ᠳᠠᠷᠤᠭ᠎ᠠ ᠨᠠᠷ ᠢᠶᠠᠷ ᠲᠣᠮᠢᠯᠠᠵᠠᠢ᠃ ᠪᠣᠷᠠᠺ ᠤᠨ ᠠᠬ᠎ᠠ ᠪᠠᠰᠠᠷ ᠨᠢ ᠮᠥᠨ ᠲᠡᠳᠡᠨ ᠦ ᠠᠷᠤ ᠠᠴᠠ ᠠᠪᠠᠭ᠎ᠠ ᠬᠠᠭᠠᠨ ᠳᠤ ᠣᠴᠢᠵᠤ ᠠᠯᠪᠠ ᠬᠠᠭᠠᠬᠤ ᠪᠣᠯᠪᠠ᠃ ᠪᠣᠷᠠᠺ ᠢ ᠨᠠᠰᠤ ᠪᠠᠷᠠᠭᠰᠠᠨ ᠠᠴᠠ ᠬᠣᠶᠢᠰᠢ ᠴᠠᠭᠠᠳᠠᠢ ᠶᠢᠨ ᠤᠯᠤᠰ ᠤᠨ ᠨᠥᠯᠥᠭᠡ ᠪᠦᠬᠦᠢ ᠬᠠᠨ ᠬᠥᠪᠡᠭᠦᠳ ᠪᠣᠯᠤᠨ ᠨᠣᠶᠠᠳ ᠬᠠᠶᠢᠳᠤᠭ ᠤᠨ ᠵᠠᠬᠢᠷᠭ᠎ᠠ ᠶᠢ ᠦᠯᠦ ᠵᠥᠪᠰᠢᠶᠡᠷᠡᠨ ᠲᠠᠯ᠎ᠠ ᠲᠠᠯ᠎ᠠ ᠲᠡᠰᠢ ᠪᠡᠨ ᠰᠠᠷᠨᠢᠨ ᠣᠳᠴᠠᠢ᠃ ᠥᠭᠡᠷ᠎ᠡ ᠪᠡᠷ ᠬᠡᠯᠡᠪᠡᠯ᠂ ᠴᠠᠭᠠᠳᠠᠢ ᠶᠢᠨ ᠤᠯᠤᠰ ᠤᠨ ᠨᠥᠯᠥᠭᠡ ᠪᠦᠬᠦᠢ ᠨᠣᠶᠠᠳ ᠬᠤᠪᠢᠯᠠᠢ ᠶᠢᠨ ᠡᠰᠡᠷᠬᠦ ᠬᠢᠵᠦ ᠪᠠᠶᠢᠭᠰᠠᠨ ᠬᠠᠶᠢᠳᠤ ᠨᠣᠶᠠᠨ ᠤ ᠲᠡᠮᠡᠴᠡᠯ ᠢ ᠲᠣᠯᠣᠭᠠᠢ ᠳᠠᠷᠠᠭᠠᠯᠠᠨ ᠳᠡᠮᠵᠢᠵᠦ ᠪᠠᠶᠢᠭ᠎ᠠ ᠦᠭᠡᠢ ᠶᠢ ᠡᠨᠡ ᠪᠠᠷᠢᠮᠲᠠ ᠬᠠᠷᠠᠭᠤᠯᠵᠤ ᠪᠠᠶᠢᠭ᠎ᠠ ᠶᠤᠮ᠃ ᠬᠠᠶᠢᠳᠤ ᠬᠤᠪᠢᠯᠠᠢ ᠶᠢᠨ ᠬᠣᠭᠣᠷᠣᠨᠳᠣᠬᠢ ᠵᠡᠪᠰᠡᠭᠲᠦ ᠲᠡᠮᠡᠴᠡᠯ ᠬᠤᠪᠢᠯᠠᠢ ᠶᠢᠨ ᠨᠠᠰᠤ ᠨᠥᠬᠦᠴᠢᠬᠦ ᠬᠦᠷᠲᠡᠯ᠎ᠡ (1294) 30 ᠭᠠᠷᠤᠢ ᠵᠢᠯ ᠦᠷᠬᠦᠯᠵᠢᠯᠡᠪᠡ᠃ ᠬᠠᠶᠢᠳᠤ ᠦᠶ᠎ᠡ ᠦᠶ᠎ᠡ ᠬᠤᠪᠢᠯᠠᠢ ᠬᠠᠭᠠᠨ ᠤ ᠡᠰᠡᠷᠬᠦ ᠶᠡᠬᠡ ᠪᠠᠭ᠎ᠠ ᠳᠣᠪᠲᠣᠯᠭᠠᠨ ᠬᠢᠭᠰᠡᠭᠡᠷ ᠡᠪᠦᠭᠡ ᠡᠴᠢᠭᠡ ᠥᠭᠡᠲᠡᠢ ᠶᠢᠨ ᠡᠵᠡᠮᠰᠢᠯ ᠨᠤᠲᠤᠭ ᠢ ᠰᠡᠷᠭᠦᠭᠡᠨ ᠲᠣᠪᠬᠢᠨᠠᠭᠤᠯᠤᠭᠠᠳ ᠡᠵᠡᠨ ᠨᠢ ᠰᠠᠭᠤᠵᠤ ᠪᠠᠶᠢᠴᠠᠢ᠃ ᠬᠤᠪᠢᠯᠠᠢ ᠬᠠᠭᠠᠨ ᠠᠮᠢᠳᠤᠷᠠᠯ ᠤᠨ ᠢᠶᠠᠨ ᠲᠤᠷᠰᠢ ᠬᠠᠶᠢᠳᠤᠭ ᠤᠨ ᠬᠦᠴᠦ ᠶᠢ ᠪᠦᠷᠢᠮᠦᠰᠦᠨ ᠪᠤᠲᠠ ᠨᠢᠷᠭᠡᠵᠦ ᠴᠢᠳᠠᠭ᠎ᠠ ᠦᠭᠡᠢ ᠶᠤᠮ᠃ᠡᠨᠡ ᠬᠣᠶᠠᠷ ᠤᠨ ᠲᠡᠮᠡᠴᠡᠯ ᠳᠦ ᠳᠤᠮᠳᠠᠳᠤ ᠠᠽᠢᠶ᠎ᠠ ᠳᠠᠬᠢ ᠴᠠᠭᠠᠳᠠᠢ ᠶᠢᠨ ᠬᠠᠭᠠᠨᠲᠤ ᠤᠯᠤᠰ ᠬᠠᠮᠤᠭ ᠤᠨ ᠶᠡᠬᠡ ᠬᠡᠯᠮᠡᠭᠳᠡᠭᠰᠡᠨ ᠤᠴᠢᠷ ᠨᠢ ᠲᠡᠭᠦᠨ ᠦ ᠡᠳ᠋ ᠍ ᠦᠨ ᠵᠠᠰᠠᠭ ᠤᠨ ᠬᠥᠭᠵᠢᠯ ᠴᠡᠴᠡᠭᠯᠡᠯᠲᠡ ᠲᠣᠷᠭᠠᠨ ᠵᠠᠮ ᠤᠨ ᠬᠤᠳᠠᠯᠳᠤᠭ᠎ᠠ ᠲᠠᠢ ᠰᠢᠭᠤᠳ ᠬᠣᠯᠪᠣᠭ᠎ᠠ ᠲᠠᠢ ᠪᠠᠶᠢᠭᠰᠠᠨ ᠳᠤ ᠣᠷᠣᠰᠢᠨ᠎ᠠ᠃ᠬᠠᠶᠢᠳᠤ ᠨᠣᠶᠠᠨ ᠢ ᠨᠠᠰᠤ ᠪᠠᠷᠠᠭᠰᠠᠨ ᠤ ᠳᠠᠷᠠᠭᠠᠬᠠᠨ ᠴᠠᠭᠠᠳᠠᠢ ᠶᠢᠨ ᠤᠳᠤᠮ ᠤᠨ ᠳᠤᠸᠠ ᠬᠠᠭᠠᠨ 1282 ᠣᠨ ᠳᠤ ᠤᠯᠤᠰ ᠤᠨ ᠢᠶᠠᠨ ᠡᠵᠡᠨ ᠰᠠᠭᠤᠭᠰᠠᠨ ᠪᠠᠶᠢᠨ᠎ᠠ᠃

ᠣᠯᠠᠨ ᠵᠢᠯ ᠦᠷᠭᠦᠯᠵᠢᠯᠡᠭᠰᠡᠨ ᠬᠠᠶᠢᠳᠤ ᠬᠤᠪᠢᠯᠠᠢ ᠨᠠᠷ ᠤᠨ ᠵᠡᠪᠰᠡᠭᠲᠦ ᠲᠡᠮᠡᠴᠡᠯ ᠦᠨ ᠬᠥᠯ ᠳᠦ ᠨᠡᠷᠪᠡᠭᠳᠡᠭᠰᠡᠨ ᠤᠯᠤᠰ ᠣᠷᠣᠨ ᠢᠶᠠᠨ ᠲᠥᠪᠬᠢᠨᠡᠭᠦᠯᠬᠦ᠂ ᠡᠳ᠋ ᠍ ᠦᠨ ᠵᠠᠰᠠᠭ ᠢᠶᠠᠨ ᠬᠥᠭᠵᠢᠭᠦᠯᠬᠦ ᠠᠰᠠᠭᠤᠳᠠᠯ ᠲᠠᠢ ᠴᠠᠭᠠᠳᠠᠢ ᠶᠢᠨ ᠤᠯᠤᠰ ᠤᠨ ᠲᠥᠷᠥ ᠶᠢ ᠪᠠᠷᠢᠭᠰᠠᠨ ᠳᠤᠸᠠ ᠬᠠᠭᠠᠨ ᠪᠣᠯᠤᠨ ᠲᠡᠭᠦᠨ ᠦ ᠦᠶ᠎ᠡ ᠵᠠᠯᠭᠠᠮᠵᠢᠯᠠᠭᠴᠢᠳ ᠤᠨ ᠡᠮᠦᠨ᠎ᠡ ᠲᠤᠯᠭᠠᠷᠠᠪᠠ᠃ ᠶᠠᠭᠤᠨ ᠤ ᠡᠮᠦᠨ᠎ᠡ ᠲᠡᠷᠡᠪᠡᠷ ᠵᠠᠰᠠᠭ ᠵᠠᠬᠢᠷᠭᠠᠨ ᠤ ᠬᠠᠭᠤᠴᠢᠨ ᠲᠣᠭᠲᠠᠯᠴᠠᠭ᠎ᠠ ᠶᠢ ᠬᠠᠯᠠᠵᠤ ᠲᠦᠮᠡᠲᠦ ᠶᠢᠨ ᠬᠤᠪᠢᠶᠠᠷᠢ ᠶᠢ ᠳᠡᠯᠭᠡᠷᠡᠭᠦᠯᠪᠡ᠃ ᠡᠭᠦᠨ ᠦ ᠦᠷ᠎ᠡ ᠳ᠋ᠦᠩ ᠳᠦ ᠴᠠᠭᠠᠳᠠᠢ ᠶᠢᠨ ᠤᠯᠤᠰ ᠤᠨ ᠳᠣᠲᠣᠭᠠᠳᠤ ᠪᠠᠶᠢᠳᠠᠯ ᠨᠡᠯᠢᠶᠡᠳ ᠲᠣᠭᠲᠠᠪᠤᠷᠢᠵᠢᠪᠠ᠃ 1306 ᠣᠨ ᠳᠤ ᠳᠤᠸᠠ ᠬᠠᠨ ᠨᠠᠰᠤ ᠨᠥᠬᠥᠴᠢᠪ᠃ ᠳᠤᠸᠠ ᠬᠠᠭᠠᠨ ᠤ ᠳᠠᠷᠠᠭ᠎ᠠ ᠡᠭᠡᠯᠵᠢ ᠳᠠᠷᠠᠭᠠᠯᠠᠨ ᠲᠥᠷᠥ ᠪᠠᠷᠢᠭᠰᠠᠨ ᠲᠡᠭᠦᠨ ᠦ ᠭᠤᠷᠪᠠᠨ ᠬᠥᠪᠡᠭᠦᠳ ᠦᠨ ᠨᠢᠭᠡ ᠨᠢ ᠪᠣᠯᠬᠤ ᠺᠧᠪᠧᠺ (1318 – 1326) ᠤᠯᠤᠰ ᠤᠨ ᠢᠶᠠᠨ ᠡᠳ᠋ ᠍ ᠦᠨ ᠵᠠᠰᠠᠭ ᠢ ᠬᠥᠭᠵᠢᠭᠦᠯᠬᠦ ᠳᠤ ᠨᠡᠯᠢᠶᠡᠳ ᠠᠩᠬᠠᠷᠤᠯ ᠢᠶᠠᠨ ᠬᠠᠨᠳᠤᠭᠤᠯᠵᠠᠢ᠃ . ᠠᠺᠠᠳᠧᠮᠢᠺ ᠸ᠃ᠸ᠃ᠪᠠᠷᠲᠯᠳ ᠤᠨ ᠪᠢᠴᠢᠭᠰᠡᠨ ᠢᠶᠡᠷ ᠺᠧᠪᠧᠺ ᠬᠠᠭᠠᠨ 《ᠮᠦᠰᠦ᠋ᠯᠮᠠᠨ ᠤ ᠱᠠᠰᠢᠨ ᠳᠤ ᠣᠷᠣᠭ᠎ᠠ ᠦᠭᠡᠢ ᠴᠤ ᠮᠦᠰᠦ᠋ᠯᠮᠠᠨᠴᠤᠳ ᠲᠡᠭᠦᠨ ᠢ ᠰᠢᠳᠤᠷᠭᠤ ᠲᠥᠷᠥ ᠪᠠᠷᠢᠭᠴᠢ ᠬᠡᠮᠡᠨ ᠮᠠᠭᠲᠠᠨ ᠬᠣᠲᠤ ᠨᠤᠭᠤᠳ ᠢ ᠰᠡᠷᠭᠦᠭᠡᠵᠦ᠂ ᠰᠢᠨ᠎ᠡ ᠪᠡᠷ ᠪᠠᠷᠢᠵᠤ ᠪᠠᠶᠢᠭᠤᠯᠤᠭᠰᠠᠨ》 ᠠᠵᠢ᠃ [ᠪᠠᠷᠲ᠋ᠣᠯᠢ ᠳᠤ 1964 ᠪ: 543].

ᠪᠢᠴᠢᠭᠡᠰᠦ