ᠴᠠᠭᠠᠯᠪᠤᠷᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠴᠠᠭᠠᠯᠪᠤᠷᠢ, ᠯᠢ ᠳᠦ, ᠺᠠᠯᠧᠨᠳᠠᠷᠢ, ᠬᠤᠸᠠᠩᠯᠢ ᠨᠢ ᠨᠡᠶᠢᠭᠡᠮᠱᠠᠰᠢᠨᠬᠤᠳᠠᠯᠳᠤᠭ᠎ᠠ ᠠᠷᠠᠯᠵᠢᠶ᠎ᠠᠵᠠᠰᠠᠭ ᠵᠠᠬᠢᠷᠭ᠎ᠠ ᠶᠢᠨ ᠵᠣᠷᠢᠭᠤᠯᠤᠯᠲᠠ ᠪᠠᠷ ᠡᠳᠦᠷ ᠦᠳ ᠢ ᠵᠣᠬᠢᠶᠠᠨ ᠪᠠᠶᠢᠭᠤᠯᠬᠤ ᠰᠢᠰᠲ᠋ᠧᠮ ᠶᠤᠮ᠃ ᠢᠩᠭᠢᠬᠦ ᠶᠢᠨ ᠲᠤᠯᠠᠳᠠ ᠲᠣᠳᠣᠷᠬᠠᠢ ᠴᠠᠭ ᠬᠤᠭᠤᠴᠠᠭ᠎ᠠ ᠨᠤᠭᠤᠳ ᠲᠤ ᠨᠡᠷ᠎ᠡ ᠣᠯᠭᠤᠨ᠎ᠠ: ᠬᠣᠨᠣᠭᠳᠣᠯᠣᠭ᠎ᠠ ᠬᠣᠨᠣᠭᠰᠠᠷ᠎ᠠᠵᠢᠯ ᠭᠡᠬᠦ ᠮᠡᠲᠦ᠃ ᠡᠳᠦᠷ ᠦᠳ ᠲᠦ ᠥᠭᠬᠦ ᠨᠡᠷ᠎ᠡ ᠶᠢ ᠣᠩᠨᠠᠭ᠎ᠠ ᠭᠡᠨ᠎ᠡ᠃ ᠴᠠᠭᠠᠯᠪᠤᠷᠢ ᠳᠠᠬᠢ ᠦᠶ᠎ᠡ ᠨᠦᠭᠦᠳ (ᠵᠢᠯ᠂ ᠰᠠᠷ᠎ᠠ ᠬᠡᠬᠦ ᠮᠡᠳᠦ) ᠨᠢ ᠶᠡᠬᠡᠩᠬᠢ ᠳᠦ ᠪᠡᠨ ᠰᠠᠷ᠎ᠠ ᠡᠰᠡᠪᠡᠯ ᠨᠠᠷᠠ ᠶᠢᠨ ᠼᠢᠺᠯ ᠲᠡᠢ ᠰᠢᠩᠬᠠᠷᠠᠨᠴᠢᠯᠠᠭᠳᠠᠭᠰᠠᠨ ᠪᠠᠶᠢᠳᠠᠭ᠃ ᠣᠯᠠᠨ ᠢᠷᠭᠡᠨᠰᠢᠯ᠂ ᠨᠡᠶᠢᠭᠡᠮ ᠦᠳ ᠨᠢ ᠥᠪᠡᠷᠰᠡᠳ ᠦᠨ ᠬᠡᠷᠡᠭᠴᠡᠭᠡᠨ ᠳᠦ ᠪᠡᠨ ᠲᠠᠭᠠᠷᠠᠭᠤᠯᠤᠨ᠂ (ᠶᠡᠬᠡᠩᠬᠢ ᠳᠦ ᠪᠡᠨ) ᠥᠭᠡᠷ᠎ᠡ ᠭᠠᠵᠠᠷ ᠠᠴᠠ ᠭᠠᠷᠤᠯ ᠡᠭᠦᠰᠦᠯ ᠲᠡᠢ ᠴᠠᠭᠠᠯᠪᠤᠷᠢ ᠳᠡᠭᠡᠷ᠎ᠡ ᠲᠤᠯᠭᠠᠭᠤᠷᠢᠯᠠᠭᠰᠠᠨ ᠴᠠᠭᠠᠯᠪᠤᠷᠢ ᠨᠤᠭᠤᠳ ᠢ ᠵᠣᠬᠢᠶᠠᠭᠰᠠᠨ ᠪᠠᠶᠢᠳᠠᠭ᠃

ᠴᠠᠭᠠᠯᠪᠤᠷᠢ ᠨᠢ ᠮᠥᠨ ᠤᠨ ᠲᠣᠭᠠᠯᠠᠯ ᠪᠢᠴᠢᠭᠰᠡᠨ ᠲᠥᠬᠥᠭᠡᠷᠦᠮᠵᠢ ᠶᠢ ᠬᠡᠯᠡᠨ᠎ᠡ᠃ ᠡᠨᠡ ᠨᠢ ᠴᠠᠭᠠᠰᠤᠨ ᠳᠡᠭᠡᠷ᠎ᠡ ᠬᠡᠪᠯᠡᠭᠰᠡᠨ᠂ ᠡᠰᠡᠪᠡᠯ ᠺᠣᠮᠫᠢᠤᠲ᠋ᠧᠷ ᠦᠨ ᠫᠷᠣᠭ᠍ᠷᠠᠮ ᠪᠠᠶᠢᠵᠤ ᠪᠣᠯᠤᠨ᠎ᠠ᠃

ᠺᠠᠯᠧᠨᠳᠠᠷᠢ ᠭᠡᠳᠡᠭ ᠦᠭᠡ ᠨᠢ ᠯᠠᠲ᠋ᠢᠨ ᠬᠡᠯᠡᠨᠢᠭᠢ kalendae ᠭᠡᠳᠡᠭ ᠡᠴᠡ ᠭᠠᠷᠤᠯ ᠲᠠᠢ ᠪᠥᠭᠡᠳ ᠡᠨᠡ ᠨᠢ ᠯᠠᠲ᠋ᠢᠨ ᠬᠡᠯᠡ ᠪᠡᠷ ᠰᠠᠷ᠎ᠠ ᠪᠦᠷᠢ ᠶᠢᠨ ᠡᠬᠢᠨ ᠦ ᠡᠳᠦᠷ ᠦᠨ ᠨᠡᠷᠡ ᠪᠠᠶᠢᠴᠠᠢ᠃

ᠬᠤᠸᠠᠩᠯᠢ (ᠬᠢᠯᠪᠠᠷ ᠬᠠᠨᠵᠤ: 皇历; ᠤᠯᠠᠮᠵᠢᠯᠠᠯᠲᠤ ᠬᠠᠨᠵᠤ: 皇曆; ᠫᠢᠨᠢᠨ: huánglì) ᠭᠡᠳᠡᠭ ᠦᠭᠡ ᠨᠢ ᠬᠢᠲᠠᠳ ᠢᠶᠠᠷ 《ᠡᠵᠡᠨ ᠬᠠᠭᠠᠨ ᠤ ᠴᠠᠭᠠᠯᠪᠤᠷᠢ》 ᠭᠡᠰᠡᠨ ᠦᠭᠡ ᠪᠥᠭᠡᠳ ᠡᠳᠦᠷ ᠪᠦᠷᠢ ᠲᠣᠬᠢᠶᠠᠬᠤ ᠣᠨᠴᠠ ᠴᠢᠬᠤᠯᠠ ᠦᠢᠯᠡ ᠶᠠᠪᠤᠳᠠᠯ᠂ ᠴᠠᠭ᠂ ᠵᠦᠭ ᠴᠢᠭ ᠢ ᠵᠢᠭᠠᠳᠠᠭ ᠪᠠᠶᠢᠨ᠎ᠠ᠃

ᠪᠢᠴᠢᠭᠡᠰᠦ