ᠴᠠᠭᠠᠨ ᠲᠤᠭᠤᠯᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠠᠭᠠᠨ ᠲᠤᠭᠤᠯᠭ᠎ᠠ (Sn)
ᠠᠲ᠋ᠣᠮ ᠤᠨ ᠳ᠋ᠤᠭᠠᠷ 50
ᠠᠲ᠋ᠣᠮ ᠮᠠᠰ 118,710 /ᠮᠣᠯᠢ
ᠥᠩᠭᠡ ᠮᠥᠩᠭᠥᠯᠢᠭ ᠭᠢᠯᠲᠠᠭᠠᠨᠠᠭᠰᠠᠨ ᠰᠠᠷᠠᠯ
ᠡᠯᠧᠺᠲ᠋ᠷᠣᠨ ᠪᠠᠶᠢᠭᠤᠯᠤᠯᠲᠠ [Kr] 5s2 5p2 4d10
ᠪᠦᠷᠬᠦᠭᠦᠯ ᠳ᠋ᠡᠬᠢ
ᠡᠯᠧᠺᠲ᠋ᠷᠣᠨ ᠤ ᠲᠣᠭ᠎ᠠ
2, 8, 18, 18, 4
ᠹᠢᠽᠢᠺ ᠰᠢᠨᠵᠢ ᠴᠢᠨᠠᠷ
ᠪᠣᠳᠠᠰ ᠤᠨ ᠲᠥᠯᠥᠪ {{{ᠲᠥᠯᠥᠪ}}}
ᠨᠢᠭᠲᠠᠴᠠ 5,769 ᠭ/ᠰᠮ3 (20 °C) (α-ᠴᠠᠭᠠᠨ ᠲᠤᠭᠤᠯᠭ᠎ᠠ)

7,265 ᠭ/ᠰᠮ3 (20 °C) (β-ᠴᠠᠭᠠᠨ ᠲᠤᠭᠤᠯᠭ᠎ᠠ) /ᠰᠮ³

ᠬᠠᠶᠢᠯᠠᠬᠤ ᠲᠣᠯᠠᠭᠠᠨ ᠤ ᠬᠡᠮᠵᠢᠶ᠎ᠡ (231,93 °C), 505,08 K
ᠪᠤᠴᠠᠯᠬᠤ ᠲᠣᠯᠠᠭᠠᠨ ᠤ ᠬᠡᠮᠵᠢᠶ᠎ᠡ (2620 °C), 2893 K
ᠬᠠᠶᠢᠯᠤᠯᠲᠠ ᠶᠢᠨ ᠬᠤᠪᠢ ᠤᠨ ᠳᠤᠯᠠᠭᠠᠨ 7,03 ᠺᠵ/ᠮᠣᠯᠢ
ᠠᠭᠤᠷᠰᠢᠯᠲᠠ ᠶᠢᠨ ᠬᠤᠪᠢ ᠤᠨ ᠳᠤᠯᠠᠭᠠᠨ 290 ᠺᠵ/ᠮᠣᠯᠢ
ᠳᠤᠯᠠᠭᠠᠨ ᠪᠠᠭᠲᠠᠭᠠᠮᠵᠢ 27.112 ᠺᠵ/(ᠮᠣᠯᠢ·K)
ᠠᠲ᠋ᠣᠮ ᠤᠨ ᠰᠢᠨᠵᠢ ᠴᠢᠨᠠᠷ
ᠣᠷᠣᠨ ᠳᠤ ᠲᠣᠷᠤᠨ ᠤ ᠪᠦᠲᠦᠴᠡ
(ᠰᠢᠩ ᠢᠶᠣᠨᠢ)
ᠲᠧᠲᠷᠠᠭᠤᠨᠠᠯ
ᠢᠰᠦᠯᠳᠦᠯᠲᠡ ᠶᠢᠨ ᠵᠡᠷᠭᠡ 4, 2, -4
ᠢᠣᠨᠵᠢᠬᠤ ᠡᠨᠧᠷᠭᠢ
(ᠡᠬᠢᠨ ᠦ ᠡᠯᠧᠺᠲ᠋ᠷᠣᠨ ᠢᠶᠠᠷ)
708,6 ᠺᠵ/ᠮᠣᠯᠢ
ᠠᠲ᠋ᠣᠮ ᠤᠨ ᠷᠠᠳᠢᠦ᠋ᠰ 140 ᠫᠮ
ᠺᠣᠸᠠᠯᠧᠨᠲ ᠤᠨ ᠷᠠᠳᠢᠦ᠋ᠰ 139 ± 4 ᠫᠮ

ᠬᠢᠮᠢ ᠶᠢᠨ ᠴᠡᠪᠡᠷ ᠴᠠᠭᠠᠨ ᠲᠤᠭᠤᠯᠭ᠎ᠠ ᠨᠢ ᠮᠥᠩᠭᠥᠨ ᠴᠠᠭᠠᠨ ᠥᠩᠭᠡᠲᠡᠢ ᠬᠢᠯᠪᠠᠷ ᠬᠠᠶᠢᠯᠠᠳᠠᠭ᠂ ᠬᠢᠯᠪᠠᠷ ᠢᠰᠦᠯᠳᠦᠳᠡᠭ ᠦᠭᠡᠢ ᠪᠥᠭᠡᠳ ᠳᠠᠪᠲᠠᠭᠳᠠᠳᠠᠭ ᠮᠧᠲ᠋ᠠᠯ ᠶᠤᠮ᠃ ᠴᠠᠭᠠᠨ ᠲᠤᠭᠤᠯᠭ᠎ᠠ ᠨᠢ ᠤᠰᠤᠨ ᠳᠤ ᠠᠭᠤᠰᠳᠠᠭ ᠦᠭᠡᠢ ᠪᠠ ᠬᠦᠴᠢᠯ ᠦᠳ ᠲᠡᠢ ᠬᠢᠮᠢ ᠶᠢᠨ ᠤᠷᠪᠠᠯ ᠳᠤ ᠪᠠᠷᠤᠭ ᠣᠷᠣᠳᠠᠭ ᠦᠭᠡᠢ ᠶᠤᠮ᠃ ᠵᠥᠪᠬᠡᠨ ᠬᠦᠴᠦᠲᠡᠢ ᠬᠦᠬᠦᠷ ᠦᠨ ᠬᠦᠴᠢᠯ ᠳᠦ ᠤᠳᠠᠭᠠᠨ ᠬᠠᠯᠬᠤ ᠶᠤᠮ ᠪᠣᠯ ᠲᠡᠷᠡ ᠨᠢ ᠠᠭᠤᠰᠴᠢ᠂ ᠬᠦᠬᠦᠷ ᠦᠨ ᠬᠦᠴᠢᠯ ᠦᠨ ᠴᠠᠭᠠᠨ ᠲᠤᠭᠤᠯᠭ᠎ᠠ ᠶᠢ ᠡᠭᠦᠰᠬᠡᠨ᠎ᠡ᠃ ᠴᠠᠭᠠᠨ ᠲᠤᠭᠤᠯᠭ᠎ᠠ ᠨᠢ ᠢᠰᠦᠯᠳᠦᠳᠡᠭ ᠦᠭᠡᠢ ᠤᠴᠢᠷ ᠠᠴᠠ ᠪᠤᠰᠤᠳ ᠲᠡᠮᠦᠷᠯᠢᠭ ᠦᠳ ᠢ ᠪᠦᠷᠢᠵᠢ ᠵᠢᠪᠡᠷᠡᠬᠦ ᠡᠴᠡ ᠬᠠᠮᠠᠭᠠᠯᠠᠨ᠎ᠠ᠃ ᠪᠠᠶᠢᠭᠠᠯᠢ ᠳᠡᠭᠡᠷ᠎ᠡ ᠴᠠᠭᠠᠨ ᠲᠤᠭᠤᠯᠭ᠎ᠠ ᠨᠢ ᠴᠡᠪᠡᠷ ᠪᠠᠶᠢᠳᠠᠯ ᠢᠶᠠᠷ ᠲᠣᠬᠢᠶᠠᠯᠳᠤᠬᠤ ᠦᠭᠡᠢ᠂ ᠵᠥᠪᠬᠡᠨ ᠪᠤᠰᠤᠳ ᠡᠯᠧᠮᠧᠨᠲ ᠦᠳ ᠲᠡᠢ ᠨᠡᠶᠢᠯᠡᠭᠰᠡᠨ ᠬᠢᠮᠢ ᠶᠢᠨ ᠨᠢᠭᠡᠳᠦᠯ ᠪᠠᠶᠢᠳᠠᠯ ᠢᠶᠠᠷ ᠲᠣᠬᠢᠶᠠᠯᠳᠣᠬᠤ ᠪᠠ ᠢᠯᠠᠩᠭᠤᠶ᠎ᠠ ᠬᠦᠴᠢᠯᠲᠥᠷᠦᠭᠴᠢ ᠲᠡᠢ ᠨᠢᠭᠡᠳᠦᠭᠰᠡᠨ ᠳᠠᠪᠬᠤᠷ ᠢᠰᠦᠯ ᠮᠠᠶ᠋ᠢᠭ ᠢᠶᠠᠷ ᠲᠣᠬᠢᠶᠠᠯᠳᠤᠨ᠎ᠠ᠃ ᠡᠨᠡ ᠡᠷᠦᠳᠡᠰᠦ ᠶᠢ ᠴᠠᠭᠠᠨ ᠲᠤᠭᠤᠯᠭ᠎ᠠ ᠶᠢᠨ ᠴᠢᠯᠠᠭᠤ /ᠺᠠᠰᠰᠢᠲ᠋ᠧᠷᠢᠲ/ ᠭᠡᠬᠦ ᠪᠤᠶᠤ ᠡᠨᠡ ᠨᠢ ᠮᠧᠲ᠋ᠠᠯ ᠴᠠᠭᠠᠨ ᠲᠤᠭᠤᠯᠭ᠎ᠠ ᠶᠢ ᠭᠠᠷᠭᠠᠵᠤ ᠠᠪᠬᠤ ᠭᠣᠣᠯ ᠲᠦᠭᠦᠬᠡᠢ ᠡᠳ᠋ ᠨᠢ ᠪᠣᠯᠳᠠᠭ ᠪᠠᠶᠢᠨ᠎ᠠ᠃ ᠴᠠᠭᠠᠨ ᠲᠤᠭᠤᠯᠭ᠎ᠠ ᠨᠢ ᠵᠡᠰ᠂ ᠴᠠᠶᠢᠷ᠂ ᠬᠠᠷ᠎ᠠ ᠲᠤᠭᠤᠯᠭ᠎ᠠ᠂ ᠮᠠᠭᠨᠢ᠂ ᠸᠢᠰᠦᠮᠤᠲᠤ᠂ ᠺᠠᠳ᠋ᠮᠢ ᠵᠡᠷᠭᠡ ᠪᠤᠰᠤᠳ ᠮᠧᠲ᠋ᠠᠯ ᠤᠳ ᠲᠠᠢ ᠨᠢᠭᠡᠳᠴᠦ ᠶᠠᠩᠵᠤ ᠪᠦᠷᠢ ᠶᠢᠨ ᠬᠠᠶᠢᠯᠤᠰᠢ ᠶᠢ ᠡᠭᠦᠰᠬᠡᠨ᠎ᠡ᠃ ᠬᠠᠶᠢᠯᠤᠰᠢᠨ ᠳᠤ ᠴᠠᠭᠠᠨ ᠲᠤᠭᠤᠯᠭ᠎ᠠ ᠶᠢ ᠨᠡᠮᠡᠬᠦ ᠳᠦ ᠲᠡᠷᠡ ᠬᠠᠶᠢᠯᠤᠰᠢ ᠶᠢᠨ ᠬᠠᠶᠢᠯᠠᠬᠤ ᠴᠡᠭ ᠨᠢ ᠪᠠᠭᠤᠷᠠᠬᠤ ᠪᠠ ᠰᠠᠶᠢᠨ ᠴᠢᠨᠠᠷ ᠤᠨ ᠪᠣᠯᠳᠠᠭ ᠤᠴᠢᠷ ᠠᠴᠠ ᠲᠡᠳᠡᠭᠡᠷ ᠢ ᠦᠢᠯᠡᠳᠪᠦᠷᠢ ᠳᠦ ᠥᠷᠭᠡᠨ ᠬᠡᠷᠡᠭᠯᠡᠬᠦ ᠪᠣᠯᠤᠯᠴᠠᠭ᠎ᠠ ᠲᠠᠢ ᠪᠣᠯᠳᠠᠭ ᠶᠤᠮ᠃ ᠴᠠᠭᠠᠨ ᠲᠤᠭᠤᠯᠭ᠎ᠠ ᠶᠢ ᠴᠠᠬᠢᠯᠭᠠᠨ ᠦᠢᠯᠡᠳᠪᠦᠷᠢ ᠳᠦ ᠬᠡᠷᠡᠭᠯᠡᠬᠦ ᠳᠦ ᠪᠡᠨ ᠺᠣᠨᠳᠧᠨᠰᠠᠲ᠋ᠣᠷ ᠬᠢᠬᠦ ᠳᠦ ᠬᠡᠷᠡᠭᠯᠡᠬᠦ ᠲᠤᠭᠤᠯᠭᠠᠨ ᠴᠠᠭᠠᠰᠤ ᠬᠢᠨ᠎ᠡ᠃ ᠬᠦᠨᠡᠰᠦᠨ ᠦ ᠦᠢᠯᠡᠳᠪᠦᠷᠢ ᠳᠦ ᠲᠤᠭᠤᠯᠭᠠᠨ ᠴᠠᠭᠠᠰᠤ ᠪᠠᠷ ᠬᠦᠨᠡᠰᠦᠨ ᠦ ᠪᠦᠲᠦᠭᠡᠭᠳᠡᠬᠦᠨ ᠴᠠᠢ ᠵᠡᠷᠭᠡ ᠶᠢ ᠴᠢᠭᠢᠭ ᠡᠴᠡ ᠬᠠᠮᠠᠭᠠᠯᠠᠬᠤ ᠶᠢᠨ ᠲᠤᠯᠠ ᠣᠷᠢᠶᠠᠵᠤ ᠪᠣᠭᠣᠳᠠᠭ᠂ ᠱᠠᠭᠠᠵᠠᠩ ᠸᠠᠭᠠᠷ ᠤᠨ ᠦᠢᠯᠡᠳᠪᠦᠷᠢ ᠳᠦ ᠴᠠᠭᠠᠨ ᠲᠤᠭᠤᠯᠭ᠎ᠠ ᠪᠠᠷ ᠪᠤᠳᠤᠭ᠂ ᠫᠠᠯᠠᠨ ᠵᠡᠷᠭᠡ ᠶᠢ ᠬᠢᠳᠡᠭ᠃

ᠪᠢᠴᠢᠭᠡᠰᠦ