ᠴᠠᠭᠠᠨ ᠰᠠᠷ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠴᠠᠭᠠᠨ ᠰᠠᠷ᠎ᠠ (ᠲᠥᠪᠡᠳ ᠶᠢᠡᠷ ཟླ་བ་དག་པ།) - ᠮᠣᠩᠭᠣᠯ ᠦᠨᠳᠦᠰᠦᠲᠡᠨ ᠦ ᠤᠯᠠᠮᠵᠢᠯᠠᠯᠲᠤ ᠰᠢᠨ᠎ᠡ ᠵᠢᠯ ᠦᠨ ᠪᠠᠶᠠᠷ ᠶᠤᠮ᠃

ᠴᠠᠭᠠᠨ ᠰᠠᠷ᠎ᠠ

ᠴᠠᠭᠠᠨ ᠰᠠᠷ᠎ᠠ ᠶᠢᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠩᠭᠢᠰ ᠬᠠᠭᠠᠨ:

«
ᠡᠮᠡᠭᠡᠯ ᠬᠦᠨᠳᠦᠳᠡᠪᠡᠰᠦ ᠲᠣᠬᠣᠭᠰᠠᠨ ᠮᠣᠷᠢᠨ ᠳᠤ ᠳᠠᠷᠤᠰᠢ ᠪᠣᠯᠤᠨ᠎ᠠ
ᠡᠷᠬᠢᠮ ᠬᠡᠲᠦᠷᠡᠪᠡᠰᠦ ᠬᠥᠮᠥᠨ ᠦ ᠰᠡᠳᠬᠢᠯ ᠳᠦ ᠣᠰᠣᠯ ᠪᠣᠯᠤᠨ᠎ᠠ
ᠶᠠᠩᠵᠤ ᠬᠡᠲᠦᠷᠡᠪᠡᠰᠦ ᠶᠠᠳᠠᠭᠤ ᠳᠣᠣᠷᠠᠳᠤᠰ ᠲᠤ ᠵᠦᠳᠡᠭᠦᠷᠢ ᠪᠣᠯᠮᠣᠢ
ᠬᠣᠵᠢᠮ ᠤᠨ ᠦᠷ᠎ᠡ ᠰᠠᠳᠤ ᠡᠷᠬᠢᠮ ᠳᠦ ᠪᠡᠨ ᠡᠷᠡᠮᠰᠢᠨ᠂ ᠣᠰᠣᠯ ᠴᠠᠯᠭ᠎ᠠ ᠪᠠᠨ ᠶᠠᠪᠤᠨ᠎ᠠ᠂ ᠲᠡᠶᠢᠮᠦ ᠡᠴᠡ ᠡᠩ ᠦᠨ ᠳᠠᠷᠤᠤ ᠪᠣᠯᠭ᠎ᠠ

»

ᠭᠡᠵᠦ ᠠᠶᠢᠯᠠᠳᠤᠭᠰᠠᠨ ᠪᠠᠷᠢᠮᠲᠠ ᠪᠠᠶᠢᠳᠠᠭ᠃ ᠠᠷᠪᠠᠨ ᠭᠤᠷᠪᠠᠳᠤᠭᠠᠷ ᠵᠠᠭᠤᠨ ᠤ ᠦᠶᠡᠰ ᠲᠩᠷᠢ ᠰᠢᠲᠦᠯᠭᠡ᠂ ᠪᠥᠭᠡ ᠶᠢᠨ ᠶᠣᠰᠣᠭᠠᠷ ᠴᠠᠭᠠᠯᠠᠵᠤ ᠪᠠᠶᠢᠭᠰᠠᠨ ᠲᠤᠬᠠᠢ ᠮᠠᠷᠺᠣ ᠫᠣᠯᠣ ᠶᠢᠨ ᠵᠣᠬᠢᠶᠠᠯ ᠳᠤ ᠲᠣᠳᠣᠷᠬᠠᠢ ᠭᠠᠷᠳᠠᠭ᠃ ᠪᠦᠬᠦ ᠬᠦᠮᠦᠨ ᠴᠠᠭᠠᠨ ᠰᠠᠷ᠎ᠠ ᠪᠠᠷ ᠴᠠᠭᠠᠨ ᠵᠢᠰᠦᠮ ᠦᠨ ᠮᠣᠷᠢ ᠤᠨᠤᠵᠤ᠂ ᠴᠠᠭᠠᠨ ᠪᠥᠰ ᠢᠶᠡᠷ ᠬᠢᠭᠰᠡᠨ ᠬᠤᠪᠴᠠᠰᠤ ᠡᠮᠦᠰᠴᠦ᠂ ᠪᠡᠶ᠎ᠡ ᠪᠡᠶ᠎ᠡ ᠳᠡᠭᠡᠨ ᠴᠠᠭᠠᠨ ᠬᠠᠳᠠᠭ ᠡᠷᠭᠦᠵᠦ᠂ ᠴᠠᠭᠠᠨ ᠢᠳᠡᠭᠡ ᠵᠣᠭᠣᠭᠯᠠᠳᠠᠭ ᠨᠢ ᠬᠡᠨ ᠬᠡᠨ ᠳᠦ ᠪᠡᠨ ᠭᠬᠢᠷ ᠦᠭᠡᠢ ᠴᠠᠭᠠᠨ ᠰᠡᠳᠬᠢᠯ ᠢᠶᠡᠷ ᠶᠠᠪᠤᠵᠤ ᠪᠠᠶᠢᠶ᠎ᠠ ᠭᠡᠰᠡᠨ ᠡᠪ ᠨᠠᠶᠢᠷ ᠤᠨ ᠪᠡᠯᠭᠡᠳᠡᠯ ᠪᠠᠶᠢᠵᠠᠢ᠃ ᠠᠯᠠᠭ᠎ᠠ ᠪᠠᠨ ᠳᠡᠯᠭᠡᠨ᠎ᠡ ᠭᠡᠳᠡᠭ ᠨᠠᠳᠠ ᠳᠤ ᠵᠡᠷ ᠵᠡᠪᠰᠡᠭ ᠠᠯᠠᠭ᠎ᠠ᠂ ᠮᠢᠨᠦ ᠰᠡᠳᠬᠢᠯ ᠦᠨ ᠥᠩᠭᠡ ᠡᠨᠡ ᠭᠡᠰᠡᠨ ᠤᠳᠬ᠎ᠠ ᠪᠢᠯᠡ᠃

ᠠᠷᠪᠠᠨ ᠭᠤᠷᠪᠠᠳᠤᠭᠠᠷ ᠵᠠᠭᠤᠨ ᠤ ᠣᠷᠴᠢᠮ ᠠᠴᠠ ᠴᠠᠭᠠᠨ ᠰᠠᠷ᠎ᠠ ᠶᠢ ᠬᠠᠪᠤᠷ ᠲᠡᠮᠳᠡᠭᠯᠡᠬᠦ ᠪᠣᠯᠵᠠᠢ᠃ ᠸ᠂ᠢᠨᠵᠠᠨᠨᠠᠰᠢ ᠶᠢᠨ 《ᠬᠥᠬᠡ ᠰᠤᠳᠤᠷ》 ᠷᠣᠮᠠᠨ ᠤ 39᠎ ᠳᠦᠭᠡᠷ ᠪᠦᠯᠦᠭ ᠦᠨ ᠡᠬᠢᠨ ᠳᠦ 《IV ᠵᠢᠷᠠᠨ ᠤ ᠠᠩᠬᠠᠨ ᠤ ᠵᠢᠯ᠂ ᠤᠯᠠᠭᠴᠢᠨ ᠲᠠᠤᠯᠠᠢ ᠪᠤᠶᠤ (1207 ᠣᠨ) ᠳᠤ ᠴᠢᠩᠭᠢᠰ ᠬᠠᠭᠠᠨ ᠬᠤᠯᠤᠭᠠᠨ᠎ᠠ ᠴᠠᠭ ᠲᠤ ᠳᠡᠭᠡᠭᠰᠢᠯᠡᠨ᠂ ᠪᠡᠶ᠎ᠡ ᠪᠡᠨ ᠠᠷᠢᠭᠤᠳᠬᠠᠭᠠᠳ᠂ ᠶᠣᠰᠣᠨ ᠤ ᠬᠤᠪᠴᠠᠰᠤ ᠪᠠᠨ ᠡᠮᠦᠰᠴᠦ᠂ ᠦᠭᠡᠯᠦᠨ ᠡᠵᠢ ᠳᠦ ᠪᠡᠨ ᠮᠥᠷᠭᠥᠵᠦ᠂ ᠣᠷᠳᠣᠨ ᠠᠴᠠ ᠪᠠᠨ ᠵᠠᠯᠠᠷᠠᠵᠤ ᠭᠠᠷᠴᠤ ᠢᠷᠡᠬᠦ ᠳᠦ ᠶᠢᠰᠦᠨ ᠵᠦᠢᠯ ᠦᠨ ᠭᠦᠨ ᠨᠠᠷᠢᠨ ᠬᠥᠭᠵᠢᠮ᠂ ᠠᠯᠲᠠᠨ ᠬᠠᠰ ᠤᠨ ᠴᠢᠮᠡᠭᠡ ᠳᠠᠭᠤᠷᠢᠰᠬᠠᠵᠤ᠂ ᠵᠦᠩ ᠬᠡᠩᠭᠡᠷᠭᠡ ᠳᠡᠯᠡᠳᠦᠨ ᠤᠭᠲᠤᠪᠠ᠃ ᠴᠢᠩᠭᠢᠰ ᠬᠠᠭᠠᠨ ᠬᠠᠷᠢᠶᠠᠲᠤ ᠣᠯᠠᠨ ᠳᠤ ᠪᠠᠨ ᠲᠩᠷᠢ ᠶᠢᠨ ᠬᠥᠪᠡᠭᠦᠨ ᠦ ᠳᠣᠬᠢᠶ᠎ᠠ ᠲᠡᠮᠳᠡᠭ᠂ ᠬᠥᠭᠵᠢᠮ ᠰᠡᠯᠲᠦᠰᠦ ᠴᠥᠮ ᠡᠮᠦᠨᠡᠲᠦ ᠬᠢᠳᠠᠳ ᠤᠨ ᠬᠠᠤᠯᠢ ᠳᠦᠷᠢᠮ ᠪᠣᠯᠠᠢ᠃ ᠪᠢ ᠥᠪᠡᠷ ᠢᠶᠡᠨ ᠠᠷᠠᠰᠤᠨ ᠳᠡᠪᠡᠯ ᠲᠡᠢ ᠮᠣᠩᠭᠣᠯ ᠬᠦᠮᠦᠨ᠃ ᠲᠠ ᠪᠦᠬᠦᠨ ᠬᠠᠭᠠᠨ ᠡᠷᠭᠦᠮᠵᠢᠯᠡᠵᠦ ᠶᠡᠬᠡ ᠰᠠᠭᠤᠷᠢᠨ ᠳᠤ ᠰᠠᠭᠣᠯᠭᠠᠯ᠎ᠠ᠃ ᠥᠨᠥᠳᠥᠷ ᠦᠨ ᠶᠣᠰᠣᠯᠠᠯ ᠰᠦᠷᠳᠡᠭᠦᠯᠦᠨ ᠴᠣᠴᠢᠭᠠᠬᠤ ᠲᠥᠯᠥᠪ ᠪᠠᠶᠢᠳᠠᠯ ᠲᠠᠢ ᠤᠴᠢᠷ ᠠᠷᠤ ᠭᠠᠵᠠᠷ ᠳᠤ ᠲᠠᠭᠠᠷᠠᠬᠤ ᠦᠭᠡᠢ》 ᠭᠡᠰᠡᠨ ᠪᠠᠶᠢᠳᠠᠭ᠃

ᠴᠠᠭᠠᠨ ᠰᠠᠷ᠎ᠠ ᠳᠤ ᠪᠡᠯᠡᠳᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ ᠴᠠᠭᠠᠨ ᠰᠠᠷ᠎ᠠ ᠳᠤ ᠪᠡᠯᠡᠳᠬᠦ ᠳᠦ ᠪᠡᠨ ᠬᠡᠳᠦᠨ ᠰᠠᠷ᠎ᠠ ᠶᠢᠨ ᠡᠮᠦᠨ᠎ᠡ ᠡᠴᠡ ᠬᠠᠰᠢᠶ᠎ᠠ ᠬᠣᠷᠣᠭ᠎ᠠ ᠪᠠᠨ ᠴᠡᠪᠡᠷᠯᠡᠵᠦ᠂ ᠮᠠᠯ ᠤᠨ ᠬᠠᠰᠢᠶ᠎ᠠ ᠶᠢ ᠪᠠᠨ ᠵᠠᠰᠠᠨ ᠰᠡᠷᠭᠦᠭᠡᠨ ᠵᠠᠰᠠᠪᠤᠷᠢᠯᠠᠨ᠎ᠠ᠃ ᠬᠠᠪᠤᠷ ᠤᠨ ᠠᠭᠣᠷ ᠤᠷᠤᠬᠤ ᠦᠶ᠎ᠡ ᠪᠡᠷ ᠮᠠᠯ ᠲᠥᠯᠯᠡᠵᠦ ᠮᠠᠯᠴᠢᠨ ᠪᠦᠬᠦᠨ ᠪᠠᠶᠠᠰᠤᠨ᠎ᠠ᠃ ᠭᠡᠷ ᠦᠨ ᠭᠠᠳᠠᠨ᠎ᠠ ᠳᠣᠲᠣᠷ᠎ᠠ ᠦᠭᠡᠢ ᠲᠣᠭᠣᠰᠣ ᠰᠢᠷᠣᠢ ᠶᠢ ᠪᠠᠨ ᠭᠥᠪᠢᠵᠦ᠂ ᠭᠬᠢᠷ ᠪᠤᠷᠲᠠᠭ ᠪᠦᠬᠦᠢ ᠵᠦᠢᠯᠡᠰ ᠢᠶᠡᠨ ᠤᠭᠢᠶᠠᠨ ᠴᠡᠪᠡᠷᠯᠡᠵᠦ ᠴᠠᠭᠠᠨ ᠰᠠᠷ᠎ᠠ ᠳᠤ ᠪᠠᠨ ᠭᠬᠢᠷ ᠪᠤᠷᠲᠠᠭ ᠦᠭᠡᠢ᠂ ᠬᠠᠷᠢᠶᠠᠯ ᠮᠠᠭᠤ ᠦᠭᠡ ᠠᠮᠠᠨ ᠠᠴᠠ ᠪᠠᠨ ᠤᠨᠠᠭᠠᠬᠤ ᠦᠭᠡᠢ᠂ ᠰᠢᠨ᠎ᠡ ᠳᠡᠪᠡᠯ ᠬᠤᠪᠴᠠᠰᠤ ᠣᠶᠣᠵᠤ᠂ ᠰᠢᠨ᠎ᠡ ᠣᠨ ᠳᠤ ᠪᠠᠨ ᠠᠷᠢᠭᠤᠨ ᠲᠤᠩᠭᠠᠯᠠᠭ ᠰᠠᠶᠢᠨ ᠰᠠᠶᠢᠬᠠᠨ ᠪᠦᠬᠦᠨ ᠢ ᠪᠡᠯᠭᠡᠰᠢᠶᠡᠨ ᠵᠣᠯᠭᠠᠨ ᠤᠭᠲᠤᠨ᠎ᠠ᠃ ᠰᠡᠳᠬᠢᠯ ᠰᠠᠨᠠᠭ᠎ᠠ ᠪᠠᠨ ᠠᠷᠢᠭᠤᠰᠬᠠᠨ ᠥᠷᠢ ᠰᠢᠷ ᠦᠭᠡᠢ᠂ ᠮᠠᠭᠤ ᠮᠠᠭᠤᠬᠠᠢ ᠪᠦᠬᠦᠨ ᠢ ᠡᠴᠦᠰ ᠲᠡᠭᠦᠰᠬᠡᠯ ᠪᠣᠯᠭᠠᠨ ᠰᠠᠶᠢᠨ ᠰᠠᠶᠢᠬᠠᠨ ᠪᠦᠬᠦᠨ ᠦ ᠲᠥᠯᠥᠭᠡ ᠥᠩᠭᠡᠷᠡᠭᠰᠡᠨ ᠢ ᠮᠠᠷᠲᠠᠵᠤ ᠮᠠᠷᠭᠠᠰᠢ ᠶᠢᠨ ᠰᠢᠨ᠎ᠡ ᠡᠳᠦᠷ ᠰᠢᠨ᠎ᠡ ᠠᠮᠢᠳᠤᠷᠠᠯ ᠢ ᠥᠭᠡᠳᠡᠷᠡᠭ ᠢᠶᠡᠷ ᠤᠭᠲᠤᠨ᠎ᠠ᠃ ᠶᠡᠷᠦ ᠨᠢ ᠮᠣᠩᠭᠣᠯᠴᠤᠳ ᠪᠡᠶ᠎ᠡ ᠪᠡᠶᠡᠨ ᠳᠦ ᠪᠡᠨ ᠰᠠᠨᠠᠭ᠎ᠠ ᠲᠠᠯᠪᠢᠨ ᠲᠤᠰᠠ ᠳᠡᠮ ᠪᠣᠯᠵᠤ᠂ ᠪᠠᠶᠢᠭ᠎ᠠ ᠪᠠᠨ ᠥᠭᠴᠦ ᠠᠪᠤᠯᠴᠠᠨ ᠬᠤᠪᠢᠶᠠᠯᠴᠠᠨ ᠠᠮᠢᠳᠤᠷᠠᠵᠤ ᠢᠷᠡᠭᠰᠡᠨ ᠲᠡᠦᠬᠡ ᠲᠡᠢ᠃ ᠪᠡᠶ᠎ᠡ ᠪᠡᠶᠡᠨ ᠦ ᠪᠡᠨ ᠬᠠᠰᠢᠶ᠎ᠠ ᠬᠣᠷᠣᠭᠠᠨ ᠠᠴᠠ ᠴᠡᠪᠡᠷᠯᠡᠵᠦ ᠵᠠᠰᠠᠵᠤ ᠥᠭᠬᠦ ᠡᠴᠡ ᠭᠠᠳᠠᠨ᠎ᠠ᠂ ᠲᠥᠯ ᠮᠠᠯ ᠠᠴᠠ ᠨᠢ ᠬᠠᠮᠵᠢᠯᠴᠠᠭᠠᠳ ᠬᠠᠷᠢᠭᠤᠯᠵᠤ᠂ ᠪᠡᠯᠴᠢᠭᠡᠷᠯᠡᠭᠡᠳ ᠥᠭᠭᠦᠨ᠎ᠡ᠃ ᠪᠤᠤᠵᠠ ᠪᠠᠩᠰᠢᠨ ᠠᠴᠠ ᠨᠢ ᠴᠢᠮᠬᠢᠯᠴᠡᠨ᠂ ᠤᠭᠤᠴᠠ ᠮᠢᠬ᠎ᠠ ᠶᠢ ᠨᠢ ᠴᠢᠨᠠᠭᠠᠳ᠂ ᠪᠣᠭᠣᠷᠰᠣᠭ ᠪᠣᠣᠪᠣ ᠶᠢ ᠨᠢ ᠬᠠᠭᠠᠷᠢᠭᠠᠳ᠂ ᠴᠠᠭᠠᠨ ᠢᠳᠡᠭᠡᠨ ᠡᠴᠡ ᠨᠢ ᠪᠠᠵᠠᠯᠴᠠᠭᠠᠳ ᠥᠭᠳᠡᠭ ᠲᠤᠰᠠᠴᠢ ᠬᠥᠳᠡᠯᠮᠦᠷᠢᠴᠢ ᠵᠠᠩ ᠲᠠᠢ᠃ ᠴᠠᠭᠠᠨ ᠰᠠᠷ᠎ᠠ ᠪᠠᠷ ᠦᠷ᠎ᠡ ᠬᠡᠦᠬᠡᠳ ᠦᠳ᠂ ᠠᠬ᠎ᠠ ᠳᠡᠭᠦᠦ ᠬᠠᠮᠢᠶᠠᠲᠠᠨ ᠰᠠᠳᠤᠨ ᠨᠢ ᠲᠠᠯ᠎ᠠ ᠲᠠᠯ᠎ᠠ ᠠᠴᠠ ᠪᠠᠨ ᠬᠠᠮᠵᠢᠭᠠᠳ ᠥᠭᠳᠡᠭ ᠰᠠᠶᠢᠬᠠᠨ ᠨᠡᠶᠢᠲᠡᠴᠢ ᠵᠠᠩ ᠵᠠᠩᠰᠢᠯ ᠲᠠᠢ ᠪᠢᠯᠡ᠃

ᠪᠢᠲᠡᠭᠦᠯᠬᠦ ᠶᠣᠰᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠷᠠ ᠭᠠᠷᠬᠤ ᠦᠭᠡᠢ ᠪᠢᠲᠡᠭᠦᠦ ᠬᠠᠷᠠᠩᠭᠤᠢ ᠪᠠᠶᠢᠳᠠᠭ ᠤᠴᠢᠷ ᠣᠨ ᠤ ᠣᠳᠬᠣᠨ ᠰᠥᠨᠢ ᠶᠢ "ᠪᠢᠲᠡᠭᠦᠨ" ᠬᠡᠮᠡᠨ ᠨᠡᠷᠡᠶᠢᠳᠳᠡᠭ ᠪᠠᠶᠢᠨ᠎ᠠ᠃ ᠡᠯ᠎ᠡ ᠡᠳᠦᠷ ᠪᠦᠬᠦ ᠵᠦᠢᠯᠡᠰ ᠪᠦᠲᠦᠨ᠂ ᠪᠢᠲᠡᠭᠦᠦ ᠪᠠᠶᠢᠬᠤ ᠤᠴᠢᠷᠲᠠᠢ᠃ ᠡᠨᠡ ᠨᠢ ᠤᠯᠠᠷᠢᠵᠤ ᠪᠤᠢ ᠣᠨᠳᠣᠣ ᠲᠡᠭᠰᠢ ᠳᠦᠭᠦᠷᠡᠩ ᠪᠠᠶᠢᠭᠰᠠᠨ ᠪᠥᠭᠡᠳ ᠢᠷᠡᠬᠦ ᠣᠨ ᠳᠤ ᠴᠤ ᠡᠯᠪᠡᠭ ᠬᠠᠩᠭᠠᠯᠤᠭᠤᠨ ᠪᠠᠶᠢᠬᠤ ᠪᠣᠯᠲᠤᠭᠠᠢ ᠬᠡᠮᠡᠭᠰᠡᠨ ᠪᠡᠯᠭᠡᠳᠡᠯ ᠪᠢᠯᠡ᠃ ᠡᠪᠦᠯ ᠦᠨ ᠠᠳᠠᠭ ᠰᠠᠷ᠎ᠠ ᠶᠢᠨ ᠰᠡᠭᠦᠯ ᠦᠨ ᠡᠳᠦᠷ ᠪᠤᠶᠤ ᠪᠢᠲᠡᠭᠦᠨ ᠦ ᠡᠳᠦᠷ ᠡᠴᠡ ᠡᠮᠦᠨ᠎ᠡ ᠮᠣᠩᠭᠣᠯᠴᠤᠳ ᠬᠠᠭᠤᠴᠢᠨ ᠣᠨ ᠤ ᠥᠷᠢ ᠰᠢᠷᠢ᠂ ᠥᠭᠭᠦᠯᠭᠡ ᠠᠪᠤᠯᠭ᠎ᠠ ᠪᠠᠨ ᠳᠠᠭᠤᠰᠬᠠᠨ᠂ ᠳᠤᠲᠠᠭᠤ ᠵᠦᠢᠯᠡᠰ ᠢᠶᠡᠨ ᠭᠦᠢᠴᠡᠭᠡᠳᠡᠭ ᠤᠯᠠᠮᠵᠢᠯᠠᠯ ᠲᠠᠢ᠃ ᠢᠩᠭᠢᠭᠰᠡᠨ ᠢᠶᠡᠷ ᠬᠡᠶᠢᠮᠣᠷᠢ ᠯᠤᠩᠳᠠ ᠨᠢ ᠰᠡᠷᠭᠦᠳᠡᠭ ᠬᠡᠮᠡᠨ ᠦᠵᠡᠳᠡᠭ ᠪᠠᠶᠢᠨ᠎ᠠ᠃

ᠪᠢᠲᠡᠭᠦᠯᠬᠦ ᠶᠣᠰᠣᠯᠠᠯ ᠨᠢ ᠨᠠᠷᠠ ᠰᠢᠩᠭᠡᠭᠰᠡᠨ ᠬᠣᠶᠢᠨ᠎ᠠ ᠡᠬᠢᠯᠡᠳᠡᠭ᠃ ᠢᠳᠡᠭᠡ ᠪᠤᠳᠠᠭ᠎ᠠ ᠶᠢ ᠪᠠᠨ ᠵᠠᠰᠠᠵᠤ᠂ ᠬᠠᠭᠠᠯᠭᠠᠨ ᠤ ᠪᠠᠨ ᠪᠠᠷᠠᠭᠤᠨ ᠲᠣᠲᠣᠭᠣᠨ ᠤ ᠳᠡᠭᠡᠷ᠎ᠡ ᠴᠠᠭᠠᠨ ᠴᠢᠯᠠᠭᠤ᠂ ᠴᠡᠪᠡᠷ ᠲᠤᠩᠭᠠᠯᠠᠭ ᠴᠠᠰᠤ ᠮᠥᠰᠥ ᠲᠠᠯᠪᠢᠵᠤ ᠰᠠᠶᠢᠨ ᠵᠦᠭ ᠦᠨ ᠡᠵᠡᠳ ᠰᠠᠬᠢᠭᠤᠰᠤ ᠣᠷᠣᠬᠤ ᠶᠢᠨ ᠡᠭᠦᠳᠡ ᠶᠢ ᠨᠡᠭᠡᠭᠡᠬᠦ ᠶᠢᠨ ᠬᠠᠮᠲᠤ᠂ ᠵᠡᠭᠦᠨ ᠲᠣᠲᠣᠭᠣᠨ ᠤ ᠳᠡᠭᠡᠷ᠎ᠡ ᠥᠷᠭᠡᠰᠦ ᠬᠠᠷᠭᠠᠨ᠎ᠠ᠂ ᠰᠢᠷᠠᠯᠵᠢ ᠲᠠᠯᠪᠢᠬᠤ ᠨᠢ ᠮᠠᠭᠤ ᠵᠦᠭ ᠦᠨ ᠠᠳᠠ ᠴᠢᠳᠬᠥᠷ ᠦᠨ ᠬᠣᠣᠷᠯᠠᠯ ᠢ ᠬᠠᠭᠠᠳᠠᠭ ᠤᠴᠢᠷᠲᠠᠢ᠃ ᠪᠢᠲᠡᠭᠦᠨ ᠦ ᠣᠷᠣᠢ ᠴᠡᠪᠡᠷ ᠴᠡᠮᠴᠡᠭᠡᠷ ᠬᠤᠪᠴᠠᠰᠤᠯᠠᠵᠤ᠂ ᠥᠲᠡᠭᠦᠰ ᠪᠤᠭᠤᠷᠤᠯ ᠳᠤ ᠪᠠᠨ ᠥᠩᠭᠡ ᠲᠡᠢ ᠥᠭᠡᠳᠡ ᠲᠡᠢ ᠣᠯᠪᠣᠭ ᠳᠡᠪᠢᠰᠬᠡᠷ ᠢᠶᠡᠨ ᠳᠡᠪᠢᠰᠦᠨ᠂ ᠰᠢᠷᠡᠭᠡ ᠪᠡᠨ ᠵᠠᠰᠠᠵᠤ ᠳᠡᠭᠡᠷ᠎ᠡ ᠨᠢ ᠪᠢᠲᠡᠭᠦᠯᠢᠭ ᠢᠶᠡᠨ ᠲᠠᠯᠪᠢᠵᠤ᠂ ᠢᠳᠡᠭᠡ ᠤᠮᠳᠠᠭᠠᠨ ᠤ ᠪᠠᠨ ᠳᠡᠭᠡᠵᠢ ᠶᠢ ᠵᠡᠭᠦᠨ ᠡᠴᠡ ᠪᠠᠷᠠᠭᠤᠨ ᠲᠡᠰᠢ ᠦᠷᠦᠵᠦ᠂ ᠭᠠᠯ ᠳᠤ ᠪᠠᠨ ᠡᠷᠭᠦᠵᠦ᠂ ᠪᠤᠷᠬᠠᠨ ᠳᠤ ᠪᠠᠨ ᠳᠡᠭᠡᠵᠢᠯᠡᠭᠰᠡᠨ ᠦ ᠳᠠᠷᠠᠭ᠎ᠠ ᠭᠡᠷ ᠦᠨ ᠡᠵᠡᠨ ᠦᠭᠡᠢ ᠴᠠᠶ ᠶᠢᠨ ᠤ ᠪᠠᠨ ᠳᠡᠭᠡᠵᠢ ᠶᠢ ᠭᠡᠷ ᠦᠨ ᠡᠵᠡᠨ ᠳᠦ ᠪᠡᠨ ᠡᠬᠢᠯᠡᠵᠦ ᠪᠠᠷᠢᠳᠠᠭ ᠶᠣᠰᠣᠲᠠᠢ᠃ ᠭᠤᠷᠪᠠᠨ ᠮᠠᠷᠠᠯ ᠣᠳᠣᠨ ᠳᠤ ᠢᠳᠡᠭᠡ ᠡᠷᠭᠦᠵᠦ ᠪᠢᠲᠡᠭᠦᠯᠢᠭ ᠢᠶᠡᠨ ᠬᠥᠨᠳᠡᠨ᠎ᠡ᠃ ᠴᠠᠭᠠᠨ ᠰᠠᠷ᠎ᠠ ᠶᠢᠨ ᠢᠳᠡᠭᠡ ᠶᠢ ᠣᠨᠴᠠᠭᠠᠢ ᠬᠦᠨᠳᠦᠳᠬᠡᠯ ᠲᠡᠢ ᠳᠦ ᠲᠣᠭᠠᠴᠠᠳᠠᠭ᠃ ᠪᠢᠲᠡᠭᠦᠨ ᠦ ᠵᠣᠭᠣᠭ ᠲᠤ ᠡᠷᠡᠭᠦᠦ ᠶᠢ ᠨᠢ ᠵᠠᠭᠠᠭ᠎ᠠ ᠦᠭᠡᠢ ᠬᠣᠨᠢᠨ ᠤ ᠪᠢᠲᠡᠭᠦᠦ ᠲᠣᠯᠣᠭᠠᠢ ᠶᠤᠮ ᠤᠤ᠂ ᠡᠪᠴᠢᠭᠦᠦ ᠪᠠᠶᠢᠳᠠᠭ᠃ ᠬᠣᠨᠢᠨ ᠤ ᠪᠦᠲᠦᠨ ᠮᠢᠬ᠎ᠠ ᠶᠢ ᠭᠡᠷ ᠦᠨ ᠡᠵᠡᠨ ᠡᠬᠢᠯᠡᠵᠦ ᠶᠢᠰᠦᠨ ᠬᠥᠨᠳᠡᠯᠡᠨ ᠢ (ᠲᠣᠯᠣᠭᠠᠢ᠂ ᠬᠣᠰᠢᠭᠤ᠂ ᠬᠣᠶᠠᠷ ᠡᠷᠡᠦ᠂ ᠬᠣᠶᠠᠷ ᠴᠢᠬᠢ᠂ ᠤᠭᠤᠴᠠᠨ ᠤ ᠬᠣᠶᠠᠷ ᠲᠠᠯ᠎ᠠ) ᠬᠥᠨᠳᠡᠵᠦ ᠡᠬᠢᠯᠡᠭᠡᠳ ᠭᠠᠯ ᠳᠤ ᠪᠠᠨ᠂ ᠳᠠᠷᠠᠭ᠎ᠠ ᠨᠢ ᠪᠤᠷᠬᠠᠨ ᠳᠤ ᠪᠠᠨ ᠡᠷᠭᠦᠭᠡᠳ᠂ ᠭᠡᠷ ᠲᠦ ᠪᠠᠶᠢᠭ᠎ᠠ ᠬᠦᠮᠦᠰ ᠲᠦ ᠲᠠᠷᠠᠬᠠᠭᠠᠨ᠎ᠠ᠃ ᠲᠠᠪᠢ ᠠᠴᠠ ᠳᠡᠭᠡᠭᠰᠢ ᠨᠠᠰᠤᠲᠠᠨ ᠳᠤ ᠠᠷᠢᠬᠢ ᠬᠦᠷᠲᠡᠭᠡᠳᠡᠭ ᠤᠴᠢᠷᠲᠠᠢ᠃

ᠪᠢᠲᠡᠭᠦᠯᠢᠭ ᠦᠨ ᠢᠳᠡᠭᠡ ᠪᠤᠳᠠᠭᠠᠨ ᠠᠴᠠ ᠢᠳᠡᠵᠦ᠂ ᠶᠣᠰᠣᠯᠠᠯ ᠳᠠᠭᠤᠰᠤᠭᠰᠠᠨ ᠤ ᠳᠠᠷᠠᠭ᠎ᠠ ᠦᠯᠢᠭᠡᠷ᠂ ᠲᠤᠤᠯᠢ ᠶᠠᠷᠢᠬᠤ ᠠᠴᠠ ᠡᠬᠢᠯᠡᠭᠡᠳ ᠱᠠᠭ᠎ᠠ ᠪᠠᠷ ᠠᠯᠠᠭ ᠮᠡᠯᠡᠬᠡᠢ ᠥᠷᠥᠬᠦ᠂ ᠮᠣᠷᠢ᠂ ᠲᠡᠮᠡᠭᠡ ᠤᠷᠤᠯᠳᠤᠭᠤᠯᠬᠤ᠂ ᠳᠥᠷᠪᠡᠨ ᠪᠡᠷᠬᠡ ᠤᠷᠬᠢᠬᠤ᠂ ᠪᠤᠭᠤ ᠨᠢᠭᠤᠬᠤ᠂ ᠬᠣᠷᠯᠣ ᠽᠡᠨᠳᠡᠮᠦᠨ ᠡᠪᠯᠡᠭᠦᠯᠬᠦ ᠵᠡᠷᠭᠡ ᠪᠡᠷ ᠲᠣᠭᠯᠠᠳᠠᠭ᠃ ᠡᠨᠡ ᠦᠳᠡᠰᠢ ᠮᠠᠯ ᠬᠤᠢ ᠶᠢ ᠪᠠᠨ ᠬᠡᠭᠡᠷ᠎ᠡ᠂ ᠡᠳ᠋ ᠵᠦᠢᠯᠡᠰ ᠢᠶᠡᠨ ᠠᠶᠢᠯ ᠳᠤ ᠬᠣᠨᠣᠭᠤᠯᠬᠤ ᠶᠢ ᠴᠡᠭᠡᠷᠯᠡᠨ᠎ᠡ᠃ ᠮᠥᠨ ᠬᠦᠮᠦᠨ ᠬᠠᠯᠠᠭᠤᠨ ᠪᠦᠯᠢ ᠡᠴᠡ ᠪᠡᠨ ᠲᠠᠰᠤᠷᠠᠵᠦ ᠠᠶᠢᠯ ᠳᠤ ᠬᠤᠨᠤᠬᠤ᠂ ᠬᠥᠯᠴᠦᠭᠦᠷᠭᠡᠬᠦ᠂ ᠡᠪᠡᠳᠴᠢᠨ ᠬᠡᠯᠡᠬᠦ᠂ ᠦᠭᠡ ᠰᠥᠷᠬᠦ᠂ ᠬᠤᠪᠴᠠᠰᠤ ᠪᠠᠨ ᠭᠠᠳᠠᠭ᠎ᠠ ᠬᠣᠨᠣᠭᠤᠯᠬᠤ᠂ ᠬᠣᠭᠣᠰᠣᠨ ᠰᠠᠪᠠ ᠪᠠᠶᠢᠯᠭᠠᠬᠤ᠂ ᠥᠯᠥᠨ ᠵᠡᠯᠮᠡᠨ ᠪᠠᠶᠢᠬᠤ ᠶᠢ ᠴᠡᠭᠡᠷᠯᠡᠨ᠎ᠡ᠃ ᠪᠦᠲᠦᠨ ᠪᠠᠶᠢᠬᠤ ᠶᠢᠨ ᠤᠴᠢᠷ ᠨᠢ ᠪᠢᠲᠡᠭᠦᠨ ᠦ ᠴᠡᠭᠡᠷ ᠬᠢᠭᠡᠳ ᠵᠠᠩ ᠦᠢᠯᠡ ᠳᠦ ᠪᠤᠢ᠃

ᠴᠠᠭᠠᠨ ᠰᠠᠷ᠎ᠠ ᠶᠢᠨ ᠢᠳᠡᠭᠡᠨ ᠦ ᠲᠤᠬᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠭᠠᠨ ᠰᠠᠷ᠎ᠠ ᠶᠢᠨ ᠲᠠᠪᠠᠭ ᠲᠠᠢ ᠢᠳᠡᠭᠡ

ᠴᠠᠭᠠᠨ ᠰᠠᠷ᠎ᠠ ᠳᠤ ᠪᠠᠨ ᠮᠣᠩᠭᠣᠯᠴᠤᠳ ᠪᠣᠷᠣ ᠪᠣᠯᠤᠨ ᠴᠠᠭᠠᠨ ᠭᠡᠰᠡᠨ ᠬᠣᠶᠠᠷ ᠶᠠᠩᠵᠤ ᠶᠢᠨ ᠢᠳᠡᠭᠡ ᠪᠡᠯᠡᠳᠦᠨ᠎ᠡ᠃ ᠪᠣᠷᠣ ᠢᠳᠡᠭᠡᠨ ᠳᠦ: ᠪᠦᠬᠦᠯᠢ ᠮᠢᠬ᠎ᠠ᠂ ᠪᠢᠲᠡᠭᠦᠦ ᠪᠤᠤᠵᠠ ᠪᠠᠩᠰᠢ᠂ ᠰᠢᠮ᠎ᠡ ᠶᠢᠨ ᠠᠷᠢᠬᠢ᠃ ᠴᠠᠭᠠᠨ ᠢᠳᠡᠭᠡᠨ ᠳᠦ: ᠪᠦᠬᠦ ᠲᠥᠷᠥᠯ ᠦᠨ ᠴᠠᠭᠠᠨ ᠢᠳᠡᠭᠡ᠂ ᠤᠯᠠ ᠪᠣᠣᠪᠣ᠂ ᠪᠣᠭᠣᠷᠰᠣᠭ᠂ ᠠᠶᠢᠷᠠᠭ ᠣᠷᠣᠳᠠᠭ ᠪᠠᠶᠢᠨ᠎ᠠ᠃ ᠨᠤᠲᠤᠭ ᠨᠤᠲᠤᠭ ᠤᠨ ᠣᠨᠴᠠᠯᠢᠭ ᠢᠶᠠᠷ ᠤᠯᠠ ᠪᠣᠣᠪᠣ ᠪᠤᠶᠤ ᠬᠡᠪ ᠦᠨ ᠪᠣᠣᠪᠣ᠂ ᠵᠠᠷᠢᠮ ᠨᠢ ᠴᠤ ᠬᠠᠪᠰᠠᠢ ᠬᠢᠵᠦ᠂ ᠲᠠᠪᠠᠭ ᠵᠠᠰᠠᠬᠤ ᠳᠤ ᠪᠠᠨ ᠠᠬᠠᠮᠠᠳ ᠢ ᠬᠦᠨᠳᠦᠳᠬᠡᠨ ᠭᠤᠷᠪᠠ ᠪᠤᠶᠤ ᠲᠡᠭᠦᠨ ᠡᠴᠡ ᠳᠡᠭᠡᠭᠰᠢ ᠪᠣᠣᠪᠣ ᠳᠠᠪᠬᠤᠷᠯᠠᠨ ᠲᠠᠪᠠᠭᠠᠨ ᠳᠡᠭᠡᠷ᠎ᠡ ᠥᠷᠥᠵᠦ᠂ ᠳᠤᠮᠳᠠ ᠨᠢ ᠪᠣᠭᠣᠷᠰᠣᠭ ᠬᠡᠢ ᠶᠢᠨ ᠳᠦᠭᠦᠷᠭᠡᠵᠦ ᠳᠡᠭᠡᠳᠦ ᠲᠠᠯ᠎ᠠ ᠨᠢ 81 ᠰᠢᠷᠬᠡᠭ ᠤᠯᠠ ᠪᠣᠣᠪᠣ ᠪᠠᠷ ᠵᠠᠰᠠᠳᠠᠭ᠃ ᠲᠠᠪᠠᠭ ᠤᠨ ᠪᠣᠣᠪᠣ ᠶᠢ ᠭᠤᠷᠪᠠ ᠪᠠᠷ ᠥᠷᠥᠳᠡᠭ ᠨᠢ ᠲᠤᠯᠭ᠎ᠠ ᠶᠢᠨ ᠭᠤᠷᠪᠠᠨ ᠴᠢᠯᠠᠭᠤ ᠪᠣᠯᠤᠨ ᠵᠢᠷᠭᠠᠯ ᠵᠣᠪᠠᠯᠠᠩ ᠵᠢᠷᠭᠠᠯ᠂ ᠲᠠᠪᠣ ᠪᠡᠷ ᠥᠷᠥᠳᠡᠭ ᠨᠢ ᠲᠠᠪᠤᠨ ᠪᠡᠶ᠎ᠡ ᠮᠠᠬᠠᠪᠣᠳ᠂ ᠦᠶ᠎ᠡ ᠦᠶ᠎ᠡ ᠪᠡᠷ ᠳᠠᠪᠬᠤᠷᠯᠠᠳᠠᠭ ᠨᠢ ᠠᠶᠢᠯ ᠭᠡᠷ ᠦᠨ ᠬᠡᠳᠦᠨ ᠦᠶ᠎ᠡ ᠲᠡᠢ ᠵᠣᠯᠭᠠᠭᠰᠠᠨ ᠤ ᠰᠢᠨᠵᠢ ᠪᠤᠶᠤ ᠪᠡᠯᠭᠡ ᠲᠡᠮᠳᠡᠭ᠃ ᠲᠤᠬᠠᠢ ᠶᠢᠨ ᠡᠷᠦᠬᠡ ᠶᠢᠨ ᠲᠡᠷᠢᠭᠦᠯᠡᠭᠴᠢ ᠬᠦᠮᠦᠨ᠂ ᠬᠡᠳᠦᠨ ᠨᠠᠰᠤ ᠵᠣᠭᠣᠭᠯᠠᠵᠤ ᠪᠠᠶᠢᠭ᠎ᠠ ᠪᠣᠯᠤᠨ ᠬᠡᠳᠦᠨ ᠦᠷ᠎ᠡ ᠠᠴᠢ᠂ ᠬᠡᠳᠦᠨ ᠵᠢᠭᠡ᠂ ᠬᠡᠳᠦᠨ ᠭᠤᠴᠢ ᠳᠥᠴᠢ ᠦᠵᠡᠭ᠍ᠰᠡᠨ ᠭᠡᠬᠦ ᠮᠡᠲᠦ ᠡᠴᠡ ᠬᠠᠮᠢᠶᠠᠷᠤᠭᠠᠳ 《ᠲᠡᠳᠡᠨ ᠤᠯᠠ ᠶᠢ ᠡᠯᠡᠭᠡᠵᠦ ᠪᠡ᠋᠌ᠢ᠋ᠨ᠎ᠠ》 ᠭᠡᠵᠦ ᠬᠦᠨᠳᠦᠳᠬᠡᠨ᠂ ᠶᠠᠭᠤᠮ᠎ᠠ ᠦᠵᠡᠵᠦ ᠨᠢᠳᠦ ᠲᠠᠶᠢᠯᠤᠭᠰᠠᠨ ᠢᠶᠠᠷ ᠨᠢ ᠳᠠᠬᠢᠨ ᠤᠯᠠ ᠡᠯᠡᠭᠡᠬᠦ ᠪᠡᠯᠭᠡᠳᠡᠯ ᠪᠣᠯᠭᠠᠨ ᠨᠠᠰᠤ ᠨᠡᠮᠡᠵᠦ᠂ ᠤᠯᠠ ᠪᠣᠣᠪᠣ ᠪᠠᠷ ᠢᠶᠠᠨ ᠲᠠᠪᠠᠭ ᠵᠠᠰᠠᠳᠠᠭ ᠪᠠᠶᠢᠨ᠎ᠠ᠃ ᠥᠨᠥ ᠴᠠᠭ ᠲᠤ 《ᠣᠶᠢᠮᠣᠰᠤ ᠡᠯᠡᠭᠡᠨ᠎ᠡ》 ᠭᠡᠵᠦ ᠶᠠᠷᠢᠳᠠᠭ᠃ ᠡᠷᠲᠡ ᠦᠶ᠎ᠡ ᠳᠦ 《ᠤᠯᠠ ᠡᠯᠡᠭᠡᠨ᠎ᠡ》 ᠭᠡᠵᠦ ᠶᠠᠷᠢᠳᠠᠭ ᠪᠠᠶᠢᠵᠠᠢ᠃ ᠶᠠᠭᠠᠬᠢᠭᠠᠳ 《ᠤᠯᠠ ᠪᠣᠣᠪᠣ》 ᠭᠡᠵᠦ ᠨᠡᠷᠡᠯᠡᠪᠡ? ᠬᠦᠮᠦᠨ ᠬᠣᠶᠠᠷ ᠬᠥᠯ ᠦᠨ ᠢᠶᠡᠨ ᠤᠯᠠ ᠪᠠᠷ ᠳᠡᠯᠡᠬᠡᠢ ᠶᠢᠨ ᠲᠠᠲᠠᠬᠤ ᠬᠦᠴᠦ ᠲᠡᠢ ᠪᠡᠨ ᠬᠣᠯᠪᠣᠭᠳᠠᠵᠤ᠂ ᠮᠡᠳᠡᠭᠡᠯᠡᠯ ᠰᠣᠯᠢᠯᠴᠠᠨ᠂ ᠬᠦᠴᠦ ᠡᠷᠴᠢ ᠠᠪᠴᠤ ᠶᠠᠪᠤᠳᠠᠭ᠃ ᠬᠦᠮᠦᠨ ᠬᠥᠯ ᠢᠶᠡᠷ ᠢᠶᠡᠨ ᠠᠯᠢᠪᠠ ᠨᠢᠭᠡᠨ ᠦᠢᠯᠡ ᠬᠡᠷᠡᠭ ᠪᠤᠶᠤ ᠣᠷᠣᠨ ᠵᠠᠢ ᠶᠢ ᠢᠯᠠᠵᠤ᠂ ᠶᠠᠮᠠᠷ ᠨᠢᠭᠡᠨ ᠣᠷᠣᠨ ᠵᠠᠢ ᠠᠴᠠ᠂ ᠨᠥᠭᠥᠭᠡ ᠣᠷᠣᠨ ᠵᠠᠢ ᠤᠷᠤᠭᠤ ᠰᠢᠯᠵᠢᠨ ᠶᠠᠪᠤᠳᠠᠭ᠃ ᠲᠡᠶᠢᠮᠦ ᠡᠴᠡ 《ᠶᠠᠪᠤᠬᠤ》 ᠭᠡᠰᠡᠨ ᠦᠢᠯᠡᠳᠦᠯ ᠪᠤᠶᠤ 《ᠤᠷᠤᠭᠰᠢᠯᠠᠬᠤ》 ᠭᠡᠰᠡᠨ ᠪᠡᠯᠭᠡᠳᠡᠯ ᠢ ᠠᠭᠤᠯᠵᠤ 《ᠤᠯᠠ ᠪᠣᠣᠪᠣ》 ᠭᠡᠵᠦ ᠨᠡᠷᠡᠯᠡᠳᠡᠭ ᠪᠠᠶᠢᠨ᠎ᠠ᠃

ᠤᠭᠤᠴᠠ ᠬᠥᠨᠳᠡᠬᠦ ᠶᠣᠰᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠭᠤᠴᠠ ᠲᠠᠯᠪᠢᠬᠤ ᠶᠣᠰᠣ

ᠤᠭᠤᠴᠠ ᠨᠢ ᠵᠢᠷᠭᠤᠭᠠᠨ ᠬᠠᠪᠢᠷᠭ᠎ᠠ᠂ ᠤᠭᠤᠴᠠ ᠰᠡᠭᠦᠯ ᠦᠨ ᠬᠠᠮᠲᠤ ᠦᠷᠭᠦᠯᠵᠢᠯᠡᠵᠦ ᠪᠠᠶᠢᠭ᠎ᠠ ᠬᠡᠰᠡᠭ ᠢ ᠨᠡᠷᠡᠯᠡᠬᠦ ᠪᠥᠭᠡᠳ ᠤᠭᠤᠴᠠᠨ ᠳᠡᠭᠡᠷ᠎ᠡ ᠰᠡᠭᠡᠷ᠂ ᠡᠰᠡᠪᠡᠯ ᠬᠥᠵᠦᠭᠦᠦ᠂ ᠳᠠᠯᠤ᠂ ᠳᠥᠷᠪᠡᠨ ᠥᠨᠳᠥᠷ᠂ ᠬᠠᠪᠢᠷᠭ᠎ᠠ᠂ ᠬᠣᠨᠣᠭ ᠲᠠᠢ ᠱᠠᠭ᠎ᠠ ᠳᠤ ᠴᠢᠮᠦᠭᠡ ᠳᠠᠭᠠᠭᠤᠯᠤᠨ ᠲᠠᠯᠪᠢᠳᠠᠭ᠃ ᠭᠡᠶᠢᠴᠢᠨ ᠦ ᠡᠮᠦᠨ᠎ᠡ ᠤᠭᠤᠴᠠ ᠲᠠᠯᠪᠢᠬᠤ ᠳᠤ ᠪᠠᠨ ᠪᠠᠷᠠᠭᠤᠨ ᠭᠠᠷ ᠲᠤ ᠨᠢ ᠳᠥᠷᠪᠡᠨ ᠥᠨᠳᠥᠷ ᠬᠠᠪᠢᠷᠭ᠎ᠠ ᠶᠢ ᠲᠠᠯᠪᠢᠬᠤ ᠪᠥᠭᠡᠳ ᠰᠡᠭᠡᠷᠡᠨ ᠦ ᠨᠠᠷᠢᠨ ᠦᠵᠦᠭᠦᠷ᠂ ᠱᠠᠭᠠᠨᠲᠤ ᠶᠢ ᠪᠣᠷᠪᠢ᠂ ᠳᠠᠯᠤᠨ ᠤ ᠮᠢᠬ᠎ᠠ᠂ ᠬᠠᠪᠢᠷᠭᠠᠨ ᠤ ᠪᠣᠷᠣᠭᠣ ᠲᠠᠯ᠎ᠠ ᠶᠢ ᠤᠭᠤᠴᠠᠨ ᠤ ᠬᠠᠷᠴᠠᠭ᠎ᠠ ᠥᠭᠡᠳᠡ ᠬᠠᠷᠠᠭᠤᠯᠤᠨ ᠲᠠᠯᠪᠢᠨ᠎ᠠ᠃ ᠬᠡᠷᠪᠡ ᠰᠡᠭᠡᠷᠡᠨ ᠦ ᠣᠷᠣᠨ ᠳᠤ ᠬᠥᠵᠦᠭᠦᠦ ᠲᠠᠯᠪᠢᠬᠤ ᠪᠣᠯ ᠠᠮᠠᠨ ᠬᠥᠵᠦᠭᠦᠦ ᠲᠠᠯ᠎ᠠ ᠶᠢ ᠬᠠᠷᠴᠠᠭ᠎ᠠ ᠲᠡᠰᠢ ᠨᠢ᠂ ᠬᠠᠷᠴᠠᠭ᠎ᠠ ᠶᠢ ᠵᠣᠴᠢᠨ ᠤ ᠵᠦᠭ ᠬᠠᠷᠠᠭᠤᠯᠤᠨ ᠲᠠᠯᠪᠢᠨ᠎ᠠ᠃ ᠤᠭᠤᠴᠠ ᠶᠢ ᠬᠥᠨᠳᠡᠢ ᠳᠤ ᠵᠡᠭᠦᠨ ᠭᠠᠷ ᠢᠶᠠᠷ ᠢᠶᠠᠨ ᠬᠠᠷᠴᠠᠭᠠᠨ ᠠᠴᠠ ᠲᠦᠰᠢᠨ ᠪᠠᠷᠢᠵᠤ᠂ ᠪᠠᠷᠠᠭᠤᠨ ᠭᠠᠷ ᠳᠠᠬᠢ ᠬᠢᠲᠤᠭ᠎ᠠ ᠪᠠᠷ ᠤᠭᠤᠴᠠ᠂ ᠰᠡᠭᠦᠯ ᠬᠣᠶᠠᠷ ᠤᠨ ᠠᠭᠤᠯᠵᠠᠪᠤᠷᠢ ᠤᠷᠴᠢᠨ ᠳᠤ ᠭᠣᠣᠯ ᠳᠤ ᠨᠢ ᠨᠢᠭᠡ᠂ ᠳᠠᠷᠠᠭ᠎ᠠ ᠨᠢ ᠣᠯᠠᠨ ᠶᠠᠰᠤ ᠠᠭᠤᠯᠵᠠᠬᠤ ᠣᠷᠴᠢᠮ ᠠᠴᠠ ᠡᠬᠢᠯᠡᠨ ᠥᠪᠡᠷ ᠦᠨ ᠲᠡᠰᠢ ᠬᠠᠷᠴᠠᠭᠠᠨ ᠤ ᠬᠣᠶᠠᠷ ᠵᠢᠷᠤᠭ᠎ᠠ ᠳᠠᠭᠠᠤ ᠴᠤᠪᠤᠭᠤᠯᠤᠨ ᠭᠤᠷᠪᠠ ᠭᠤᠷᠪᠠ ᠡᠰᠬᠡᠨ᠎ᠡ᠃ ᠲᠡᠭᠦᠨ ᠦ ᠳᠠᠭᠠᠤ ᠰᠡᠭᠦᠯᠡᠨ ᠦ ᠪᠥᠭᠲᠥᠷᠭᠡ ᠣᠷᠴᠢᠮ ᠤᠨ ᠬᠣᠶᠠᠷ ᠲᠣᠯᠢᠶᠠᠨ ᠠᠴᠠ ᠳᠤᠭᠤᠷᠢᠭ ᠬᠡᠯᠪᠡᠷᠢ ᠲᠡᠢ ᠬᠣᠶᠠᠷ ᠬᠡᠰᠡᠭ ᠥᠭᠡᠬᠦ ᠬᠥᠷᠥᠰᠥᠯᠡᠨ ᠬᠠᠯᠢᠮᠯᠠᠵᠤ ᠠᠪᠤᠨ᠎ᠠ᠃ ᠳᠠᠷᠠᠭ᠎ᠠ ᠨᠢ ᠬᠠᠷᠴᠠᠭ᠎ᠠ ᠲᠠᠯ᠎ᠠ ᠶᠢᠨ ᠢᠷᠮᠡᠭ ᠦᠨ ᠮᠢᠬ᠎ᠠ ᠥᠭᠡᠬᠦᠨ ᠦ ᠨᠡᠶᠢᠯᠡᠯᠲᠡ ᠣᠷᠴᠢᠮ ᠤᠨ ᠬᠣᠶᠠᠷ ᠲᠠᠯ᠎ᠠ ᠠᠴᠠ ᠬᠣᠶᠠᠷ ᠬᠡᠰᠡᠭ ᠬᠠᠯᠢᠮᠯᠠᠨ ᠠᠪᠤᠭᠠᠳ ᠲᠣᠯᠣᠭᠠᠢ ᠰᠡᠭᠦᠯ ᠡᠴᠡ ᠠᠪᠤᠭᠰᠠᠨ ᠬᠣᠶᠠᠷ ᠳᠡᠭᠡᠵᠢ ᠲᠡᠢ ᠨᠡᠶᠢᠯᠡᠭᠦᠯᠦᠨ ᠭᠠᠯ ᠭᠣᠯᠣᠮᠲᠠ ᠶᠢᠨ ᠬᠤᠪᠢ ᠭᠡᠵᠦ ᠲᠤᠰᠬᠠᠢ ᠲᠠᠯᠪᠢᠨ᠎ᠠ᠃ ᠡᠶᠢᠨᠬᠦᠦ ᠬᠥᠨᠳᠡᠵᠦ ᠭᠦᠢᠴᠡᠭᠰᠡᠨ ᠦ ᠳᠠᠷᠠᠭ᠎ᠠ ᠤᠭᠤᠴᠠ ᠪᠠᠨ ᠲᠠᠯᠠᠯᠠᠨ᠎ᠠ᠃ ᠬᠣᠶᠠᠷ ᠲᠠᠯ᠎ᠠ ᠠᠴᠠ ᠲᠠᠯᠠᠯᠠᠵᠤ ᠠᠪᠤᠭᠰᠠᠨ ᠢᠶᠠᠨ ᠭᠤᠷᠪᠠ ᠭᠤᠷᠪᠠ ᠬᠤᠪᠢᠶᠠᠵᠤ ᠨᠢᠭᠡ ᠶᠢ ᠨᠢ ᠭᠠᠯ ᠤᠨ ᠬᠤᠪᠢ ᠳᠡᠭᠡᠷ᠎ᠡ ᠨᠡᠮᠡᠨ᠎ᠡ᠃ ᠬᠠᠷᠢᠨ ᠭᠤᠷᠪᠠ ᠶᠢ ᠨᠢ ᠳᠡᠭᠡᠵᠢ ᠪᠣᠯᠭᠠᠵᠤ ᠲᠤᠰᠬᠠᠢ ᠲᠠᠯᠪᠢᠨ᠎ᠠ᠃ ᠦᠯᠡᠳᠡᠭᠰᠡᠨ ᠬᠣᠶᠠᠷ ᠢ ᠬᠤᠪᠢ ᠪᠣᠯᠭᠠᠨ ᠦᠯᠡᠳᠡᠭᠡᠵᠦ ᠠᠮᠰᠠᠨ᠎ᠠ᠃ ᠳᠠᠷᠠᠭ᠎ᠠ ᠨᠢ ᠤᠭᠤᠴᠠᠨ ᠤ ᠪᠠᠨ ᠬᠣᠶᠠᠷ ᠲᠠᠯ᠎ᠠ ᠠᠴᠠ ᠨᠢᠵᠡᠭᠡᠳ ᠲᠠᠯᠠᠯᠠᠨ ᠠᠪᠴᠤ ᠬᠡᠰᠢᠭ ᠬᠡᠮᠡᠨ ᠲᠠᠷᠠᠭᠠᠳᠠᠭ ᠶᠣᠰᠣᠲᠠᠢ᠃

ᠲᠩᠷᠢ ᠳᠦ ᠮᠥᠷᠭᠥᠬᠦ ᠶᠣᠰᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠦ ᠬᠡᠶᠢᠮᠣᠷᠢ ᠤᠨ ᠣᠪᠣᠭᠠᠨ ᠳᠤ ᠭᠠᠷᠴᠤ ᠳᠡᠭᠡᠳᠦ ᠮᠥᠩᠬᠡ ᠲᠩᠷᠢ ᠳᠦ ᠮᠥᠷᠭᠥᠨ ᠨᠠᠷᠠ ᠭᠠᠷᠬᠤ ᠶᠢ ᠦᠵᠡᠵᠦ ᠪᠠᠶᠢᠭ᠎ᠠ ᠨᠢ

ᠲᠩᠷᠢ ᠳᠦ ᠮᠥᠷᠭᠥᠬᠦ ᠪᠣᠯ ᠮᠣᠩᠭᠣᠯᠴᠤᠳ ᠤᠨ ᠴᠠᠭᠠᠨ ᠰᠠᠷ᠎ᠠ ᠶᠢᠨ ᠬᠠᠮᠤᠭ ᠤᠨ ᠠᠩᠬᠠᠨ ᠤ ᠶᠣᠰᠣᠯᠠᠯ ᠪᠣᠯᠤᠨ᠎ᠠ᠃ ᠮᠣᠩᠭᠣᠯᠴᠤᠳ ᠣᠨ ᠤ ᠡᠬᠢ᠂ ᠰᠠᠷ᠎ᠠ ᠶᠢᠨ ᠲᠡᠷᠢᠭᠦᠨ᠂ ᠡᠳᠦᠷ ᠦᠨ ᠡᠷᠲᠡ ᠳᠦ ᠶᠠᠭᠤᠨ ᠤ ᠡᠮᠦᠨ᠎ᠡ ᠳᠡᠭᠡᠳᠦ ᠮᠥᠩᠬᠡ ᠲᠩᠷᠢ ᠳᠦ ᠮᠥᠷᠭᠥᠨ ᠵᠣᠯᠭᠠᠬᠤ ᠶᠢ ᠲᠡᠷᠢᠭᠦᠨ ᠶᠣᠰᠣ ᠪᠣᠯᠭᠠᠳᠠᠭ᠃ ᠡᠵᠡᠨ ᠬᠠᠭᠠᠨ ᠠᠴᠠ ᠡᠭᠡᠯ ᠪᠣᠷᠴᠢᠭᠤᠯ ᠬᠦᠷᠲᠡᠯ᠎ᠡ ᠡᠨᠡ ᠶᠣᠰᠣ ᠶᠢ ᠪᠠᠲᠤ ᠵᠢᠷᠤᠮᠯᠠᠳᠠᠭ᠃ ᠰᠢᠨ᠎ᠡ ᠶᠢᠨ ᠨᠢᠭᠡᠨ ᠦ ᠥᠷᠯᠥᠭᠡ ᠵᠡᠭᠦᠨ ᠡᠴᠡ ᠴᠠᠭᠠᠨ ᠭᠡᠭᠡ ᠴᠤᠪᠤᠷᠠᠵᠤ ᠦᠷ ᠲᠡᠮᠲᠡᠷᠢᠭᠳᠡᠬᠦ ᠦᠶ᠎ᠡ ᠪᠡᠷ ᠲᠩᠷᠢ ᠳᠦ ᠮᠥᠷᠭᠥᠬᠦ ᠶᠣᠰᠣᠯᠠᠯ ᠬᠢᠨ᠎ᠡ᠃ ᠶᠡᠨᠳᠡᠷ ᠦᠨ ᠲᠣᠭᠣᠷᠢᠨ ᠳᠤ ᠴᠠᠭᠠᠨ ᠢᠰᠡᠭᠡᠢ᠂ ᠬᠡᠪᠢᠰ᠂ ᠭᠤᠳᠤᠰ ᠳᠡᠪᠢᠰᠦᠨ᠎ᠡ᠃ ᠠᠯᠢᠪᠠ ᠪᠡᠯᠡᠳᠬᠡᠯ ᠪᠦᠷᠢᠨ ᠪᠣᠯᠪᠠᠯ ᠭᠡᠷ ᠦᠨ ᠡᠵᠡᠨ ᠲᠡᠷᠢᠭᠦᠯᠡᠨ ᠲᠠᠪᠠᠭ ᠲᠠᠢ ᠴᠠᠭᠠᠨ ᠢᠳᠡᠭᠡ᠂ ᠤᠭᠤᠴᠠ᠂ ᠠᠷᠢᠬᠢ᠂ ᠴᠠᠢ ᠵᠡᠷᠭᠡ ᠡᠴᠡ ᠳᠡᠭᠡᠵᠢ ᠡᠷᠭᠦᠬᠦ ᠪᠥᠭᠡᠳ ᠳᠥᠷᠪᠡᠨ ᠵᠦᠭ᠂ ᠨᠠᠶᠢᠮᠠᠨ ᠵᠣᠪᠬᠢᠰ ᠲᠤ ᠬᠠᠨᠳᠤᠨ ᠲᠩᠷᠢ ᠳᠦ ᠰᠠᠴᠤᠯᠢ ᠴᠠᠴᠠᠨ᠎ᠠ᠃ ᠡᠷᠭᠦᠯ ᠲᠡᠭᠦᠰᠦᠭᠰᠡᠨ ᠦ ᠳᠠᠷᠠᠭ᠎ᠠ ᠭᠠᠯ ᠢ ᠨᠠᠷᠠ ᠵᠥᠪ ᠲᠣᠭᠣᠷᠢᠨ ᠭᠡᠷ ᠦᠨ ᠡᠵᠡᠨ ᠲᠡᠷᠢᠭᠦᠯᠡᠨ ᠶᠡᠨᠳᠡᠷ ᠦᠨ ᠲᠣᠭᠣᠷᠢᠨ ᠳᠤ ᠳᠡᠪᠢᠰᠦᠭᠰᠡᠨ ᠢᠰᠡᠭᠡᠢ ᠳᠡᠭᠡᠷ᠎ᠡ ᠰᠥᠭᠥᠳᠦᠨ ᠲᠩᠷᠢ ᠳᠦ ᠭᠤᠷᠪᠠ ᠭᠤᠷᠪᠠ ᠶᠢᠰᠦ ᠮᠥᠷᠭᠥᠨ᠎ᠡ᠃

ᠰᠢᠨᠡᠯᠡᠬᠦ ᠶᠣᠰᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠪᠤᠷ ᠤᠨ ᠲᠡᠷᠢᠭᠦᠨ ᠰᠠᠷ᠎ᠠ ᠶᠢᠨ ᠰᠢᠨ᠎ᠡ ᠶᠢᠨ ᠨᠢᠭᠡᠨ ᠳᠦ ᠴᠠᠭᠠᠨ ᠰᠠᠷ᠎ᠠ ᠶᠢᠨ ᠪᠠᠶᠠᠷ ᠢ ᠲᠡᠮᠳᠡᠭᠯᠡᠬᠦ ᠳᠦ ᠪᠡᠨ ᠶᠣᠰᠣᠯᠠᠯ ᠬᠦᠨᠳᠦᠳᠬᠡᠯ ᠦᠨ ᠢᠳᠡᠭᠡ᠂ ᠤᠮᠳᠠᠭ᠎ᠠ ᠪᠡᠯᠡᠳᠬᠡᠨ᠂ ᠵᠣᠯᠭᠠᠵᠤ ᠰᠢᠨᠡᠯᠡᠳᠡᠭ᠃ ᠴᠠᠭᠠᠨ ᠰᠠᠷ᠎ᠠ ᠶᠢᠨ ᠪᠢᠲᠡᠭᠦᠯᠢᠭ ᠢ ᠰᠢᠨ᠎ᠡ ᠶᠢᠨ ᠨᠢᠭᠡᠨ ᠦ ᠤᠷᠢᠳᠤ ᠣᠷᠣᠢ ᠶᠣᠰᠣᠯᠠᠳᠠᠭ ᠪᠥᠭᠡᠳ ᠴᠠᠭᠠᠯᠠᠭ᠎ᠠ ᠶᠢᠨ ᠶᠣᠰᠣᠯᠠᠯ ᠢ ᠥᠷᠯᠥᠭᠡ ᠤᠷᠭᠤᠬᠤ ᠨᠠᠷᠠᠨ ᠢᠶᠠᠷ ᠲᠠᠤᠯᠠᠢ ᠴᠠᠭ ᠲᠤ ᠡᠬᠢᠯᠡᠨ ᠦᠢᠯᠡᠳᠳᠡᠭ᠃ ᠰᠢᠨ᠎ᠡ ᠶᠢᠨ ᠨᠢᠭᠡᠨ ᠦ ᠢᠳᠡᠭᠡᠨ ᠦ ᠦᠨᠳᠦᠰᠦᠨ ᠬᠡᠰᠡᠭ ᠨᠢ ᠳᠠᠪᠬᠤᠷᠯᠠᠨ ᠥᠷᠢᠰᠦᠨ ᠪᠢᠰᠢᠯᠠᠭ᠂ ᠡᠰᠡᠪᠡᠯ ᠬᠠᠪᠰᠠᠢ᠂ ᠤᠯᠠ ᠪᠣᠣᠪᠣ ᠶᠤᠮ᠃ ᠮᠠᠨ ᠤ ᠶᠡᠬᠡᠩᠬᠢ ᠨᠤᠲᠤᠭ ᠲᠤ ᠦᠨᠳᠦᠰᠦᠨ ᠲᠠᠪᠠᠭ ᠤᠨ ᠢᠳᠡᠭᠡᠨ ᠦ ᠪᠢᠰᠢᠯᠠᠭ ᠪᠤᠶᠤ ᠪᠣᠣᠪᠣ ᠬᠠᠪᠰᠠᠢ ᠶᠢ ᠰᠣᠨᠳᠣᠭᠣᠢ ᠲᠣᠭ᠎ᠠ ᠪᠠᠷ ᠳᠠᠪᠬᠤᠷᠯᠠᠨ ᠥᠷᠳᠡᠭ᠃ ᠡᠴᠢᠭᠡ᠂ ᠠᠬ᠎ᠠ ᠨᠠᠷ ᠨᠢ ᠪᠤᠢ ᠠᠶᠢᠯ ᠤᠨ ᠲᠠᠪᠠᠭ ᠤᠨ ᠢᠳᠡᠭᠡ ᠭᠤᠷᠪᠠ ᠪᠤᠶᠤ ᠲᠠᠪᠤ ᠪᠠᠶᠢᠵᠤ ᠪᠣᠯᠳᠠᠭ᠃ ᠡᠴᠢᠭᠡ ᠶᠢᠨ ᠬᠢ ᠨᠢ ᠳᠣᠯᠣᠭᠠᠨ ᠳᠠᠪᠬᠤᠷ ᠢᠳᠡᠭᠡ ᠵᠠᠰᠠᠨ᠎ᠠ᠃ ᠲᠥᠷᠥ ᠶᠢᠨ ᠰᠢᠨᠵᠢ ᠴᠢᠨᠠᠷᠲᠠᠢ ᠶᠣᠰᠣᠯᠠᠯ ᠤᠨ ᠲᠠᠪᠠᠭ ᠤᠨ ᠢᠳᠡᠭᠡ ᠶᠢ ᠭᠣᠣᠯᠴᠢᠯᠠᠨ ᠶᠢᠰᠦᠨ ᠳᠠᠪᠬᠤᠷ ᠵᠠᠰᠠᠳᠠᠭ ᠤᠯᠠᠮᠵᠢᠯᠠᠯ ᠲᠠᠢ᠃ ᠲᠠᠪᠠᠭ ᠢᠶᠠᠨ ᠥᠷᠥᠮ᠎ᠡ᠂ ᠠᠭᠠᠷᠤᠤᠯ᠂ ᠰᠢᠷ᠎ᠠ᠂ ᠴᠠᠭᠠᠨ ᠲᠣᠰᠣ ᠵᠡᠷᠭᠡ ᠴᠠᠭᠠᠨ ᠢᠳᠡᠭᠡ ᠪᠡᠷ ᠴᠢᠮᠡᠬᠦ ᠶᠣᠰᠣᠲᠠᠢ᠃ ᠴᠠᠭᠠᠯᠠᠬᠤ ᠦᠶ᠎ᠡ ᠪᠡᠷ ᠡᠪᠲᠡᠢ ᠨᠠᠶᠢᠷᠲᠠᠢ ᠶᠠᠪᠤᠬᠤ ᠶᠢᠨ ᠪᠡᠯᠭᠡᠳᠡᠯ ᠪᠣᠯᠭᠠᠵᠤ ᠬᠥᠭᠡᠷᠭᠡ ᠵᠥᠷᠢᠭᠦᠯᠵᠦ ᠲᠠᠮᠠᠬᠢᠯᠠᠬᠤ ᠪᠥᠭᠡᠳ ᠬᠠᠷᠢᠨ ᠬᠦᠬᠦᠷ ᠬᠠᠷᠰᠢᠭᠤᠯᠵᠤ ᠰᠣᠯᠢᠯᠴᠠᠬᠤ ᠶᠢ ᠴᠡᠭᠡᠷᠯᠡᠬᠦ ᠶᠢᠨ ᠬᠠᠮᠲᠤ ᠲᠣᠯᠣᠭᠠᠢ ᠶᠢ ᠨᠢ ᠳᠠᠷᠤᠵᠤ ᠪᠣᠯᠳᠠᠭ ᠦᠭᠡᠢ᠃ ᠬᠦᠬᠦᠷ ᠲᠥᠷᠥ ᠲᠦᠰᠢᠬᠦ ᠭᠤᠷᠪᠠᠨ ᠬᠤᠷᠤᠭᠤ ᠪᠤᠶᠤ ᠡᠷᠡᠬᠡᠢ᠂ ᠳᠣᠯᠢᠶᠠᠪᠤᠷ᠂ ᠳᠤᠮᠳᠠ ᠬᠤᠷᠤᠭᠤ ᠪᠠᠷ ᠲᠦᠰᠢᠵᠦ ᠲᠠᠮᠠᠬᠢᠯᠠᠳᠠᠭ᠃ ᠡᠨᠡ ᠨᠢ ᠲᠤᠬᠠᠢ ᠶᠢᠨ ᠬᠦᠮᠦᠨ ᠢ ᠲᠥᠷᠥ ᠶᠢᠨ ᠬᠡᠮᠵᠢᠶᠡᠨ ᠳᠦ ᠬᠦᠨᠳᠦᠯᠡᠵᠦ ᠪᠠᠶᠢᠭ᠎ᠠ ᠶᠢᠨ ᠲᠡᠮᠳᠡᠭ ᠶᠤᠮ᠃

ᠵᠣᠯᠭᠠᠬᠤ ᠶᠣᠰᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠭᠠᠨ ᠰᠠᠷ᠎ᠠ ᠪᠠᠷ ᠬᠠᠳᠠᠭ ᠲᠠᠢ ᠵᠣᠯᠭᠠᠵᠤ ᠪᠠᠶᠢᠭ᠎ᠠ ᠨᠢ

ᠰᠢᠨ᠎ᠡ ᠶᠢᠨ ᠨᠢᠭᠡᠨ ᠳᠦ ᠨᠠᠷᠠ ᠮᠠᠨᠳᠤᠬᠤ ᠲᠠᠢ ᠤᠷᠤᠯᠳᠤᠨ ᠪᠣᠰᠴᠤ᠂ ᠰᠢᠨ᠎ᠡ ᠳᠡᠪᠡᠯ ᠬᠤᠪᠴᠠᠰᠤ ᠪᠠᠨ ᠡᠮᠦᠰᠦᠨ᠂ ᠴᠠᠢ ᠶᠢ ᠪᠠᠨ ᠴᠢᠨᠠᠨ ᠴᠠᠢ ᠢᠳᠡᠭᠡᠨ ᠦ ᠳᠡᠭᠡᠵᠢ ᠪᠡᠨ ᠨᠠᠷᠠ᠂ ᠪᠠᠶᠢᠭᠠᠯᠢ ᠳᠡᠯᠡᠬᠡᠢ ᠳᠦ ᠪᠡᠨ ᠡᠷᠭᠦᠨ᠂ ᠭᠡᠷ ᠦᠨ ᠲᠡᠷᠢᠭᠦᠨ ᠲᠡᠢ ᠭᠡᠷ ᠪᠦᠯᠢ ᠶᠢᠨ ᠭᠡᠰᠢᠭᠦᠳ ᠡᠬᠢᠯᠡᠵᠦ ᠵᠣᠯᠭᠠᠨ᠎ᠠ᠃ ᠭᠣᠣᠯᠳᠠᠭᠤ ᠠᠬᠠᠮᠠᠳ ᠬᠦᠮᠦᠰ ᠬᠠᠳᠠᠭ ᠤᠨ ᠠᠮᠠᠰᠠᠷ ᠢ ᠵᠣᠯᠭᠠᠵᠤ ᠪᠠᠶᠢᠭ᠎ᠠ ᠬᠦᠮᠦᠨ ᠤᠷᠦᠭᠤ ᠬᠠᠷᠠᠭᠤᠯᠤᠨ ᠪᠠᠷᠢᠵᠤ ᠵᠣᠯᠭᠠᠨ᠎ᠠ᠃ ᠠᠬᠠᠮᠠᠳ ᠬᠦᠮᠦᠨ ᠲᠡᠢ ᠵᠣᠯᠭᠠᠬᠤ ᠳᠤ ᠪᠠᠨ ᠬᠣᠶᠠᠷ ᠭᠠᠷ ᠢᠶᠠᠨ ᠲᠣᠬᠣᠢ ᠶᠢ ᠨᠢ ᠲᠦᠰᠢᠨ 《ᠲᠠ ᠠᠮᠤᠷ ᠮᠡᠨᠳᠦ ᠪᠠᠶᠢᠨ᠎ᠠ ᠤᠤ ?》 ᠭᠡᠵᠦ ᠵᠣᠯᠭᠠᠵᠤ ᠬᠣᠶᠠᠷ ᠬᠠᠴᠠᠷ ᠢᠶᠠᠨ ᠦᠨᠦᠰᠦᠭᠦᠯᠦᠨ᠎ᠡ᠃ ᠵᠣᠯᠭᠠᠵᠤ ᠪᠠᠶᠢᠭ᠎ᠠ ᠠᠬᠠᠮᠠᠳ ᠬᠦᠮᠦᠨ ᠬᠠᠷᠢᠭᠤ ᠳᠤ ᠨᠢ 《ᠠᠮᠤᠷ ᠮᠡᠨᠳᠦ ᠪᠡᠢ᠌᠋ᠨ᠎ᠠ》 ᠭᠡᠨ᠎ᠡ᠃ ᠵᠣᠴᠢᠨ ᠰᠢᠷᠡᠭᠡᠨ ᠳᠦ ᠰᠠᠭᠤᠵᠤ ᠪᠠᠶᠢᠷᠢᠯᠠᠭᠰᠠᠨ ᠢᠶᠠᠷ ᠨᠥᠬᠥᠷᠰᠡᠭ ᠳᠣᠲᠣᠨᠣ ᠰᠡᠳᠬᠢᠯ ᠢᠶᠡᠷ 《 ᠲᠠ ᠰᠢᠨ᠎ᠡ ᠰᠠᠷ᠎ᠠ ᠳᠦ ᠪᠡᠨ ᠰᠠᠶᠢᠬᠠᠨ ᠰᠢᠨᠡᠯᠡᠵᠦ ᠪᠠᠶᠢᠨ᠎ᠠ ᠤᠤ ?》 ᠭᠡᠵᠦ ᠠᠬᠠᠮᠠᠳ ᠬᠦᠮᠦᠨ ᠳᠦ ᠪᠡᠨ ᠬᠦᠬᠦᠷ ᠦᠨ ᠲᠠᠭ ᠢ ᠰᠤᠯᠠᠯᠠᠨ ᠬᠦᠬᠦᠷ ᠪᠠᠷᠢᠨ᠎ᠠ᠃ ᠬᠠᠷᠢᠭᠤ ᠳᠤ ᠨᠢ 《ᠰᠠᠶᠢᠬᠠᠨ ᠰᠠᠶᠢᠬᠠᠨ》 ᠭᠡᠨ᠎ᠡ᠃ ᠬᠦᠬᠦᠷ ᠪᠡᠶ᠎ᠡ ᠪᠡᠶᠡᠨ ᠳᠦ ᠪᠡᠨ ᠪᠠᠷᠢᠭᠰᠠᠨ ᠢᠶᠠᠷ ᠮᠣᠩᠭᠣᠯᠴᠤᠳ ᠤᠨ ᠬᠣᠭᠣᠷᠣᠨᠳᠣ ᠪᠠᠲᠤ ᠪᠡᠬᠢ ᠬᠣᠯᠪᠣᠭ᠎ᠠ ᠶᠢ ᠡᠭᠦᠰᠬᠡᠨ ᠠᠬ᠎ᠠ ᠳᠡᠭᠦᠦ ᠨᠠᠶᠢᠵᠠ ᠨᠥᠬᠥᠳ ᠦᠨ ᠳᠣᠲᠣᠨᠣ ᠬᠠᠷᠢᠯᠴᠠᠭ᠎ᠠ ᠶᠢ ᠪᠡᠬᠢᠵᠢᠭᠦᠯᠳᠡᠭ᠃ ᠬᠣᠶᠠᠷ ᠨᠠᠰᠤ ᠴᠢᠴᠠᠤ ᠬᠦᠮᠦᠰ ᠭᠠᠷ ᠭᠠᠷ ᠤᠨ ᠪᠠᠭᠤᠤ ᠪᠠᠷ ᠵᠥᠷᠢᠭᠦᠯᠡᠨ ᠵᠣᠯᠭᠠᠨ᠎ᠠ᠃ ᠭᠡᠷ ᠦᠨ ᠡᠵᠡᠨ ᠭᠡᠷᠭᠡᠢ ᠲᠡᠢ ᠪᠡᠨ ᠵᠣᠯᠭᠠᠳᠠᠭ ᠦᠭᠡᠢ᠂ ᠤᠴᠢᠷ ᠨᠢ ᠬᠠᠨᠢ ᠭᠡᠷᠭᠡᠢ ᠬᠣᠶᠠᠷ ᠤᠨ ᠪᠡᠶ᠎ᠡ ᠰᠡᠳᠬᠢᠯ ᠨᠢᠭᠡᠨ ᠶᠢᠷᠲᠢᠨᠴᠦ ᠭᠡᠳᠡᠭ᠃ ᠬᠣᠶᠠᠷ ᠳᠠᠪᠬᠤᠷ ᠪᠡᠶ᠎ᠡ ᠲᠡᠢ ᠬᠦᠮᠦᠰ ᠬᠣᠭᠣᠷᠣᠨᠳᠣ ᠪᠠᠨ ᠵᠣᠯᠭᠠᠳᠠᠭ ᠦᠭᠡᠢ ᠨᠢ ᠲᠡᠭᠡᠭᠡᠵᠦ ᠪᠠᠶᠢᠭ᠎ᠠ ᠦᠷ᠎ᠡ ᠶᠢᠨ ᠬᠦᠢᠰᠦ ᠰᠣᠯᠢᠭᠳᠠᠨ᠎ᠠ ᠭᠡᠵᠦ ᠴᠡᠭᠡᠷᠯᠡᠳᠡᠭ ᠪᠠᠶᠢᠨ᠎ᠠ᠃

ᠰᠢᠨ᠎ᠡ ᠶᠢᠨ ᠨᠢᠭᠡᠨ ᠳᠦ ᠴᠠᠭᠠᠨ ᠢᠳᠡᠭᠡᠨ ᠡᠴᠡ ᠡᠬᠢᠯᠡᠵᠦ ᠵᠣᠭᠣᠭᠯᠠᠳᠠᠭ᠂ ᠠᠷᠢᠭᠤᠨ ᠲᠤᠩᠭᠠᠯᠠᠭ ᠠᠵᠠ ᠬᠡᠶᠢᠮᠣᠷᠢ ᠲᠠᠢ᠂ ᠭᠡᠭᠡᠯᠭᠡ ᠪᠡᠷ ᠰᠢᠨ᠎ᠡ ᠣᠨ ᠤ ᠭᠠᠷᠤᠭ᠎ᠠ ᠪᠠᠨ ᠡᠬᠢᠯᠡᠬᠦ ᠶᠢ ᠪᠡᠯᠭᠡᠰᠢᠶᠡᠳᠡᠭ᠃ ᠴᠠᠭᠠᠨ ᠰᠠᠷ᠎ᠠ ᠶᠢᠨ ᠭᠠᠷ ᠴᠠᠶᠢᠯᠠᠬᠤ ᠪᠤᠶᠤ ᠭᠠᠷ ᠤᠨ ᠪᠡᠯᠡᠭ ᠲᠦ ᠢᠳᠡᠭᠡ ᠢᠳᠡᠰᠢ ᠡᠯᠪᠡᠭ ᠥᠭᠭᠦᠭᠡᠵᠢᠲᠡᠢ ᠰᠠᠷ᠎ᠠ ᠰᠢᠨ᠎ᠡ ᠳᠦ ᠪᠡᠨ ᠵᠣᠯᠭᠠᠨ ᠣᠷᠣᠯ᠎ᠠ ᠭᠡᠰᠡᠨ ᠪᠡᠯᠭᠡᠳᠡᠯ ᠢᠶᠡᠷ ᠴᠠᠭᠠᠨ ᠰᠠᠷ᠎ᠠ ᠶᠢᠨ ᠢᠳᠡᠭᠡᠨ ᠦ ᠳᠡᠭᠡᠵᠢᠰ ᠡᠴᠡ ᠬᠦᠮᠦᠨ ᠪᠣᠯᠭᠠᠨ ᠳᠤ ᠤᠯᠠ ᠪᠣᠣᠪᠣ ᠴᠠᠭᠠᠨ ᠢᠳᠡᠭᠡᠨ ᠦ ᠬᠠᠮᠲᠤ ᠬᠦᠷᠲᠡᠭᠡᠳᠡᠭ ᠪᠠᠶᠢᠨ᠎ᠠ᠃ ᠶᠡᠷᠦ ᠨᠢ ᠮᠣᠩᠭᠣᠯ ᠬᠦᠮᠦᠨ ᠦ ᠠᠮᠠᠨ ᠠᠴᠠ ᠮᠠᠭᠤ ᠦᠭᠡ ᠤᠨᠠᠬᠤ᠂ ᠬᠠᠭᠤᠴᠢᠨ ᠬᠤᠪᠴᠠᠰᠤ ᠬᠤᠨᠠᠷ ᠠᠪᠬᠤ᠂ ᠱᠢ ᠳᠦ ᠬᠢ(?)᠂ ᠮᠠᠭᠤ ᠪᠤᠷᠤᠭᠤ ᠦᠢᠯᠡ ᠬᠢᠬᠦ ᠶᠢ ᠴᠡᠭᠡᠷᠯᠡᠳᠡᠭ ᠨᠢ ᠠᠮᠠᠨ ᠤ ᠪᠡᠯᠭᠡ ᠪᠡᠷ ᠠᠰᠢᠳᠠ ᠶᠢᠨ ᠪᠢᠯᠢᠭ ᠢᠷᠡᠳᠡᠭ ᠭᠡᠯᠴᠡᠳᠡᠭ᠃ ᠮᠣᠩᠭᠣᠯ ᠤᠨ ᠠᠮᠠᠨ ᠵᠣᠬᠢᠶᠠᠯ ᠤᠳ ᠠᠴᠠ ᠮᠣᠩᠭᠣᠯ ᠠᠷᠠᠳ ᠤᠨ ᠦᠯᠢᠭᠡᠷ ᠳᠣᠮᠣᠭ ᠠᠴᠠ ᠭᠠᠳᠠᠨ᠎ᠠ ᠵᠦᠢᠷ ᠰᠡᠴᠡᠨ ᠦᠭᠡᠰ ᠰᠤᠷᠭᠠᠯ᠂ ᠢᠷᠦᠭᠡᠯ ᠮᠠᠭᠲᠠᠭᠠᠯ᠂ ᠴᠡᠭᠡᠷᠯᠡᠯ᠂ ᠶᠣᠰᠣ ᠵᠠᠩᠰᠢᠯ ᠦᠶ᠎ᠡ ᠳᠠᠮᠵᠢᠨ ᠢᠷᠡᠭᠰᠡᠨ ᠨᠢ ᠢᠯᠡᠬᠡᠨ ᠬᠠᠷᠠᠭᠳᠠᠳᠠᠭ᠃ ᠡᠪᠦᠭᠡ ᠳᠡᠭᠡᠳᠦᠰ ᠡᠴᠡ ᠤᠯᠠᠮᠵᠢᠯᠠᠭᠳᠠᠨ ᠢᠷᠡᠭᠰᠡᠨ ᠡᠨᠡᠬᠦ ᠪᠠᠶᠠᠷ ᠢ ᠶᠡᠬᠡ ᠴᠢᠩᠭᠢᠰ ᠬᠠᠭᠠᠨ 1206 ᠣᠨ ᠳᠤ ᠠᠯᠪᠠᠨ ᠶᠣᠰᠣᠭᠠᠷ ᠪᠦᠬᠦ ᠨᠡᠶᠢᠲᠡ ᠶᠢᠨ ᠲᠥᠷᠥ ᠳᠦ ᠶᠣᠰᠣᠨ ᠤ ᠪᠠᠶᠠᠷ ᠪᠣᠯᠭᠠᠭᠰᠠᠨ᠃ 17 ᠳᠤᠭᠠᠷ ᠵᠠᠭᠤᠨ ᠳᠤ ᠥᠨᠳᠥᠷ ᠭᠡᠭᠡᠨ ᠵᠠᠨᠠᠪᠠᠽᠠᠷ ᠠᠩᠬᠠᠳᠤᠭᠠᠷ ᠪᠣᠭᠳᠠ ᠪᠠᠷ ᠲᠣᠳᠣᠷᠠᠬᠤ ᠦᠶᠡᠰ ᠡᠨᠡᠬᠦ ᠪᠠᠶᠠᠷ ᠨᠢ ᠪᠤᠷᠬᠠᠨ ᠤ ᠱᠠᠰᠢᠨ ᠤ ᠪᠠᠶᠠᠯᠢᠭ ᠪᠡᠯᠭᠡᠳᠡᠯ ᠲᠡᠢ ᠪᠣᠯᠵᠤ ᠲᠡᠮᠳᠡᠭᠯᠡᠭᠳᠡᠵᠦ ᠢᠷᠡᠭᠰᠡᠨ ᠪᠠᠶᠢᠨ᠎ᠠ᠃

ᠬᠠᠳᠠᠭ ᠲᠠᠢ ᠵᠣᠯᠭᠠᠬᠤ ᠶᠣᠰᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠳᠠᠭ ᠲᠠᠢ ᠵᠣᠯᠭᠠᠬᠤ᠂ ᠬᠠᠳᠠᠭ ᠪᠠᠷᠢᠵᠤ ᠵᠣᠯᠭᠠᠬᠤ ᠨᠢ ᠵᠣᠯᠭᠠᠭᠴᠢ ᠪᠠᠨ ᠬᠦᠨᠳᠦᠳᠭᠡᠵᠦ ᠪᠠᠶᠢᠭ᠎ᠠ ᠪᠠᠨ ᠢᠯᠡᠷᠬᠡᠶᠢᠯᠡᠬᠦ ᠲᠠᠯ᠎ᠠ ᠪᠠᠷ ᠢᠶᠠᠨ ᠠᠳᠠᠯᠢ ᠪᠣᠯᠪᠠᠴᠤ ᠢᠯᠭᠠᠭ᠎ᠠ ᠲᠠᠢ ᠲᠠᠯ᠎ᠠ ᠪᠤᠢ᠃ ᠬᠠᠳᠠᠭ ᠪᠠᠷᠢᠵᠤ ᠵᠣᠯᠭᠠᠬᠤ ᠶᠣᠰᠣᠨ ᠳᠤ ᠳᠡᠭᠦᠦ ᠬᠦᠮᠦᠨ ᠨᠢ ᠠᠬᠠᠮᠠᠳ ᠲᠤ ᠪᠠᠨ ᠬᠠᠳᠠᠭ ᠢᠶᠠᠨ ᠪᠦᠷᠢᠮᠦᠰᠦᠨ ᠥᠭᠴᠦ ᠵᠣᠯᠭᠠᠳᠠᠭ ᠪᠣᠯ ᠠᠬᠠᠮᠠᠳ ᠨᠠᠰᠤᠲᠠᠢ ᠬᠦᠮᠦᠨ ᠬᠠᠳᠠᠭ ᠲᠠᠢ ᠵᠣᠯᠭᠠᠬᠤ ᠶᠣᠰᠣᠯᠠᠯ ᠳᠤ ᠬᠠᠳᠠᠭ ᠢᠶᠠᠨ ᠬᠦᠮᠦᠨ ᠳᠦ ᠥᠭᠭᠦᠳᠡᠭ ᠦᠭᠡᠢ᠂ ᠢᠮᠠᠭᠲᠠ ᠥᠪᠡᠷᠲᠡᠭᠡᠨ ᠠᠪᠴᠤ ᠪᠠᠶᠢᠳᠠᠭ᠃ ᠶᠠᠮᠠᠷ ᠴᠤ ᠨᠠᠰᠤᠨ ᠤ ᠬᠦᠮᠦᠨ ᠲᠡᠢ ᠬᠠᠳᠠᠭ ᠲᠠᠢ ᠵᠣᠯᠭᠠᠵᠤ ᠪᠣᠯᠤᠨ᠎ᠠ᠃ ᠬᠠᠳᠠᠭ ᠲᠠᠢ ᠵᠣᠯᠭᠠᠨ᠎ᠠ ᠭᠡᠳᠡᠭ ᠨᠢ ᠬᠠᠳᠠᠭ ᠤᠨ ᠢᠶᠠᠨ ᠨᠢᠭᠡ ᠦᠵᠦᠭᠦᠷ ᠡᠴᠡ ᠪᠠᠷᠠᠭᠤᠨ ᠭᠠᠷ ᠤᠨ ᠢᠶᠠᠨ ᠢᠳᠠᠮ ᠬᠤᠷᠤᠭᠤ ᠶᠢ ᠳᠣᠲᠣᠷ᠎ᠠ ᠲᠠᠯ᠎ᠠ ᠠᠴᠠ ᠨᠢ ᠨᠠᠷᠠ ᠵᠥᠪ ᠬᠣᠶᠠᠷ ᠣᠷᠢᠶᠠᠭᠠᠳ ᠰᠢᠭᠡᠵᠡᠢ ᠬᠤᠷᠤᠭᠤ ᠲᠠᠢ ᠲᠠᠯ᠎ᠠ ᠤᠷᠤᠭᠤ ᠳᠣᠭᠣᠭᠰᠢ ᠤᠨᠵᠢᠭᠤᠯᠤᠭᠰᠠᠨ ᠴᠢᠭ ᠢᠶᠡᠷ ᠢᠶᠡᠨ ᠵᠣᠯᠭᠠᠨ᠎ᠠ᠃ ᠮᠥᠨ ᠲᠠᠨ ᠢ ᠵᠣᠯᠭᠠᠬᠤ ᠭᠡᠳ ᠳᠥᠬᠥᠵᠦ ᠣᠴᠢᠬᠤ ᠳᠤ ᠴᠠᠭᠠᠳᠤ ᠬᠦᠮᠦᠨ ᠬᠠᠳᠠᠭ ᠠᠪᠴᠤ ᠬᠤᠷᠤᠭᠤ ᠶᠢ ᠪᠠᠨ ᠣᠷᠢᠶᠠᠭᠠᠳ ᠡᠬᠢᠯᠡᠪᠡᠯ ᠲᠠ ᠡᠨᠡ ᠬᠦᠮᠦᠨ ᠨᠠᠮᠠᠢ ᠶᠢ ᠶᠡᠬᠡᠳᠡ ᠬᠦᠨᠳᠦᠳᠭᠡᠵᠦ ᠪᠠᠶᠢᠭ᠎ᠠ ᠶᠤᠮ ᠪᠠᠶᠢᠨ᠎ᠠ ᠭᠡᠵᠦ ᠪᠣᠳᠣᠭᠠᠷᠠᠢ᠃

ᠬᠠᠳᠠᠭ ᠪᠠᠷᠢᠬᠤ ᠶᠣᠰᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯᠴᠤᠳ ᠤᠨ ᠪᠠᠶᠠᠷ ᠶᠣᠰᠣᠯᠠᠯ ᠳᠤ ᠬᠠᠳᠠᠭ ᠢ ᠡᠳ᠋ ᠍ ᠦᠨ ᠮᠠᠩᠯᠠᠢ ᠪᠣᠯᠭᠠᠨ ᠪᠠᠷᠢᠳᠠᠭ᠃ ᠬᠠᠳᠠᠭ ᠨᠢ ᠬᠡ ᠤᠭᠠᠯᠵᠠ᠂ ᠦᠰᠦᠭ ᠴᠢᠭ ᠢᠶᠡᠷ ᠢᠶᠡᠨ ᠮᠠᠰᠢ ᠣᠯᠠᠨ ᠶᠠᠩᠵᠤ ᠪᠥᠭᠡᠳ ᠤᠷᠲᠤ ᠪᠣᠭᠣᠨᠢ ᠪᠠᠷ ᠢᠶᠠᠨ ᠴᠤ ᠬᠠᠷᠢᠯᠴᠠᠨ ᠠᠳᠠᠯᠢ ᠦᠭᠡᠢ ᠪᠠᠶᠢᠳᠠᠭ᠃ ᠬᠡ ᠴᠢᠮᠡᠭ ᠦᠨ ᠪᠠᠶᠢᠳᠠᠯ ᠢᠶᠠᠷ ᠬᠦᠮᠦᠨ ᠦ ᠳᠦᠷᠰᠦ ᠲᠡᠢ ᠠᠶᠤᠱᠢ ᠬᠠᠳᠠᠭ ᠢ ᠡᠴᠢᠭᠡ ᠡᠬᠡ᠂ ᠠᠬᠠᠮᠠᠳ ᠨᠠᠰᠤᠲᠠᠨ᠂ ᠡᠷᠬᠢᠮ ᠬᠦᠨᠳᠦ ᠭᠣᠣᠯᠴᠢᠯᠠᠨ ᠪᠠᠷᠢᠬᠤ ᠪᠥᠭᠡᠳ ᠨᠠᠷᠠ᠂ ᠰᠠᠷ᠎ᠠ ᠦᠰᠦᠭ ᠪᠦᠬᠦᠢ ᠨᠠᠨᠵᠢᠸᠠᠩᠳᠠᠨ ᠬᠠᠳᠠᠭ ᠢ ᠶᠡᠬᠡᠪᠴᠢᠯᠡᠨ ᠣᠷᠣᠰᠢᠭᠤᠯᠭ᠎ᠠ ᠶᠢᠨ ᠶᠣᠰᠣᠯᠠᠯ ᠳᠤ ᠬᠡᠷᠡᠭᠯᠡᠨ᠎ᠡ᠃ ᠬᠠᠳᠠᠭ ᠢ ᠪᠠᠷᠢᠬᠤ ᠬᠦᠮᠦᠨ ᠤᠷᠦᠭᠤ ᠪᠡᠨ ᠠᠮᠠ ᠶᠢ ᠨᠢ ᠬᠠᠷᠠᠭᠤᠯᠵᠤ ᠬᠦᠨᠳᠦ ᠶᠢᠨ ᠡᠷᠡᠮᠪᠡ ᠪᠡᠷ ᠮᠡᠬᠦᠶᠢᠬᠦ ᠶᠠᠭᠤᠮᠤ ᠰᠥᠭᠥᠳᠴᠦ ᠪᠠᠷᠢᠨ᠎ᠠ᠃ ᠠᠪᠬᠤ ᠬᠦᠮᠦᠨ ᠨᠢ ᠬᠠᠷᠢᠭᠤ ᠮᠡᠬᠦᠰᠬᠢᠨ ᠬᠠᠳᠠᠭ ᠢ ᠬᠣᠶᠠᠷ ᠭᠠᠷ ᠳᠤ᠋ ᠪᠠᠨ ᠠᠪᠤᠭᠠᠳ ᠨᠢᠮᠪᠠᠢ ᠡᠪᠬᠡᠵᠦ ᠬᠢᠮᠠᠭᠠᠳᠠᠬᠤ ᠶᠣᠰᠣᠲᠠᠢ᠃ ᠬᠠᠳᠠᠭ ᠢ ᠪᠠᠷᠢᠬᠤ ᠳᠤ ᠪᠠᠨ ᠤᠤᠯ ᠶᠣᠰᠣᠯᠠᠯ ᠤᠨ ᠲᠤᠬᠠᠢ ᠪᠡᠯᠡᠭ ᠲᠡᠢ ᠦᠭᠡ ᠦᠭᠦᠯᠡᠵᠦ ᠰᠡᠭᠦᠯ ᠳᠦ ᠨᠢ ᠡᠯ᠎ᠡ ᠪᠠᠶᠠᠷ ᠲᠤ ᠨᠡᠶᠢᠴᠡᠭᠦᠯᠦᠨ ᠪᠠᠷᠢᠬᠤ ᠬᠠᠳᠠᠭ ᠤᠨ ᠢᠶᠠᠨ ᠲᠤᠬᠠᠢ ᠳᠣᠣᠷᠠᠬᠢ ᠦᠭᠡ ᠶᠢᠨ ᠠᠯᠢ ᠨᠢᠭᠡ ᠶᠢ ᠬᠡᠯᠡᠵᠦ ᠬᠠᠳᠠᠭ ᠢᠶᠠᠨ ᠭᠠᠷᠳᠠᠭᠤᠯᠤᠨ᠎ᠠ᠃

ᠬᠠᠳᠠᠭ ᠪᠠᠷᠢᠬᠤ ᠳᠤ ᠬᠡᠯᠡᠬᠦ ᠦᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

«
ᠴᠠᠭᠯᠠᠰᠢ ᠦᠭᠡᠢ ᠤᠷᠲᠤ ᠨᠠᠰᠤᠲᠤ ᠠᠷᠢᠭᠤᠨ ᠬᠠᠳᠠᠭ
ᠲᠡᠭᠰᠢ ᠡᠷᠬᠡ ᠶᠢᠨ ᠲᠩᠷᠢ ᠡᠴᠡ ᠴᠡᠴᠡᠭᠯᠡᠭᠰᠡᠨ
ᠳᠡᠯᠭᠡᠷᠡᠩᠭᠦᠢ ᠤᠷᠲᠤ ᠨᠠᠰᠤᠲᠤ ᠠᠷᠢᠭᠤᠨ ᠴᠠᠭᠠᠨ ᠬᠠᠳᠠᠭ
ᠢᠳᠡᠭᠡᠨ ᠦ ᠳᠡᠭᠡᠵᠢ ᠡᠯᠢᠭᠡᠨ ᠴᠠᠭᠠᠨ ᠲᠠᠷᠠᠭ
ᠡᠳ᠋ ᠍ ᠦᠨ ᠳᠡᠭᠡᠵᠢ ᠠᠷᠢᠭᠤᠨ ᠴᠠᠭᠠᠨ ᠬᠠᠳᠠᠭ
ᠬᠠᠳᠠᠭ ᠪᠠᠷᠢᠵᠤ ᠵᠣᠯᠭᠠᠬᠤᠭᠰᠠᠨ /ᠬᠠᠳᠠᠭ ᠢᠶᠠᠨ ᠪᠠᠷᠢᠵᠤ ᠵᠣᠯᠭᠠᠨ᠎ᠠ/

»

ᠴᠠᠭᠠᠨ ᠰᠠᠷ᠎ᠠ ᠶᠢᠨ ᠴᠡᠭᠡᠷᠯᠡᠬᠦ ᠵᠦᠢᠯᠡᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠲᠡᠭᠦᠨ ᠦ ᠡᠳᠦᠷ ᠢᠷᠡᠬᠦ ᠵᠢᠯ ᠳᠤ ᠪᠡᠨ ᠡᠷᠦᠬᠡ ᠭᠡᠷ ᠢᠶᠡᠨ ᠳᠦᠭᠦᠷᠡᠩ ᠡᠯᠪᠡᠭ ᠳᠡᠯᠪᠡᠭ ᠪᠠᠶᠢᠯᠭᠠᠬᠤ ᠶᠢ ᠢᠷᠦᠭᠡᠨ ᠭᠠᠳᠠᠭᠤᠷ ᠬᠣᠨᠣᠳᠠᠭ ᠦᠭᠡᠢ᠂ ᠰᠢᠨ᠎ᠡ ᠶᠢᠨ ᠨᠢᠭᠡᠨ᠂ ᠬᠣᠶᠠᠷᠠᠨ ᠤ ᠡᠳᠦᠷ ᠢ ᠬᠥᠲᠥᠯ ᠡᠳᠦᠷ ᠬᠡᠮᠡᠬᠦ ᠤᠴᠢᠷ ᠠᠯᠤᠰ ᠬᠣᠯᠠ ᠶᠠᠪᠤᠳᠠᠭ ᠦᠭᠡᠢ ᠪᠠᠶᠢᠨ᠎ᠠ᠃ ᠴᠠᠭᠠᠨ ᠰᠠᠷ᠎ᠠ ᠪᠠᠷ ᠠᠭᠤᠷ᠂ ᠰᠢᠨᠤᠯ᠂ ᠮᠤᠩᠬᠠᠭᠯᠠᠯ ᠭᠡᠰᠡᠨ ᠭᠤᠷᠪᠠᠨ ᠨᠢᠭᠦᠯ ᠢ ᠲᠡᠪᠴᠢᠵᠦ᠂ ᠪᠤᠶᠠᠨ ᠦᠢᠯᠡᠳᠬᠦ ᠨᠢ ᠬᠠᠮᠤᠭ ᠤᠨ ᠴᠢᠬᠤᠯᠠ ᠵᠠᠩ ᠦᠢᠯᠡ ᠠᠵᠢ᠃

  • ᠡᠨᠡ ᠡᠳᠦᠷ ᠭᠣᠣᠯ ᠭᠣᠷᠣᠬ᠎ᠠ ᠬᠤᠳᠳᠤᠭ ᠪᠤᠯᠠᠭ ᠱᠠᠩᠳᠠ ᠠᠴᠠ ᠤᠰᠤ ᠠᠪᠬᠤ ᠶᠢ ᠴᠡᠭᠡᠷᠯᠡᠨ᠎ᠡ᠃ ᠬᠤᠪᠤᠩ ᠰᠠᠪᠠ ᠤᠰᠤ ᠪᠠᠷ ᠳᠦᠭᠦᠷᠡᠩ ᠪᠢᠯᠬᠠᠵᠤ ᠪᠠᠶᠢᠬᠤ ᠶᠣᠰᠣᠲᠠᠢ᠃
  • ᠦᠢᠯᠡ ᠮᠡᠳᠬᠡᠨ ᠣᠶᠣᠬᠤ ᠳᠤ ᠪᠠᠨ ᠬᠠᠭᠤᠴᠢᠨ ᠳᠡᠪᠡᠯ ᠬᠤᠪᠴᠠᠰᠤ ᠤᠳ ᠨᠥᠬᠥᠬᠦ ᠶᠢ ᠴᠡᠭᠡᠷᠯᠡᠨ᠎ᠡ᠃ ᠰᠢᠨ᠎ᠡ ᠪᠡᠷ ᠣᠶᠣᠳᠠᠭ᠃ ᠡᠨᠡ ᠨᠢ ᠰᠠᠶᠢᠨ ᠰᠠᠶᠢᠬᠠᠨ ᠤ ᠪᠡᠯᠭᠡᠰᠢᠭᠡᠯ ᠪᠣᠯᠵᠤ ᠤᠷᠲᠤ ᠤᠳᠠᠭᠠᠨ ᠨᠠᠰᠤᠯᠠᠬᠤ ᠶᠢᠨ ᠵᠥᠩ᠃
  • ᠡᠳ᠋ ᠶᠠᠭᠤᠮ᠎ᠠ ᠵᠢᠭᠡᠯᠡᠭᠡ ᠪᠡᠷ ᠥᠭᠬᠦ ᠶᠢ ᠴᠡᠭᠡᠷᠯᠡᠨ᠎ᠡ᠃ ᠤᠴᠢᠷ ᠭᠡᠪᠡᠰᠦ ᠭᠠᠷᠤᠵᠠ ᠶᠢᠨ ᠡᠭᠦᠳᠡ ᠨᠡᠭᠡᠭᠡᠭᠳᠡᠵᠦ ᠣᠯᠵᠠ ᠶᠢᠨ ᠦᠳᠡ ᠬᠠᠭᠠᠭᠳᠠᠨ᠎ᠠ᠃ ᠪᠤᠰᠤᠳ ᠲᠤ ᠥᠭᠭᠦᠯᠭᠡ ᠦᠭᠡᠢ᠂ ᠪᠤᠰᠤᠳ ᠠᠴᠠ ᠠᠪᠠᠯᠢᠭ ᠦᠭᠡᠢ ᠪᠠᠶᠢᠬᠤ ᠶᠢ ᠬᠢᠴᠢᠶᠡ᠃
  • ᠤᠬᠢᠯᠠᠬᠤ᠂ ᠬᠡᠷᠡᠯᠳᠦᠬᠦ ᠶᠢ ᠴᠡᠭᠡᠷᠯᠡ᠃ ᠵᠥᠷᠢᠴᠡᠪᠡᠰᠦ ᠵᠢᠯ ᠦᠨ ᠲᠤᠷᠰᠢ ᠬᠡᠷᠡᠭᠦᠯ ᠱᠤᠤᠭᠢᠶᠠᠨ᠂ ᠵᠣᠪᠠᠯᠠᠩ ᠦᠯᠦ ᠲᠠᠰᠤᠷᠠᠨ᠎ᠠ᠃
  • ᠵᠤᠤᠬ᠎ᠠ᠂ ᠲᠤᠯᠭᠠᠨ ᠤ ᠦᠨᠡᠰᠦ ᠬᠣᠭ ᠢᠶᠠᠨ ᠭᠠᠷᠭᠠᠵᠤ ᠬᠠᠶᠠᠬᠤ ᠶᠢ ᠴᠡᠭᠡᠷᠯᠡ᠃ ᠰᠢᠨ᠎ᠡ ᠣᠨ ᠭᠠᠷᠬᠤ ᠠᠴᠠ ᠡᠮᠦᠨ᠎ᠡ ᠭᠡᠷ ᠣᠷᠣᠨ ᠣᠷᠴᠢᠨ ᠲᠣᠭᠣᠷᠢᠨ ᠢᠶᠠᠨ ᠴᠡᠮᠴᠡᠶᠢᠲᠡᠯ᠎ᠡ ᠴᠡᠪᠡᠷᠯᠡᠵᠦ ᠰᠠᠶᠢᠬᠠᠨ ᠪᠣᠯᠭᠠᠬᠤ᠃
  • ᠪᠡᠯᠭᠡ ᠳᠡᠮᠪᠡᠷᠢᠯ ᠲᠡᠢ ᠦᠭᠡᠰ ᠬᠡᠯᠡᠬᠦ᠂ ᠮᠠᠯ ᠨᠢᠳᠤᠯᠠᠵᠤ᠂ ᠠᠩ ᠭᠥᠷᠦᠭᠡ ᠬᠢᠵᠦ᠂ ᠠᠷᠢᠶᠠᠲᠠᠨ ᠠᠮᠢᠲᠠᠨ ᠤ ᠠᠮᠢ ᠲᠠᠰᠤᠯᠪᠠᠰᠤ ᠦᠬᠦᠯ ᠬᠠᠭᠠᠴᠠᠯ ᠨᠢᠭᠣᠷᠯᠠᠨ᠎ᠠ᠃
  • ᠰᠢᠨ᠎ᠡ ᠰᠠᠷ᠎ᠠ ᠶᠢᠨ ᠰᠢᠨ᠎ᠡ ᠶᠢᠨ 7 ᠍ ᠳᠦ ᠠᠬ᠎ᠠ ᠳᠡᠭᠦᠦ᠂ ᠠᠮᠠᠷᠠᠭ ᠰᠠᠳᠤᠨ ᠂ ᠠᠶᠢᠯ ᠳᠤ ᠣᠴᠢᠵᠤ ᠵᠣᠯᠭᠠᠬᠤ ᠶᠢ ᠴᠡᠭᠡᠷᠯᠡ᠃ ᠡᠨᠠ ᠡᠳᠦᠷ ᠢ ᠬᠠᠷ᠎ᠠ ᠡᠳᠦᠷ ᠭᠡᠳᠡᠭ ᠤᠴᠢᠷ ᠠᠴᠠ ᠡᠶᠢᠨᠬᠦᠦ ᠴᠡᠭᠡᠷᠯᠡᠳᠡᠭ᠃
  • ᠡᠬᠡᠨᠡᠷ᠂ ᠨᠥᠬᠥᠷ ᠬᠣᠶᠠᠷ ᠬᠣᠭᠣᠷᠣᠨᠳᠣ ᠪᠠᠨ ᠵᠣᠯᠭᠠᠬᠤ ᠶᠢ ᠴᠡᠭᠡᠷᠯᠡ᠃ ᠵᠣᠯᠭᠠᠪᠠᠰᠤ ᠬᠠᠭᠠᠴᠠᠵᠤ ᠰᠠᠯᠤᠨ᠎ᠠ᠃ ᠬᠠᠷ᠎ᠠ ᠡᠯᠢᠭᠡ ᠲᠡᠢ ᠪᠣᠯᠳᠠᠭ ᠠᠵᠢ᠃
  • ᠠᠷᠢᠬᠢ ᠤᠤᠭᠤᠵᠤ᠂ ᠠᠭᠰᠤᠮ ᠰᠣᠭᠲᠣᠭᠤ ᠲᠠᠯᠪᠢᠵᠤ ᠬᠥᠯᠴᠦᠭᠦᠷᠭᠡᠬᠦ᠂ ᠰᠢᠨ᠎ᠡ ᠰᠠᠷ᠎ᠠ ᠶᠢᠨ ᠰᠢᠭᠦᠰᠦ᠂ ᠢᠳᠡᠭᠡ ᠪᠤᠳᠠᠭᠠᠨ ᠳᠤ ᠡᠵᠡᠨ ᠦ ᠵᠥᠪᠰᠢᠶᠡᠷᠡᠯ ᠦᠭᠡᠢ ᠬᠦᠷᠴᠦ ᠰᠠᠮᠠᠷᠳᠠᠬᠤ᠂ ᠪᠠᠵᠠᠬᠤ ᠵᠡᠷᠭᠡ ᠨᠠᠭᠠᠳᠤ ᠵᠠᠬ᠎ᠠ ᠶᠢᠨ ᠶᠣᠰᠣ ᠵᠠᠶ᠋ᠢᠭ ᠳᠤᠯᠪᠠᠭ ᠵᠥᠷᠢᠴᠡᠬᠦ ᠶᠢ ᠴᠡᠭᠡᠷᠯᠡᠨ᠎ᠡ᠃
  • ᠪᠡᠶ᠎ᠡᠳᠡᠭᠡᠨ ᠮᠡᠰᠡᠨ ᠦ ᠵᠦᠢᠯ ᠠᠪᠴᠤ ᠶᠠᠪᠤᠬᠤ ᠶᠢ ᠬᠣᠷᠢᠭᠯᠠᠨ᠎ᠠ᠃ ᠦᠯᠦ ᠳᠠᠭᠠᠪᠠᠰᠤ ᠳᠠᠶᠢᠨ ᠳᠠᠵᠢᠩ ᠦᠨ ᠨᠢᠭᠤᠷ ᠲᠠᠢ᠃

ᠮᠣᠩᠭᠣᠯ ᠬᠤᠸᠠᠩᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠷᠢᠭᠠᠷᠤᠨ ᠣᠨ ᠲᠥᠪᠡᠳ ᠮᠣᠩᠭᠣᠯ ᠣᠨ ᠲᠥᠪᠡᠳ ᠮᠣᠩᠭᠣᠯ ᠣᠨ ᠴᠠᠭᠠᠨ ᠰᠠᠷ᠎ᠠ ᠲᠡᠮᠳᠡᠭ ᠪᠠ ᠠᠮᠢᠲᠠᠨ
2008 17 ᠷᠠᠪᠵᠤᠩ 22 ᠣᠨ 2135 2 ᠰᠠᠷ᠎ᠠ ᠶᠢᠨ 7—9 ᠡᠷ᠎ᠡ ᠭᠠᠵᠠᠷ ᠬᠤᠯᠤᠭᠠᠨ᠎ᠠ
2009 17 ᠷᠠᠪᠵᠤᠩ 23 ᠣᠨ 2136 2 ᠰᠠᠷ᠎ᠠ ᠶᠢᠨ 25—27 ᠡᠮ ᠭᠠᠵᠠᠷ ᠪᠦᠬᠦ[1]
2010 17 ᠷᠠᠪᠵᠤᠩ 24 ᠣᠨ 2137 2 ᠰᠠᠷ᠎ᠠ ᠶᠢᠨ 14 ᠡᠷ᠎ᠡ ᠲᠡᠮᠦᠷ ᠪᠠᠷᠰ[2]
2011 17 ᠷᠠᠪᠵᠤᠩ 25 ᠣᠨ 2138 3 ᠰᠠᠷ᠎ᠠ ᠶᠢᠨ 5 ᠡᠮ ᠲᠡᠮᠦᠷ ᠲᠠᠤᠯᠠᠢ
2012 17 ᠷᠠᠪᠵᠤᠩ 26 ᠣᠨ 2139 2 ᠰᠠᠷ᠎ᠠ ᠶᠢᠨ 22 ᠡᠷ᠎ᠡ ᠤᠰᠤ ᠯᠤᠤ
2013 17 ᠷᠠᠪᠵᠤᠩ 27 ᠣᠨ 2140 2 ᠰᠠᠷ᠎ᠠ ᠶᠢᠨ 11 ᠡᠮ ᠤᠰᠤ ᠮᠣᠭᠠᠢ
2014 17 ᠷᠠᠪᠵᠤᠩ 28 ᠣᠨ 2141 3 ᠰᠠᠷ᠎ᠠ ᠶᠢᠨ 2 ᠡᠷ᠎ᠡ ᠮᠣᠳᠣᠨ ᠮᠣᠷᠢ
2015 17 ᠷᠠᠪᠵᠤᠩ 29 ᠣᠨ 2142 2 ᠰᠠᠷ᠎ᠠ ᠶᠢᠨ 18/19 ᠡᠮ ᠮᠣᠳᠣᠨ ᠬᠣᠨᠢ
2016 17 ᠷᠠᠪᠵᠤᠩ 30 ᠣᠨ 2143 2 ᠰᠠᠷ᠎ᠠ ᠶᠢᠨ 8 ᠡᠷ᠎ᠡ ᠭᠠᠯ ᠪᠡᠴᠢᠨ

ᠰᠡᠭᠦᠯ ᠦᠨ ᠵᠢᠯ ᠦᠳ ᠦᠨ ᠴᠠᠭᠠᠨ ᠰᠠᠷ᠎ᠠ ᠶᠢᠨ ᠡᠳᠦᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠭ᠎ᠠ ᠶᠢᠨ ᠲᠣᠭᠠᠯᠠᠯ ᠤᠨ ᠣᠨ ᠵᠢᠯ ᠦᠨ ᠨᠡᠷᠡ ᠴᠠᠭᠠᠨ ᠰᠠᠷ᠎ᠠ
1989 ᠴᠠᠭᠠᠨ 2 ᠰᠠᠷ᠎ᠠ ᠶᠢᠨ 7
1990 ᠮᠠᠰᠢᠳᠠ ᠰᠣᠭᠲᠣᠩᠭᠢ 2 ᠰᠠᠷ᠎ᠠ ᠶᠢᠨ 26
1991 ᠲᠥᠷᠥᠯᠬᠢᠲᠡᠨ ᠦ ᠡᠵᠡᠨ 2 ᠰᠠᠷ᠎ᠠ ᠶᠢᠨ 15
1992 ᠠᠩᠭᠢᠷᠠ 2 ᠰᠠᠷ᠎ᠠ ᠶᠢᠨ 4
1993 ᠴᠣᠭᠲᠤ ᠨᠢᠭᠤᠷ ᠲᠤ ...
1994 ᠪᠣᠳᠠ 2 ᠰᠠᠷ᠎ᠠ ᠶᠢᠨ 11
1995 ᠨᠠᠰᠤᠨ ᠲᠡᠭᠦᠯᠳᠡᠷ ...
1996 ᠪᠠᠷᠢᠭᠴᠢ 2 ᠰᠠᠷ᠎ᠠ ᠶᠢᠨ 19
1997 ᠡᠷᠬᠡᠲᠦ 2 ᠰᠠᠷ᠎ᠠ ᠶᠢᠨ 8
1998 ᠣᠯᠠᠨ ᠦᠷ᠎ᠡ ᠳᠦ ...
1999 ᠰᠤᠭᠲᠤᠬᠤ ᠲᠡᠭᠦᠯᠳᠡᠷ 2 ᠰᠠᠷ᠎ᠠ ᠶᠢᠨ 17
2000 ᠲᠡᠶᠢᠨ ᠳᠠᠷᠤᠭᠴᠢ 2 ᠰᠠᠷ᠎ᠠ ᠶᠢᠨ 30
2001 ᠰᠦᠷᠦᠭ ᠦᠨ ᠮᠠᠩᠯᠠᠢ 1 ᠰᠠᠷ᠎ᠠ ᠶᠢᠨ 24
2002 ᠡᠯᠳᠡᠪ 2 ᠰᠠᠷ᠎ᠠ ᠶᠢᠨ 13
2003 ᠨᠠᠷᠠᠨ 2 ᠰᠠᠷ᠎ᠠ ᠶᠢᠨ 2
2004 ᠨᠠᠷᠠᠨ ᠭᠡᠲᠦᠯᠭᠡᠭᠴᠢ 2 ᠰᠠᠷ᠎ᠠ ᠶᠢᠨ 21
2005 ᠭᠠᠵᠠᠷ ᠲᠡᠳᠬᠦᠭᠴᠢ 2 ᠰᠠᠷ᠎ᠠ ᠶᠢᠨ 9
2006 ᠪᠠᠷᠠᠭᠳᠠᠰᠢ ᠦᠭᠡᠢ 1 ᠰᠠᠷ᠎ᠠ ᠶᠢᠨ 30
2007 ᠬᠠᠮᠤᠭ ᠢ ᠨᠣᠮᠣᠬᠠᠳᠬᠠᠭᠴᠢ 2 ᠰᠠᠷ᠎ᠠ ᠶᠢᠨ 18
2008 ᠬᠣᠲᠠᠯᠠ ᠶᠢ ᠪᠠᠷᠢᠭᠴᠢ 2 ᠰᠠᠷ᠎ᠠ ᠶᠢᠨ 8
2009 ᠬᠠᠷᠰᠢᠯᠠᠯ ᠳᠤ 2 ᠰᠠᠷ᠎ᠠ ᠶᠢᠨ 26
2010 ᠲᠡᠶᠢᠨ ᠤᠷᠪᠠᠭᠴᠢ 2 ᠰᠠᠷ᠎ᠠ ᠶᠢᠨ 14
2011 ᠡᠯᠵᠢᠭᠡ 2 ᠰᠠᠷ᠎ᠠ ᠶᠢᠨ 3
2012 ᠪᠠᠶᠠᠰᠬᠤᠯᠠᠩ 2 ᠰᠠᠷ᠎ᠠ ᠶᠢᠨ 22
2013 ᠲᠡᠶᠢᠨ ᠢᠯᠠᠭᠴᠢ 2 ᠰᠠᠷ᠎ᠠ ᠶᠢᠨ 11
2014 ᠢᠯᠠᠭᠤᠭᠰᠠᠨ 1 ᠰᠠᠷ᠎ᠠ ᠶᠢᠨ 31
[3]

21 ᠵᠠᠭᠤᠨ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

21 ᠵᠠᠭᠤᠨ ᠳᠤ ᠲᠣᠬᠢᠶᠠᠬᠤ ᠴᠠᠭᠠᠨ ᠰᠠᠷ᠎ᠠ ᠶᠢᠨ ᠡᠳᠦᠷ ᠦᠳ

05.02.00 22.02.01 12.02.02 01.02.03 20.02.04 09.02.05 29.01.06 18.02.07 07.02.08 24.02.09
14.02.10 03.02.11 21.02.12 10.02.13 31.01.14 19.02.15 08.02.16 26.02.17 16.02.18 05.02.19
23.02.20 12.02.21 01.02.22 20.02.23 10.02.24 29.01.25 17.02.26 06.02.27 24.02.28 13.02.29
03.02.30 21.02.31 11.02.32 31.01.33 19.02.34 08.02.35 26.02.36 15.02.37 04.02.38 22.02.39
12.02.40 01.02.41 20.02.42 10.02.43 30.01.44 17.02.45 06.02.46 24.02.47 14.02.48 02.02.49
21.02.50 11.02.51 01.02.52 19.02.53 08.02.54 26.02.55 15.02.56 04.02.57 22.02.58 12.02.59
02.02.60 19.02.61 09.02.62 29.01.63 17.02.64 05.02.65 24.02.66 14.02.67 03.02.68 21.02.69
11.02.70 31.01.71 19.02.72 07.02.73 26.02.74 15.02.75 05.02.76 22.02.77 12.02.78 02.02.79
20.02.80 09.02.81 29.01.82 17.02.83 06.02.84 24.02.85 14.02.86 03.02.87 22.02.88 10.02.89
30.01.90 18.02.91 07.02.92 25.02.93 15.02.94 05.02.95 23.02.96 12.02.97 01.02.98 19.02.99

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Kalacakra.com
  2. Jewelheart.org
  3. ᠯᠠ᠃ ᠲᠡᠷᠡᠪᠢᠰᠢ᠃ ᠮᠣᠩᠭᠣᠯ ᠵᠢᠷᠤᠬᠠᠢ ᠶᠢᠨ ᠴᠠᠭ ᠲᠣᠭᠠᠨ ᠤ ᠪᠢᠴᠢᠭ

ᠭᠣᠣᠯ ᠡᠰᠢ ᠪᠣᠯᠭᠠᠭᠰᠠᠨ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1.ᠰ ᠦᠵᠦᠮ ᠦᠨ "ᠮᠣᠩᠭᠣᠯ ᠤᠨ ᠴᠠᠭᠠᠨ ᠰᠠᠷ᠎ᠠ" http://www.orloo.info/readfull/entertainment/8508-2012-01-31-01-26-28
2. "ᠮᠣᠩᠭᠣᠯ ᠶᠣᠰᠣ ᠵᠠᠩᠰᠢᠯ ᠤᠨ ᠶᠡᠬᠡ ᠲᠠᠶᠢᠯᠪᠤᠷᠢ ᠲᠣᠯᠢ" ᠭᠤᠲᠠᠭᠠᠷ ᠪᠣᠲᠢ/
3. ᠮ ᠰᠢᠳᠡᠬᠦ 《ᠲᠠᠪᠠᠭ ᠤᠨ ᠢᠳᠡᠭᠡ ᠵᠠᠰᠠᠬᠤ ᠤᠭᠤᠴᠠ ᠲᠠᠯᠪᠢᠬᠤ ᠶᠣᠰᠣ》
4."ᠴᠠᠭᠠᠨ ᠰᠠᠷ᠎ᠠ ᠶᠢᠨ ᠶᠣᠰᠣ ᠵᠠᠩᠰᠢᠯ" http://goolingoo.mn/index.php?c=1596
5.ᠸ ᠢᠨᠵᠠᠨᠨᠠᠰᠢ ᠶᠢᠨ 《ᠬᠥᠬᠡ ᠰᠤᠳᠤᠷ》
6."ᠮᠠᠷᠺᠣ ᠫᠣᠯᠣᠭ ᠤᠨ ᠠᠶᠠᠨ ᠵᠠᠮ ᠤᠨ ᠲᠡᠮᠳᠡᠭᠯᠡᠯ"

ᠪᠢᠴᠢᠭᠡᠰᠦ