ᠴᠠᠭᠠᠨ ᠬᠡᠷᠡᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠠᠭᠠᠨ ᠬᠡᠷᠡᠮ*
United Nations Educational Scientific and Cultural Organization ᠍ ᠶᠢᠨ ᠳᠡᠯᠡᠬᠡᠢ ᠶᠢᠨ ᠥᠪ

GreatWall 2004 Summer 4.jpg
ᠴᠠᠭᠠᠨ ᠬᠡᠷᠡᠮ
ᠲᠥᠷᠥᠯ ᠰᠤᠶᠤᠯ ᠤᠨ
ᠰᠢᠯᠭᠠᠭᠤᠷ i, ii, iii, iv, vi
ᠳ᠋ᠤᠭᠠᠷ 438
ᠪᠥᠰᠡ** ᠠᠽᠢᠶ᠎ᠠ᠂ ᠠᠦᠢᠰᠲ᠋ᠷᠯᠢᠶ᠎ᠠ ᠪᠠ ᠳᠠᠯᠠᠢ ᠶᠢᠨ ᠣᠷᠣᠨ ᠨᠤᠭᠤᠳ
ᠳᠠᠬᠢ ᠳᠡᠯᠡᠬᠡᠢ ᠶᠢᠨ ᠥᠪ ᠦᠳ
ᠪᠦᠷᠢᠳᠬᠡᠭᠰᠡᠨ ᠲᠡᠦᠬᠡ
ᠪᠦᠷᠢᠳᠬᠡᠭᠰᠡᠨ 1987  (11 ᠍ ᠳᠦᠭᠡᠷ ᠴᠢᠭᠤᠯᠭᠠᠨ)
* ᠨᠡᠷ᠎ᠡ ᠨᠢ ᠳᠡᠯᠡᠬᠡᠢ ᠶᠢᠨ ᠥᠪ ᠦᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠦ ᠳᠠᠭᠠᠤ᠃
** ᠪᠥᠰᠡ ᠨᠢ United Nations Educational Scientific and Cultural Organization ᠍ ᠦᠨ ᠲᠣᠭᠲᠠᠭᠠᠭᠰᠠᠨ ᠤ ᠳᠠᠭᠠᠤ᠃
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠴᠠᠭᠠᠨ ᠬᠡᠷᠡᠮ ᠢ ᠬᠠᠷᠠᠭᠤᠯᠤᠭᠰᠠᠨ ᠭᠠᠵᠠᠷ ᠤᠨ ᠵᠢᠷᠤᠭ

ᠴᠠᠭᠠᠨ ᠬᠡᠷᠡᠮ (ᠬᠢᠲᠠᠳ ᠬᠡᠯᠡ 《ᠬᠠᠮᠤᠭ ᠤᠨ ᠤᠷᠲᠤ ᠬᠡᠷᠡᠮ》) ᠭᠡᠳᠡᠭ ᠲᠦ НЭӨ 5 ᠍ ᠍ ᠳᠦᠭᠡᠷ ᠵᠠᠭᠤᠨ ᠠᠴᠠ᠂ НЭ 16 ᠍ ᠍ ᠳᠦᠭᠡᠷ ᠵᠠᠭᠤᠨ ᠤ ᠬᠣᠭᠣᠷᠣᠨᠳᠣ ᠬᠢᠲᠠᠳ ᠤᠨ ᠬᠠᠭᠠᠨ ᠳᠤ ᠤᠯᠤᠰ ᠤᠳ ᠤᠮᠠᠷᠠᠳᠤ ᠵᠦᠭ ᠦᠨ ᠮᠣᠷᠢᠲᠠᠨ ᠨᠡᠭᠦᠳᠡᠯᠴᠢᠨ ᠦᠨᠳᠦᠰᠦᠲᠡᠨ ᠨᠦᠭᠦᠳ ᠦᠨ ᠬᠠᠯᠳᠠᠯᠭ᠎ᠠ ᠠᠴᠠ ᠬᠠᠮᠠᠭᠠᠯᠠᠬᠤ ᠵᠣᠷᠢᠯᠭ᠎ᠠ ᠪᠠᠷ ᠭᠣᠣᠯᠴᠢᠯᠠᠨ ᠰᠢᠪᠠᠷᠴᠢᠯᠠᠭᠤᠭᠠ ᠪᠠᠷ ᠪᠠᠷᠢᠭᠳᠠᠭᠰᠠᠨ ᠣᠯᠠᠨ ᠰᠠᠯᠤᠩᠭᠢᠳᠠ ᠪᠡᠬᠢᠯᠡᠯᠲᠡ ᠶᠢ ᠬᠠᠮᠲᠤᠳᠬᠠᠨ ᠤᠶᠢᠯᠠᠭᠠᠬᠤ ᠶᠤᠮ᠃

ᠲᠤᠰ ᠲᠤᠰ ᠲᠤ ᠪᠠᠨ ᠰᠠᠯᠤᠩᠭᠢᠳᠠ ᠬᠡᠷᠡᠮᠦ ᠨᠦᠭᠦᠳ ᠪᠠᠶᠢᠭᠰᠠᠨ ᠢ ᠬᠢᠲᠠᠳ ᠍ ᠍ ᠤᠨ ᠠᠩᠬᠠᠨ ᠤ ᠨᠢᠭᠡᠳᠦᠭᠰᠡᠨ ᠲᠥᠷᠥ ᠳᠦ ᠤᠯᠤᠰ ᠢ ᠦᠨᠳᠦᠰᠦᠯᠡᠭᠴᠢ ᠴᠢᠨ ᠱᠢ ᠬᠤᠸᠠᠩᠳᠢ ᠾᠦᠩᠨᠦ ᠭᠦᠷᠦᠨ ᠦ ᠳᠣᠪᠲᠣᠯᠭᠠᠨ ᠠᠴᠠ ᠬᠠᠮᠠᠭᠠᠯᠠᠬᠤ ᠪᠠᠷ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 220-206 ᠣᠨ ᠤ ᠬᠣᠭᠣᠷᠣᠨᠳᠣ ᠵᠠᠢ ᠵᠠᠪᠰᠠᠷ ᠢ ᠪᠦᠭᠯᠡᠵᠦ᠂ ᠤᠷᠲᠤᠰᠬᠠᠵᠠᠢ᠃[1]᠃ ᠡᠳᠡᠭᠡᠷ ᠠᠩᠬᠠᠨ ᠤ ᠰᠢᠪᠠᠷ ᠬᠡᠷᠡᠮ ᠦᠳ ᠡᠴᠡ ᠦᠯᠡᠳᠡᠵᠦ ᠬᠣᠴᠣᠷᠤᠭᠰᠠᠨ ᠨᠢ ᠴᠥᠭᠡᠬᠡᠨ᠂ᠮᠣᠩᠭᠣᠯ ᠤᠨ ᠶᠡᠬᠡ ᠭᠦᠷᠦᠨ ᠳᠦ ᠡᠵᠡᠯᠡᠭᠳᠡᠭᠰᠡᠨ ᠦᠶ᠎ᠡ ᠳᠦ 150 ᠭᠠᠷᠤᠢ ᠵᠢᠯ ᠵᠣᠭᠰᠣᠵᠤ ᠬᠠᠷᠢᠨ ᠬᠠᠮᠤᠭ ᠤᠨ ᠰᠡᠭᠦᠯᠴᠢ ᠶᠢᠨ ᠮᠢᠩ ᠤᠯᠤᠰ ᠍ ᠍ ᠤᠨ ᠦᠶ᠎ᠡ ᠳᠦ ᠤᠮᠠᠷᠠᠳᠤ ᠵᠦᠭ ᠦᠨ ᠮᠣᠩᠭᠣᠯᠴᠤᠳ᠂ ᠵᠡᠭᠦᠨ ᠬᠣᠶᠢᠳᠤ ᠵᠦᠭ ᠦᠨ ᠵᠦᠷᠴᠢᠳᠡ ᠡᠴᠡ ᠬᠠᠮᠠᠭᠠᠯᠠᠬᠤ ᠪᠠᠷ ᠪᠠᠶᠢᠭᠤᠯᠤᠭᠰᠠᠨ ᠴᠢᠯᠠᠭᠤᠨ ᠬᠡᠷᠡᠮ ᠨᠢ ᠣᠳᠣ ᠪᠠᠷ ᠰᠠᠶᠢᠲᠤᠷ ᠬᠠᠳᠠᠭᠠᠯᠠᠭᠳᠠᠵᠤ ᠦᠯᠡᠳᠡᠭᠰᠡᠨ ᠶᠤᠮ᠃

ᠴᠠᠭ ᠢᠶᠠᠷ ᠬᠡᠷᠡᠮ ᠨᠢ ᠥᠪᠥᠷ ᠮᠣᠩᠭᠣᠯ ᠍ ᠍ ᠤᠨ ᠤᠷᠳᠤ ᠬᠥᠪᠥᠭᠡ ᠪᠡᠷ ᠡᠮᠵᠢᠨ ᠨᠤᠮᠤ ᠬᠡᠯᠪᠡᠷᠢ ᠲᠡᠢ ᠪᠡᠷ ᠲᠣᠭᠲᠠᠵᠤ᠂ ᠳᠣᠷᠣᠨ᠎ᠠ ᠵᠦᠭ ᠲᠤ ᠪᠦᠸ ᠬᠠᠢ ᠲᠠᠩᠭᠢᠰ᠂ ᠥᠷᠥᠨ᠎ᠡ ᠵᠦᠭ ᠲᠤ ᠯᠣᠪ ᠨᠠᠭᠤᠷ ᠬᠦᠷᠡᠨ᠎ᠡ᠃ ᠡᠷᠲᠡᠨ ᠦ ᠰᠤᠳᠤᠯᠤᠯ ᠍ ᠍ ᠤᠨ ᠪᠦᠬᠦ ᠲᠠᠯ᠎ᠠ ᠶᠢᠨ ᠰᠤᠳᠤᠯᠭᠠᠨ ᠨᠤᠭᠤᠳ ᠢᠶᠠᠷ ᠪᠣᠯᠪᠠᠯ ᠪᠦᠬᠦ ᠬᠡᠷᠡᠮ ᠦᠨ ᠨᠡᠶᠢᠲᠡ ᠤᠷᠲᠤ 8,851.8 ᠺᠢᠯᠣᠮᠧᠲ᠋ᠷ᠂ ᠡᠭᠦᠨ ᠡᠴᠡ 6,259.6 ᠺᠢᠯᠣᠮᠧᠲ᠋ᠷ ᠨᠢ ᠵᠢᠩᠬᠢᠨᠢ ᠬᠡᠷᠡᠮ᠂ 359.7 ᠺᠢᠯᠣᠮᠧᠲ᠋ᠷ ᠨᠢ ᠭᠤᠤ ᠵᠢᠯᠠᠭ᠎ᠠ᠂ 2,232.5 ᠺᠢᠯᠣᠮᠧᠲ᠋ᠷ ᠨᠢ ᠠᠭᠤᠯᠠ᠂ ᠭᠣᠣᠯ ᠭᠡᠬᠦ ᠮᠡᠲᠦ ᠪᠠᠶᠢᠭᠠᠯᠢ ᠶᠢᠨ ᠪᠠᠷᠲᠠᠭ᠎ᠠ ᠰᠠᠭᠠᠳ ᠭᠡᠵᠦ ᠦᠵᠡᠵᠡᠢ᠃[2][3][4]

ᠮᠠᠨᠵᠤ ᠴᠢᠩ ᠤᠯᠤᠰ ᠍ ᠍ ᠤᠨ ᠡᠩᠬᠡ ᠠᠮᠤᠭᠤᠯᠠᠩ ᠬᠠᠭᠠᠨ ᠴᠠᠭᠠᠨ ᠬᠡᠷᠡᠮ ᠢ ᠬᠠᠮᠠᠭᠠᠯᠠᠯᠲᠠ ᠶᠢᠨ ᠥᠷᠲᠡᠭ ᠶᠡᠬᠡ ᠲᠡᠢ᠂ ᠮᠥᠨ ᠨᠠᠶᠢᠳᠠᠪᠤᠷᠢ ᠦᠭᠡᠢ ᠪᠡᠬᠢᠯᠡᠯᠲᠡ ᠭᠡᠵᠦ ᠦᠵᠡᠨ ᠴᠢᠨᠠᠭᠰᠢᠳᠠ ᠵᠠᠰᠠᠵᠤ ᠰᠡᠯᠪᠢᠬᠦ ᠠᠵᠢᠯ ᠢ ᠵᠣᠭᠰᠣᠭᠠᠭᠰᠠᠨ ᠪᠠᠶᠢᠨ᠎ᠠ᠃ 1980 ᠍ ᠍ ᠊ᠭᠠᠳ ᠣᠨ ᠠᠴᠠ ᠡᠬᠢᠯᠡᠨ ᠤᠭ ᠬᠡᠷᠡᠮ ᠢ ᠳᠠᠬᠢᠨ ᠰᠢᠨᠡᠴᠢᠯᠡᠨ ᠵᠠᠰᠠᠵᠤ᠂ ᠰᠡᠷᠭᠦᠭᠡᠨ ᠪᠣᠰᠬᠠᠵᠤ ᠪᠠᠶᠢᠨ᠎ᠠ᠃ ᠬᠢᠲᠠᠳ ᠤᠨ ᠮᠢᠩ ᠤᠯᠤᠰ ᠤᠨ ᠦᠶ᠎ᠡ ᠳᠦ ᠤᠭ ᠬᠡᠷᠡᠮ ᠢ ᠰᠠᠶ᠎ᠠ ᠭᠠᠷᠤᠢ ᠴᠡᠷᠢᠭ ᠬᠠᠮᠠᠭᠠᠯᠠᠵᠤ ᠪᠠᠶᠢᠪᠠ[5]᠃ ᠤᠭ ᠬᠡᠷᠡᠮ ᠢ ᠪᠠᠷᠢᠬᠤ ᠶᠠᠪᠤᠴᠠ ᠳᠤ 2-3 ᠰᠠᠶ᠎ᠠ ᠬᠦᠮᠦᠨ ᠨᠠᠰᠤ ᠪᠠᠷᠠᠭᠰᠠᠨ ᠭᠡᠵᠦ ᠲᠣᠭᠠᠴᠠᠳᠠᠭ ᠪᠠᠶᠢᠨ᠎ᠠ[6]᠃ ᠴᠠᠭᠠᠨ ᠬᠡᠷᠡᠮ ᠨᠢ ᠣᠯᠠᠨ ᠨᠡᠶᠢᠲᠡ ᠶᠢᠨ ᠰᠠᠨᠠᠯ ᠠᠰᠠᠭᠤᠯᠭ᠎ᠠ ᠪᠠᠷ ᠬᠦᠮᠦᠨ ᠲᠥᠷᠥᠯᠬᠢᠲᠡᠨ ᠦ ᠪᠦᠲᠦᠭᠡᠨ ᠪᠠᠶᠢᠭᠤᠯᠤᠭᠰᠠᠨ ᠤᠷᠠᠨ ᠪᠠᠷᠢᠯᠭ᠎ᠠ ᠶᠢᠨ ᠰᠢᠨ᠎ᠡ ᠳᠡᠯᠡᠬᠡᠢ ᠶᠢᠨ ᠳᠣᠯᠣᠭᠠᠨ ᠭᠠᠶᠢᠬᠠᠮᠰᠢᠭ ᠲᠤ ᠪᠠᠭᠲᠤᠭᠰᠠᠨ ᠶᠤᠮ᠃[7]


ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Construction of the Great Wall
  2. "Great Wall of China 'even longer'", BBC, April 20, 2009. April 20, 2009 ᠍ ᠳᠦ ᠠᠪᠤᠭᠰᠠᠨ᠃ 
  3. "China's Great Wall far longer than thought: survey", April 20, 2009. April 20, 2009 ᠍ ᠳᠦ ᠠᠪᠤᠭᠰᠠᠨ᠃ Archived from the original on April 27, 2009. 
  4. China's Great Wall far longer than thought: survey. The Sydney Morning Herald (April 20, 2009). April 20, 2009 ᠍ ᠳᠦ ᠬᠠᠨᠳᠤᠭᠰᠠᠨ᠃
  5. The Great Wall Of China
  6. Damian Zimmerman, The Great Wall of China, ICE Case Studies, December, 1997
  7. Dwoskin, Elizabeth. "Vote for Christ" 

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠬᠢᠲᠠᠳ ᠤᠨ ᠴᠠᠭᠠᠨ ᠬᠡᠷᠡᠮ

ᠪᠢᠴᠢᠭᠡᠰᠦ