ᠴᠠᠭᠠᠨ ᠢᠳᠡᠭᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Tsagaan idee olon.jpg

ᠴᠠᠭᠠᠨ ᠢᠳᠡᠭᠡ ᠭᠡᠳᠡᠭ ᠨᠢ ᠮᠣᠩᠭᠣᠯᠴᠤᠳ ᠍ ᠤᠨ ᠲᠠᠪᠤᠨ ᠬᠤᠰᠢᠭᠤ ᠮᠠᠯ ᠍ ᠤᠨ ᠢᠶᠠᠨ ᠰᠦ᠋, ᠰᠠᠭᠠᠮ᠎ᠠ ᠍ ᠢ ᠲᠥᠷᠥᠯ ᠪᠦᠷᠢ ᠶᠢᠨ ᠠᠷᠭ᠎ᠠ ᠪᠠᠷ ᠪᠣᠯᠪᠠᠰᠤᠷᠠᠭᠤᠯᠤᠨ ᠬᠢᠭᠰᠡᠨ ᠶᠠᠩᠵᠤ ᠪᠦᠷᠢ ᠶᠢᠨ ᠬᠦᠨᠡᠰᠦᠨ ᠦ ᠪᠦᠲᠦᠭᠡᠭᠳᠡᠬᠦᠨ ᠢ ᠬᠡᠯᠡᠨ᠎ᠡ᠃ ᠭᠡᠭᠦᠦᠨ ᠦ ᠰᠦ᠋ ᠍ ᠪᠡᠷ ᠠᠶᠢᠷᠠᠭ ᠢᠰᠬᠡᠨ᠎ᠡ᠃ ᠡᠬᠡ ᠶᠢᠨ ᠰᠦ᠋ ᠍ ᠶᠢ ᠣᠷᠣᠯᠠᠵᠤ ᠴᠢᠳᠠᠬᠤ ᠲᠥᠷᠥᠯ ᠪᠦᠷᠢ ᠶᠢᠨ ᠠᠮᠢᠨ ᠳᠡᠮᠡᠭᠡᠷᠡ ᠪᠠᠶᠠᠯᠢᠭ ᠭᠡᠭᠦᠦᠨ ᠦ ᠰᠦ᠋ ᠶᠢ ᠲᠥᠷᠥᠯ ᠪᠦᠷᠢ ᠶᠢᠨ ᠡᠪᠡᠳᠴᠢᠨ ᠠᠨᠠᠭᠠᠬᠤ᠂ ᠳᠠᠷᠬᠠᠯᠠᠭ᠎ᠠ ᠶᠢ ᠰᠠᠶᠢᠵᠢᠬᠠᠭᠤᠯᠬᠤ ᠳᠤ ᠨᠢᠭᠡ ᠰᠠᠶᠢᠨ ᠭᠡᠵᠦ ᠥᠷᠭᠡᠨ ᠬᠡᠷᠡᠭᠯᠡᠳᠡᠭ᠃ ᠢᠩᠭᠡᠨ ᠦ ᠰᠦ᠋ ᠍ ᠪᠡᠷ ᠠᠶᠢᠷᠠᠭ᠂ ᠴᠡᠭᠡ ᠢᠰᠬᠡᠬᠦ ᠡᠴᠡ ᠭᠠᠳᠠᠨ᠎ᠠ ᠴᠠᠢ ᠰᠦᠯᠡᠵᠦ᠂ ᠠᠭᠠᠷᠴᠠ ᠪᠤᠴᠠᠯᠭᠠᠵᠤ᠂ ᠠᠭᠠᠷᠤᠤᠯ ᠲᠠᠯᠪᠢᠳᠠᠭ᠃ ᠦᠬᠡᠷ ᠦᠨ ᠰᠦ᠋ ᠍ ᠪᠡᠷ ᠴᠠᠢ ᠰᠦᠯᠡᠵᠦ᠂ ᠥᠷᠥᠮ᠎ᠡᠴᠥᠴᠥᠭᠡᠢ ᠶᠢᠨ ᠲᠣᠰᠣ ᠭᠠᠷᠭᠠᠵᠤ᠂ ᠠᠭᠠᠷᠤᠤᠯ ᠲᠠᠯᠪᠢᠵᠤ᠂ ᠪᠢᠰᠢᠯᠠᠭ ᠰᠢᠬᠠᠵᠤ᠂ ᠲᠠᠷᠠᠭ ᠪᠦᠷᠢᠵᠢ ᠢᠳᠡᠳᠡᠭ᠃ ᠰᠦᠨ ᠪᠦᠲᠦᠭᠡᠭᠳᠡᠬᠦᠨ ᠨᠢ ᠺᠠᠯᠼᠢ ᠪᠠᠷ ᠪᠠᠶᠠᠯᠢᠭ ᠤᠴᠢᠷ ᠬᠡᠦᠬᠡᠳ ᠦᠨ ᠥᠰᠦᠯᠲᠡ ᠬᠥᠭᠵᠢᠯᠲᠡᠨ ᠳᠦ ᠰᠠᠶᠢᠨ᠂ ᠠᠭᠠᠷᠤᠤᠯ ᠨᠢ ᠰᠢᠳᠦᠨ ᠦ ᠪᠠᠲᠤ ᠪᠡᠬᠢ ᠴᠢᠨᠠᠷ ᠢ ᠰᠠᠶᠢᠵᠢᠷᠠᠭᠤᠯᠳᠠᠭ᠂ ᠰᠢᠳᠦ ᠴᠣᠭᠣᠷᠠᠬᠤ ᠡᠪᠡᠳᠴᠢᠨ ᠡᠴᠡ ᠰᠡᠷᠭᠡᠶᠢᠯᠡᠳᠡᠭ ᠤᠴᠢᠷ ᠮᠣᠩᠭᠣᠯᠴᠤᠳ ᠬᠦᠨᠡᠰᠦᠨ ᠳᠦ ᠪᠡᠨ ᠥᠷᠭᠡᠨ ᠬᠡᠷᠡᠭᠯᠡᠵᠦ ᠢᠷᠡᠭᠰᠡᠨ᠃ ᠬᠣᠨᠢᠢᠮᠠᠭ᠎ᠠᠨ ᠤ ᠰᠦ᠋ ᠍ ᠪᠡᠷ ᠲᠠᠷᠠᠭ ᠪᠦᠷᠢᠵᠢ᠂ ᠴᠠᠢ ᠰᠦᠯᠡᠵᠦ᠂ ᠠᠭᠠᠷᠤᠤᠯ ᠲᠠᠯᠪᠢᠳᠠᠭ᠃

ᠪᠢᠴᠢᠭᠡᠰᠦ