ᠴᠠᠭᠠᠨ-ᠠᠭᠤᠯᠠ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Mn coa khuvsgul aymag.png ᠬᠥᠪᠰᠥᠭᠥᠯ ᠠᠶᠢᠮᠠᠭ ᠤᠨ
ᠴᠠᠭᠠᠨ-ᠠᠭᠤᠯᠠ ᠰᠤᠮᠤ
ᠤᠯᠠᠪᠢᠷ ᠰᠢᠷ᠎ᠠ ᠨᠢ ᠮᠥᠷᠡᠨ᠂ ᠶᠠᠭᠠᠨ ᠨᠢ ᠴᠠᠭᠠᠨ-ᠠᠭᠤᠯᠠ
5,190 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ
5348 ᠬᠦᠮᠦᠨ ᠣᠷᠣᠰᠢᠨ ᠰᠠᠭᠤᠳᠠᠭ
325779 ᠲᠣᠯᠣᠭᠠᠢ ᠮᠠᠯ ᠲᠠᠢ
ᠳᠣᠲᠣᠷ᠎ᠠ ᠪᠠᠨ ᠠᠭᠠᠷᠤ᠂ ᠡᠪᠦᠭᠡᠳ᠂ ᠲᠣᠰᠤᠨ᠂ ᠬᠤᠵᠢᠷᠲᠤ᠂ ᠰᠢᠷᠭ᠎ᠠ᠂ ᠵᠢᠷᠭᠠᠯᠠᠩᠲᠤ ᠭᠡᠬᠦ ᠵᠢᠷᠭᠤᠭᠠᠨ ᠪᠠᠭ ᠲᠠᠢ᠃
1931 ᠣᠨ ᠳᠤ ᠡᠭᠦᠰᠦᠨ ᠪᠠᠶᠢᠭᠤᠯᠤᠭᠳᠠᠭᠰᠠᠨ
ᠡᠷᠭᠢᠨ ᠲᠣᠭᠣᠷᠢᠨ ᠳᠤ ᠪᠠᠨ ᠬᠥᠪᠰᠥᠭᠥᠯ ᠦᠨ ᠪᠠᠶᠠᠨᠵᠢᠷᠦᠬᠡᠠᠷᠤᠪᠤᠯᠠᠭᠪᠦᠷᠡᠩᠲᠣᠭᠲᠠᠬᠤᠴᠡᠴᠡᠷᠯᠢᠭ᠂ ᠵᠠᠪᠬᠠᠨ ᠤ ᠶᠡᠬᠡ-ᠠᠭᠤᠯᠠ ᠭᠡᠰᠡᠨ ᠲᠠᠪᠤᠨ ᠰᠤᠮᠤ ᠲᠠᠢ ᠬᠠᠶᠠᠭᠠᠯᠠᠵᠤ᠂ БНТувУ ᠍ ᠍ ᠤᠨ ᠲᠧᠷᠧ-ᠬᠥᠯ ᠬᠣᠰᠢᠭᠤᠨ ᠤ ᠨᠤᠲᠤᠭ ᠢᠶᠠᠷ ᠣᠷᠣᠰ ᠬᠣᠯᠪᠣᠭᠠᠨ ᠤ ᠤᠯᠤᠰ ᠲᠠᠢ ᠬᠢᠯᠢ ᠵᠠᠯᠭᠠᠳᠠᠭ᠃

ᠴᠠᠭᠠᠨ-ᠠᠭᠤᠯᠠ ᠰᠤᠮᠤ ᠨᠢ ᠬᠥᠪᠰᠥᠭᠥᠯ ᠠᠶᠢᠮᠠᠭ ᠤᠨ ᠰᠤᠮᠤ ᠶᠤᠮ᠃ 5,870 ᠣᠷᠴᠢᠮ км² ᠭᠠᠵᠠᠷ ᠨᠤᠲᠤᠭ ᠲᠠᠢ ᠠᠴᠠ 5,190 ᠺᠦᠸᠠᠳ᠋ ᠺᠢᠯᠣᠮᠧᠲ᠋ᠷ ᠨᠢ ᠪᠡᠯᠴᠢᠭᠡᠷ ᠪᠣᠯᠤᠨ᠎ᠠ᠃ 2005 ᠣᠨ ᠤ ᠪᠠᠶᠢᠳᠠᠯ ᠢᠶᠠᠷ 5,145 ᠣᠷᠣᠰᠢᠨ ᠰᠠᠭᠤᠭᠴᠢ ᠲᠠᠢ ᠪᠠᠶᠢᠭᠰᠠᠨ ᠤ ᠶᠡᠬᠡᠩᠬᠢ ᠨᠢ ᠬᠠᠯᠬ᠎ᠠᠬᠣᠲᠣᠭᠣᠶᠢᠳ ᠦᠳ ᠶᠤᠮ᠃ ᠰᠤᠮᠤ ᠶᠢᠨ ᠲᠥᠪ ᠰᠢᠷᠭ᠎ᠠ ᠨᠢ ᠠᠶᠢᠮᠠᠭ ᠤᠨ ᠲᠥᠪ ᠮᠥᠷᠡᠨ ᠶᠢ ᠡᠴᠡ ᠪᠠᠷᠠᠭᠤᠨᠰᠢ 138 ᠺᠢᠯᠣᠮᠧᠲ᠋ᠷ᠂ ᠨᠡᠶᠢᠰᠯᠡᠯ ᠤᠯᠠᠭᠠᠨᠪᠠᠭᠠᠲᠤᠷᠠ ᠠᠴᠠ 840 ᠺᠢᠯᠣᠮᠧᠲ᠋ᠷ ᠵᠠᠢ ᠳᠤ ᠣᠷᠣᠰᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1931 ᠣᠨ ᠳᠤ ᠬᠥᠪᠰᠥᠭᠥᠯ ᠠᠶᠢᠮᠠᠭ ᠪᠠᠶᠢᠭᠤᠯᠤᠭᠳᠠᠬᠤ ᠳᠤ ᠴᠠᠭᠠᠨ-ᠠᠭᠤᠯᠠ ᠰᠤᠮᠤ ᠪᠤᠢ ᠪᠣᠯᠵᠠᠢ᠃ 1933 ᠣᠨ ᠤ ᠲᠣᠭᠠᠯᠠᠯᠭ᠎ᠠ ᠪᠠᠷ 1150 ᠡᠷᠦᠬᠡ ᠶᠢᠨ 3,800 ᠣᠷᠴᠢᠮ ᠢᠷᠭᠡᠨ᠂ 101,000 ᠣᠷᠴᠢᠮ ᠲᠣᠯᠣᠭᠠᠢ ᠮᠠᠯ ᠲᠠᠢ ᠪᠠᠶᠢᠪᠠ᠃ 1959 ᠣᠨ ᠳᠤ ᠴᠠᠭᠠᠨ-ᠠᠭᠤᠯᠠ ᠰᠤᠮᠤ ᠶᠢᠨ ᠨᠢᠭᠡ ᠬᠡᠰᠡᠭ ᠢ ᠪᠦᠷᠢᠨᠬᠠᠭᠠᠨ ᠰᠤᠮᠤᠨ ᠳᠤ ᠨᠢᠭᠡᠳᠬᠡᠵᠦ᠂ 1963 ᠣᠨ ᠳᠤ ᠰᠢᠷᠭ᠎ᠠ ᠰᠤᠮᠤ ᠲᠤᠰ ᠰᠤᠮᠤᠨ ᠳᠤ ᠨᠢᠭᠡᠳᠦᠭᠰᠡᠨ ᠪᠥᠭᠡᠳ 1973 ᠣᠨ ᠳᠤ ᠪᠦᠷᠢᠨᠬᠠᠭᠠᠨ ᠰᠤᠮᠤ ᠶᠢ ᠲᠠᠲᠠᠨ ᠪᠠᠭᠤᠯᠭᠠᠬᠤ ᠳᠤ ᠵᠠᠷᠢᠮ ᠬᠡᠰᠡᠭ ᠨᠢ ᠴᠠᠭᠠᠨ-ᠠᠭᠤᠯᠠ ᠰᠤᠮᠤᠨ ᠳᠤ ᠪᠠᠭᠠᠳᠬᠤ ᠪᠣᠯᠤᠭᠰᠠᠨ᠃ 1956 ᠣᠨ ᠳᠤ ᠪᠠᠳᠠᠷᠠᠯ ᠨᠢᠭᠡᠳᠦᠯ ᠪᠠᠶᠢᠭᠤᠯᠤᠭᠳᠠᠵᠤ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠭᠠᠳ 1990 ᠣᠨ ᠳᠤ ᠲᠠᠲᠠᠨ ᠪᠠᠭᠤᠭᠳᠠᠵᠠᠢ᠃

ᠡᠳ᠋ ᠍ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

-2014 ᠣᠨ ᠤ ᠵᠢᠯ ᠦᠨ ᠡᠴᠦᠰ ᠦᠨ ᠲᠣᠭᠠᠯᠠᠯᠭ᠎ᠠ ᠪᠠᠷ 1472 ᠡᠷᠦᠬᠡ , 5348 ᠬᠦᠮᠦᠨ ᠠᠮᠠ᠂ 325799 ᠲᠣᠯᠣᠭᠠᠢ ᠮᠠᠯ ᠲᠣᠭᠠᠯᠠᠭᠳᠠᠭᠰᠠᠨ᠃2015 ᠣᠨ ᠳᠤ ᠭᠤᠷᠪᠠᠨ ᠪᠤᠮᠤᠨ ᠮᠠᠯ ᠤᠨ ᠪᠠᠶᠠᠷ ᠢᠶᠠᠨ ᠲᠡᠮᠳᠡᠭᠯᠡᠨ᠎ᠡ᠃ ᠮᠠᠯ ᠤᠨ ᠢᠶᠠᠨ ᠲᠣᠭ᠎ᠠ ᠪᠠᠷ ᠠᠶᠢᠮᠠᠭ ᠲᠤ ᠪᠠᠨ 1 ᠪᠠᠶᠢᠷᠢ , ᠠᠳᠤᠭᠤ᠂ ᠲᠡᠮᠡᠭᠡ᠂ ᠬᠣᠨᠢ ᠪᠠᠷ ᠢᠶᠠᠨ ᠮᠥᠨ ᠲᠡᠷᠢᠭᠦᠯᠡᠳᠡᠭ᠃ᠨᠡᠶᠢᠲᠡ ᠮᠠᠯ ᠪᠣᠯᠤᠨ ᠬᠣᠨᠢᠨ ᠤ ᠪᠠᠨ ᠲᠣᠭ᠎ᠠ ᠪᠠᠷ ᠤᠯᠤᠰ ᠲᠤ 10 ᠷ ᠪᠠᠶᠢᠷᠢ ᠳᠤ ᠣᠷᠣᠵᠤ ᠪᠠᠶᠢᠨ᠎ᠠ

ᠰᠣᠨᠢᠷᠬᠠᠯᠲᠠᠢ ᠭᠠᠵᠠᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠨᠤᠲᠤᠭ ᠲᠤ ᠰᠠᠩ ᠤᠨ ᠳᠠᠯᠠᠢ ᠨᠠᠭᠤᠷ ᠪᠤᠢ᠃ 1976 ᠣᠨ ᠳᠤ ᠲᠡᠰ ᠦᠨ ᠭᠣᠣᠯ ᠍ ᠍ ᠤᠨ ᠡᠬᠢᠨ ᠣᠷᠴᠢᠮ ᠠᠴᠠ ᠤᠶᠢᠭᠤᠷ ᠤᠨ ᠦᠶ᠎ᠡ ᠶᠢᠨ ᠣᠯᠳᠠᠪᠤᠷᠢ ᠣᠯᠳᠠᠵᠠᠢ᠃ ᠲᠤᠰ ᠰᠤᠮᠤᠨ ᠳᠤ ᠰᠠᠩ ᠤᠨ ᠳᠠᠯᠠᠢ᠂ ᠭᠠᠩᠳᠠᠨ᠂ ᠲᠤᠨᠤᠮᠠᠯ ᠭᠡᠰᠡᠨ ᠲᠣᠮᠣᠬᠠᠨ ᠭᠤᠷᠪᠠᠨ ᠨᠠᠭᠤᠷ ᠲᠠᠢ᠂ ᠵᠢᠯᠠᠬᠠᠨᠼ ᠬᠤᠲᠤᠭᠲᠤ ᠳᠠᠮᠳᠢᠨᠪᠠᠽᠠᠷ ᠤᠨ ᠬᠡᠶᠢᠳ ᠪᠠᠶᠢᠷᠢᠯᠠᠵᠤ ᠪᠠᠶᠢᠭᠰᠠᠨ ᠲᠤᠷ᠎ᠠ ᠲᠣᠰᠤᠨ ᠪᠠᠭ ᠤᠨ ᠭᠤᠷᠪᠠᠨ ᠮᠣᠳᠣᠨ ᠤ ᠬᠤᠩᠬ᠎ᠠ ᠭᠡᠳᠡᠭ ᠭᠠᠵᠠᠷ ᠲᠤ ᠣᠳᠣ ᠬᠦᠷᠲᠡᠯ᠎ᠡ ᠰᠦᠰᠦᠭ ᠲᠦ ᠬᠢ ᠣᠯᠠᠨ ᠤ ᠬᠥᠯ ᠲᠠᠰᠤᠷᠠᠳᠠᠭ ᠦᠭᠡᠢ᠃ ᠲᠡᠰ ᠦᠨ ᠭᠣᠣᠯ ᠤᠨ ᠡᠬᠢ ᠡᠨᠡ ᠰᠤᠮᠤ ᠶᠢᠨ ᠨᠤᠲᠤᠭ ᠲᠤ ᠪᠠᠶᠢᠳᠠᠭ᠃ 《ᠣᠷᠭᠣᠮᠴᠢ ᠶᠢᠨ ᠪᠤᠯᠤᠨ》 ᠭᠡᠬᠦ ᠦᠵᠡᠰᠬᠦᠯᠡᠩᠲᠦ ᠰᠠᠶᠢᠬᠠᠨ ᠭᠠᠵᠠᠷ᠂ ᠳᠡᠯᠭᠡᠷ ᠮᠥᠷᠡᠨ ᠭᠣᠣᠯ ᠢᠶᠠᠷ ᠵᠡᠭᠦᠨ ᠲᠠᠯ᠎ᠠ ᠪᠠᠷ ᠢᠶᠠᠨ ᠬᠥᠷᠰᠢ ᠰᠤᠮᠤ ᠨᠤᠭᠤᠳ ᠲᠠᠢ ᠡᠮᠵᠢᠶᠡᠷᠢᠯᠡᠨ ᠬᠢᠯᠢᠯᠡᠭᠰᠡᠨ . ᠡᠷᠲᠡ ᠳᠡᠭᠡᠷ᠎ᠡ ᠦᠶᠡᠰ ᠢᠶᠡᠨ ᠠᠨᠠᠭᠠᠬᠤ ᠤᠬᠠᠭᠠᠨ ᠤ ᠡᠷᠬᠢᠮ ᠴᠢᠨᠠᠷ ᠨᠢ ᠲᠣᠭᠲᠠᠭᠠᠭᠳᠠᠭᠰᠠᠨ 《ᠡᠪᠦᠭᠡᠳ ᠦᠨ ᠷᠠᠰᠢᠶᠠᠨ》,《 ᠪᠠᠷᠴᠢᠩ ᠦᠨ ᠷᠠᠰᠢᠶᠠᠨ 》,《ᠠᠭᠠᠷᠤ ᠶᠢᠨ ᠷᠠᠰᠢᠶᠠᠨ》, ᠮᠥᠰᠦᠨ ᠲᠦᠷᠦᠭᠦᠨ ᠦ ᠪᠤᠯᠠᠭ《 ᠵᠡᠷᠭᠡ ᠯᠤᠤᠰ ᠤᠨ ᠷᠠᠰᠢᠶᠠᠨ ᠢᠶᠠᠷ ᠳᠦᠭᠦᠷᠡᠩ ᠨᠤᠲᠤᠭ ᠶᠤᠮ᠃

ᠡᠨᠳᠡ ᠲᠦᠷᠦᠭᠰᠡᠨ ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠳᠠᠸᠠᠵᠠᠪ ᠤᠨ ᠨᠢᠮᠠᠰᠦ᠋ᠷᠦᠩ - ᠲᠥᠷᠥ ᠶᠢᠨ ᠰᠣᠶᠣᠷᠬᠠᠯ ᠳᠤ᠂ ᠬᠦᠮᠦᠨ ᠦ ᠭᠠᠪᠢᠶᠠᠲᠤ ᠡᠮᠴᠢ᠂ ᠳ᠋ᠣᠺᠲ᠋ᠣᠷ᠂ ᠫᠷᠣᠹᠧᠰᠰᠣᠷ
  • ᠬᠠᠰᠢᠪᠠᠲ ᠤᠨ ᠲᠤᠮᠪᠠ ᠪᠠᠨ - ᠮᠠᠯ ᠤᠨ ᠶᠡᠬᠡ ᠡᠮᠴᠢ᠂ ᠲᠥᠷᠥ ᠶᠢᠨ ᠰᠣᠶᠣᠷᠬᠠᠯ ᠳᠤ᠂ ᠪᠢᠣᠯᠣᠭᠢ ᠶᠢᠨ ᠤᠬᠠᠭᠠᠨ ᠤ ᠳ᠋ᠣᠺᠲ᠋ᠣᠷ᠂ ᠣᠷᠴᠢᠭᠤᠯᠤᠭᠴᠢ᠂ ᠵᠣᠬᠢᠶᠠᠯᠴᠢ
  • ᠨᠠᠶᠢᠳᠠᠩ ᠤᠨ ᠭᠠᠩᠬᠤᠶᠠᠭ — ᠮᠣᠩᠭᠣᠯ ᠤᠨ ᠺᠢᠨᠣ᠋ ᠨᠠᠶᠢᠷᠠᠭᠤᠯᠤᠭᠴᠢ᠃
  • ᠳᠠᠸᠠᠰᠠᠮᠪᠤᠤ ᠶᠢᠨ ᠴᠢᠯᠠᠭᠤᠨᠪᠠᠲᠤ-ᠲᠤᠶᠢᠯ ᠰᠤᠳᠤᠯᠤᠭᠠᠴᠢ
  • ᠥᠯᠵᠡᠶᠢᠰᠠᠶᠢᠬᠠᠨ ᠤ ᠡᠩᠬᠡᠲᠦᠪᠰᠢᠨ-ᠤᠯᠤᠰ ᠤᠨ ᠶᠡᠬᠡ ᠬᠤᠷᠠᠯ ᠶᠢᠨ ᠭᠡᠰᠢᠭᠦᠨ

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮ᠃ᠨᠢᠮ᠎ᠠ ᠪᠠᠨ᠂ ᠬᠥᠪᠰᠥᠭᠥᠯ ᠠᠶᠢᠮᠠᠭ ᠤᠨ ᠯᠠᠪᠯᠠᠬᠤ ᠲᠣᠯᠢ, ᠤᠯᠠᠭᠠᠨᠪᠠᠭᠠᠲᠤᠷ 2001, ᠬ᠃192

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]



==

ᠪᠢᠴᠢᠭᠡᠰᠦ