ᠴᠠᠭᠠᠨᠬᠠᠶᠢᠷᠬᠠᠨ ᠰᠤᠮᠤ (ᠵᠠᠪᠬᠠᠨ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠵᠠᠪᠬᠠᠨ ᠠᠶᠢᠮᠠᠭ ᠤᠨ ᠴᠠᠭᠠᠨᠬᠠᠶᠢᠷᠬᠠᠨᠰᠤᠮᠤ ᠨᠢ ᠴᠡᠴᠡᠷᠯᠢᠭ ᠮᠠᠨᠳᠤᠯ ᠠᠶᠢᠮᠠᠭ ᠤᠨ ᠣᠳᠬᠣᠨᠲᠩᠷᠢ ᠤᠤᠯ ᠤᠨ ᠬᠣᠰᠢᠭᠤᠨ ᠤ ᠲᠠᠮᠠᠭ᠎ᠠ ᠶᠢᠨ ᠭᠠᠵᠠᠷ ᠲᠤ ᠬᠠᠷᠢᠶᠠᠯᠠᠭᠳᠠᠵᠤ ᠪᠠᠶᠢᠭᠰᠠᠨ ᠪᠥᠭᠡᠳ ᠮᠣᠩᠭᠣᠯ ᠣᠷᠣᠨ ᠳᠤ ᠠᠷᠠᠳ ᠤᠨ ᠬᠤᠪᠢᠰᠬᠠᠯ ᠢᠯᠠᠵᠤ ᠮᠠᠨᠳᠠᠰᠤᠨ ᠤ ᠦᠷ᠎ᠡ ᠳ᠋ᠦᠩ ᠳᠦ ᠵᠠᠰᠠᠭ ᠵᠠᠬᠢᠷᠭᠠᠨ ᠤ ᠰᠢᠨ᠎ᠡ ᠵᠣᠬᠢᠶᠠᠨ ᠪᠠᠶᠢᠭᠤᠯᠤᠯᠲᠠ ᠬᠢᠭᠳᠡᠵᠦ 1921 ᠣᠨ ᠳᠤ 5 ᠰᠤᠮᠤ ᠪᠠᠷ ᠵᠣᠬᠢᠶᠠᠨ ᠪᠠᠶᠢᠭᠤᠯᠤᠭᠳᠠᠵᠤ ᠵᠣᠬᠢᠶᠠᠨ ᠪᠠᠶᠢᠭᠤᠯᠤᠯᠲᠠ ᠨᠢ ᠠᠷᠪᠠᠨ ᠡᠷᠦᠬᠡ ᠨᠢᠭᠡ ᠳᠠᠷᠤᠭ᠎ᠠ ᠲᠠᠢ ᠲᠠᠪᠤᠨ ᠠᠷᠪᠠᠨ ᠠᠶᠢᠯ ᠨᠢᠭᠡ ᠪᠠᠭ᠂ ᠭᠤᠷᠪᠠᠨ ᠪᠠᠭ ᠨᠢᠭᠡ ᠰᠤᠮᠤ ᠪᠣᠯᠤᠨ ᠵᠣᠬᠢᠶᠠᠨ ᠪᠠᠶᠢᠭᠤᠯᠤᠭᠳᠠᠵᠤ ᠪᠠᠶᠢᠬᠤ ᠦᠶ᠎ᠡ ᠳᠦ 5 ᠰᠤᠮᠤ ᠪᠠᠶᠢᠭᠰᠠᠨ ᠪᠥᠭᠡᠳ ᠡᠭᠦᠨ ᠳᠦ: ᠠᠭᠢᠲᠤ ᠰᠤᠮᠤ ᠳᠠᠷᠤᠭ᠎ᠠ ᠨᠢ ᠵᠢᠮ᠎ᠡ ᠶᠢᠨ ᠳᠠᠮᠳᠢᠨ ᠪᠢᠨᠳᠦᠷ ᠰᠤᠮᠤ᠃ ᠳᠠᠷᠤᠭ᠎ᠠ ᠨᠢ ᠲᠦᠮᠡᠩᠭᠡ ᠶᠢᠨ ᠳᠣᠷᠵᠢ ᠭᠡᠷᠡᠯ ᠰᠤᠮᠤ ᠳᠠᠷᠤᠭ᠎ᠠ ᠨᠢ ᠢᠳᠠᠮᠵᠠᠪ ᠤᠨ ᠰᠠᠨᠳᠤᠭᠰᠦ᠋ᠷᠦᠩ ᠠᠷᠴᠠ ᠰᠤᠮᠤ ᠳᠠᠷᠤᠭ᠎ᠠ ᠨᠢ ᡀᠦᠨᠳᠦᠪ ᠰᠠᠩ ᠳᠤ ᠰᠤᠮᠤ ᠳᠠᠷᠤᠭ᠎ᠠ ᠱᠠᠭᠳᠤᠷ ᠨᠠᠷᠠ ᠪᠠᠶᠢᠪᠠ᠃ ᠳᠠᠷᠠᠭ᠎ᠠ ᠨᠢ 1931 ᠣᠨ ᠳᠤ ᠵᠠᠰᠠᠭ ᠵᠠᠬᠢᠷᠭᠠᠨ ᠤ ᠰᠢᠨ᠎ᠡ ᠵᠣᠬᠢᠶᠠᠨ ᠪᠠᠶᠢᠭᠤᠯᠤᠯᠠᠲ ᠢᠶᠠᠷ ᠵᠢᠵᠢᠭ ᠰᠤᠮᠤ ᠨᠤᠭᠤᠳ ᠢ ᠨᠢᠭᠡᠳᠬᠡᠨ ᠲᠣᠮᠣᠷᠠᠭᠤᠯᠵᠤ ᠵᠣᠬᠢᠶᠠᠨ ᠪᠠᠶᠢᠭᠤᠯᠤᠨ ᠴᠠᠭᠠᠨᠬᠠᠶᠢᠷᠬᠠᠨ ᠰᠤᠮᠤ ᠪᠠᠶᠢᠭᠤᠯᠵᠠᠢ᠃ ᠴᠠᠭᠠᠨᠬᠠᠶᠢᠷᠬᠠᠨ ᠰᠤᠮᠤ ᠠᠩᠬ᠎ᠠ ᠪᠠᠶᠢᠭᠤᠯᠤᠭᠳᠠᠬᠤ ᠦᠶ᠎ᠡ ᠳᠦ 《ᠴᠠᠭᠠᠨᠬᠠᠶᠢᠷᠬᠠᠨ ᠰᠤᠮᠤ ᠶᠢᠨ ᠵᠠᠬᠢᠷᠭ᠎ᠠ》 ᠭᠡᠵᠦ ᠨᠡᠷᠡᠯᠡᠭᠳᠡᠨ ᠲᠠᠰᠤᠭ ᠤᠨ ᠬᠡᠯᠪᠡᠷᠢ ᠪᠡᠷ ᠵᠣᠬᠢᠶᠠᠨ ᠪᠠᠶᠢᠭᠤᠯᠤᠭᠳᠠᠭᠰᠠᠨ ᠨᠢ ᠰᠤᠮᠤ ᠶᠢᠨ ᠲᠥᠷᠥ ᠵᠠᠬᠢᠷᠭᠠᠨ ᠤ ᠪᠠᠶᠢᠭᠤᠯᠤᠯᠭ᠎ᠠ ᠶᠢᠨ ᠠᠩᠬᠠᠨ ᠤ ᠬᠢ ᠨᠢ ᠪᠠᠶᠢᠪᠠ᠃ 1933 ᠣᠨ ᠳᠤ ᠲᠠᠰᠤᠭ ᠨᠢ ᠥᠭᠡᠷᠡᠴᠢᠯᠡᠭᠳᠡᠵᠦ 9 ᠪᠠᠭ᠃659 ᠡᠷᠦᠬᠡ᠂ 2868 ᠬᠦᠮᠦᠨ ᠠᠮᠠ 66,4 ᠲᠣᠯᠣᠭᠠᠢ ᠮᠠᠯ ᠲᠠᠢ ᠵᠣᠬᠢᠶᠠᠨ ᠪᠠᠶᠢᠭᠤᠯᠤᠭᠳᠠᠭᠰᠠᠨ ᠪᠠᠶᠢᠨ᠎ᠠ᠃ ᠳᠠᠷᠤᠭ᠎ᠠ ,ᠨᠠᠷᠢᠨ ᠪᠢᠴᠢᠭ ᠦᠨ ᠳᠠᠷᠤᠭ᠎ᠠ᠂ ᠵᠠᠷᠤᠯᠭ᠎ᠠ ᠭᠡᠰᠡᠨ 3 ᠣᠷᠣᠨ ᠲᠣᠭ᠎ᠠ ᠲᠠᠢ ᠪᠠᠶᠢᠪᠠ᠃ ᠠᠷᠠᠳᠴᠢᠯᠠᠯ ᠰᠢᠨᠡᠴᠢᠯᠡᠯ ᠦᠨ ᠵᠢᠯ ᠤᠨᠳ ᠲᠤ ᠲᠥᠷᠥ ᠶᠢᠨ ᠪᠠᠶᠢᠭᠤᠯᠤᠯᠭ᠎ᠠ ᠶᠢᠨ ᠦᠢᠯᠡ ᠠᠵᠢᠯᠯᠠᠭᠠᠨ ᠤ ᠴᠢᠭᠯᠡᠯ ᠦᠨᠳᠦᠰᠦ ᠪᠡᠷ ᠢᠶᠡᠨ ᠥᠭᠡᠷᠡᠴᠢᠯᠡᠭᠳᠡᠵᠦ ᠨᠠᠮ ᠠᠵᠤ ᠠᠬᠤᠢ ᠶᠢᠨ ᠠᠵᠢᠯ ᠲᠠᠢ ᠬᠤᠳᠬᠤᠯᠳᠤᠬᠤ ᠦᠭᠡᠢ ᠪᠡᠷ ᠴᠡᠪᠡᠷ ᠲᠥᠷᠥ ᠶᠢᠨ ᠠᠵᠢᠯ ᠢᠶᠠᠨ ᠭᠦᠢᠴᠡᠳᠭᠡᠬᠦ ᠴᠢᠭ ᠡᠭᠦᠷᠭᠡ ᠲᠡᠢ ᠪᠣᠯᠤᠭᠰᠠᠨ ᠪᠢᠯᠡ ᠣᠳᠣ ᠴᠠᠭᠠᠨᠬᠠᠶᠢᠷᠬᠠᠨ ᠰᠤᠮᠤ ᠨᠢ 4 ᠪᠠᠭ ᠲᠠᠢ . ᠲᠥᠰᠥᠪ ᠦᠨ 6 ᠪᠠᠶᠢᠭᠤᠯᠤᠭ᠎ᠠ ᠲᠠᠢ ,ᠬᠠᠭᠠᠨ ᠪᠠᠩᠬᠢ ᠰᠢᠤᠳᠠᠨ ᠬᠣᠯᠪᠣᠭ᠎ᠠ ᠮᠠᠯ ᠡᠮᠨᠡᠯᠭᠡ ᠰᠢᠲᠠᠬᠤᠨ ᠲᠦᠭᠡᠭᠡᠬᠦ ᠰᠲ᠋ᠠᠨᠼ ᠵᠡᠷᠭᠡ ᠰᠠᠯᠪᠠᠷ ᠤᠳ ᠲᠠᠢ ᠬᠥᠭᠥᠷᠭᠡ᠂ ᠬᠥᠷᠥᠰᠥ ᠳᠦ ᠲᠠᠯ᠎ᠠ᠂ᠰᠢᠷᠡᠭᠡ ᠴᠢᠯᠠᠭᠤ ᠠᠭᠢ ᠵᠡᠷᠭᠡ ᠬᠣᠷᠰᠢᠶ᠎ᠠ ᠲᠠᠢ᠃ .ᠪᠢᠨᠳᠦᠷᠬᠠᠶᠢᠷᠬᠠᠨ ХХкомпани ᠪᠣᠯᠤᠨ ᠣᠨᠴᠠ ᠬᠠᠶᠢᠷᠬᠠᠨ ,ᠶᠡᠬᠡᠮᠢᠩᠭᠠᠨ᠂ ᠪᠠᠶᠠᠨᠴᠠᠭᠠᠨ ᠲᠣᠳᠣᠮᠠᠩᠨᠠᠢ ᠪᠠᠶᠠᠨᠪᠤᠯᠠᠭ ᠵᠡᠷᠭᠡ ᠳᠡᠯᠭᠡᠭᠦᠷ ᠰᠡᠩᠭᠦᠨ ᠺᠠᠹᠧ ᠲᠠᠢ᠃2010 ᠪᠠᠶᠢᠳᠠᠯ ᠢᠶᠠᠷ ᠲᠤᠰ ᠨᠢ ᠨᠡᠶᠢᠲᠡ 1430 ᠬᠦᠮᠦᠨ ᠠᠮᠠ ᠲᠠᠢ 37080 ᠲᠣᠯᠣᠭᠠᠢ ᠮᠠᠯ ᠲᠠᠢ ᠨᠡᠶᠢᠲᠡ 416 ᠡᠷᠦᠬᠡ ᠲᠡᠢ 269 ᠮᠠᠯᠴᠢᠨ ᠡᠷᠦᠬᠡ ᠲᠡᠢ ҮҮнээс: ᠣᠨᠴᠠ ᠪᠠᠭ ᠤᠨ ᠮᠠᠯᠴᠢᠨ ᠡᠷᠦᠬᠡ -69 ᠪᠠᠶᠠᠨᠪᠤᠯᠠᠭ ᠪᠠᠭ ᠤᠨ ᠮᠠᠯᠴᠢᠨ ᠡᠷᠦᠬᠡ -85 ᠴᠡᠴᠡᠷᠯᠢᠭ ᠪᠠᠭ ᠤᠨ ᠮᠠᠯᠴᠢᠨ ᠡᠷᠦᠬᠡ-99 ᠠᠭᠢᠲᠤ ᠪᠠᠭ ᠤᠨ ᠮᠠᠯᠴᠢᠨ ᠡᠷᠦᠬᠡ -16

ᠪᠢᠴᠢᠭᠡᠰᠦ