ᠴᠠᠬᠢᠷ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Arhangai.gif ᠠᠷᠤᠬᠠᠩᠭᠠᠢ ᠠᠶᠢᠮᠠᠭ ᠤᠨ
ᠴᠠᠬᠢᠷ ᠰᠤᠮᠤ
3,398 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ
2,143 ᠬᠦᠮᠦᠨ ᠣᠷᠣᠰᠢᠨ ᠰᠠᠭᠤᠳᠠᠭ
_______ ᠲᠣᠯᠣᠭᠠᠢ ᠮᠠᠯ ᠲᠠᠢ
3 ᠪᠠᠭ ᠨᠢ ᠬᠠᠨ-ᠠᠭᠤᠯᠠ᠂ ᠪᠠᠶᠠᠩ ᠢᠶᠠᠯ᠂ ᠴᠠᠬᠢᠷ
ᠡᠭᠦᠰᠬᠡᠨ ᠪᠠᠶᠢᠭᠤᠯᠤᠭᠳᠠᠭᠰᠠᠨ 1923 ᠣᠨ ᠳᠤ
ᠡᠷᠭᠢᠨ ᠲᠣᠭᠣᠷᠢᠨ ᠳᠤ ᠪᠠᠨ ᠠᠷᠤᠬᠠᠩᠭᠠᠢ ᠶᠢᠨ ᠲᠠᠷᠢᠶᠠᠲᠤᠬᠠᠩᠭᠠᠢ᠂ ᠪᠠᠶᠠᠨᠬᠣᠩᠭᠣᠷ ᠤᠨ ᠭᠤᠷᠪᠠᠨᠪᠤᠯᠠᠭ᠂ ᠵᠠᠪᠬᠠᠨ ᠤ ᠣᠳᠬᠣᠨᠲᠣᠰᠣᠨᠴᠡᠩᠭᠡᠯᠶᠡᠬᠡ-ᠠᠭᠤᠯᠠ ᠵᠢᠷᠭᠤᠭᠠᠲᠠᠢ ᠬᠠᠶᠠᠭᠠᠯᠠᠨ᠎ᠠ᠃

ᠴᠠᠬᠢᠷ ᠰᠤᠮᠤ ᠨᠢ ᠠᠶᠢᠮᠠᠭ ᠤᠨ ᠪᠠᠷᠠᠭᠤᠨ ᠵᠠᠬ᠎ᠠ ᠳᠤ ᠤᠷᠤᠰᠢᠬᠤ ᠪᠠ ᠬᠣᠶᠢᠳᠤ ᠲᠠᠯ᠎ᠠ ᠪᠠᠷ ᠢᠶᠠᠨ ᠬᠥᠪᠰᠥᠭᠥᠯ᠂ ᠤᠷᠢᠳᠤ ᠲᠠᠯ᠎ᠠ ᠪᠠᠷ ᠢᠶᠠᠨ ᠪᠠᠶᠠᠨᠬᠣᠩᠭᠣᠷ᠂ ᠪᠠᠷᠠᠭᠤᠨ ᠲᠠᠯ᠎ᠠ ᠪᠠᠷ ᠢᠶᠠᠨ ᠵᠠᠪᠬᠠᠨ ᠠᠶᠢᠮᠠᠭ ᠤᠳ ᠲᠠᠢ ᠬᠢᠯᠢᠯᠡᠬᠦ ᠪᠥᠭᠡᠳ ᠠᠶᠢᠮᠠᠭ ᠳᠣᠲᠣᠷ᠎ᠠ ᠪᠠᠨ ᠵᠡᠭᠦᠨ ᠬᠣᠶᠢᠳᠤ ᠲᠠᠯ᠎ᠠ ᠪᠠᠷ ᠢᠶᠠᠨ ᠲᠠᠷᠢᠶᠠᠲᠤ ᠰᠤᠮᠤ᠂ ᠵᠡᠭᠦᠨ ᠡᠮᠦᠨ᠎ᠡ ᠲᠠᠯ᠎ᠠ ᠪᠠᠷ ᠢᠶᠠᠨ ᠬᠠᠩᠭᠠᠢ ᠰᠤᠮᠤ ᠲᠠᠢ ᠬᠠᠶᠠᠭ᠎ᠠ ᠵᠠᠯᠭᠠᠨ᠎ᠠ᠃ 1931 ᠣᠨ ᠳᠤ ᠴᠢᠨᠳᠠᠮᠠᠨᠢ-ᠥᠯᠵᠡᠶᠢᠲᠦ ᠳᠠᠯᠠᠢ ᠶᠢᠨ ᠬᠣᠰᠢᠭᠤᠨ ᠠᠴᠠ ᠪᠠᠶᠢᠭᠤᠯᠤᠭᠳᠠᠵᠤ᠂ 1966 ᠣᠨ ᠳᠤ ᠲᠠᠲᠠᠨ ᠪᠠᠭᠤᠭᠳᠠᠵᠤ ᠲᠠᠷᠢᠶᠠᠲᠤ᠂ ᠬᠠᠩᠭᠠᠢ ᠰᠤᠮᠤᠨ ᠳᠤ ᠨᠡᠶᠢᠯᠡᠭᠡᠳ 1993 ᠣᠨ ᠳᠤ ᠳᠠᠬᠢᠨ ᠪᠠᠶᠢᠭᠤᠯᠤᠭᠳᠠᠭᠰᠠᠨ᠃ ᠬᠠᠨ-ᠠᠭᠤᠯᠠ᠂ ᠪᠠᠶᠠᠩ ᠢᠶᠠᠯ᠂ ᠴᠠᠬᠢᠷ ᠬᠡᠮᠡᠬᠦ 3 ᠪᠠᠭ ᠲᠠᠢ᠃

ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠢᠷᠭᠡᠳ ᠦᠨ ᠲᠥᠯᠥᠭᠡᠯᠡᠭᠴᠢᠳ ᠦᠨ ᠬᠤᠷᠠᠯ᠂ ᠬᠦᠮᠦᠨ᠂ ᠮᠠᠯ ᠡᠮᠨᠡᠯᠭᠡ᠂ ᠴᠡᠴᠡᠷᠯᠢᠭ᠂ ᠰᠤᠶᠤᠯ ᠤᠨ ᠲᠥᠪ᠂ 9 ᠵᠢᠯ ᠦᠨ ᠳᠤᠮᠳᠠ ᠰᠤᠷᠭᠠᠭᠤᠯᠢ ᠵᠡᠷᠭᠡ ᠠᠯᠪᠠᠨ ᠪᠠᠶᠢᠭᠤᠯᠤᠯᠭ᠎ᠠ ᠨᠤᠭᠤᠳ᠂ ᠬᠤᠳᠠᠯᠳᠤᠭ᠎ᠠ ᠦᠢᠯᠡᠴᠢᠯᠡᠭᠡᠨ ᠦ ᠣᠯᠠᠨ ᠰᠠᠯᠪᠤᠷᠢ ᠲᠠᠢ᠂ ᠳᠡᠳ᠋ ᠪᠦᠲᠦᠴᠡ ᠡᠷᠴᠢᠮᠲᠡᠢ ᠬᠥᠭᠵᠢᠵᠦ ᠪᠠᠶᠢᠭ᠎ᠠ᠂ ᠬᠠᠪᠲᠠᠭᠠᠢ ᠲᠡᠩᠬᠡᠯᠢᠭ ᠦᠨ ᠵᠠᠮ ᠳᠠᠭᠠᠷᠢᠨ ᠥᠩᠭᠡᠷᠡᠳᠡᠭ᠂ ᠡᠷᠴᠢᠮ ᠬᠦᠴᠦ᠂ ᠢᠨᠲ᠋ᠧᠷᠨᠡᠲ᠂ ᠡᠭᠦᠷ ᠦᠨ ᠲᠧᠯᠧᠹᠣᠨ ᠤ ᠮᠣᠪᠢᠺᠣᠮ᠂ ᠵᠢ-ᠮᠣᠪᠠᠶᠢᠯ᠂ ᠶᠨᠢᠲ᠋ᠧᠯ ᠦᠨ ᠬᠠᠷᠢᠯᠴᠠᠭ᠎ᠠ ᠬᠣᠯᠪᠣᠭ᠎ᠠ ᠲᠠᠢ᠂ 661 ᠡᠷᠦᠬᠡ᠂ 2266 ᠬᠦᠮᠦᠨ ᠠᠮᠠ ᠲᠠᠢ᠂ 66229 ᠲᠣᠯᠣᠭᠠᠢ ᠮᠠᠯ ᠲᠠᠢ 12011 ᠣᠨ ᠤ ᠪᠠᠶᠢᠳᠠᠯ ᠢᠶᠠᠷ/ ᠰᠤᠮᠤ ᠪᠣᠯᠤᠨ ᠬᠥᠭᠵᠢᠵᠦ᠂ ᠤᠯᠠᠭᠠᠨᠪᠠᠭᠠᠲᠤᠷ ᠬᠣᠲᠠ ᠠᠴᠠ 714 ᠺᠢᠯᠣᠮᠧᠲ᠋ᠷ᠂ ᠴᠡᠴᠡᠷᠯᠢᠭ ᠬᠣᠲᠠ ᠠᠴᠠ 246 ᠺᠢᠯᠣᠮᠧᠲ᠋ᠷ ᠠᠯᠤᠰ ᠲᠤ ᠣᠷᠣᠰᠢᠵᠤ ᠪᠠᠶᠢᠨ᠎ᠠ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠬᠢᠷ ᠰᠤᠮᠤ ᠨᠢ ᠬᠠᠨ-ᠠᠭᠤᠯᠠ᠂ ᠪᠠᠶᠠᠩ ᠢᠶᠠᠯ᠂ ᠴᠠᠬᠢᠷ ᠭᠡᠰᠡᠨ 3 ᠪᠠᠭ ᠲᠠᠢ᠃

ᠪᠠᠶᠠᠨᠭᠣᠣᠯ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠪᠠᠭ ᠨᠢ 2010 ᠣᠨ ᠤ ᠪᠠᠶᠢᠳᠠᠯ ᠢᠶᠠᠷ 175 ᠡᠷᠦᠬᠡ᠂ 615 ᠬᠦᠮᠦᠨ ᠠᠮᠠ ᠲᠠᠢ᠂ 24117 ᠲᠣᠯᠣᠭᠠᠢ ᠮᠠᠯ ᠲᠠᠢ᠂ ᠰᠤᠮᠤ ᠶᠢᠨ ᠲᠥᠪ ᠡᠴᠡ 70 ᠺᠢᠯᠣᠮᠧᠲ᠋ᠷ᠂ ᠴᠡᠴᠡᠷᠯᠢᠭ ᠬᠣᠲᠠ ᠠᠴᠠ 310 ᠺᠢᠯᠣᠮᠧᠲ᠋ᠷ ᠵᠠᠶᠢᠲᠠᠢ ᠣᠷᠣᠰᠢᠳᠠᠭ᠃ ᠣᠷᠣᠨ ᠨᠤᠲᠤᠭ ᠤᠨ ᠰᠢᠲᠦᠭᠡᠨ ᠨᠢ ᠣᠴᠢᠷᠬᠠᠶᠢᠷᠬᠠᠨ ᠠᠭᠤᠯᠠ᠃

ᠴᠠᠬᠢᠷ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠬᠢᠷ ᠪᠠᠭ ᠨᠢ 2010 ᠣᠨ ᠤ ᠪᠠᠶᠢᠳᠠᠯ ᠢᠶᠠᠷ 248 ᠡᠷᠦᠬᠡ᠂ 822 ᠬᠦᠮᠦᠨ ᠠᠮᠠ ᠲᠠᠢ᠂ 20430 ᠲᠣᠯᠣᠭᠠᠢ ᠮᠠᠯ ᠲᠠᠢ᠃ ᠪᠠᠭ ᠤᠨ ᠲᠥᠪ ᠨᠢ ᠰᠤᠮᠤ ᠶᠢᠨ ᠲᠥᠪ ᠲᠦ ᠪᠡᠨ ᠪᠠᠶᠢᠷᠢᠯᠠᠳᠠᠭ᠃

ᠬᠠᠨ-ᠠᠭᠤᠯᠠ ᠪᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠪᠠᠭ ᠨᠢ 2010 ᠣᠨ ᠤ ᠪᠠᠶᠢᠳᠠᠯ ᠢᠶᠠᠷ 238 ᠡᠷᠦᠬᠡ᠂ 829 ᠬᠦᠮᠦᠨ ᠠᠮᠠ ᠲᠠᠢ᠂ 28618 ᠲᠣᠯᠣᠭᠠᠢ ᠮᠠᠯ ᠲᠠᠢ᠂ ᠪᠠᠭ ᠤᠨ ᠲᠥᠪ ᠨᠢ ᠰᠤᠮᠤ ᠠᠴᠠ 30 ᠺᠢᠯᠣᠮᠧᠲ᠋ᠷ᠂ ᠴᠡᠴᠡᠷᠯᠢᠭ ᠬᠣᠲᠠ ᠠᠴᠠ 270 ᠺᠢᠯᠣᠮᠧᠲ᠋ᠷ ᠠᠯᠤᠰ ᠲᠤ ᠣᠷᠣᠰᠢᠳᠠᠭ᠃ ᠪᠠᠭ ᠤᠨ ᠨᠤᠲᠤᠭ ᠲᠤ 《ᠡᠪᠦᠭᠡᠨ ᠭᠡᠰᠡᠷ ᠯᠠᠮᠠ ᠶᠢᠨ ᠱᠠᠷᠢᠯ》, 《ᠭᠦᠨ ᠵᠢᠯᠠᠭ᠎ᠠ ᠶᠢᠨ ᠷᠠᠰᠢᠶᠠᠨ》 ᠵᠡᠷᠭᠡ ᠰᠤᠮᠤ ᠣᠷᠣᠨ ᠨᠤᠲᠤᠭ ᠤᠨ ᠬᠠᠮᠠᠭᠠᠯᠠᠯᠲᠠ ᠲᠠᠢ ᠭᠠᠵᠠᠷ ᠤᠳ ᠪᠤᠢ᠃

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠷᠥ ᠶᠢᠨ ᠵᠢᠳᠬᠦᠯᠲᠡᠨ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠷᠠᠳᠨᠠᠰᠦᠮᠪᠡᠷᠢᠯ ᠦᠨ ᠭᠣᠨᠴᠣᠭᠳᠣᠷᠵᠢ - ᠮᠣᠩᠭᠣᠯ ᠤᠯᠤᠰ ᠤᠨ ᠶᠡᠬᠡ ᠬᠤᠷᠠᠯ ᠤᠨ ᠭᠡᠰᠢᠭᠦᠨ
 • ᠳᠠᠸᠠᠵᠠᠪ ᠤᠨ ᠭᠠᠩᠬᠤᠶᠠᠭ - ᠮᠣᠩᠭᠣᠯ ᠤᠯᠤᠰ ᠤᠨ ᠶᠡᠬᠡ ᠬᠤᠷᠠᠯ ᠤᠨ ᠭᠡᠰᠢᠭᠦᠨ᠃ᠵᠠᠰᠠᠭ ᠤᠨ ᠭᠠᠵᠠᠷ ᠤᠨ ᠭᠡᠰᠢᠭᠦᠨ
 • ᠨᠢᠮᠠᠵᠠᠪ ᠤᠨ ᠪᠠᠲᠤᠪᠠᠶᠠᠷ - ᠮᠣᠩᠭᠣᠯ ᠤᠯᠤᠰ ᠤᠨ ᠶᠡᠬᠡ ᠬᠤᠷᠠᠯ ᠤᠨ ᠭᠡᠰᠢᠭᠦᠨ᠂ ᠵᠠᠰᠠᠭ ᠤᠨ ᠭᠠᠵᠠᠷ ᠤᠨ ᠭᠡᠰᠢᠭᠦᠨ
 • ᠣᠨᠣᠮ ᠤᠨ ᠯᠠᠮᠠᠵᠠᠪ - ᠳᠣᠲᠣᠭᠠᠳᠤ ᠶᠠᠮᠤᠨ ᠤ ᠳᠡᠳ᠋ ᠰᠠᠶᠢᠳ \1911 ᠣᠨ\, ᠤᠯᠢᠶᠠᠰᠤᠲᠠᠢ ᠶᠢᠨ ᠰᠠᠶᠢᠳ/ ᠠᠩᠬᠠᠳᠤᠭᠠᠷ ᠦᠨᠳᠦᠰᠦᠨ ᠬᠠᠤᠯᠢ ᠪᠣᠯᠪᠠᠰᠤᠷᠠᠭᠤᠯᠵᠤ᠂ ᠪᠠᠲᠤᠯᠠᠭᠤᠯᠬᠤ ᠺᠣᠮᠢᠰ ᠤᠨ ᠪᠦᠷᠢᠯᠳᠦᠬᠦᠨ ᠳᠦ ᠣᠷᠣᠵᠤ ᠠᠵᠢᠯᠯᠠᠭᠰᠠᠨ᠃
 • ᠴᠣᠶᠢᠰᠦ᠋ᠷᠦᠩ ᠦᠨ ᠪᠠᠭᠠᠲᠤᠷ - ᠳ᠋ᠢᠫᠯᠣᠮᠠᠲ᠋ᠴᠢ᠂ ᠮᠣᠩᠭᠣᠯ ᠤᠯᠤᠰ ᠤᠨ ᠭᠠᠳᠠᠭᠠᠳᠤ ᠬᠠᠷᠢᠯᠴᠠᠭᠠᠨ ᠤ ᠶᠠᠮᠤᠨ ᠤ ᠳᠡᠳ᠋ ᠰᠠᠶᠢᠳ᠃
 • ᠸᠠᠩᠴᠢᠨᠡᠭ ᠦᠨ ᠴᠣᠶᠢᠵᠢᠬᠦ - ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠤᠨ ᠠᠷᠠᠳ ᠤᠨ ᠶᠡᠬᠡ ᠬᠤᠷᠠᠯ ᠤᠨ ᠳ᠋ᠧᠫᠦᠲ᠋ᠠᠲ
 • ᠰᠡᠸᠡᠩᠳᠣᠨᠳᠣᠪ ᠤᠨ ᠣᠳᠬᠣᠨ - ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠤᠨ ᠠᠷᠠᠳ ᠤᠨ ᠶᠡᠬᠡ ᠬᠤᠷᠠᠯ ᠤᠨ ᠳ᠋ᠧᠫᠦᠲ᠋ᠠᠲ
 • ᠸᠠᠩᠴᠣᠭᠰᠦ᠋ᠷᠦᠩ ᠦᠨ ᠪᠢᠮᠪᠠ ᠪᠠᠨ - ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠤᠨ ᠠᠷᠠᠳ ᠤᠨ ᠶᠡᠬᠡ ᠬᠤᠷᠠᠯ ᠤᠨ ᠳ᠋ᠧᠫᠦᠲ᠋ᠠᠲ
 • ᠫᠡᠷᠡᠩᠯᠡᠢ ᠶᠢᠨ ᠳᠠᠰᠢᠳᠤᠪᠳᠠᠨ - ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠤᠨ ᠠᠷᠠᠳ ᠤᠨ ᠶᠡᠬᠡ ᠬᠤᠷᠠᠯ ᠤᠨ ᠳ᠋ᠧᠫᠦᠲ᠋ᠠᠲ
 • ᠳᠠᠨᠽᠠᠨᠠᠭ ᠤᠨ ᠬᠤᠮᠪᠠᠭᠠᠳᠠᠢ - ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠤᠨ ᠠᠷᠠᠳ ᠤᠨ ᠶᠡᠬᠡ ᠬᠤᠷᠠᠯ ᠤᠨ ᠳ᠋ᠧᠫᠦᠲ᠋ᠠᠲ/3 ᠤᠳᠠᠭ᠎ᠠ ᠰᠣᠩᠭᠣᠭᠳᠠᠭᠰᠠᠨ᠃
 • ᠪᠦᠳᠦᠷᠠᠭᠴᠠ ᠶᠢᠨ ᠰᠡᠷᠡᠩᠳᠣᠷᠵᠢ - ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠤᠨ ᠰᠠᠩ ᠤᠨ ᠠᠵᠤ ᠠᠬᠤᠢ ᠶᠢᠨ ᠶᠠᠮᠤᠨ ᠤ ᠣᠷᠣᠯᠠᠭᠴᠢ ᠰᠠᠶᠢᠳ
 • ᠮᠢᠰᠢᠭ-ᠣᠴᠢᠷ ᠤᠨ ᠭᠦᠷᠦᠷᠠᠭᠴᠠ - ᠠᠷᠤᠬᠠᠩᠭᠠᠢ ᠠᠶᠢᠮᠠᠭ ᠤᠨ ᠵᠠᠰᠠᠭ ᠳᠠᠷᠤᠭ᠎ᠠ
 • ᠵᠢᠭᠢᠯ᠎ᠡ ᠶᠢᠨ ᠨᠡᠷ᠎ᠡ ᠦᠭᠡᠢ - ᠠᠷᠤᠬᠠᠩᠭᠠᠢ ᠠᠶᠢᠮᠠᠭ ᠤᠨ ᠵᠠᠰᠠᠭ ᠳᠠᠷᠤᠭ᠎ᠠ᠂ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠦᠨ ᠳᠠᠷᠤᠭ᠎ᠠ᠃
 • ᠷᠠᠪᠰᠠᠯ ᠤᠨ ᠷᠢᠨᠴᠢᠨᠪᠠᠽᠠᠷ - ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠣᠷᠣᠯᠠᠭᠴᠢ ᠳᠠᠷᠤᠭ᠎ᠠ
 • ᠪᠠᠩᠵᠠᠢ ᠶᠢᠨ ᠪᠠᠲ᠋ᠠ ᠪᠠᠨᠨᠣᠸ - ᠠᠷᠤᠬᠠᠩᠭᠠᠢ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠦᠨ ᠳᠠᠷᠤᠭ᠎ᠠ᠃

ᠡᠷᠳᠡᠮᠲᠡᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠯᠦᠨᠡᠷᠡᠭ ᠳᠠᠨᠳᠠᠷ - ᠳᠣᠷᠣᠨ᠎ᠠ ᠳᠠᠬᠢᠨ ᠤ ᠠᠨᠠᠭᠠᠬᠤ ᠤᠬᠠᠭᠠᠨ ᠳᠤ ᠲᠣᠮᠣᠬᠠᠨ ᠰᠢᠨᠡᠴᠢᠯᠡᠯ ᠬᠢᠭᠰᠡᠨ ᠶᠡᠬᠡ ᠣᠲᠠᠴᠢ
 • ᠷᠠᠳᠨᠠᠰᠦᠮᠪᠡᠷᠢᠯ ᠦᠨ ᠭᠣᠨᠴᠣᠭᠳᠣᠷᠵᠢ - ᠠᠺᠠᠳᠧᠮᠢᠴᠢ
 • ᠪᠠᠳᠠᠷᠠᠬᠤ ᠶᠢᠨ ᠵᠠᠳᠠᠮᠪᠠ ᠪᠠᠨ - ᠰᠢᠨᠵᠢᠯᠡᠬᠦ ᠤᠬᠠᠭᠠᠨ ᠤ ᠳ᠋ᠣᠺᠲ᠋ᠣᠷ
 • ᠸᠴᠢᠷᠪᠠᠲᠤ ᠶᠢᠨ ᠴ ᠠᠨ ᠦ - ᠰᠢᠨᠵᠢᠯᠡᠬᠦ ᠤᠬᠠᠭᠠᠨ ᠤ ᠳ᠋ᠣᠺᠲ᠋ᠣᠷ
 • ᠭᠦᠷᠦᠷᠠᠭᠴᠠ ᠶᠢᠨ ᡀᠠᠪᠠ ᠪᠠᠨ - ᠰᠢᠨᠵᠢᠯᠡᠬᠦ ᠤᠬᠠᠭᠠᠨ ᠤ ᠳ᠋ᠣᠺᠲ᠋ᠣᠷ
 • ᠳᠡᠯᠭᠡ ᠶᠢᠨ ᠰᠠᠩᠭᠠᠭ᠎ᠠ - ᠰᠢᠨᠵᠢᠯᠡᠬᠦ ᠤᠬᠠᠭᠠᠨ ᠤ ᠳ᠋ᠣᠺᠲ᠋ᠣᠷ
 • ᠮᠢᠰᠢᠭ-ᠣᠴᠢᠷ ᠤᠨ ᠴᠣᠭᠪᠠᠳᠠᠷᠠᠬᠤ - ᠰᠢᠨᠵᠢᠯᠡᠬᠦ ᠤᠬᠠᠭᠠᠨ ᠤ ᠳ᠋ᠣᠺᠲ᠋ᠣᠷ
 • ᠷᠠᠪᠰᠠᠯ ᠤᠨ ᠷᠢᠨᠴᠢᠨᠪᠠᠽᠠᠷ - ᠰᠢᠨᠵᠢᠯᠡᠬᠦ ᠤᠬᠠᠭᠠᠨ ᠤ ᠳ᠋ᠣᠺᠲ᠋ᠣᠷ
 • ᡀᠠᠮᠣᠰᠦ᠋ᠷᠦᠩ ᠦᠨ ᠭᠦᠷᠦᠪᠠᠽᠠᠷ - ᠳ᠋ᠣᠺᠲ᠋ᠣᠷ/Ph.D/
 • ᠷᠠᠳᠨᠠᠰᠦᠮᠪᠡᠷᠢᠯ ᠦᠨ ᠪᠠᠨᠳᠠᠩᠭᠣᠮᠪᠣ - ᠳ᠋ᠣᠺᠲ᠋ᠣᠷ/ Ph.D/
 • ᠫᠦᠷᠪᠦᠪᠠᠽᠠᠷ ᠤᠨ ᠠᠳ᠋ᠢᠶᠠᠰᠦ᠋ᠷᠦᠩ - ᠳ᠋ᠣᠺᠲ᠋ᠣᠷ/Ph.D/
 • ᠸᠠᠩᠴᠢᠨᠰᠦ᠋ᠷᠦᠩ ᠦᠨ ᠪᠢᠮᠪᠠ ᠪᠠᠨ - ᠳ᠋ᠣᠺᠲ᠋ᠣᠷ/Ph.D/
 • ᠪᠠᠯᠳᠠᠨᠬᠦᠦ ᠶᠢᠨ ᠰᠢᠵᠢ ᠪᠡᠨ - ᠳ᠋ᠣᠺᠲ᠋ᠣᠷ/Ph.D/
 • ᠪᠠᠲᠠ ᠶᠢᠨ ᠬᠡᠷᠡᠶᠢᠨᠪᠠᠭᠠᠲᠤᠷ - ᠳ᠋ᠣᠺᠲ᠋ᠣᠷ/Ph.D/.
 • ᠳᠠᠷᠢᠬᠢᠬᠦᠦ ᠠᠳᠢᠶ᠎ᠠ ᠶᠢᠮᠥᠶᠢᠩᠬᠡ - ᠳ᠋ᠣᠺᠲ᠋ᠣᠷ / Ph.D/
 • ᠴᠠᠭᠠᠨ ᠤ ᠪᠠᠭᠠᠲᠤᠷᠬᠡᠦ - ᠳ᠋ᠣᠺᠲ᠋ᠣᠷ / Ph.D/
 • ᠨᠡᠷᠡᠭᠦᠢ ᠶᠢᠨ ᠰᠣᠨᠢᠨᠲ᠋ᠠᠮᠢᠷ - ᠳ᠋ᠣᠺᠲ᠋ᠣᠷ / Ph.D/

ᠬᠤᠲᠤᠭᠲᠤ ᠬᠤᠪᠢᠯᠭᠠᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠰᠡᠸᠡᠩ-ᠠᠷᠠᠰᠢ ᠶᠢᠨ ᠴᠦᠯᠲᠦᠮᠵᠠᠮᠰᠤ - ᠠᠷᠠᠳ ᠣᠯᠠᠨ ᠢᠶᠠᠨ 《ᠡᠪᠦᠭᠡᠨ ᠭᠡᠰᠡᠷ ᠯᠠᠮᠠ》 ᠬᠡᠮᠡᠨ ᠡᠷᠭᠦᠮᠵᠢᠯᠡᠭᠳᠡᠭᠰᠡᠨ ᠬᠤᠪᠢᠯᠭᠠᠨ
 • ᠰᠠᠨᠵᠵᠠᠪ ᠤᠨ ᠴᠢᠮᠡᠳᠰᠡᠷᠡᠩ - ᠬᠠᠯᠬ᠎ᠠ ᠶᠢᠨ ᠢᠯᠠᠭᠤᠭᠰᠠᠨ ᠬᠤᠪᠢᠯᠭᠠᠳ ᠤᠨ ᠵᠢᠷᠭᠤᠭ᠎ᠠ ᠳᠠᠬᠢ ᠦᠶ᠎ᠡ ᠶᠢᠨ ᠬᠤᠲᠤᠭᠲᠤ
 • ᠢᠳᠠᠮᠵᠠᠪ ᠤᠨ ᠵᠠᠮᠪᠠᠯᠳᠣᠷᠵᠢ - ᠬᠠᠩᠪᠤ ᠭᠡᠭᠡᠨ
 • ᠳᠠᠷᠠᠮᠪᠠᠽᠠᠷ ᠤᠨ ᠰᠡᠩᠭᠡ - ᠷᠢᠨᠪᠦᠴᠢ᠂ ᠬᠤᠪᠢᠯᠭᠠᠨ᠂ ᠲᠥᠪᠡᠳ ᠦᠨ ᠲᠡᠷᠢᠭᠦᠯᠡᠬᠦ ᠬᠡᠶᠢᠳ ᠦᠨ ᠨᠢᠭᠡ ᠰᠡᠷᠠ ᠬᠡᠶᠢᠳ ᠦᠨ ᠬᠠᠩᠪᠤ᠂ 14 ᠍ ᠍ ᠳᠦᠭᠡᠷ ᠳᠠᠯᠠᠢ ᠯᠠᠮᠠ ᠶᠢᠨ ᠨᠣᠮ ᠤᠨ ᠪᠠᠭᠰᠢ

ᠪᠤᠰᠤᠳ ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠭᠣᠨᠴᠣᠭ ᠤᠨ ᠬᠠᠯᠲᠠᠷᠬᠡᠦ - ᠬᠥᠳᠡᠯᠮᠦᠷᠢ ᠶᠢᠨ ᠪᠠᠭᠠᠲᠤᠷ
 • ᠠᠶᠤᠤᠷ ᠤᠨ ᠳᠠᠩᠭᠠᠰᠦ᠋ᠷᠦᠩ - ᠡᠬᠡ ᠣᠷᠣᠨᠴᠢ
 • ᠨᠠᠴᠤᠭ ᠤᠨ ᠵᠠᠮᠢᠶᠠᠨ - ᠳᠠᠶᠢᠨ ᠠᠪᠤᠷᠭᠤ᠂ ᠭᠠᠪᠢᠶ᠎ᠠ ᠳᠤ ᠲᠠᠮᠢᠷᠴᠢᠨ
 • ᠳᠠᠨᠽᠠᠨᠠᠭ ᠤᠨ ᠪᠠᠲᠤ-ᠣᠴᠢᠷ - ᠭᠠᠪᠢᠶᠠᠲᠤ ᠵᠦᠵᠦᠭᠡᠴᠢᠨ
 • ᠸᠠᠩᠴᠢᠨᠰᠦ᠋ᠷᠦᠩ ᠦᠨ ᠣᠷᠣᠰ ᠢᠶᠠᠨ - ᠭᠠᠪᠢᠶᠠᠲᠤ ᠵᠦᠵᠦᠭᠡᠴᠢᠨ
 • ᠳᠠᠮᠪᠠ ᠶᠢᠨ ᠭᠣᠨᠴᠣᠭ - ᠭᠠᠪᠢᠶᠠᠲᠤ ᠪᠠᠭᠰᠢ
 • ᠪᠠᠳᠮᠠᠰᠦᠮᠪᠡᠷᠢᠯ ᠦᠨ ᠪᠠᠨᠽᠠᠷᠠᠭᠴᠢ - ᠠᠷᠠᠳ ᠤᠨ ᠪᠠᠭᠰᠢ
 • ᠱᠠᠭᠳᠤᠷ ᠤᠨ ᠨᠠᠴᠤᠭᠳᠣᠷᠵᠢ - ᠬᠣᠰᠢᠭᠤᠴᠢ ᠭᠧᠨᠧᠷᠠᠯ
 • ᠫᠦᠨᠴᠠᠭ ᠤᠨ ᠫᠦᠷᠪᠦᠪᠠᠽᠠᠷ - ᠪᠠᠷᠢᠭᠠᠳᠠ ᠶᠢᠨ ᠭᠧᠨᠧᠷᠠᠯ
 • ᠳᠠᠨᠽᠠᠨᠠᠭ ᠤᠨ ᠬᠤᠮᠪᠠᠭᠠᠳᠠᠢ - ᠤᠯᠤᠰ ᠤᠨ ᠠᠪᠤᠷᠭᠤ ᠰᠠᠭᠠᠯᠢᠴᠢᠨ
 • ᠭᠡᠨᠳᠡᠩ ᠦᠨ ᠨᠠᠮᠵᠢᠯ - ᠤᠯᠤᠰ ᠤᠨ ᠠᠪᠤᠷᠭᠤ ᠮᠠᠯᠴᠢᠨ
 • ᠳᠠᠪᠠᠭ᠎ᠠ ᠶᠢᠨ ᠵᠢᠭᠵᠢᠳᠠᠰᠦ᠋ᠷᠦᠩ - ᠤᠯᠤᠰ ᠤᠨ ᠠᠪᠤᠷᠭᠤ ᠮᠠᠯᠴᠢᠨ
 • ᠪᠠᠩᠵᠠᠷ ᠤᠨ ᠬᠤᠶᠠᠭᠤᠪᠠᠭᠠᠲᠤᠷ - ᠤᠯᠤᠰ ᠤᠨ ᠠᠪᠤᠷᠭᠤ ᠲᠠᠭᠤᠪᠤᠷᠢᠴᠢᠨ
 • ᠳᠠᠸᠠᠵᠠᠪ ᠤᠨ ᠡᠩᠬᠡᠪᠠᠶᠠᠷ - ᠤᠯᠤᠰ ᠤᠨ ᠵᠠᠯᠠᠭᠤ ᠠᠪᠤᠷᠭᠤ ᠮᠠᠯᠴᠢᠨ
 • ᠷᠠᠳᠨᠠᠰᠦᠮᠪᠡᠷᠢᠯ ᠦᠨ ᠭᠣᠨᠴᠣᠭᠳᠣᠷᠵᠢ - ᠰᠢᠨᠵᠢᠯᠡᠬᠦ ᠤᠬᠠᠭᠠᠨ ᠤ ᠭᠠᠪᠢᠶᠠᠲᠤ ᠠᠵᠢᠯᠲᠠᠨ
 • ᠪᠠᠳᠠᠷᠠᠬᠤ ᠶᠢᠨ ᠵᠠᠳᠠᠮᠪᠠ ᠪᠠᠨ - ᠭᠠᠪᠢᠶᠠᠲᠤ ᠪᠠᠭᠰᠢ
 • ᠳᠠᠸᠠᠵᠠᠪ ᠤᠨ ᠭᠡᠷᠡᠯᠴᠣᠭ ᠲᠤ - ᠤᠯᠤᠰ ᠤᠨ ᠰᠠᠶᠢᠨ ᠮᠠᠯᠴᠢᠨ

ᠪᠦᠠᠠ

ᠪᠢᠴᠢᠭᠡᠰᠦ