ᠴᠠᠬᠢᠯᠭᠠᠨ ᠴᠡᠨᠡᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
VFPt Solenoid correct2.svg
ᠴᠠᠬᠢᠯᠭᠠᠨ ᠰᠣᠷᠢᠨᠵᠢᠨ
ᠴᠠᠬᠢᠯᠭᠠᠨ · ᠰᠣᠷᠢᠨᠵᠢᠨ
ᠡᠯᠧᠺᠲ᠋ᠷᠣᠳ᠋ᠢᠨᠠᠮᠢᠺ
ᠴᠠᠬᠢᠯᠭᠠᠨ ᠭᠦᠶᠦᠳᠡᠯ
ᠯᠣᠷᠧᠨᠼ ᠤᠨ ᠬᠠᠤᠯᠢ
ᠴᠠᠬᠢᠯᠭᠠᠨ ᠬᠥᠳᠡᠯᠬᠦ ᠬᠦᠴᠦ
ᠴᠠᠬᠢᠯᠭᠠᠨ ᠰᠣᠷᠢᠨᠵᠢᠨ ᠢᠨᠳᠦᠶᠢᠺᠼ
ᠹᠠᠷᠠᠳᠧᠢ-ᠯᠧᠨᠼ ᠤᠨ ᠬᠠᠤᠯᠢ
Displacement current
ᠮᠠᠺᠰᠸᠧᠯ ᠤᠨ ᠲᠡᠭᠰᠢᠳᠬᠡᠯ ᠦᠳ
ᠴᠠᠬᠢᠯᠭᠠᠨ ᠰᠣᠷᠢᠨᠵᠢᠨ ᠣᠷᠣᠨ
ᠴᠠᠬᠢᠯᠭᠠᠨ ᠰᠣᠷᠢᠨᠵᠢᠨ ᠰᠠᠴᠤᠷᠠᠯ

ᠴᠠᠬᠢᠯᠭᠠᠨ ᠴᠡᠨᠡᠭ ᠨᠢ ᠪᠡᠶᠡᠲᠦ ᠪᠤᠶᠤ ᠪᠡᠶᠡᠲᠦ ᠵᠢ ᠪᠦᠷᠢᠯᠳᠦᠭᠦᠯᠦᠭᠰᠡᠨ ᠮᠠᠰ ᠤᠨ ᠠᠪᠴᠤ ᠶᠠᠪᠤᠭ᠎ᠠ ᠠᠷᠭ᠎ᠠ ᠴᠠᠬᠢᠯᠭᠠᠨ ᠪᠤᠶᠤ ᠪᠢᠯᠢᠭ ᠴᠠᠬᠢᠯᠭᠠᠨ ᠂ ᠡᠶᠡᠷᠭᠦ ᠴᠠᠬᠢᠯᠭᠠᠨ ᠲᠠᠶ ᠠᠷᠭ᠎ᠠ ᠴᠠᠬᠢᠯᠭᠠᠨ ᠴᠡᠨᠡᠭ (《 + 》ᠲᠡᠮᠳᠡᠭ  ᠢᠶᠡᠷ ᠢᠯᠡᠷᠬᠡᠢᠯᠡᠨ᠎ᠡ ) ᠂ ᠪᠢᠯᠢᠭ᠌ ᠴᠠᠬᠢᠯᠭᠠᠨ ᠲᠠᠶ ᠪᠢᠯᠢᠭ ᠴᠠᠬᠢᠯᠭᠠᠨ ᠴᠡᠨᠡᠭ ᠭᠡᠨ᠎ᠡ ( 《 ﹣ 》ᠲᠡᠮᠳᠡᠭ  ᠢᠶᠡᠷ ᠢᠯᠡᠷᠬᠡᠢᠯᠡᠨ᠎ᠡ ) ᠃ ᠪᠠᠰᠠ ᠵᠠᠷᠢᠮ ᠦᠨᠳᠦᠰᠦᠨ ᠮᠥᠬᠥᠯᠢᠭ ( ᠵᠢᠱᠢᠶᠡᠯᠡᠪᠡᠯ ᠡᠯᠧᠺᠲ᠋ᠷᠣᠨ ᠪᠠ ᠫᠷᠣᠲ᠋ᠣᠨ ) ᠤᠨ ᠰᠢᠨᠵᠢ ᠴᠢᠨᠠᠷ ᠂ ᠢᠵᠢᠯᠢ ᠲᠦᠷᠦᠯ ᠦᠨ ᠴᠠᠬᠢᠯᠭᠠᠨ ᠴᠡᠨᠡᠭ ᠬᠠᠷᠢᠯᠴᠠᠨ ᠲᠦᠯᠬᠢᠯᠴᠡᠵᠦ ᠂ ᠢᠵᠢᠯᠢ ᠪᠤᠰᠤ ᠲᠦᠷᠦᠯ ᠦᠨ ᠴᠠᠬᠢᠯᠭᠠᠨ ᠴᠡᠨᠡᠭ ᠬᠠᠷᠢᠯᠴᠠᠨ ᠲᠠᠲᠠᠯᠴᠠᠨ᠎ᠠ ᠃

ᠴᠠᠬᠢᠯᠭᠠᠨ ᠭᠡᠳᠡᠭ ᠨᠢ ᠴᠡᠨᠡᠭ ᠵᠠᠷᠢᠮ ᠠᠲ᠋ᠣᠮ ᠠᠴᠠ ᠵᠢᠵᠢᠭ ᠪᠥᠭᠡᠮᠡᠰ  ᠦᠨ ᠴᠠᠬᠢᠯᠭᠠᠨ ᠰᠣᠷᠢᠨᠵᠢᠨ ᠬᠠᠷᠢᠯᠴᠠᠨ ᠦᠢᠯᠡᠴᠢᠯᠡᠯ  ᠢ ᠲᠣᠳᠣᠷᠬᠠᠶᠢᠯᠠᠳᠠᠭ ᠲᠡᠳᠡᠭᠡᠷ ᠦᠨ ᠲᠤᠯᠭᠠᠭᠤᠷᠢ ᠬᠠᠳᠠᠭᠠᠯᠠᠭᠳᠠᠬᠤ ᠰᠢᠨᠵᠢ ᠴᠢᠨᠠᠷ ᠶᠤᠮ᠃ ᠴᠠᠬᠢᠯᠭᠠᠨ ᠴᠡᠨᠡᠭᠵᠢᠭᠰᠡᠨ ᠪᠡᠶ᠎ᠡ ᠨᠢ ᠴᠠᠬᠢᠯᠭᠠᠨ ᠰᠣᠷᠢᠨᠵᠢᠨ ᠣᠷᠣᠨ  ᠢ ᠡᠭᠦᠰᠬᠡᠳᠡᠭ ᠮᠥᠨ ᠲᠡᠭᠦᠨ ᠳᠦ ᠴᠠᠬᠢᠯᠭᠠᠨ ᠰᠣᠷᠢᠨᠵᠢᠨ ᠣᠷᠣᠨ ᠨᠥᠯᠦᠭᠡᠯᠡᠳᠡᠭ᠃ ᠬᠥᠳᠡᠯᠵᠦ ᠪᠤᠢ ᠴᠡᠨᠡᠭ ᠪᠣᠯᠤᠨ ᠴᠠᠬᠢᠯᠭᠠᠨ ᠰᠣᠷᠢᠨᠵᠢᠨ ᠣᠷᠣᠨ ᠬᠣᠶᠠᠷ ᠤᠨ ᠬᠠᠷᠢᠯᠴᠠᠨ ᠦᠢᠯᠡᠴᠢᠯᠡᠯ ᠨᠢ ᠴᠠᠬᠢᠯᠭᠠᠨ ᠰᠣᠷᠢᠨᠵᠢᠨ ᠬᠦᠴᠦᠨ ᠦ ᠡᠬᠢ ᠡᠭᠦᠰᠪᠦᠷᠢ ᠪᠣᠯᠳᠠᠭ᠃ ᠡᠨᠡ ᠨᠢ ᠳᠥᠷᠪᠡᠨ ᠲᠤᠯᠭᠠᠭᠤᠷᠢ ᠬᠦᠴᠦᠨ ᠦ ᠨᠢᠭᠡ ᠶᠤᠮ᠃


ᠴᠠᠬᠢᠯᠭᠠᠨ ᠴᠡᠨᠡᠭ ᠨᠢ ᠵᠠᠷᠢᠮ ᠠᠲ᠋ᠣᠮ ᠠᠴᠠ ᠵᠢᠵᠢᠭ ᠪᠥᠭᠡᠮᠡᠰ ᠦᠨ ᠣᠨᠴᠠᠯᠢᠭ ᠰᠢᠨᠵᠢ ᠴᠢᠨᠠᠷ ᠪᠥᠭᠡᠳ ᠲᠡᠭᠦᠨ ᠦ ᠬᠡᠮᠵᠢᠶ᠎ᠡ ᠶᠢ ᠡᠭᠡᠯ ᠴᠡᠨᠡᠭ ᠭᠡᠭᠳᠡᠬᠦ e ᠍ ᠍ ᠪᠡᠷ ᠬᠡᠮᠵᠢᠳᠡᠭ᠃ ᠡᠯᠧᠺᠲ᠋ᠷᠣᠨ ᠦᠳ ᠢ -1 ᠴᠡᠨᠡᠭ ᠲᠡᠢ ᠬᠡᠮᠡᠨ ᠬᠡᠪᠰᠢᠭᠰᠡᠨ ᠪᠥᠭᠡᠳ ᠬᠠᠷᠢᠨ ᠫᠷᠣᠲ᠋ᠣᠨ ᠦᠳ ᠡᠰᠡᠷᠭᠦ ᠪᠡᠷ +1 ᠴᠡᠨᠡᠭ ᠲᠡᠢ᠃ ᠺᠣᠠᠷᠺ ᠤᠳ ᠨᠢ ᠪᠤᠲᠠᠷᠬᠠᠢ −1/3 ᠡᠰᠡᠪᠡᠯ +2/3 ᠭᠡᠭᠰᠡᠨ ᠴᠡᠨᠡᠭ ᠲᠡᠢ ᠪᠠᠶᠢᠳᠠᠭ᠃ ᠡᠳᠡᠭᠡᠷ ᠦᠨ ᠡᠰᠡᠷᠬᠦ ᠪᠥᠭᠡᠮᠡᠰ ᠨᠢ ᠮᠥᠨ ᠬᠠᠷᠠᠭᠠᠯᠵᠠᠨ ᠡᠰᠡᠷᠬᠦ ᠴᠡᠨᠡᠭ ᠦᠳ ᠲᠡᠢ ᠪᠠᠶᠢᠨ᠎ᠠ᠃ ᠮᠥᠨ ᠪᠤᠰᠤᠳ ᠴᠡᠨᠡᠭᠵᠢᠭᠰᠡᠨ ᠡᠭᠡᠮ ᠪᠥᠭᠡᠮᠡᠰ ᠣᠷᠣᠰᠢᠨ ᠪᠠᠶᠢᠳᠠᠭ᠃  ᠶᠡᠷᠦᠩᠬᠡᠢ ᠳᠤ ᠪᠡᠨ ᠢᠵᠢᠯ ᠴᠡᠨᠡᠭ ᠲᠡᠢ ᠪᠥᠭᠡᠮᠡᠰ ᠨᠢ ᠪᠡᠶ᠎ᠡ ᠪᠡᠶ᠎ᠡ ᠲᠡᠢ ᠪᠡᠨ ᠲᠦᠯᠬᠢᠯᠴᠡᠳᠡᠭ ᠪᠣᠯ ᠡᠰᠡᠷᠭᠦ ᠴᠡᠨᠡᠭᠲᠡᠢ ᠨᠦᠭᠦᠳ ᠨᠢ ᠬᠣᠭᠣᠷᠣᠨᠳᠣ ᠪᠠᠨ ᠲᠠᠲᠠᠯᠴᠠᠳᠠᠭ᠃ ᠡᠭᠦᠨ ᠢ ᠺᠦᠯᠤᠨ ᠬᠠᠤᠯᠢ (库仑定律)ᠬᠠᠷᠠᠭᠤᠯᠳᠠᠭ᠃ ᠺᠠᠷᠦ᠋ᠨ ᠤ ᠬᠠᠤᠯᠢ ᠪᠠᠷ ᠬᠠᠷᠢᠯᠴᠠᠨ ᠦᠢᠯᠡᠴᠢᠯᠡᠯ ᠦᠨ ᠬᠦᠴᠦ ᠨᠢ ᠬᠣᠶᠠᠷ ᠴᠡᠨᠡᠭ ᠦᠨ ᠬᠡᠮᠵᠢᠶᠡᠨ ᠡᠴᠡ ᠰᠢᠭᠤᠳ᠂ ᠬᠣᠭᠣᠷᠣᠨᠳᠣ ᠶᠢᠨ ᠵᠠᠢ ᠶᠢᠨ ᠺᠸᠠᠳ᠋ᠷᠠᠲ ᠠᠴᠠ ᠤᠷᠪᠠᠭᠤ ᠬᠠᠮᠢᠶᠠᠷᠳᠠᠭ᠃

ᠬᠣᠷᠸ᠎ᠠ ᠪᠡᠶᠡᠰ ᠦᠳ ᠦᠨ ᠴᠠᠬᠢᠯᠭᠠᠨ ᠴᠡᠨᠡᠭ ᠦᠨ ᠬᠡᠮᠵᠢᠶ᠎ᠡ ᠨᠢ ᠲᠡᠭᠦᠨ ᠢ ᠪᠥᠷᠢᠯᠳᠦᠭᠦᠯᠦᠭᠴᠢ ᠪᠥᠭᠡᠮᠡᠰ ᠦᠨ ᠴᠠᠬᠢᠯᠭᠠᠨ ᠴᠡᠨᠡᠭ ᠦᠳ ᠦᠨ ᠨᠡᠶᠢᠯᠡᠪᠦᠷᠢ ᠪᠡᠷ ᠲᠣᠳᠣᠷᠬᠠᠶᠢᠯᠠᠭᠳᠠᠳᠠᠭ᠃ ᠶᠡᠬᠡᠪᠴᠢᠯᠡᠨ ᠨᠡᠶᠢᠲᠡ ᠴᠠᠬᠢᠯᠭᠠᠨ ᠴᠡᠨᠡᠭ ᠦᠨ ᠬᠡᠮᠵᠢᠶ᠎ᠡ 0 ᠪᠠᠶᠢᠳᠠᠭ᠃ ᠤᠴᠢᠷ ᠨᠢ ᠪᠠᠶᠢᠭᠠᠯᠢ ᠳᠡᠭᠡᠷ᠎ᠡ ᠠᠲ᠋ᠣᠮ ᠪᠦᠷᠢ ᠶᠢᠨ ᠡᠯᠧᠺᠲ᠋ᠷᠣᠨ ᠨᠤᠭᠤᠳ ᠤᠨ ᠲᠣᠭ᠎ᠠ ᠨᠢ ᠫᠷᠣᠲ᠋ᠣᠨ ᠦᠳ ᠤᠨ ᠲᠣᠭ᠎ᠠ ᠲᠠᠢ ᠲᠡᠩᠴᠡᠭᠦᠦ ᠪᠠᠶᠢᠳᠠᠭ᠃ ᠨᠡᠶᠢᠲᠡ ᠴᠡᠨᠡᠭ ᠨᠢ 0 ᠪᠢᠰᠢ ᠪᠠᠶᠢᠬᠤ ᠲᠣᠬᠢᠶᠠᠯᠳᠤᠯ ᠤᠳ ᠢ ᠭᠣᠣᠯᠳᠠᠭᠤ ᠴᠠᠬᠢᠯᠭᠠᠨᠵᠢᠬᠤ ᠭᠡᠳᠡᠭ᠃ ᠴᠠᠭᠠᠰᠢᠯᠠᠪᠠᠯ ᠨᠡᠶᠢᠲᠡ ᠴᠡᠨᠡᠭ ᠨᠢ 0 ᠪᠣᠯᠪᠠᠴᠤ ᠴᠡᠨᠡᠭ ᠦᠳ ᠨᠢ ᠵᠢᠭᠳᠡ ᠪᠢᠰᠢ ᠬᠤᠪᠢᠶᠠᠷᠢᠯᠠᠭᠳᠠᠵᠤ (ᠵᠢᠱᠢᠶᠡᠯᠡᠪᠡᠯ ᠬᠥᠨᠳᠡᠯᠡᠩ ᠦᠨ ᠴᠠᠬᠢᠯᠭᠠᠨ ᠣᠷᠣᠨ ᠤ ᠨᠥᠯᠥᠭᠡ ᠪᠡᠷ) ᠤᠯᠠᠮ ᠢᠶᠠᠷ ᠮᠠᠲ᠋ᠧᠷᠢᠶᠠᠯ ᠤᠨ ᠴᠡᠨᠡᠭ ᠲᠤᠶᠢᠯᠰᠢᠷᠠᠳᠠᠭ᠃ ᠲᠤᠶᠢᠯᠰᠢᠷᠠᠭᠰᠠᠨ ᠴᠡᠨᠡᠭ ᠢ ᠴᠢᠯᠦᠭᠡᠲᠦ ᠪᠤᠰᠤ ᠴᠡᠨᠡᠭ ᠭᠡᠳᠡᠭ (ᠬᠠᠷᠢᠨ ᠨᠡᠮᠡᠭᠳᠡᠵᠦ ᠣᠷᠣᠵᠤ ᠢᠷᠡᠭᠰᠡᠨ ᠴᠡᠨᠡᠭ ᠢ ᠴᠢᠯᠦᠭᠡᠲᠦ ᠴᠡᠨᠡᠭ ᠭᠡᠳᠡᠭ)᠃ ᠴᠡᠨᠡᠭ ᠲᠡᠢ ᠡᠭᠡᠯ ᠪᠥᠭᠡᠮᠡᠰ ᠦᠨ ᠲᠣᠳᠣᠷᠬᠠᠢ ᠴᠢᠭᠯᠡᠯ ᠦᠨ (ᠮᠧᠲ᠋ᠠᠯ ᠤᠳ ᠲᠤ ᠪᠣᠯ ᠡᠯᠧᠺᠲ᠋ᠷᠣᠨ ᠨᠤᠭᠤᠳ ᠪᠠᠶᠢᠳᠠᠭ) ᠳᠠᠭᠠᠤ ᠡᠮᠬᠢ ᠵᠠᠮᠪᠠᠷᠠᠭ᠎ᠠ ᠲᠠᠢ ᠬᠥᠳᠡᠯᠭᠡᠭᠡᠨ ᠢ ᠴᠠᠬᠢᠯᠭᠠᠨ ᠭᠦᠶᠦᠳᠡᠯ ᠭᠡᠵᠦ ᠨᠡᠷᠡᠯᠡᠳᠡᠭ᠃ ᠮᠠᠶᠢᠺᠯ ᠹᠠᠷᠠᠳᠧᠢ ᠥᠪᠡᠷ ᠦᠨ ᠡᠯᠧᠺᠲ᠋ᠷᠣᠯᠢᠽᠢ ᠶᠢᠨ ᠲᠤᠷᠰᠢᠯᠲᠠ ᠶᠢᠨ ᠠᠵᠢᠯ ᠳᠤ ᠪᠠᠨ ᠴᠠᠬᠢᠯᠭᠠᠨ ᠴᠡᠨᠡᠭ ᠨᠢ ᠳ᠋ᠢᠰᠺᠷᠧᠲ ᠰᠢᠨᠵᠢ ᠴᠢᠨᠠᠷᠲᠠᠢ ᠭᠡᠳᠡᠭ ᠰᠠᠨᠠᠭ᠎ᠠ ᠶᠢ ᠭᠠᠷᠭᠠᠵᠤ ᠢᠷᠡᠭᠰᠡᠨ ᠪᠥᠭᠡᠳ ᠤᠯᠠᠮ ᠢᠶᠠᠷ ᠷᠣᠪᠧᠷᠲ ᠮᠢᠯᠯᠢᠺᠠᠨ ᠥᠪᠡᠷ ᠦᠨ ᠲᠣᠰᠤᠨ ᠳᠤᠰᠤᠯ ᠤᠨ ᠲᠤᠷᠰᠢᠯᠲᠠ ᠶᠢᠨ ᠠᠷᠭ᠎ᠠ ᠪᠡᠷ ᠰᠢᠭᠤᠳ ᠰᠢᠯᠭᠠᠭᠰᠠᠨ᠃

ᠴᠠᠬᠢᠯᠭᠠᠨ ᠴᠡᠨᠡᠭ ᠦᠨ СИ ᠰᠢᠰᠲ᠋ᠧᠮ ᠦᠨ ᠨᠢᠭᠡᠴᠡ ᠨᠢ ᠺᠤᠯᠤᠨ ᠪᠥᠭᠡᠳ ᠡᠨᠡ ᠨᠢ ᠣᠶᠢᠷᠠᠯᠴᠠᠭ᠎ᠠ ᠪᠠᠷ 6.24 ᠬ 1018 ᠰᠢᠷᠬᠡᠭ ᠡᠭᠡᠯ ᠴᠡᠨᠡᠭ ᠦᠳ ᠦᠨ ᠬᠡᠮᠵᠢᠶ᠎ᠡ ᠲᠡᠢ (ᠨᠢᠭᠡ ᠰᠢᠷᠬᠡᠭ ᠡᠯᠧᠺᠲ᠋ᠷᠣᠨ ᠡᠰᠡᠪᠡᠯ ᠫᠷᠣᠲ᠋ᠣᠨ ᠤ ᠴᠡᠨᠡᠭ ᠦᠨ ᠬᠡᠮᠵᠢᠶ᠎ᠡ) ᠲᠡᠩᠴᠡᠭᠦᠦ ᠪᠠᠶᠢᠳᠠᠭ᠃ ᠺᠤᠯᠤᠨ ᠨᠢ ᠴᠠᠬᠢᠯᠭᠠᠨ ᠳᠠᠮᠵᠢᠭᠤᠯᠤᠭᠴᠢᠡᠶᠢᠨ ᠬᠥᠨᠳᠡᠯᠡᠨ ᠣᠭᠲᠣᠯᠤᠯ ᠢᠶᠠᠷ ᠨᠢᠭᠡ ᠰᠧᠺᠦᠶᠢᠨᠳ᠋ ᠍ ᠍ ᠲᠦ ᠳᠠᠮᠵᠢᠨ ᠥᠩᠭᠡᠷᠡᠬᠦ ᠨᠢᠭᠡ ᠠᠮᠫᠧᠷ ᠭᠦᠶᠦᠳᠡᠯ ᠦᠨ ᠨᠡᠶᠢᠲᠡ ᠴᠡᠨᠡᠭ ᠦᠨ ᠬᠡᠮᠵᠢᠶ᠎ᠡ ᠪᠡᠷ ᠲᠣᠳᠣᠷᠬᠠᠶᠢᠯᠠᠭᠳᠠᠳᠠᠭ᠃ Q ᠲᠡᠮᠳᠡᠭᠯᠡᠭᠡ ᠨᠢ ᠭᠣᠣᠯᠳᠠᠭᠤ ᠴᠠᠬᠢᠯᠭᠠᠨ ᠡᠰᠡᠪᠡᠯ ᠴᠡᠨᠡᠭ ᠦᠨ ᠬᠡᠮᠵᠢᠶ᠎ᠡ ᠶᠢ ᠵᠢᠭᠠᠬᠤ ᠳᠤ ᠠᠰᠢᠭᠯᠠᠭᠳᠠᠳᠠᠭ᠃ ᠴᠠᠬᠢᠯᠭᠠᠨ ᠴᠡᠨᠡᠭ ᠦᠨ ᠬᠡᠮᠵᠢᠶ᠎ᠡ ᠶᠢ ᠡᠯᠧᠺᠲ᠋ᠷᠣᠮᠧᠲ᠋ᠷ ᠢᠶᠡᠷ ᠰᠢᠭᠤᠳ ᠬᠡᠮᠵᠢᠵᠦ ᠪᠣᠯᠬᠤ ᠪᠠ ᠮᠥᠨ ᠪᠠᠯᠯᠢᠰᠲ᠋ᠢᠭ ᠭᠠᠯᠢᠪᠠᠨᠨᠣᠮᠧᠲ᠋ᠷ ᠢᠶᠡᠷ ᠰᠢᠭᠤᠳ ᠪᠤᠰᠤ ᠪᠠᠷ ᠬᠡᠮᠵᠢᠵᠦ ᠪᠣᠯᠤᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠦᠶᠢᠯᠤᠨ ᠤ ᠮᠤᠰᠭᠢᠬᠤ ᠳᠡᠭᠦᠵᠢᠩ
 ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 600 ᠍ ᠍ ᠊ᠭᠠᠳ ᠵᠢᠯ ᠤᠨ ᠤ ᠲᠡᠷᠲᠡᠭᠡ᠂ ᠡᠷᠲᠡᠨ ᠦ ᠭᠷᠧᠺ ᠦᠨ ᠭᠷᠧᠭ ᠦᠨ ᠭᠦᠨ ᠤᠬᠠᠭᠠᠨᠲᠠᠨ ᠳᠠᠯᠸᠰ  ᠤᠨ ᠲᠡᠮᠳᠡᠭᠯᠡᠭᠰᠡᠨ ᠢᠶᠡᠷ᠂ᠮᠤᠤᠷ ᠤᠨ ᠦᠰᠦ ᠲᠠᠢ ᠦᠷᠡᠯᠲᠡᠭᠦᠯᠦᠭᠰᠡ ᠡᠴᠡ ᠰᠡᠭᠦᠯᠡᠷ᠂ᠬᠤᠪᠠ ᠥᠳᠦ ᠲᠠᠢ ᠳᠦᠰᠦᠲᠠᠢ ᠲᠥᠷᠦᠯ ᠤᠨ ᠬᠥᠩᠭᠡᠨ ᠪᠣᠳᠠᠰ ᠢ ᠲᠠᠲᠠᠳᠠᠭ ᠪᠠᠢᠨ᠎ᠠ᠂ ᠮᠥᠨ ᠲᠡᠳᠡ ᠬᠤᠪᠠ ᠶᠢ ᠬᠠᠩᠭᠠᠯᠲᠠᠲᠠᠢ ᠤᠳᠠᠭᠠᠨ ᠦᠷᠪᠡᠯ ᠣᠴᠢ ᠦᠰᠦᠷᠭᠡᠬᠦ ᠪᠣᠯᠤᠮᠵᠢ ᠲᠠᠢ ᠬᠡᠮᠡᠨ ᠲᠡᠮᠳᠡᠭᠯᠡᠭᠰᠡᠨ ᠪᠠᠶᠢᠨ᠎ᠠ᠃

ᠰᠢᠨᠵᠢ ᠴᠢᠨᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠠᠬᠢᠯᠭᠠᠨ ᠰᠣᠷᠢᠨᠵᠢᠨᠭᠢ ᠶᠢᠨ ᠲᠤᠬᠠᠢ ᠥᠭᠦᠯᠡᠯ ᠳᠦ ᠳᠤᠷᠠᠳᠤᠭᠳᠠᠭᠰᠠᠨ ᠰᠢᠨᠵᠢ ᠴᠢᠨᠠᠷ ᠤᠳ ᠠᠴᠠ ᠭᠠᠳᠠᠨ᠎ᠠ ᠴᠡᠨᠡᠭ ᠨᠢ ᠬᠠᠷᠢᠴᠠᠩᠭᠤᠢ ᠢᠩᠸᠠᠷᠶᠠᠨᠲ ᠴᠢᠨᠠᠷᠲᠠᠢ ᠪᠢᠯᠡ᠃ ᠡᠨᠡ ᠨᠢ ᠠᠯᠢᠪᠠ q ᠴᠡᠨᠡᠭ ᠲᠡᠢ ᠡᠭᠡᠯ ᠪᠥᠭᠡᠮ ᠨᠢ ᠶᠠᠮᠠᠷ ᠴᠤ ᠬᠤᠷᠳᠤ ᠲᠠᠢ ᠬᠥᠳᠡᠯᠦᠭᠰᠡᠨ ᠭᠡᠰᠡᠨ ᠦᠷᠭᠦᠯᠵᠢ q ᠴᠡᠨᠡᠭ ᠲᠡᠢ ᠪᠠᠶᠢᠨ᠎ᠠ ᠭᠡᠰᠡᠨ ᠦᠭᠡ ᠶᠤᠮ᠃ ᠡᠨᠡᠬᠦ ᠰᠢᠨᠵᠢ ᠴᠢᠨᠠᠷ ᠢ ᠨᠢᠭᠡ ᠭᠧᠯ ᠍ ᠍ ᠶᠢᠨ ᠴᠥᠮ᠎ᠡ ᠶᠢᠨ (ᠴᠥᠮ ᠳᠣᠲᠣᠷ᠎ᠠ ᠪᠠᠨ ᠬᠣᠯᠪᠣᠭᠳᠠᠭᠰᠠᠨ ᠬᠣᠶᠠᠷ ᠫᠷᠣᠲ᠋ᠣᠨ ᠪᠣᠯᠤᠨ ᠬᠣᠶᠠᠷ ᠨᠧᠢᠲ᠋ᠷᠣᠨ ᠨᠢ ᠥᠨᠳᠥᠷ ᠬᠤᠷᠳᠤ ᠲᠠᠢ ᠬᠥᠳᠡᠯᠵᠦ ᠪᠠᠶᠢᠬᠤ ᠦᠶ᠎ᠡ ᠳᠦ) ᠴᠡᠨᠡᠭ ᠨᠢ ᠬᠣᠶᠠᠷ ᠳᠧᠲ᠋ᠧᠷᠢ ᠍ ᠍ ᠶᠢᠨ ᠴᠥᠮ ᠦᠳ ᠦᠨ (ᠬᠣᠭᠣᠷᠣᠨᠳᠣ ᠪᠠᠨ ᠬᠣᠯᠪᠣᠭᠳᠠᠭᠰᠠᠨ ᠨᠢᠭᠡ ᠫᠷᠣᠲ᠋ᠣᠨ ᠪᠣᠯᠤᠨ ᠨᠢᠭᠡ ᠨᠧᠢᠲ᠋ᠷᠣᠨ ᠨᠢ ᠬᠡᠷᠪᠡ ᠾᠧᠯᠢ ᠶᠢᠨ ᠴᠥᠮ᠎ᠡ ᠳᠦ ᠪᠠᠶᠢᠰᠤᠨ ᠠᠴᠠ ᠪᠠᠨ ᠤᠳᠠᠭᠠᠨ ᠬᠥᠳᠡᠯᠵᠦ ᠪᠠᠶᠢᠭ᠎ᠠ) ᠴᠡᠨᠡᠭ ᠲᠡᠢ ᠢᠵᠢᠯ ᠪᠠᠶᠢᠳᠠᠭ ᠢᠶᠠᠷ ᠲᠤᠷᠰᠢᠯᠲᠠ ᠪᠠᠷ ᠪᠠᠲᠤᠯᠠᠭᠳᠠᠭᠰᠠᠨ᠃

ᠴᠡᠨᠡᠭ ᠬᠠᠳᠠᠭᠠᠯᠠᠭᠳᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰᠠᠭᠠᠷᠯᠠᠭᠳᠠᠭᠰᠠᠨ ᠰᠢᠰᠲ᠋ᠧᠮ ᠳᠦ ᠬᠢ ᠨᠡᠶᠢᠲᠡ ᠴᠠᠬᠢᠯᠭᠠᠨ ᠴᠡᠨᠡᠭ ᠨᠢ ᠰᠢᠰᠲ᠋ᠧᠮ ᠳᠣᠲᠣᠷᠠᠬᠢ ᠶᠠᠮᠠᠷᠴᠤ ᠥᠭᠡᠷᠡᠴᠢᠯᠡᠯᠲᠡ ᠶᠢᠨ ᠦᠶ᠎ᠡ ᠳᠦ ᠲᠣᠭᠲᠠᠮᠠᠯ ᠪᠠᠶᠢᠳᠠᠭ᠃ ᠡᠨᠡᠬᠦ ᠬᠠᠤᠯᠢ ᠨᠢ ᠹᠢᠽᠢᠺ ᠦᠨ ᠮᠡᠳᠡᠭᠳᠡᠵᠦ ᠪᠤᠢ ᠪᠦᠬᠦ ᠯᠠ ᠶᠠᠪᠤᠴᠠ ᠲᠤ ᠬᠠᠳᠠᠭᠠᠯᠠᠭᠳᠠᠵᠤ ᠢᠷᠡᠭᠰᠡᠨ᠃

ᠪᠢᠴᠢᠭᠡᠰᠦ