ᠴᠠᠬᠢᠯᠭᠠᠨ ᠬᠣᠣᠰᠮᠠᠭ ᠮᠠᠰᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠣᠶᠣᠲ᠋ᠠ ᠫᠷᠢᠭᠤᠰ ᠴᠠᠬᠢᠯᠭᠠᠨ ᠬᠠᠪᠷᠢ ᠳᠤ ᠮᠠᠰᠢᠨ
ᠲᠣᠶᠣᠲ᠋ᠠ ᠫᠷᠢᠤᠰ ᠢ ᠴᠠᠬᠢᠯᠭᠠᠨ ᠳᠤ ᠵᠠᠯᠭᠠᠭᠳᠠᠳᠠᠭ ᠪᠣᠯᠭᠠᠵᠤ ᠬᠤᠪᠢᠷᠠᠭᠠᠭᠰᠠᠨ ᠪᠠᠶᠢᠳᠠᠯ ᠠᠷᠤ ᠶᠢᠨ ᠠᠴᠢᠶᠠᠨ ᠤ ᠳᠣᠣᠷ᠎ᠠ ᠯᠢᠲᠢᠦᠶᠢᠮ ᠢᠶᠤᠨ ᠵᠠᠢ ᠶᠢ ᠪᠠᠶᠢᠷᠢᠯᠠᠭᠤᠯᠤᠭᠰᠠᠨ ᠨᠢ

ᠴᠠᠬᠢᠯᠭᠠᠨ ᠳᠤ ᠵᠠᠯᠭᠠᠭᠳᠠᠵᠤ ᠴᠡᠨᠡᠭᠯᠡᠳᠡᠭ ᠪᠠ ᠶᠡᠷᠦᠳᠡ ᠶᠢᠨ ᠲᠦᠯᠡᠰᠢ ᠪᠡᠷ ᠳᠠᠪᠬᠤᠷ ᠠᠵᠢᠯᠯᠠᠳᠠᠭ᠂ ᠳᠣᠲᠣᠭᠠᠳᠤ ᠰᠢᠲᠠᠯᠲᠠᠲᠤ ᠪᠠ ᠴᠠᠬᠢᠯᠭᠠᠨ ᠬᠣᠶᠠᠷ ᠳᠠᠪᠬᠤᠷ ᠬᠥᠳᠡᠯᠭᠡᠭᠦᠷ ᠲᠡᠢ ᠮᠠᠰᠢᠨ ᠢ ᠴᠠᠬᠢᠯᠭᠠᠨ ᠬᠠᠪᠷᠢ ᠳᠤ ᠮᠠᠰᠢᠨ ᠭᠡᠨ᠎ᠡ᠃ 2011 ᠣᠨ ᠠᠴᠠ ᠶᠠᠫᠣᠨ᠂ ᠠᠮᠧᠷᠢᠺᠠ ᠶᠢᠨ ᠨᠢᠭᠡᠳᠦᠭᠰᠡᠨ ᠤᠯᠤᠰ᠂ ᠪᠠᠷᠠᠭᠤᠨ ᠧᠦ᠋ᠷᠣᠫᠠ ᠳᠤ ᠬᠦᠴᠦ ᠲᠡᠢ ᠳᠡᠯᠭᠡᠷᠴᠢ ᠪᠠᠶᠢᠭ᠎ᠠ ᠡᠨᠡ ᠮᠠᠰᠢᠨ ᠨᠢ ᠠᠭᠠᠷ ᠤᠨ ᠪᠣᠬᠢᠷᠳᠠᠯ ᠬᠠᠮᠤᠭ ᠤᠨ ᠪᠠᠭ᠎ᠠ ᠭᠠᠷᠭᠠᠳᠠᠭ᠂ ᠲᠦᠯᠡᠰᠢᠨ ᠦ ᠬᠠᠮᠤᠭ ᠤᠨ ᠬᠡᠮᠨᠡᠯᠲᠡ ᠲᠡᠢ ᠲᠧᠺᠨᠣᠯᠣᠭᠢ ᠪᠠᠷ ᠢᠶᠠᠨ ᠬᠠᠮᠤᠭ ᠤᠨ ᠢᠷᠡᠭᠡᠳᠦᠢ ᠲᠡᠢ ᠮᠠᠰᠢᠨ ᠤ ᠰᠢᠢᠳᠦᠯ ᠪᠣᠯᠵᠤ ᠪᠠᠶᠢᠨ᠎ᠠ᠃ ᠬᠠᠪᠷᠢ ᠳᠤ ᠲᠧᠭᠨᠣᠯᠣᠭᠢ ᠲᠠᠢ ᠤᠴᠢᠷ ᠡᠩ ᠦᠨ ᠶᠠᠪᠤᠵᠤ ᠪᠠᠶᠢᠬᠤ ᠳᠤ ᠪᠠᠨ ᠴᠤ ᠭᠡᠰᠡᠨ ᠴᠠᠬᠢᠯᠭᠠᠨ ᠭᠠᠷᠭᠠᠵᠤ ᠥᠪᠡᠷ ᠢ ᠪᠡᠨ ᠴᠡᠨᠡᠭᠯᠡᠳᠡᠭ᠃ ᠣᠳᠣ ᠶᠢᠨ ᠬᠠᠮᠤᠭ ᠤᠨ ᠠᠮᠵᠢᠯᠲᠠ ᠲᠠᠢ ᠵᠠᠭᠪᠤᠷ ᠨᠢ ᠲᠣᠶᠣᠳᠠᠭ ᠤᠨ ᠫᠷᠢᠭᠤᠰ ᠴᠠᠬᠢᠯᠭᠠᠨ ᠬᠠᠪᠷᠢ ᠳᠤ ᠮᠠᠰᠢᠨ ᠶᠡᠷᠦᠳᠡ ᠶᠢᠨ ᠨᠢᠭᠡ ᠤᠳᠠᠭ᠎ᠠ ᠶᠢᠨ ᠲᠦᠯᠡᠰᠢ ᠴᠡᠨᠡᠭᠯᠡᠯᠲᠡ ᠪᠡᠷ 870 ᠺᠢᠯᠣᠮᠧᠲ᠋ᠷ ᠲᠤᠭᠤᠯᠵᠤ ᠴᠢᠳᠠᠳᠠᠭ᠃

ᠪᠢᠴᠢᠭᠡᠰᠦ