ᠴᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠳᠠᠮᠠᠯ
ᠮᠣᠩᠭᠣᠯ ᠦᠰᠦᠭ ᠢᠶᠡᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠪᠤᠷᠢᠶᠠᠳ ᠺᠢᠷᠢᠯ ᠢᠶᠡᠷ ᠰᠠᠢ
ᠮᠣᠩᠭᠣᠯ ᠺᠢᠷᠢᠯ ᠢᠶᠡᠷ ᠴᠠᠢ
ᠬᠠᠯᠢᠮᠠᠭ ᠺᠢᠷᠢᠯ ᠢᠶᠡᠷ ᠴә
ᠠᠶᠠᠭ᠎ᠠ ᠲᠠᠢ ᠨᠣᠭᠣᠭᠠᠨ ᠴᠠᠢ᠃
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠴᠠᠶᠢᠨ ᠤ ᠤᠷᠭᠤᠮᠠᠯ (Camellia sinensis)

ᠴᠠᠢ ᠨᠢ ᠴᠠᠶᠢᠨ ᠤ ᠤᠷᠭᠤᠮᠠᠯ ᠤᠨ Camellia sinensis ᠨᠠᠪᠴᠢ᠂ ᠨᠠᠬᠢᠶ᠎ᠠ᠂ ᠡᠰᠢ ᠶᠢ ᠣᠯᠠᠨ ᠶᠠᠩᠵᠤ ᠶᠢᠨ ᠠᠷᠭ᠎ᠠ ᠪᠠᠷ ᠪᠡᠯᠡᠳᠬᠡᠨ ᠪᠣᠯᠪᠠᠰᠤᠷᠠᠭᠤᠯᠤᠭᠰᠠᠨ ᠬᠦᠨᠡᠰᠦᠨ ᠦ ᠪᠦᠲᠦᠭᠡᠭᠳᠡᠬᠦᠨ ᠶᠤᠮ᠃ ᠮᠥᠨ ᠴᠠᠢ ᠨᠢ ᠡᠨᠡᠬᠦ ᠤᠷᠭᠤᠮᠠᠯ ᠤᠨ ᠪᠣᠯᠪᠠᠴᠠᠷᠠᠭᠤᠯᠤᠭᠰᠠᠨ ᠨᠠᠪᠴᠢ ᠶᠢ ᠬᠠᠯᠠᠭᠤᠨ ᠪᠣᠯᠤᠨ ᠪᠤᠴᠠᠯᠤᠭᠰᠠᠨ ᠤᠰᠤᠨ ᠳᠤ ᠬᠢᠵᠦ ᠬᠠᠨᠳᠠᠯᠠᠨ ᠪᠡᠯᠡᠳᠬᠡᠳᠡᠭ ᠠᠩᠬᠢᠯᠤᠭᠤᠨ ᠦᠨᠦᠷ᠂ ᠠᠭᠠᠭ ᠲᠠᠢ ᠤᠮᠳᠠᠭ᠎ᠠ ᠶᠢ ᠬᠡᠯᠡᠨ᠎ᠡ᠃ ᠳᠡᠯᠡᠬᠡᠢ ᠳᠦ ᠬᠠᠮᠤᠭ ᠤᠨ ᠥᠷᠭᠡᠨ ᠲᠠᠷᠬᠠᠭᠰᠠᠨ ᠤᠮᠳᠠᠭ᠎ᠠ ᠨᠢ ᠤᠰᠤᠨ ᠤ ᠳᠠᠷᠠᠭ᠎ᠠ ᠪᠠᠷ ᠴᠠᠢ ᠶᠤᠮ᠃ ᠴᠠᠭᠠᠨ᠂ ᠰᠢᠷ᠎ᠠ᠂ ᠨᠣᠭᠣᠭᠠᠨ᠂ ᠬᠠᠷ᠎ᠠ ᠭᠡᠳ ᠬᠡᠳᠦ ᠬᠡᠳᠦᠨ ᠲᠥᠷᠥᠯ ᠦᠨ ᠥᠩᠭᠡ᠂ ᠦᠨᠦᠷ᠂ ᠠᠮᠲᠠ ᠠᠭᠠᠭ ᠲᠠᠢ ᠪᠠᠶᠢᠨ᠎ᠠ᠃

ᠴᠠᠶᠢᠨ ᠤ ᠤᠷᠭᠤᠮᠠᠯ ᠨᠢ ᠵᠡᠭᠦᠨ ᠡᠮᠦᠨᠡᠲᠦ ᠠᠽᠢᠶ᠎ᠠ᠂ ᠲᠡᠷᠡ ᠳᠤᠮᠳᠠ ᠪᠠᠨ ᠵᠡᠭᠦᠨ ᠬᠣᠶᠢᠳᠤ ᠡᠨᠡᠳᠬᠡᠭ᠂ ᠬᠣᠶᠢᠳᠤ ᠪᠢᠷᠮ᠂ ᠪᠠᠷᠠᠭᠤᠨ ᠡᠮᠦᠨᠡᠲᠦ ᠬᠢᠲᠠᠳᠲᠥᠪᠡᠳ ᠣᠷᠴᠢᠮ ᠠᠴᠠ ᠭᠠᠷᠤᠯ ᠲᠠᠢ ᠪᠠ ᠡᠳᠦᠭᠡ 52 ᠭᠠᠷᠤᠢ ᠤᠯᠤᠰ ᠣᠷᠣᠨ ᠳᠤ ᠲᠠᠷᠬᠠᠵᠠᠢ᠃ ᠬᠢᠲᠠᠳ ᠲᠤ ᠮᠠᠨ ᠤ ᠡᠷᠡᠨ ᠦ ᠡᠮᠦᠨ᠎ᠡ 2 ᠵᠠᠭᠤᠨ ᠤ ᠦᠶ᠎ᠡ ᠶᠢᠨ ᠴᠠᠶᠢᠨ ᠤ ᠬᠡᠷᠡᠭᠯᠡᠭᠡ ᠲᠡᠢ ᠬᠣᠯᠪᠣᠭᠠᠲᠠᠢ ᠪᠦᠷᠢᠳᠬᠡᠯ ᠪᠠᠶᠢᠭ᠎ᠠ ᠨᠢ ᠬᠠᠮᠤᠭ ᠤᠨ ᠡᠷᠲᠡᠨ ᠦ ᠬᠢ ᠪᠣᠯᠤᠨ᠎ᠠ᠃ ᠶᠠᠫᠣᠨ ᠳᠤ 589-618 ᠣᠨ ᠤ ᠦᠶ᠎ᠡ ᠳᠦ ᠪᠤᠳ᠋ᠳ᠋ᠾᠠ ᠶᠢᠨ ᠱᠠᠰᠢᠨ ᠲᠠᠢ ᠯᠠᠮᠠ ᠨᠠᠷ ᠢᠶᠠᠷ ᠳᠠᠮᠵᠢᠨ ᠲᠦᠭᠡᠭᠰᠡᠨ ᠠᠵᠤ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠴᠠᠢ
http://wiki.uhaan.com/index.php?title=ᠴᠠᠢ&oldid=366547》 ᠍  ᠡᠴᠡ ᠠᠪᠤᠭᠰᠠᠨ

ᠪᠢᠴᠢᠭᠡᠰᠦ