ᠳᠧᠨᠨᠢᠰ ᠷᠣᠳᠠᠮᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠳᠡᠩᠨᠢᠰ ᠺᠢᠲ ᠷᠣᠳᠠᠮᠠᠨ (ᠠᠩᠭᠯᠢ ᠪᠠᠷ Dennis Keith Rodman, 1961 ᠣᠨ ᠤ ᠲᠠᠪᠤᠳᠤᠭᠠᠷ ᠰᠠᠷ᠎ᠠ ᠶᠢᠨ 13 ᠍ ᠳᠤ ᠨᠶᠤ-ᠵᠧᠷᠰᠢ ᠮᠤᠵᠢᠡᠶᠢᠨ ᠲᠷᠧᠨᠲᠠᠨ ᠬᠣᠲᠠᠣᠳᠣ ᠲᠦᠷᠦᠭᠰᠡᠨ) — ᠠᠮᠧᠷᠢᠺᠠ ᠶᠢᠨ ᠵᠣᠳᠣᠭ ᠲᠠᠶᠢᠯᠤᠭᠰᠠᠨ ᠮᠡᠷᠭᠡᠵᠢᠯ ᠦᠨ ᠰᠠᠭᠰᠤᠨ ᠪᠥᠮᠪᠥᠭᠡᠴᠢᠨ ᠶᠤᠮ᠃

ᠲᠣᠪᠴᠢᠬᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠷᠡ NBA ᠍ ᠤᠨ ᠠᠪᠤᠷᠭᠤ ᠪᠠᠷ 1989, 1990, 1996, 1997 ᠪᠣᠯᠤᠨ 1998 ᠣᠨ ᠨᠤᠭᠤᠳ ᠲᠤ ᠲᠣᠳᠣᠷᠠᠵᠤ ᠪᠠᠶᠢᠪᠠ᠃ ᠰᠢᠷᠦᠭᠦᠨ ᠬᠠᠷᠠᠴᠠ᠂ ᠪᠤᠯᠴᠢᠩᠯᠠᠭ ᠪᠡᠶ᠎ᠡ ᠳᠡᠭᠡᠷᠡᠬᠢ ᠰᠢᠪᠡᠭᠡᠰᠦ᠂ ᠡᠭᠡᠮᠦᠭ ᠦᠭᠡᠢ ᠪᠡᠷ ᠲᠡᠭᠦᠨ ᠢ ᠲᠥᠰᠦᠭᠡᠯᠡᠬᠦ ᠠᠷᠭ᠎ᠠ ᠦᠭᠡᠢ᠃ ᠳᠣᠯᠣᠭᠠᠨ ᠤᠯᠠᠷᠢᠯ ᠳᠠᠷᠠᠭᠠᠯᠠᠨ ᠰᠠᠮᠪᠠᠷ᠎ᠠ ᠶᠢᠨ ᠬᠠᠭᠠᠨ ᠪᠠᠶᠢᠵᠤ ᠴᠢᠳᠠᠭᠰᠠᠨ ᠬᠦᠴᠦᠷᠬᠡᠭ ᠳᠣᠪᠲᠣᠯᠤᠭᠴᠢ ᠶᠢᠨ 1992 ᠣᠨ ᠳᠤ ᠤᠯᠠᠷᠢᠯ ᠤᠨ ᠪᠦᠬᠦ ᠲᠣᠭᠯᠠᠯᠲᠠ ᠶᠢᠨ ᠲᠤᠷᠰᠢ ᠬᠢᠭᠰᠡᠨ ᠪᠥᠮᠪᠥᠭᠡ ᠠᠪᠤᠯᠲᠠ ᠶᠢᠨ ᠳᠤᠮᠳᠠᠴᠢ 18.7 ᠪᠣᠯ 1973 ᠣᠨ ᠠᠴᠠ ᠬᠣᠶᠢᠰᠢᠬᠢ ᠬᠠᠮᠤᠭ ᠤᠨ ᠥᠨᠳᠦᠷ ᠳᠤᠮᠳᠠᠴᠢ ᠶᠤᠮ᠃ ᠲᠠᠯᠠᠪᠠᠢ ᠳᠡᠭᠡᠷ᠎ᠡ ᠬᠡᠳᠦ ᠬᠡᠳᠦᠨ ᠤᠳᠠᠭ᠎ᠠ ᠵᠣᠳᠣᠭᠠᠨ ᠡᠳᠦᠭᠦᠯᠵᠦ ᠪᠠᠶᠢᠭᠰᠠᠨ ᠢ ᠡᠨᠳᠡ ᠣᠨᠴᠠᠯᠠᠬᠤ ᠨᠢ ᠵᠦᠢ ᠲᠡᠢ᠃

2011 ᠣᠨ ᠳᠤ ᠳ᠋ᠧᠲ᠋ᠷᠣᠢ ᠳᠤ ᠫᠢᠰᠲ᠋ᠦ᠋ᠩᠰ ᠪᠠᠭ ᠷᠣᠳᠠᠮᠠᠨ ᠤ 10 ᠳ᠋ᠤᠭᠠᠷ ᠢ ᠮᠥᠩᠬᠡᠵᠢᠭᠦᠯᠦᠭᠰᠡᠨ ᠪᠣᠯ ᠬᠣᠯᠪᠣᠭ᠎ᠠ ᠠᠯᠳᠠᠷ ᠤᠨ ᠲᠠᠩᠬᠢᠮ ᠳᠤ ᠵᠠᠯᠠᠭᠰᠠᠨ ᠪᠢᠯᠡ᠃

ᠷᠣᠳᠠᠮᠠᠨ NBA ᠍ ᠲᠤ ᠭᠢᠯᠠᠯᠵᠠᠬᠤ ᠠᠴᠠ ᠭᠠᠳᠠᠨ᠎ᠠ ᠲᠤᠯᠤᠭᠠᠨ ᠳᠤ ᠺᠢᠨᠣ᠋ᠨᠳ᠂ ᠲᠡᠷᠡ ᠳᠤᠮᠳᠠ ᠪᠠᠨ ᠵᠠᠩ-ᠺᠯᠣᠳ ᠸᠠᠩ ᠳᠠᠮᠮᠮᠢᠺᠺᠢ ᠷᠦᠦᠺ ᠨᠠᠷ ᠤᠨ ᠬᠠᠮᠲᠤ ᠲᠣᠭᠯᠠᠭᠰᠠᠨ 1997 ᠣᠨ ᠤ ᠬᠣᠣᠰ ᠪᠠᠭ ᠺᠢᠨᠣᠨ ᠳᠤ ᠲᠡᠭᠦᠨ ᠦ ᠪᠦᠲᠦᠭᠡᠭᠰᠡᠨ ᠳᠦᠷᠢ ᠣᠨᠴᠠᠭᠠᠢ ᠶᠤᠮ᠃ 1997 ᠣᠨ ᠠᠴᠠ ᠮᠡᠷᠭᠡᠵᠢᠯ ᠦᠨ ᠪᠥᠬᠡ ᠪᠡᠷ ᠠᠮᠵᠢᠯᠲᠠ ᠭᠠᠷᠭᠠᠵᠤ ᠡᠬᠢᠯᠡᠭᠰᠡᠨ ᠪᠠ ᠳᠣᠮᠣᠭᠲᠤ ᠬᠠᠯᠺ ᠬᠣᠭᠠᠨᠲᠠᠢ ᠴᠢᠬᠤᠯᠠ ᠬᠡᠳᠦᠨ ᠲᠣᠭᠯᠠᠯᠲᠠ ᠬᠢᠵᠦ᠂ ᠭᠣᠣᠯ ᠲᠥᠯᠥᠪ ᠢᠯᠠᠭᠳᠠᠭᠰᠠᠨ ᠪᠥᠭᠡᠳ 1999 ᠣᠨ ᠳᠤ ᠪᠣᠯᠢᠭᠰᠠᠨ ᠶᠤᠮ᠃ ᠰᠫᠣᠷᠲᠠ᠋ ᠣᠷᠬᠢᠭᠰᠠᠨ ᠤ ᠪᠠᠨ ᠳᠠᠷᠠᠭ᠎ᠠ ᠡᠲᠡᠭᠡᠳ ᠵᠠᠩ ᠠᠷᠠᠨᠰᠢᠨ᠂ ᠰᠢᠪᠡᠭᠡᠰᠦ᠂ ᠦᠰᠦᠨ ᠦ ᠥᠩᠭᠡ᠂ ᠪᠣᠭᠣᠰᠢᠨᠵᠠ᠂ ᠨᠢᠭᠤᠷ ᠪᠤᠳᠤᠯᠲᠠ᠂ ᠮᠠᠷᠵᠠᠩ ᠦᠭᠡᠰ ᠢᠶᠡᠷ ᠳᠦᠭᠦᠷᠡᠩ ᠬᠡᠪᠯᠡᠯ ᠦᠨ ᠶᠠᠷᠢᠯᠴᠠᠯᠭ᠎ᠠ᠃ ᠡᠨᠡ ᠪᠥᠭᠥᠳᠡᠭᠡᠷ ᠥᠪᠡᠷ ᠦᠨ ᠬᠡᠪ ᠮᠠᠶ᠋ᠢᠭ ᠢᠶᠠᠨ ᠪᠦᠷᠢᠳᠦᠭᠦᠯᠵᠦ ᠪᠠᠶᠢᠪᠠ᠃[1] 2005 ᠣᠨ ᠳᠤ ᠬᠦᠴᠦᠩ ᠦᠨ ᠬᠡᠷᠡᠭ ᠢᠶᠡᠷ ᠰᠢᠭᠦᠬᠦ ᠡᠴᠡ ᠶᠠᠯ᠎ᠠ ᠬᠦᠯᠢᠶᠡᠭᠰᠡᠨ ᠴᠤ ᠴᠠᠭᠠᠳᠠᠵᠤ ᠪᠠᠶᠢᠭᠰᠠᠨ ᠷᠣᠳᠠᠮᠠᠨ 2013 ᠣᠨ ᠳᠤ ᠤᠮᠠᠷᠠᠳᠤ ᠰᠣᠯᠣᠩᠭᠣᠰ ᠲᠤ ᠤᠳᠤᠷᠢᠳᠤᠭᠴᠢ ᠺᠢᠮ ᠵᠣᠩ ᠥᠨ ᠦ ᠤᠷᠢᠯᠭ᠎ᠠ ᠪᠠᠷ ᠤᠳᠠᠭ᠎ᠠ ᠳᠠᠷᠠᠭ᠎ᠠ ᠵᠣᠴᠢᠯᠠᠭᠰᠠᠨ ᠨᠢ ᠳᠤᠤᠯᠢᠶᠠᠨ ᠲᠠᠷᠢᠭᠰᠠᠨ ᠪᠢᠯᠡ᠃[2]

ᠨᠣᠮ ᠲᠣᠪᠬᠢᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠬᠤᠷᠢᠶᠠᠩᠭᠤᠢ ᠬᠦᠰᠦᠨᠦᠭ ᠲᠦ

ᠵᠠᠭᠪᠤᠷ:1988-1989 ᠣᠨ ᠤ NBA ᠍ ᠦᠨ ᠠᠪᠣᠷᠭᠣᠴᠣᠳ ᠵᠠᠭᠪᠤᠷ:1989-1990 ᠣᠨ ᠤ NBA ᠍ ᠦᠨ ᠠᠪᠣᠷᠭᠣᠴᠣᠳ ᠵᠠᠭᠪᠤᠷ:1995-1996 ᠣᠨ ᠤ NBA ᠍ ᠦᠨ ᠠᠪᠣᠷᠭᠣᠴᠣᠳ ᠵᠠᠭᠪᠤᠷ:1996-1997 ᠣᠨ ᠤ NBA ᠍ ᠦᠨ ᠠᠪᠣᠷᠭᠣᠴᠣᠳ ᠵᠠᠭᠪᠤᠷ:1997-1998 ᠣᠨ ᠤ NBA ᠍ ᠦᠨ ᠠᠪᠣᠷᠭᠣᠴᠣᠳ

ᠪᠢᠴᠢᠭᠡᠰᠦ