ᠳᠥᠷᠪᠡ ᠳᠦ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠳᠥᠷᠪᠡᠳ («ᠳᠥᠷᠪᠡᠨ») ᠶᠠᠰᠤᠲᠠᠨ
ᠥᠨᠥ ᠶᠢᠨ ᠪᠠᠶᠢᠳᠠᠯ
ᠨᠤᠲᠤᠭ ᠣᠷᠣᠨᠳᠡᠯᠡᠬᠡᠢ ᠳᠠᠶᠠᠭᠠᠷ — 130-150 ᠮᠢᠩᠭ᠎ᠠ. ᠡᠭᠦᠨ ᠡᠴᠡ:

ᠮᠣᠩᠭᠣᠯ ᠮᠣᠩᠭᠣᠯ (ᠮᠣᠩᠭᠣᠯ ᠤᠯᠤᠰ) — 72,403 (2010)[1]

ᠣᠷᠣᠰ ᠣᠷᠣᠰ (ᠣᠷᠣᠰ ᠬᠣᠯᠪᠣᠭᠠᠨ ᠤ ᠤᠯᠤᠰ) — 54,000 (ᠲᠣᠭᠠᠴᠠᠭ᠎ᠠ)

ᠬᠠᠯᠢᠮᠠᠭ ᠶᠠᠰᠤᠲᠠᠨ ᠤ 34% ᠭᠡᠵᠦ ᠲᠣᠭᠠᠴᠠᠳᠠᠭ
ᠬᠡᠯᠡ ᠠᠶᠠᠯᠭᠤᠮᠣᠩᠭᠣᠯ ᠬᠡᠯᠡ (ᠮᠣᠩᠭᠣᠯ ᠳᠤ ᠥᠷᠥᠨᠡᠲᠦ ᠲᠥᠪᠥᠶᠢᠨ ᠵᠠᠪᠰᠠᠷ ᠤᠨ
ᠠᠶᠠᠯᠭᠤ
᠂ ᠣᠷᠣᠰ ᠲᠤ ᠥᠷᠥᠨᠡᠲᠦ ᠠᠶᠠᠯᠭᠤ), ᠣᠷᠣᠰ ᠲᠤ ᠣᠷᠣᠰ ᠬᠡᠯᠡ
ᠪᠢᠴᠢᠭ ᠦᠰᠦᠭᠮᠣᠩᠭᠣᠯ᠂ ᠬᠠᠯᠢᠮᠠᠭ ᠬᠣᠶᠠᠷ ᠺᠢᠷᠢᠯ ᠦᠰᠦᠭ; ᠬᠤᠳᠤᠮ᠂
ᠲᠣᠳᠣ ᠬᠣᠶᠠᠷ ᠮᠣᠩᠭᠣᠯ ᠦᠰᠦᠭ
; ᠣᠷᠣᠰ ᠲᠤ ᠣᠷᠣᠰ ᠺᠢᠷᠢᠯ
ᠰᠢᠲᠦᠯᠭᠡDharma Wheel.svg ᠪᠤᠳ᠋ᠳ᠋ᠾᠠ ᠶᠢᠨ ᠱᠠᠰᠢᠨ ᠤ ᠪᠤᠶᠠᠨ ᠤ ᠶᠣᠰᠣ (ᠰᠢᠷ᠎ᠠ ᠶᠢᠨ ᠱᠠᠰᠢᠨ),
ᠲᠩᠷᠢ ᠭᠠᠵᠠᠷ ᠢᠶᠠᠨ ᠠᠷᠭᠠᠳᠠᠬᠤ ᠤᠬᠠᠭᠠᠨ᠂ ᠰᠢᠲᠦᠯᠭᠡ ᠦᠭᠡᠢ ᠵᠠᠩ
ᠲᠥᠷᠥᠯ ᠬᠣᠯᠪᠣᠭ᠎ᠠ
ᠣᠶᠢᠷ᠎ᠠ ᠲᠥᠷᠥᠯᠪᠤᠰᠤᠳ ᠣᠶᠢᠷᠠᠳ᠂ ᠪᠤᠰᠤᠳ ᠮᠣᠩᠭᠣᠯ ᠦᠨᠳᠦᠰᠦᠲᠡᠨ
ᠬᠡᠯᠡ ᠤᠭᠰᠠᠭ᠎ᠠᠮᠣᠩᠭᠣᠯ ᠤᠭᠰᠠᠭᠠᠲᠠᠨ

ᠳᠥᠷᠪᠡᠳ[2] - ᠮᠣᠩᠭᠣᠯ ᠦᠨᠳᠦᠰᠦ ᠳᠦ ᠶᠠᠰᠤᠲᠠᠨ᠂ ᠢᠵᠠᠭᠤᠷ ᠤᠨ ᠣᠶᠢᠷᠠᠳ ᠠᠶᠠᠯᠭᠤ ᠲᠤ ᠮᠣᠩᠭᠣᠯ ᠬᠡᠯᠡᠲᠡᠩ ᠠᠷᠠᠳ ᠲᠦᠮᠡᠨ᠃ ᠳᠥᠷᠪᠡ ᠳᠦ ᠨᠢ 1400-1755 ᠣᠨ ᠤ ᠬᠣᠭᠣᠷᠣᠨᠳᠣ ᠲᠣᠭᠲᠠᠨᠢᠭᠰᠠᠨ ᠳᠥᠷᠪᠡᠨ ᠣᠶᠢᠷᠠᠳ ᠍ ᠤᠨ ᠳᠥᠷᠪᠡᠨ ᠭᠣᠣᠯ ᠠᠶᠢᠮᠠᠭ ᠤᠨ ᠨᠢᠭᠡ ᠨᠢ ᠪᠠᠶᠢᠪᠠ᠃ ᠮᠣᠩᠭᠣᠯ ᠳᠤ ᠳᠥᠷᠪᠡᠳ ᠦᠨ ᠶᠠᠰᠤᠲᠤ ᠭᠡᠵᠦ 72,403 ᠬᠦᠮᠦᠨ ᠪᠦᠷᠢᠳᠬᠡᠭᠳᠡᠵᠡᠢ[3]᠃ ᠮᠥᠨ ᠣᠷᠣᠰ ᠳᠠᠬᠢ ᠬᠠᠯᠢᠮᠠᠭ ᠦᠳ ᠤᠨ 30 ᠍ ᠊ᠭᠠᠳ ᠬᠤᠪᠢ ᠠᠯᠪᠠᠨ ᠪᠤᠰᠤ ᠪᠠᠷ ᠳᠥᠷᠪᠡ ᠳᠦ ᠭᠡᠭᠳᠡᠵᠦ᠂ ᠬᠢᠲᠠᠳ ᠳᠠᠬᠢ ᠮᠣᠩᠭᠣᠯᠴᠤᠳ ᠤᠨ ᠳᠣᠲᠣᠷ᠎ᠠ ᠳᠥᠷᠪᠡᠳ᠂ ᠳᠥᠷᠪᠡᠨ ᠣᠪᠣᠭᠲᠠᠨ ᠪᠤᠢ[4]ᠤᠪᠰ ᠠᠶᠢᠮᠠᠭ ᠤᠨ ᠪᠥᠬᠡᠮᠥᠶᠢᠷᠡᠨᠳᠠᠪᠤᠰᠤᠲᠤᠨᠠᠷᠠᠨᠪᠤᠯᠠᠭᠥᠯᠥᠭᠡᠢᠡᠮᠦᠨᠡᠭᠣᠪᠢᠰᠠᠭᠢᠯᠲᠦᠷᠭᠡᠨᠬᠣᠪᠳᠣᠤᠯᠠᠭᠠᠨᠠᠭᠠᠮᠲᠠᠷᠢᠶᠠᠯᠠᠩᠬᠣᠪᠳᠣ ᠠᠶᠢᠮᠠᠭ ᠤᠨ ᠳᠥᠷᠦᠭᠡᠨᠪᠠᠶᠠᠨ-ᠥᠯᠥᠭᠡᠢ ᠠᠶᠢᠮᠠᠭ ᠤᠨ ᠨᠣᠭᠣᠭᠠᠨᠨᠠᠭᠤᠷ ᠰᠤᠮᠤᠨ ᠳᠤ ᠪᠣᠯᠤᠨ ᠤᠪᠰᠤ ᠠᠶᠢᠮᠠᠭ ᠤᠨ ᠵᠠᠪᠬᠠᠨ ᠰᠤᠮᠤᠨ ᠳᠤ ᠭᠤᠷᠪᠠᠨ ᠪᠠᠭ᠂ ᠬᠣᠪᠳᠣ ᠠᠶᠢᠮᠠᠭ ᠤᠨ ᠡᠷᠳᠡᠨᠢᠪᠦᠷᠡᠨ ᠰᠤᠮᠤᠨ ᠳᠤ "ᠣᠩᠭᠣᠴᠠᠨ ᠤ ᠳᠥᠷᠪᠡᠳ ᠦᠳ", ᠮᠢᠩᠭᠠᠳ ᠰᠤᠮᠤᠨ ᠳᠤ ᠨᠢᠭᠡ ᠪᠠᠭ ᠳᠥᠷᠪᠡᠳ ᠦᠳ ᠠᠮᠢᠳᠤᠷᠠᠵᠤ ᠪᠠᠶᠢᠨ᠎ᠠ᠃ ᠮᠥᠨ ᠰᠣᠴᠢᠶᠠᠯᠢᠮ ᠤᠨ ᠦᠶ᠎ᠡ ᠳᠦ ᠠᠲᠠᠷ ᠡᠵᠡᠮᠰᠢᠬᠦ᠂ ᠠᠵᠤ ᠦᠢᠯᠡᠳᠪᠦᠷᠢᠵᠢᠭᠦᠯᠬᠦ ᠵᠣᠷᠢᠯᠭ᠎ᠠ ᠪᠠᠷ᠂ 1990 ᠣᠨ ᠠᠴᠠ ᠬᠣᠶᠢᠰᠢ ᠵᠠᠬ᠎ᠠ ᠵᠡᠭᠡᠯᠢ ᠳᠦ ᠣᠶᠢᠷᠠᠳᠬᠤ ᠵᠣᠷᠢᠯᠭ᠎ᠠ ᠪᠠᠷ ᠤᠯᠠᠭᠠᠨᠪᠠᠭᠠᠲᠤᠷᠡᠷᠳᠡᠨᠢᠲᠦᠳᠠᠷᠬᠠᠨ ᠬᠣᠲᠠ ᠨᠤᠭᠤᠳ᠂ ᠲᠥᠪᠰᠡᠯᠡᠩᠭᠡᠪᠤᠯᠠᠭᠠᠨ ᠠᠶᠢᠮᠠᠭ ᠤᠨ ᠰᠤᠮᠤᠳᠠᠷ᠎ᠠ ᠶᠡᠬᠡᠬᠡᠨ ᠲᠠᠷᠠᠵᠤ ᠰᠠᠭᠤᠷᠢᠰᠢᠭᠰᠠᠨ ᠪᠠᠶᠢᠨ᠎ᠠ᠃

ᠲᠦᠰᠢᠶᠡᠲᠦ ᠬᠠᠨ ᠭᠣᠮᠪᠣᠳᠣᠷᠵᠢ ᠶᠢᠨ ᠡᠬᠡᠨᠡᠷ ᠪᠤᠶᠤ ᠠᠩᠬᠠᠳᠤᠭᠠᠷ ᠪᠣᠭᠳᠠ᠂ ᠥᠨᠳᠥᠷ ᠭᠡᠭᠡᠨ ᠵᠠᠨᠠᠪᠠᠽᠠᠷ ᠤᠨ ᠡᠵᠢ ᠬᠠᠨᠳᠠᠵᠠᠮᠰᠤ᠂ ᠨᠡᠷᠡᠲᠦ ᠰᠣᠶᠣᠨ ᠭᠡᠭᠡᠷᠡᠭᠦᠯᠦᠭᠴᠢ ᠳᠤᠯᠳᠤᠶᠢᠲᠤ ᠶᠢᠨ ᠷᠠᠪᠵᠠ ᠶᠢᠨ ᠠᠪᠤ ᠳᠤᠯᠳᠤᠢ ᠳᠤ ᠥᠯᠵᠡᠢ ᠨᠠᠷ ᠳᠥᠷᠪᠡ ᠳᠦ ᠬᠦᠮᠦᠰ ᠪᠠᠶᠢᠭᠰᠠᠨ ᠲᠠᠯ᠎ᠠ ᠪᠠᠷ ᠲᠡᠦᠬᠡ ᠶᠢᠨ ᠡᠬᠢ ᠰᠤᠷᠪᠤᠯᠵᠢ ᠨᠤᠭᠤᠳ ᠲᠤ ᠪᠢᠴᠢᠭᠳᠡᠭᠰᠡᠨ ᠪᠠᠶᠢᠳᠠᠭ᠃ ᠱᠠᠰᠢᠨ ᠤ ᠬᠡᠷᠡᠭᠯᠡᠯ ᠢ ᠳᠤᠯᠳᠤᠢ ᠭᠡᠳᠡᠭ ᠪᠠᠶᠢᠭᠰᠠᠨ ᠪᠥᠭᠡᠳ ᠥᠯᠵᠡᠢ ᠨᠢ ᠱᠠᠰᠢᠨ ᠤ ᠬᠡᠷᠡᠭᠯᠡᠯ ᠡᠴᠡ ᠰᠠᠯᠠᠳᠠᠭ ᠦᠭᠡᠢ ᠪᠠᠶᠢᠭᠰᠠᠨ ᠤᠴᠢᠷ ᠳᠤᠯᠳᠤᠢ ᠳᠤ ᠭᠡᠭᠳᠡᠳᠡᠭ ᠪᠠᠶᠢᠴᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠩᠬ᠎ᠠ ᠳᠤᠷᠠᠳᠤᠭᠳᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠨᠢᠭᠤᠴᠠ ᠲᠣᠪᠴᠢᠶ᠎ᠠᠨ ᠤ 11 ᠍ ᠳᠦᠭᠡᠷ ᠵᠦᠢᠯ ᠳᠦ ᠳᠤᠸᠠ ᠰᠣᠬᠣᠷᠡᠶᠢᠨ 4 ᠬᠥᠪᠡᠭᠦᠨ ᠢ ᠳᠣᠪᠤ ᠮᠡᠷᠭᠡᠨ ᠠᠬ᠎ᠠ ᠠᠴᠠ ᠰᠠᠯᠵᠤ "ᠳᠥᠷᠪᠡᠨ ᠣᠪᠣᠭᠲᠠᠨ" ᠪᠣᠯᠪᠠ ᠭᠡᠵᠦ ᠪᠢᠴᠢᠭᠰᠡᠨ ᠪᠠᠶᠢᠳᠠᠭ᠃ (ᠮᠣ᠃ᠪ᠃ ᠭᠠᠯᠢᠭ᠃ ᠳᠥᠷᠪᠡᠨ ᠣᠪᠤᠭᠲᠠᠨ ᠪᠣᠯᠵᠤ ᠳᠥᠷᠪᠡᠨ ᠢᠷᠭᠡᠨ ᠲᠡᠳᠡ ᠪᠣᠯᠪᠠ[5]) ᠭᠡᠵᠦ ᠳᠤᠷᠠᠳᠤᠭᠰᠠᠨ ᠨᠢ ᠳᠥᠷᠪᠡᠳ ᠦᠨ ᠢᠵᠠᠭᠤᠷ ᠪᠠᠶᠢᠵᠤ ᠪᠣᠯᠬᠤ ᠶᠤᠮ᠃ ᠡᠨᠡ ᠨᠢ 9 ᠍ ᠳᠦᠭᠡᠷ ᠵᠠᠭᠤᠨ ᠤ ᠡᠴᠦᠰ᠂ 10 ᠍ ᠳᠦᠭᠡᠷ ᠵᠠᠭᠤᠨ ᠤ ᠦᠶ᠎ᠡ ᠳᠦ ᠬᠠᠮᠢᠶᠠᠷᠬᠤ ᠶᠠᠪᠤᠳᠠᠯ ᠭᠡᠵᠦ ᠦᠵᠡᠳᠡᠭ᠃ 12 ᠍ ᠳᠦᠭᠡᠷ ᠵᠠᠭᠤᠨ ᠳᠤ ᠳᠥᠷᠪᠡᠨ ᠣᠪᠣᠭᠲᠠᠨ ᠳᠠᠷᠯᠢᠭᠢᠨ ᠮᠣᠩᠭᠣᠯ ᠤᠨ ᠳᠣᠲᠣᠷ᠎ᠠ ᠪᠠᠭᠳᠠᠵᠣ ᠪᠠᠶᠢᠪᠠ᠃ ᠶᠠᠮᠠᠷ ᠲᠤ ᠪᠠᠨ ᠴᠤ ᠳᠥᠷᠪᠡᠨ (ᠳᠥᠷᠪᠡᠨ) ᠬᠦᠮᠦᠨ ᠶᠤᠮ ᠤᠤ ᠳᠥᠷᠪᠡᠨ ᠬᠡᠰᠡᠭ ᠤᠯᠤᠰ ᠠᠮᠢᠲᠠᠨ ᠤ ᠦᠷ᠎ᠡ ᠬᠣᠶᠢᠴᠢᠰ ᠢ "ᠳᠥᠷᠪᠡ ᠳᠦ" ᠭᠡᠳᠡᠭ ᠣᠯᠠᠨ ᠲᠣᠭᠠᠨ ᠤ ᠨᠡᠷ᠎ᠡ ᠪᠡᠷ ᠲᠠᠭᠤᠳᠠᠬᠤ ᠪᠣᠯᠤᠭᠰᠠᠨ ᠨᠢ ᠭᠠᠷᠴᠠᠭ᠎ᠠ ᠦᠭᠡᠢ᠃

ᠬᠣᠵᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

10 ᠍ ᠳᠦᠭᠡᠷ ᠵᠠᠭᠤᠨ ᠤ ᠦᠶ᠎ᠡ ᠳᠦ ᠳᠤᠸᠠ ᠰᠣᠬᠣᠷ ᠤᠨ 4 ᠬᠦ ᠶᠢᠨ ᠠᠯᠪᠠᠲᠤ ᠨᠤᠭᠤᠳ ᠶᠡᠨᠢᠰᠧᠢ᠂ ᠡᠷᠴᠢᠰ ᠮᠥᠷᠡᠨ ᠦ ᠬᠠᠪᠢᠶᠠᠷᠠ᠂ 12 ᠍ ᠳᠦᠭᠡᠷ ᠵᠠᠭᠤᠨ ᠤ ᠦᠶ᠎ᠡ ᠳᠦ ᠳᠥᠷᠪᠡᠳ ᠦᠳ ᠬᠠᠯᠬ᠎ᠠ ᠭᠣᠣᠯ ᠤᠯᠠᠮ ᠢᠶᠠᠷ ᠪᠠᠶᠢᠭᠠᠯ ᠨᠠᠭᠤᠷ ᠍ ᠤᠨ ᠣᠶᠢᠷᠠᠯᠴᠠᠭ᠎ᠠ ᠢᠷᠡᠵᠦ ᠨᠤᠲᠤᠭᠯᠠᠵᠠᠢ᠃ ᠴᠢᠩᠭᠢᠰ ᠬᠠᠭᠠᠨ ᠮᠣᠩᠭᠣᠯ ᠤᠨ ᠡᠵᠡᠨᠲᠦ ᠭᠦᠷᠦᠨ ᠢ ᠪᠠᠶᠢᠭᠤᠯᠬᠤ ᠳᠤ ᠳᠥᠷᠪᠡᠳ ᠦᠳ ᠣᠶᠢᠷᠠᠳ ᠤᠨ ᠬᠠᠷᠬᠢᠷᠤᠭᠠ᠂ ᠬᠤᠳᠤᠭᠪᠬᠤ᠂ ᠳᠥᠷᠪᠡᠢ ᠳᠣᠭᠰᠢᠨ᠂ ᠮᠥᠴᠡ ᠪᠦᠳᠦᠭᠦᠨ ᠨᠣᠶᠠᠳ ᠤᠨ ᠤᠳᠤᠷᠢᠳᠤᠯᠭ᠎ᠠ ᠶᠢᠨ ᠳᠣᠣᠷ᠎ᠠ ᠶᠠᠪᠤᠵᠤ ᠬᠦᠴᠦᠨ ᠵᠢᠳᠬᠦᠭ᠍ᠰᠡᠨ ᠪᠠᠶᠢᠨ᠎ᠠ᠃ ᠴᠢᠩᠭᠢᠰ ᠬᠠᠭᠠᠨ ᠡᠨᠡ ᠭᠠᠪᠢᠶ᠎ᠠ ᠵᠢᠳᠬᠦᠯ ᠢ ᠦᠨᠡᠯᠡᠵᠦ ᠣᠶᠢᠷᠠᠳ ᠤᠨ ᠬᠤᠳᠤᠭᠪᠬᠤ ᠲᠡᠢ ᠬᠤᠳᠠ ᠤᠷᠤᠭ ᠪᠣᠯᠵᠤ ᠥᠪᠡᠷ ᠦᠨ ᠥᠬᠢᠨ ᠴᠡᠴᠡᠭᠬᠡᠨ ᠢ ᠬᠤᠳᠤᠭᠪᠬᠤ ᠶᠢᠨ ᠬᠦᠦ ᠢᠨᠠᠯᠴᠢᠳ ᠭᠡᠷᠡᠭ ᠦᠨ ᠪᠣᠯᠭᠠᠨ ᠥᠭᠭᠦᠭᠰᠡᠨ ᠢ ᠲᠡᠦᠬᠡᠨ ᠳᠦ ᠲᠡᠮᠳᠡᠭᠯᠡᠵᠡᠢ᠃

ᠴᠢᠩᠭᠢᠰ ᠬᠠᠭᠠᠨ ᠤ ᠳᠠᠷᠠᠭᠠᠬᠢ ᠦᠶ᠎ᠡ ᠳᠦ ᠳᠥᠷᠪᠡᠳ ᠦᠳ ᠠᠯᠲᠠᠢ ᠪᠣᠯᠤᠨ ᠢᠯᠢ ᠲᠠᠷᠪᠠᠭᠠᠲᠠᠢ ᠳᠤ ᠣᠴᠢᠵᠤ ᠨᠤᠲᠤᠭᠯᠠᠭᠰᠠᠨ ᠠᠵᠢ᠃ ᠨᠢᠭᠡᠨ ᠦᠶ᠎ᠡ ᠪᠦᠬᠦ ᠮᠣᠩᠭᠣᠯ ᠢ ᠨᠢᠭᠡᠳᠬᠡᠨ ᠵᠠᠬᠢᠷᠴᠢ ᠶᠡᠬᠡ ᠬᠠᠭᠠᠨ ᠰᠢᠷᠡᠭᠡᠨ ᠳᠦ ᠰᠠᠭᠤᠭᠰᠠᠨ ᠣᠶᠢᠷᠠᠳ ᠤᠨ ᠡᠰᠡᠨ ᠲᠠᠶᠢᠱᠢ ᠥᠪᠡᠷ ᠦᠨ ᠤᠤᠭᠠᠨ ᠬᠦᠦ ᠪᠣᠷᠨᠠᠭᠠᠯ ᠳᠤ ᠳᠥᠷᠪᠡᠳ ᠦᠳ ᠢ ᠥᠭᠴᠦ ᠵᠠᠬᠢᠷᠤᠭᠤᠯᠤᠭᠰᠠᠨ ᠪᠥᠭᠡᠳ ᠳᠥᠷᠪᠡᠳ ᠦᠨ ᠨᠣᠶᠠᠳ ᠲᠡᠭᠦᠨ ᠦ ᠤᠳᠤᠮ ᠤᠨ ᠬᠦᠮᠦᠰ ᠪᠠᠶᠢᠳᠠᠭ᠃ 14 ᠍ ᠳᠦᠭᠡᠷ ᠵᠠᠭᠤᠨ ᠤ ᠡᠬᠢᠨ ᠡᠴᠡ ᠳᠥᠷᠪᠡᠳ ᠦᠳ ᠣᠶᠢᠷᠠᠳ ᠤᠨ ᠳᠥᠷᠪᠡᠨ ᠭᠣᠣᠯ ᠠᠶᠢᠮᠠᠭ ᠤᠨ ᠨᠢᠭᠡ ᠪᠣᠯᠵᠤ ᠲᠡᠦᠬᠡ ᠶᠢᠨ ᠲᠠᠪᠴᠠᠩ ᠳᠤ ᠭᠠᠷᠴᠤ ᠳᠣᠲᠣᠷ᠎ᠠ ᠪᠠᠨ ᠶᠡᠬᠡ᠂ ᠪᠠᠭ᠎ᠠ ᠳᠥᠷᠪᠡ ᠳᠦ᠂ ᠪᠠᠷᠠᠭᠤᠨ ᠵᠡᠭᠦᠨ ᠳᠥᠷᠪᠡᠳ ᠭᠡᠵᠦ ᠬᠤᠪᠢᠶᠠᠭᠳᠠᠭᠰᠠᠨ ᠪᠠᠶᠢᠨ᠎ᠠ᠃

17 ᠍ ᠳᠦᠭᠡᠷ ᠵᠠᠭᠤᠨ ᠳᠤ ᠣᠶᠢᠷᠠᠳ ᠤᠨ ᠶᠡᠬᠡ ᠪᠤᠲᠠᠷᠠᠯ ᠡᠬᠢᠯᠡᠬᠦ ᠳᠦ ᠳᠥᠷᠪᠡᠳ ᠦᠨ ᠨᠢᠭᠡ ᠬᠡᠰᠡᠭ ᠨᠢ ᠭᠦᠦᠰᠢ ᠬᠠᠭᠠᠨ ᠬᠡᠮᠡᠬᠦ ᠲᠥᠷᠦᠪᠠᠶᠢᠬᠤ ᠨᠣᠶᠠᠨ ᠤ ᠤᠳᠤᠷᠢᠳᠤᠯᠭ᠎ᠠ ᠪᠠᠷ ᠬᠣᠱᠤᠳ ᠨᠠᠷ ᠬᠥᠬᠡᠨᠠᠭᠤᠷ ᠷᠤ ᠨᠡᠭᠦᠬᠦ ᠳᠦ ᠳᠠᠭᠠᠯᠳᠤᠨ ᠣᠳᠴᠠᠢ᠃ᠲᠡᠳᠡᠨ ᠢ ᠡᠳᠦᠭᠡ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠍ ᠤᠨ ᠬᠥᠬᠡ ᠨᠠᠭᠤᠷ ᠤᠨ ᠮᠤᠵᠢ ᠶᠢᠨ ᠰᠤᠭ ᠮᠣᠩᠭᠣᠯ ᠪᠤᠶᠤ ᠳᠡᠭᠡᠳᠦ ᠮᠣᠩᠭᠣᠯᠴᠤᠳ ᠭᠡᠳᠡᠭ᠃

ᠮᠥᠨ ᠶᠡᠬᠡ᠂ ᠪᠠᠭ᠎ᠠ ᠳᠥᠷᠪᠡᠳ ᠦᠳ ᠳᠠᠯᠠᠢ ᠲᠠᠶᠢᠰᠢ ᠶᠢᠨ ᠤᠳᠤᠷᠢᠳᠤᠯᠭ᠎ᠠ ᠳᠣᠣᠷ᠎ᠠ ᠪᠠᠷᠠᠭᠤᠨ ᠵᠦᠭ ᠨᠡᠭᠦᠳᠡᠯᠯᠡᠨ ᠪᠠᠷᠠᠭᠤᠨ ᠰᠢᠪᠢᠷᠢ᠂ ᠢᠯᠡ᠂ ᠤᠷᠠᠯ ᠮᠥᠷᠡᠨ ᠢ ᠭᠠᠲᠤᠯᠤᠨ ᠢᠵᠢᠯ ᠮᠥᠷᠡᠨ ᠦ ᠬᠥᠪᠡᠭᠡᠨ ᠳᠤ ᠣᠴᠢᠵᠤ ᠨᠤᠲᠤᠭᠯᠠᠬᠤ ᠳᠤ ᠪᠠᠨ ᠬᠠᠯᠢᠮᠠᠭ ᠬᠡᠮᠡᠬᠦ ᠨᠡᠷ᠎ᠡ ᠠᠪᠴᠤ ᠣᠷᠣᠰ ᠤᠯᠤᠰ ᠤᠨ ᠪᠦᠷᠢᠯᠳᠦᠬᠦᠨ ᠳᠦ ᠣᠷᠣᠵᠠᠢ᠃

ᠦᠯᠡᠳᠡᠭᠰᠡᠨᠳᠥᠷᠪᠡᠳ ᠦᠳ ᠪᠠᠶᠠᠳ ᠤᠳ ᠤᠨ ᠬᠠᠮᠲᠤ ᠠᠯᠲᠠᠢ ᠶᠢ ᠳᠠᠪᠠᠨ ᠨᠡᠭᠦᠵᠦ ᠵᠠᠭ᠂ ᠪᠠᠶᠢᠳᠠᠷ ᠶᠢᠨ ᠭᠠᠵᠠᠷ ᠢᠷᠡᠵᠦ 8 ᠵᠢᠯ ᠭᠠᠷᠤᠢ ᠨᠤᠲᠤᠭᠯᠠᠵᠤ ᠪᠠᠶᠢᠭᠠᠳ ᠵᠢᠭᠤᠳᠠᠭᠠᠢ ᠭᠡᠳᠡᠭ ᠬᠦᠩ ᠢᠶᠡᠷ ᠭᠠᠵᠠᠷ ᠰᠢᠨᠵᠢᠭᠦᠯᠦᠭᠰᠡᠨ ᠦ ᠳᠠᠷᠠᠭ᠎ᠠ ᠤᠪᠰᠤ ᠨᠠᠭᠤᠷ ᠍ ᠤᠨ ᠭᠠᠵᠠᠷ ᠪᠠᠶᠠᠳ ᠤᠳᠲᠠᠶᠢᠭ᠎ᠠ ᠪᠠᠨ ᠢᠷᠡᠵᠦ ᠨᠤᠲᠤᠭᠯᠠᠵᠠᠢ᠃ ᠤᠪᠰᠤ ᠨᠠᠭᠤᠷ ᠤᠨ ᠪᠠᠷᠠᠭᠤᠨ ᠲᠠᠯ᠎ᠠ ᠪᠠᠷ ᠳᠥᠷᠪᠡᠳ ᠦᠳ᠂ ᠵᠡᠭᠦᠨ ᠲᠠᠯ᠎ᠠ ᠪᠠᠷ ᠪᠠᠶᠠᠳ ᠤᠳ ᠠᠮᠢᠳᠤᠷᠠᠬᠤ ᠪᠣᠯᠵᠠᠢ᠃

ᠮᠥᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠠᠷ᠎ᠠ ᠮᠥᠷᠡᠨ ᠮᠤᠵᠢ(ᠥᠪᠦᠷ ᠮᠣᠩᠭᠣᠯ ᠪᠣᠯᠤᠨ БНАСАУлсын ᠬᠣᠭᠣᠷᠣᠨᠳᠣ ᠤᠷᠤᠰᠢᠬᠤ ᠮᠤᠵᠢ) ᠍ ᠦᠨ ᠳᠥᠷᠪᠡᠳ ᠦᠨ ᠥᠪᠡᠷᠲᠡᠭᠡᠨ ᠵᠠᠰᠠᠬᠤ ᠬᠣᠰᠢᠭᠤᠨ(ᠮᠤᠵᠢ ᠶᠢᠨ ᠢᠶᠠᠨ ᠪᠠᠷᠠᠭᠤᠨ ᠬᠣᠶᠢᠲᠤ ᠲᠠᠯ᠎ᠠ) ᠍ ᠳᠦ ᠳᠥᠷᠪᠡᠳ ᠶᠠᠰᠤᠲᠠᠨ ᠪᠥᠭᠡᠮ ᠢᠶᠡᠷ ᠢᠶᠡᠨ ᠤᠷᠤᠰᠢᠬᠤ ᠪᠥᠭᠡᠳ ᠡᠳᠡᠭᠡᠷ ᠢ ᠳᠥᠷᠪᠡᠳ ᠦᠳ ᠶᠡᠨᠢᠰᠧᠢ ᠮᠥᠷᠡᠨ ᠡᠴᠡ ᠬᠠᠯᠬ᠎ᠠ ᠭᠣᠣᠯ᠂ ᠪᠠᠶᠢᠭᠠᠯᠢ ᠨᠠᠭᠤᠷ ᠯᠤᠤ 11 ᠍ ᠳᠦᠭᠡᠷ ᠵᠠᠭᠤᠨ ᠳᠤ ᠨᠡᠭᠦᠳᠡᠯᠯᠡᠨ ᠢᠷᠡᠵᠦ ᠨᠤᠲᠤᠭᠯᠠᠵᠤ ᠪᠠᠶᠢᠭᠠᠳ ᠪᠠᠷᠠᠭᠤᠨ ᠲᠡᠰᠢ ᠨᠡᠭᠦᠬᠦ ᠦᠶ᠎ᠡ ᠳᠦ ᠲᠠᠰᠤᠷᠠᠨ ᠦᠯᠡᠳᠡᠭᠰᠡᠨ ᠭᠡᠵᠦ ᠦᠵᠡᠳᠡᠭ᠃

17 ᠍ ᠳᠦᠭᠡᠷ ᠵᠠᠭᠤᠨ ᠤ ᠦᠶ᠎ᠡ ᠳᠦ ᠣᠶᠢᠷᠠᠳ ᠤᠳ ᠢ ᠮᠠᠨᠵᠤ ᠠᠴᠠ ᠬᠠᠮᠠᠭᠠᠯᠠᠬᠤ ᠶᠢᠨ ᠲᠤᠯᠠᠳᠠ ᠲᠣᠷᠭᠤᠳ᠂ ᠳᠥᠷᠪᠡᠳ᠂ ᠥᠭᠡᠯᠡᠳ ᠦᠳ ᠡᠴᠡ ᠰᠠᠶᠢᠨ ᠡᠷᠡᠰ ᠢ ᠰᠢᠯᠵᠢ ᠭᠡᠷ ᠪᠦᠯᠢ ᠪᠡᠷ ᠨᠢ ᠵᠠᠬᠠᠯᠠᠭᠤᠯᠤᠨ ᠠᠮᠢᠳᠤᠷᠠᠭᠤᠯᠤᠭᠰᠠᠨ ᠢᠶᠠᠷ ᠣᠳᠣ ᠶᠢᠨ ᠵᠠᠬᠠᠴᠢᠨ ᠶᠠᠰᠤᠲᠠᠨ ᠪᠤᠢ ᠪᠣᠯᠤᠭᠰᠠᠨ᠃ ᠥᠭᠡᠷ᠎ᠡ ᠪᠡᠷ ᠬᠡᠯᠡᠪᠡᠯ ᠵᠠᠬᠠᠴᠢᠨ ᠶᠠᠰᠤᠲᠠᠨ ᠨᠢ ᠡᠨᠡ ᠭᠤᠷᠪᠠᠨ ᠶᠠᠰᠤᠲᠠᠨ ᠠᠴᠠ ᠡᠭᠦᠰᠦᠭᠰᠡᠨ᠃

ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠲᠤ ᠬᠠᠷᠢᠠᠯᠠᠭᠳᠠᠬᠤ ᠳᠥᠷᠪᠡᠳ ᠦᠳ ᠡᠴᠡ: НАМ ТӨРИЙН ЗҮТГЭЛТНҮҮД. ᠲᠥᠷᠥ ᠶᠢᠨ ᠲᠡᠷᠢᠭᠦᠨ ᠢᠶᠡᠷ 10 ᠵᠢᠯ᠂ ᠮᠣᠩᠭᠣᠯ ᠤᠯᠤᠰ ᠶᠢᠨ 12 ᠳᠠᠬᠢ ᠶᠡᠷᠦᠩᠬᠡᠢ ᠰᠠᠶᠢᠳ ᠢᠶᠠᠷ 22 ᠵᠢᠯ᠂ ᠮᠣᠩᠭᠣᠯ ᠠᠷᠠᠳ ᠤᠨ ᠬᠤᠪᠢᠰᠬᠠᠯᠲᠤ ᠨᠠᠮ ᠍ ᠤᠨ ᠳᠠᠷᠤᠭ᠎ᠠ ᠪᠠᠷ 44 ᠵᠢᠯ ᠠᠵᠢᠯᠯᠠᠭᠰᠠᠨ ᠤᠯᠤᠰ ᠤᠨ ᠪᠠᠭᠠᠲᠤᠷ᠂ ᠬᠥᠳᠡᠯᠮᠦᠷᠢ ᠶᠢᠨ ᠪᠠᠭᠠᠲᠤᠷ᠂ ᠮᠠᠷᠱᠠᠯ ᠶᠠᠭᠤᠮᠠᠵᠢᠭ᠎ᠠ ᠶᠢᠨ ᠼᠡᠳᠡᠨᠪᠠᠯ᠂ᠠᠷᠠᠳᠴᠢᠯᠠᠯ ᠤᠨ ᠪᠤᠶᠤ 1990 ᠣᠨ ᠠᠴᠠ ᠬᠣᠶᠢᠰᠢ ᠦᠶ᠎ᠡ ᠶᠢᠨ ᠲᠥᠷᠥ ᠶᠢᠨ ᠰᠠᠶᠢᠳ᠎ᠡ᠃ᠪᠢᠮᠪᠠᠵᠠᠪ᠂ ᠽ᠃ᠪᠠᠲᠤᠵᠢᠷᠭᠠᠯ᠂ ᠵ᠃ᠠᠮᠤᠷᠰᠠᠨᠠᠭ᠎ᠠ ᠪᠠᠨ᠂ ᠳ᠃ᠨᠠᠰᠠᠩᠵᠢᠷᠭᠠᠯ᠂ ᠨ᠃ᠪᠠᠶᠠᠷᠳᠡᠰᠠᠶᠢᠬᠠᠨ᠂ ᠴᠤ᠃ᠬᠦᠷᠪᠡᠯᠪᠠᠭᠠᠲᠤᠷ᠂ ᠰ᠃ᠣᠳᠬᠣᠨᠪᠠᠶᠠᠷ᠂ ᠭᠧᠨᠧᠷᠠᠯ': ᠴ᠃ᠨᠠᠩᠰᠠᠯᠵᠢᠪ᠂ ᠪ᠃ᠳᠡᠵᠢᠳ᠂ ᠷ᠃ᠭᠦᠩᠰᠡᠩ᠂ ᠮ᠃ᠬᠦᠷᠡᠯ ᠢᠶᠡᠨ᠂ АКАДЕМИЧ᠂ ШИНЖЛЭХ УХААНЫ ДОКТОР ᠬ᠃ᠴᠡᠷᠪᠡ᠂ ᠳ᠃ᡀᠠᠪᠠ ᠪᠠᠨ (ᠪᠠᠶᠠᠨ-ᠥᠯᠥᠭᠡᠢ᠂ ᠨᠣᠭᠣᠭᠠᠨᠨᠠᠭᠤᠷ) ᠽ᠃ᠣᠮᠪᠣ ᠪᠠᠨ᠂ ᠺ᠃ᠴᠣᠭᠣᠬᠦ᠂ ᠵ᠃ᠴᠤᠭᠳᠠᠨ᠂ ᠮ᠃ᠱᠠᠭᠳᠤᠷᠰᠦ᠋ᠷᠦᠩ᠂ ᠭ᠃ᠰᠢᠷᠢᠨᠡᠨ᠂ ᠪ᠃ᠡᠷᠳᠡᠨᠢᠪᠠᠭᠠᠲᠤᠷ᠂ ᠥ᠃ᠫᠦᠷᠪᠦ᠂᠎ᠠ᠃ᠨᠢᠮ᠎ᠠ ᠪᠠᠨ᠂ ᠪ᠃ᠺᠦᠶᠢᠺᠡ᠂ ᠰ᠃ᠳᠠᠮᠳᠢᠨᠰᠦ᠋ᠷᠦᠩ᠂ ᠬ᠃ᠪᠤᠶᠠᠨ-ᠤᠷᠤᠰᠢᠬᠤ᠂ ᠬ᠃ᠪᠠᠲᠤᠴᠡᠩᠭᠡᠯ᠂ ЭРДЭМТЭН: ᠰ᠃ᠪᠠᠭᠠᠲᠤᠷ᠂ ᠪ᠃ᠪᠠᠯᠭᠠᠩ᠂ ᠪ᠃ᠪᠠᠲᠤᠵᠢᠷᠭᠠᠯ᠂ ᠱ᠃ᠪᠠᠲᠤᠰᠦ᠋ᠬᠡ᠂ ᠳ᠃ᠪᠠᠲᠤ-ᠡᠷᠳᠡᠨᠢ᠂ᠵ᠃ᠪᠠᠶᠠᠨᠰᠠᠩ᠂ ᠭ᠃ᠪᠠᠶᠠᠷᠰᠦ᠋ᠷᠦᠩ᠂ ᠪ᠃ᠪᠢᠨᠢᠶ᠎ᠡ᠂ ᠣ᠃ᠪᠢᠷᠵᠠᠨ᠎ᠠ᠂ ᠬ᠃ᠪᠤᠶᠠᠨᠨᠡᠮᠡᠬᠦ᠂ ᠪ᠃ᠪᠠᠲᠤ-ᠡᠷᠳᠡᠨᠢ᠂᠎ᠠ᠃ᠪᠤᠶᠠᠨᠲᠡᠭᠦᠰ᠂ ᠮ᠃ᠪᠡᠬᠡᠲᠦᠷ᠂ᠳ᠃ᠭᠠᠨᠲᠡᠮᠦᠷ᠂ ᠰ᠃ᠭᠣᠨᠴᠣᠭ᠂ᠪ᠃ᠭᠣᠨᠴᠣᠭᠰᠦ᠋ᠷᠦᠩ᠂ᠴ᠃ᠭᠣᠲᠤᠪ᠂ ᠭ᠃ᠳᠠᠸᠠᠰᠠᠮᠪᠤᠤ᠂ ᠳ᠃ᠳᠠᠸᠠᠰᠠᠮᠪᠤᠤ᠂ ᠴ᠃ᠳᠠᠮᠳᠢᠨᠰᠦ᠋ᠷᠦᠩ᠂ᠴ᠃ᠳᠠᠰᠢ᠂ ᠭ᠃ᠳᠣᠳᠣᠨ᠂ ᠭ᠃ᠳᠣᠯᠣᠭᠠᠷᠰᠦ᠋ᠷᠦᠩ᠂ ᠴ᠃ᠵᠠᠮᠪᠠᠯᠰᠦ᠋ᠷᠦᠩ᠂ ᠳ᠃ᠵᠠᠮᠴᠤ᠂ ᠭ᠃ᠵᠠᠮᠢᠶᠠᠨ᠂ ᠱ᠃ᠵᠤᠮᠳᠠᠩ᠂ᠪ᠃ᠺᠠᠲᠤ᠂᠎ᠠ᠃ᠯᠠᠮᠠᠵᠠᠪ᠂ ᠶᠡ᠃ᠮᠣᠭᠣᠯᠴᠣᠭ᠂ ᠽ᠃ᠮᠥᠩᠬᠡ ᠪᠡᠨ᠂ ᠭ᠃ᠮᠢᠭᠮᠠᠷᠵᠠᠪ᠂ᠴᠤ᠃ᠨᠠᠮᠵᠢᠶ᠎ᠠ᠂ ᠴ᠃ᠨᠠᠩᠵᠠᠳᠠ᠂ ᠮ᠃ᠨᠠᠰᠤᠨᠪᠠᠲ᠂ ᠣ᠃ᠨᠠᠰᠤᠨᠪᠠᠲ᠂ ᠪ᠃ᠨᠠᠰᠠᠩᠵᠢᠷᠭᠠᠯ᠂ ᠳ᠃ᠨᠢᠮᠠᠵᠠᠪ᠂ ᠴ᠃ᠣᠳᠣᠨᠬᠦᠦ (ᠭᠦᠨ ᠤᠬᠠᠭᠠᠨ), ᠣ᠃ᠮᠥᠩᠬᠡᠵᠢᠷᠭᠠᠯ (ᠰᠡᠳᠬᠢᠯ ᠰᠤᠳᠤᠯᠤᠯ ᠤᠨ ᠤᠬᠠᠭᠠᠨ᠂ ᠴ᠃ᠣᠳᠣᠨᠬᠦᠦ ᠶᠢᠨ ᠤᠤᠭᠠᠨ ᠬᠦᠦ), ᠣ᠃ᠮᠥᠩᠬᠡᠰᠠᠶᠢᠬᠠᠨ (ᠬᠠᠤᠯᠢ ᠵᠦᠢ ᠶᠢᠨ ᠤᠬᠠᠭᠠᠨ᠂ ᠴ᠃ᠣᠳᠣᠨᠬᠦᠦ ᠶᠢᠨ ᠪᠠᠭ᠎ᠠ ᠬᠦᠦ), ᠵ᠃ᠣᠺᠲ᠋ᠶᠠᠪᠷᠢ᠂ ᠳ᠃ᠥᠯᠵᠡᠢ-ᠤᠷᠤᠰᠢᠬᠤ (ᠲᠧᠭᠨᠢᠭ ᠦᠨ ᠰᠢᠨᠵᠢᠯᠡᠬᠦ ᠤᠬᠠᠭᠠᠨ), ᠳ᠃ᠥᠯᠵᠡᠶᠢᠪᠠᠶᠠᠷ᠂ᠳ᠃ᠥᠯᠵᠡᠶᠢᠰᠠᠶᠢᠬᠠᠨ᠂ ᠴ᠃ᠫᠦᠨᠰᠠ᠂ ᠳ᠃ᠫᠦᠷᠪᠦ᠂ ᠵ᠃ᠫᠦᠷᠪᠦᠵᠠᠯ᠂ ᠤ᠃ᠷᠠᠭᠴᠠ᠂ ᠳ᠃ᠷᠢᠵᠡᠨ᠂ ᠵ᠃ᠷᠣᠽᠦ᠋ᠩ᠂ᠨ᠃ᠰᠠᠶᠢᠵᠢ ᠪᠠᠨ᠂ ᠲ᠃ᠰᠠᠶᠢᠨᠵᠢᠷᠭᠠᠯ᠂ ᠳ᠃ ᠰᠠᠬᠢᠶ᠎ᠠ᠂ ᠲ᠃ᠲᠣᠶᠢᠪᠢᠭ ᠢᠶᠠᠨ᠂ ᠴᠤ᠃ᠲᠡᠮᠦᠷᠪᠠᠭᠠᠲᠤᠷ᠂ ᠴᠤ᠃ᠲᠦᠮᠡᠨᠳᠡᠯᠭᠡᠷ᠂ ᠳ᠃ᠲᠦᠮᠡᠨᠵᠢᠠᠷᠭᠠᠯ᠂ ᠮ᠃ᠬᠦᠷᠡᠯ ᠢᠶᠡᠨ᠂ ᠲ᠃ᠴᠠᠭᠠᠨᠪᠠᠨ ᠳᠤ᠂ ᠲ᠃ᠴᠡᠪᠡᠭᠮᠡᠳ᠂ ᠽ᠃ᠰᠡᠸᠡᠩ᠂ ᠰ᠃ᠰᠡᠸᠡᠩᠳᠣᠷᠵᠢ᠂ ᠨ᠃ᠰᠡᠷᠡᠩ᠂ ᠴ᠃ᠰᠡᠷᠡᠩ᠂ ᠭ᠃ᠴᠢᠮᠡᠳᠳᠣᠷᠵᠢ᠂ ᠯᠠ᠃ᠴᠣᠶᠢᠪᠠᠯᠰᠠᠩ᠂ ᠯᠠ᠃ᠴᠢᠯᠠᠭᠤᠨᠪᠠᠭᠠᠲᠤᠷ᠂ ᠭ᠃ᠡᠯᠳᠡᠪ-ᠣᠴᠢᠷ᠂ ᠪ᠃ᠡᠷᠳᠡᠨᠢᠰᠦ᠋ᠷᠦᠩ᠂ᠡ᠃ᠵᠠᠩᠴᠠᠨ (ᠬᠣᠪᠳᠣ᠂ ᠳᠥᠷᠦᠭᠡᠨ), ᠭ᠃ᠨᠢᠮᠠᠳᠠᠪᠠ(ᠬᠣᠪᠳᠣ ᠶᠢᠨ ᠵᠠᠰᠠᠭ ᠳᠠᠷᠤᠭ᠎ᠠ), ᠵᠣᠬᠢᠶᠠᠯᠴᠢ ᠨ᠃ᠪᠠᠲᠤᠪᠠᠶᠠᠷ᠂᠎ᠠ᠃ᠳᠠᠸᠠᠰᠠᠮᠪᠤᠤ᠂ ᠳ᠃ᠰᠠᠮᠠᠨ ᠳᠤ᠂ ᠨ᠃ᠫᠦᠷᠪᠴᠣᠭ ᠲᠤ᠂ ЦЭРЭГ, БАТЛАН ХАМГААЛАХ᠃ ᠤᠯᠤᠰ ᠤᠨ ᠪᠠᠭᠠᠲᠤᠷ ᠪ᠃ᠭᠢᠸᠠᠩ᠂ ᠬᠥᠳᠡᠯᠮᠦᠷᠢ ᠶᠢᠨ ᠪᠠᠭᠠᠲᠤᠷ ᠳ᠃ᠪᠠᠲᠤᠰᠠᠭᠤᠷᠢ᠂ ᠴ᠃ᠪᠤᠨᠢᠶ᠎ᠠ᠂ ᠨ᠃ᠪᠤᠶᠠᠨᠵᠢᠷᠭᠠᠯ᠂ ᠴ᠃ᠭᠠᠩᠴᠢᠮᠡᠭ᠂ ᠪ᠃ᠳ᠋ᠢᠰ ᠲᠡᠢ᠂ ᠪ᠃ᠵᠠᠨᠽᠠᠨᠰᠠᠮᠪᠤᠤ᠂ ᠭ᠃ᠲᠡᠭᠰᠢᠵᠠᠪ᠂ ᠰ᠃ᠰᠡᠸᠡᠩ᠂ ᠰ᠃ᠡᠷᠳᠡᠨᠢ᠂ ᠷ᠃ᠫᠦᠷᠪᠦ ᠪᠡᠨ᠂ ШАШИН .ᠭᠠᠨᠳᠠᠩ ᠬᠡᠶᠢᠳ ᠦᠨ ᠲᠡᠷᠢᠭᠦᠨ ᠬᠠᠩᠪᠤ ᠯᠠᠮᠠ᠂ ᠡᠷᠳᠡᠮᠲᠡᠨ ᠬ᠃ᠭᠠᠳᠠᠨ᠂ 'ᠫᠠᠷᠲ᠋ᠢᠽᠠᠨ': ᠲ᠃ᠬᠥᠬᠡ (ᠪᠠᠶᠠᠨ-ᠥᠯᠥᠭᠡᠢ᠂ ᠨᠣᠭᠣᠭᠠᠨᠨᠠᠭᠤᠷ), ᠪ᠃ᠠᠯᠠᠭ᠂ᠪ᠃ᠠᠶᠤᠤᠷ᠂ᠴ᠃ᠠᠶᠤᠱᠢᠵᠠᠪ᠂ ᠱ᠃ᠪᠦᠷᠭᠢᠯᠳᠦᠢ᠂ ᠽ᠃ᠪᠢᠮᠪᠠ-ᠡᠰᠢ᠂ᠳ᠃ᠭᠣᠮᠪᠣᠰᠦ᠋ᠷᠦᠩ᠂ ᠪ᠃ᠷᠠᠪᠳᠠᠨ᠂ ᠪ᠃ᠲᠠᠶᠠ᠂ ᠪ᠃ᠲᠣᠭᠲᠠᠬᠤ᠂ ᠮ᠃ᠴᠤᠯᠳᠠᠭᠠᠨ᠂ ᠪ᠃ᠴᠡᠷᠪᠡ᠂ᠠ᠃ᠱᠠᠭᠳᠤᠷ᠂ ᠦ᠃ᠶᠠᠩᠵᠢᠪ᠂ ᠮᠣᠩᠭᠣᠯ ᠤᠯᠤᠰ ᠤᠨ ᠭᠠᠪᠢᠶᠠᠲᠤ ᠴᠣᠯᠠᠲᠠᠨ: ᠬ᠃ᠯᠡᠭᠷᠡᠪᠡ (ᠪᠠᠶᠠᠨ-ᠥᠯᠥᠭᠡᠢ᠂ ᠨᠣᠭᠣᠭᠠᠨᠨᠠᠭᠤᠷ), ᠮ᠃ᠠᠯᠲᠠᠢ᠂ ᠭ᠃ᠪᠠᠭᠠᠵᠠᠷ᠂ ᠪ᠃ᠪᠠᠳᠮ᠎ᠠ᠂ ᠲ᠃ᠪᠠᠲᠤᠽᠤᠯ᠂ ᠥ᠃ᠨᠠᠷᠠᠨᠭᠡᠷᠡᠯ᠂ᠴ᠃ᠪᠠᠲᠠᠨᠠᠭᠰᠠᠨ᠂ᠶᠣ᠃ᠪᠠᠲᠤ-ᠥᠯᠵᠡᠢ᠂ ᠳ᠃ᠪᠠᠶᠠᠷ ᠢᠶᠠᠨ᠂ ᠭ᠃ᠭᠣᠮᠪᠣᠵᠠᠪ᠂ ᠴ᠃ᠳᠡᠮᠪᠡᠷᠢᠯ᠂ ᠬ᠃ᠵᠢᠷᠭᠠᠯᠰᠠᠶᠢᠬᠠᠨ᠂ ᠯᠠ᠃ᠮᠣᠭᠣᠯᠳᠠᠢ᠂ ᠳ᠃ᠮᠥᠩᠬᠡ ᠪᠡᠨ᠂ ᠪ᠃ᠨᠣᠷᠵᠢᠨ᠂ ᠪ᠃ᠣᠷᠭᠣᠢ᠂ ᠵ᠃ᠣᠴᠢᠷ᠂ ᠳ᠃ᠫᠦᠨᠴᠠᠭ᠂ ᠪ᠃ᠰᠠᠶᠢᠨᠪᠤᠶᠠᠨ᠂ ᠲ᠃ᠰᠣᠨᠣᠮᠫᠡᠯ᠂ ᠪ᠃ᠰᠤᠮᠤᠬᠦᠦ᠂᠎ᠠ᠃ᠲᠠᠶᠠ᠂ ᠪ᠃ᠬᠡᠦᠬᠡ᠂ ᠵ᠃ᠰᠡᠸᠡᠩ᠂᠎ᠡ᠃ᠴᠡᠷᠪᠡ᠂ ᠨ᠃ᠰᠡᠷᠡᠩ᠂ᠭ᠃ᠮᠢᠭᠮᠠᠷᠵᠠᠪ᠂ ᠪ᠃ᠪᠠᠯᠭᠠᠩ᠂ ᠫ᠃ᠪᠠᠲᠤ ᠪᠠᠨ᠂ᠪᠠᠶᠢᠭᠠᠯᠮ᠎ᠠ᠂ᠪ᠃ᠷᠠᠪᠰᠠᠯ(ᠬᠣᠪᠳᠣ᠂ᠳᠥᠷᠦᠭᠡᠨ),ᠴ᠃ᠲᠦᠪᠰᠢᠨᠲᠡᠭᠦᠰ (ᠬᠣᠪᠳᠣ᠂ᠳᠥᠷᠦᠭᠡᠨ), ᠰᠣᠴᠢᠶᠠᠯᠢᠮ ᠤᠨ ᠦᠶ᠎ᠡ ᠶᠢᠨ ᠲᠥᠷᠥ ᠶᠢᠨ ᠰᠠᠶᠢᠳ: ᠥ᠃ᠪᠠᠳᠠᠷᠠᠬᠤᠪ᠃ᠳᠡᠵᠢᠳ᠂ ᠴ᠃ᠨᠠᠩᠰᠠᠯᠵᠢᠪ᠂ ᠷ᠃ᠭᠦᠩᠰᠡᠩ᠂ ᠫ᠃ᠪᠠᠭᠠᠲᠤᠷ᠂ ᠲ᠃ᠮᠠᠰᠢᠯᠠᠢ᠂ ᠴ᠃ᠮᠣᠯᠣᠮ᠂ ᠺ᠃ᠴᠢᠮ᠎ᠡ ᠳᠦ᠂ ᠲᠥᠷᠥ ᠶᠢᠨ ᠱᠠᠩᠨᠠᠯᠲᠤ: ᠵ᠃ᠭᠡᠵᠡᠨ᠂ ᠮ᠃ᠨᠠᠮᠰᠠᠷᠠᠢ᠂ ᠺ᠃ᠴᠠᠭᠠᠨ᠂ ᠳ᠃ᠶᠠᠩᠵᠢᠪ᠂ ᠪ᠃ᠪᠠᠭᠠᠲᠤᠷ᠂ ᠪ᠃ᠪᠠᠯᠭᠠᠩ᠂ ᠴ᠃ᠳᠣᠷᠵᠢ᠂ СПОРТ᠃ ᠵᠢᠦ᠋ᠳᠣ᠋ ᠪᠥᠬᠡ ᠶᠢᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠶᠢᠨ ᠮᠥᠩᠭᠥᠨ ᠮᠧᠳᠠᠯ ᠳᠤ᠂ ᠦᠨᠳᠦᠰᠦᠨ ᠦ ᠪᠥᠬᠡ ᠶᠢᠨ ᠤᠯᠤᠰ ᠤᠨ ᠠᠪᠤᠷᠭᠤ᠂ ᠭᠠᠪᠢᠶᠠᠲᠤ ᠲᠠᠮᠢᠷᠴᠢᠨ ᠣ᠃ᠪᠠᠯᠵᠢᠨᠨᠢᠮ᠎ᠠ᠂ᠤᠯᠤᠰ ᠤᠨ ᠠᠷᠰᠯᠠᠨ ᠮ᠃ᠮᠥᠩᠭᠥᠨ᠂ ᠫ᠃ᠪᠦᠷᠢᠨᠲᠡᠭᠦᠰ᠂ ᠤᠯᠤᠰ ᠤᠨ ᠵᠠᠭᠠᠨ ᠰ᠃ᠰᠦᠬᠡᠪᠠᠭᠠᠲᠤᠷ᠂ ᠤᠯᠤᠰ ᠤᠨ ᠬᠠᠷᠴᠠᠭ᠎ᠠ ᠭ᠃ᠨᠠᠮᠰᠠᠷᠠᠶᠢᠵᠠᠪ᠂ ᠥ᠃ᠪᠠᠲᠤ-ᠤᠷᠤᠰᠢᠬᠤ᠂᠎ᠠ᠃ᠪᠢᠮᠪᠠᠵᠠᠪ᠂ ᠨ᠃ᠪᠠᠲᠤᠰᠠᠭᠤᠷᠢ (ᠭ᠃ᠨᠠᠮᠰᠠᠷᠠᠶᠢᠵᠠᠪ ᠤᠨ ᠬᠦᠦ), ᠤᠯᠤᠰ ᠤᠨ ᠨᠠᠴᠢᠨ ᠵ᠃ᠭᠡᠯᠡᠭ᠂ УРЛАГИЙН САЛБАРТ᠃ ᠠᠯᠳᠠᠷᠲᠤ ᠲᠤᠤᠯᠢᠴᠢ ᠴ᠃ᠵᠣᠳᠣᠪᠠ᠂ ᠭ᠃ᠬᠠᠶᠢᠨᠽᠠᠨ᠂ ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠪᠦᠵᠢᠭᠴᠢᠨ ᠵ᠃ᠯᠡᠭᠵᠢᠮ ᠢᠶᠠᠨ᠂ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠳᠠᠭᠤᠴᠢᠨ ᠰᠠᠮᠠᠨᠳ ᠤᠨ ᠵᠢᠪᠬᠤᠯᠠᠩ , ᠳᠠᠸᠠᠰᠠᠮᠪᠤᠤ᠂ᠯᠠ᠃ᠪᠠᠨᠳᠢᠬᠡᠭᠦ(ᠬᠣᠪᠳᠣ᠂ᠳᠥᠷᠦᠭᠡᠨ), ᠨᠢᠮᠠᠵᠠᠪ᠂ ᠳᠠᠸᠠᠰᠠᠮᠪᠤᠤ᠂ ᠡᠷᠬᠢᠮᠪᠠᠶᠠᠷ᠂ ᠶᠦ᠃ᠪᠠᠲᠤ ᠪᠠᠨ᠂ ᠨᠠᠰᠤᠨᠳᠡᠯᠭᠡᠷ


ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠯᠲᠡ᠂ ᠡᠰᠢ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠮᠣᠩᠭᠣᠯ ᠤᠯᠤᠰ ᠤᠨ ᠬᠦᠮᠦᠨ ᠠᠮᠠ ᠶᠢᠨ 2010 ᠣᠨ ᠤ ᠤᠯᠤᠰ ᠤᠨ ᠲᠣᠭᠠᠯᠠᠯᠭ᠎ᠠ ᠶᠢᠨ ᠳᠦᠩ.
  2. ᠳᠥᠷᠪᠡᠨ (ᠳᠥᠷᠪᠡᠨ) ᠭᠡᠬᠦ ᠭᠠᠭᠴᠠ ᠲᠣᠭᠠᠨ ᠤ ᠦᠭᠡ ᠮᠣᠩᠭᠣᠯ ᠪᠢᠴᠢᠭ ᠦᠨ ᠳᠦᠷᠢᠮ ᠢᠶᠡᠷ ᠰᠡᠭᠦᠯ "ᠨ" ᠍ ᠪᠡᠷ ᠲᠡᠭᠦᠰᠦᠭᠰᠡᠨ ᠤᠴᠢᠷ ᠣᠯᠠᠨ ᠲᠣᠭᠠᠨ ᠤ ᠍ ᠳᠦ ᠳᠠᠭᠠᠪᠤᠷᠢ ᠵᠠᠯᠭᠠᠵᠤ ᠳᠥᠷᠪᠦᠳ (ᠳᠥᠷᠪᠡ ᠳᠦ) ᠭᠡᠬᠦ ᠣᠯᠠᠨ ᠲᠣᠭᠠᠨ ᠤ ᠨᠡᠷ᠎ᠡ ᠡᠭᠦᠰᠴᠡᠢ᠃
  3. 2010 ᠬᠦᠮᠦᠨ ᠠᠮᠠ ᠶᠢᠨ ᠲᠣᠭᠠᠯᠠᠯᠭ᠎ᠠ ᠶᠢᠨ ᠤᠷᠢᠳᠴᠢᠯᠠᠭᠰᠠᠨ ᠳᠦᠩ
  4. ᠣᠷᠣᠰ ᠬᠣᠯᠪᠣᠭᠠᠨ ᠤ ᠤᠯᠤᠰ ᠳᠦ ᠵᠥᠪᠬᠡᠨ ᠬᠠᠯᠢᠮᠠᠭ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠦ ᠵᠥᠪᠬᠡᠨ ᠮᠣᠩᠭᠣᠯ ᠭᠡᠵᠦ ᠪᠦᠷᠢᠳᠬᠡᠳᠡᠭ ᠲᠤᠯᠠ ᠲᠡᠳᠡᠭᠡᠷ ᠦᠨ ᠳᠣᠲᠣᠷ᠎ᠠ ᠬᠡᠳᠦᠢ ᠲᠣᠭᠠᠨ ᠤ ᠳᠥᠷᠪᠡᠳ ᠶᠠᠰᠤᠲᠠᠨ ᠪᠠᠶᠢᠭ᠎ᠠ ᠶᠢ ᠮᠡᠳᠡᠬᠦ ᠲᠥᠪᠡᠭᠲᠡᠢ᠃
  5. Emyr R. E. Pugh ᠍ ᠶᠢᠨ ᠡᠮᠬᠢᠳᠬᠡᠭᠰᠡᠨ ᠬᠠᠨᠵᠤ᠂ ᠮᠣᠩᠭᠣᠯ ᠪᠢᠴᠢᠭ᠂ ᠯᠠᠲ᠋ᠢᠨ ᠭᠠᠯᠢᠭ ᠤᠨ ᠴᠠᠬᠢᠮ ᠡᠬᠡ ᠍ ᠡᠴᠡ ᠭᠠᠯᠢᠭᠯᠠᠪᠠ

ᠪᠢᠴᠢᠭᠡᠰᠦ