ᠳᠥᠷᠪᠡᠯᠵᠢᠨ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠤᠯᠤᠰ ᠍ ᠤᠨ ᠭᠤᠷᠪᠠᠨ ᠵᠠᠭᠤᠨ ᠭᠤᠴᠢᠨ ᠰᠤᠮᠤ ᠶᠢᠨ ᠨᠢᠭᠡ
ᠳᠥᠷᠪᠡᠯᠵᠢᠨ ᠰᠤᠮᠤ
ᠤᠯᠤᠰ ᠣᠷᠣᠨ ᠮᠣᠩᠭᠣᠯ ᠮᠣᠩᠭᠣᠯ (ᠮᠣᠩᠭᠣᠯ ᠤᠯᠤᠰ)
ᠠᠶᠢᠮᠠᠭ Zavchan.gif ᠵᠠᠪᠬᠠᠨ
ᠵᠠᠰᠠᠭ ᠵᠠᠬᠢᠷᠭᠠᠨ ᠤ ᠨᠢᠭᠡᠴᠡ ᠰᠤᠮᠤ
ᠵᠠᠰᠠᠭ ᠵᠠᠬᠢᠷᠭᠠᠨ ᠤ ᠲᠥᠪ ᠪᠤᠭᠤ
ᠨᠤᠲᠤᠭ ᠤᠨ ᠬᠤᠪᠢᠶᠠᠷᠢ 5 ᠪᠠᠭ ᠪᠣᠯᠤᠨ᠎ᠠ
ᠭᠠᠵᠠᠷ ᠨᠤᠲᠤᠭ 7,260 ᠺᠦᠸᠠᠳ᠋ ᠺᠢᠯᠣᠮᠧᠲ᠋ᠷ
ᠬᠦᠮᠦᠨ ᠠᠮᠠ (2010) 1,832 ᠬᠦᠮᠦᠨ
ᠨᠢᠭᠲᠠᠴᠠ ᠰᠡᠶᠢᠷᠡᠭ 0.25 ᠬᠦᠮᠦᠨ/км²
ᠳᠥᠷᠪᠡᠯᠵᠢᠨ ᠰᠤᠮᠤ ᠶᠢᠨ ᠬᠢᠨ
ᠳᠥᠷᠪᠡᠯᠵᠢᠨ ᠦ ᠬᠢᠨ
ᠦᠨᠳᠦᠰᠦᠨ ᠳᠦ ᠪᠡᠨ
ᠮᠣᠩᠭᠣᠯ ᠦᠨᠳᠦᠰᠦᠲᠡᠨ
ᠴᠠᠭ ᠤᠨ ᠪᠥᠰᠡ ᠤᠯᠠᠭᠠᠨᠪᠠᠭᠠᠲᠤᠷ ᠤᠨ ᠴᠠᠭ (GMT+8)

ᠳᠥᠷᠪᠡᠯᠵᠢᠨ ᠨᠢ ᠵᠠᠪᠬᠠᠨ ᠠᠶᠢᠮᠠᠭ ᠤᠨ ᠰᠤᠮᠤ ᠶᠤᠮ᠃

ᠳᠥᠷᠪᠡᠯᠵᠢᠨ ᠰᠤᠮᠤ ᠨᠢ 1931 ᠣᠨ ᠳᠤ ᠲᠡᠷᠡ ᠦᠶ᠎ᠡ ᠶᠢᠨ ᠬᠠᠨᠲᠠᠶᠢᠰᠢᠷᠢ ᠤᠤᠯ ᠤᠨ ᠠᠶᠢᠮᠠᠭ ᠤᠨ ᠰᠡᠴᠡᠨ ᠰᠠᠷ᠎ᠠ ᠳᠤ ᠤᠤᠯ ᠤᠨ ᠬᠣᠰᠢᠭᠤᠨ ᠠᠴᠠ ᠲᠠᠰᠤᠷᠠᠨ ᠵᠠᠪᠬᠠᠨ ᠠᠶᠢᠮᠠᠭ ᠲᠤ ᠬᠠᠷᠢᠶᠠᠯᠠᠭᠳᠠᠨ ᠪᠠᠶᠢᠭᠤᠯᠤᠭᠳᠠᠵᠠᠢ᠃ ᠳᠥᠷᠪᠡᠯᠵᠢᠨ ᠰᠤᠮᠤ ᠶᠢᠨ ᠤᠭ ᠡᠭᠦᠳᠬᠡᠯ ᠪᠣᠯᠬᠤ ᠰᠠᠷᠲᠠᠭᠤᠯ ᠰᠡᠴᠡᠨ ᠸᠠᠩ ᠤᠨ ᠬᠣᠰᠢᠭᠤ ᠨᠢ ᠮᠠᠨᠵᠤ ᠶᠢᠨ ᠡᠷᠬᠡᠰᠢᠶᠡᠯ ᠦᠨ ᠦᠶ᠎ᠡ ᠳᠦ ᠬᠠᠯᠬ᠎ᠠ ᠶᠢᠨ ᠥᠷᠥᠨ᠎ᠡ ᠵᠠᠮ ᠤᠨ ᠵᠦᠩᠭᠠᠷ ᠤᠨ ᠵᠡᠭᠦᠨ ᠡᠲᠡᠭᠡᠳ ᠦᠨ ᠬᠣᠰᠢᠭᠤ᠂ ᠪᠣᠭᠳᠠ ᠬᠠᠭᠠᠨᠲᠤ ᠮᠣᠩᠭᠣᠯ ᠤᠯᠤᠰ ᠤᠨ ᠦᠶ᠎ᠡ ᠳᠦ ᠰᠡᠴᠡᠨ ᠵᠠᠰᠠᠭ ᠤᠨ ᠬᠣᠰᠢᠭᠤ᠂ 1923-1931 ᠣᠨ ᠤ ᠦᠶ᠎ᠡ ᠳᠦ ᠬᠠᠨᠲᠠᠶᠢᠰᠢᠷᠢ ᠤᠤᠯ ᠤᠨ ᠠᠶᠢᠮᠠᠭ ᠤᠨ ᠰᠡᠴᠡᠨ ᠰᠠᠷ᠎ᠠ ᠳᠤ ᠤᠤᠯ ᠤᠨ ᠬᠣᠰᠢᠭᠤ ᠭᠡᠬᠦ ᠵᠡᠷᠭᠡ ᠪᠡᠷ ᠨᠡᠷᠡᠯᠡᠭᠳᠡᠵᠦ ᠪᠠᠶᠢᠭᠰᠠᠨ ᠪᠥᠭᠡᠳ 1931 ᠣᠨ ᠤ ᠵᠠᠰᠠᠭ ᠵᠠᠬᠢᠷᠭᠠᠨ ᠤ ᠶᠡᠬᠡ ᠥᠭᠡᠷᠡᠴᠢᠯᠡᠯᠲᠡ ᠪᠡᠷ ᠰᠡᠴᠡᠨ ᠰᠠᠷ᠎ᠠ ᠳᠤ-ᠤᠤᠯ ᠤᠨ ᠬᠣᠰᠢᠭᠤᠨ ᠤ ᠳᠥᠷᠪᠡᠯᠵᠢᠨ᠂ ᠪᠤᠭᠤᠷᠤᠯ ᠰᠤᠮᠤᠳ ᠢ ᠨᠢᠭᠡᠳᠬᠡᠨ ᠲᠠᠪᠤᠨ ᠲᠣᠯᠣᠭᠠᠢ ᠳᠤ 8 ᠍ ᠶᠢᠨ ᠪᠠᠭ᠂ 265 ᠺᠢᠯᠣᠮᠧᠲ᠋ᠷ ᠨᠤᠲᠤᠭ ᠲᠠᠢ᠂ ᠠᠩᠬᠠᠨ ᠤ ᠬᠣᠷᠰᠢᠶᠠᠨ ᠤ ᠰᠠᠯᠪᠤᠷᠢ ᠨᠢᠭᠡᠲᠡᠢ ᠪᠡᠷ ᠪᠠᠶᠢᠭᠤᠯᠤᠨ ᠰᠤᠮᠤ ᠶᠢᠨ ᠳᠠᠷᠤᠭ᠎ᠠ ᠪᠠᠷ ᠵᠠᠪᠵᠠᠩᠵᠠᠪ (ᠡᠮᠡᠭᠲᠡᠢ) ᠨᠠᠷᠢᠨ ᠪᠢᠴᠢᠭ ᠦᠨ ᠳᠠᠷᠤᠭ᠎ᠠ ᠳᠤ ᠪ᠃ᠳᠣᠪᠣᠴᠢᠨ᠂ ᠪᠢᠴᠢᠭᠡᠴᠢ ᠪᠡᠷ ᠭ᠃ᠳᠣᠪᠣᠴᠢᠨᠵᠠᠰᠤ ᠨᠠᠷ ᠢ ᠰᠣᠩᠭᠣᠵᠠᠢ᠃ ᠡᠨᠡ ᠦᠶ᠎ᠡ ᠳᠦ ᠰᠤᠮᠤ ᠨᠢ 8 ᠍ ᠶᠢᠨ ᠪᠠᠭ᠂ 500 ᠰᠢᠬᠠᠮ ᠡᠷᠦᠬᠡ᠂ 1500 ᠣᠷᠴᠢᠮ ᠬᠦᠮᠦᠨ ᠠᠮᠠ᠂ 60 ᠍ ᠊ᠭᠠᠳ ᠮᠢᠩᠭᠠᠨ ᠮᠠᠯ ᠲᠠᠢ ᠪᠠᠶᠢᠪᠠ᠃

ᠠᠭᠤᠷ ᠠᠮᠢᠰᠬᠤᠯ ᠤᠨ ᠬᠤᠪᠢ ᠳᠤ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ᠂ ᠡᠪᠦᠯ ᠦᠨ ᠤᠯᠠᠷᠢᠯ ᠳᠤ ᠳᠤᠮᠳᠠᠴᠢ ᠪᠠᠷ 35-40 ᠬᠡᠮ ᠬᠦᠢᠲᠡᠨ᠂ ᠵᠤᠨ ᠤ ᠤᠯᠠᠷᠢᠯ ᠳᠤ ᠳᠤᠮᠳᠠᠴᠢ ᠪᠠᠷ 30-35 ᠬᠡᠮ ᠳᠤᠯᠠᠭᠠᠨ᠂ ᠶᠡᠬᠡᠪᠴᠢᠯᠡᠨ ᠬᠠᠭᠤᠷᠠᠢ ᠠᠭᠤᠷ ᠠᠮᠢᠰᠬᠤᠯ ᠲᠠᠢ᠂ ᠵᠢᠯ ᠳᠤ ᠤᠨᠠᠬᠤ ᠬᠤᠷ᠎ᠠ ᠲᠤᠨᠤᠳᠠᠰᠤ ᠶᠢᠨ ᠬᠡᠮᠵᠢᠶ᠎ᠡ ᠳᠤᠮᠳᠠᠴᠢ ᠪᠠᠷ 38,1 ᠮᠢᠯᠯᠢᠮᠧᠲ᠋ᠷ᠃ ᠲᠤᠰ ᠰᠤᠮᠤ ᠶᠢᠨ ᠨᠤᠲᠤᠭ ᠲᠤ ᠳᠠᠭᠠᠨ ᠳᠡᠯ᠂ ᠱᠡᠦ ᠳᠦ᠂ ᠠᠷᠭᠠᠯ ᠤᠨ ᠠᠷᠤ᠂ ᠪᠦᠷᠴᠢᠭᠲᠡᠢ᠂ ᠶᠡᠬᠡ ᠪᠠᠭ᠎ᠠ ᠪᠤᠭᠤᠷᠤᠯ᠂ ᠲᠠᠯ᠎ᠠ ᠶᠢᠨ ᠬᠠᠷ᠎ᠠ᠂ ᠬᠠᠩᠭᠠᠢ ᠠᠭᠤᠯᠠ᠂ ᠪᠠᠶᠠᠨ ᠠᠶᠢᠷᠠᠭ᠂ ᠪᠠᠶᠠᠨ ᠤᠯᠠᠭᠠᠨ᠂ ᠵᠦᠢᠷ᠂ ᠪᠤᠭᠤ ᠵᠡᠷᠭᠡ ᠠᠭᠤᠯᠠ ᠲᠣᠯᠣᠭᠠᠳ᠂ ᠬᠣᠮ᠂ ᠰᠠᠷ᠎ᠠ ᠶᠢᠨ ᠲᠠᠯ᠎ᠠ ᠭᠡᠰᠡᠨ ᠥᠷᠭᠡᠨ ᠬᠥᠨᠳᠡᠢ᠂ ᠵᠠᠪᠬᠠᠨ ᠭᠣᠣᠯ᠂ ᠬᠠᠷ᠎ᠠ ᠨᠠᠭᠤᠷ᠂ ᠳᠥᠷᠦᠭᠡᠨ ᠨᠠᠭᠤᠷ᠂ ᠪᠠᠭ᠎ᠠ ᠨᠠᠭᠤᠷ ᠵᠡᠷᠭᠡ ᠨᠠᠭᠤᠷ ᠴᠥᠭᠦᠷᠦᠮ᠂ ᠬᠠᠷ᠎ᠠ ᠤᠰᠤ᠂ ᠰᠢᠷ᠎ᠠ ᠪᠤᠯᠠᠭ᠂ ᠴᠠᠭᠠᠨ ᠤᠰᠤ᠂ ᠰᠠᠨ᠂ ᠪᠠᠭ᠎ᠠ ᠨᠠᠭᠤᠷ ᠵᠡᠷᠭᠡ ᠪᠤᠯᠠᠭ ᠱᠠᠩᠳᠠ᠂ ᠰᠤᠯᠢ᠂ ᠲᠦᠩᠭᠡ᠂ ᠰᠢᠪᠠᠭ᠂ ᠬᠥᠮᠡᠯᠢ᠂ ᠲᠠᠭᠠᠨ᠎ᠠ᠂ ᠪᠠᠭᠯᠠᠭᠤᠷ᠂ ᠪᠤᠳᠤᠷᠭᠠᠨ᠎ᠠ᠂ ᠴᠠᠭᠠᠨ ᠡᠪᠡᠰᠦ᠂ ᠬᠠᠮᠬᠤᠤᠯ᠂ ᠴᠠᠬᠢᠯᠳᠠᠭ᠂ ᠬᠠᠷᠭᠠᠨ᠎ᠠ᠂ ᠠᠭᠢ᠂ ᠭᠣᠭᠣᠳ᠂ ᠭᠣᠨᠢ ᠳᠤ᠂ ᠳᠡᠭᠲᠦ᠂ ᠰᠢᠬᠢᠷ ᠡᠪᠡᠰᠦ᠂ ᠭᠣᠶᠣᠣᠬᠣᠢ᠂ ᠲᠠᠷᠪᠠᠭᠠᠨ ᠰᠢᠭᠢᠷ᠎ᠠ᠂ ᠲᠡᠮᠡᠭᠡᠨ ᠬᠥᠬᠡ᠂ ᠰᠤᠯᠢ᠂ ᠰᠤᠯᠢᠬᠢᠷ᠂ ᠬᠠᠷᠮᠠᠭ ᠴᠢᠴᠠᠷᠭᠠᠨ᠎ᠠ᠂ ᠪᠠᠷᠤᠭᠱᠤᠨ ᠵᠡᠷᠭᠡ ᠡᠪᠡᠰᠦ ᠤᠷᠭᠤᠮᠠᠯ᠂ ᠦᠨᠡᠭᠡ᠂ ᠲᠠᠤᠯᠠᠢ᠂ ᠮᠠᠨᠤᠤᠯ᠂ ᠥᠮᠥᠬᠡᠢ ᠬᠦᠷᠡᠩ᠂ ᠶᠠᠩᠭᠢᠷ᠂ ᠴᠠᠭᠠᠨ ᠵᠡᠭᠡᠷ᠎ᠡ᠂ ᠬᠠᠷ᠎ᠠ ᠰᠡᠭᠦᠯᠲᠦ᠂ ᠵᠡᠭᠡᠰᠦᠨ ᠦ ᠭᠠᠬᠠᠢ᠂ ᠠᠷᠭᠠᠯᠢ᠂ ᠣᠨᠳᠠᠲ᠋ᠣᠷ᠂ ᠰᠤᠤᠰᠠᠷ᠂ ᠶᠣᠯᠣ᠂ ᠬᠣᠶᠢᠯᠣᠭ᠂ ᠲᠣᠭᠣᠳᠠᠭ᠂ ᠲᠣᠭᠣᠷᠤᠤ᠂ ᠲᠠᠰ᠂ ᠦᠷᠪᠢᠲᠠᠰ᠂ ᠬᠤᠨ᠂ ᠬᠣᠲᠣᠩ ᠵᠡᠷᠭᠡ ᠠᠨ ᠠᠮᠢᠲᠠᠳ ᠲᠠᠢ᠃ ᠪᠠᠶᠢᠭᠠᠯᠢ ᠶᠢᠨ ᠦᠵᠡᠰᠬᠦᠯᠡᠩᠲᠦ ᠵᠦᠷ ᠦᠨ ᠰᠡᠨᠵᠢᠲᠦ ᠬᠠᠳᠠ᠂ ᠳᠥᠰᠢ ᠣᠪᠣᠭ᠎ᠠ᠂ ᠲᠠᠶᠢᠬᠤ ᠬᠠᠩᠭᠠᠢ ᠠᠭᠤᠯᠠ᠂ ᠨᠤᠮᠤᠲᠤ ᠶᠢᠨ ᠭᠠᠭᠴᠠ ᠪᠤᠶᠢᠯᠠ ᠠᠴᠠ᠂ ᠰᠠᠷ᠎ᠠ ᠬᠠᠶᠢᠷᠬᠠᠨ ᠠᠭᠤᠯᠠ᠂ ᠴᠢᠨᠳᠠᠮᠠᠨ᠎ᠠ ᠲᠣᠯᠣᠭᠠᠢ᠂ ᠪᠤᠭᠤᠷᠤᠯ ᠤᠨ ᠴᠠᠭᠠᠨ ᠣᠪᠣᠭ᠎ᠠ᠂ ᠮᠣᠭᠠᠢ ᠶᠢᠨ ᠬᠡᠪᠲᠡᠷᠢ ᠴᠢᠯᠠᠭᠤ᠂ ᠳᠥᠷᠪᠡᠯᠵᠢᠩ ᠦᠨ ᠰᠢᠷ᠎ᠠ ᠬᠠᠳᠠᠨ ᠤ ᠬᠣᠩᠭᠢᠯ᠂ ᠮᠥᠩᠭᠥ ᠳᠦ ᠬᠢᠰᠤᠭ᠎ᠠ᠂ ᠠᠯᠲᠠᠨ ᠮᠠᠩᠬ᠎ᠠ᠂ ᠳᠠᠭᠤᠲᠤ ᠮᠠᠩᠬ᠎ᠠ ᠵᠡᠷᠭᠡ ᠭᠠᠵᠠᠷ ᠲᠡᠦᠬᠡ ᠶᠢᠨ ᠳᠤᠷᠠᠰᠬᠠᠯᠲᠤ ᠳᠠᠰᠢᠳᠣᠨᠳᠣᠪ ᠤᠨ ᠣᠪᠣᠭᠠᠨ ᠤ ᠴᠣᠭᠴᠠᠯᠠᠪᠤᠷᠢ ᠳᠤᠷᠠᠰᠬᠠᠯ᠂ ᠰᠠᠷ᠎ᠠ ᠬᠠᠶᠢᠷᠬᠠᠨ ᠠᠭᠤᠯᠠ ᠶᠢᠨ ᠳᠤᠷᠠᠰᠬᠠᠯ᠂ ᠳᠠᠭᠠᠨ ᠳᠡᠯ ᠠᠭᠤᠯᠠ ᠶᠢᠨ ᠪᠤᠭᠤᠨ ᠬᠥᠰᠢᠶ᠎ᠡ᠂ ᠡᠮᠡᠭᠡᠯᠲᠦ ᠶᠢᠨ ᠬᠠᠳᠠᠨ ᠤ ᠵᠢᠷᠤᠭ᠂ ᠶᠡᠬᠡ ᠮᠠᠨᠢᠲᠤ ᠶᠢᠨ ᠬᠠᠳᠠᠨ ᠤ ᠵᠢᠷᠤᠭ᠂ ᠶᠡᠬᠡ ᠪᠤᠭᠤᠷᠤᠯ ᠤᠨ ᠬᠤᠳᠳᠤᠭ ᠤᠨ ᠠᠮᠠᠨ ᠤ ᠬᠠᠳᠠᠨ ᠤ ᠵᠢᠷᠤᠭ᠂ ᠣᠯᠠᠨ ᠶᠡᠨᠳᠡᠷᠲᠦ ᠶᠢᠨ ᠬᠠᠳᠠᠨ ᠤ ᠵᠢᠷᠤᠭ᠂ ᠰᠤᠯᠢᠲᠤ ᠶᠢᠨ ᠬᠢᠷᠢᠭᠰᠦᠭᠦᠷ ᠦᠳ᠂ ᠪᠤᠭᠤ ᠬᠠᠶᠢᠷᠬᠠᠨ ᠤ ᠴᠣᠭᠴᠠᠯᠠᠪᠤᠷᠢ ᠳᠤᠷᠠᠰᠬᠠᠯ᠂ ᠲᠠᠤᠯᠠᠶᠢᠲᠤ ᠶᠢᠨ ᠤᠯᠠᠭᠠᠨ ᠬᠠᠳᠠᠨ ᠤ ᠵᠢᠷᠤᠭ᠂ ᠵᠦᠷ ᠦᠨ ᠬᠠᠳᠠᠨ ᠤ ᠵᠢᠷᠤᠭ᠂ ᠤᠯᠠᠭᠠᠨ ᠣᠪᠣᠭᠠᠨ ᠤ ᠳᠣᠣᠷ᠎ᠠ ᠤᠷᠤᠰᠢᠬᠤ ᠪᠤᠭᠤᠨ ᠬᠥᠰᠢᠶ᠎ᠡ᠂ ᠴᠠᠭᠠᠨ ᠵᠠᠮ ᠤᠨ ᠪᠤᠭᠤᠨ ᠬᠥᠰᠢᠶ᠎ᠡ᠂ ᠣᠯᠠᠨ ᠣᠪᠣᠭᠠᠨ ᠤ ᠪᠤᠭᠤᠨ ᠬᠥᠰᠢᠶ᠎ᠡ᠂ ᠪᠠᠶᠠᠨ ᠠᠶᠢᠷᠠᠭ ᠠᠭᠤᠯᠠ ᠶᠢᠨ ᠬᠠᠳᠠᠨ ᠤ ᠵᠢᠷᠤᠭ᠂ ᠰᠢᠷ᠎ᠠ ᠬᠠᠳᠠᠨ ᠤ ᠡᠩᠭᠡᠷ ᠦᠨ ᠬᠦᠮᠦᠨ ᠴᠢᠯᠠᠭᠤᠨ ᠬᠥᠰᠢᠶ᠎ᠡ᠂ ᠪᠠᠭ᠎ᠠ ᠪᠤᠭᠤᠷᠤᠯ ᠤᠨ ᠲᠦᠰᠢᠮᠡᠯ ᠦᠨ ᠡᠪᠦᠯᠵᠢᠶᠡᠨ ᠦ ᠬᠠᠳᠠᠨ ᠤ ᠵᠢᠷᠤᠭ᠂ ᠪᠤᠭᠤᠷᠤᠯ ᠠᠭᠤᠯᠠ ᠶᠢᠨ ᠵᠡᠭᠦᠨ ᠲᠠᠯ᠎ᠠ ᠳᠤ ᠤᠷᠤᠰᠢᠬᠤ ᠡᠷᠲᠡᠨ ᠦ ᠬᠣᠲᠠ ᠶᠢᠨ ᠲᠤᠭᠤᠷᠢ᠂ ᠴᠠᠭᠠᠨ ᠣᠯᠣᠮ ᠤᠨ ᠮᠠᠨᠵᠤ ᠴᠡᠷᠢᠭ ᠦᠨ ᠰᠠᠭᠤᠷᠢᠩ ᠦᠨ ᠲᠤᠷ᠎ᠠ᠂ ᠵᠦᠷ ᠦᠨ ᠪᠢᠴᠢᠭ ᠲᠦ ᠬᠥᠰᠢᠶ᠎ᠡ᠂ ᠣᠯᠠᠨ ᠣᠪᠣᠭᠠᠨ ᠤ ᠠᠷᠤ ᠶᠢᠨ ᠬᠦᠮᠦᠨ ᠴᠢᠯᠠᠭᠤᠨ ᠬᠥᠰᠢᠶ᠎ᠡ᠂ ᠪᠦᠳᠦᠭᠦᠨ ᠴᠠᠭᠠᠨ ᠤ ᠬᠠᠳᠠᠨ ᠤ ᠵᠢᠷᠤᠭ ᠵᠡᠷᠭᠡ ᠳᠤᠷᠠᠰᠬᠠᠯ ᠤᠳ ᠢ ᠥᠭᠥᠯᠡᠬᠦ ᠦᠭᠡᠢ ᠪᠠᠶᠢᠬᠤ ᠶᠢᠨ ᠠᠷᠭ᠎ᠠ ᠦᠭᠡᠢ᠃ ᠪᠠᠶᠢᠭᠠᠯᠢ ᠶᠢᠨ ᠡᠨᠡᠬᠦ ᠪᠥᠰᠡ ᠨᠤᠲᠤᠭ ᠲᠤ ᠠᠩᠬᠠᠨ ᠠᠴᠠ ᠪᠠᠨ МАА ᠦᠢᠯᠡᠳᠪᠦᠷᠢᠯᠡᠯ ᠬᠥᠭᠵᠢᠵᠦ ᠡᠬᠢᠯᠡᠭᠰᠡᠨ ᠪᠠᠶᠢᠨ᠎ᠠ᠃

1932-1950 ᠍ ᠊ᠭᠠᠳ ᠣᠨ ᠤ ᠳᠤᠮᠳᠠ ᠦᠶ᠎ᠡ ᠬᠦᠷᠲᠡᠯ᠎ᠡ ᠲᠤᠰ ᠰᠤᠮᠤ ᠶᠢᠨ ᠬᠦᠮᠦᠨ ᠠᠷᠠᠳ ᠭᠣᠣᠯ ᠲᠥᠯᠥᠪ МАА ᠡᠷᠬᠢᠯᠡᠨ ᠠᠷᠠᠳ ᠤᠨ ᠠᠵᠤ ᠠᠬᠤᠶᠢᠲᠠᠨ ᠤ ᠪᠠᠶᠢᠳᠠᠯ ᠢᠶᠠᠷ ᠣᠷᠣᠰᠢᠨ ᠠᠮᠢᠳᠤᠷᠠᠵᠤ ᠪᠠᠶᠢᠭᠰᠠᠨ ᠪᠥᠭᠡᠳ ᠡᠨᠡ ᠦᠶ᠎ᠡ ᠳᠦ ᠮᠠᠯ ᠰᠦᠷᠦᠭ ᠢᠶᠡᠨ ᠲᠠᠪᠤᠨ ᠲᠥᠷᠥᠯ ᠳᠡᠭᠡᠷ᠎ᠡ ᠨᠢ ᠥᠰᠬᠡᠨ ᠮᠢᠩᠭ᠎ᠠ ᠭᠠᠷᠭᠠᠨ ᠲᠣᠭᠠᠯᠠᠭᠤᠯᠵᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠶᠢᠨ ᠰᠠᠶᠢᠨ ᠮᠠᠯᠴᠢᠨ ᠤ ᠪᠣᠯᠵᠣᠯ ᠬᠠᠩᠭᠠᠵᠤ ᠪᠠᠶᠢᠭᠰᠠᠨ ᠪ᠃ᠳᠣᠷᠯᠢᠭ᠂ ᠳ᠃ᠳᠠᠷᠤᠮ᠎ᠠ᠂ ᠭ᠃ᠳ᠋ᠠᠭᠪᠠ ᠪᠠᠨ᠂ ᠭ᠃ᠳ᠋ᠠᠭᠪᠠ᠂᠎ᠠ᠃ᠴᠢᠯᠬᠠᠵᠠᠪ᠂᠎ᠡ᠃ᠪᠤᠷᠢᠨ ᠢᠶᠠᠨ᠂ ᠳ᠃ᠮᠠᠭᠰᠤᠷᠵᠠᠪ᠂ ᠮ᠃ᠢᠰᠢᠵᠠᠮᠼᠤ᠂ ᠬ᠃ᠬᠡᠦᠬᠡᠨ᠂ ᠣ᠃ᠴᠡᠨᠳᠠᠰᠦ᠋ᠷᠦᠩ ᠨᠠᠷ ᠤᠨ ᠮᠠᠯᠴᠢᠳ ᠲᠥᠷᠥᠨ ᠭᠠᠷᠴᠠᠢ᠃

1950 ᠍ ᠊ᠭᠠᠳ ᠣᠨ ᠤ ᠳᠤᠮᠳᠠ ᠦᠶ᠎ᠡ ᠳᠦ ᠥᠷᠨᠢᠭᠰᠡᠨ ᠨᠢᠭᠡᠳᠦᠯᠵᠢᠬᠦ ᠬᠥᠳᠡᠯᠭᠡᠭᠡᠨ ᠳᠥᠷᠪᠡᠯᠵᠢᠨ ᠰᠤᠮᠤ ᠶᠢ ᠲᠣᠭᠣᠷᠢᠨ ᠥᠩᠭᠡᠷᠡᠭᠰᠡᠨ ᠦᠭᠡᠢ᠂ 1955 ᠣᠨ ᠤ IV ᠰᠠᠷ᠎ᠠ ᠶᠢᠨ 24 ᠍ ᠳᠦ ᠲᠡᠷᠡ ᠦᠶ᠎ᠡ ᠳᠦ ᠰᠤᠮᠤ ᠶᠢᠨ ᠲᠥᠪ ᠪᠠᠶᠢᠭᠰᠠᠨ ᠲᠠᠪᠤᠨ ᠲᠣᠯᠣᠭᠠᠢ ᠳᠤ III, V, VI ᠪᠠᠭ ᠤᠨ ᠤ᠃ᠰᠠᠨᠵᠢᠮᠢᠮᠠᠳᠪᠠ᠂ ᠳ᠃ᠮᠠᠭᠰᠠᠷ᠂ ᠶᠦᠩᠷᠦᠨ᠂ ᠰ᠃ᠵᠤᠨᠠᠷᠤᠢ᠂ ᠳᠣ᠋.ᠳᠠᠸᠠᠰᠦ᠋ᠷᠦᠩ᠂ ᠨ᠃ᠰᠡᠷᠡᠲᠦᠷ᠂ ᠴᠤ᠃ᠰᠣᠳᠨᠠᠮᠳᠠᠷᠵᠢᠶ᠎ᠠ᠂ ᠭᠢ᠃ᠱᠠᠭᠳᠤᠷ᠂ ᠴ᠃ᠪᠤᠨᠢᠰᠢᠷ᠂ ᠲ᠃ᠰᠤᠮᠢᠶ᠎ᠠ᠂ ᠴᠤ᠃ᠠᠶᠤᠤᠷ᠂ ᠴ᠃ᠪᠠᠶᠠᠷᠲᠣᠭᠲᠠᠬᠤ᠂ ᠴᠤ᠃ᠪᠢᠮᠪᠠᠵᠠᠪ ᠨᠠᠷ ᠤᠨ 24 ᠍ ᠦᠨ ᠡᠷᠦᠬᠡ ᠶᠢᠨ 67 ᠍ ᠶᠢᠨ ᠬᠦᠮᠦᠨ ᠬᠤᠷᠠᠯᠳᠤᠨ 2258 ᠲᠣᠯᠣᠭᠠᠢ ᠮᠠᠯ᠂ 9 ᠍ ᠶᠢᠨ ᠲᠡᠮᠡᠭᠡᠨ ᠦ ᠬᠣᠮ᠂ 465 ᠲᠥᠭᠦᠷᠢᠭᠡᠨ ᠦ ᠦᠨᠳᠦᠰᠦᠨ ᠬᠥᠷᠥᠩᠭᠡ ᠪᠦᠬᠦᠢ 《II ᠲᠠᠪᠤᠨ ᠵᠢᠯ》 ᠬᠡᠮᠡᠬᠦ ᠨᠢᠭᠡᠳᠦᠯ ᠢ ᠪᠠᠶᠢᠭᠤᠯᠤᠨ ᠳᠠᠷᠤᠭ᠎ᠠ ᠪᠠᠷ ᠳ᠃ᠮᠠᠭᠰᠠᠷ ᠢ ᠰᠣᠩᠭᠣᠭᠰᠠᠨ ᠪᠠᠶᠢᠨ᠎ᠠ᠃ ᠮᠥᠨ 1956 ᠣᠨ ᠤ IV ᠰᠠᠷ᠎ᠠ ᠳᠤ II, VI, VII ᠪᠠᠭ ᠤᠨ ᠪ᠃ᠳᠣᠪᠣᠴᠢᠨ᠂ ᠳ᠃ᠸᠠᠩᠴᠢᠨ-ᠣᠴᠢᠷ᠂ ᠵ᠃ᠷᠠᠬᠠᠨᠵᠠᠪ᠂ ᠪ᠃ᠨᠠᠴᠤᠭ᠂ ᠳ᠃ᠨᠣᠷᠵᠣᠩ᠂ ᠭ᠃ᠱᠠᠭᠳᠤᠷ᠂ ᠬ᠃ᠰᠢᠷᠬᠡᠦ᠂ ᠳ᠃ᠱᠦᠷᠬᠡᠦ᠂ ᠣ᠃ᠨᠠᠴᠤᠭ᠂ ᠳ᠃ᠣᠶᠢᠳᠣᠪ᠂ ᠴ᠃ᠨᠢᠮᠠᠵᠠᠪ᠂ ᠳ᠃ᠳᠣᠩᠷᠣᠪ᠂ ᠳ᠃ᠰᠡᠷᠡᠩᠪᠠᠲ ᠨᠠᠷ ᠤᠨ 28 ᠍ ᠶᠢᠨ ᠡᠷᠦᠬᠡ ᠶᠢᠨ 62 ᠬᠦᠮᠦᠨ ᠬᠤᠷᠠᠯᠳᠤᠨ 《ᠳᠠᠪᠰᠢᠯᠲᠠ》 ᠬᠡᠮᠡᠬᠦ ᠨᠢᠭᠡᠳᠦᠯ ᠢ ᠪᠠᠶᠢᠭᠤᠯᠤᠨ ᠳᠠᠷᠤᠭ᠎ᠠ ᠪᠠᠷ ᠪ᠃ᠳᠣᠪᠣᠴᠢᠨ ᠢ ᠰᠣᠩᠭᠣᠭᠰᠠᠨ ᠪᠠᠶᠢᠨ᠎ᠠ᠃ ᠤᠯᠠᠮ ᠢᠶᠠᠷ 1958 ᠣᠨ ᠤ ᠡᠴᠦᠰ ᠲᠦ ᠡᠨᠡᠬᠦ 2 ᠨᠢᠭᠡᠳᠦᠯ ᠨᠢᠭᠡᠳᠦᠨ ᠤᠤᠭᠠᠨ ᠨᠢᠭᠡᠳᠦᠯ 《II ᠲᠠᠪᠤᠨ ᠵᠢᠯ》 ᠨᠢᠭᠡᠳᠦᠯ ᠦᠨ ᠨᠡᠷ᠎ᠡ ᠪᠡᠷ ᠨᠡᠷᠡᠯᠡᠭᠳᠡᠨ ᠲᠥᠯᠥᠪᠰᠢᠨ ᠲᠣᠭᠲᠠᠵᠠᠢ᠃

1965 ᠣᠨ ᠳᠤ ᠰᠤᠮᠤ ᠶᠢᠨ ᠲᠥᠪ ᠲᠠᠪᠠᠨ ᠲᠣᠯᠣᠭᠠᠢ ᠠᠴᠠ ᠣᠳᠣ ᠶᠢᠨ ᠪᠠᠶᠢᠭ᠎ᠠ ᠬᠠᠨᠳᠠ ᠶᠢᠨ ᠡᠷᠭᠢ ᠳᠦ ᠲᠥᠪᠯᠡᠷᠡᠨ ᠮᠥᠨ ᠣᠨ ᠳᠤ ᠠᠯᠳᠠᠷᠬᠠᠭᠠᠨ ᠰᠤᠮᠤ ᠶᠢᠨ 《ᠫᠠᠷᠲ᠋ᠢᠽᠠᠨ ᠴᠣᠶᠢᠪᠠᠯᠰᠠᠩ》 ᠨᠢᠭᠡᠳᠦᠯ ᠦᠨ ᠴᠣᠭᠲᠤ ᠪᠠᠷᠢᠭᠠᠳᠠ ᠶᠢᠨ 107 ᠍ ᠦᠨ ᠡᠷᠦᠬᠡ᠂ 552 ᠬᠦᠮᠦᠨ ᠠᠮᠠ᠂ 23558 ᠲᠣᠯᠣᠭᠠᠢ ᠮᠠᠯ ᠰᠢᠯᠵᠢᠨ ᠢᠷᠡᠭᠰᠡᠨ ᠪᠠᠶᠢᠨ᠎ᠠ᠃ 1990 ᠍ ᠊ᠭᠡᠳ ᠣᠨ ᠤ ᠡᠬᠢᠨ ᠦᠶ᠎ᠡ ᠭᠡᠬᠦ ᠳᠦ ᠲᠤᠰ ᠨᠢᠭᠡᠳᠦᠯ ᠨᠢ МАА ᠍ ᠶᠢᠨ 4, ᠲᠤᠰᠯᠠᠬᠤ ᠦᠢᠯᠡᠳᠪᠦᠷᠢ ᠶᠢᠨ 1 ᠪᠠᠷᠢᠭᠠᠳᠠ ᠲᠠᠢ 900 ᠭᠠᠷᠤᠨ ᠭᠡᠰᠢᠭᠦᠨ᠂ 20 ᠭᠠᠷᠤᠢ ᠰᠠᠶ᠎ᠠ ᠲᠥᠭᠦᠷᠢᠭᠡᠨ ᠦ ᠦᠨᠳᠦᠰᠦᠨ ᠬᠥᠷᠥᠩᠭᠡ᠂ 7 ᠍ ᠶᠢᠨ ᠰᠠᠶ᠋ᠢ ᠲᠥᠭᠦᠷᠢᠭᠡᠨ ᠦ ᠮᠥᠩᠭᠥᠨ ᠣᠷᠣᠯᠭ᠎ᠠ ᠪᠦᠬᠦᠢ᠂ 340 ᠍ ᠦᠨ ᠡᠷᠦᠬᠡ ᠶᠢᠨ 1538 ᠍ ᠦᠨ ᠬᠦᠮᠦᠨ ᠠᠮᠠ᠂ 91688 ᠲᠣᠯᠣᠭᠠᠢ ᠮᠠᠯ ᠲᠠᠢ᠂ ᠲᠡᠮᠡᠭᠡ᠂ ᠢᠮᠠᠭᠠᠨ ᠤ ᠪᠠᠨ ᠲᠣᠭ᠎ᠠ ᠪᠠᠷ ᠠᠶᠢᠮᠠᠭ ᠲᠤ ᠪᠠᠨ ᠲᠡᠷᠢᠭᠦᠯᠡᠳᠡᠭ᠂ ᠮᠥᠨ ᠬᠦᠮᠦᠨ ᠠᠮᠠ ᠶᠢᠨ ᠡᠷᠢᠯᠲᠡ ᠬᠡᠷᠡᠭᠴᠡᠭᠡᠨ ᠳᠦ ᠨᠡᠶᠢᠴᠡᠭᠦᠯᠦᠨ 15 ᠭᠠ ᠲᠠᠯᠠᠪᠠᠢ ᠳᠤ ᠲᠥᠮᠥᠰᠥ ᠬᠦᠨᠡᠰᠦᠨ ᠦ ᠨᠣᠭᠣᠭ᠎ᠠ ᠲᠠᠷᠢᠭᠤᠯᠵᠤ ᠪᠠᠶᠢᠭᠰᠠᠨ ᠤ ᠳᠡᠭᠡᠷ᠎ᠡ ᠲᠠᠬᠢᠶ᠎ᠠ᠂ ᠭᠠᠬᠠᠶᠢᠨ ᠤ ᠹᠧᠷᠮ᠂ ᠰᠢᠬᠢᠷ᠂ ᠤᠮᠳᠠᠭ᠎ᠠ᠂ ᠲᠠᠯᠬ᠎ᠠ᠂ ᠮᠤᠵᠢᠶᠠᠩ᠂ ᠬᠡ ᠪᠤᠳᠤᠭ ᠤᠨ ᠼᠧᠬᠡ᠂ ᠬᠠᠯᠠᠭᠤᠨ ᠤᠰᠤ᠂ ᠠᠭᠤᠷ ᠤᠨ ᠨᠢᠭᠡᠳᠦᠭᠰᠡᠨ ᠬᠠᠯᠠᠭᠠᠯᠲᠠ᠂ ᠴᠠᠬᠢᠯᠭᠠᠨ ᠬᠠᠩᠭᠠᠮᠵᠢ ᠠᠵᠢᠯᠠᠭᠤᠯᠤᠭᠰᠠᠨ ᠲᠣᠬᠢᠯᠢᠭ ᠰᠠᠭᠤᠷᠢᠨ ᠪᠣᠯᠤᠨ ᠲᠣᠬᠢᠵᠢᠭ᠌ᠰᠠᠨ ᠪᠠᠶᠢᠪᠠ᠃ ᠮᠥᠩᠬᠦᠦ ᠨᠢᠭᠡᠳᠦᠯ 1972 ᠣᠨ ᠳᠤ ᠠᠵᠢᠯ ᠢᠶᠠᠷ ᠢᠶᠠᠨ ᠠᠶᠢᠮᠠᠭ ᠲᠤ ᠪᠠᠨ ᠰᠢᠯᠭᠠᠷᠴᠢ ᠪᠠᠶᠢᠭᠰᠠᠨ ᠪᠣᠯ᠂ 1987, 1988 ᠣᠨ ᠨᠤᠭᠤᠳ ᠲᠤ ᠬᠠᠮᠤᠭ ᠤᠨ ᠣᠯᠠᠨ ᠲᠥᠯ ᠪᠣᠶᠢᠵᠢᠭᠤᠯᠤᠭᠰᠠᠨ ᠨᠢᠭᠡᠳᠦᠯ ᠢᠶᠡᠷ ᠤᠯᠤᠰ ᠲᠤ ᠰᠢᠯᠭᠠᠷᠠᠨ ᠲᠥᠯ ᠦᠨ ᠪᠠᠶᠠᠷ ᠬᠢᠵᠦ ᠪᠠᠶᠢᠪᠠ᠃ ᠡᠨᠡ ᠬᠤᠭᠤᠴᠠᠭᠠᠨ ᠳᠤ 《II ᠲᠠᠪᠤᠨ ᠵᠢᠯ》 ᠨᠢᠭᠡᠳᠦᠯ ᠦᠨ ᠳᠠᠷᠤᠭ᠎ᠠ ᠪᠠᠷ ᠭ᠃ᠱᠠᠭᠳᠤᠷ᠂ ᠲ᠃ᠳᠤᠬᠦ᠂ ᠯᠠ᠃ᠶᠦᠩ ᠢᠶᠡᠷᠡᠨ᠂ ᠪ᠃ᠳᠡᠴᠢᠨ᠂ ᠪ᠃ᠳᠣᠷᠵᠢᠰᠠᠮᠪᠤᠤ ᠨᠠᠷ ᠠᠵᠢᠯᠯᠠᠵᠤ ᠪᠠᠶᠢᠴᠠᠢ᠃ 1990 ᠍ ᠊ᠭᠡᠳ ᠣᠨ ᠤ ᠦᠶ᠎ᠡ ᠶᠢᠨ ᠠᠷᠠᠳᠴᠢᠯᠠᠭᠰᠠᠨ ᠥᠭᠡᠷᠡᠴᠢᠯᠡᠯᠲᠡ ᠶᠢᠨ ᠦᠷ᠎ᠡ ᠳ᠋ᠦᠩ ᠳᠦ 《II ᠲᠠᠪᠤᠨ ᠵᠢᠯ》 ᠨᠢᠭᠡᠳᠦᠯ ᠦᠨ 90 ᠭᠠᠷᠤᠢ ᠮᠢᠩᠭᠠᠨ ᠲᠣᠯᠣᠭᠠᠢ ᠮᠠᠯ᠂ 16652,2 ᠮᠢᠩᠭᠠᠨ ᠲᠥᠭᠦᠷᠢᠭᠡᠨ ᠦ ᠬᠤᠪᠢᠴᠢᠯᠠᠯ ᠣᠯᠭᠤᠨ ᠲᠥᠷᠥ ᠶᠢᠨ ᠥᠮᠴᠢ ᠳᠦ 3156,2 ᠮᠢᠩᠭᠠᠨ ᠲᠥᠭᠦᠷᠢᠭᠡᠨ ᠦ ᠥᠮᠴᠢ ᠬᠥᠷᠥᠩᠭᠡ ᠶᠢ ᠰᠢᠯᠵᠢᠭᠦᠯᠦᠨ ᠥᠭᠴᠦ᠂ ᠮᠥᠩᠬᠦᠦ ᠨᠢᠭᠡᠳᠦᠯ 《ᠲᠠᠪᠤᠨ-ᠡᠷᠳᠡᠨᠢ》, 《ᠴᠢᠨᠳᠠᠮᠠᠨᠢ-ᠡᠷᠳᠡᠨᠢ》 ᠪᠦᠷᠢᠨ ᠬᠠᠷᠢᠭᠤᠴᠠᠯᠭ᠎ᠠ ᠲᠠᠢ ᠺᠣᠮᠫᠠᠨᠢ᠂ 《ᠴᠣᠭᠲᠤ-ᠥᠨᠳᠥᠷ》, 《ᠠᠯᠲᠠᠨ ᠡᠯᠡᠰᠦ》, 《ᠲᠠᠶᠢᠬᠤ》 ББХХК ᠪᠣᠯᠤᠨ ᠬᠤᠪᠢᠶᠠᠭᠳᠠᠵᠤ ᠦᠢᠯᠡ ᠠᠵᠢᠯᠯᠠᠭ᠎ᠠ ᠶᠠᠪᠤᠭᠤᠯᠵᠤ ᠪᠠᠶᠢᠭ᠎ᠠ ᠳᠤ ᠴᠠᠭ ᠤᠨ ᠡᠷᠬᠡ ᠪᠡᠷ ᠳᠥᠷᠪᠡ ᠨᠢ ᠲᠠᠲᠠᠨ ᠪᠠᠭᠤᠭᠳᠠᠵᠤ᠂ ᠭᠡᠰᠢᠭᠦᠳ ᠦᠨ ᠵᠠᠷᠢᠮ ᠬᠡᠰᠡᠭ ᠨᠢ 《ᠲᠠᠪᠤᠨ-ᠡᠷᠳᠡᠨᠢ》 ХХК ᠍ ᠳᠦ ᠨᠢᠭᠡᠳᠴᠡᠢ᠃ ᠰᠤᠮᠤ ᠨᠢᠭᠡᠳᠦᠯ ᠦᠨ ᠳᠠᠷᠤᠭ᠎ᠠ ᠠᠰᠠᠨ᠂ ᠬᠥᠳᠡᠯᠮᠦᠷᠢ ᠶᠢᠨ ᠪᠠᠭᠠᠲᠤᠷ ᠪ᠃ᠳᠣᠷᠵᠢᠰᠠᠮᠪᠤᠤ ᠶᠢᠨ ᠲᠡᠷᠢᠭᠦᠯᠡᠭᠰᠡᠨ 《ᠲᠠᠪᠤᠨ-ᠡᠷᠳᠡᠨᠢ》 ХХК ᠨᠢ ᠲᠤᠬᠠᠢ ᠶᠢᠨ ᠦᠶ᠎ᠡ ᠶᠢᠨ ᠨᠥᠬᠥᠴᠡᠯ ᠪᠠᠶᠢᠳᠠᠯ ᠤᠨ ᠤᠯᠠᠮ ᠠᠴᠠ 1998 ᠣᠨ ᠤ XII ᠰᠠᠷ᠎ᠠ ᠳᠤ ᠲᠠᠲᠠᠨ ᠪᠠᠭᠤᠭᠳᠠᠵᠤ ᠪᠦᠲᠦᠴᠡ ᠵᠣᠬᠢᠶᠠᠨ ᠪᠠᠶᠢᠭᠤᠯᠤᠯᠲᠠ ᠶᠢᠨ ᠰᠢᠨ᠎ᠡ ᠬᠡᠯᠪᠡᠷᠢ ᠳᠦ ᠰᠢᠯᠵᠢᠨ ᠬᠣᠷᠰᠢᠶᠠᠨ ᠤ ᠵᠣᠬᠢᠶᠠᠨ ᠪᠠᠶᠢᠭᠤᠯᠤᠯᠲᠠ ᠪᠠᠷ ᠠᠵᠢᠯᠯᠠᠬᠤ ᠪᠣᠯᠵᠤ ᠬᠣᠷᠰᠢᠶ᠎ᠠ ᠶᠢ ᠪᠠᠨ 《ᠳᠥᠷᠪᠡᠯᠵᠢᠨ ᠲᠠᠪᠤᠨ-ᠡᠷᠳᠡᠨᠢ》 ᠬᠣᠷᠰᠢᠶ᠎ᠠ ᠬᠡᠮᠡᠨ ᠨᠡᠷᠡᠶᠢᠳᠦᠭᠰᠡᠨ ᠪᠠᠶᠢᠨ᠎ᠠ᠃ 《ᠳᠥᠷᠪᠡᠯᠵᠢᠨ ᠲᠠᠪᠤᠨ-ᠡᠷᠳᠡᠨᠢ》 ᠬᠣᠷᠰᠢᠶ᠎ᠠ ᠡᠳᠦᠭᠡ 414 ᠍ ᠦᠨ ᠡᠷᠦᠬᠡ᠂ 1620 ᠍ ᠦᠨ ᠬᠦᠮᠦᠨ ᠠᠮᠠ᠂ 1156 ᠍ ᠦᠨ ᠭᠡᠰᠢᠭᠦᠨ ᠲᠡᠢ᠂ 181 ᠰᠠᠶ᠋ᠢ ᠲᠥᠭᠦᠷᠢᠭᠡᠨ ᠦ ᠦᠨᠳᠦᠰᠦᠨ᠂ 106,9 ᠰᠠᠶ᠎ᠠ ᠲᠥᠭᠦᠷᠢᠭᠡᠨ ᠦ ᠡᠷᠭᠢᠯᠲᠡ ᠶᠢᠨ ᠬᠥᠷᠥᠩᠭᠡ ᠲᠡᠢ᠂ ᠬᠠᠭᠤᠴᠢᠨ ᠬᠠᠩᠰᠢ ᠪᠠᠷ ᠲᠥᠷᠥ ᠶᠢᠨ ᠮᠡᠳᠡᠯ ᠦᠨ 28 ᠍ ᠶᠢᠨ ᠰᠠᠶ᠋ᠢ ᠲᠥᠭᠦᠷᠢᠭᠡᠨ ᠦ 14 ᠍ ᠶᠢᠨ ᠥᠷᠦᠮᠳᠡᠮᠡᠯ ᠬᠤᠳᠳᠤᠭ ᠢ ᠭᠡᠷ᠎ᠡ ᠪᠡᠷ ᠡᠵᠡᠮᠰᠢᠳᠡᠭ᠂ ᠵᠢᠯ ᠳᠤ 1200 ᠲᠣᠨ ᠨᠣᠣᠰᠣ ᠤᠬᠢᠶᠠᠬᠤ᠂ 25000 ᠺᠢᠯᠣᠸᠣᠯᠲ᠋.ᠮ ᠢᠰᠡᠭᠡᠢ ᠶᠢᠨ ᠬᠢᠬᠦ ᠬᠦᠴᠦᠨ ᠴᠢᠳᠠᠯ ᠲᠠᠢ᠂ ᠨᠣᠣᠰᠣ ᠤᠬᠢᠶᠠᠬᠤ᠂ ᠢᠰᠡᠭᠡᠢ ᠬᠢᠬᠦ ᠦᠢᠯᠡᠳᠪᠦᠷᠢ᠂ ᠲᠦᠭᠦᠬᠡᠢ ᠡᠳ᠋ ᠍ ᠢ ᠠᠩᠭᠢᠯᠠᠨ ᠢᠯᠭᠠᠵᠤ ᠠᠩᠬᠠᠨ ᠱᠠᠲᠤᠨ ᠤ ᠪᠣᠯᠪᠠᠰᠤᠷᠠᠭᠤᠯᠤᠯᠲᠠ ᠬᠢᠬᠦ᠂ ᠬᠠᠳᠠᠭᠠᠯᠠᠬᠤ ᠵᠣᠷᠢᠭᠤᠯᠤᠯᠲᠠ ᠲᠠᠢ᠂ 1500 ᠲᠣᠨ ᠤᠨ ᠪᠠᠭᠲᠠᠭᠠᠮᠵᠢ ᠪᠦᠬᠦᠢ ᠨᠠᠶᠢᠮᠠᠨ ᠠᠭᠤᠯᠬᠤ᠂ ᠬᠦᠨᠡᠰᠦ᠂ ᠥᠷᠭᠡᠨ ᠬᠡᠷᠡᠭᠯᠡᠭᠡᠨ ᠦ ᠪᠠᠷᠠᠭᠠᠨ ᠤ 2 ᠳᠡᠯᠭᠡᠭᠦᠷ᠂ ᠠᠯᠪᠠᠨ ᠺᠣᠨᠲ᠋ᠣᠷ ᠤᠨ 2 ᠳᠠᠪᠬᠤᠷ ᠪᠠᠷᠢᠯᠭ᠎ᠠ᠂ ᠵᠣᠴᠢᠳ ᠪᠠᠭᠤᠳᠠᠯ ᠵᠡᠷᠭᠡ ᠮᠠᠲ᠋ᠧᠷᠢᠶᠠᠯᠯᠢᠭ ᠪᠠᠭᠠᠵᠢ ᠲᠠᠢ ᠠᠵᠡᠢ᠃ ᠲᠤᠰ ᠬᠣᠷᠰᠢᠶ᠎ᠠ ᠨᠢ 1999, 2005 ᠣᠨ ᠨᠤᠭᠤᠳ ᠲᠤ ᠤᠯᠤᠰ ᠤᠨ ᠲᠡᠷᠢᠭᠦᠨ ᠦ ᠬᠣᠷᠰᠢᠶ᠎ᠠ ᠪᠠᠷ ᠰᠢᠯᠭᠠᠷᠴᠢ ᠡᠷᠭᠦᠮᠵᠢᠯᠡᠯ᠂ ᠴᠣᠮᠣ᠂ ᠮᠥᠩᠭᠥᠨ ᠱᠠᠩᠨᠠᠯ᠂ 2000 ᠣᠨ ᠳᠤ ᠮᠣᠩᠭᠣᠯ ᠤᠯᠤᠰ ᠤᠨ ҮХАҮТ ᠍ ᠶᠢᠨ ᠣᠨ ᠤ ᠰᠢᠯᠢᠳᠡᠭ ᠠᠵᠤ ᠠᠬᠤᠢ ᠨᠢᠭᠡᠴᠡ ᠪᠡᠷ᠂ 2003 ᠣᠨ ᠳᠤ ᠬᠠᠮᠤᠭ ᠤᠨ ᠶᠡᠬᠡ ᠪᠣᠷᠣᠯᠠᠭᠤᠯᠤᠯᠲᠠ ᠲᠠᠢ ᠬᠣᠷᠰᠢᠶ᠎ᠠ ᠪᠠᠷ ᠤᠯᠤᠰ ᠲᠤ ᠰᠢᠯᠭᠠᠷᠠᠭᠰᠠᠨ᠂ 2004 ᠣᠨ ᠳᠤ ᠮᠣᠩᠭᠣᠯ ᠤᠯᠤᠰ ᠤᠨ ᠭᠠᠶᠢᠯᠢ ᠶᠢᠨ ᠶᠡᠷᠦᠩᠬᠡᠢ ᠭᠠᠵᠠᠷ ᠠᠴᠠ ᠢᠲᠡᠭᠡᠯ ᠬᠦᠯᠢᠶᠡᠭᠰᠡᠨ ᠠᠵᠤ ᠠᠬᠤᠢ ᠨᠢᠭᠡᠴᠡ ᠪᠡᠷ ᠰᠢᠯᠭᠠᠷᠠᠨ 《ᠨᠣᠭᠣᠭᠠᠨ ᠭᠡᠷᠡᠯ ᠢᠶᠡᠷ ᠦᠢᠯᠡᠴᠢᠯᠡᠭᠦᠯᠬᠦ》 ᠡᠷᠬᠡ ᠠᠪᠤᠭᠰᠠᠨ ᠬᠣᠷᠰᠢᠶ᠎ᠠ ᠪᠠᠷ ᠲᠤᠰ ᠲᠤᠰ ᠰᠢᠯᠭᠠᠷᠴᠢ ᠪᠠᠶᠢᠪᠠ᠃ ᠳᠥᠷᠪᠡᠯᠵᠢᠨ ᠰᠤᠮᠤᠨ ᠳᠤ ᠪᠠᠶᠢᠭᠰᠠᠨ 《II ᠲᠠᠪᠤᠨ ᠵᠢᠯ》 ᠨᠢᠭᠡᠳᠦᠯ ᠦᠨ ᠰᠠᠭᠤᠷᠢᠨ ᠳᠡᠭᠡᠷ᠎ᠡ ᠡᠭᠦᠰᠬᠡᠨ ᠪᠠᠶᠢᠭᠤᠯᠤᠭᠳᠠᠭᠰᠠᠨ ᠤᠯᠤᠰ ᠤᠨ ᠲᠡᠷᠢᠭᠦᠨ ᠦ 《ᠳᠥᠷᠪᠡᠯᠵᠢᠨ ᠲᠠᠪᠤᠨ-ᠡᠷᠳᠡᠨᠢ》 ᠬᠣᠷᠰᠢᠶ᠎ᠠ ᠨᠢ ᠵᠠᠪᠬᠠᠨ ᠠᠶᠢᠮᠠᠭ ᠲᠡᠳᠦᠢ ᠦᠭᠡᠢ ᠮᠣᠩᠭᠣᠯ ᠣᠷᠣᠨ ᠤ ᠬᠥᠳᠡᠭᠡ ᠠᠵᠤ ᠠᠬᠤᠢ ᠶᠢᠨ ᠰᠠᠯᠪᠤᠷᠢ ᠶᠢᠨ ᠬᠥᠭᠵᠢᠯᠳᠦ ᠥᠪᠡᠷ ᠦᠨ ᠭᠡᠰᠡᠨ ᠵᠢᠩᠲᠡᠢ ᠬᠤᠪᠢ ᠨᠡᠮᠡᠷᠢ ᠶᠢ ᠣᠷᠣᠭᠤᠯᠤᠨ ᠣᠷᠣᠰᠢᠨ ᠪᠤᠢ ᠴᠥᠭᠡᠨ ᠬᠡᠳᠦᠨ ᠬᠣᠷᠰᠢᠶᠠᠨ ᠤ ᠨᠢᠭᠡᠨ ᠶᠤᠮ᠃

ᠡᠳᠦᠭᠡ ᠳᠥᠷᠪᠡᠯᠵᠢᠨ ᠰᠤᠮᠤ ᠨᠢ ᠵᠠᠪᠬᠠᠨ ᠠᠶᠢᠮᠠᠭ ᠤᠨ ᠤᠷᠭᠤᠮᠠᠯ᠂ ᠵᠠᠪᠬᠠᠨᠠᠮᠠᠨᠳᠠᠯ᠂ ᠡᠷᠳᠡᠨᠢᠬᠠᠶᠢᠷᠬᠠᠨ᠂ ᠢᠷᠠᠭᠤ᠂ ᠠᠯᠳᠠᠷᠬᠠᠭᠠᠨ᠂ ᠭᠣᠪᠢ-ᠠᠯᠲᠠᠢ ᠠᠶᠢᠮᠠᠭ ᠤᠨ ᠪᠠᠶᠠᠨ-ᠠᠭᠤᠯᠠ᠂ ᠬᠥᠬᠡ ᠮᠣᠷᠢᠲᠤ᠂ ᠬᠣᠪᠳᠣ ᠠᠶᠢᠮᠠᠭ ᠤᠨ ᠴᠢᠨᠳᠠᠮᠠᠨᠢ᠂ ᠳᠥᠷᠦᠭᠡᠨ᠂ ᠤᠪᠰᠤ ᠠᠶᠢᠮᠠᠭ ᠤᠨ ᠵᠠᠪᠬᠠᠨ ᠰᠤᠮᠤ ᠨᠤᠭᠤᠳ ᠲᠠᠢ ᠬᠢᠯᠢ ᠵᠠᠯᠭᠠᠨ ᠵᠠᠪᠬᠠᠨ ᠠᠶᠢᠮᠠᠭ ᠤᠨ ᠪᠠᠷᠠᠭᠤᠨ ᠬᠡᠰᠡᠭ ᠲᠦ ᠭᠣᠪᠢ ᠶᠢᠨ ᠪᠥᠰᠡ ᠳᠦ ᠣᠷᠣᠰᠢᠨ᠎ᠠ᠃ ᠨᠡᠶᠢᠲᠡ 72602 ᠭᠠ ᠨᠤᠲᠤᠭ ᠲᠠᠢ᠂ ᠰᠤᠮᠤ ᠶᠢᠨ ᠲᠥᠪ ᠨᠢ ᠪᠤᠭᠤ᠂ ᠠᠶᠢᠮᠠᠭ ᠤᠨ ᠲᠥᠪ ᠡᠴᠡ 148 ᠺᠢᠯᠣᠮᠧᠲ᠋ᠷ ᠳᠦᠭᠡᠷ ᠵᠠᠶᠢᠲᠠᠢ᠃ ᠪᠤᠭᠤ᠂ ᠪᠤᠭᠤᠷᠤᠯ᠂ ᠴᠣᠭᠲᠤ᠂ ᠲᠠᠪᠤᠨ ᠲᠣᠯᠣᠭᠠᠢ᠂ ᠣᠨᠴᠠ ᠭᠡᠰᠡᠨ ᠲᠠᠪᠤᠨ ᠪᠠᠭ 639 ᠡᠷᠦᠬᠡ᠂ 2563 ᠬᠦᠮᠦᠨ ᠠᠮᠠ᠂ 115,9 ᠮᠢᠩᠭᠠᠨ ᠲᠣᠯᠣᠭᠠᠢ ᠮᠠᠯ ᠲᠠᠢ᠃ ᠰᠤᠮᠤ ᠶᠢᠨ ᠢᠷᠭᠡᠨ ᠦ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠦᠨ ᠳᠠᠷᠤᠭ᠎ᠠ ᠪᠠᠷ ᠴᠤ᠃ᠪᠢᠰᠢᠪᠠ᠂ ᠵᠠᠰᠠᠭ ᠳᠠᠷᠤᠭ᠎ᠠ ᠪᠠᠷ ᠱ᠃ᠨᠠᠷᠮᠠᠨᠳᠠᠬᠤ ᠨᠠᠷ ᠠᠵᠢᠯᠯᠠᠵᠤ ᠪᠠᠶᠢᠨ᠎ᠠ᠃

ᠳᠥᠷᠪᠡᠯᠵᠢᠨ ᠰᠤᠮᠤ ᠶᠢᠨ ХАА ᠍ ᠦᠨ ᠰᠠᠯᠪᠤᠷᠢ ᠠᠴᠠ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠶᠢᠨ ᠰᠠᠶᠢᠨ ᠮᠠᠯᠴᠢᠨ ᠪ᠃ᠳᠣᠷᠯᠢᠭ᠂ ᠳ᠃ᠳᠠᠷᠤᠮ᠎ᠠ᠂ ᠭ᠃ᠳ᠋ᠠᠭᠪᠠ ᠪᠠᠨ᠂ ᠭ᠃ᠳ᠋ᠠᠭᠪᠠ᠂᠎ᠠ᠃ᠴᠢᠯᠬᠠᠵᠠᠪ᠂᠎ᠡ᠃ᠪᠤᠷᠢᠨ ᠢᠶᠠᠨ᠂ ᠳ᠃ᠮᠠᠭᠰᠤᠷᠵᠠᠪ᠂ ᠮ᠃ᠢᠰᠢᠵᠠᠮᠼᠤ᠂ ᠬ᠃ᠬᠡᠦᠬᠡᠨ᠂ ᠣ᠃ᠴᠡᠨᠳᠠᠰᠦ᠋ᠷᠦᠩ᠂ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠬᠥᠳᠡᠯᠮᠦᠷᠢ ᠶᠢᠨ ᠪᠠᠭᠠᠲᠤᠷ ᠪ᠃ᠳᠣᠷᠵᠢᠰᠠᠮᠪᠤᠤ᠂ ᠲ᠃ᠵᠠᠮᠴᠤ᠂ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠬᠣᠱᠣᠢ ᠠᠪᠤᠷᠭᠤ ᠮᠠᠯᠴᠢᠨ ᠬ᠃ᠵᠠᠳᠠᠮᠪᠠ ᠮ᠃ᠷᠡᠭᠵᠢᠨ᠂ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠠᠪᠤᠷᠭᠤ ᠮᠠᠯᠴᠢᠨ ᠪ᠃ᠪᠠᠨᠳᠠᠩᠳᠠᠭᠪᠠ᠂ ᠮ᠃ᠳᠠᠸᠠᠰᠦ᠋ᠷᠦᠩ᠂ ᠭ᠃ᠳᠠᠩᠰᠠᠷᠠᠨᠵᠠᠰᠤ᠂ ᠳ᠃ᠳᠣᠷᠵᠢ᠂ ᠭ᠃ᠳᠦᠢᠩᠬᠦᠷᠵᠠᠪ᠂ ᠰ᠃ᠳᠡᠮᠪᠡᠷᠢᠯ᠂ ᠰ᠃ᠵᠦᠷᠮᠡᠳ᠂ ᠪ᠃ᠨᠠᠳᠮᠢᠳ᠂ ᠳ᠃ᠫᠦᠷᠪᠦᠰᠡᠷᠡᠩ᠂ ᠰ᠃ᠰᠠᠩᠳᠠᠷ᠂ ᠱ᠃ᠰᠬᠢᠶ᠎ᠠ᠂ ᠴ᠃ᠬᠠᠶᠢᠳᠠᠪ᠂ ᠰ᠃ᠴᠠᠭᠠᠨ᠂ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠠᠪᠤᠷᠭᠤ ᠲᠠᠷᠢᠶᠠᠯᠠᠩᠴᠢ ᠵ᠃ᠳᠣᠭᠰᠣᠮ᠂ ᠮ᠃ᠲᠡᠷᠡᠪᠢᠰᠢ᠂ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠤᠨ ᠵᠠᠯᠠᠭᠤ ᠠᠪᠤᠷᠭᠤ ᠮᠠᠯᠴᠢᠨ ᠬ᠃ᠠᠯᠲᠠᠨᠭᠡᠷᠡᠯ᠂ ᠳ᠃ᠪᠠᠶᠠᠨᠪᠠᠲ᠂ ᠵ᠃ᠷᠢᠨ᠎ᠠ᠂ ᠳ᠃ᠲᠡᠷᠡᠪᠢᠰᠢ᠂ ᠮᠣᠩᠭᠣᠯ ᠤᠯᠤᠰ ᠤᠨ ᠰᠠᠶᠢᠨ ᠮᠠᠯᠴᠢᠨ ᠳ᠃ᠼᠧᠳᠡᠪ᠂ ᠮᠢᠩᠭᠠᠲᠤ ᠮᠠᠯᠴᠢᠨ ᠴᠤ᠃ᠠᠮᠤᠷᠪᠠᠶᠠᠷ᠂ ᠳ᠃ᠪᠠᠲᠤ ᠪᠠᠨ᠂ ᠴ᠃ᠪᠠᠲᠤᠽᠠᠶ᠎ᠠ᠂ ᠳ᠃ᠪᠠᠶᠠᠩᠮᠥᠶᠢᠩᠬᠡ᠂ ᠢ᠃ᠪᠠᠶᠠᠷᠰᠠᠶᠢᠬᠠᠨ᠂ ᠬ᠃ᠪᠤᠶᠠᠨᠵᠢᠷᠭᠠᠯ᠂ ᠰ᠃ᠭᠠᠩᠪᠣᠯᠣᠳ᠂ ᠫ᠃ᠳᠠᠮᠪᠠᠰᠦ᠋ᠷᠦᠩ᠂ ᠲ᠃ᠵᠢᠷᠦ ᠪᠠᠭᠠᠲᠤᠷ᠂ ᠱ᠃ᠮᠥᠩᠬᠡ-ᠣᠴᠢᠷ᠂ ᠨ᠃ᠴᠡᠪᠡᠭᠳᠣᠷᠵᠢ᠂ ᠷ᠃ᠸᠴᠢᠷᠪᠠᠲᠤ᠂ ᠭ᠃ᠴᠢᠯᠠᠭᠤᠨᠪᠠᠭᠠᠲᠤᠷ᠂ ᠭ᠃ᠤᠯᠠᠮᠪᠠᠶᠠᠷ᠂ ᠵ᠃ᠫᠦᠷᠪᠦᠵᠠᠪ᠂ ᠨ᠃ᠴᠢᠯᠠᠭᠤᠨᠪᠠᠭᠠᠲᠤᠷ᠂ ᠸ᠃ᠡᠩᠬᠡᠪᠠᠲᠤ᠂ ᠸ᠃ᠡᠩᠬᠡᠪᠣᠯᠤᠳ ᠨᠠᠷ ᠲᠥᠷᠥᠨ ᠭᠠᠷᠴᠠᠢ᠃

ᠪᠢᠴᠢᠭᠡᠰᠦ