ᠳᠥᠷᠪᠡᠯᠵᠢᠨ ᠪᠤᠯᠠᠰᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠥᠷᠪᠡᠯᠵᠢᠨ ᠪᠤᠯᠠᠰᠢᠨ ᠤ ᠰᠤᠶᠤᠯ ᠤᠨ ᠲᠠᠷᠬᠠᠯᠲᠠ ᠶᠢᠨ ᠬᠦᠷᠢᠶ᠎ᠡ
ᠹᠠᠢᠢᠯ:Uvug Mongolchuud - Hurel zevsgiin ue.jpeg
ᠮᠠᠨ ᠤ ᠡᠷᠡᠨ ᠦ ᠡᠮᠦᠨ᠎ᠡ 16-11 ᠍ ᠳᠦᠭᠡᠷ ᠵᠠᠭᠤᠨ ᠤ ᠮᠣᠩᠭᠣᠯᠴᠤᠳ
ᠹᠠᠢᠢᠯ:Mongolchuud - Hurel zevsgiin ued.jpeg
ᠳᠥᠷᠪᠡᠯᠵᠢᠨ ᠪᠤᠯᠠᠰᠢᠨ ᠤ ᠰᠤᠶᠤᠯ ᠤᠨ ᠲᠠᠷᠬᠠᠯᠲᠠ

ᠳᠥᠷᠪᠡᠯᠵᠢᠨ ᠪᠤᠯᠠᠰᠢᠨ ᠤ ᠰᠤᠶᠤᠯ ᠨᠢ ᠮᠣᠩᠭᠣᠯ ᠣᠷᠣᠨ ᠳᠠᠬᠢ ᠬᠦᠷᠡᠯ ᠵᠡᠪᠰᠡᠭ ᠦᠨ ᠦᠶ᠎ᠡᠡᠶᠢᠨ ᠰᠡᠭᠦᠯ᠂ ᠲᠡᠮᠦᠷ ᠵᠡᠪᠰᠡᠭ ᠦᠨ ᠡᠬᠢᠨ ᠦᠶ᠎ᠡ ᠶᠢᠨ ᠪᠤᠶᠤ ᠮᠠᠨ ᠤ ᠡᠷᠡᠨ ᠦ ᠡᠮᠦᠨ᠎ᠡ 1300-300 ᠵᠢᠯ ᠦᠨ ᠡᠮᠦᠨᠡᠬᠢ ᠠᠷᠬᠧᠣᠯᠣᠭᠢ ᠶᠢᠨ ᠰᠤᠶᠤᠯ ᠶᠤᠮ᠃ ᠡᠨᠡ ᠰᠤᠶᠤᠯ ᠨᠢ ᠰᠡᠯᠡᠩᠭᠡ-ᠳᠠᠭᠤᠷ ᠤᠨ ᠰᠤᠶᠤᠯ ᠍ ᠤᠨ ᠰᠤᠶᠤᠯ ᠤᠨ ᠰᠠᠭᠤᠷᠢᠨ ᠳᠤ ᠳᠡᠭᠡᠷ᠎ᠡ ᠪᠤᠢ ᠪᠣᠯᠤᠭᠰᠠᠨ ᠰᠤᠶᠤᠯ ᠪᠠᠶᠢᠵᠤ ᠪᠣᠯᠬᠤ ᠶᠤᠮ᠃

ᠭᠠᠳᠠᠨ᠎ᠠ ᠶᠢᠨ ᠵᠠᠷᠢᠮ ᠰᠤᠳᠤᠯᠤᠭᠠᠴᠢᠳ ᠡᠨᠡ ᠰᠤᠶᠤᠯ ᠢ ᠪᠠᠶᠢᠭᠠᠯᠢ ᠬᠠᠪᠢᠶᠠᠷᠠ ᠪᠠᠶᠢᠭᠰᠠᠨ ᠲ᠋ᠦᠩᠬᠦᠰ ᠤᠳ ᠤᠨ ᠭᠯᠠᠽᠺᠣᠸ ᠤᠨ ᠰᠤᠶᠤᠯ ᠍ ᠤᠨ ᠦᠷᠭᠦᠯᠵᠢᠯᠡᠯ ᠬᠡᠮᠡᠨ ᠦᠵᠡᠳᠡᠭ᠃ᠯᠠ᠃ᠭᠤᠮᠢᠯᠧᠪ ᠦᠨ ᠦᠵᠡᠵᠦ ᠪᠤᠢ ᠪᠠᠷ ᠲ᠋ᠦᠩᠬᠦᠰ ᠤᠳ ᠡᠮᠦᠨ᠎ᠡ ᠵᠦᠭ ᠡᠴᠡ ᠪᠠᠶᠢᠭᠠᠯᠢ ᠨᠠᠭᠤᠷ ᠷᠤ ᠨᠡᠭᠦᠨ ᠢᠷᠡᠵᠦ ᠲᠡᠨᠳᠡ ᠪᠠᠶᠢᠭᠰᠠᠨ ᠫᠠᠯᠧᠣᠰᠢᠪᠢᠷᠢ ᠬᠡᠯᠡ ᠳᠦ ᠶᠢᠺᠠᠭᠢᠷ ᠤᠳ ᠢ ᠬᠣᠶᠢᠳᠤ ᠵᠦᠭ ᠲᠤ ᠰᠢᠬᠠᠨ ᠰᠠᠭᠤᠷᠢᠰᠢᠵᠠᠢ᠃ ᠳᠥᠷᠪᠡᠯᠵᠢᠨ ᠪᠤᠯᠠᠰᠢ ᠨᠢ ᠾᠦᠩᠨᠦ ᠨᠠᠷ ᠤᠨ ᠡᠪᠦᠭᠡ ᠲᠡᠢ ᠬᠣᠯᠪᠣᠭᠳᠠᠬᠤ ᠳᠤᠷᠠᠰᠬᠠᠯ ᠪᠣᠯᠬᠤ ᠶᠢ ᠡᠷᠳᠡᠮᠲᠡᠳ ᠲᠣᠭᠲᠠᠭᠠᠴᠠᠢ᠃[1] ᠬᠢᠲᠠᠳ ᠰᠤᠷᠪᠤᠯᠵᠢ ᠳᠤ ᠲᠡᠮᠳᠡᠭᠯᠡᠭᠰᠡᠨ ᠾᠦᠩᠨᠦ ᠶᠢᠨ ᠡᠪᠦᠭᠡ ᠠᠶᠢᠮᠠᠭ ᠤᠨ ᠠᠩᠬᠠᠨ ᠤ ᠬᠢ ᠨᠢ ᠬᠦᠮᠡᠶᠤ ᠪᠣᠯᠤᠨ ᠭᠦᠢ ᠨᠠᠷᠠ ᠶᠤᠮ᠃ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ II ᠮᠢᠩᠭᠠᠨ ᠤ ᠦᠶ᠎ᠡ ᠳᠦ ᠭᠦᠢ ᠨᠠᠷ ᠮᠣᠩᠭᠣᠯ ᠨᠤᠲᠤᠭ ᠳᠡᠭᠡᠷ᠎ᠡ ᠮᠠᠯ ᠮᠠᠯᠯᠠᠵᠤ ᠲᠡᠷᠭᠡ ᠬᠡᠷᠡᠭᠯᠡᠨ ᠨᠡᠭᠦᠳᠡᠯᠯᠡᠨ ᠠᠮᠢᠳᠤᠷᠠᠵᠤ ᠪᠠᠶᠢᠭᠰᠠᠨ ᠠᠵᠢ᠃[1]

ᠲᠠᠷᠬᠠᠴᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠥᠷᠪᠡᠯᠵᠢᠨ ᠪᠤᠯᠠᠰᠢᠨ ᠤ ᠰᠤᠶᠤᠯ ᠨᠢ ᠮᠣᠩᠭᠣᠯ ᠣᠷᠣᠨ ᠤ ᠲᠥᠪ᠂ ᠵᠡᠭᠦᠨ ᠬᠡᠰᠡᠭ᠂ ᠪᠤᠷᠢᠶᠠᠳ ᠤᠨ ᠪᠦᠬᠦ ᠨᠤᠲᠤᠭ᠂ ᠡᠷᠡᠬᠦᠦ ᠮᠤᠵᠢᠡᠶᠢᠨ ᠡᠮᠦᠨᠡᠲᠦ ᠬᠡᠰᠡᠭ (ᠠᠩᠭᠠᠷ ᠳᠤ ᠴᠢᠳᠬᠤᠳᠠᠭ ᠤᠳᠠ᠂ ᠪᠠᠷᠠᠴᠠ ᠭᠣᠣᠯ ᠤᠳ ᠤᠨ ᠡᠬᠡ ᠡᠴᠡ ᠪᠠᠶᠢᠭᠠᠯᠢ ᠨᠠᠭᠤᠷ ᠍ ᠤᠨ ᠬᠣᠶᠢᠳᠤ ᠡᠷᠭᠢ ᠬᠦᠷᠲᠡᠯ᠎ᠡ), ᠲᠤᠸᠠᠭᠡᠶᠢᠨ ᠵᠡᠭᠦᠨ ᠲᠠᠯ᠎ᠠ᠂ ᠥᠪᠥᠷ ᠪᠠᠶᠢᠭᠠᠯᠢ ᠶᠢᠨ ᠬᠢᠵᠠᠭᠠᠷ ᠍ ᠤᠨ ᠡᠮᠦᠨᠡᠲᠦ ᠨᠤᠲᠤᠭ (ᠠᠮᠤᠷ ᠮᠥᠷᠡᠨ ᠬᠦᠷᠲᠡᠯᠡᠬᠢ ᠨᠤᠲᠤᠭ), ᠥᠪᠥᠷ ᠮᠣᠩᠭᠣᠯ ᠍ ᠤᠨ ᠶᠡᠬᠡᠩᠬᠢ ᠨᠤᠲᠤᠭ᠂ ᠬᠢᠲᠠᠳ ᠤᠨ ᠪᠠᠷᠠᠭᠤᠨ ᠬᠣᠶᠢᠳᠤ ᠬᠡᠰᠡᠭ ᠲᠦ (ᠨᠠᠨᠱᠡᠨ ᠦ ᠨᠢᠷᠤᠭᠤ ᠬᠦᠷᠲᠡᠯ᠎ᠡ ᠪᠤᠶᠤ ᠴᠢᠩᠬᠠᠢ ᠮᠤᠵᠢ ᠶᠢᠨ ᠬᠣᠶᠢᠳᠤ ᠬᠢᠯᠢ ᠭᠠᠨᠢᠰᠤ ᠮᠤᠵᠢ ᠲᠠᠢ ᠵᠠᠯᠭᠠᠵᠤ ᠪᠠᠶᠢᠭ᠎ᠠ ᠬᠡᠰᠡᠭ ᠬᠦᠷᠲᠡᠯ᠎ᠡ) ᠲᠠᠷᠬᠠᠵᠠᠢ . ᠬᠣᠶᠢᠳᠤ ᠵᠠᠬ᠎ᠠ ᠨᠢ ᠶᠠᠺ ᠲᠤ ᠶᠢᠨ ᠺᠦᠳᠠ ᠭᠣᠣᠯ ᠬᠦᠷᠡᠨ᠎ᠡ᠃ ᠳᠥᠷᠪᠡᠯᠵᠢᠨ ᠪᠤᠯᠠᠰᠢᠨ ᠤ ᠰᠤᠶᠤᠯ ᠤᠨ ᠬᠦᠮᠦᠰ ᠦᠨ ᠵᠠᠷᠢᠮ ᠬᠡᠰᠡᠭ ᠪᠠᠷᠠᠭᠤᠨ ᠠᠶᠢᠮᠠᠭ ᠤᠳ ᠷᠤ ᠨᠡᠭᠦᠨ ᠰᠠᠭᠤᠷᠢᠰᠢᠵᠤ ᠪᠠᠶᠢᠴᠠᠢ᠃ ᠬᠠᠷᠢᠨ ᠪᠠᠷᠠᠭᠤᠨ ᠠᠶᠢᠮᠠᠭ ᠤᠳ ᠲᠤ ᠪᠠᠶᠢᠭᠰᠠᠨ ᠬᠢᠷᠭᠢᠰᠬᠡᠭᠦᠷᠡᠶᠢᠨ ᠰᠤᠶᠤᠯ ᠤᠨ ᠬᠦᠮᠦᠰ ᠡᠴᠡ ᠴᠥᠭᠡᠨ ᠬᠡᠰᠡᠭ ᠨᠢ ᠵᠡᠭᠦᠨ ᠲᠡᠰᠢ ᠮᠥᠨ ᠪᠤᠷᠢᠶᠠᠳ ᠷᠤ ᠨᠡᠭᠦᠭᠰᠡᠨ ᠨᠢ ᠳᠥᠷᠪᠡᠯᠵᠢᠨ ᠪᠤᠯᠠᠰᠢᠨ ᠤ ᠬᠢᠨ ᠳᠤ ᠠᠭᠤᠰᠴᠠᠢ᠃ ᠡᠶᠢᠮᠦ ᠡᠴᠡ ᠬᠢᠷᠭᠢᠰᠬᠡᠭᠦᠷ᠂ ᠳᠥᠷᠪᠡᠯᠵᠢᠨ ᠪᠤᠯᠠᠰᠢᠨ ᠤ ᠰᠤᠶᠤᠯ ᠤᠨ ᠲᠠᠷᠬᠠᠯᠲᠠ ᠵᠠᠬ᠎ᠠ ᠬᠡᠰᠡᠭ ᠢᠶᠡᠷ ᠢᠶᠡᠨ ᠳᠠᠪᠬᠤᠴᠠᠳᠠᠭ᠃

ᠳᠥᠷᠪᠡᠯᠵᠢᠨ ᠪᠤᠯᠠᠰᠢᠨ ᠤ ᠳᠡᠭᠡᠷ᠎ᠡ ᠬᠠᠪᠲᠠᠭᠠᠢ ᠴᠢᠯᠠᠭᠤ ᠨᠤᠭᠤᠳ ᠢ ᠲᠣᠭᠣᠷᠢᠭᠤᠯᠤᠨ ᠪᠣᠰᠬᠠᠭᠰᠠᠨ ᠪᠠᠶᠢᠳᠠᠭ ᠲᠤᠯᠠ ᠡᠨᠡ ᠰᠤᠶᠤᠯ ᠢ ᠳᠥᠷᠪᠡᠯᠵᠢᠨ ᠪᠤᠯᠠᠰᠢᠨ ᠤ ᠰᠤᠶᠤᠯ ᠭᠡᠵᠦ ᠨᠡᠷᠡᠯᠡᠳᠡᠭ᠃ᠪᠤᠯᠠᠰᠢᠨ ᠤ ᠡᠷᠭᠢᠨ ᠲᠣᠭᠣᠷᠢᠨ ᠳᠤ ᠣᠷᠣᠰᠢᠭᠤᠯᠭ᠎ᠠ ᠶᠢᠨ᠂ ᠲᠠᠬᠢᠯᠭ᠎ᠠ ᠶᠢᠨ ᠪᠠᠶᠢᠭᠤᠯᠤᠮᠵᠢ᠂ ᠡᠷᠲᠡᠨ ᠦ ᠬᠦᠮᠦᠰ ᠦᠨ ᠰᠠᠭᠤᠴᠠ᠂ ᠬᠠᠳᠠᠨ ᠤ ᠰᠦᠭ ᠵᠢᠷᠤᠭ ᠪᠠᠶᠢᠷᠢ ᠠᠴᠠ ᠭᠠᠳᠠᠨ᠎ᠠ ᠲᠠᠯᠢᠢᠭᠠᠴᠢᠳ ᠲᠤ ᠵᠣᠷᠢᠭᠤᠯᠤᠨ ᠳᠠᠭᠠᠯᠳᠤᠭᠤᠯᠤᠭᠰᠠᠨ ᠡᠳ᠋ ᠥᠯᠥᠭ ᠦᠨ ᠵᠦᠢᠯᠡᠰ᠂ ᠮᠠᠯ ᠤᠨ ᠶᠠᠰᠤ ᠣᠯᠳᠠᠳᠠᠭ᠃ᠡᠳᠡᠭᠡᠷ ᠪᠤᠯᠠᠰᠢᠨ ᠤ ᠶᠡᠬᠡᠩᠬᠢ ᠨᠢ ᠮᠠᠨ ᠤ ᠡᠷᠡᠨ ᠦ ᠡᠮᠦᠨ᠎ᠡ ᠵᠢᠷᠭᠤᠳᠤᠭᠠᠷ ᠵᠠᠭᠤᠨ ᠳᠤ ᠬᠠᠮᠢᠶᠠᠷᠬᠤ ᠪᠥᠭᠡᠳ ᠰᠡᠭᠦᠯ ᠦᠨ ᠬᠢ ᠨᠢ ᠮᠠᠨ ᠤ ᠡᠷᠡᠨ ᠦ ᠡᠮᠦᠨ᠎ᠡ II ᠵᠠᠭᠤᠨ ᠤ ᠬᠢ ᠪᠤᠶᠤ ᠾᠦᠩᠨᠦ ᠶᠢᠨ ᠦᠶ᠎ᠡ ᠶᠢᠨ ᠬᠢ ᠪᠠᠶᠢᠳᠠᠭ᠃

ᠳᠥᠷᠪᠡᠯᠵᠢᠨ ᠪᠤᠯᠠᠰᠢ ᠨᠢ ᠮᠣᠩᠭᠣᠯ ᠤᠯᠤᠰ ᠤᠨ ᠨᠤᠲᠤᠭ ᠪᠣᠯᠤᠨ ᠥᠪᠥᠷ ᠪᠠᠶᠢᠭᠠᠯᠢ ᠶᠢᠨ ᠨᠤᠲᠤᠭ ᠲᠤ ᠭᠣᠣᠯᠴᠢᠯᠠᠨ ᠲᠠᠷᠬᠠᠭᠰᠠᠨ ᠳᠤᠷᠠᠰᠬᠠᠯ ᠪᠥᠭᠡᠳ ᠮᠠᠨᠵᠤᠤᠷ (ᠭᠢᠷᠢᠨᠬᠠᠷᠠᠮᠦ᠋ᠷᠡᠨᠯᠢᠶᠤᠤᠨᠢᠩ ᠮᠤᠵᠢᠭᠤᠳᠠ), ᠥᠪᠥᠷ ᠮᠣᠩᠭᠣᠯ᠂ ᠰᠢᠨᠵᠢᠶᠠᠩ ᠤᠨ ᠨᠤᠲᠤᠭ ᠲᠤ ᠪᠠᠰᠠ ᠲᠣᠳᠣᠷᠬᠠᠢ ᠬᠡᠮᠵᠢᠶ᠎ᠡ ᠪᠡᠷ ᠮᠡᠳᠡᠭᠳᠡᠵᠦ ᠪᠠᠶᠢᠨ᠎ᠠ᠃[1]

  • ᠮᠠᠨ ᠤ ᠡᠷᠡᠨ ᠦ ᠡᠮᠦᠨ᠎ᠡXII-IV ᠵᠠᠭᠤᠨ ᠳᠤ ᠬᠠᠮᠢᠶᠠᠷᠤᠨ᠎ᠠ᠃
  • ᠳᠥᠷᠪᠡᠯᠵᠢᠨ ᠪᠤᠯᠠᠰᠢᠨ ᠤ ᠲᠠᠷᠬᠠᠯᠲᠠ ᠶᠢᠨ ᠬᠦᠷᠢᠶ᠎ᠡ ᠨᠢ ᠠᠯᠲᠠᠢ᠂ ᠰᠣᠶᠣᠩ ᠤ ᠠᠤᠯᠠᠯᠠᠰ ᠠᠴᠠ ᠶᠡᠬᠡ ᠬᠢᠩᠭᠠᠨᠪᠠᠭ᠎ᠠ ᠬᠢᠩᠭᠠᠨᠢ ᠨᠢᠷᠤᠭᠤ (ᠬᠠᠷᠠᠮᠦ᠋ᠷᠡᠨ ᠮᠤᠵᠢ ᠶᠢᠨ ᠬᠣᠶᠢᠳᠤ ᠬᠡᠰᠡᠭ), ᠪᠠᠶᠢᠭᠠᠯᠢ ᠨᠠᠭᠤᠷ ᠠᠴᠠ ᠶᠡᠬᠡ ᠭᠣᠪᠢ ᠬᠦᠷᠲᠡᠯ᠎ᠡ ᠬᠠᠮᠤᠷᠤᠨ᠎ᠠ᠃
  • ᠳᠥᠷᠪᠡᠯᠵᠢᠨ ᠪᠤᠯᠠᠰᠢᠨ ᠳᠤ ᠲᠠᠯᠢᠢᠭᠠᠴᠢ ᠶᠢ ᠵᠡᠭᠦᠨ ᠲᠡᠰᠢ ᠨᠢ ᠬᠠᠨᠳᠤᠭᠤᠯᠤᠨ᠂ ᠳᠡᠭᠡᠭᠰᠢ ᠬᠠᠷᠠᠭᠤᠯᠤᠨ᠂ ᠨᠢᠷᠤᠭᠤ ᠲᠡᠨᠢᠭᠡᠷ᠂ ᠬᠥᠯ ᠰᠢᠯᠤᠭᠤᠨ ᠪᠠᠶᠢᠳᠠᠯ ᠢᠶᠠᠷ ᠬᠡᠪᠲᠦᠭᠦᠯᠵᠦ᠂ ᠭᠠᠷ ᠢ ᠨᠢ ᠪᠡᠶ᠎ᠡ ᠳᠠᠭᠠᠭᠤᠯᠤᠨ ᠲᠠᠯᠪᠢᠵᠤ ᠤᠷᠤᠰᠢᠭᠤᠯᠬᠤ ᠪᠥᠭᠡᠳ ᠲᠡᠭᠦᠨ ᠦ ᠡᠳ᠋ᠯᠡᠵᠦ ᠬᠡᠷᠡᠭᠯᠡᠵᠦ ᠪᠠᠶᠢᠭᠰᠠᠨ ᠡᠳ᠋ ᠵᠦᠢᠯᠡᠰ ᠢ ᠳᠠᠭᠠᠯᠳᠠᠭᠤᠯᠬᠤ ᠠᠴᠠ ᠭᠠᠳᠠᠨ᠎ᠠ ᠣᠷᠣᠰᠢᠭᠤᠯᠭ᠎ᠠ ᠶᠢᠨ ᠶᠣᠰᠣᠯᠠᠯ ᠦᠢᠯᠡᠳᠳᠡᠭ ᠪᠠᠶᠢᠴᠠᠢ᠃

ᠳᠥᠷᠪᠡᠯᠵᠢᠨ ᠪᠤᠯᠠᠰᠢᠨ ᠤ ᠵᠣᠬᠢᠶᠠᠨ ᠪᠠᠶᠢᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠤᠯᠠᠰᠢᠨ ᠤ ᠬᠦᠷᠢᠶ᠎ᠡ ᠨᠢ 1.5-9.6 ᠮ᠂ ᠳᠥᠷᠪᠡᠯᠵᠢᠨ ᠴᠢᠯᠠᠭᠤᠨ ᠤ ᠥᠨᠳᠥᠷ ᠨᠢ 0.5-3 ᠮ ᠬᠦᠷᠡᠳᠡᠭ ᠪᠠ ᠭᠠᠵᠠᠷ ᠤᠨ ᠭᠠᠳᠠᠷᠭᠤ ᠠᠴᠠ 0.6 ᠮ-2.5-3 ᠮᠧᠲ᠋ᠷ ᠦᠨ ᠭᠦᠨᠳᠡ ᠪᠠᠶᠢᠳᠠᠭ᠃ᠳᠥᠷᠪᠡᠯᠵᠢᠨ ᠪᠤᠯᠠᠰᠢᠨ ᠨᠤᠭᠤᠳ ᠤᠨ ᠳᠡᠭᠡᠷ᠎ᠡ ᠵᠠᠷᠢᠮ ᠳᠤ ᠪᠠᠨ ᠪᠤᠭᠤᠨ ᠬᠥᠰᠢᠶ᠎ᠡ ᠪᠣᠰᠬᠠᠭᠰᠠᠨ ᠪᠠᠶᠢᠬᠤ ᠨᠢ ᠪᠤᠢ᠃ᠵᠠᠷᠢᠮ ᠳᠤ ᠪᠠᠨ ᠪᠤᠭᠤ ᠶᠢᠨ ᠣᠷᠣᠨ ᠳᠤ ᠮᠣᠷᠢ ᠶᠢ ᠳᠦᠷᠰᠦᠯᠡᠵᠦ ᠬᠥᠰᠢᠭᠡᠨ ᠳᠡᠭᠡᠷ᠎ᠡ ᠪᠡᠨ ᠬᠢᠲᠤᠭ᠎ᠠ᠂ ᠰᠦᠬᠡ ᠵᠡᠷᠭᠡ ᠲᠥᠷᠥᠯ ᠪᠦᠷᠢ ᠶᠢᠨ ᠵᠡᠷ ᠵᠡᠪᠰᠡᠭ ᠰᠡᠶᠢᠯᠦᠭᠰᠡᠨ ᠪᠠᠶᠢᠬᠤ ᠨᠢ ᠪᠤᠢ᠃

ᠨᠧᠷᠴᠢᠨᠰᠺ ᠤᠨ ᠯᠠᠮᠢ ᠠᠭᠤᠯᠠᠨ ᠳᠤ 30 ᠮᠧᠲ᠋ᠷ ᠤᠷᠲᠤ᠂ 4 ᠬᠡᠰᠡᠭ ᠡᠴᠡ ᠪᠥᠷᠢᠳᠬᠦ ᠲᠣᠮᠣᠬᠠᠨ ᠣᠷᠣᠰᠢᠭᠤᠯᠭ᠎ᠠ ᠶᠢᠨ ᠴᠣᠭᠴᠠᠯᠠᠪᠤᠷᠢ ᠪᠤᠢ᠃ᠪᠤᠯᠠᠰᠢᠨ ᠤ ᠳᠡᠭᠡᠷ᠎ᠡ ᠡᠴᠡ ᠲᠤᠰ ᠪᠦᠷᠢ ᠨᠢ 500 ᠺᠭ ᠣᠷᠴᠢᠮ ᠵᠢᠩᠲᠡᠢ ᠲᠣᠮᠣ ᠴᠢᠯᠠᠭᠤᠨ ᠨᠤᠭᠤᠳ ᠢᠶᠠᠷ ᠳᠠᠷᠤᠵᠤ ᠮᠣᠷᠢ᠂ ᠦᠬᠡᠷ᠂ ᠬᠣᠨᠢ ᠳᠠᠭᠠᠯᠳᠤᠭᠤᠯᠤᠭᠰᠠᠨ ᠪᠠᠶᠢᠳᠠᠭ᠃

ᠶᠡᠬᠡᠩᠬᠢ ᠳᠥᠷᠪᠡᠯᠵᠢᠨ ᠪᠤᠯᠠᠰᠢ ᠡᠷᠲᠡ ᠴᠠᠭ ᠲᠤ ᠲᠣᠨᠣᠭᠳᠠᠵᠠᠢ᠃ᠡᠨᠳᠡ ᠡᠴᠡ ᠣᠯᠳᠠᠭᠰᠠᠨ ᠬᠤᠪᠴᠠᠰᠤᠨ ᠨᠤᠭᠤᠳ ᠨᠢ ᠲᠥᠷᠥᠯ ᠪᠦᠷᠢ ᠶᠢᠨ ᠥᠩᠭᠡ᠂ ᠴᠢᠮᠡᠭᠯᠡᠯ ᠲᠡᠢ ᠪᠠᠶᠢᠳᠠᠭ᠃ᠮᠥᠨ ᠵᠡᠭᠦᠦ᠂ ᠰᠦᠬᠡ᠂ ᠬᠢᠲᠤᠭ᠎ᠠ᠂ ᠨᠤᠮᠤ᠂ ᠠᠶᠠᠭ᠎ᠠ ᠵᠡᠷᠭᠡ ᠡᠳ᠋ᠯᠡᠯ ᠭᠠᠷᠳᠠᠭ ᠪᠠ ᠶᠡᠬᠡᠩᠬᠢ ᠨᠢ ᠬᠦᠷᠡᠯ᠂ ᠴᠥᠭᠡᠨ ᠬᠡᠰᠡᠭ ᠨᠢ ᠲᠡᠮᠦᠷ ᠢᠶᠡᠷ ᠬᠢᠭᠳᠡᠵᠡᠢ᠃

ᠤᠷᠤᠰᠢᠭᠤᠯᠬᠤ ᠶᠣᠰᠣᠯᠠᠯ ᠤᠨ ᠵᠠᠩ ᠦᠢᠯᠡ ᠶᠢ ᠭᠠᠵᠠᠷ ᠰᠤᠩᠭᠤᠬᠤ᠂ ᠵᠦᠭ ᠡᠷᠬᠢᠮᠯᠡᠬᠦ᠂ ᠡᠳ᠋ ᠥᠯᠥᠭ ᠳᠠᠭᠠᠯᠳᠠᠭᠤᠯᠬᠤ᠂ ᠬᠣᠶᠢᠯᠣᠯᠭ᠎ᠠ ᠦᠢᠯᠡᠳᠬᠦ ᠶᠣᠰᠣ ᠭᠣᠣᠯᠯᠠᠨ ᠪᠦᠷᠢᠳᠦᠭᠦᠯᠳᠡᠭ ᠪᠠᠶᠢᠪᠠ᠃[1]

ᠬᠦᠷᠡᠯ ᠵᠡᠪᠰᠡᠭ ᠦᠨ ᠦᠶ᠎ᠡ ᠶᠢᠨ ᠳᠥᠷᠪᠡᠯᠵᠢᠨ ᠪᠤᠯᠠᠰᠢᠨ ᠠᠴᠠ ᠢᠯᠡᠷᠡᠨ ᠣᠯᠳᠠᠵᠤ ᠪᠤᠢ ᠡᠳ᠋ ᠥᠯᠥᠭᠡᠢ ᠶᠢᠨ ᠵᠦᠢᠯᠡᠰ ᠢ ᠶᠡᠷᠦᠩᠬᠡᠢ ᠳᠤ ᠨᠢ : ᠵᠡᠷ ᠵᠡᠪᠰᠡᠭ ᠪᠠᠶᠢᠯᠳᠤᠭᠠᠨ ᠤ ᠬᠡᠷᠡᠭᠰᠡᠯ ᠠᠵᠤ ᠠᠬᠤᠢ ᠬᠥᠳᠡᠯᠮᠦᠷᠢ ᠶᠢᠨ ᠪᠠᠭᠵᠢ ᠬᠡᠷᠡᠭᠰᠡᠯ ᠭᠣᠶᠣᠯ ᠴᠢᠮᠡᠭᠯᠡᠯ ᠦᠨ ᠵᠦᠢᠯᠡᠰ ᠸᠠᠭᠠᠷ᠂ ᠰᠠᠪᠠ ᠰᠠᠭᠤᠯᠭᠠᠨ ᠤ ᠲᠥᠷᠥᠯ ᠭᠡᠵᠦ ᠠᠩᠭᠢᠯᠠᠨ᠎ᠠ᠃ ᠳᠥᠷᠪᠡᠯᠵᠢᠨ ᠪᠤᠯᠠᠰᠢ ᠶᠢ ᠬᠡᠯᠪᠡᠷᠢ ᠪᠡᠷ ᠨᠢ : ᠳᠥᠷᠪᠡᠨ ᠪᠤᠯᠤᠩᠳᠠᠭ᠎ᠠ ᠥᠨᠳᠥᠷ ᠱᠣᠨᠲᠣᠢ᠂ ᠳᠥᠷᠪᠡᠨ ᠥᠨᠴᠥᠭ ᠲᠦ ᠬᠦᠷᠢᠶ᠎ᠡ ᠲᠡᠢ ᠳᠥᠷᠪᠡᠨ ᠲᠠᠯ᠎ᠠ ᠶᠢᠨ ᠬᠦᠷᠢᠶ᠎ᠡ ᠨᠢ ᠨᠠᠮᠬᠠᠪᠲᠤᠷ᠂ ᠬᠠᠪᠲᠠᠭᠠᠢ ᠴᠢᠯᠠᠭᠤᠨ ᠳᠠᠷᠤᠭᠠᠰᠤ ᠪᠦᠬᠦᠢ ᠳᠥᠷᠪᠡᠨ ᠲᠠᠯ᠎ᠠ ᠬᠦᠷᠢᠶ᠎ᠡ ᠴᠢᠯᠠᠭᠤᠲᠠᠢ ᠪᠣᠯᠪᠠᠴᠤ ᠬᠣᠶᠢᠳᠤ᠂ ᠤᠷᠳᠤ ᠬᠠᠰᠢᠯᠭ᠎ᠠ ᠨᠢ ᠳᠣᠲᠣᠭᠰᠢ ᠪᠠᠨ ᠬᠣᠩᠬᠣᠶᠢᠭᠰᠠᠨ ᠪᠤᠯᠠᠰᠢ ᠬᠡᠮᠡᠨ ᠠᠩᠭᠢᠯᠠᠨ ᠢᠯᠭᠠᠭᠰᠠᠨ ᠪᠠᠶᠢᠨ᠎ᠠ᠃ ᠳᠥᠷᠪᠡᠯᠵᠢᠨ ᠪᠤᠯᠠᠰᠢ ᠶᠢ ᠭᠦᠢᠴᠡᠳᠭᠡᠭᠰᠡᠨ ᠵᠠᠩ ᠦᠢᠯᠡ᠂ ᠶᠣᠰᠣᠯᠠᠯ ᠤᠨ ᠵᠣᠷᠢᠭᠤᠯᠤᠯᠲᠠ ᠪᠠᠷ ᠨᠢ ᠤᠷᠤᠰᠢᠭᠤᠯᠬᠤ ᠶᠣᠰᠣᠯᠠᠯ ᠤᠨ ᠪᠠᠶᠢᠭᠤᠯᠤᠮᠵᠢ᠂ ᠲᠠᠬᠢᠯᠭ᠎ᠠ ᠶᠣᠰᠣᠯᠠᠯ ᠤᠨ ᠪᠠᠶᠢᠭᠤᠯᠤᠮᠵᠢ ᠭᠡᠵᠦ ᠠᠩᠭᠢᠯᠠᠨ᠎ᠠ᠃[1]

ᠪᠠᠶᠢᠭᠠᠯᠢ ᠨᠠᠭᠤᠷ ᠤᠨ ᠵᠡᠭᠦᠨ ᠬᠡᠰᠡᠭ ᠦᠨ ᠳᠥᠷᠪᠡᠯᠵᠢᠨ ᠪᠤᠯᠠᠰᠢᠨ ᠤ ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠳᠡᠬᠢ ᠶᠢᠨ ᠵᠠᠷᠢᠮ ᠳᠥᠷᠪᠡᠯᠵᠢᠨ ᠪᠤᠯᠠᠰᠢᠨ ᠤ ᠭᠠᠳᠠᠭᠤᠷ ᠴᠢᠯᠠᠭᠤ ᠪᠠᠷ ᠳᠤᠤᠭᠠᠷᠭ ᠡᠰᠡᠪᠡᠯ ᠲᠡᠭᠰᠢ ᠥᠨᠴᠥᠭᠲᠦ ᠬᠦᠷᠢᠶ᠎ᠡ ᠡᠭᠦᠰᠬᠡᠭᠰᠡᠨ ᠪᠠᠶᠢᠳᠠᠭ᠃ᠭᠣᠣᠯᠴᠢᠯᠠᠨ ᠥᠨᠳᠥᠷᠯᠢᠭ ᠭᠠᠵᠠᠷ ᠪᠠᠶᠢᠷᠢᠯᠠᠭᠤᠯᠤᠭᠰᠠᠨ ᠢ ᠨᠠᠷ ᠢ ᠰᠢᠲᠦᠬᠦ ᠦᠵᠡᠯ ᠲᠡᠢ ᠬᠣᠯᠪᠣᠨ ᠲᠠᠶᠢᠯᠪᠤᠷᠢᠯᠠᠳᠠᠭ᠃

ᠤᠭᠰᠠᠭᠠᠲᠠᠨ ᠤ ᠬᠠᠮᠢᠶᠠᠷᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠥᠷᠪᠡᠯᠵᠢᠨ ᠪᠤᠯᠠᠰᠢᠨ ᠤ ᠰᠤᠶᠤᠯ ᠤᠨ ᠬᠦᠮᠦᠰ ᠨᠢ ᠮᠣᠩᠭᠣᠯᠵᠢᠭᠤ ᠲᠥᠷᠬᠥ ᠲᠡᠢ ᠪᠠᠶᠢᠭᠰᠠᠨ ᠪᠠ ᠬᠠᠷᠢᠨ ᠴᠥᠭᠡᠨ ᠬᠡᠰᠡᠭ ᠨᠢ ᠪᠤᠶᠤ ᠲᠤᠸᠠ᠂ ᠪᠠᠷᠠᠭᠤᠨ ᠬᠣᠶᠢᠳᠤ ᠮᠣᠩᠭᠣᠯ ᠠᠴᠠ ᠰᠡᠭᠦᠯ ᠳᠦ ᠢᠷᠡᠭᠰᠡᠨ ᠳᠥᠷᠪᠡᠯᠵᠢᠨ ᠪᠤᠯᠠᠰᠢᠨ ᠤ ᠬᠦᠮᠦᠰ ᠨᠢ ᠺᠠᠸᠬᠠᠰ ᠲᠥᠷᠬᠥᠲᠡᠨ ᠪᠠᠶᠢᠴᠠᠢ᠃ ᠡᠮᠦᠨᠡᠲᠦ ᠪᠠᠶᠢᠭᠠᠯᠢ᠂ ᠵᠡᠭᠦᠨ ᠮᠣᠩᠭᠣᠯ ᠤᠨ ᠬᠦᠷᠡᠯᠡᠶᠢᠨ ᠦᠶ᠎ᠡ ᠶᠢᠨ ᠬᠦᠮᠦᠰ ᠲᠡᠢ ᠳᠥᠷᠪᠡᠯᠵᠢᠨ ᠪᠤᠯᠠᠰᠢᠨ ᠤ ᠬᠦᠮᠦᠰ ᠤᠭᠰᠠᠭ᠎ᠠ ᠭᠠᠷᠤᠯ ᠨᠢᠭᠡ ᠪᠠᠶᠢᠭᠰᠠᠨ ᠪᠠᠶᠢᠨ᠎ᠠ᠃ᠮᠣᠩᠭᠣᠯ ᠡᠷᠳᠡᠮᠲᠡᠳ ᠳᠥᠷᠪᠡᠯᠵᠢᠨ ᠪᠤᠯᠠᠰᠢᠨ ᠤ ᠰᠤᠶᠤᠯ ᠨᠢ ᠳᠠᠷᠠᠭ᠎ᠠ ᠦᠶ᠎ᠡ ᠶᠢᠨ ᠾᠢᠦᠩᠨᠦ᠂ ᠰᠢᠶᠠᠨᠪᠢ ᠵᠡᠷᠭᠡ ᠮᠣᠩᠭᠣᠯ ᠤᠭᠰᠠᠭᠠᠲᠠᠨ ᠨᠤᠭᠤᠳ ᠤᠨ ᠰᠤᠶᠤᠯ ᠲᠠᠢ ᠢᠵᠢᠯ᠂ ᠳᠥᠷᠪᠡᠯᠵᠢᠨ ᠪᠤᠯᠠᠰᠢᠨ ᠤ ᠬᠦᠮᠦᠰ ᠨᠢ ᠮᠣᠩᠭᠣᠯ ᠲᠥᠷᠬᠦᠲᠡᠨ ᠦ ᠡᠮᠦᠨᠡᠲᠦ ᠰᠢᠪᠸᠷᠢᠶ ᠠ ᠶᠢᠨ ᠳᠡᠳ᠋ ᠪᠦᠯᠦᠭ ᠪᠤᠶᠤ ᠮᠣᠩᠭᠣᠯᠴᠤᠳ ᠪᠠᠶᠢᠭᠰᠠᠨ ᠭᠡᠵᠦ ᠪᠠᠲᠤᠯᠠᠳᠠᠭ ᠪᠣᠯ ᠭᠠᠳᠠᠨ᠎ᠠ ᠶᠢᠨ ᠵᠠᠷᠢᠮ ᠰᠤᠳᠤᠯᠤᠭᠠᠴᠢᠳ ᠲᠡᠳᠡᠨ ᠢ ᠭᠠᠷᠤᠯ ᠡᠭᠦᠰᠦᠯ ᠨᠢ ᠪᠦᠷᠬᠦᠭ ᠲᠣᠳᠣᠷᠬᠠᠢ ᠦᠭᠡᠢ ᠭᠡᠬᠦ ᠪᠤᠶᠤ ᠮᠣᠩᠭᠣᠯ ᠲᠥᠷᠬᠦᠲᠡᠨ ᠦ ᠤᠮᠠᠷᠠᠳᠤ ᠰᠢᠪᠸᠷᠢᠶ ᠠ ᠶᠢᠨ ᠳᠡᠳ᠋ ᠪᠦᠯᠦᠭ ᠦᠨ ᠤᠭᠰᠠᠭᠠᠲᠠᠨ᠂ ᠮᠣᠩᠭᠣᠯᠴᠤᠳ ᠺᠠᠷᠠᠰᠤᠺ ᠤᠨ ᠰᠤᠶᠤᠯ ᠢ ᠮᠥᠬᠦᠭᠰᠡᠨ ᠦ ᠳᠠᠷᠠᠭ᠎ᠠ ᠡᠨᠳᠡ ᠢᠷᠡᠭᠰᠡᠨ ᠭᠡᠵᠦ ᠦᠵᠡᠳᠡᠭ᠃

ᠲᠡᠳᠡ ᠲᠠᠯᠢᠢᠭᠠᠴᠢ ᠶᠢ ᠣᠷᠣᠰᠢᠭᠤᠯᠬᠤ ᠳᠤ ᠪᠠᠨ ᠴᠢᠯᠠᠭᠤᠨ ᠳᠡᠷ᠎ᠡ ᠲᠠᠯᠪᠢᠳᠠᠭ ᠨᠢ ᠮᠣᠩᠭᠣᠯᠴᠤᠳ ᠲᠠᠯᠢᠢᠭᠠᠴᠢ ᠶᠢᠨ ᠲᠣᠯᠣᠭᠠᠢ ᠳᠣᠣᠷ᠎ᠠ ᠴᠠᠢ ᠲᠠᠯᠪᠢᠵᠤ ᠣᠷᠣᠰᠢᠭᠤᠯᠳᠠᠭ ᠲᠠᠢ ᠢᠵᠢᠯ ᠪᠠᠶᠢᠨ᠎ᠠ᠃ ᠲᠤᠯᠤᠭᠠᠨ ᠳᠤ ᠣᠷᠣᠵᠤ ᠪᠤᠢ ᠮᠣᠩᠭᠣᠯ ᠴᠡᠷᠢᠭ ᠦᠳ "ᠳᠡᠷ᠎ᠡ ᠠᠪᠴᠤ ᠦᠬᠦᠨ᠎ᠡ" ᠭᠡᠳᠡᠭ ᠨᠢ ᠡᠨᠡ ᠵᠠᠩᠰᠢᠯ ᠲᠠᠢ ᠬᠣᠯᠪᠣᠭ᠎ᠠ ᠲᠠᠢ᠃ ᠮᠥᠨ ᠳᠥᠷᠪᠡᠯᠵᠢᠨ ᠪᠤᠯᠠᠰᠢᠨ ᠤ ᠰᠤᠶᠤᠯ ᠤᠨ ᠬᠦᠮᠦᠰ ᠪᠣᠯᠤᠨ ᠾᠬᠦᠩᠨᠦᠴᠦᠳ ᠠᠭᠤᠯᠠ ᠶᠢᠨ ᠡᠩᠭᠡᠷ ᠲᠦ ᠬᠦᠮᠦᠰ ᠢ ᠣᠷᠣᠰᠢᠭᠤᠯᠳᠠᠭ ᠪᠠᠶᠢᠭᠰᠠᠨ ᠨᠢ ᠣᠳᠣ ᠴᠤ ᠬᠡᠪ ᠢᠶᠡᠷ ᠢᠶᠡᠨ ᠪᠠᠶᠢᠨ᠎ᠠ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠨ᠃ᠨᠠᠸᠠᠩ᠂"ᠳᠣᠷᠣᠨᠠᠲᠤ ᠮᠣᠩᠭᠣᠯ ᠤᠨ ᠬᠦᠷᠡᠯᠡᠶᠢᠨ ᠦᠶ᠎ᠡ"
  • ᠰᠡᠷ-ᠣᠳᠵᠠᠪ᠂ "ᠮᠣᠩᠭᠣᠯ ᠤᠨ ᠡᠷᠲᠡᠨ ᠦ ᠲᠡᠦᠬᠡ"

ᠨᠡᠮᠡᠵᠦ ᠤᠩᠰᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ