ᠳᠥᠷᠪᠡᠨ ᠣᠶᠢᠷᠠᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠡᠭᠦᠰᠦᠯ ᠪᠦᠷᠢᠯᠳᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

Mongolia XVI.png

ᠤᠶᠢᠷᠠᠳ ᠪᠣᠯ ᠮᠣᠩᠭᠤᠯ ᠤᠨ ᠡᠷᠲᠡᠨ  ᠤ ᠠᠶᠢᠮᠠᠭ ᠤᠨ ᠨᠢᠭᠡ ᠮᠦᠨ ‍᠂‍ ᠤᠳᠬ᠎ᠠ ᠨᠢ ᠣᠢ ᠶᠢᠨ ᠢᠷᠭᠡᠳ ‍᠂‍ ᠡᠨᠡᠬᠦ ᠮᠣᠩᠭᠤᠯ ᠤᠨ ᠪᠠᠷᠠᠭᠤᠨ ᠬᠡᠰᠡᠭ ᠦᠨ ᠠᠶᠠᠯᠭᠤ ᠪᠡᠷ ᠶᠠᠷᠢᠳᠠᠭ ᠠᠶᠢᠮᠠᠭ ᠨᠢ ᠡᠷᠲᠡᠨ ᠳ᠋ᠥ ᠪᠡᠨ ᠪᠠᠶᠢᠭᠠᠯ ᠨᠠᠭᠤᠷ ᠡᠴᠡ ᠪᠠᠷᠠᠭᠤᠨᠰᠢ ᠶᠸᠨᠢᠰᠸᠢ ᠮᠦᠷᠡᠨ  ᠤ ᠳᠡᠭᠡᠳᠦ ᠤᠷᠤᠰᠬᠠᠯ ᠣᠷᠤᠨ ᠳ᠋ᠥ ᠠᠩ ᠠᠩᠨᠠᠬᠤ ᠪᠡᠷ ᠭᠣᠤᠯ ᠪᠣᠯᠭᠠᠵᠤ ᠠᠵᠤ ᠲᠦᠷᠦᠵᠤ ᠪᠠᠶᠢᠵᠠᠢ ‍᠂‍ ᠠᠷᠪᠠᠨ ᠭᠤᠷᠪᠠᠳᠤᠭᠠᠷ ᠵᠠᠭᠤᠨ  ᠤ ᠡᠬᠢᠨ ᠳ᠋ᠥ ᠴᠢᠩᠭᠢᠰ ᠬᠠᠭᠠᠨ  ᠤ ᠳᠠᠭᠠᠭᠤᠯᠤᠯ ᠳᠣᠤᠷ᠎ᠠ ᠣᠷᠤᠵᠤ ‍᠂‍ ᠨᠠᠢᠮᠠᠨ ᠭᠣᠤᠯ ᠤᠨ ᠤᠶᠢᠷᠠᠳ  ᠢ ᠳᠦᠷᠪᠡᠨ ᠮᠢᠩᠭᠠᠨ ᠡᠷᠦᠬᠡ ᠪᠣᠯᠭᠠᠨ ᠬᠤᠪᠢᠶᠠᠵᠤ ᠡᠷᠲᠡᠨ  ᠤ ᠳᠦᠷᠪᠡᠨ ᠤᠶᠢᠷᠠᠳ ᠪᠦᠷᠢᠯᠳᠦᠭᠰᠡᠨ ᠪᠠᠶᠢᠨ᠎ᠠ ‍᠂‍ ᠶᠤᠸᠠᠨ  ᠤ ᠡᠴᠦᠰ ᠤᠮᠠᠷᠠᠲᠤ ᠶᠤᠸᠠᠨ  ᠤ ᠡᠬᠢᠨ ᠵᠢᠡᠷ ᠨᠡᠶᠢᠭᠡᠮ ᠦᠨ ᠬᠦᠭᠵᠢᠯᠲᠡ ᠶᠢ ᠳᠠᠭᠠᠯᠳᠤᠨ ᠠᠶᠢᠮᠠᠭ ᠪᠦᠯᠦᠭ ᠦᠨ ᠬᠦᠮᠦᠨ ᠠᠮᠠ ᠨᠢ ᠨᠡᠮᠡᠭᠳᠡᠵᠦ ᠳᠦᠷᠪᠡᠨ ᠲᠦᠮᠡᠨ ᠡᠷᠦᠬᠡ ᠪᠣᠯᠵᠤ ᠬᠦᠭᠵᠢᠭᠰᠡᠨ ᠪᠠᠶᠢᠨ᠎ᠠ ‍᠂‍  ᠨᠤᠲᠤᠭ ᠣᠷᠤᠨ ᠨᠢ ᠣᠤᠯ ᠤᠨ ᠶᠸᠨᠢᠰᠸᠢ ᠮᠦᠷᠡᠨ  ᠤ ᠳᠡᠭᠡᠳᠦ ᠤᠷᠤᠰᠬᠠᠯ ᠡᠴᠡ ᠦᠷᠭᠡᠵᠢᠵᠥ ᠪᠠᠷᠠᠭᠤᠨᠰᠢ ᠠᠯᠲᠠᠢ ᠠᠭᠤᠯᠠ ᠶᠢ ᠳᠠᠪᠠᠵᠤ ᠡᠷᠴᠢᠰ ᠭᠣᠤᠯ ᠤᠨ ᠳᠡᠭᠡᠳᠦ ᠤᠷᠤᠰᠬᠠᠯ ‍᠂‍ ᠪᠠᠷᠠᠭᠤᠨ ᠡᠮᠦᠨᠡᠰᠢ ᠬᠠᠮᠢ ‍᠂‍ ‍ᠪᠸᠱᠪᠠᠯᠢᠺ ᠲᠠᠢ ᠨᠢᠭᠤᠷᠯᠠᠵᠤ ‍᠂‍ ᠵᠡᠭᠦᠨ ᠡᠮᠦᠨᠡᠰᠢ ᠵᠠᠪᠬᠠᠨ ᠭᠣᠤᠯ ᠵᠢᠡᠷ ᠵᠡᠭᠦᠨ ᠮᠣᠩᠭᠤᠯ ᠲᠠᠢ ᠵᠡᠷᠭᠡᠯᠡᠳᠡᠭᠡ ᠣᠷᠤᠰᠢᠵᠤ ‍᠂‍ ᠤᠮᠠᠷᠠᠰᠢ ᠬᠢᠷᠬᠢᠰ ᠲᠠᠢ ᠬᠠᠶᠠᠭ᠎᠎ᠠ ᠳᠠᠷᠤᠨ ᠰᠠᠭᠤᠳᠠᠭ ‍᠃‍ ᠤᠶᠢᠷᠠᠳ ᠭᠡᠳᠡᠭ ᠨᠢ ᠦᠷᠭᠡᠨ ᠤᠳᠬ᠎ᠠ ᠳᠡᠭᠡᠷ᠎ᠡ ᠪᠡᠨ ᠪᠠᠷᠭᠤ ‍᠂‍ ᠪᠦᠷᠢᠶᠠᠳ ‍᠂‍ ᠤᠷᠢᠶᠠᠩᠬᠠᠢ ᠪᠣᠯᠤᠨ ᠡᠷᠲᠡᠨ  ᠤ ᠤᠶᠢᠷᠠᠳ  ᠢ ᠵᠢᠭᠠᠳᠠᠭ ‍᠂‍ ᠢᠪᠴᠤᠤ ᠤᠳᠬ᠎ᠠ ᠶᠢᠨ ᠤᠶᠢᠷᠠᠳ ᠨᠢ ᠳᠠᠷᠤᠢ ᠮᠠᠨ  ᠤ ᠬᠡᠯᠡᠳᠡᠭ ᠦᠭᠡᠯᠡᠳ ‍᠂‍ ᠪᠢᠳᠡ ᠲᠡᠳᠡᠨ  ᠢ ᠪᠠᠰᠠ ᠪᠠᠷᠠᠭᠤᠨ ᠮᠣᠩᠭᠤᠯ ‍᠂‍ ᠭᠤᠪᠢ ᠶᠢᠨ ᠪᠠᠷᠠᠭᠤᠨ ᠳ᠋ᠠᠬᠢ ᠮᠣᠩᠭᠤᠯ ᠭᠡᠵᠦ ᠴᠦ ᠬᠡᠯᠡᠳᠡᠭ ‍᠂‍ ᠤᠮᠠᠷᠠᠲᠤ ᠶᠤᠸᠠᠨ  ᠤ ᠡᠴᠦᠰ ᠮᠠᠨᠵᠤ ᠴᠢᠩ ᠦᠨ ᠡᠬᠢᠨ ᠳ᠋ᠥ ᠲᠡᠳᠡᠨ  ᠤ ᠰᠦᠷ ᠬᠦᠴᠦᠨ ᠶᠡᠬᠡ ᠪᠠᠶᠢᠵᠤ ‍᠂‍ ᠭᠣᠤᠯᠳᠠᠭᠤ ᠵᠡᠭᠦᠨᠭᠠᠷ ‍᠂‍ ᠳᠦᠷᠪᠡᠳ ‍᠂‍ ᠬᠤᠱᠤᠳ ‍᠂‍ ᠲᠣᠷᠭᠤᠳ ᠵᠡᠷᠭᠡ ᠳᠦᠷᠪᠡᠨ ᠶᠡᠬᠡ ᠠᠶᠢᠮᠠᠭ ᠵᠢᠴᠢ ᠪᠣᠰᠤᠳ ᠬᠡᠳᠦᠨ ᠪᠠᠭ᠎᠎ᠠ ᠠᠶᠢᠮᠠᠭ ᠪᠦᠯᠦᠭ ᠡᠴᠡ ᠪᠦᠷᠢᠯᠳᠦᠳᠡᠭ ‍᠃‍

ᠴᠢᠩᠬᠢᠰ ᠬᠠᠭᠠᠨ ᠵᠢᠴᠢ ᠲᠡᠭᠦᠨ  ᠤ ᠵᠠᠯᠭᠠᠮᠵᠢᠯᠠᠭᠴᠢ ᠵᠢᠨ ᠳᠠᠭᠠᠭᠤᠯᠤᠯ ᠳᠠᠶᠢᠯᠠᠯ ᠭᠠᠳᠠᠭᠰᠢ ᠲᠦᠷᠢᠯ ‍᠂‍ ᠠᠷᠢᠭᠪᠤᠬ᠎ᠠ ᠪᠠ ᠬᠠᠶᠢᠲᠦ ᠶᠢᠨ ᠬᠤᠪᠢᠯᠠᠢ ᠳ᠋ᠥ ᠬᠠᠨᠳᠤᠭᠤᠯᠤᠭᠰᠠᠨ ᠡᠰᠡᠷᠭᠦᠴᠡᠯ ‍᠂‍ ᠤᠮᠠᠷᠠᠲᠤ ᠶᠤᠸᠠᠨ  ᠤ ᠤᠯᠠᠨ ᠵᠢᠯ ᠦᠨ ᠳᠣᠲᠤᠭᠠᠳᠤ ᠶᠢᠨ ᠲᠡᠮᠡᠴᠡᠯ ᠵᠢᠨ ᠶᠠᠪᠤᠴᠠ ᠳ᠋ᠥ ᠤᠶᠢᠷᠠᠳ ᠨᠢ ᠤᠯᠠᠨᠲᠠ ᠣᠷᠤᠯᠴᠠᠵᠤ ‍᠂‍ ᠶᠡᠬᠡᠬᠡᠨ ᠠᠰᠢᠭ ᠬᠦᠷᠲᠡᠵᠦ ᠰᠦᠷ ᠬᠦᠴᠦᠨ ᠵᠢᠡᠨ ᠦᠷᠭᠡᠵᠢᠭᠦᠯᠵᠦ ᠳᠡᠶᠢᠯᠵᠡᠢ ‍᠂‍ ᠤᠶᠢᠷᠠᠳ ᠨᠢ ᠮᠣᠩᠭᠤᠯ ᠤᠨ ᠲᠡᠦᠬᠡ ᠮᠦᠨ ᠳᠤᠮᠳᠠ ᠠᠽᠢᠶ᠎ᠠ ᠶᠢᠨ ᠲᠡᠦᠬᠡᠨ ᠳ᠋ᠥ ᠮᠠᠰᠢ ᠶᠡᠬᠡ ᠨᠦᠯᠦᠭᠡ ᠭᠠᠷᠭᠠᠭᠰᠠᠨ ᠪᠠᠶᠢᠨ᠎ᠠ ‍᠃‍ ᠠᠷᠪᠠᠨ ᠲᠠᠪᠤᠳᠤᠭᠠᠷ ᠵᠠᠭᠤᠨ  ᠤ ᠳᠤᠮᠳᠠᠴᠢ ᠳᠠᠷᠤᠢ 1437 ᠤᠨ ᠳ᠋ᠥ ᠤᠶᠢᠷᠠᠳ ᠨᠢ ᠬᠦᠴᠦᠷᠬᠡᠭ ᠶᠡᠬᠡ ᠪᠠᠷᠠᠭᠤᠨ ᠮᠣᠩᠭᠤᠯ ᠤᠨ ᠬᠣᠯᠪᠤᠭᠠᠯᠠᠯ  ᠢ ᠪᠠᠶᠢᠭᠤᠯᠵᠤ ᠳᠦᠷᠪᠡᠨ ᠤᠶᠢᠷᠠᠳ ᠤᠨ ᠬᠣᠯᠪᠤᠭ᠎᠎ᠠ ᠭᠡᠵᠦ ᠬᠡᠯᠡᠳᠡᠭ ‍᠂‍ ᠡᠳᠡᠭᠡᠷ ᠳᠦᠷᠪᠡᠨ ᠤᠶᠢᠷᠠᠳ  ᠢ ᠬᠡᠯᠡᠪᠡᠯ ‍᠂‍ ᠨᠢᠭᠡᠳᠦᠭᠡᠷ ᠤᠶᠢᠷᠠᠳ ᠨᠢ ᠴᠣᠷᠤᠰ ᠠᠶᠢᠮᠠᠭ ‍᠂‍ ᠳᠦᠷᠪᠡᠳ ᠠᠶᠢᠮᠠᠭ ‍᠂‍ ᠬᠤᠱᠤᠳ ᠠᠶᠢᠮᠠᠭ ‍:‍ ᠬᠤᠶᠠᠳᠤᠭᠠᠷ ᠤᠶᠢᠷᠠᠳ ᠨᠢ ᠬᠣᠶᠢᠳ ᠠᠶᠢᠮᠠᠭ ‍᠂‍ ᠪᠠᠲᠤᠳ ᠠᠶᠢᠮᠠᠭ ‍᠂‍ ᠲᠦᠮᠡᠳ ᠠᠶᠢᠮᠠᠭ ‍:‍ ᠭᠤᠷᠪᠠᠳᠤᠭᠠᠷ ᠤᠶᠢᠷᠠᠳ ᠨᠢ ᠪᠠᠷᠭᠤ ᠠᠶᠢᠮᠠᠭ ‍᠂‍ ᠪᠦᠷᠢᠶᠠᠳ ᠠᠶᠢᠮᠠᠭ ‍᠂‍ ᠤᠷᠢᠶᠠᠩᠬᠠᠢ ᠠᠶᠢᠮᠠᠭ ‍᠂‍ ᠪᠤᠯᠠᠰ ᠠᠶᠢᠮᠠᠭ ‍᠂‍ ᠪᠢᠷᠮᠠᠨ ᠠᠶᠢᠮᠠᠭ ‍᠂‍ ᠬᠡᠷᠡᠶᠢᠳ ᠠᠶᠢᠮᠠᠭ ‍᠂‍ ᠵᠢᠷᠠᠳ ᠠᠶᠢᠮᠠᠭ ‍:‍ ᠳᠦᠷᠪᠡᠳᠦᠭᠡᠷ ᠤᠶᠢᠷᠠᠳ ᠨᠢ ᠪᠣᠰᠤᠳ ᠦᠯᠡᠳᠡᠭᠰᠡᠨ ᠮᠣᠩᠭᠤᠯ ᠠᠶᠢᠮᠠᠭ  ᠢ ᠵᠢᠭᠠᠨ᠎ᠠ ‍᠃‍ ᠬᠣᠯᠪᠤᠭᠠᠨ  ᠤ ᠠᠬᠠᠯᠠᠭᠴᠢ ᠡᠰᠡᠨ ‍(‍ 1407 ~ 1454 ‍)‍ ᠪᠦᠬᠦ ᠮᠣᠩᠭᠤᠯ  ᠢ ᠨᠢᠭᠡᠳᠬᠡᠵᠦ ᠮᠠᠰᠢ ᠣᠬᠤᠷᠬᠠᠨ ᠬᠤᠭᠤᠴᠠᠭ᠎᠎ᠠ ᠵᠠᠰᠠᠭ ᠪᠠᠷᠢᠭᠰᠠᠨ ᠪᠣᠯᠪᠠᠴᠤ ᠨᠢᠭᠡᠨ ᠨᠢᠭᠡᠲᠦᠭᠰᠡᠨ ᠬᠦᠴᠦᠷᠬᠡᠭ ᠶᠡᠬᠡ ᠵᠠᠰᠠᠭ  ᠢ ᠪᠠᠶᠢᠭᠤᠯᠵᠤ ᠳᠡᠶᠢᠯᠦᠭᠰᠡᠨ ᠪᠢᠯᠡ ‍᠃‍ 1454 ᠤᠨ ᠳ᠋ᠥ ᠡᠰᠡᠨ ᠬᠣᠤᠷᠯᠠᠭᠳᠠᠬᠤ ᠶᠢ ᠳᠠᠭᠠᠯᠳᠤᠨ ‍᠂‍ ᠬᠣᠯᠪᠤᠭ᠎᠎ᠠ ᠳᠠᠬᠢᠨ ᠵᠠᠳᠠᠷᠠᠪᠠ ‍᠃‍ 1487 ᠤᠨ ᠳ᠋ᠥ ᠳᠠᠬᠢᠨ ᠤᠶᠢᠷᠠᠳ ᠤᠨ ᠬᠣᠯᠪᠤᠭ᠎᠎ᠠ ᠪᠠᠶᠢᠭᠤᠯᠤᠭᠳᠠᠵᠤ ‍᠂‍ ᠨᠢᠭᠡᠳᠦᠭᠡᠷ ᠤᠶᠢᠷᠠᠳ ᠨᠢ ᠦᠭᠡᠯᠡᠳ ᠠᠶᠢᠮᠠᠭ ‍:‍ ᠬᠤᠶᠠᠳᠤᠭᠠᠷ ᠤᠶᠢᠷᠠᠳ ᠨᠢ ᠬᠣᠶᠢᠳ ᠠᠶᠢᠮᠠᠭ ‍᠂‍ ᠪᠠᠲᠤᠳ ᠠᠶᠢᠮᠠᠭ ‍:‍ ᠭᠤᠷᠪᠠᠳᠤᠭᠠᠷ ᠤᠶᠢᠷᠠᠳ ᠨᠢ ᠪᠠᠷᠭᠤ ᠠᠶᠢᠮᠠᠭ ‍᠂‍ ᠪᠦᠷᠢᠶᠠᠳ ᠠᠶᠢᠮᠠᠭ ‍:‍ ᠳᠦᠷᠪᠡᠳᠦᠭᠡᠷ ᠤᠶᠢᠷᠠᠳ ᠨᠢ ᠴᠣᠷᠤᠰ ᠠᠶᠢᠮᠠᠭ ‍᠂‍ ᠬᠤᠱᠤᠳ ᠠᠶᠢᠮᠠᠭ ‍᠂‍ ᠳᠦᠷᠪᠡᠳ ᠠᠶᠢᠮᠠᠭ ᠃

ᠭᠠᠯᠳᠠᠨ ᠪᠠ ᠲᠡᠬᠦᠨ ᠡᠴᠡ ᠬᠣᠢᠰᠢ ᠦᠶ᠎ᠡ ᠶᠢᠨ ᠵᠡᠭᠦᠨᠭᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

1634  ᠤᠨ ᠳ᠋ᠥ ᠵᠡᠭᠦᠨᠭᠠᠷ ᠠᠶᠢᠮᠠᠭ ᠤᠨ ᠠᠬᠠᠯᠠᠭᠴᠢ ᠬᠠᠷ᠎ᠠ ᠬᠤᠯᠠ ᠨᠠᠰᠤ ᠪᠠᠷᠠᠵᠤ ‍᠂‍ ᠠᠬᠠᠮᠠᠳ ᠬᠦᠪᠡᠭᠦᠨ ᠪᠠᠭᠠᠲᠤᠷ ᠵᠠᠯᠭᠠᠮᠵᠢᠯᠠᠵᠤ ‍᠂‍ ᠲᠠᠰᠤᠷᠠᠯᠲᠠ ᠦᠭᠡᠢ ᠨᠤᠲᠤᠭ ᠤᠰᠤ ᠪᠡᠨ ᠦᠷᠭᠡᠳᠬᠡᠵᠦ ‍᠂‍ 1638 ᠤᠨ ᠳ᠋ᠥ ᠣᠳᠣ ᠵᠢᠨ ᠬᠤᠪᠤᠭᠰᠠᠶᠢᠷ ᠣᠷᠴᠢᠮ ᠦᠪᠡᠷ ᠦᠨ ᠨᠡᠶᠢᠰᠯᠡᠯ ᠵᠢᠡᠨ ᠪᠠᠶᠢᠭᠤᠯᠤᠪᠠ ‍᠂‍ ᠢᠩᠭᠢᠵᠦ ᠵᠡᠭᠦᠨᠭᠠᠷ ᠬᠠᠭᠠᠨᠲᠤ ᠤᠯᠤᠰ ᠤᠨ ᠲᠦᠷᠦ ᠵᠠᠰᠠᠭ ᠡᠬᠢᠯᠡᠨ ᠲᠤᠭᠲᠠᠨᠢᠵᠤ ‍᠂‍ ᠣᠷᠤᠰ ᠲᠠᠢ ᠭᠠᠳᠠᠭᠠᠳᠤ ᠬᠠᠷᠢᠯᠴᠠᠭ᠎᠎ᠠ ᠠᠷᠠᠯᠵᠢᠶ᠎ᠠ ᠬᠤᠳᠠᠯᠳᠤᠭ᠎᠎ᠠ ᠨᠡᠪᠲᠡᠷᠡᠭᠦᠯᠵᠦ ‍᠂‍ ᠪᠠᠭᠠᠲᠤᠷ ᠬᠤᠩ ᠲᠠᠶᠢᠵᠢ ᠬᠡᠮᠡᠨ ᠨᠡᠷᠡᠯᠡᠭᠳᠡᠳᠡᠭ ‍᠃‍ 1640 ᠤᠨ  ᠤ 9 ᠰᠠᠷ᠎ᠠ ᠳ᠋ᠥ ᠲᠠᠷᠪᠠᠭᠠᠳᠠᠢ ᠶᠢᠨ ᠦᠭᠡᠯᠡᠳ ᠬᠠᠯᠬ᠎ᠠ ᠶᠢᠨ ᠸᠠᠩ ᠭᠦᠩ ᠲᠠᠶᠢᠵᠢ ᠨᠠᠷ ᠤᠨ ᠬᠤᠷᠠᠯ ᠳᠡᠭᠡᠷ᠎ᠡ ‍《‍ ᠮᠣᠩᠭᠤᠯ ᠤᠶᠢᠷᠠᠳ ᠤᠨ ᠴᠠᠭᠠᠵᠠ ᠶᠢᠨ ᠪᠢᠴᠢᠭ ‍》  ᠢ ᠲᠤᠭᠲᠠᠭᠠᠵᠤ ‍᠂‍ ᠬᠠᠤᠯᠢ ᠶᠢᠨ ᠬᠡᠯᠪᠡᠷᠢ ᠪᠡᠷ ᠯᠠᠮᠠ ᠶᠢᠨ ᠱᠠᠰᠢᠨ  ᠢ ᠪᠦᠬᠦ ᠮᠣᠩᠭᠤᠯ ᠤᠨ ᠡᠯ᠎ᠡ ᠬᠠᠭᠠᠨᠲᠤ ᠤᠯᠤᠰ ‍᠂‍ ᠤᠯᠤᠰ ᠲᠦᠷᠦ ᠶᠢᠨ ᠴᠣᠭᠴᠠ ᠶᠢᠨ ᠲᠦᠷᠦ ᠶᠢᠨ ᠱᠠᠰᠢᠨ ᠪᠣᠯᠬᠤ ᠶᠢ ᠪᠠᠲᠤᠯᠠᠪᠠ ‍᠃‍ 1648 ᠤᠨ ᠳ᠋ᠥ ᠪᠠᠭᠠᠲᠤᠷ ᠬᠤᠩ ᠲᠠᠶᠢᠵᠢ ᠯᠠᠮ᠎ᠠ ᠰᠠᠶ᠎ᠠ ᠪᠠᠨᠳᠢᠳᠠ ᠨᠠᠮᠬᠠᠶᠢᠵᠠᠮᠰᠤ ᠳ᠋ᠥ ᠵᠠᠷᠯᠢᠭ ᠪᠠᠭᠤᠯᠭᠠᠵᠤ ᠲᠣᠳᠤ ᠦᠰᠦᠭ  ᠢ ᠵᠣᠬᠢᠶᠠᠯᠭᠠᠪᠠ ‍᠃‍ ᠲᠡᠷᠡ ᠪᠠᠰᠠ ᠮᠠᠯᠵᠢᠯ ᠤᠨ ᠬᠡᠯᠪᠡᠷᠢ ᠶᠢ ᠦᠭᠡᠷᠴᠢᠯᠡᠨ ᠰᠠᠶᠢᠵᠢᠷᠠᠭᠤᠯᠵᠤ ‍᠂‍ ᠲᠠᠷᠢᠶᠠᠯᠠᠩ ᠭᠠᠷ ᠤᠷᠠᠯᠠᠯ ᠤᠨ ᠦᠢᠯᠡᠰ  ᠢ ᠬᠦᠭᠵᠢᠭᠦᠯᠵᠦ ‍᠂‍ ᠭᠠᠳᠠᠭᠠᠳᠤ ᠶᠢᠨ ᠮᠡᠷᠭᠡᠵᠢᠯ  ᠢ ᠠᠰᠢᠭᠯᠠᠨ ᠨᠡᠬᠡᠮᠡᠯ ᠦᠨ ᠦᠢᠯᠡᠰ ‍᠂‍ ᠲᠡᠮᠦᠷᠯᠢᠭ ᠦᠨ ᠦᠢᠯᠡᠰ  ᠢ ᠬᠦᠭᠵᠢᠭᠦᠯᠦᠭᠰᠡᠨ ᠵᠢᠡᠷ ᠠᠵᠤ ᠠᠬᠤᠢ ᠬᠦᠭᠵᠢᠭᠰᠡᠨ ‍᠂‍ ᠬᠦᠮᠦᠨ ᠠᠮᠠ ᠤᠯᠠᠨᠲᠠᠢ ᠪᠡᠷ ᠵᠢᠡᠨ ᠲᠦᠪ ᠠᠽᠢᠶ᠎ᠠ ᠣᠷᠤᠨ  ᠤ ᠬᠠᠮᠤᠭ ᠤᠨ ᠬᠦᠴᠦᠷᠬᠡᠭ ᠤᠯᠤᠰ ᠪᠣᠯᠵᠤ ᠴᠢᠳᠠᠵᠠᠢ ‍᠃‍ 1653 ᠤᠨ ᠳ᠋ᠥ ᠪᠠᠭᠠᠲᠤᠷ ᠬᠤᠩ ᠲᠠᠶᠢᠵᠢ ᠨᠠᠰᠤ ᠪᠠᠷᠠᠵᠤ ‍᠂‍ ᠲᠡᠭᠦᠨ  ᠤ ᠲᠠᠪᠤᠳᠤᠭᠠᠷ ᠬᠦᠦ ᠰᠡᠩᠭᠡ ᠣᠷᠤᠨ ᠵᠠᠯᠭᠠᠮᠵᠢᠯᠠᠪᠠ ‍᠂‍ 1671 ᠤᠨ ᠳ᠋ᠥ ᠬᠤᠶᠠᠷ ᠠᠬ᠎ᠠ ᠴᠡᠴᠡᠨ ᠪᠠ ᠵᠤᠳᠪᠠᠪᠠᠭᠠᠲᠤᠷ ᠳ᠋ᠥ ᠬᠣᠤᠷᠯᠠᠭᠳᠠᠵᠤ ‍᠂‍ ᠲᠦᠷᠭᠡᠨ ᠵᠠᠷᠯᠢᠭ ᠵᠢᠡᠷ ᠪᠠᠭᠠᠲᠤᠷ ᠬᠤᠩ ᠲᠠᠶᠢᠵᠢ ᠶᠢᠨ ᠬᠦᠦ ᠭᠠᠯᠳᠠᠨ  ᠢ ᠲᠦᠪᠡᠳ ᠣᠷᠤᠨ ᠡᠴᠡ ᠳᠠᠭᠤᠳᠠᠨ ᠠᠪᠴᠢᠷᠠᠵᠤ ‍᠂‍ ᠬᠤᠱᠤᠳ ᠤᠨ ᠸᠠᠴᠢᠷᠲᠤ ᠴᠡᠴᠡᠨ ᠬᠠᠨ  ᠤ ᠳᠡᠮᠵᠢᠯᠭᠡ ᠳᠣᠤᠷ᠎ᠠ ᠴᠡᠴᠡᠨ  ᠢ ᠠᠯᠠᠵᠤ ‍᠂‍ ᠵᠤᠳᠪᠠᠪᠠᠭᠠᠲᠤᠷ  ᠢ ᠬᠦᠬᠡᠨᠠᠭᠤᠷ ᠲᠤ ᠬᠦᠭᠡᠭᠡᠨ ᠶᠠᠪᠤᠭᠤᠯᠤᠭᠰᠠᠨ ᠪᠠᠶᠢᠨ᠎ᠠ ‍᠃‍ 1690 ᠤᠨ ᠳ᠋ᠥ ᠭᠠᠯᠳᠠᠨ ᠬᠠᠭᠠᠨ ᠬᠠᠯᠬ᠎ᠠ ᠳ᠋ᠥ ᠭᠦᠨᠵᠡᠭᠡᠶᠢᠷᠡᠨ ᠣᠷᠤᠵᠤ ‍᠂‍ ᠣᠳᠣ ᠵᠢᠨ ᠬᠡᠰᠢᠭᠲᠡᠨ  ᠤ ᠤᠯᠠᠭᠠᠨ ᠪᠤᠲᠤᠩ ᠳ᠋ᠥ ᠮᠠᠨᠵᠤ ᠴᠢᠩ ᠦᠨ ᠴᠡᠷᠢᠭ ᠲᠠᠢ ᠲᠤᠯᠤᠯᠳᠤᠵᠤ ᠢᠯᠠᠭᠳᠠᠨ ᠬᠠᠯᠬ᠎ᠠ ᠶᠢᠨ ᠬᠦᠪᠲᠦ ᠣᠷᠤᠨ ᠳ᠋ᠥ ᠤᠬᠤᠷᠢᠨ ᠬᠦᠴᠦᠨ ᠵᠢᠡᠨ ᠲᠡᠩᠬᠡᠷᠡᠭᠦᠯᠪᠡ ‍᠂‍ 1695 ᠤᠨ ᠳ᠋ᠥ ᠭᠠᠯᠳᠠᠨ ᠳᠠᠬᠢᠨ ᠴᠡᠷᠢᠭ ᠵᠢᠡᠨ ᠴᠡᠭᠴᠡᠯᠡᠵᠦ ᠬᠠᠯᠬ᠎ᠠ ᠶᠢ ᠳᠠᠶᠢᠯᠠᠵᠤ 3 ᠲᠦᠮᠡᠨ ᠴᠡᠷᠢᠭ ᠵᠢᠡᠷ ᠡᠩᠬᠡ ᠠᠮᠤᠭᠤᠯᠠᠩ ᠤᠨ 20 ᠲᠦᠮᠡᠨ ᠴᠡᠷᠢᠭ  ᠢ ᠲᠤᠯᠵᠤ ᠳᠡᠶᠢᠯᠦᠭᠰᠡᠨ ᠦᠭᠡᠢ 1697 ᠤᠨ  ᠤ 3 ᠰᠠᠷ᠎ᠠ ᠶᠢᠨ 13 ᠳ᠋ᠥ ᠨᠠᠰᠤ ᠪᠠᠷᠠᠪᠠ ‍᠃‍

1698 ~ 1745 ᠤᠨ  ᠤ ᠡᠨᠡᠬᠦ ᠬᠤᠭᠤᠴᠠᠭᠠᠨ ᠳ᠋ᠥ ᠴᠡᠸᠠᠩᠷᠠᠪᠳᠠᠨ ᠵᠢᠴᠢ ᠲᠡᠭᠦᠨ  ᠤ ᠬᠦᠦ ᠭᠠᠯᠳᠠᠨᠴᠡᠷᠡᠨ ᠵᠠᠰᠠᠭ ᠪᠠᠷᠢᠪᠠ ‍᠃‍ ᠭᠠᠯᠳᠠᠨᠴᠡᠷᠡᠨ  ᠤ ᠦᠶ᠎ᠡ ᠳ᠋ᠥ 1729 ᠤᠨ ᠳ᠋ᠥ ᠮᠠᠨᠵᠤ ᠴᠢᠩ ᠲᠠᠢ ᠶᠡᠬᠡ ᠬᠡᠪᠴᠢᠶᠡᠨ  ᠤ ᠵᠡᠪᠰᠡᠭᠲᠦ ᠮᠦᠷᠭᠦᠯᠳᠦᠭᠡᠨ ᠡᠭᠦᠰᠪᠡ ‍:‍ 1731 ᠤᠨ ᠳ᠋ᠥ ᠮᠠᠨᠵᠤ ᠴᠢᠩ ᠦᠨ ᠪᠦᠭᠭᠦᠭᠰᠡᠨ ᠴᠡᠷᠢᠭ ᠦᠨ ᠪᠦᠰᠡᠯᠡᠯᠲᠡ ᠳ᠋ᠥ ᠤᠴᠠᠷᠠᠵᠤ ᠢᠯᠠᠭᠳᠠᠪᠠ ‍:‍ 1732 ᠤᠨ ᠳ᠋ᠥ ᠮᠠᠨᠵᠤ ᠴᠡᠷᠢᠭ ᠪᠠ ᠬᠠᠯᠬ᠎ᠠ ᠴᠡᠷᠢᠭ ᠦᠨ ᠬᠣᠯᠪᠤᠭᠠᠯᠠᠯ ᠡᠷᠳᠡᠨᠢ ᠵᠣᠤ ᠳ᠋ᠥ ᠭᠠᠯᠳᠠᠨᠴᠡᠷᠡᠨ  ᠤ ᠴᠡᠷᠢᠭ  ᠢ ᠶᠡᠬᠡ ᠪᠡᠷ ᠢᠯᠠᠵᠤ ‍᠂‍ ᠵᠡᠭᠦᠨᠭᠠᠷ ᠶᠡᠬᠡ ᠬᠣᠬᠢᠷᠠᠯ ᠠᠮᠰᠠᠪᠠ ‍:‍ 1733 ᠤᠨ  ᠤ ᠰᠡᠭᠦᠯᠴᠢ ᠪᠡᠷ ᠭᠠᠯᠳᠠᠨᠴᠡᠷᠡᠨ ᠮᠠᠨᠵᠤ ᠴᠢᠩ ᠲᠠᠢ ᠬᠡᠯᠡᠯᠴᠡᠭᠡᠷ ᠶᠠᠪᠤᠭᠳᠠᠭᠤᠯᠵᠤ 1739 ᠤᠨ ᠳ᠋ᠥ ᠡᠩᠬᠡ ᠶᠢᠨ ᠭᠡᠷ᠎ᠡ ᠲᠣᠭᠲᠠᠪᠠ ‍:‍ ᠡᠨᠡ ᠦᠶᠡᠰ ᠵᠡᠭᠦᠨᠭᠠᠷ ᠤᠨ ᠭᠠᠵᠠᠷ ᠨᠤᠲᠤᠭ ᠣᠷᠭᠢᠯ ᠳ᠋ᠥ ᠪᠡᠨ ᠲᠤᠯᠵᠤ ᠬᠠᠯᠬ᠎ᠠ ᠵᠢᠨ ᠵᠡᠭᠦᠨ ᠬᠡᠰᠡᠭ ‍᠂‍ ᠰᠢᠨᠵᠢᠶᠠᠩ ‍᠂‍ ᠬᠦᠬᠡᠨᠠᠭᠤᠷ ᠵᠡᠷᠭᠡ ᠶᠢ ᠪᠠᠭᠲᠠᠭᠠᠵᠤ ᠪᠠᠶᠢᠭᠰᠠᠨ ᠮᠦᠷᠲᠡᠭᠡᠨ ᠮᠠᠨᠵᠤ ᠴᠢᠩ ᠦᠨ ᠴᠡᠷᠢᠭ  ᠢ ᠤᠯᠠᠨᠲᠠ ᠢᠯᠠᠵᠤ ᠪᠠᠶᠢᠪᠠ ‍:‍ 1745 ᠤᠨ ᠳ᠋ᠥ ᠭᠠᠯᠳᠠᠨᠴᠡᠷᠡᠨ ᠨᠠᠰᠤ ᠪᠠᠷᠠᠵᠤ ᠲᠡᠭᠦᠨ  ᠤ ᠬᠦᠦ ᠴᠡᠸᠠᠩᠳᠣᠷᠵᠢᠨᠠᠮᠵᠢᠯ ᠣᠷᠤ ᠵᠠᠯᠭᠠᠮᠵᠢᠯᠠᠵᠤ ᠠᠵᠠᠨ ᠬᠠᠨ ᠭᠡᠭᠳᠡᠳᠡᠭ ‍᠂‍ ᠭᠡᠪᠡᠴᠦ ᠲᠡᠷᠡ ᠨᠠᠰᠤ ᠵᠠᠯᠠᠭᠤ ᠲᠦᠷᠦ ᠶᠢᠨ ᠬᠡᠷᠡᠭ ᠬᠠᠮᠢᠶᠠᠷᠬᠤ ᠦᠭᠡᠢ ᠳᠡᠭᠡᠷ᠎ᠡ ᠵᠠᠰᠠᠭ ᠬᠠᠮᠢᠶᠠᠷᠴᠤ ᠪᠠᠶᠢᠭᠰᠠᠨ ᠡᠭᠡᠴᠢ ᠤᠯᠠᠨᠪᠠᠶᠠᠷ ᠵᠢᠡᠨ ᠪᠠᠷᠢᠵᠤ ᠬᠣᠷᠢᠭᠰᠠᠨ ᠡᠴᠡ ᠬᠦᠷᠭᠡᠨ ᠠᠬ᠎ᠠ ᠰᠠᠶᠢᠨᠪᠣᠯᠤᠭ ᠨᠢ ᠯᠠᠮ᠎ᠠ ᠳᠠᠷᠵᠠ ᠶᠢ ᠲᠡᠳᠬᠦᠵᠦ ᠴᠡᠸᠠᠩᠳᠣᠷᠵᠢᠨᠠᠮᠵᠢᠯ  ᠢ ᠠᠯᠠᠵᠤ ᠳᠣᠲᠤᠭᠠᠳᠤ ᠶᠢᠨ ᠰᠠᠮᠠᠭᠤᠷᠠᠯ ᠡᠭᠦᠰᠪᠡ ‍᠃‍ 1752 ᠤᠨ ᠳ᠋ᠥ ᠵᠡᠭᠦᠨᠭᠠᠷ ᠬᠠᠭᠠᠨᠲᠤ ᠤᠯᠤᠰ ᠤᠨ ᠲᠦᠷᠦ ᠶᠢᠨ ᠠᠬᠠᠮᠤᠳ ᠶᠡᠬᠡ ᠴᠡᠷᠡᠨ  ᠤ ᠣᠮᠪᠤᠯᠤ ᠳᠠᠸᠠᠴᠢ ᠪᠠ ᠴᠡᠸᠠᠩᠷᠠᠪᠳᠠᠨ  ᠤ ᠣᠮᠪᠤᠯᠤ ᠠᠮᠤᠷᠰᠠᠨᠠᠭ᠎᠎ᠠ ᠲᠠᠢ ᠬᠣᠷᠰᠢᠵᠤ ‍᠂‍ ᠰᠠᠶᠢᠨᠪᠤᠯᠤᠭ ᠪᠠ ᠯᠠᠮ᠎ᠠ ᠳᠠᠷᠵᠠ ᠶᠢᠨ ᠬᠦᠴᠦᠨ  ᠢ ᠤᠰᠠᠳᠬᠠᠪᠠ ‍᠂‍ ᠳᠠᠸᠠᠴᠢ ᠦᠪᠡᠷ  ᠢ ᠪᠡᠨ ᠬᠠᠨ ᠡᠷᠭᠦᠮᠵᠢᠯᠡᠵᠦ ᠡᠨᠡ ᠨᠢ ᠠᠮᠤᠷᠰᠠᠨᠠᠭ᠎᠎ᠠ ᠶᠢᠨ ᠳᠤᠷ᠎ᠠ ᠦᠭᠡᠶᠢᠴᠡᠯ  ᠢ ᠬᠦᠷᠭᠡᠪᠡ ‍᠃‍ 1755 ᠤᠨ ᠳ᠋ᠥ ᠠᠮᠤᠷᠰᠠᠨᠠᠭ᠎᠎ᠠ ᠮᠠᠨᠵᠤ ᠴᠢᠩ ᠳ᠋ᠥ ᠤᠷᠪᠠᠵᠤ ‍᠂‍ ᠮᠠᠨᠵᠤ ᠶᠢᠨ ᠴᠡᠷᠢᠭ ᠲᠤ ᠵᠠᠮᠴᠢᠯᠠᠵᠤ ᠳᠠᠸᠠᠴᠢ ᠶᠢ ᠳᠠᠶᠢᠯᠠᠬᠤ ᠪᠡᠷ ᠢᠷᠡᠪᠡ ‍᠂‍ ᠳᠠᠸᠠᠴᠢ ᠴᠡᠷᠢᠭ ᠳᠠᠶᠢᠴᠢᠯᠠᠨ ᠲᠤᠯᠵᠤ ᠶᠡᠬᠡ ᠪᠠᠭ᠎᠎ᠠ ᠪᠠᠶᠢᠯᠳᠤᠭᠠᠨ ᠬᠡᠳᠦᠨ ᠠᠷᠪᠠ ᠤᠳᠠᠭ᠎᠎ᠠ ᠶᠠᠪᠤᠭᠳᠠᠵᠤ ᠡᠴᠦᠰ ᠬᠦᠴᠦᠨ ᠮᠡᠬᠦᠰᠳᠡᠵᠦ ᠢᠯᠠᠭᠳᠠᠪᠠ ‍᠂‍ ᠳᠠᠸᠠᠴᠢ ᠰᠢᠨᠵᠢᠶᠠᠩ ᠤᠨ ᠢᠵᠠᠭᠤᠷᠲᠠᠨ ᠳ᠋ᠥ ᠬᠣᠤᠷᠯᠠᠭᠳᠠᠵᠤ ᠮᠠᠨᠵᠤ ᠴᠢᠩ ᠦᠨ ᠣᠯᠵᠠᠯᠠᠭᠳᠠᠭᠰᠠᠳ ᠪᠣᠯᠪᠠ ‍᠃‍ ᠢᠩᠭᠢᠭᠡᠳ ᠬᠦᠴᠦᠷᠬᠡᠭ ᠶᠡᠬᠡ ᠵᠡᠭᠦᠨᠭᠠᠷ ᠬᠠᠭᠠᠨᠲᠤ ᠤᠯᠤᠰ ᠮᠦᠬᠦᠵᠦ ‍᠂‍ 115 ᠵᠢᠯ ᠲᠣᠭᠲᠠᠨᠢᠵᠤ ‍᠂‍ ᠡᠭᠦᠨ ᠳ᠋ᠥ ᠦᠭᠡᠯᠡᠳ 21 ᠪᠦᠯᠦᠭ ᠲᠤ ᠬᠤᠪᠢᠶᠠᠭᠳᠠᠵᠤ ᠬᠦᠮᠦᠨ ᠠᠮᠠ 65 ~ 70 ᠲᠦᠮᠡ ᠣᠷᠴᠢᠮ ᠪᠠᠶᠢᠵᠠᠢ ‍᠂‍ 1755 ~ 1757 ᠤᠨ  ᠤ ᠬᠣᠭᠤᠷᠤᠨᠳᠤ ‍᠂‍ ᠮᠠᠨᠵᠤ ᠴᠢᠩ ᠦᠨ ᠬᠢᠳᠤᠯᠭ᠎᠎ᠠ ᠳ᠋ᠥ ᠤᠴᠠᠷᠠᠵᠤ 62 ᠲᠦᠮᠡᠨ ᠬᠦᠮᠦᠨ ᠵᠠᠭᠤᠷᠮᠠᠭ ᠨᠠᠰᠤᠯᠠᠪᠠ ‍᠂‍ ᠬᠢᠳᠤᠯᠭ᠎᠎ᠠ ᠡᠴᠡ ᠵᠠᠶᠢᠯᠠᠬᠤ ᠶᠢᠨ ᠲᠦᠯᠦᠭᠡ ᠨᠢᠭᠡ ᠪᠦᠯᠦᠭ ᠨᠢ ᠬᠠᠰᠠᠭ ᠤᠶᠢᠭᠤᠷ ᠲᠤ ᠠᠭᠤᠰᠴᠤ ‍᠂‍ ᠨᠢᠭᠡ ᠪᠦᠯᠦᠭ ᠨᠢ ᠠᠯᠲᠠᠢ ᠤᠷᠢᠶᠠᠩᠬᠠᠢ ᠳ᠋ᠥ ᠳᠤᠲᠠᠭᠠᠨ ᠣᠴᠢᠵᠤ ‍᠂‍ ᠳᠡᠭᠡᠷ᠎ᠡ ᠨᠢ ᠴᠡᠴᠡᠭ ᠡᠪᠡᠳᠴᠢᠨ  ᠤ ᠳᠡᠯᠭᠡᠷᠡᠯ ᠡᠴᠡ ᠪᠣᠯᠵᠤ ᠬᠦᠮᠦᠨ ᠠᠮᠠ ᠨᠢ ᠶᠡᠬᠡ ᠪᠡᠷ ᠬᠣᠷᠤᠭᠳᠠᠪᠠ ‍᠃‍

ᠲᠣᠷᠭᠣᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠦᠷᠪᠡᠨ ᠤᠶᠢᠷᠠᠳ ᠨᠢ ᠵᠡᠭᠦᠨᠭᠠᠷ ᠠᠶᠢᠮᠠᠭ ᠡᠴᠡ ᠭᠠᠳᠠᠨ᠎ᠠ ᠪᠠᠰᠠ ‍᠂‍ ᠬᠤᠱᠤᠳ ‍᠂‍ ᠲᠣᠷᠭᠤᠳ ‍᠂‍ ᠳᠦᠷᠪᠡᠳ ᠵᠡᠷᠭᠡ ᠶᠡᠬᠡ ᠠᠶᠢᠮᠠᠭ  ᠢ ᠪᠠᠭᠲᠠᠭᠠᠵᠤ ᠪᠠᠶᠢᠪᠠ ‍᠂‍ ᠦᠪᠡᠷ᠎ᠡ ᠵᠠᠭᠤᠷ᠎ᠠ ᠶᠢᠨ ᠬᠤᠳᠬᠤᠯᠳᠤᠭᠠᠨ ᠡᠴᠡ ᠵᠠᠶᠢᠯᠠᠬᠤ ᠶᠢᠨ ᠲᠦᠯᠦᠭᠡ ᠲᠣᠷᠭᠤᠳ 17 ᠳ᠋ᠤᠭᠠᠷ ᠵᠠᠭᠤᠨ  ᠤ ᠡᠬᠢᠨ ᠵᠢᠡᠷ ᠢᠵᠢᠯ ᠮᠦᠷᠡᠨ ‍(‍ ᠸᠣᠯᠭ᠎᠎ᠠ ‍)‍  ᠤ ᠵᠠᠢ ᠳ᠋ᠥ ᠰᠢᠯᠵᠢᠨ ᠨᠤᠲᠤᠭᠯᠠᠪᠠ ‍᠂‍ 1771 ᠤᠨ ᠳ᠋ᠥ ᠤᠪᠠᠰᠢ ᠬᠠᠭᠠᠨ ᠠᠶᠢᠮᠠᠭ ᠪᠦᠯᠦᠭ 17 ᠲᠦᠮᠡᠨ ᠬᠦᠮᠦᠨ ᠵᠢᠡᠨ ᠳᠠᠭᠠᠭᠤᠯᠵᠤ ᠵᠠᠮ ᠳ᠋ᠥ ᠪᠡᠨ ᠬᠠᠰᠠᠭ ᠬᠢᠷᠬᠢᠰ ᠦᠨ ᠳᠣᠪᠲᠤᠯᠤᠯ  ᠢ ᠲᠡᠰᠪᠦᠷᠢᠯᠡᠨ ᠳᠡᠭᠡᠳᠦ ᠶᠢᠨ ᠨᠤᠲᠤᠭ ᠲᠤ ᠪᠡᠨ ᠬᠦᠷᠴᠦ ᠢᠷᠡᠬᠦ ᠳ᠋ᠥ ᠨᠢᠭᠡᠨᠲᠡ 10 ᠲᠦᠮᠡ ᠨᠢ ᠬᠢᠳᠤᠭᠳᠠᠵᠤ ᠶᠡᠬᠡ ᠦᠷᠡᠭᠳᠡᠯ ᠭᠠᠷᠭᠠᠪᠠ ‍᠃‍ ᠢᠵᠢᠯ ᠭᠣᠤᠯ ᠤᠨ ᠪᠠᠷᠠᠭᠤᠨ ᠡᠷᠭᠢ ᠶᠢᠨ ᠬᠦᠮᠦᠰ ᠨᠢ ᠭᠣᠤᠯ ᠬᠦᠯᠳᠡᠭᠰᠡᠨ ᠦᠭᠡᠢ ᠶᠢᠨ ᠤᠴᠢᠷ ᠬᠠᠷᠢᠵᠤ ᠢᠷᠡᠵᠦ ᠳᠡᠶᠢᠯᠦᠭᠰᠡᠨ ᠦᠭᠡᠢ ᠲᠡᠨᠳᠡ ᠪᠡᠨ ᠦᠯᠡᠳᠡᠪᠡ ‍᠂‍ ᠲᠡᠳᠡᠨ  ᠤ ᠪᠦᠷᠢᠯᠳᠦᠯ ᠨᠢ ᠲᠣᠷᠭᠤᠳ ‍᠂‍ ᠳᠦᠷᠪᠡᠳ ‍᠂‍ ᠪᠤᠵᠠᠪ ᠠᠶᠢᠮᠠᠭ ᠤᠨ ᠬᠢᠨ ᠪᠠᠶᠢᠵᠤ ᠦᠨᠦ ᠶᠢᠨ ᠣᠷᠤᠰ ᠤᠨ ᠬᠣᠯᠪᠤᠭᠠᠨ  ᠤ ᠬᠠᠯᠢᠮᠠᠭ ᠤᠨ ᠭᠣᠤᠯ ᠪᠦᠷᠢᠯᠳᠦᠬᠦᠨ ᠮᠦᠨ ‍᠃‍  ᠶᠡᠬᠡ ᠬᠢᠳᠤᠯᠭ᠎᠎ᠠ ᠶᠢᠨ ᠳᠠᠷᠠᠭ᠎᠎ᠠ ᠲᠡᠭᠷᠢ ᠠᠭᠤᠯᠠ ᠶᠢᠨ ᠬᠣᠶᠢᠰᠢᠬᠢ ᠣᠷᠤᠨ ᠬᠣᠭᠤᠰᠤᠷᠠᠵᠤ ‍᠂‍ ᠡᠭᠦᠨ ᠳ᠋ᠥ ᠴᠢᠭᠯᠡᠭᠦᠯᠦᠨ ᠮᠠᠨᠵᠤ ᠴᠢᠩ ᠡᠯ᠎ᠡ ᠭᠠᠵᠠᠷ ᠡᠴᠡ ᠦᠭᠡᠯᠡᠳ  ᠢ ᠲᠤᠰ ᠣᠷᠤᠨ ᠳ᠋ᠥ ᠨᠡᠭᠦᠯᠭᠡᠵᠦ ᠰᠠᠭᠤᠷᠢᠰᠢᠭᠤᠯᠤᠨ ‍᠂‍ ᠪᠠᠰᠠ ᠴᠠᠬᠠᠷ ᠮᠣᠩᠭᠤᠯ ‍᠂‍ ᠰᠢᠪᠡ ‍᠂‍ ᠳᠠᠭᠤᠷ ᠵᠡᠷᠭᠡ ᠠᠶᠢᠮᠠᠭ ᠪᠦᠯᠦᠭ  ᠢ ᠨᠡᠭᠦᠯᠭᠡᠵᠦ ᠰᠠᠭᠤᠷᠢᠰᠢᠭᠤᠯᠪᠠ ‍᠃‍ ᠮᠠᠨᠵᠤ ᠴᠢᠩ ᠡᠴᠡ ᠢᠯᠢ ᠳ᠋ᠥ ᠵᠠᠩᠵᠤᠨ ᠣᠷᠳᠤᠨ ᠲᠣᠮᠢᠯᠠᠵᠤ ‍᠂‍ ᠵᠣᠰᠤ ᠳ᠋ᠥ ᠦᠭᠡᠯᠡᠳ ᠵᠡᠭᠦᠨ ᠭᠠᠷ ‍《‍ ᠳᠡᠭᠡᠳᠦ ᠭᠤᠷᠪᠠᠨ ᠬᠤᠰᠢᠭᠤ ‍》‍ 6 ᠰᠣᠮᠤ ᠨᠢᠭᠡ ᠲᠦᠮᠡᠨ ᠬᠦᠮᠦᠨ ᠲᠠᠢ ‍:‍ ᠨᠡᠶᠢᠯᠡᠬᠦ ᠳ᠋ᠥ ᠦᠭᠡᠯᠡᠳ ᠪᠠᠷᠠᠭᠤᠨ ᠭᠠᠷ ‍《‍ ᠳᠣᠤᠷ᠎ᠠ ᠲᠠᠪᠤᠨ ᠬᠤᠰᠢᠭᠤ ‍》‍ ᠪᠠᠶᠢᠵᠤ ᠬᠦᠪᠡᠭᠡᠲᠦ ᠴᠠᠭᠠᠨ ‍᠂‍ ᠬᠦᠪᠡᠭᠡᠲᠦ ᠰᠢᠷ᠎ᠠ ‍᠂‍ ᠬᠦᠪᠡᠭᠡᠲᠦ ᠤᠯᠠᠭᠠᠨ ‍᠂‍ ᠰᠢᠯᠤᠭᠤᠨ ᠰᠢᠷ᠎ᠠ ‍᠂‍ ᠰᠢᠯᠤᠭᠤᠨ ᠤᠯᠠᠭᠠᠨ ‍᠂‍ ᠰᠢᠯᠤᠭᠤᠨ ᠬᠦᠬᠡ ‍᠂‍ ᠰᠢᠯᠤᠭᠤᠨ ᠴᠠᠭᠠᠨ ᠵᠡᠷᠭᠡ 10 ᠰᠣᠮᠤ ᠲᠠᠢ ‍:‍ ᠲᠡᠭᠰᠢ ᠳ᠋ᠥ ᠦᠭᠡᠯᠡᠳ ᠪᠠᠷᠠᠭᠤᠨ ᠭᠠᠷ ᠱᠠᠪᠢᠨᠠᠷ ᠬᠦᠪᠡᠭᠡᠲᠦ ᠴᠠᠭᠠᠨ ‍᠂‍ ᠰᠢᠯᠤᠭᠤᠨ ᠤᠯᠠᠭᠠᠨ ‍᠂‍ ᠬᠦᠪᠡᠭᠡᠲᠦ ᠤᠯᠠᠭᠠᠨ ‍᠂‍ ᠰᠢᠯᠤᠭᠤᠨ ᠬᠦᠬᠡ ᠵᠡᠷᠭᠡ 4 ᠰᠣᠮᠤ ᠲᠠᠢ ‍᠃‍

ᠣᠳᠣᠬᠢ ᠰᠠᠭᠣᠷᠢᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠤᠬᠠᠨ ᠳ᠋ᠥ ᠢᠯᠢ ᠵᠸᠦ ᠶᠢᠨ 8 ᠰᠢᠶᠠᠨ 1 ᠬᠣᠲᠠ ᠳ᠋ᠥ 3.2 ᠲᠦᠮᠡᠨ ᠮᠣᠩᠭᠤᠯ ᠪᠠᠶᠢᠵᠤ ‍᠂‍ ᠵᠣᠰᠤ ᠰᠢᠶᠠᠨ  ᠤ ᠴᠠᠭᠠᠨ ᠤᠰᠤ ‍᠂‍ ᠬᠠᠷ᠎ᠠ ᠤᠰᠤ ᠬᠣᠶᠠᠷ ᠮᠣᠩᠭᠤᠯ ᠦᠪᠡᠷᠲᠡᠭᠡᠨ ᠵᠠᠰᠠᠬᠤ ᠰᠢᠶᠠᠩ ᠳ᠋ᠥ ᠲᠦᠪᠯᠡᠷᠡᠵᠦ ‍᠂‍ ᠮᠣᠩᠭᠤᠯ ᠰᠤᠷᠭᠠᠭᠤᠯᠢ ᠲᠠᠢ ᠪᠠᠶᠢᠵᠤ ‍᠂‍ ᠪᠠᠷᠤᠭ 1.2 ᠲᠦᠮᠡᠨ ᠮᠣᠩᠭᠤᠯ ᠪᠣᠢ ‍:‍ ᠨᠡᠶᠢᠯᠡᠬᠦ ᠰᠢᠶᠠᠨ ᠳ᠋ᠥ ᠬᠦᠬᠡ ᠬᠣᠳᠤᠭᠤᠷ ᠮᠣᠩᠭᠤᠯ ᠦ᠋ᠪᠡᠷᠲᠡᠭᠡᠨ ᠵᠠᠰᠠᠬᠤ ᠰᠢᠶᠠᠩ ᠪᠠᠶᠢᠵᠤ ‍᠂‍ ᠮᠣᠩᠭᠤᠯ ᠰᠤᠷᠭᠠᠭᠤᠯᠢ ᠲᠠᠢ ‍᠂‍ 8000 ᠮᠣᠩᠭᠤᠯ ᠪᠣᠢ ‍᠂‍ ᠨᠡᠶᠢᠯᠡᠬᠦ ᠭᠡᠳᠡᠭ ᠨᠢ ᠬᠠᠰᠠᠨ ᠭᠣᠤᠯ ‍᠂‍ ᠭᠤᠨᠠᠰ ᠭᠣᠤᠯ ‍᠂‍ ᠲᠡᠭᠰᠢ ᠭᠣᠤᠯ ᠤᠨ ᠨᠡᠶᠢᠯᠡᠯᠲᠡ ᠶᠢᠨ ᠠᠭᠤᠯᠵᠠᠷ ᠲᠤ ᠣᠷᠤᠰᠢᠬᠤ ᠡᠴᠡ ᠪᠣᠯᠪᠠ ‍:‍ ᠲᠡᠭᠰᠢ ᠰᠢᠶᠠᠨ ᠳ᠋ᠥ ᠬᠤᠵᠢᠷᠲᠤ ᠮᠣᠩᠭᠤᠯ ᠦᠪᠡᠷᠲᠡᠭᠡᠨ ᠵᠠᠰᠠᠬᠤ ᠰᠢᠶᠠᠩ ᠪᠠᠶᠢᠵᠤ ‍᠂‍ ᠮᠣᠩᠭᠤᠯ ᠰᠤᠷᠭᠠᠭᠤᠯᠢ ᠲᠠᠢ ‍᠂‍ 5000 ᠮᠣᠩᠭᠤᠯ ᠪᠣᠢ ‍᠃‍ ᠲᠠᠷᠪᠠᠭᠠᠳᠠᠢ ᠣᠷᠤᠨ ᠳ᠋ᠥ 10 ᠰᠣᠮᠤ ᠦᠭᠡᠯᠡᠳ ᠪᠠᠶᠢᠵᠤ ‍᠂‍ ᠭᠣᠤᠯᠳᠠᠭᠤ ᠮᠢᠩᠭᠠᠳ ‍᠂‍ ᠪᠠᠷᠯᠤᠭ ‍᠂‍ ᠴᠠᠬᠠᠷ ‍᠂‍ ᠬᠠᠰᠠᠭᠤᠳ ᠡᠴᠡ ᠪᠦᠷᠢᠯᠳᠦᠪᠡ ‍᠂‍ ᠲᠠᠷᠪᠠᠭᠠᠳᠠᠢ ᠠᠭᠤᠯᠠ ᠶᠢᠨ ᠣᠷᠤᠨ ᠨᠢ ᠬᠣᠶᠢᠳ ᠮᠢᠩᠭᠠᠳ ᠤᠨ ᠡᠵᠡᠯᠡᠭᠰᠡᠨ ᠣᠷᠤᠨ ᠪᠠᠶᠢᠵᠤ ᠶᠡᠬᠡᠩᠬᠢ ᠨᠢ ᠳᠠᠶᠢᠨ ᠳᠠᠵᠢᠨ ᠳ᠋ᠥ ᠠᠯᠠᠭᠳᠠᠪᠠ ‍᠂‍ ᠦᠯᠡᠳᠡᠭᠰᠡᠨ  ᠢ ᠨᠢ ᠮᠠᠨᠵᠤ ᠴᠢᠩ 2 ᠰᠣᠮᠤ ᠳ᠋ᠥ ᠬᠤᠪᠢᠶᠠᠪᠠ ‍᠃‍ 1765 ᠤᠨ ᠳ᠋ᠥ ᠦᠷᠦᠮᠴᠢ ᠡᠴᠡ ᠵᠡᠭᠦᠨᠭᠠᠷ ᠤᠨ ᠶᠡᠬᠡ ᠲᠠᠶᠢᠵᠢ ᠭᠠᠯᠰᠠᠩᠳᠣᠷᠵᠢ ᠮᠢᠩᠭᠠᠨ ᠡᠷᠦᠬᠡ ᠪᠡᠨ ᠳᠠᠭᠠᠭᠤᠯᠤᠨ ᠲᠠᠷᠪᠠᠭᠠᠳᠠᠢ ᠳ᠋ᠥ ᠵᠠᠷᠯᠢᠭ ᠵᠢᠡᠷ ᠨᠡᠭᠦᠨ ᠢᠷᠡᠵᠦ 4 ᠰᠣᠮᠤ ᠳ᠋ᠥ ᠬᠤᠪᠢᠶᠠᠭᠳᠠᠪᠠ ‍᠃‍ ᠡᠶᠡᠳᠦᠨ ᠳᠠᠭᠠᠭᠰᠠᠨ ᠬᠢᠷᠬᠢᠰ 1 ᠰᠣᠮᠤ ᠬᠤᠪᠢᠶᠠᠵᠤ ᠬᠠᠰᠠᠭᠤᠳ ᠰᠣᠮᠤ ᠭᠡᠳᠡᠭ ‍᠂‍ ᠴᠠᠬᠠᠷ 1 ᠰᠣᠮᠤ ᠪᠣᠯᠵᠤ ‍᠂‍ ᠰᠡᠭᠦᠯᠡᠷ ᠨᠢ ᠡᠨᠡ ᠨᠠᠢᠮᠠᠨ ᠰᠣᠮᠤ ᠶᠢ 10 ᠰᠣᠮᠤ ᠪᠤᠯᠠᠭᠠᠨ ᠬᠤᠪᠢᠶᠠᠵᠤ 10 ᠰᠣᠮᠤ ᠦᠭᠡᠯᠡᠳ ᠭᠡᠳᠡᠭ ‍᠃‍ ᠳᠠᠶᠢᠨ ᠳᠠᠵᠢᠨ  ᠤ ᠲᠠᠯᠭᠢᠭᠳᠠᠯ ᠡᠴᠡ ᠪᠣᠯᠵᠤ 1865 ᠤᠨ ᠳ᠋ᠥ ᠦᠭᠡᠯᠡᠳ ᠦᠨ ᠶᠡᠬᠡᠩᠬᠢ ᠨᠢ ᠠᠯᠲᠠᠢ ᠳ᠋ᠥ ᠨᠡᠭᠦᠵᠦ ‍᠂‍ ᠲᠡᠭᠦᠨ  ᠤ ᠳᠣᠲᠤᠷᠠᠬᠢ 3 ᠰᠣᠮᠤ ᠬᠦᠮᠦᠨ ᠨᠢ ᠶᠤᠮᠢᠨ ᠰᠢᠶᠠᠨ  ᠤ ᠪᠠᠷᠯᠤᠭ ᠠᠭᠤᠯᠠᠨ  ᠤ ᠪᠡᠯᠴᠢᠭᠡᠷ ᠲᠤ ᠨᠢᠭᠤᠭᠳᠠᠵᠤ ᠪᠠᠷᠯᠤᠭ ᠮᠣᠩᠭᠤᠯ ᠭᠡᠭᠳᠡᠳᠡᠭ ‍᠂‍ ᠡᠳᠡᠭᠡᠷ ᠮᠣᠩᠭᠤᠯ ᠣᠳᠤ ᠶᠢᠨ ᠢᠮᠢᠨ ‍᠂‍ ᠲᠠᠷᠪᠠᠭᠠᠳᠠᠢ ‍᠂‍ ᠲᠣᠯᠢ ᠣᠷᠤᠨ  ᠤ ᠮᠣᠩᠭᠤᠯ ᠮᠦᠨ ‍᠃‍ ᠤᠰᠤ ᠬᠣᠲᠠ ᠶᠢᠨ ᠪᠠᠶᠠᠨ ᠭᠤᠤ ᠬᠤᠶᠠᠷ ᠰᠣᠮᠤ ᠦᠭᠡᠯᠡᠳ ᠨᠢ ᠲᠠᠷᠪᠠᠭᠠᠳᠠᠢ ᠡᠴᠡ ᠢᠷᠡᠯᠲᠡᠢ ᠪᠠᠶᠢᠵᠤ ‍᠂‍ ᠢᠮᠢᠨ ᠰᠢᠶᠠᠨ ᠳ᠋ᠥ ᠬᠤᠶᠠᠷ ᠮᠣᠩᠭᠤᠯ ᠦᠪᠡᠷᠲᠡᠭᠡᠨ ᠵᠠᠰᠠᠬᠤ ᠰᠢᠶᠠᠩ ᠲᠠᠢ ‍᠂‍ ᠮᠣᠩᠭᠤᠯ ᠰᠤᠷᠭᠠᠭᠤᠯᠢ ᠲᠠᠢ ‍᠂‍ 4000 ᠮᠣᠩᠭᠤᠯ ᠪᠣᠢ ‍᠃‍

ᠴᠣᠷᠤᠰ ᠪᠣᠯ ᠦᠭᠡᠯᠡᠳ ᠠᠶᠢᠮᠠᠭ ᠤᠨ ᠨᠢᠭᠡ ᠣᠪᠤᠭ ᠮᠦᠨ ‍᠂‍ ᠵᠡᠭᠦᠨᠭᠠᠷ ᠬᠠᠭᠠᠨᠲᠤ ᠤᠯᠤᠰ ᠤᠨ ᠤᠳᠤᠷᠢᠳᠬᠤ ᠡᠲᠡᠭᠡᠳ ᠨᠢ ᠪᠦᠷ ᠡᠨᠡ ᠣᠪᠤᠭ ᠠᠶᠢᠮᠠᠭ ᠡᠴᠡ ᠢᠷᠡᠯᠲᠡᠢ ‍᠂‍ ᠵᠡᠭᠦᠨᠭᠠᠷ ᠭᠡᠳᠡᠭ ᠳᠠᠭᠤᠳᠠᠯᠭ᠎᠎ᠠ ᠨᠢ 1642 ᠤᠨ ᠳ᠋ᠥ ᠤᠶᠢᠷᠠᠳ ᠤᠨ ᠬᠣᠯᠪᠤᠭ᠎᠎ᠠ ᠲᠦᠪᠡᠳ ᠲᠤ ᠣᠷᠤᠬᠤ ᠦᠶᠡᠰ ᠵᠡᠭᠦᠨ ᠭᠠᠷ ᠨᠢ ᠪᠣᠯᠵᠤ ᠶᠠᠪᠤᠭᠰᠠᠨ ᠡᠴᠡ ᠢᠷᠡᠯᠲᠡᠢ ‍:‍ ᠬᠠᠷᠠᠴᠢᠨ ᠪᠣᠯ ᠵᠡᠭᠦᠨᠭᠠᠷ ᠬᠠᠭᠠᠨᠲᠤ ᠤᠯᠤᠰ ᠤᠨ ᠳᠣᠲᠤᠭᠠᠳᠤ ᠶᠠᠪᠤᠳᠠᠯ ᠤᠨ ᠠᠷᠮᠢ ᠡᠴᠡ ᠢᠷᠡᠯᠲᠡᠢ ᠨᠡᠷ᠎ᠡ ᠮᠦᠨ ‍᠂‍ ᠮᠠᠨᠵᠤ ᠴᠢᠩ ᠦᠨ ᠬᠢᠳᠤᠯᠭ᠎᠎ᠠ ᠳ᠋ᠥ ᠦᠷᠲᠡᠵᠦ ᠠᠮᠢᠳᠤ ᠦᠯᠡᠳᠡᠭᠰᠡᠨ ᠨᠢ ᠣᠪᠤᠭ ᠠᠶᠢᠮᠠᠭ ᠵᠢᠡᠨ ᠬᠡᠯᠡᠬᠦ ᠦᠭᠡᠢ ᠵᠠᠩᠰᠢᠯ ᠲᠠᠢ ‍:‍ ᠵᠠᠬᠠᠴᠢᠨ ᠮᠢᠩᠭᠠᠳ ᠨᠢ ᠵᠡᠭᠦᠨᠭᠠᠷ ᠬᠠᠭᠠᠨᠲᠤ ᠤᠯᠤᠰ ᠤᠨ ᠦᠶ᠎ᠡ ᠳ᠋ᠥ ᠴᠡᠷᠢᠭ ᠠᠩᠭᠢ ᠶᠢᠨ ᠬᠤᠪᠢᠶᠠᠷᠢᠯᠠᠯ ᠳ᠋ᠥ ᠠᠶᠢᠮᠠᠭ ᠪᠦᠯᠦᠭ ᠪᠣᠯᠵᠤ ᠪᠦᠷᠢᠯᠳᠦᠭᠰᠡᠨ ᠶᠣᠮ ‍᠂‍ ᠣᠳᠤ ᠭᠣᠤᠯᠳᠠᠭᠤ ᠮᠣᠩᠭᠤᠯ ᠤᠯᠤᠰ ᠪᠠ ᠦᠪᠦᠷ ᠮᠣᠩᠭᠤᠯ ᠳ᠋ᠥ ᠦᠯᠡᠳᠡᠨ ᠰᠠᠭᠤᠷᠢᠰᠢᠵᠤ ᠪᠣᠢ ‍:‍ ᠮᠠᠨᠵᠤ ᠴᠢᠩ ᠦᠨ ᠬᠢᠳᠤᠯᠭ᠎᠎ᠠ ᠨᠢ ᠤᠶᠢᠷᠠᠳ ᠲᠤ ᠰᠦᠨᠦᠭᠡᠯᠲᠡ ᠶᠢᠨ ᠴᠢᠨᠠᠷᠲᠠᠢ ᠡᠪᠳᠡᠯᠭᠡ ᠶᠢ ᠠᠪᠴᠢᠷᠠᠪᠠ ‍᠂‍ ᠮᠠᠨᠵᠤ ᠴᠢᠩ ᠪᠠᠰᠠ ᠬᠦᠴᠦ ᠵᠢ ᠨᠢ ᠪᠠᠭᠤᠷᠠᠭᠤᠯᠬᠤ ᠶᠢᠨ ᠲᠦᠯᠦᠭᠡ ᠳᠠᠸᠠᠴᠢ ᠶᠢᠨ ᠠᠶᠢᠮᠠᠭ ᠪᠦᠯᠦᠭ  ᠢ ᠱᠠᠨᠰᠢ ‍᠂‍ ᠡᠾᠪᠸᠢ ‍᠂‍ ᠦᠪᠦᠷ ᠮᠣᠩᠭᠤᠯ ᠵᠡᠷᠭᠡ ᠭᠠᠵᠠᠷ ᠪᠤᠲᠠᠷᠠᠭᠤᠯᠤᠨ ᠰᠠᠭᠤᠷᠢᠰᠢᠭᠤᠯᠪᠠ ‍᠃‍

ᠲᠣᠮᠳᠠᠳᠣ ᠤᠯᠤᠰ ᠤᠨ ᠬᠢᠵᠠᠭᠠᠷ ᠲᠠᠬᠢ ᠦᠭᠡᠯᠡᠳ ᠨᠢ ᠭᠣᠤᠯᠳᠠᠭᠤ ᠰᠢᠨᠵᠢᠶᠠᠩ ‍᠂‍ ᠬᠦᠬᠡᠨᠠᠭᠤᠷ ‍᠂‍ ᠠᠯᠠᠱᠠ ‍᠂‍ ᠬᠦᠯᠦᠨ ᠪᠣᠶᠢᠷ ‍᠂‍ ᠴᠸᠩᠳ᠋ᠸ ᠵᠡᠷᠭᠡ ᠭᠠᠵᠠᠷ ᠲᠤ ᠲᠠᠷᠬᠠᠨ ᠪᠣᠢ ‍᠃‍ ᠮᠠᠨᠵᠤ ᠴᠢᠩ ᠦᠨ ᠦᠶᠡᠰ ᠬᠦᠬᠡᠨᠠᠭᠤᠷ ᠮᠣᠩᠭᠤᠯ 29 ᠬᠤᠰᠢᠭᠤ ‍᠂‍ ᠡᠭᠦᠨ ᠳ᠋ᠥ ᠬᠤᠱᠤᠳ 21 ᠬᠤᠰᠢᠭᠤ ‍᠂‍ ᠲᠣᠷᠭᠤᠳ 4 ᠬᠤᠰᠢᠭᠤ ‍᠂‍ ᠴᠣᠷᠤᠰ 2 ᠬᠤᠰᠢᠭᠤ ‍᠂‍ ᠬᠣᠶᠢᠳ 1 ᠬᠤᠰᠢᠭᠤ ‍᠂‍ ᠬᠠᠯᠬ᠎ᠠ 1 ᠬᠤᠰᠢᠭᠤ ‍:‍ ᠬᠦᠬᠡᠨᠠᠭᠤᠷ ᠵᠡᠭᠦᠨ ᠭᠠᠷ ᠠᠶᠢᠮᠠᠭ 2 ᠪᠦᠯᠦᠭ 12 ᠬᠤᠰᠢᠭᠤ ‍᠂‍ ᠬᠤᠱᠤᠳ 10 ᠬᠤᠰᠢᠭᠤ ‍᠂‍ ᠲᠣᠷᠭᠤᠳ 2 ᠬᠤᠰᠢᠭᠤ ‍:‍ ᠬᠦᠬᠡᠨᠠᠭᠤᠷ ᠪᠠᠷᠠᠭᠤᠨ ᠭᠠᠷ ᠠᠶᠢᠮᠠᠭ 5 ᠪᠦᠯᠦᠭ 12 ᠬᠤᠰᠢᠭᠤ ‍᠂‍ ᠴᠣᠷᠤᠰ 2 ᠬᠤᠰᠢᠭᠤ ‍᠂‍ ᠬᠤᠱᠤᠳ 7 ᠬᠤᠰᠢᠭᠤ ‍᠂‍ ᠬᠣᠶᠢᠳ 1 ᠬᠤᠰᠢᠭᠤ ‍᠂‍ ᠲᠣᠷᠭᠤᠳ 1 ᠬᠤᠰᠢᠭᠤ ‍᠂‍ ᠬᠠᠯᠬ᠎ᠠ 1 ᠬᠤᠰᠢᠭᠤ ‍᠃

ᠪᠢᠴᠢᠭᠡᠰᠦ