ᠳᠤᠰᠤᠯ ᠤᠨ ᠤᠰᠤᠯᠠᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠤᠰᠤᠯ ᠤᠨ ᠤᠰᠤᠯᠠᠭ᠎ᠠ - ᠤᠰᠤ ᠰᠢᠭᠦᠷᠴᠢ ᠪᠠᠶᠢᠭ᠎ᠠ ᠨᠢ

ᠳᠤᠰᠤᠯ ᠤᠨ ᠤᠰᠤᠯᠠᠭ᠎ᠠ᠄ ᠮᠥᠨ ᠮᠢᠺᠷᠣ᠋ ᠤᠰᠤᠵᠢᠭᠤᠯᠤᠯᠲᠠ ᠴᠤ ᠭᠡᠵᠦ ᠨᠡᠷᠡᠯᠡᠳᠡᠭ ᠤᠰᠤᠵᠢᠭᠤᠯᠤᠯᠲᠠ ᠶᠢᠨ ᠠᠷᠭ᠎ᠠ ᠨᠢ ᠤᠰᠤ ᠪᠣᠯᠤᠨ ᠪᠣᠷᠳᠣᠭ᠎ᠠ ᠶᠢ ᠬᠡᠮᠨᠡᠵᠦ᠂ ᠲᠡᠳᠡᠭᠡᠷ ᠢ ᠬᠠᠪᠬᠠᠯᠠᠭ᠎ᠠ᠂ ᠬᠣᠭᠣᠯᠠᠢᠳᠤᠰᠤᠯᠠᠭᠴᠢ ᠵᠡᠷᠭᠡ ᠨᠦᠭᠦᠳ ᠦᠨ ᠲᠤᠰᠠᠯᠠᠮᠵᠢ ᠲᠠᠢ ᠪᠠᠷ ᠬᠥᠷᠦᠰᠦᠨ ᠦ ᠭᠠᠳᠠᠷᠭᠤ ᠠᠴᠠ ᠡᠰᠡᠪᠡᠯ ᠰᠢᠭᠤᠳ ᠬᠥᠷᠦᠰᠦᠨ ᠦ ᠭᠦᠨ ᠡᠴᠡ ᠤᠷᠭᠤᠮᠠᠯ ᠤᠨ ᠦᠨᠳᠦᠰᠦᠨ ᠳᠦ ᠠᠭᠠᠵᠢᠮ ᠢᠶᠠᠷ ᠰᠢᠩᠭᠡᠭᠡᠳᠡᠭ᠃ ᠳᠤᠰᠤᠯ ᠤᠨ ᠤᠰᠤᠯᠠᠭ᠎ᠠ ᠶᠢ ᠠᠭᠤᠷᠰᠢᠯᠲᠠ ᠶᠡᠬᠡ ᠲᠡᠢ ᠡᠴᠡ ᠭᠠᠳᠠᠷᠭᠤ ᠶᠢᠨ ᠤᠰᠤᠯᠠᠭ᠎ᠠ ᠬᠢᠬᠦ ᠪᠣᠯᠤᠮᠵᠢ ᠦᠭᠡᠢ ᠬᠠᠯᠠᠭᠤᠨ ᠣᠷᠣᠨ ᠤ ᠨᠥᠬᠥᠴᠡᠯ ᠳᠦ ᠥᠷᠭᠡᠨ ᠬᠡᠷᠡᠭᠯᠡᠳᠡᠭ᠃ 1930 ᠍ ᠊ᠭᠠᠳ ᠤᠨ ᠤ ᠦᠶ᠎ᠡ ᠳᠦ ᠤᠰᠤᠨ ᠳᠤ ᠬᠡᠮᠨᠡᠯᠲᠡ ᠦᠭᠡᠢ ᠰᠤᠪᠠᠭ ᠲᠤ ᠤᠰᠤᠵᠢᠭᠤᠯᠤᠯᠲᠠ ᠶᠢ ᠣᠷᠣᠯᠠᠨ ᠭᠠᠷᠴᠤ ᠢᠷᠡᠭᠰᠡᠨ ᠴᠣᠬᠢᠯᠲᠠᠲᠤ ᠪᠣᠷᠣᠭᠠᠵᠢᠭᠤᠯᠤᠭᠴᠢ ᠶᠢ ᠨᠡᠭᠡᠭᠡᠭᠰᠡᠨ ᠡᠴᠡ ᠬᠣᠶᠢᠰᠢ ᠣᠷᠴᠢᠨ ᠦᠶ᠎ᠡ ᠶᠢᠨ ᠳᠤᠰᠤᠯ ᠤᠨ ᠤᠰᠤᠯᠠᠭ᠎ᠠ ᠨᠢ ᠬᠥᠳᠡᠭᠡ ᠠᠵᠤ ᠠᠬᠤᠢ ᠳᠠᠬᠢ ᠬᠠᠮᠤᠭ ᠤᠨ ᠴᠢᠬᠤᠯᠠ ᠨᠡᠭᠡᠭᠡᠯᠲᠡ ᠨᠦᠭᠦᠳ ᠦᠨ ᠨᠢᠭᠡᠨ ᠳᠦ ᠮᠠᠷᠭᠤᠰᠢ ᠦᠭᠡᠢ ᠪᠡᠷ ᠲᠣᠭᠠᠴᠠᠭᠳᠠᠬᠤ ᠪᠣᠯᠤᠭᠰᠠᠨ ᠶᠤᠮ᠃ ᠳᠤᠰᠤᠯ ᠤᠨ ᠤᠰᠤᠯᠠᠭ᠎ᠠ ᠨᠢ ᠳᠤᠰᠤᠯᠠᠭᠴᠢ ᠨᠤᠭᠤᠳ ᠠᠴᠠ ᠭᠠᠳᠠᠨ᠎ᠠ ᠮᠥᠨ ᠮᠢᠺᠷᠣ᠋ ᠍ ᠱᠦᠷᠴᠢᠭᠴᠢ ᠲᠣᠯᠣᠭᠠᠢ ᠶᠢ ᠠᠰᠢᠭᠯᠠᠳᠠᠭ᠃ ᠡᠨᠡ ᠨᠢ ᠪᠠᠭᠠᠬᠠᠨ ᠲᠠᠯᠠᠪᠠᠢ ᠳᠤ ᠤᠰᠤ ᠶᠢ ᠰᠦᠷᠴᠢᠳᠡᠭ᠃ ᠡᠳᠡᠭᠡᠷ ᠲᠣᠯᠣᠭᠠᠢ ᠨᠤᠭᠤᠳ ᠢ ᠶᠡᠷᠦᠩᠬᠡᠢ ᠳᠤ ᠪᠡᠨ ᠦᠨᠳᠦᠰᠦ ᠥᠷᠥᠭ ᠲᠡᠢ ᠤᠷᠭᠤᠮᠠᠯ ᠪᠣᠯᠬᠤ ᠮᠣᠳᠣ ᠪᠣᠯᠤᠨ ᠤᠰᠤᠨ ᠦᠵᠦᠮ ᠦᠨ ᠲᠠᠷᠢᠶᠠᠯᠠᠩ ᠳᠤ ᠠᠰᠢᠭᠯᠠᠳᠠᠭ᠃

ᠪᠢᠴᠢᠭᠡᠰᠦ