ᠳᠤᠮᠳᠠᠳᠤ ᠵᠠᠭᠤᠨ ᠤ ᠮᠣᠩᠭᠣᠯ ᠠᠶᠢᠮᠠᠭ ᠤᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Mongol aimaguud 12-r zuun.jpeg

ᠡᠨᠡᠬᠦ ᠵᠢᠭ᠌ᠰᠠᠭᠠᠯᠳᠠ ᠨᠢ 9-12 ᠍ ᠳᠦᠭᠡᠷ ᠵᠠᠭᠤᠨ ᠤ ᠮᠣᠩᠭᠣᠯ ᠣᠪᠤᠭ ᠠᠶᠢᠮᠠᠭ ᠤᠳ ᠤᠨ ᠵᠢᠭ᠌ᠰᠠᠭᠠᠯᠳᠠ ᠪᠣᠯᠤᠨ᠎ᠠ᠃

ᠲᠦᠷᠦᠭ ᠦᠨ ᠦᠶ᠎ᠡ ᠳᠦ ᠵᠡᠭᠦᠨ ᠲᠡᠰᠢ ᠰᠢᠬᠠᠭᠳᠠᠭᠰᠠᠨ ᠮᠣᠩᠭᠣᠯᠴᠤᠳ 8 ᠍ ᠳᠦᠭᠡᠷ ᠵᠠᠭᠤᠨ ᠠᠴᠠ ᠠᠭᠠᠵᠢᠮ ᠠᠭᠠᠵᠢᠮ ᠢᠶᠠᠷ ᠡᠷᠭᠢᠨ ᠢᠷᠡᠵᠡᠢ᠃ 9-12 ᠍ ᠳᠦᠭᠡᠷ ᠵᠠᠭᠤᠨ ᠤ ᠦᠶ᠎ᠡ ᠳᠦ ᠮᠣᠩᠭᠣᠯ ᠣᠪᠤᠭ ᠠᠶᠢᠮᠠᠭ ᠤᠳ ᠪᠠᠶᠢᠭᠠᠯᠢ ᠨᠠᠭᠤᠷ᠂ ᠠᠩᠭᠠᠷ ᠮᠥᠷᠡᠨ ᠡᠴᠡ ᠡᠮᠦᠨ᠎ᠡ ᠵᠦᠭ ᠲᠤ ᠴᠠᠭᠠᠨ ᠬᠡᠷᠡᠮ᠂ ᠰᠢᠷ᠎ᠠ ᠮᠥᠷᠡᠨᠶᠡᠬᠡ ᠬᠢᠩᠭᠠᠨ ᠤ ᠨᠢᠷᠤᠭᠤᠨ ᠠᠴᠠ ᠡᠷᠴᠢᠰ ᠮᠥᠷᠡᠨ ᠦ ᠡᠬᠢ᠂ ᠬᠠᠷ᠎ᠠ ᠡᠷᠴᠢᠰ᠂ ᠵᠠᠶᠢᠰᠠᠩ ᠨᠠᠭᠤᠷᠲᠩᠷᠢ ᠠᠭᠤᠯᠠ ᠬᠦᠷᠲᠡᠯ᠎ᠡ ᠨᠤᠲᠤᠭ ᠲᠤ ᠲᠠᠷᠬᠠᠨ ᠰᠠᠭᠤᠵᠤ ᠪᠠᠶᠢᠪᠠ᠃ ᠬᠠᠷ᠎ᠠ ᠬᠢᠳᠠᠨᠴᠤᠤ ᠳᠤ ᠪᠠᠷᠠᠭᠤᠨ ᠤᠷᠢᠳᠤ ᠵᠦᠭ ᠲᠤ ᠪᠠᠶᠢᠭᠰᠠᠨ ᠪᠣᠯ ᠪᠤᠰᠤᠳ ᠬᠢᠳᠠᠨᠴᠤᠤ ᠳᠤ᠂ ᠣᠨᠤᠭ ᠲᠤ ᠠᠶᠢᠮᠠᠭ ᠵᠢᠷᠦᠴᠢᠳ ᠦᠨ ᠠᠯᠲᠠᠨ ᠤᠯᠤᠰ ᠍ ᠤᠨ ᠵᠠᠬᠢᠷᠭᠠᠨ ᠳᠤ᠂ ᠤᠷᠳᠤ ᠵᠦᠭ ᠲᠤ ᠪᠠᠶᠢᠭᠰᠠᠨ ᠮᠣᠩᠭᠣᠯᠴᠤᠳ ᠲᠠᠩᠭᠣᠳ ᠤᠯᠤᠰ ᠍ ᠤᠨ ᠬᠠᠷᠢᠶᠠᠨ ᠳᠤ ᠪᠠᠶᠢᠪᠠ᠃ ᠲᠠᠩᠭᠤᠳ ᠤᠨ ᠵᠠᠬᠢᠷᠭᠠᠨ ᠳᠤ ᠪᠠᠶᠢᠭᠰᠠᠨ ᠮᠣᠩᠭᠣᠯᠴᠤᠳ ᠤᠨ ᠲᠠᠯ᠎ᠠ ᠪᠠᠷ ᠬᠠᠩᠭᠠᠯᠲᠠᠲᠠᠢ ᠮᠡᠳᠡᠭᠡ ᠪᠠᠷᠢᠮᠲᠠ ᠬᠣᠪᠣᠷ ᠪᠠᠶᠢᠳᠠᠭ ᠪᠠ ᠲᠡᠳᠡ ᠣᠳᠣ ᠶᠢᠨ ᠮᠣᠩᠭᠣᠷ ᠶᠠᠰᠤᠲᠠᠨ ᠤ ᠡᠪᠦᠭᠡ ᠪᠠᠶᠢᠭᠰᠠᠨ ᠪᠣᠯᠤᠯᠲᠠᠢ᠃ ᠮᠥᠨ ᠬᠢᠳᠠᠨ ᠤ ᠨᠤᠲᠤᠭ ᠠᠴᠠ ᠤᠷᠳᠤ ᠵᠦᠭ ᠲᠤ ᠠᠯᠲᠠᠨ ᠤᠯᠤᠰ ᠤᠨ ᠵᠠᠬᠢᠷᠭᠠᠨ ᠳᠤ ᠵᠠᠷᠢᠮ ᠮᠣᠩᠭᠣᠯᠴᠤᠳ ᠪᠠᠶᠢᠭᠰᠠᠨ ᠨᠢ ᠮᠣᠩᠭᠣᠯ ᠤᠨ ᠴᠡᠷᠢᠭ ᠲᠡᠰᠢ ᠳᠣᠪᠲᠣᠯᠬᠤ ᠳᠤ ᠮᠣᠩᠭᠣᠯ ᠳᠤ ᠳᠠᠭᠠᠷ᠎ᠠ ᠣᠷᠣᠵᠠᠢ᠃

ᠤᠶᠢᠭᠤᠷ ᠤᠨ ᠬᠠᠭᠠᠨᠲᠤ ᠤᠯᠤᠰ 840 ᠣᠨ ᠳᠤ ᠤᠨᠠᠭᠰᠠᠨ ᠤ ᠳᠠᠷᠠᠭ᠎ᠠ ᠺᠢᠷᠭᠢᠽᠢ ᠶᠢᠨ ᠬᠠᠭᠠᠨᠲᠤ ᠤᠯᠤᠰ ᠮᠣᠩᠭᠣᠯ ᠳᠤ 924 ᠣᠨ ᠬᠦᠷᠲᠡᠯ᠎ᠡ ᠨᠣᠶᠠᠷᠬᠠᠵᠤ ᠪᠠᠶᠢᠭᠰᠠᠨ ᠭᠡᠳᠡᠭ ᠴᠤ ᠰᠤᠳᠤᠷ ᠤᠨ ᠴᠢᠭᠤᠯᠭᠠᠨ ᠳᠤ ᠳᠤᠷᠢᠳᠠᠰᠤᠨ ᠢᠶᠠᠷ ᠲᠠᠲ᠋ᠠᠷ ᠠᠶᠢᠮᠠᠭ ᠬᠦᠴᠦᠷᠬᠡᠭᠵᠢᠨ ᠮᠣᠩᠭᠣᠯ ᠤᠨ ᠨᠤᠲᠤᠭ ᠲᠤ ᠨᠥᠯᠦᠭᠡ ᠪᠡᠨ ᠲᠣᠭᠲᠠᠭᠠᠭᠰᠠᠨ ᠭᠡᠳᠡᠭ ᠲᠤᠯᠠ ᠲᠦᠷᠦᠭ ᠦᠨ ᠦᠶ᠎ᠡ 840 ᠣᠨ ᠳᠤ ᠳᠠᠭᠤᠰᠤᠭᠰᠠᠨ ᠭᠡᠬᠦ ᠦᠨᠳᠦᠰᠦ ᠲᠡᠢ ᠶᠤᠮ᠃ ᠵᠠᠷᠢᠮ ᠲᠦᠷᠦᠭ ᠰᠤᠳᠤᠯᠤᠭᠠᠴᠢᠳ ᠮᠣᠩᠭᠣᠯᠴᠤᠳ ᠢ 12 ᠍ ᠳᠤᠭᠠᠷ ᠵᠠᠭᠤᠨ ᠤ ᠦᠶ᠎ᠡ ᠳᠦ ᠣᠳᠣ ᠶᠢᠨ ᠮᠣᠩᠭᠣᠯ ᠤᠯᠤᠰ ᠲᠤ ᠪᠠᠷᠤᠭ ᠪᠠᠶᠢᠭ᠎ᠠ ᠦᠭᠡᠢ᠂ ᠲᠤᠬᠠᠢ ᠶᠢᠨ ᠦᠶ᠎ᠡ ᠶᠢᠨ ᠮᠣᠩᠭᠣᠯᠴᠤᠳ ᠢ ᠮᠣᠩᠭᠣᠯ ᠤᠨ ᠵᠡᠭᠦᠨ ᠬᠣᠶᠢᠳᠤ ᠬᠡᠰᠡᠭ᠂ ᠪᠤᠷᠢᠶᠠᠳᠥᠪᠥᠷ ᠪᠠᠶᠢᠭᠠᠯᠢ ᠶᠢᠨ ᠬᠢᠵᠠᠭᠠᠷᠡᠷᠡᠬᠦᠦ ᠮᠤᠵᠢ᠂ ᠬᠢᠲᠠᠳ ᠤᠨ ᠬᠢᠩᠭᠠᠨ ᠠᠶᠢᠮᠠᠭ ᠬᠠᠪᠢᠶᠠᠷᠠ ᠪᠠᠶᠢᠭᠰᠠᠨ ᠴᠥᠭᠡᠨ ᠲᠣᠭᠠᠨ ᠤ ᠪᠤᠷᠢᠶᠠᠳᠲᠦᠮᠡᠳ᠂ ᠲᠠᠶᠢᠴᠢᠭᠤᠳ᠂ ᠪᠠᠷᠯᠠᠰ᠂ ᠵᠢᠳᠠᠷᠠᠨ ᠵᠡᠷᠭᠡ ᠣᠪᠤᠭ ᠠᠶᠢᠮᠠᠭ ᠤᠳ ᠪᠦᠷᠢᠯᠳᠦᠭᠦᠯᠵᠦ ᠪᠠᠶᠢᠭᠰᠠᠨ ᠪᠤᠰᠤᠳ ᠬᠡᠷᠡᠶᠢᠳᠨᠠᠶᠢᠮᠠᠨᠵᠠᠯᠠᠶᠢᠷ᠂ ᠬᠣᠩᠭᠢᠷᠠᠳ᠂ (ᠬᠣᠩᠭᠢᠷᠠᠳ ᠤᠨ ᠰᠠᠯᠪᠤᠷᠢ ᠣᠪᠤᠭ ᠤᠳ ᠪᠣᠯᠬᠤ ᠭᠣᠷᠯᠣᠰ᠂ ᠢᠬᠢᠷ ᠡᠴᠡ᠂ ᠬᠣᠩᠬᠣᠯ ᠤᠳ᠂ ᠣᠯᠠᠬᠠᠨ ᠨᠤᠭᠤᠳ ᠢ ᠣᠷᠤᠯᠴᠠᠭᠤᠯᠤᠨ), ᠣᠶᠢᠷᠠᠳ᠂ ᠪᠠᠶᠠᠳ᠂ ᠣᠨᠤᠭ ᠲᠤᠲᠠᠲ᠋ᠠᠷ ᠦᠳ ᠢ ᠲᠦᠷᠦᠭ ᠦᠳ ᠪᠠᠶᠢᠭᠰᠠᠨ ᠭᠡᠵᠦ ᠲᠠᠶᠢᠯᠪᠤᠷᠢᠯᠠᠳᠠᠭ᠃ ᠮᠥᠨ ᠲᠡᠳᠡ ᠡᠳᠡᠭᠡᠷ ᠲᠦᠷᠦᠭ ᠣᠪᠤᠭ ᠠᠶᠢᠮᠠᠭ ᠤᠳ ᠶᠠᠪᠤᠭᠠᠨ ᠳᠠᠭᠠᠨ ᠮᠣᠩᠭᠣᠯᠴᠤᠳ ᠲᠤ ᠠᠭᠤᠰᠤᠭᠰᠠᠨ ᠲᠤᠯᠠ ᠣᠳᠣ ᠶᠢᠨ ᠮᠣᠩᠭᠣᠯᠴᠤᠳ ᠤᠨ ᠳᠡᠶᠢᠯᠦᠩᠬᠢ ᠨᠢ ᠲᠦᠷᠢᠭ ᠭᠠᠷᠤᠯ ᠲᠠᠢ ᠬᠦᠮᠦᠰ ᠭᠡᠵᠦ ᠦᠵᠡᠳᠡᠭ᠃ ᠭᠡᠪᠡᠴᠦ ᠳᠡᠯᠡᠬᠡᠢ ᠶᠢᠨ ᠡᠷᠳᠡᠮᠲᠡᠳ ᠦᠨ ᠳᠡᠶᠢᠯᠦᠩᠬᠢ ᠨᠢ ᠲᠦᠷᠦᠭ ᠦᠨ ᠵᠠᠬᠢᠷᠭᠠᠨ ᠤ 300 ᠍ ᠊ᠭᠠᠳ ᠵᠢᠯ ᠳᠤ (555-840) ᠲᠦᠷᠦᠭ᠂ ᠮᠣᠩᠭᠣᠯᠴᠤᠳ ᠬᠣᠯᠢᠯᠳᠤᠵᠤ ᠲᠦᠷᠦᠭ᠂ ᠮᠣᠩᠭᠣᠯ ᠬᠣᠯᠢᠮᠠᠭ ᠣᠪᠤᠭ ᠠᠶᠢᠮᠠᠭ ᠤᠳ ᠡᠭᠦᠰᠦᠭᠰᠡᠨ ᠪᠠᠶᠢᠵᠤ ᠪᠣᠯᠬᠤ ᠴᠤ ᠡᠳᠡᠭᠡᠷ ᠣᠪᠤᠭ ᠠᠶᠢᠮᠠᠭ ᠤᠳ ᠪᠥᠭᠥᠳᠡᠭᠡᠷ ᠢᠶᠡᠨ ᠮᠣᠩᠭᠣᠯᠴᠤᠳ ᠭᠡᠰᠡᠨ ᠦᠵᠡᠯ ᠢ ᠪᠠᠷᠢᠮᠲᠠᠯᠠᠳᠠᠭ᠃ ᠤᠴᠢᠷ ᠨᠢ ᠳᠡᠭᠡᠷᠡᠬᠢ ᠣᠪᠤᠭ ᠠᠶᠢᠮᠠᠭ ᠤᠳ ᠤᠨ ᠨᠤᠲᠤᠭ ᠨᠢ ᠡᠷᠲᠡ ᠦᠶᠡᠰ ᠮᠣᠩᠭᠣᠯᠴᠤᠳ ᠨᠤᠲᠤᠭᠯᠠᠵᠤ ᠪᠠᠶᠢᠭᠰᠠᠨ ᠮᠥᠨ ᠡᠷᠲᠡᠨ ᠦ ᠮᠣᠩᠭᠣᠯ ᠤᠯᠤᠰ ᠤᠳ ᠍ ᠤᠨ ᠵᠠᠬᠢᠷᠭᠠᠨ ᠳᠤ ᠪᠠᠶᠢᠭᠰᠠᠨ ᠨᠤᠲᠤᠭ ᠲᠠᠢ ᠲᠠᠭᠠᠷᠠᠳᠠᠭ᠃ ᠮᠥᠨ ᠬᠢᠳᠠᠨ ᠤᠯᠤᠰ 924 ᠣᠨ ᠳᠤ ᠺᠢᠷᠭᠢᠽᠢ ᠶᠢᠨ ᠬᠠᠭᠠᠨᠲᠤ ᠤᠯᠤᠰ ᠍ ᠢ ᠪᠤᠲᠠ ᠴᠣᠬᠢᠨ ᠮᠣᠩᠭᠣᠯ ᠠᠴᠠ ᠰᠢᠬᠠᠰᠠᠨ ᠢᠶᠠᠷ ᠮᠣᠩᠭᠣᠯ ᠳᠠᠬᠢ ᠲᠦᠷᠦᠭ ᠦᠨ ᠨᠥᠯᠥᠭᠡ ᠶᠢ ᠪᠦᠷᠢᠮᠦᠰᠦᠨ ᠳᠠᠭᠤᠰᠬᠠᠭᠰᠠᠨ ᠭᠡᠳᠡᠭ ᠲᠡᠢ ᠳᠡᠯᠡᠬᠡᠢ ᠶᠢᠨ ᠡᠷᠳᠡᠮᠲᠡᠳ ᠶᠡᠷᠦᠩᠬᠡᠢ ᠳᠤ ᠪᠡᠨ ᠰᠠᠨᠠᠯ ᠨᠡᠶᠢᠯᠡᠳᠡᠭ᠃ ᠬᠢᠳᠠᠨ ᠤ ᠳᠣᠪᠲᠣᠯᠭᠠᠨ ᠠᠴᠠ ᠬᠣᠶᠢᠰᠢ 1200 ᠣᠨ ᠬᠦᠷᠲᠡᠯ᠎ᠡ 200 ᠣᠷᠴᠢᠮ ᠵᠢᠯ ᠥᠩᠭᠡᠷᠡᠭᠰᠡᠨ ᠤᠴᠢᠷ ᠮᠣᠩᠭᠣᠯᠴᠤᠳ ᠲᠥᠷᠥᠯᠬᠢ ᠨᠤᠲᠤᠭ ᠲᠤ ᠪᠠᠨ ᠨᠥᠯᠥᠭᠡ ᠪᠡᠨ ᠡᠷᠭᠢᠭᠦᠯᠦᠨ ᠲᠣᠭᠲᠠᠭᠠᠬᠤ ᠬᠠᠩᠭᠠᠯᠲᠠ ᠲᠠᠢ ᠬᠤᠭᠤᠴᠠᠭ᠎ᠠ ᠥᠩᠭᠡᠷᠡᠴᠡᠢ᠃ ᠮᠥᠨ ᠬᠠᠷ᠎ᠠ ᠬᠢᠳᠠᠨ ᠳᠤ ᠲᠦᠷᠦᠭ ᠤᠭᠰᠠᠭᠠᠨ ᠤ ᠤᠶᠢᠭᠤᠷ ᠍ ᠤᠨ ᠢᠳᠢᠭᠦᠳᠡ ᠶᠢᠨ ᠤᠯᠤᠰᠬᠠᠷᠯᠤᠭ ᠤᠯᠤᠰ ᠡᠵᠡᠯᠡᠭᠳᠡᠭᠰᠡᠨ ᠨᠢ ᠲᠥᠪ ᠠᠽᠢᠶ᠎ᠠ ᠳᠠᠬᠢ ᠲᠦᠷᠦᠭ ᠦᠳ ᠦᠨ ᠬᠦᠴᠦ ᠶᠢ ᠤᠯᠠᠮ ᠰᠤᠯᠠᠷᠠᠭᠤᠯᠵᠠᠢ᠃

ᠴᠢᠩᠭᠢᠰ ᠬᠠᠭᠠᠨ ᠣᠪᠤᠭ ᠤᠨ ᠵᠣᠬᠢᠶᠠᠨ ᠪᠠᠶᠢᠭᠤᠯᠤᠯᠲᠠ ᠶᠢ ᠡᠪᠳᠡᠵᠦ ᠥᠭᠡᠷ᠎ᠡ ᠣᠪᠤᠭ ᠤᠳ ᠢ ᠨᠢᠭᠡ ᠵᠠᠰᠠᠭ ᠵᠠᠬᠢᠷᠭᠠᠨ ᠤ ᠨᠢᠭᠡᠴᠡ ᠳᠦ ᠤᠷᠤᠭᠤᠯᠬᠤ ᠪᠣᠯᠰᠠᠨ᠎ᠠ ᠪᠠᠷ ᠮᠣᠩᠭᠣᠯ ᠳᠠᠬᠢ ᠣᠪᠤᠭ ᠤᠨ ᠵᠣᠬᠢᠶᠠᠨ ᠪᠠᠶᠢᠭᠤᠯᠤᠯᠲᠠ ᠪᠠᠶᠢᠬᠤ ᠦᠭᠡᠢ ᠪᠣᠯᠵᠠᠢ᠃ ᠡᠨᠡ ᠨᠢ ᠵᠠᠰᠠᠭ ᠵᠠᠬᠢᠷᠭᠠᠨ ᠤ ᠨᠢᠭᠡᠴᠡ ᠶᠢ ᠰᠢᠨ᠎ᠡ ᠪᠡᠷ ᠵᠣᠬᠢᠶᠠᠨ ᠪᠠᠶᠢᠭᠤᠯᠬᠤ᠂ ᠣᠪᠤᠭ ᠠᠶᠢᠮᠠᠭ ᠢᠶᠠᠷ ᠢᠶᠠᠨ ᠬᠤᠪᠢᠶᠠᠭᠳᠠᠨ ᠵᠥᠷᠢᠴᠡᠯᠳᠦᠬᠦ ᠡᠴᠡ ᠰᠡᠷᠭᠡᠶᠢᠯᠡᠬᠦ ᠵᠣᠷᠢᠯᠭ᠎ᠠ ᠲᠠᠢ ᠪᠠᠶᠢᠭᠰᠠᠨ ᠪᠠ ᠡᠭᠦᠨ ᠡᠴᠡ ᠬᠣᠶᠢᠰᠢ ᠣᠪᠤᠭ ᠤᠨ ᠤᠳᠤᠷᠢᠳᠤᠭᠴᠢ ᠶᠢᠨ ᠪᠠᠶᠢᠷᠢ ᠰᠠᠭᠤᠷᠢ ᠢᠯᠡᠳᠲᠡ ᠰᠤᠯᠠᠷᠠᠵᠤ ᠬᠣᠰᠢᠭᠤ᠂ ᠣᠲᠣᠭ ᠵᠡᠷᠭᠡ ᠰᠢᠨ᠎ᠡ ᠵᠠᠰᠠᠭ ᠵᠠᠬᠢᠷᠭᠠᠨ ᠤ ᠨᠢᠭᠡᠴᠡ ᠤᠯᠤᠰ ᠲᠥᠷᠥ ᠶᠢᠨ ᠪᠤᠲᠠᠷᠠᠯ ᠤᠨ ᠦᠶ᠎ᠡ ᠳᠦ ᠭᠠᠷᠴᠤ ᠢᠷᠡᠵᠡᠢ᠃ ᠬᠠᠷᠢᠨ ᠬᠠᠰᠠᠭ ᠦᠳ ᠤᠨ ᠳᠤᠮᠳᠠ ᠣᠪᠤᠭ ᠤᠨ ᠵᠣᠬᠢᠶᠠᠨ ᠪᠠᠶᠢᠭᠤᠯᠤᠯᠲᠠ᠂ ᠣᠪᠤᠭ ᠤᠨ ᠠᠬᠠᠯᠠᠭᠴᠢ ᠶᠢᠨ ᠪᠠᠶᠢᠷᠢ ᠰᠠᠭᠤᠷᠢ ᠬᠦᠴᠢᠲᠡᠢ ᠬᠡᠪ ᠢᠶᠡᠷ ᠦᠯᠡᠳᠡᠭᠰᠡᠨ ᠪᠠᠶᠢᠳᠠᠭ᠃ 13 ᠍ ᠳᠦᠭᠡᠷ ᠵᠠᠭᠤᠨ ᠤ ᠦᠶ᠎ᠡ ᠳᠦ ИМУ ᠪᠠᠶᠢᠭᠤᠯᠤᠭᠳᠠᠰᠤᠨ ᠤ ᠳᠠᠷᠠᠭ᠎ᠠ ᠣᠪᠤᠭ ᠠᠶᠢᠮᠠᠭ ᠤᠳ ᠪᠤᠲᠠᠷᠠᠨ ᠠᠯᠠᠭ᠎ᠠ ᠪᠣᠯᠬᠤ᠂ ᠰᠢᠨ᠎ᠡ ᠣᠪᠤᠭ ᠠᠶᠢᠮᠠᠭ ᠪᠤᠢ ᠪᠣᠯᠬᠤ᠂ ᠠᠶᠢᠮᠠᠭ ᠤᠳ ᠨᠡᠭᠦᠬᠦ ᠦᠢᠯᠡ ᠶᠠᠪᠤᠴᠠ ᠡᠷᠴᠢᠮᠲᠡᠢ ᠥᠷᠨᠢᠭᠰᠡᠨ ᠦ ᠦᠷ᠎ᠡ ᠳ᠋ᠦᠩ ᠳᠦ 1368-1691 ᠣᠨ ᠤ ᠮᠣᠩᠭᠣᠯ ᠣᠷᠣᠨᠢ ᠠᠶᠢᠮᠠᠭ ᠤᠭᠰᠠᠭᠠᠲᠠᠨ ᠤ ᠪᠦᠯᠦᠭ ᠦᠳ ᠪᠦᠷᠢᠳᠴᠡᠢ᠃ ᠣᠳᠣ ᠶᠢᠨ ᠮᠣᠩᠭᠣᠯ ᠣᠪᠤᠭ ᠤᠨ ᠪᠠᠶᠢᠷᠢᠰᠢᠯ ᠲᠠᠢ ᠬᠠᠷᠢᠴᠠᠭᠤᠯᠬᠤ ᠳᠤ ᠲᠡᠷᠡ ᠦᠶ᠎ᠡ ᠶᠢᠨ ᠣᠪᠤᠭ ᠤᠨ ᠪᠠᠶᠢᠷᠢᠰᠢᠯ ᠵᠠᠷᠢᠮ ᠲᠠᠯ᠎ᠠ ᠪᠠᠷ ᠲᠠᠭᠠᠷᠠᠬᠤ ᠲᠡᠳᠦᠢ ᠦᠭᠡᠢ ᠵᠠᠷᠢᠮ ᠣᠪᠤᠭ ᠠᠶᠢᠮᠠᠭ ᠤᠳ ᠲᠡᠷᠡ ᠦᠶ᠎ᠡ ᠶᠢᠨ ᠨᠤᠲᠤᠭ ᠲᠤ ᠪᠠᠨ ᠦᠯᠡᠳᠡᠭᠰᠡᠨ ᠨᠢ ᠬᠠᠷᠠᠭᠳᠠᠳᠠᠭ᠃ ᠵᠢᠱᠢᠶ᠎ᠡ ᠨᠢ ᠭᠣᠷᠯᠣᠰ ᠣᠪᠤᠭ ᠥᠪᠥᠷ ᠮᠣᠩᠭᠣᠯ ᠤᠨ ᠬᠣᠶᠢᠳᠤ ᠬᠡᠰᠡᠭ ᠢᠶᠡᠷ ᠪᠠᠶᠢᠭᠰᠠᠨ ᠨᠢ ᠣᠳᠣ ᠥᠪᠥᠷ ᠮᠣᠩᠭᠣᠯ ᠤᠨ ᠭᠣᠷᠯᠣᠰ ᠬᠡᠮᠡᠬᠦ ᠨᠢᠭᠡ ᠶᠠᠰᠤᠲᠠᠨ ᠪᠣᠯᠵᠠᠢ᠃ ᠬ᠃ᠫᠷᠯᠡᠢ ᠶᠢᠨ ᠰᠤᠳᠤᠯᠤᠭᠰᠠᠨ ᠢᠶᠠᠷ ᠨᠠᠶᠢᠮᠠᠨ᠂ ᠬᠡᠷᠡᠶᠢᠳ᠂ ᠪᠠᠶᠠᠳ᠂ ᠮᠡᠷᠬᠢᠳ᠂ ᠣᠶᠢᠷᠠᠳ᠂ ᠲᠠᠲᠠᠷ᠂ ᠪᠤᠷᠢᠶᠠᠳ᠂ ᠲᠦᠮᠡᠳ᠂ ᠣᠢ ᠶᠢᠨ ᠢᠷᠭᠡᠳ᠂ ᠣᠨᠤᠭ ᠲᠤ᠂ ᠬᠢᠳᠠᠨᠴᠤᠳ ᠠᠴᠠ ᠪᠤᠰᠤᠳ ᠮᠣᠩᠭᠣᠯ ᠤᠨ ᠨᠢᠭᠤᠴᠠ ᠲᠣᠪᠴᠢᠶ᠎ᠠ ᠳᠦ ᠳᠤᠷᠢᠳᠠᠭᠳᠠᠭᠰᠠᠨ ᠮᠣᠩᠭᠣᠯ ᠣᠪᠤᠭ ᠠᠶᠢᠮᠠᠭ ᠤᠳ ᠬᠠᠮᠤᠭ ᠮᠣᠩᠭᠣᠯ ᠤᠨ ᠬᠠᠨᠯᠢᠭ ᠲᠤ ᠪᠤᠶᠤ ᠮᠣᠩᠭᠣᠯ ᠤᠨ ᠵᠡᠭᠦᠨ ᠬᠣᠶᠢᠳᠤ ᠬᠡᠰᠡᠭ᠂ ᠥᠪᠥᠷ ᠪᠠᠶᠢᠭᠠᠯᠢ ᠶᠢᠨ ᠬᠢᠵᠠᠭᠠᠷᠡᠶᠢᠨ ᠡᠮᠦᠨᠡᠲᠦ᠂ ᠲᠥᠪ ᠬᠡᠰᠡᠭ᠂ ᠥᠪᠥᠷ ᠮᠣᠩᠭᠣᠯ ᠍ ᠤᠨ ᠬᠣᠶᠢᠳᠤ ᠬᠡᠰᠡᠭ ᠢᠶᠡᠷ ᠲᠠᠷᠬᠠᠭᠰᠠᠨ ᠪᠠᠶᠢᠨ᠎ᠠ᠃

13 ᠍ ᠳᠦᠭᠡᠷ ᠵᠠᠭᠤᠨ ᠳᠤ ᠬᠡᠷᠡᠶᠢᠳ᠂ ᠨᠠᠶᠢᠮᠠᠨ᠂ ᠬᠣᠩᠭᠢᠷᠠᠳ᠂ ᠵᠠᠯᠠᠶᠢᠷ ᠵᠡᠷᠭᠡ ᠠᠶᠢᠮᠠᠭ ᠤᠨ ᠨᠡᠯᠢᠶᠡᠳ ᠬᠡᠰᠡᠭ ᠨᠢ ᠪᠠᠷᠠᠭᠤᠨ ᠲᠡᠰᠢ ᠨᠡᠭᠦᠭᠰᠡᠨ ᠡᠴᠡ ᠤᠤᠯ ᠠᠴᠠ ᠪᠠᠨ ᠴᠥᠭᠡᠨ ᠲᠣᠭ᠎ᠠ ᠲᠠᠢ ᠮᠣᠩᠭᠣᠯ ᠤᠨ ᠬᠦᠮᠦᠨ ᠠᠮᠠ ᠴᠥᠭᠡᠷᠡᠴᠢ ᠮᠣᠩᠭᠣᠯ ᠤᠨ ᠨᠤᠲᠤᠭ ᠤᠨ ᠵᠠᠷᠢᠮ ᠬᠡᠰᠡᠭ ᠡᠵᠡᠨᠭᠦᠶᠢᠷᠡᠬᠦ ᠳᠦ ᠨᠥᠯᠦᠭᠡᠯᠡᠭᠰᠡᠨ ᠪᠠᠶᠢᠨ᠎ᠠ᠃ ᠲᠡᠶᠢᠮᠦ ᠡᠴᠡ ᠴᠤ ᠰᠣᠴᠢᠶᠠᠯᠢᠮ ᠤᠨ ᠦᠶ᠎ᠡ ᠶᠢᠨ ᠮᠣᠩᠭᠣᠯ ᠤᠨ ᠲᠡᠦᠬᠡᠴᠢᠳ ᠴᠢᠩᠭᠢᠰ ᠬᠠᠭᠠᠨ ᠤ ᠮᠣᠩᠭᠣᠯ ᠢ ᠨᠢᠭᠡᠳᠬᠡᠭᠰᠡᠨ ᠭᠠᠪᠢᠶ᠎ᠠ ᠶᠢ ᠨᠢ ᠦᠨᠡᠯᠡᠨ ᠵᠣᠬᠢᠶᠠᠯ ᠪᠦᠲᠦᠭᠡᠯ ᠳᠦ ᠪᠡᠨ ᠳᠤᠷᠢᠳᠠᠭᠰᠠᠨ ᠪᠠᠶᠢᠳᠠᠭ ᠴᠤ ᠮᠣᠩᠭᠣᠯ ᠤᠨ ᠬᠦᠮᠦᠨ ᠠᠮᠠ ᠶᠢ ᠲᠠᠷᠠᠭᠠᠨ ᠴᠥᠭᠡᠷᠡᠭᠦᠯᠦᠭᠰᠡᠨ ᠭᠡᠵᠦ ᠪᠤᠷᠤᠭᠤᠳᠬᠠᠳᠠᠭ ᠪᠠᠶᠢᠪᠠ᠃ ᠮᠣᠩᠭᠣᠯ ᠤᠨ ᠪᠠᠶᠢᠯᠳᠤᠨ ᠳᠠᠭᠠᠭᠤᠯᠤᠯ ᠤᠨ ᠦᠶ᠎ᠡ ᠳᠦ ᠮᠣᠩᠭᠣᠯᠴᠤᠳ ᠭᠣᠣᠯᠳᠠᠭᠤ ᠲᠥᠪ ᠠᠽᠢᠶ᠎ᠠ ᠶᠢᠨ ᠪᠤᠰᠤᠳ ᠣᠷᠣᠨ ᠳᠤ ᠨᠡᠭᠦᠵᠦ ᠣᠴᠢᠭᠰᠠᠨ ᠪᠠᠶᠢᠳᠠᠭ ᠪᠥᠭᠡᠳ ᠬᠢᠲᠠᠳ ᠤᠨ ᠭᠦᠨ ᠷᠦᠦ ᠣᠯᠠᠨ ᠲᠣᠭᠠᠨ ᠤ ᠮᠣᠩᠭᠣᠯᠴᠤᠳ ᠣᠴᠢᠵᠤ ᠰᠠᠭᠤᠷᠢᠰᠢᠭ᠎ᠠ ᠦᠭᠡᠢ ᠪᠣᠯᠤᠯᠲᠠᠢ᠃ ᠮᠣᠩᠭᠣᠯᠴᠤᠳ ᠤᠨ ᠲᠣᠭ᠎ᠠ 12 ᠍ ᠳᠦᠭᠡᠷ ᠵᠠᠭᠤᠨ ᠳᠤ 1,5-2 ᠰᠠᠶ᠎ᠠ ᠭᠠᠷᠤᠢ ᠪᠠᠶᠢᠭᠰᠠᠨ ᠤᠴᠢᠷ ᠮᠣᠩᠭᠣᠯᠴᠤᠳ ᠤᠨ ᠭᠠᠳᠠᠭᠰᠢ ᠬᠢᠭᠰᠡᠨ ᠨᠡᠭᠦᠳᠡᠯ ᠦᠨ ᠴᠠᠷ᠎ᠠ ᠬᠡᠮᠵᠢᠶ᠎ᠡ ᠲᠡᠶᠢᠮᠦ ᠴᠤ ᠶᠡᠬᠡ ᠪᠢᠰᠢ ᠭᠡᠵᠦ ᠦᠵᠡᠳᠡᠭ ᠪᠥᠭᠡᠳ ᠦᠨᠳᠦᠰᠦᠨ ᠬᠦᠮᠦᠨ ᠠᠮᠠ ᠨᠢ ᠮᠣᠩᠭᠣᠯ ᠳᠤ ᠪᠠᠨ ᠦᠯᠡᠳᠡᠭᠰᠡᠨ ᠪᠣᠯᠤᠯᠲᠠᠢ᠃

ᠨᠢᠷᠤᠨ ᠠᠶᠢᠮᠠᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠷᠢᠨ ᠴᠢᠨᠣᠰ ᠬᠠᠲ᠋ᠠᠬᠠᠨ ᠬᠠᠳᠠᠷᠬᠠᠨ ᠤᠷᠤᠳ ᠲᠠᠶᠢᠴᠢᠭᠤᠳ ᠰᠡᠵᠢ ᠨᠦᠭᠦᠳ ᠰᠤᠬᠠᠨ ᠰᠠᠯᠵᠢ ᠨᠤᠭᠤᠳ ᠬᠠᠲᠠᠭᠢᠨ ᠨᠣᠶᠠᠬᠠᠨ ᠮᠠᠨᠤᠭ ᠲᠤ ᠺᠦᠩᠭᠢᠶ᠎ᠠ ᠳᠤ ᠵᠠᠳᠠᠷᠠᠨ ᠳᠤᠺᠯᠠᠳ᠋ ᠳᠥᠷᠪᠡᠨ ᠪᠤᠳᠠᠭ᠎ᠠ ᠳᠤ ᠪᠠᠷᠯᠠᠰ ᠪᠡᠰᠦᠲᠤ

ᠳᠠᠷᠯᠢᠭᠢᠨ ᠠᠶᠢᠮᠠᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠤᠯᠠᠳ ᠪᠠᠶᠠᠭᠤᠳ ᠢᠬᠡᠷᠢᠰ ᠺᠢᠯᠢᠩᠭᠦ ᠳᠦ ᠺᠢᠩᠭᠢ ᠳᠤ ᠺᠦᠶᠢᠨᠵᠢᠨ ᠺᠦᠩᠭᠢᠯᠤᠶᠦ᠋ᠲ ᠨᠢᠺᠦ᠋ᠽ ᠨᠣᠬᠠᠰ ᠣᠯᠬᠣᠩ ᠳᠤ ᠣᠷᠣᠳᠠᠦ᠋ᠲ ᠰᠦᠯᠡᠳᠡᠰᠦᠨ ᠤᠷᠢᠶᠠᠩᠬᠠᠢ ᠦᠰᠢᠨ ᠬᠣᠩᠭᠢᠷᠠᠳ ᠬᠣᠩᠬᠣᠲᠣᠩ ᠡᠯᠳᠦᠷᠺᠢᠨ ᠡᠯᠵᠢᠭᠢᠨ (ᠡᠯ᠎ᠡ:ᠡᠨᠡ ᠲᠧᠭᠢᠨ:ᠡᠵᠡᠨ)

ᠬᠠᠮᠤᠭ ᠮᠣᠩᠭᠣᠯ ᠤᠨ ᠬᠠᠨᠯᠢᠭ ᠲᠤ ᠪᠠᠭᠠᠳᠬᠤ ᠣᠪᠤᠭ ᠠᠶᠢᠮᠠᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠢ ᠶᠢᠨ ᠠᠶᠢᠮᠠᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠪᠤᠷᠢᠶᠠᠳ
  • ᠣᠶᠢᠷᠠᠳ
  • ᠲᠦᠮᠡᠳ
  • ᠺᠰᠲ᠋ᠧᠮᠢ - ᠲᠡᠦᠬᠡᠴᠢ ᠬ᠃ᠫᠷᠯᠡᠢ 12 ᠍ ᠳᠦᠭᠡᠷ ᠵᠠᠭᠤᠨ ᠤ ᠮᠣᠩᠭᠣᠯ ᠣᠪᠤᠭ ᠠᠶᠢᠮᠠᠭ ᠤᠳ ᠤᠨ ᠲᠠᠷᠬᠠᠯᠲᠠ ᠶᠢᠨ ᠲᠠᠯ᠎ᠠ ᠪᠠᠷ

ᠪᠢᠴᠢᠭᠰᠡᠨ ᠨᠣᠮᠣᠨ ᠳᠤ ᠪᠠᠨ ᠺᠰᠲ᠋ᠧᠵᠢᠴᠢ ᠨᠤᠭᠤᠳ ᠤᠨ ᠤᠯᠠ ᠮᠥᠷ ᠢ ᠬᠠᠶᠢᠰᠠᠩ ᠴᠤ ᠣᠯᠤᠭ᠎ᠠ ᠦᠭᠡᠢ ᠭᠡᠰᠡᠨ ᠪᠠᠶᠢᠳᠠᠭ᠃

ᠪᠤᠰᠤᠳ ᠣᠪᠤᠭ ᠠᠶᠢᠮᠠᠭ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳᠡᠭᠡᠷ ᠣᠪᠤᠭ ᠠᠶᠢᠮᠠᠭ ᠤᠳ ᠴᠢᠩᠭᠢᠰ ᠬᠠᠭᠠᠨ ᠠᠴᠠ ᠡᠮᠦᠨ᠎ᠡ ᠠᠯᠢ ᠬᠠᠨᠯᠢᠭ ᠲᠤ ᠪᠠᠭᠳᠠᠵᠣ ᠪᠠᠶᠢᠭᠰᠠᠨ ᠨᠢ ᠲᠣᠳᠣᠷᠬᠠᠢ ᠦᠭᠡᠢ᠃

  • ᠬᠣᠩᠭᠢᠷᠠᠳ᠂ ᠲᠡᠭᠦᠨ ᠦ ᠰᠠᠯᠪᠤᠷᠢ ᠣᠪᠤᠭ ᠤᠳ᠃ ᠬᠣᠩᠭᠢᠷᠠᠳ ᠨᠠᠷ ИМУ ᠪᠠᠶᠢᠭᠤᠯᠤᠭᠳᠠᠬᠤ ᠠᠴᠠ ᠡᠮᠦᠨ᠎ᠡ ᠬᠠᠮᠤᠭ ᠮᠣᠩᠭᠣᠯ ᠳᠤ ᠳᠠᠭᠠᠷ᠎ᠠ ᠣᠷᠣᠵᠠᠢ᠃
  • ᠳᠤᠯ ᠳᠤ (ᠳᠣᠯᠣᠭᠠᠳ) ᠰᠤᠳᠤᠷ ᠤᠨ ᠴᠢᠭᠤᠯᠭᠠᠨ ᠳᠤ ᠳᠤᠷᠢᠳᠠᠭᠳᠠᠭᠰᠠᠨ

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ