ᠳᠤᠮᠳᠠᠭᠤᠪᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠳᠤᠮᠳᠠᠭᠤᠪᠢ ᠠᠶᠢᠮᠠᠭ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠳᠤᠮᠳᠠᠭᠤᠪᠢ ᠠᠶᠢᠮᠠᠭ
Дундговь
—  ᠠᠶᠢᠮᠠᠭ  —
ᠣᠩᠭᠢᠨ ᠬᠡᠶᠢᠳ

ᠰᠦᠯᠳᠡ ᠲᠡᠮᠳᠡᠭ
ᠮᠣᠩᠭᠣᠯ ᠣᠷᠣᠨ ᠳᠠᠬᠢ ᠳᠤᠮᠳᠠᠭᠤᠪᠢ ᠠᠶᠢᠮᠠᠭ
ᠤᠯᠤᠰ Flag of Mongolia.svg ᠮᠣᠩᠭᠣᠯ
ᠠᠶᠢᠮᠠᠭ ᠳᠤᠮᠳᠠᠭᠤᠪᠢ
ᠰᠤᠮᠤ (15) ᠠᠳᠠᠴᠠᠭ · ᠪᠠᠶᠠᠨᠵᠢᠷᠭᠠᠯᠠᠩ
ᠭᠣᠪᠢ-ᠤᠭᠲᠠᠭᠠᠯ · ᠭᠤᠷᠪᠠᠨᠰᠠᠶᠢᠬᠠᠨ
ᠳᠡᠯᠭᠡᠷᠬᠠᠩᠭᠠᠢ · ᠳᠡᠯᠭᠡᠷᠴᠣᠭ ᠲᠤ
ᠳᠡᠷᠡᠨ · ᠯᠠᠭᠤᠰᠠ · ᠥᠯᠵᠡᠶᠢᠲᠦ
ᠥᠨᠳᠥᠷᠰᠢᠯ · ᠰᠠᠶᠢᠬᠠᠨ-ᠣᠪᠣᠭ᠎ᠠ
ᠰᠠᠶᠢᠨᠴᠠᠭᠠᠨ · ᠬᠤᠯᠠ ᠳᠤ
ᠴᠠᠭᠠᠨᠳᠡᠯᠭᠡᠷ · ᠡᠷᠳᠡᠨᠢᠳᠠᠯᠠᠢ
ᠠᠶᠢᠮᠠᠭ ᠤᠨ ᠲᠥᠪ ᠮᠠᠨᠳᠠᠯᠭᠣᠪᠢ
1941 ᠤᠨ ᠳᠤᠮᠳᠠᠭᠤᠪᠢ ᠠᠶᠢᠮᠠᠭ ᠡᠭᠦᠰᠦᠭᠰᠡᠨ
ᠭᠠᠵᠠᠷ ᠨᠤᠲᠤᠭ 74,690.32 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠤᠨ ᠳᠤ 38,820 ᠬᠦᠮᠦᠨ
 ᠨᠢᠭᠲᠠᠴᠠ ᠰᠡᠶᠢᠷᠡᠭ 0.52 ᠬᠦᠮᠦᠨ/км²
ᠠᠷᠠᠳ ᠲᠦᠮᠡᠨ ᠦᠨᠳᠦᠰᠦᠨ ᠳᠦ ᠪᠡᠨ ᠮᠣᠩᠭᠣᠯ᠂ 2010 ᠤᠨ ᠤ
ᠲᠣᠭᠠᠯᠠᠯᠭ᠎ᠠ ᠪᠠᠷ 99.8% - ᠬᠠᠯᠬ᠎ᠠ
ᠴᠤᠭᠭᠠᠷ ᠢᠶᠠᠨ ᠳᠤᠮᠳᠠᠭᠣᠪᠢ ᠶᠢᠨ ᠬᠢᠨ
ᠤᠷᠢᠳᠤ ᠴᠠᠭ ᠲᠤ  ᠶᠡᠬᠡᠩᠬᠢ ᠨᠢ ᠲᠦᠰᠢᠶᠡᠲᠦ ᠬᠠᠨ ᠠᠶᠢᠮᠠᠭ ᠲᠤ
1923-1931 ᠤᠨ  ᠶᠡᠬᠡᠩᠬᠢ ᠨᠢ ᠪᠣᠭᠳᠠᠬᠠᠨ ᠤᠤᠯ ᠤᠨ ᠠᠶᠢᠮᠠᠭ ᠲᠤ
1931-1942 ᠤᠨ 8 ᠰᠤᠮᠤ ᠡᠮᠦᠨᠡᠭᠣᠪᠢ᠂ 7 ᠰᠤᠮᠤ ᠲᠥᠪ᠂
3 ᠰᠤᠮᠤ ᠳᠣᠷᠣᠨᠠᠭᠣᠪᠢ ᠠᠶᠢᠮᠠᠭ ᠲᠤ ᠪᠠᠶᠢᠪᠠ
1942 ᠤᠨ ᠳᠤᠮᠳᠠᠭᠤᠪᠢ ᠠᠶᠢᠮᠠᠭ ᠡᠭᠦᠰᠦᠭᠰᠡᠨ
ᠴᠠᠭ ᠤᠨ ᠪᠥᠰᠡ ᠤᠯᠠᠭᠠᠨᠪᠠᠭᠠᠲᠤᠷ ᠤᠨ ᠴᠠᠭ (GMT+8)
ᠲᠠᠨᠢᠬᠤ ᠦᠰᠦᠭ ᠳᠤᠮᠳᠠ ᠭᠣᠪᠢ
ᠴᠠᠬᠢᠮ ᠭᠠᠵᠠᠷ http://mandalgovi.mn/

ᠳᠤᠮᠳᠠᠭᠤᠪᠢ (ᠺᠢᠷᠢᠯ ᠮᠣᠩᠭᠣᠯ ᠢᠶᠠᠷ Дундговь) ᠨᠢ ᠮᠣᠩᠭᠣᠯ ᠤᠯᠤᠰ ᠍ ᠤᠨ ᠠᠶᠢᠮᠠᠭ ᠶᠤᠮ᠃ 1941 ᠤᠨ ᠳᠤ ᠪᠠᠶᠢᠭᠤᠯᠤᠭᠳᠠᠭᠰᠠᠨ᠃ ᠠᠶᠢᠮᠠᠭ ᠤᠨ ᠲᠥᠪ ᠨᠢ ᠮᠠᠨᠳᠠᠯᠭᠣᠪᠢ.

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠤᠮᠳᠠᠭᠤᠪᠢ ᠠᠶᠢᠮᠠᠭ ᠨᠢ ᠮᠣᠩᠭᠣᠯ ᠤᠯᠤᠰ ᠍ ᠤᠨ ᠨᠤᠲᠤᠭ ᠤᠨ ᠲᠥᠪ ᠬᠡᠰᠡᠭ ᠲᠦ ᠲᠠᠯᠠᠷᠬᠠᠭ ᠨᠤᠲᠤᠭ ᠲᠤ ᠭᠣᠪᠢ ᠬᠡᠭᠡᠷ᠎ᠡ ᠶᠢᠨ ᠪᠥᠰᠡ ᠶᠢᠨ ᠵᠠᠭᠠᠭ ᠳᠡᠭᠡᠷ᠎ᠡ ᠣᠷᠣᠰᠢᠳᠠᠭ᠃ ᠨᠤᠲᠤᠭ ᠤᠨ ᠬᠠᠮᠤᠭ ᠤᠨ ᠥᠨᠳᠥᠷ ᠴᠡᠭ ᠨᠢ 1926 ᠮ ᠥᠨᠳᠥᠷ᠂ ᠳᠡᠯᠭᠡᠷᠬᠠᠩᠭᠠᠢ ᠠᠭᠤᠯᠠ ᠶᠠᠭᠤᠮ᠎ᠠ᠃ ᠮᠥᠨ ᠶᠡᠬᠡᠪᠠᠭ᠎ᠠ ᠭᠠᠵᠠᠷ ᠤᠨ ᠴᠢᠯᠠᠭᠤ ᠵᠡᠷᠭᠡ ᠠᠭᠤᠯᠠᠰ ᠪᠤᠢ᠃ ᠨᠤᠲᠤᠭ ᠤᠨ ᠬᠣᠶᠢᠳᠤ ᠬᠡᠰᠡᠭ ᠲᠦ ᠳᠡᠭᠡᠳᠦ ᠫᠠᠯᠧᠣᠵᠣᠶᠢᠨ ᠬᠤᠷᠠᠳᠠᠰᠤ᠂ ᠡᠮᠦᠨᠡᠲᠦ ᠬᠡᠰᠡᠭ ᠢᠶᠡᠷ ᠨᠢ ᠴᠡᠷᠳᠡᠶᠢᠨ ᠪᠠ ᠺᠠᠶᠢᠨᠣᠵᠣᠶᠢᠨ ᠬᠤᠷᠠᠳᠠᠰᠤ ᠲᠠᠷᠬᠠᠵᠠᠢ᠃ ᠳᠤᠮᠳᠠᠭᠤᠪᠢ ᠠᠶᠢᠮᠠᠭ ᠤᠨ ᠨᠤᠲᠤᠭ ᠲᠤ ᠣᠩᠭᠢᠨ ᠭᠣᠣᠯ ᠠᠴᠠ ᠥᠭᠡᠷ᠎ᠡ ᠲᠣᠮᠣ ᠭᠣᠣᠯ᠂ ᠨᠠᠭᠤᠷ ᠪᠠᠶᠢᠬᠤ ᠦᠭᠡᠢ᠃ ᠲᠣᠭᠣᠭ᠎ᠠ ᠶᠢᠨᠳᠦᠭᠦᠷᠡᠩ ᠬᠠᠷᠭᠠᠨ᠎ᠠ ᠶᠢᠨᠣᠯᠣᠭᠠᠢ ᠨᠠᠭᠤᠷ ᠤᠨ ᠵᠡᠷᠭᠡ ᠷᠠᠰᠢᠶᠠᠨ ᠪᠤᠢ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨᠳᠠᠯᠭᠣᠪᠢ ᠨᠢ ᠮᠣᠩᠭᠣᠯ ᠤᠨ ᠬᠠᠮᠤᠭ ᠤᠨ ᠶᠡᠬᠡ ᠰᠠᠯᠬᠢ ᠲᠠᠢ ᠪᠠᠶᠢᠳᠠᠭ ᠨᠤᠲᠤᠭ ᠶᠤᠮ᠃ ᠮᠠᠨᠳᠠᠯᠭᠣᠪᠢ ᠨᠢ ᠮᠠᠨ ᠤ ᠣᠷᠣᠨ ᠤ ᠬᠣᠶᠢᠳᠤ ᠪᠠ ᠡᠮᠦᠨᠡᠲᠦ ᠵᠦᠭ ᠦᠨ ᠠᠭᠠᠷ ᠤᠨ ᠤᠷᠤᠰᠬᠠᠯ ᠤᠨ ᠬᠣᠭᠣᠷᠣᠨᠳᠣ ᠣᠷᠣᠰᠢᠳᠠᠭ ᠤᠴᠢᠷ ᠠᠴᠠ ᠶᠡᠬᠡ ᠰᠠᠯᠬᠢ ᠲᠠᠢ ᠪᠠᠶᠢᠳᠠᠭ᠃

== ᠠᠮᠢᠲᠠᠨ ᠤᠷᠭᠤᠮᠠᠯ == ᠨᠤᠲᠤᠭ ᠤᠨ ᠬᠣᠶᠢᠳᠤ ᠪᠠ ᠲᠥᠪ ᠬᠡᠰᠡᠭ ᠢᠶᠡᠷ ᠬᠡᠭᠡᠷ᠎ᠡ ᠶᠢᠨ ᠬᠠᠷ᠎ᠠ ᠬᠦᠷᠢᠨ᠂ ᠴᠠᠶᠢᠪᠤᠷ ᠬᠦᠷᠡᠩ ᠬᠥᠷᠥᠰᠥ᠂ ᠡᠮᠦᠨᠡᠲᠦ ᠬᠡᠰᠡᠭ ᠢᠶᠡᠷ ᠨᠢ ᠭᠣᠪᠢ ᠶᠢᠨ ᠰᠠᠷᠠᠯ ᠬᠥᠷᠥᠰᠥ ᠲᠠᠷᠬᠠᠵᠠᠢ᠃ ᠨᠤᠲᠤᠭ ᠤᠨ ᠬᠣᠶᠢᠳᠤ ᠪᠠ ᠳᠤᠮᠳᠠ ᠬᠡᠰᠡᠭ ᠢᠶᠡᠷ ᠬᠡᠭᠡᠷ᠎ᠡ ᠶᠢᠨ ᠡᠪᠡᠰᠦᠯᠢᠭ ᠤᠷᠭᠤᠮᠠᠯ᠂ ᠤᠷᠳᠤ ᠬᠡᠰᠡᠭ ᠢᠶᠡᠷ ᠨᠢ ᠭᠣᠪᠢ ᠶᠢᠨ ᠤᠷᠭᠤᠮᠠᠯ ᠤᠷᠭᠤᠨ᠎ᠠ᠃ ᠬᠠᠷ᠎ᠠ ᠰᠡᠭᠦᠯᠲᠦᠴᠠᠭᠠᠨ ᠵᠡᠭᠡᠷ᠎ᠡᠲᠠᠷᠪᠠᠭ᠎ᠠ ᠵᠡᠷᠭᠡ ᠠᠩ ᠠᠮᠢᠲᠠᠨ ᠠᠮᠢᠳᠤᠷᠠᠳᠠᠭ᠃ ᠨᠤᠲᠤᠭ ᠤᠨ ᠠᠭᠤᠯᠠᠷᠬᠠᠭ ᠭᠠᠵᠠᠷ ᠢᠶᠠᠷ ᠨᠢ ᠢᠷᠪᠢᠰ᠂ ᠰᠢᠯᠦᠭᠦᠰᠦ᠂ ᠴᠢᠨᠣ᠎ᠠ᠂ ᠠᠷᠭᠠᠯ᠂ ᠶᠠᠩᠭᠢᠷ ᠨᠡᠭᠦᠳᠡᠯᠯᠡᠨ ᠠᠮᠢᠳᠤᠷᠠᠳᠠᠭ ᠪᠠᠶᠢᠨ᠎ᠠ᠃ gcfyj

ᠵᠠᠰᠠᠭ ᠵᠠᠬᠢᠷᠭ᠎ᠠ᠂ ᠨᠤᠲᠤᠭ ᠳᠡᠪᠢᠰᠬᠡᠷ ᠦᠨ ᠨᠢᠭᠡᠴᠡ᠂ ᠲᠡᠭᠦᠨ ᠦ ᠤᠳᠤᠷᠢᠳᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠤᠮᠳᠠᠭᠤᠪᠢ ᠠᠶᠢᠮᠠᠭ ᠨᠢ 15 ᠰᠤᠮᠤ᠂ 66 ᠪᠠᠭ ᠲᠠᠢ᠃ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠨᠢ 35 ᠲᠥᠯᠥᠭᠡᠯᠡᠭᠴᠢ ᠲᠡᠢ᠃ 2012 ᠤᠨ ᠤ ᠣᠷᠣᠨ ᠨᠤᠲᠤᠭ ᠤᠨ ᠰᠣᠩᠭᠣᠭᠤᠯᠢ ᠪᠠᠷ ᠮᠣᠩᠭᠣᠯ ᠠᠷᠠᠳ ᠤᠨ ᠨᠠᠮ ᠣᠯᠠᠩᠬᠢ ᠪᠣᠯᠤᠭᠰᠠᠨ᠃ ᠮᠥᠨ 5 ᠰᠤᠮᠤ ᠠᠴᠠ ᠪᠤᠰᠤᠳ ᠲᠤ ᠨᠢ ᠡᠷᠬᠡ ᠪᠠᠷᠢᠵᠤ ᠪᠠᠶᠢᠨ᠎ᠠ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠠᠮᠠ ᠨᠢ ᠣᠯᠠᠰᠢᠷᠠᠭᠰᠠᠨ ᠲᠤᠯᠠ ᠡᠳ᠋ ᠍ ᠦᠨ ᠵᠠᠰᠠᠭ ᠤᠨ ᠪᠠᠶᠢᠳᠠᠯ ᠮᠠᠭᠤᠳᠠᠭᠰᠠᠨ᠃

ᠮᠠᠯ ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠳ᠋ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠤᠮᠳᠠᠭᠤᠪᠢ ᠠᠶᠢᠮᠠᠭ ᠨᠢ ᠡᠷᠴᠢᠮ ᠬᠦᠴᠦᠨ ᠦ ᠨᠢᠭᠡᠳᠦᠭᠰᠡᠨ ᠰᠦᠯᠵᠢᠶᠡᠨ ᠳᠦ ᠬᠣᠯᠪᠣᠭᠳᠠᠭᠰᠠᠨ᠃ ᠴᠠᠬᠢᠯᠭᠠᠨ ᠬᠠᠩᠭᠠᠮᠵᠢ ᠪᠦᠷᠢᠨ ᠰᠢᠢᠳᠦᠭᠳᠡᠭᠰᠡᠨ᠃ ᠬᠣᠯᠪᠣᠭ᠎ᠠ ᠬᠠᠷᠢᠯᠴᠠᠭ᠎ᠠ ᠮᠧᠨ ᠰᠠᠶᠢᠨ ᠬᠲᠵᠰᠧᠨ᠃ ᠬᠣᠶᠠᠷ ᠰᠤᠮᠤ ᠠᠴᠠ ᠪᠤᠰᠤᠳ ᠨᠢ ᠰᠢᠯᠢᠨ ᠺᠠᠪᠧᠯ ᠳᠦ ᠬᠣᠯᠪᠣᠭᠳᠠᠬᠤ ᠳᠤ ᠪᠡᠯᠡᠨ ᠪᠣᠯᠤᠭᠰᠠᠨ᠃ ᠳᠠᠯᠠᠨᠵᠠᠳᠠᠭᠠᠲᠤ ᠪᠣᠯᠤᠨ ᠤᠯᠠᠭᠠᠨᠪᠠᠭᠠᠲᠤᠷ ᠬᠣᠲᠠ ᠨᠤᠭᠤᠳ ᠲᠠᠢ ᠬᠠᠲᠠᠭᠤ ᠬᠤᠴᠢᠯᠲᠠ ᠲᠠᠢ ᠠᠦ᠋ᠲ᠋ᠣ᠋ ᠵᠠᠮ ᠢᠶᠠᠷ ᠰᠢᠭᠤᠳ ᠬᠣᠯᠪᠣᠭᠳᠠᠭᠰᠠᠨ᠃ ᠡᠨᠡ ᠵᠠᠮ ᠤᠨ ᠳᠠᠭᠠᠤ ᠳᠡᠯᠭᠡᠷᠴᠣᠭ ᠲᠤ᠂ ᠰᠠᠶᠢᠨᠴᠠᠭᠠᠨ᠂ ᠯᠠᠭᠤᠰᠠ᠂ ᠬᠤᠯᠠ ᠳᠤ ᠰᠤᠮᠤ ᠳᠤ ᠪᠠᠶᠢᠷᠢᠯᠠᠬᠤ ᠪᠠ ᠳᠡᠷᠡᠨ᠂ ᠳᠡᠯᠭᠡᠷᠬᠠᠩᠭᠠᠢ ᠰᠤᠮᠤᠳ ᠤᠨ ᠲᠥᠪ ᠴᠠᠭᠠᠰᠢᠳᠠ ᠬᠣᠯᠪᠣᠭᠳᠠᠬᠤ ᠳᠤ ᠬᠠᠮᠤᠭ ᠤᠨ ᠣᠶᠢᠷ᠎ᠠ ᠶᠤᠮ᠃ ᠣᠳᠣ ᠮᠠᠨᠳᠠᠯᠭᠣᠪᠢ - ᠴᠣᠶᠢᠷᠣ᠎ᠠ ᠴᠢᠭᠯᠡᠯ ᠦᠨ ᠠᠦ᠋ᠲ᠋ᠣ᠋ ᠵᠠᠮ ᠢ ᠪᠠᠷᠢᠬᠤ ᠨᠢ ᠡᠳ᠋ ᠍ ᠦᠨ ᠵᠠᠰᠠᠭ ᠤᠨ ᠴᠢᠬᠤᠯᠠ ᠠᠴᠢ ᠬᠣᠯᠪᠣᠭᠳᠠᠯ ᠲᠠᠢ᠃ ᠭᠣᠪᠢ-ᠤᠭᠲᠠᠭᠠᠯ᠂ ᠴᠠᠭᠠᠨᠳᠡᠯᠭᠡᠷ᠂ ᠪᠠᠶᠠᠨᠵᠢᠷᠭᠠᠯᠠᠩ᠂ ᠭᠤᠷᠪᠠᠨᠰᠠᠶᠢᠬᠠᠨ ᠰᠤᠮᠤ ᠳᠤ ᠠᠶᠢᠮᠠᠭ ᠤᠨ ᠲᠥᠪ ᠪᠣᠯᠤᠨ ᠤᠯᠠᠭᠠᠨᠪᠠᠭᠠᠲᠤᠷ ᠲᠠᠢ ᠬᠣᠯᠪᠣᠭᠳᠠᠨ᠎ᠠ᠃ ᠡᠷᠳᠡᠨᠢᠳᠠᠯᠠᠢ ᠰᠤᠮᠤ ᠶᠢᠨ ᠴᠠᠭᠠᠨ-ᠣᠪᠣᠭ᠎ᠠ ᠠᠴᠠ ᠯᠠᠭᠤᠰᠠ ᠬᠦᠷᠲᠡᠯ᠎ᠡ ᠵᠠᠮ ᠲᠠᠯᠪᠢᠬᠤ ᠢᠷᠡᠭᠡᠳᠦᠢ ᠪᠤᠢ᠃ ᠢᠩᠭᠢᠭᠰᠡᠨ ᠢᠶᠡᠷ ᠬᠠᠮᠤᠭ ᠤᠨ ᠵᠠᠬ᠎ᠠ ᠶᠢᠨ ᠭᠤᠷᠪᠠᠨ ᠰᠤᠮᠤ ᠰᠠᠶᠢᠬᠠᠨ-ᠣᠪᠣᠭ᠎ᠠ᠂ ᠥᠯᠵᠡᠶᠢᠲᠦ᠂ ᠥᠨᠳᠥᠷᠰᠢᠯ ᠡᠴᠡ ᠪᠤᠰᠤᠳ ᠨᠢ ᠵᠠᠮ ᠲᠠᠢ ᠪᠣᠯᠬᠤ ᠪᠣᠳᠠᠲᠤ ᠪᠣᠯᠤᠮᠵᠢ ᠣᠶᠢᠷᠠᠬᠠᠨ ᠪᠠᠶᠢᠨ᠎ᠠ᠃

ᠠᠵᠤ ᠦᠢᠯᠡᠳᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠤᠮᠳᠠᠭᠤᠪᠢ ᠳᠤ ᠪᠠᠷᠢᠯᠭ᠎ᠠ ᠶᠢᠨ ᠮᠠᠲ᠋ᠧᠷᠢᠶᠠᠯ ᠍ ᠤᠨ᠂ ᠬᠦᠨᠡᠰᠦᠨ ᠦ ᠦᠢᠯᠡᠳᠪᠦᠷᠢ ᠨᠦᠭᠦᠳ ᠪᠠᠶᠢᠳᠠᠭ᠃

ᠴᠢᠯᠠᠭᠤᠨ ᠨᠡᠭᠦᠷᠡᠰᠦ (ᠬᠦᠢᠲᠡᠨᠬᠣᠩᠭᠣᠷ᠂ ᠲᠡᠪᠰᠢ᠂ ᠡᠯᠢᠭᠡᠨ ᠭᠣᠪᠢ᠂ ᠡᠪᠦᠳᠦᠭᠬᠤᠳᠳᠤᠭ᠂ ᠰᠡᠭᠦᠯ-ᠥᠨᠳᠥᠷ), ᠲᠡᠮᠦᠷ ᠦᠨ ᠬᠥᠳᠡᠷ (ᠡᠷᠢᠶᠡᠨ), ᠭᠥᠯᠲᠥᠭᠡᠨ᠎ᠡ (ᠲᠠᠷᠭᠤ ᠳᠤ), ᠱᠣᠬᠣᠢ ᠶᠢᠨ ᠴᠢᠯᠠᠭᠤ (ᠴᠠᠬᠢᠭᠤᠷᠲᠤ), ᠰᠢᠲᠠᠳᠠᠭ ᠵᠠᠨᠠᠷ (ᠡᠪᠦᠳᠦᠭᠬᠣᠣᠯᠠᠢ ᠶᠢᠨ ᠬᠣᠰᠢᠭᠤ᠂ ᠪᠠᠶᠠᠨᠵᠢᠷᠭᠠᠯᠠᠩ ᠳᠤ), ᠬᠠᠶᠢᠯᠤᠭᠤᠷ ᠵᠣᠩᠰᠢ᠂ ᠪᠠᠷᠢᠯᠭ᠎ᠠ ᠶᠢᠨ ᠮᠠᠲ᠋ᠧᠷᠢᠶᠠᠯ ᠵᠡᠷᠭᠡ ᠠᠰᠢᠭᠲᠤ ᠮᠠᠯᠲᠠᠮᠠᠯ ᠪᠤᠢ᠃

ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠤᠮᠳᠠᠭᠤᠪᠢ ᠠᠶᠢᠮᠠᠭ ᠠᠴᠠ ᠲᠥᠷᠥᠨ ᠭᠠᠷᠤᠭᠰᠠᠨ ᠤᠷᠠᠨ ᠪᠦᠲᠦᠭᠡᠯᠴᠢᠳ ᠪᠠᠭᠰᠢ ᠨᠠᠷ ᠭᠡᠳ ᠣᠯᠠᠨ ᠣᠯᠠᠨ ᠠᠯᠳᠠᠷᠲᠠᠨ ᠨᠤᠭᠤᠳ ᠲᠥᠷᠥᠨ ᠭᠠᠷᠤᠭᠰᠠᠨ ᠪᠢᠯᠡ᠃

ᠰᠤᠮᠤ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠳᠤᠮᠳᠠᠭᠤᠪᠢ ᠠᠶᠢᠮᠠᠭ ᠤᠨ ᠵᠢᠷᠤᠭ»

ᠪᠢᠴᠢᠭᠡᠰᠦ