ᠳᠤᠪᠤ ᠮᠡᠷᠭᠡᠨ ᠠᠯᠤᠨ ᠭᠤᠸ᠎ᠠ ᠶ᠋ᠢ ᠪᠠᠭᠤᠯᠭᠠᠵᠤ ᠠᠪᠤᠭᠰᠠᠨ ᠦᠯᠢᠭᠡᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
AltainUrianhaiHuvtsas.jpg

ᠴᠢᠩᠭᠢᠰ ᠬᠠᠭᠠᠨ ‍ᠤ ᠳᠡᠭᠡᠳᠦᠰ ᠨᠢ ᠳᠡᠭᠡᠷ᠎ᠡ ᠲᠩᠷᠢ ᠡᠴᠠ ᠵᠠᠶᠠᠭᠠᠵᠤ ᠲᠦᠷᠦᠭᠰᠡᠨ ᠪᠦᠷᠳᠡ ᠴᠢᠨᠤ᠎ᠠ ᠂ ᠭᠡᠷᠭᠡᠢ ᠨᠢ ᠬᠤᠸ᠎ᠠ ᠮᠠᠷᠠᠯ ᠠᠵᠢ ᠃ ᠳᠠᠩᠬᠢᠰ ᠭᠡᠲᠦᠯᠦᠨ ᠢᠷᠡᠵᠦ ᠤᠨᠤᠨ ᠮᠦᠷᠡᠨ ‍ᠤ ᠡᠬᠢ ᠪᠤᠷᠬᠠᠨ ᠬᠠᠯᠳᠤᠨ ᠳ᠋ᠤ ᠨᠤᠳᠤᠭᠯᠠᠵᠤ ᠬᠦᠦ ᠪᠠᠲᠠᠴᠢ ᠬᠠᠨ ‍ᠢ ᠲᠦᠷᠦᠪᠡ ᠃

ᠪᠦᠷᠳᠡ ᠴᠢᠨᠤ᠎ᠠ ᠶ᠋ᠢᠨ ᠠᠷᠪᠠᠨ ᠨᠢᠭᠡᠳᠦᠭᠡᠷ ᠦᠶ᠎ᠡ ᠶ᠋ᠢᠨ ᠬᠢᠨᠢ ᠬᠤᠶᠢᠴᠢᠰ ᠲᠤᠷᠤᠭᠤᠯᠵᠢᠨ ᠪᠠᠶᠠᠨ ᠬᠡᠵᠦ ᠪᠠᠶᠢᠵᠠᠢ ᠃ ᠲᠤᠷᠤᠭᠤᠯᠵᠢᠨ ᠪᠠᠶᠠᠨ ᠂ ᠲᠤᠸᠠ ᠰᠤᠬᠤᠷ ᠂ ᠳᠤᠪᠤ ᠮᠡᠷᠬᠡᠨ ᠬᠤᠶᠠᠷ ᠬᠦᠦ ᠲᠠᠢ ᠃

ᠲᠤᠸᠠ ᠰᠤᠬᠤᠷ ᠮᠠᠩᠨᠠᠢ ᠳᠤᠮᠳᠠ ᠪᠠᠨ ᠭᠠᠭᠴᠠ ᠨᠢᠳᠦ ᠲᠠᠢ ᠂ ᠭᠤᠷᠪᠠᠨ ᠨᠡᠭᠦᠳᠡᠯ ‍ᠤᠨ ᠭᠠᠵᠠᠷ ᠬᠠᠷᠠᠳᠠᠭ ᠃ ᠨᠢᠭᠡ ᠡᠳᠦᠷ ᠲᠤᠸᠠ ᠰᠤᠬᠤᠷ ᠂ ᠳᠤᠪᠤ ᠮᠡᠷᠭᠡᠨ ᠳᠡᠭᠦᠦ ᠲᠠᠢ ᠪᠠᠨ ᠬᠤᠶᠠᠭᠤᠯᠠ ᠪᠤᠷᠬᠠᠨ ᠬᠠᠯᠳᠤᠨ ᠳᠡᠭᠡᠷ᠎ᠡ ᠭᠠᠷᠪᠠ ᠃ ᠲᠤᠸᠠ ᠰᠤᠬᠤᠷ ᠪᠤᠷᠠᠬᠨ ᠬᠠᠯᠲᠤᠨ ᠳᠡᠭᠡᠷ᠎ᠡ ᠬᠠᠷᠠᠭᠰᠠᠨ ᠳ᠋ᠤ ᠨᠢᠬᠡᠨ ᠪᠦᠯᠦᠭ ᠢᠷᠬᠡᠨ ᠳᠦᠩᠭᠡᠯᠢᠭ ᠭᠤᠷᠤᠬ᠎ᠠ ᠤᠷᠤᠭᠤ ᠨᠡᠭᠦᠵᠦ ᠶᠠᠪᠤᠬᠤ ᠬᠠᠷᠠᠭᠳᠠᠪᠠ ᠃

ᠲᠤᠸᠠ ᠰᠤᠬᠤᠷ ᠄ 《 ᠲᠡᠷᠡ ᠨᠡᠭᠦᠵᠦ ᠶᠠᠪᠤᠬᠤ ᠢᠷᠬᠡᠨ ᠤ ᠳᠣᠲᠤᠷ᠎ᠠ ᠬᠠᠷ᠎ᠠ ᠮᠤᠬᠤᠯᠠᠭ ᠲᠡᠷᠬᠡᠨ ‍ᠤ ᠡᠮᠦᠨ᠎ᠡ ᠨᠢᠭᠡ ᠭᠤᠶᠤ ᠬᠡᠤᠬᠡᠨ ᠰᠠᠭᠤᠵᠦ ᠪᠠᠶᠢᠨ᠎ᠠ ᠃ ᠬᠦᠮᠦᠨ ᠳ᠋ᠥ ᠦᠭᠭᠦᠭᠡᠳᠦᠢ ᠪᠤᠯ ᠳᠤᠪᠤ ᠮᠡᠷᠬᠡᠨ ᠳ᠋ᠥ ᠭᠤᠶᠤᠶ᠎ᠠ 》 ᠭᠡᠳ ᠳᠤᠪᠤ ᠮᠡᠷᠬᠡᠨ ᠳᠡᠭᠦᠦ ᠪᠠᠨ ᠦᠵᠡᠭᠦᠯᠬᠦ ᠪᠠᠷ ᠶᠠᠪᠤᠭᠤᠯᠪᠠ ᠃

ᠳᠤᠪᠤ ᠮᠡᠷᠬᠡᠨ ᠲᠡᠷᠡ ᠨᠡᠭᠦᠳᠡᠯ ‍ᠤᠨ ᠠᠶᠢᠯ ᠳ᠋ᠥ ᠬᠦᠷᠴᠦ ᠦᠵᠡᠭᠰᠡᠨ ᠳ᠋ᠤ ᠦᠨᠡᠭᠡᠷ ᠭᠤᠸ᠎ᠠ ᠰᠠᠶᠢᠬᠠᠨ ᠦᠬᠢᠨ ᠪᠠᠶᠢᠵᠦ ᠂ ᠠᠯᠳᠠᠷ ᠴᠤᠯᠠ ᠶᠡᠬᠡ ᠲᠠᠢ ᠂ ᠠᠯᠤᠨ ᠭᠤᠸ᠎ᠠ ᠭᠡᠬᠦ ᠨᠡᠷ᠎ᠡ ᠲᠠᠢ ᠂ ᠬᠠᠷᠢ ᠳ᠋ᠥ ᠮᠤᠷᠳᠠᠭᠠᠳᠦᠢ ᠬᠡᠤᠬᠡᠨ ᠪᠠᠶᠢᠵᠠᠢ ᠃ ᠲᠡᠷᠡ ᠠᠯᠤᠨ ᠭᠤᠸ᠎ᠠ ᠨᠡᠷ᠎ᠡ ᠲᠠᠢ ᠦᠬᠢᠨ ‍ᠢ ᠬᠤᠷᠢᠯᠳᠠᠢ ᠮᠡᠷᠬᠡᠨ ᠤ ᠬᠡᠷᠭᠡᠢ ᠪᠠᠷᠭᠤᠵᠢᠨ ᠭᠤᠸ᠎ᠠ ᠂ ᠬᠤᠷᠢ ᠲᠦᠮᠡᠳ ‍ᠤᠨ ᠨᠤᠲᠤᠭ ᠠᠷᠢᠭ ᠤᠰᠤᠨ ᠳ᠋ᠤ ᠲᠦᠷᠦᠭᠰᠡᠨ ᠪᠠᠶᠢᠵᠠᠢ ᠃ ᠡᠨᠡ ᠪᠦᠯᠦᠭ ᠨᠡᠭᠦᠳᠡᠯ ‍ᠤᠨ ᠢᠷᠬᠡᠳ ᠪᠤᠯ ᠬᠤᠷᠢ ᠲᠦᠮᠡᠳ ‍ᠤᠳ ᠪᠠᠶᠢᠪᠠ ᠃

ᠬᠤᠷᠢᠯᠠᠳᠠᠢ ᠮᠡᠷᠭᠡᠨ ᠬᠤᠷᠢ ᠲᠦᠮᠡᠳ ‍ᠤᠨ ᠨᠤᠲᠤᠭ ᠲᠠᠭᠠᠨ ᠪᠤᠯᠠᠭ᠎ᠠ ᠬᠡᠷᠡᠮᠦ ᠠᠩᠨᠠᠵᠦ ᠂ ᠠᠩ ᠭᠦᠷᠦᠭᠡ ᠲᠠᠢ ᠭᠠᠵᠠᠷ ᠢᠶᠡᠨ ᠬᠠᠷᠢᠴᠠᠨ ᠪᠤᠯᠢᠶᠠᠯᠳᠤᠨ ᠬᠤᠭᠤᠷᠤᠨᠳᠤ ᠪᠠᠨ ᠮᠠᠭᠤᠳᠠᠯᠴᠠᠭᠠᠳ ᠂ ᠬᠤᠷᠢᠯᠠᠷ ᠤᠪᠤᠭᠲᠠᠨ ᠢᠶᠠᠷ ᠢᠶᠡᠨ ᠪᠤᠷᠬᠠᠨ ᠬᠠᠯᠳᠤᠨ ᠳ᠋ᠥ ᠠᠩ ᠭᠦᠷᠦᠭᠡ ᠡᠯᠪᠡᠭ ᠭᠡᠵᠦ ᠪᠤᠷᠬᠠᠨ ᠬᠠᠯᠳᠤᠨ ᠤ ᠡᠵᠡᠨ ᠤᠷᠢᠩᠬᠠᠢ ᠶ᠋ᠢᠨ ᠰᠢᠨᠴᠢ ᠪᠠᠶᠠᠨ ᠲᠠᠢ ᠨᠠᠶᠢᠯᠡᠬᠦ ᠪᠡᠷ ᠨᠡᠭᠦᠵᠦ ᠢᠷᠡᠭᠰᠡᠨ ᠪᠠᠶᠢᠨ᠎ᠠ ᠃ ᠢᠩᠭᠢᠵᠦ ᠳᠤᠪᠤ ᠮᠡᠷᠭᠡᠨ ᠬᠤᠷᠢ ᠲᠦᠮᠡᠳ ‍ᠤᠨ ᠬᠷᠢᠯᠠᠳᠠᠢ ᠮᠡᠷᠭᠡᠨ ᠤ ᠦᠬᠢᠨ ᠠᠯᠤᠨ ᠭᠤᠸ᠎ᠠ ᠶ᠋ᠢ ᠭᠤᠶᠤᠵᠤ ᠠᠪᠴᠦ ᠪᠢᠯᠡ ᠃

ᠪᠢᠴᠢᠭᠡᠰᠦ