ᠳᠣᠷᠣᠨᠠᠲᠤ ᠬᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠳᠤᠩᠬᠤ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ

ᠳᠦᠩᠢ ᠬᠤ ᠪᠤᠶᠤ ᠳᠣᠷᠣᠨᠠᠲᠤ ᠬᠤ ᠨᠠᠷ ᠨᠢ ᠲᠡᠳᠡᠨ ᠦ ᠳᠡᠭᠡᠳᠦ ᠡᠪᠦᠭᠡ ᠪᠣᠯᠬᠤ ᠭᠦᠢ ᠨᠠᠷ ᠠᠴᠠ ᠭᠠᠷᠤᠯᠲᠠᠢ ᠠᠵᠡᠢ᠃ ᠭᠦᠢ ᠨᠠᠷ ᠠᠴᠠ ᠪᠠᠷᠠᠭᠤᠨ ᠬᠤ (ᠾᠦᠩᠨᠦ) ᠪᠣᠯᠤᠨ ᠳᠣᠷᠣᠨᠠᠲᠤ ᠬᠤ (ᠳᠦᠩᠢ ᠬᠤ) ᠬᠡᠮᠡᠨ 2 ᠬᠤᠪᠢᠶᠠᠭᠳᠠᠵᠠᠢ᠃ ᠬᠢᠲᠠᠳ ᠤᠨ ᠰᠤᠷᠪᠤᠯᠵᠢ ᠪᠢᠴᠢᠭ ᠦᠳ ᠲᠦ ᠳᠣᠷᠣᠨᠠᠲᠤ ᠬᠤ ᠨᠠᠷ ᠢ ᠳᠦᠩᠢ ᠬᠤ (ᠮᠣᠩᠭᠣᠯ ᠤᠨ ᠲᠡᠦᠬᠡ ᠶᠢᠨ ᠰᠤᠳᠤᠯᠭᠠᠨ ᠤ ᠵᠣᠬᠢᠶᠠᠯ ᠤᠳ ᠲᠤ ᠳᠤᠩᠬᠤ ᠬᠡᠮᠡᠨ ᠪᠢᠴᠢᠬᠦ ᠨᠢ ᠲᠦᠭᠡᠮᠡᠯ ᠪᠠᠶᠢᠳᠠᠭ) ᠬᠡᠮᠡᠨ ᠨᠡᠷᠡᠯᠡᠭᠰᠡᠨ ᠪᠠᠶᠢᠳᠠᠭ᠃ ᠳᠦᠩᠢ ᠭᠡᠳᠡᠭ ᠨᠢ ᠳᠣᠷᠣᠨᠠᠲᠤ᠂ ᠬᠤ ᠭᠡᠳᠡᠭ ᠨᠢ ᠪᠦᠳᠦᠭᠦᠯᠢᠭ ᠭᠡᠰᠡᠨ ᠦᠭᠡ ᠶᠤᠮ᠃

ᠳᠦᠩᠢ ᠬᠤ ᠨᠢ ᠲᠡᠦᠬᠡ ᠶᠢᠨ ᠰᠤᠷᠪᠤᠯᠵᠢ ᠪᠢᠴᠢᠭ ᠦᠳ ᠲᠦ ᠮᠠᠨ ᠤ ᠡᠷᠡᠨ ᠦ ᠡᠮᠦᠨ᠎ᠡ VII ᠵᠠᠭᠤᠨ ᠳᠤ ᠠᠩᠬ᠎ᠠ ᠲᠡᠮᠳᠡᠭᠯᠡᠭᠳᠡᠬᠦ ᠪᠣᠯᠤᠭᠰᠠᠨ ᠪᠥᠭᠡᠳ ᠮᠠᠨ ᠤ ᠡᠷᠡᠨ ᠦ ᠡᠮᠦᠨ᠎ᠡ 150 ᠣᠨ ᠳᠤ ᠾᠦᠩᠨᠦ ᠭᠦᠷᠦᠨ ᠲᠡᠳᠡᠨ ᠢ ᠡᠷᠬᠡᠰᠢᠶᠡᠯ ᠳᠦ ᠪᠡᠨ ᠣᠷᠣᠭᠤᠯᠤᠭᠰᠠᠨ ᠪᠠᠶᠢᠨ᠎ᠠ᠃ ᠳᠦᠩᠢ ᠬᠤ ᠰᠢᠶᠠᠨᠪᠢ ᠪᠣᠯᠤᠨ ᠬᠢᠳᠠᠨ ᠨᠠᠷ ᠡᠭᠦᠰᠴᠡᠢ᠃ ᠡᠶᠢᠮᠦ ᠡᠴᠡ ᠳᠦᠩᠢ ᠬᠤ ᠡᠷᠲᠡᠨ ᠦ ᠮᠣᠩᠭᠣᠯ ᠨᠡᠭᠦᠳᠡᠯᠴᠢᠨ ᠠᠶᠢᠮᠠᠭ ᠭᠡᠵᠦ ᠦᠵᠡᠬᠦ ᠪᠦᠷᠢᠨ ᠦᠨᠳᠦᠰᠦ ᠲᠡᠢ ᠶᠤᠮ᠃ ᠮᠥᠨ ᠵᠦᠷᠴᠢᠳ ᠦᠳ ᠢ ᠳᠦᠩᠢ ᠬᠤ ᠨᠠᠷ ᠤᠨ ᠤᠳᠤᠮ ᠲᠠᠢ ᠬᠣᠯᠪᠣᠨ ᠦᠵᠡᠳᠡᠭ᠃

ᠪᠢᠴᠢᠭᠡᠰᠦ