ᠳᠣᠷᠣᠨᠠᠲᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠳᠣᠷᠣᠨᠠᠲᠤ ᠠᠶᠢᠮᠠᠭ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠳᠣᠷᠣᠨᠠᠲᠤ ᠠᠶᠢᠮᠠᠭ
Дорнод аймаг
ᠠᠶᠢᠮᠠᠭ
ᠬᠡᠷᠡᠯᠦᠨ ᠭᠣᠣᠯ ᠳᠡᠭᠡᠭᠦᠷᠬᠢ ᠴᠣᠶᠢᠪᠠᠯᠰᠠᠩ ᠳᠠᠬᠢ ᠬᠥᠭᠥᠷᠭᠡ (1972 ᠤᠨ)

ᠰᠦᠯᠳᠡ ᠲᠤᠭ

ᠰᠦᠯᠳᠡ ᠲᠡᠮᠳᠡᠭ
ᠮᠣᠩᠭᠣᠯ ᠣᠷᠣᠨ ᠳᠠᠬᠢ ᠳᠣᠷᠣᠨᠠᠲᠤ ᠠᠶᠢᠮᠠᠭ
ᠤᠯᠤᠰ ᠣᠷᠣᠨ Flag of Mongolia.svg ᠮᠣᠩᠭᠣᠯ
ᠠᠶᠢᠮᠠᠭ ᠳᠣᠷᠣᠨᠠᠲᠤ
ᠰᠤᠮᠤ (14) ᠨᠡᠷ᠎ᠡ ᠪᠦᠬᠦᠢ 14 ᠰᠤᠮᠤ
ᠭᠠᠵᠠᠷ ᠨᠤᠲᠤᠭ 123,597.43 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠤᠨ ᠳᠤ 69,552 ᠬᠦᠮᠦᠨ [1]
- ᠮᠣᠩᠭᠣᠯ ᠤᠯᠤᠰ ᠤᠨ ᠢᠷᠭᠡᠨ 69,268 ᠬᠦᠮᠦᠨ (99.6%) [2]
ᠬᠦᠮᠦᠨ ᠠᠮᠠ (ᠲᠣᠭᠠᠴᠠ᠃) 2010 ᠤᠨ ᠳᠤ 74,473 ᠬᠦᠮᠦᠨ [3]
ᠨᠢᠭᠲᠠᠴᠠ ᠰᠡᠶᠢᠷᠡᠭ 2010 ᠤᠨ ᠳᠤ 0.60 ᠬᠦᠮᠦᠨ/км²
ᠠᠷᠠᠳ ᠲᠦᠮᠡᠨ ᠮᠣᠩᠭᠣᠯ ᠦᠨᠳᠦᠰᠦᠲᠡᠨ
ᠨᠤᠲᠤᠭ ᠤᠨ ᠣᠯᠠᠨ ᠳᠣᠷᠣᠨᠠᠲᠤ ᠶᠢᠨ ᠬᠢᠨ
ᠤᠷᠢᠳᠤ ᠴᠠᠭ ᠲᠤ ᠰᠡᠴᠡᠨ ᠬᠠᠨ ᠠᠶᠢᠮᠠᠭ ᠲᠤ ᠪᠠᠶᠢᠪᠠ
1923-1931 ᠤᠨ ᠬᠠᠨ ᠬᠡᠨᠲᠡᠢ ᠠᠭᠤᠯᠠ ᠶᠢᠨ ᠠᠶᠢᠮᠠᠭ ᠲᠤ
1931 ᠤᠨ ᠳᠣᠷᠣᠨᠠᠲᠤ ᠠᠶᠢᠮᠠᠭ ᠡᠭᠦᠰᠦᠭᠰᠡᠨ
1945 ᠤᠨ ᠴᠣᠶᠢᠪᠠᠯᠰᠠᠩ ᠠᠶᠢᠮᠠᠭ ᠪᠣᠯᠤᠭᠰᠠᠨ
1963 ᠤᠨ ᠪᠤᠴᠠᠭᠠᠳ ᠳᠣᠷᠣᠨᠠᠲᠤ ᠠᠶᠢᠮᠠᠭ ᠪᠣᠯᠤᠭᠰᠠᠨ
ᠵᠠᠰᠠᠭ ᠳᠠᠷᠤᠭ᠎ᠠ ᠵᠢᠭᠳᠠᠭ ᠤᠨ ᠣᠶᠤᠨᠪᠠᠭᠠᠲᠤᠷ (ᠠᠷᠠᠳᠴᠢᠯᠠᠭᠰᠠᠨ ᠨᠠᠮ)
ᠴᠠᠭ ᠤᠨ ᠪᠥᠰᠡ ᠴᠣᠶᠢᠪᠠᠯᠰᠠᠩ ᠤᠨ ᠴᠠᠭ (ГЦ+8)
ᠤᠲᠠᠰᠤᠨ ᠳ᠋ᠣᠭᠠᠷ +976 158
ᠰᠢᠤᠳᠠᠨ ᠳᠤᠭᠠᠷ 21000
ᠮᠠᠰᠢᠨ ᠤ ᠳ᠋ᠣᠭᠠᠷ ᠳᠣᠷᠣᠨᠠᠲᠤ
ᠴᠠᠬᠢᠮ ᠭᠠᠵᠠᠷ dornod.gov.mn (ᠮᠣᠩᠭᠣᠯ ᠢᠶᠠᠷ)

ᠳᠣᠷᠣᠨᠠᠲᠤ (ᠺᠢᠷᠢᠯ ᠮᠣᠩᠭᠣᠯ ᠢᠶᠠᠷ Дорнод аймаг ) — ᠮᠣᠩᠭᠣᠯ ᠤᠯᠤᠰ ᠍ ᠤᠨ ᠠᠶᠢᠮᠠᠭ

 ᠶᠡᠷᠦᠩᠬᠡᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠷᠣᠨᠠᠲᠤ ᠠᠶᠢᠮᠠᠭ 1931 ᠤᠨ ᠳᠤ ᠪᠠᠶᠢᠭᠤᠯᠤᠭᠳᠠᠵᠠᠢ᠃ 1941 ᠤᠨ ᠠᠴᠠ ᠬᠣᠷᠯᠤ᠎ᠠ ᠶᠢᠨ ᠴᠣᠶᠢᠪᠠᠯᠰᠠᠩ ᠤᠨ ᠠᠯᠳᠠᠷ ᠢᠶᠠᠷ "ᠴᠣᠶᠢᠪᠠᠯᠰᠠᠩ ᠠᠶᠢᠮᠠᠭ" ᠭᠡᠵᠦ ᠨᠡᠷᠡᠯᠡᠭᠳᠡᠵᠦ ᠪᠠᠶᠢᠭᠠᠳ 1963 ᠤᠨ ᠠᠴᠠ ᠡᠷᠭᠢᠨ "ᠳᠣᠷᠣᠨᠠᠲᠤ" ᠬᠡᠮᠡᠨ ᠨᠡᠷᠡᠯᠡᠭᠳᠡᠬᠦ ᠪᠣᠯᠵᠠᠢ᠃ ᠭᠠᠵᠠᠷ ᠨᠤᠲᠤᠭ ᠤᠨ ᠬᠡᠮᠵᠢᠶ᠎ᠡ - 123,597 ᠺᠦᠸᠠᠳ᠋ ᠺᠢᠯᠣᠮᠧᠲ᠋ᠷ᠃ ᠬᠦᠮᠦᠨ ᠠᠮᠠ ᠶᠢᠨ ᠲᠣᠭ᠎ᠠ - 74,200 (2007 ᠤᠨ ᠤ ᠡᠴᠦᠰ ᠦᠨ ᠪᠠᠶᠢᠳᠠᠯ ᠢᠶᠠᠷ). ᠵᠠᠰᠠᠭ ᠵᠠᠬᠢᠷᠭᠠᠨ ᠤ ᠲᠥᠪ - ᠴᠣᠶᠢᠪᠠᠯᠰᠠᠩ ᠬᠣᠲᠠ᠃ ᠠᠶᠢᠮᠠᠭ ᠤᠨ ᠨᠤᠲᠤᠭ ᠵᠠᠰᠠᠭ ᠵᠠᠬᠢᠷᠭᠠᠨ ᠤ ᠬᠤᠪᠢ ᠳᠤ 14 ᠰᠤᠮᠤ ᠳᠤ ᠬᠤᠪᠢᠶᠠᠭᠳᠠᠳᠠᠭ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠷᠣᠨᠠᠲᠤ ᠠᠶᠢᠮᠠᠭ ᠮᠣᠩᠭᠣᠯ ᠣᠷᠣᠨ ᠤ ᠬᠠᠮᠤᠭ ᠤᠨ ᠳᠣᠷᠣᠨ᠎ᠠ ᠵᠦᠭ ᠲᠤ ᠣᠷᠣᠰᠢᠳᠠᠭ᠃ ᠬᠡᠷᠡᠭᠯᠡᠭᠡᠨ ᠦ ᠪᠦᠰᠡᠴᠢᠯᠡᠯ ᠢᠶᠡᠷ ᠵᠡᠭᠦᠨ ᠪᠥᠰᠡ ᠳᠦ ᠬᠠᠮᠢᠶᠠᠷᠤᠨ᠎ᠠ᠃ ᠤᠮᠠᠷᠠᠳᠤ ᠲᠠᠯ᠎ᠠ ᠪᠠᠷ ᠢᠶᠠᠨ ᠣᠷᠣᠰ ᠬᠣᠯᠪᠣᠭᠠᠨ ᠤ ᠤᠯᠤᠰ (ᠥᠪᠦᠷ ᠪᠠᠶᠢᠭᠠᠯ ᠤᠨ ᠬᠢᠵᠠᠭᠠᠷ)᠂ ᠳᠣᠷᠣᠨᠠᠲᠤ ᠲᠠᠯ᠎ᠠ ᠪᠠᠷ ᠢᠶᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ (ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠍ ᠤ ᠬᠥᠯᠦᠨ ᠪᠤᠶᠢᠷᠬᠢᠩᠭᠠᠨᠰᠢᠯᠢ ᠶᠢᠨ ᠭᠣᠣᠯ) ᠭᠡᠬᠦ ᠬᠣᠶᠠᠷ ᠤᠯᠤᠰ ᠲᠠᠢ ᠬᠢᠯᠢ ᠵᠠᠯᠭᠠᠨ᠎ᠠ᠃ ᠤᠯᠤᠰ ᠳᠣᠲᠣᠷ᠎ᠠ ᠰᠦᠬᠡᠪᠠᠭᠠᠲᠤᠷᠬᠡᠨᠲᠡᠢ ᠬᠣᠶᠠᠷ ᠠᠶᠢᠮᠠᠭ ᠲᠠᠢ ᠬᠠᠶᠠᠭᠠᠯᠠᠨ᠎ᠠ᠃ ᠲᠡᠭᠰᠢ ᠲᠠᠯ᠎ᠠ ᠭᠠᠵᠠᠷ ᠵᠣᠩᠬᠢᠯᠠᠨ᠎ᠠ᠃ ᠲᠤᠰ ᠠᠶᠢᠮᠠᠭ ᠤᠨ ᠨᠤᠲᠤᠭ ᠲᠤ ᠪᠠᠶᠢᠬᠤ ᠬᠥᠬᠡ ᠨᠠᠭᠤᠷ ᠤᠨ ᠬᠣᠲᠣᠭᠣᠷ (ᠳᠠᠯᠠᠢ ᠶᠢᠨ ᠲᠦᠪᠰᠢᠨ ᠡᠴᠡ 560 ᠮᠧᠲ᠋ᠷ) ᠮᠣᠩᠭᠣᠯ ᠣᠷᠣᠨ ᠤ ᠬᠠᠮᠤᠭ ᠤᠨ ᠨᠠᠮ ᠳᠣᠣᠷ᠎ᠠ ᠭᠠᠵᠠᠷ ᠭᠡᠭᠳᠡᠳᠡᠭ᠃

ᠳᠤᠮᠳᠠ ᠫᠠᠯᠧᠣᠵᠣᠢᠶᠤᠶᠢᠷᠠᠴᠡᠷᠳᠡᠶᠢᠨ ᠭᠠᠯᠪᠠ ᠍ ᠤᠨ ᠴᠢᠯᠠᠭᠤᠯᠢᠭ ᠪᠣᠯᠤᠨ ᠳᠥᠷᠪᠡᠳᠡᠭᠴᠢ ᠶᠢᠨ ᠨᠧᠣᠭᠧᠨ ᠤ ᠬᠤᠷᠠᠳᠠᠰᠤ ᠶᠡᠬᠡ ᠲᠠᠷᠬᠠᠵᠠᠢ᠃ ᠬᠡᠷᠡᠯᠦᠨᠣᠨᠣᠨᠤᠯᠵᠠᠬᠠᠯᠬ᠎ᠠ ᠵᠡᠷᠭᠡ ᠭᠣᠣᠯ ᠤᠷᠤᠰᠴᠤ᠂ ᠪᠤᠶᠢᠷᠬᠥᠬᠡᠭᠠᠯᠠᠭᠤᠳᠤᠶᠠᠬᠢ ᠵᠡᠷᠭᠡ ᠨᠠᠭᠤᠷ ᠳᠣᠯᠭᠢᠶᠠᠲᠠᠳᠠᠭ᠃ ᠴᠠᠭᠠᠨ ᠬᠦᠨᠳᠡᠢ ᠶᠢᠨᠤᠲᠤᠭᠠᠲᠤᠮᠢᠨᠴᠢᠭᠦᠷᠡᠷᠢᠶᠡᠨᠴᠠᠭᠠᠨᠴᠢᠯᠠᠭᠤᠲᠤ ᠵᠡᠷᠭᠡ ᠷᠠᠰᠢᠶᠠᠨ ᠪᠤᠢ᠃

ᠰᠤᠮᠤ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠪᠠᠷ ᠢᠯᠭᠠᠭᠳᠠᠭᠰᠠᠨ ᠳᠣᠷᠣᠨᠠᠲᠤ ᠠᠶᠢᠮᠠᠭ ᠤᠨ ᠭᠠᠵᠠᠷ ᠤᠨ ᠵᠢᠷᠤᠭ
ᠳᠣᠷᠣᠨᠠᠲᠤ ᠠᠶᠢᠮᠠᠭ ᠤᠨ ᠨᠤᠲᠤᠭ ᠵᠠᠰᠠᠭ ᠵᠠᠬᠢᠷᠭᠠᠨ ᠤ ᠬᠤᠪᠢ ᠳᠤ ᠳᠡᠭᠡᠳᠦ ᠲᠦᠪᠰᠢᠨ ᠳᠦ 14 ᠰᠤᠮᠤ᠂ ᠳᠡᠳ᠋ ᠲᠦᠪᠰᠢᠨ ᠳᠦ 63 ᠪᠠᠭ ᠲᠤ ᠬᠤᠪᠢᠶᠠᠭᠳᠠᠳᠠᠭ᠃ ᠳᠣᠷᠣᠨᠠᠲᠤ ᠠᠶᠢᠮᠠᠭ ᠤᠨ ᠬᠦᠮᠦᠨ ᠠᠮᠠ ᠶᠢᠨ ᠲᠣᠭ᠎ᠠ 2000 ᠤᠨ ᠳᠤ 75,373 ᠪᠠᠶᠢᠭᠰᠠᠨ ᠪᠣᠯ 2010 ᠤᠨ ᠤ ᠲᠣᠭᠠᠯᠠᠯᠭ᠎ᠠ ᠪᠠᠷ ᠨᠡᠶᠢᠲᠡ ᠬᠦᠮᠦᠨ ᠠᠮᠠ 69,552 ᠪᠣᠯᠵᠤ ᠪᠠᠭᠤᠷᠠᠵᠠᠢ᠃[4] ᠡᠭᠦᠨ ᠳᠣᠲᠣᠷ᠎ᠠ ᠮᠣᠩᠭᠣᠯ ᠤᠯᠤᠰ ᠍ ᠳᠦ ᠣᠷᠣᠰᠢᠨ ᠰᠠᠭᠤᠭ᠎ᠠ ᠮᠣᠩᠭᠣᠯ ᠤᠯᠤᠰ ᠤᠨ ᠬᠠᠷᠢᠶᠠᠲᠤ ᠢᠷᠭᠡᠨ 68589, ᠮᠣᠩᠭᠣᠯ ᠤᠯᠤᠰ ᠳᠦ ᠣᠷᠣᠰᠢᠨ ᠰᠠᠭᠤᠭ᠎ᠠ ᠭᠠᠳᠠᠭᠠᠳᠤ ᠶᠢᠨ ᠬᠠᠷᠢᠶᠠᠲᠤ ᠪᠣᠯᠤᠨ ᠬᠠᠷᠢᠶᠠᠯᠠᠯ ᠦᠭᠡᠢ ᠬᠦᠮᠦᠨ ᠠᠮᠠ 284, ᠭᠠᠳᠠᠭᠠᠳᠤ ᠳᠤ ᠰᠠᠭᠤᠭ᠎ᠠ ᠳᠣᠷᠣᠨᠠᠲᠤ ᠠᠶᠢᠮᠠᠭ᠂ ᠮᠣᠩᠭᠣᠯ ᠤᠯᠤᠰ ᠤᠨ ᠬᠠᠷᠢᠶᠠᠲᠤ ᠢᠷᠭᠡᠨ 679 ᠪᠦᠷᠢᠳᠬᠡᠭᠳᠡᠵᠡᠢ᠃[5]
ᠰᠤᠮᠤᠳ ᠤᠨ ᠭᠠᠵᠠᠷ ᠨᠤᠲᠤᠭ᠂ ᠬᠦᠮᠦᠨ ᠠᠮᠠ᠂ ᠨᠢᠭᠲᠠᠷᠠᠯ
ᠰᠤᠮᠤ ᠶᠢᠨ ᠨᠡᠷ᠎ᠡ ᠬᠦᠮᠦᠨ ᠠᠮᠠ
(2009)[6]
ᠰᠠᠭᠤᠷᠢᠨ
ᠬᠦᠮᠦᠨ ᠠᠮᠠ
(2010)[7]
ᠨᠤᠲᠤᠭ ᠳᠡᠪᠢᠰᠬᠡᠷ (км²)[8] ᠨᠢᠭᠲᠠᠷᠠᠯ
(ᠬᠦᠮᠦᠨ/км²)
ᠪᠠᠶᠠᠨᠳᠤᠩ 2,936 2,797 6,235 0.45
ᠪᠠᠶᠠᠨᠲᠦ᠋ᠮᠡᠨ 2,006 1,872 8,321 0.22
ᠪᠠᠶᠠᠨ-ᠠᠭᠤᠯᠠ 4,451 3,816 5,623 0.68
ᠪᠤᠯᠠᠭᠠᠨ 1,775 1,749 7,111 0.25
ᠭᠤᠷᠪᠠᠨᠵᠠᠭᠠᠯ 1,388 1,030 5,252 0.20
ᠳᠠᠰᠢᠪᠠᠯᠪᠠᠷ 3,246 3,178 8,713 0.36
ᠮᠠᠲᠠᠳ 2,526 2,476 22,831 0.11
ᠰᠡᠷᠭᠦᠯᠡᠩ 2,198 1,559 4,169 0.37
ᠬᠠᠯᠬᠠᠭᠣᠣᠯ 3,203 2,997 28,093 0.11
ᠬᠥᠯᠦᠨ ᠪᠤᠶᠢᠷ 1,776 1,464 3,773 0.39
ᠬᠡᠷᠡᠯᠦᠨ* 40,439 38,535 281 137.14
ᠴᠠᠭᠠᠨ-ᠣᠪᠣᠭ᠎ᠠ 3,696 3,080 6,502 0.47
ᠴᠣᠶᠢᠪᠠᠯᠰᠠᠩ 2,691 2,501 10,152 0.25
ᠴᠢᠯᠠᠭᠤᠨᠬᠣᠷᠢᠶᠠᠳᠤ 1,609 1,533 6,539 0.23
ᠠᠶᠢᠮᠠᠭ ᠤᠨ ᠳᠦᠩ 73,940 68,589 123,597 0.55
* - ᠠᠶᠢᠮᠠᠭ ᠤᠨ ᠲᠥᠪ ᠴᠣᠶᠢᠪᠠᠯᠰᠠᠩ ᠬᠣᠲᠠ ᠪᠠᠭᠠᠳᠤᠨ᠎ᠠ᠃

ᠠᠨ ᠠᠮᠢᠲᠠᠨ᠂ ᠤᠷᠭᠤᠮᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶᠢᠮᠠᠭ ᠤᠨ ᠨᠤᠲᠤᠭ ᠤᠨ ᠶᠡᠬᠡᠩᠬᠢ ᠪᠡᠷ ᠬᠡᠭᠡᠷ᠎ᠡ ᠶᠢᠨ ᠬᠦᠷᠡᠩ ᠬᠥᠷᠥᠰᠥ ᠭᠣᠣᠯᠯᠠᠬᠤ ᠪᠥᠭᠡᠳ ᠬᠣᠶᠢᠳᠤ ᠪᠠ ᠪᠦᠷ ᠵᠡᠭᠦᠨ ᠡᠮᠦᠨᠡᠲᠦ ᠵᠠᠬ᠎ᠠ ᠪᠠᠷ ᠨᠢ ᠨᠤᠭᠤ ᠶᠢᠨ ᠬᠦᠷᠡᠩ ᠬᠥᠷᠥᠰᠥ ᠲᠠᠷᠬᠠᠵᠠᠢ᠃ ᠬᠡᠭᠡᠷ᠎ᠡ ᠶᠢᠨ ᠡᠪᠰᠦᠯᠢᠭ ᠤᠷᠭᠤᠮᠠᠯ ᠶᠡᠬᠡ ᠲᠡᠢ᠂ ᠮᠠᠨ ᠤ ᠣᠷᠣᠨ ᠤ ᠬᠠᠳᠤᠯᠠᠩ ᠪᠡᠯᠴᠢᠭᠡᠷ ᠦᠨ ᠬᠠᠮᠤᠭ ᠤᠨ ᠶᠡᠬᠡ ᠨᠥᠭᠡᠴᠡ ᠲᠡᠢ ᠠᠶᠢᠮᠠᠭ ᠶᠤᠮ᠃ ᠬᠠᠯᠢᠭᠤᠨ ᠪᠤᠭᠤᠴᠠᠭᠠᠨ ᠵᠡᠭᠡᠷ᠎ᠡ ᠮᠣᠩᠭᠣᠯ ᠲᠠᠷᠪᠠᠭ᠎ᠠ ᠵᠡᠷᠭᠡ ᠠᠩ ᠠᠮᠢᠲᠠᠨ ᠡᠯᠪᠡᠭ ᠲᠡᠢ᠃

ᠠᠵᠤ ᠦᠢᠯᠡᠳᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠯ ᠠᠵᠤ ᠠᠬᠤᠢᠭᠠᠵᠠᠷ ᠲᠠᠷᠢᠶᠠᠯᠠᠩ ᠭᠣᠣᠯᠯᠠᠨ ᠬᠥᠭᠵᠢᠭᠦᠯᠦᠭᠰᠡᠨ ᠪᠥᠭᠡᠳ ᠪᠠᠷᠢᠯᠭ᠎ᠠ ᠶᠢᠨ ᠮᠠᠲ᠋ᠧᠷᠢᠶᠠᠯ᠂ ᠬᠦᠨᠡᠰᠦᠨ ᠦ ᠦᠢᠯᠡᠳᠪᠦᠷᠢ ᠬᠥᠭᠵᠢᠭᠦᠯᠦᠭᠰᠡᠨ. ᠠᠶᠢᠮᠠᠭ ᠤᠨ ᠲᠥᠪ ᠴᠣᠶᠢᠪᠠᠯᠰᠠᠩ ᠬᠣᠲᠠᠨ ᠤ ᠲᠡᠮᠦᠷ ᠵᠠᠮ ᠤᠨ ᠴᠡᠭ ᠪᠥᠭᠡᠳ ᠡᠨᠳᠡ ᠵᠡᠭᠦᠨ ᠠᠶᠢᠮᠠᠭ ᠤᠳ ᠲᠤ ᠦᠢᠯᠡᠴᠢᠯᠡᠳᠡᠭ ᠳᠠᠮᠵᠢᠯᠭ᠎ᠠ ᠪᠠᠭᠠᠵᠢ ᠠᠵᠢᠯᠯᠠᠳᠠᠭ᠃ ᠳᠣᠷᠣᠨᠠᠲᠤ ᠠᠶᠢᠮᠠᠭ ᠲᠤ ᠣᠷᠣᠰ ᠬᠣᠯᠪᠣᠭᠠᠨ ᠤ ᠤᠯᠤᠰ ᠤᠷᠤᠭᠤ ᠭᠠᠷᠬᠤ ᠬᠢᠯᠢ ᠶᠢᠨ ᠪᠣᠭᠣᠮᠲᠠ ᠡᠷᠢᠶᠡᠨᠴᠠᠪᠶᠠᠮᠠᠯᠠᠬᠤ ᠪᠣᠭᠣᠮᠲᠠ ᠴᠢᠯᠠᠭᠤᠨᠬᠣᠷᠢᠶᠠᠳᠤ ᠰᠤᠮᠤ ᠳᠤ᠂ ᠤᠯᠢᠬᠠᠨ ᠪᠣᠭᠣᠮᠲᠠ ᠪᠠᠶᠠᠨ-ᠠᠭᠤᠯᠠ ᠰᠤᠮᠤ ᠶᠢᠨ ᠨᠤᠲᠤᠭ ᠲᠤ᠂ ᠳᠤᠮᠳᠠᠳᠤ ᠤᠯᠤᠰ ᠤᠷᠤᠭᠤ ᠭᠠᠷᠬᠤ ᠬᠠᠪᠢᠷᠭ᠎ᠠ ᠶᠢᠨ ᠪᠣᠭᠣᠮᠲᠠ ᠴᠣᠶᠢᠪᠠᠯᠰᠠᠩ ᠰᠤᠮᠤᠨ ᠳᠤ᠂ ᠪᠠᠶᠠᠨᠬᠣᠰᠢᠭᠤᠨ ᠤ ᠪᠣᠯᠤᠨ ᠡᠪᠦᠳᠦᠭ ᠦᠨ ᠪᠣᠭᠣᠮᠲᠠ ᠨᠤᠭᠤᠳ ᠬᠠᠯᠬᠠᠭᠣᠣᠯ ᠰᠤᠮᠤᠨ ᠳᠤ ᠲᠤᠰ ᠲᠤᠰ ᠪᠤᠢ᠃ ᠳᠠᠪᠤᠰᠤᠨᠡᠭᠦᠷᠡᠰᠦ (ᠠᠳᠤᠭᠤᠨ ᠴᠢᠯᠠᠭᠤ), ᠬᠣᠯᠢᠮᠠᠭ ᠮᠧᠲ᠋ᠠᠯᠦᠷᠠᠨ᠂ ᠪᠠᠷᠢᠯᠭ᠎ᠠ ᠶᠢᠨ ᠮᠠᠲ᠋ᠧᠷᠢᠶᠠᠯ ᠵᠡᠷᠭᠡ ᠠᠰᠢᠭᠲᠤ ᠮᠠᠯᠲᠠᠮᠠᠯ ᠲᠠᠢ᠃

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠳᠣᠷᠣᠨᠠᠲᠤ ᠠᠶᠢᠮᠠᠭ ᠤᠨ ᠵᠢᠷᠤᠭ»
  1. ᠬᠦᠮᠦᠨ ᠠᠮᠠ᠂ ᠣᠷᠣᠨ ᠰᠠᠭᠤᠴᠠᠨ ᠤ 2010 ᠤᠨ ᠤ ᠤᠯᠤᠰ ᠤᠨ ᠲᠣᠭᠠᠯᠠᠯᠭ᠎ᠠ᠃ ᠨᠢᠭᠡᠳᠦᠭᠰᠡᠨ ᠳᠦᠩ
  2. ᠮᠣᠩᠭᠣᠯ ᠤᠯᠤᠰ ᠤᠨ ᠬᠦᠮᠦᠨ ᠠᠮᠠ ᠶᠢᠨ ᠲᠣᠭ᠎ᠠ᠂ ᠠᠶᠢᠮᠠᠭ᠂ ᠨᠡᠶᠢᠰᠯᠡᠯ᠂ 2010 ᠤᠨ ᠤ ᠲᠣᠭᠠᠯᠠᠯᠭ᠎ᠠ ᠶᠢᠨ ᠳᠦᠩᠭᠡ ᠪᠡᠷ
  3. ᠳᠣᠷᠣᠨᠠᠲᠤ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ ᠬᠦᠮᠦᠨ ᠠᠮᠠ᠂ ᠠᠵᠢᠯ ᠡᠷᠬᠢᠯᠡᠯᠲᠡ᠂ ᠪᠣᠯᠪᠠᠰᠤᠷᠠᠯ᠂ ᠡᠷᠡᠭᠦᠯ ᠮᠡᠨᠳᠦ᠂ ᠨᠡᠶᠢᠭᠡᠮ ᠤᠨ ᠳᠠᠭᠠᠳᠬᠠᠯ᠂ ᠬᠠᠯᠠᠮᠵᠢ
  4. ᠬᠦᠮᠦᠨ ᠠᠮᠠ᠂ ᠣᠷᠣᠨ ᠰᠠᠭᠤᠴᠠᠨ ᠤ 2010 ᠤᠨ ᠤ ᠤᠯᠤᠰ ᠤᠨ ᠲᠣᠭᠠᠯᠠᠯᠭ᠎ᠠ ᠶᠢᠨ ᠳᠦᠩ
  5. 2010 ᠤᠨ ᠤ ᠲᠣᠭᠠᠯᠠᠯᠭ᠎ᠠ ᠪᠠᠷᠬ ᠮᠣᠩᠭᠣᠯ ᠤᠯᠤᠰ ᠤᠨ ᠬᠦᠮᠦᠨ ᠠᠮᠠ ᠶᠢᠨ ᠲᠣᠭ᠎ᠠ (ᠠᠶᠢᠮᠠᠭ᠂ ᠨᠡᠶᠢᠰᠯᠡᠯ ᠢᠶᠡᠷ)
  6. ᠳᠣᠷᠣᠨᠠᠲᠤ ᠠᠶᠢᠮᠠᠭ ᠤᠨ ᠰᠲ᠋ᠠᠲ᠋ᠢᠰᠲ᠋ᠢᠭ ᠤᠨ ᠬᠡᠯᠲᠡᠰ᠃ ᠵᠢᠯ ᠦᠨ ᠲᠠᠶᠢᠯᠤᠨ 2009 [1]
  7. 2010 ᠤᠨ ᠤ ᠲᠣᠭᠠᠯᠠᠯᠭ᠎ᠠ ᠪᠠᠷᠬ ᠮᠣᠩᠭᠣᠯ ᠤᠯᠤᠰ ᠲᠤ ᠣᠷᠣᠰᠢᠨ ᠰᠠᠭᠤᠭ᠎ᠠ ᠮᠣᠩᠭᠣᠯ ᠤᠯᠤᠰ ᠤᠨ ᠬᠠᠷᠢᠶᠠᠲᠤ ᠢᠷᠭᠡᠳ ᠦᠨ ᠲᠣᠭ᠎ᠠ (ᠰᠤᠮᠤ᠂ ᠳᠡᠭᠦᠷᠭᠡ ᠪᠡᠷ)
  8. Landuse office of Dornod Aimag g_tailan.xls

ᠪᠢᠴᠢᠭᠡᠰᠦ