ᠳᠣᠷᠣᠨᠠᠭᠣᠪᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠳᠣᠷᠣᠨᠠᠭᠣᠪᠢ ᠠᠶᠢᠮᠠᠭ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠳᠣᠷᠣᠨᠠᠭᠣᠪᠢ ᠠᠶᠢᠮᠠᠭ
Дорноговь аймаг
—  ᠠᠶᠢᠮᠠᠭ  —
ᠲᠡᠮᠦᠷ ᠵᠠᠮ ᠤᠨ ᠰᠠᠶᠢᠨᠱᠠᠩᠳᠠ ᠥᠷᠲᠡᠭᠡ

ᠰᠦᠯᠳᠡ ᠲᠤᠭ

ᠰᠦᠯᠳᠡ ᠲᠡᠮᠳᠡᠭ
ᠮᠣᠩᠭᠣᠯ ᠣᠷᠣᠨ ᠳᠠᠬᠢ ᠳᠣᠷᠣᠨᠠᠭᠣᠪᠢ ᠠᠶᠢᠮᠠᠭ
ᠤᠯᠤᠰ Flag of Mongolia.svg ᠮᠣᠩᠭᠣᠯ
ᠠᠶᠢᠮᠠᠭ ᠳᠣᠷᠣᠨᠠᠭᠣᠪᠢ
ᠰᠤᠮᠤ (14) (ᠰᠤᠮᠤ ᠳᠤ ᠬᠡᠰᠡᠭ ᠷᠦᠦ)
ᠠᠶᠢᠮᠠᠭ ᠤᠨ ᠲᠥᠪ ᠰᠠᠶᠢᠨᠱᠠᠩᠳᠠ
ᠭᠠᠵᠠᠷ ᠨᠤᠲᠤᠭ 109,472.30 ᠺᠦᠸᠠᠳ᠋ ᠺᠢᠯᠣᠮᠧᠲ᠋ᠷ
ᠬᠦᠮᠦᠨ ᠠᠮᠠ (ᠲᠣᠭᠠᠯᠠᠯ) 2010 ᠤᠨ ᠳᠤ 58,612 ᠬᠦᠮᠦᠨ
ᠬᠦᠮᠦᠨ ᠠᠮᠠ (ᠲᠣᠭᠠᠴᠠ᠃) 2013 ᠤᠨ ᠳᠤ 62,500 ᠬᠦᠮᠦᠨ
 ᠨᠢᠭᠲᠠᠴᠠ ᠰᠡᠶᠢᠷᠡᠭ 0.55 ᠬᠦᠮᠦᠨ/км²
ᠠᠷᠠᠳ ᠲᠦᠮᠡᠨ ᠦᠨᠳᠦᠰᠦᠨ ᠳᠦ ᠪᠡᠨ ᠮᠣᠩᠭᠣᠯ
ᠴᠤᠭᠭᠠᠷ ᠢᠶᠠᠨ ᠳᠣᠷᠣᠨᠠᠭᠣᠪᠢ ᠶᠢᠨ ᠬᠢᠨ
ᠤᠷᠢᠳᠤ ᠴᠠᠭ ᠲᠤ 80% ᠭᠠᠷᠤᠨ ᠲᠦᠰᠢᠶᠡᠲᠦ ᠬᠠᠨ ᠠᠶᠢᠮᠠᠭ᠂
20% ᠭᠠᠷᠤᠢ ᠨᠢ ᠰᠡᠴᠡᠨ ᠬᠠᠨ ᠠᠶᠢᠮᠠᠭ ᠲᠤ
1923-1931 ᠤᠨ  ᠶᠡᠬᠡᠩᠬᠢ ᠨᠢ ᠪᠣᠭᠳᠠᠬᠠᠨ ᠤᠤᠯ ᠤᠨ ᠠᠶᠢᠮᠠᠭ ᠲᠤ
1931 ᠤᠨ ᠳᠣᠷᠣᠨᠠᠭᠣᠪᠢ ᠠᠶᠢᠮᠠᠭ ᠡᠭᠦᠰᠦᠭᠰᠡᠨ
ᠵᠠᠰᠠᠭ ᠳᠠᠷᠤᠭ᠎ᠠ ᠫᠠᠩᠲᠤ ᠶᠢᠨ ᠭᠠᠩᠬᠤᠶᠠᠭ (ᠠᠷᠠᠳᠴᠢᠯᠠᠭᠰᠠᠨ ᠨᠠᠮ)
ᠴᠠᠭ ᠤᠨ ᠪᠥᠰᠡ ᠤᠯᠠᠭᠠᠨᠪᠠᠭᠠᠲᠤᠷ ᠤᠨ ᠴᠠᠭ (GMT+8)
ᠲᠠᠨᠢᠬᠤ ᠦᠰᠦᠭ ᠳᠣᠷᠣᠨᠠᠭᠣᠪᠢ
ᠴᠠᠬᠢᠮ ᠭᠠᠵᠠᠷ dornogobi.gov.mn (ᠮᠣᠩ ᠢ᠃)

ᠳᠣᠷᠣᠨᠠᠭᠣᠪᠢ (ᠺᠢᠷᠢᠯ ᠮᠣᠩᠭᠣᠯ ᠢᠶᠠᠷ Дорноговь аймаг) ᠨᠢ ᠮᠣᠩᠭᠣᠯ ᠤᠯᠤᠰ ᠍ ᠤᠨ ᠠᠶᠢᠮᠠᠭ ᠶᠤᠮ᠃ 1931 ᠤᠨ ᠳᠤ ᠪᠠᠶᠢᠭᠤᠯᠤᠭᠳᠠᠭᠰᠠᠨ᠃ 14 ᠰᠤᠮᠤ᠂ 60 ᠪᠠᠭ ᠲᠠᠢ᠃ 62500 ᠣᠷᠴᠢᠮ ᠬᠦᠮᠦᠨ ᠠᠮᠠ ᠲᠠᠢ(2013 ᠤᠨ ᠤ ᠡᠴᠦᠰ ᠢᠶᠡᠷ) ᠪᠥᠭᠡᠳ ᠰᠠᠶᠢᠨᠱᠠᠩᠳᠠ ᠳᠤ ᠬᠦᠮᠦᠨ ᠠᠵᠤ ᠦᠢᠯᠡᠳᠪᠦᠷᠢ ᠶᠢᠨᠫᠠᠷᠺ ᠪᠠᠶᠢᠭᠤᠯᠬᠤ ᠪᠠᠷ ᠪᠣᠯᠤᠭᠰᠠᠨ ᠠᠴᠠ ᠬᠣᠶᠢᠰᠢ ᠬᠦᠮᠦᠨ ᠠᠮᠠ ᠣᠭᠴᠣᠮ ᠥᠰᠴᠦ ᠪᠠᠶᠢᠨ᠎ᠠ᠃ ᠠᠶᠢᠮᠠᠭ ᠤᠨ ᠲᠥᠪ ᠰᠠᠶᠢᠨᠱᠠᠩᠳᠠ ᠨᠢ ᠤᠯᠤᠰ ᠤᠨ ᠨᠡᠶᠢᠰᠯᠡᠯ ᠤᠯᠠᠭᠠᠨᠪᠠᠭᠠᠲᠤᠷ ᠬᠣᠲᠠ ᠠᠴᠠ 456 ᠺᠢᠯᠣᠮᠧᠲ᠋ᠷ ᠳᠦ ᠣᠷᠣᠰᠢᠳᠠᠭ᠃ ᠳᠣᠷᠣᠨᠠᠭᠣᠪᠢ ᠠᠶᠢᠮᠠᠭ ᠮᠣᠩᠭᠣᠯ ᠣᠷᠣᠨ ᠤ ᠵᠡᠭᠦᠨ ᠡᠮᠦᠨᠡᠲᠦ ᠬᠢᠵᠠᠭᠠᠷ ᠲᠤ ᠡᠮᠦᠨᠡᠭᠣᠪᠢ᠂ ᠳᠤᠮᠳᠠᠭᠤᠪᠢ᠂ ᠭᠣᠪᠢᠰᠦᠮᠪᠦᠷ᠂ ᠬᠡᠨᠲᠡᠢ᠂ ᠰᠦᠬᠡᠪᠠᠭᠠᠲᠤᠷ ᠠᠶᠢᠮᠠᠭ ᠤᠳ ᠲᠠᠢ ᠬᠢᠯᠢ ᠵᠠᠯᠭᠠᠨ ᠣᠷᠣᠰᠢᠳᠠᠭ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠲᠠᠢ 600 ᠺᠢᠯᠣᠮᠧᠲ᠋ᠷ ᠪᠡᠷ ᠬᠢᠯᠢᠯᠡᠳᠡᠭ᠃ ᠬᠣᠶᠢᠳᠤ᠂ᠤᠷᠢᠳᠤ ᠬᠣᠶᠠᠷ ᠭᠦᠷᠦᠨ ᠢ ᠬᠣᠯᠪᠣᠭᠰᠠᠨ᠂ ᠲᠥᠪ ᠦᠨ ᠪᠥᠰᠡ ᠶᠢᠨ ᠬᠥᠭᠵᠢᠯ ᠦᠨ ᠭᠣᠣᠯ ᠲᠡᠩᠬᠡᠯᠢᠭ ᠪᠣᠯᠤᠭᠰᠠᠨ ᠲᠡᠮᠦᠷ ᠵᠠᠮ ᠳᠠᠭᠠᠷᠢᠨ ᠥᠩᠭᠡᠷᠡᠳᠡᠭ᠃ ᠡᠨᠡ ᠵᠠᠮ ᠤᠨ ᠳᠠᠭᠠᠤ ᠲᠤᠰ ᠠᠶᠢᠮᠠᠭ ᠤᠨ ᠪᠦᠬᠦ ᠰᠤᠮᠤ ᠶᠢᠨ 42,8 ᠬᠤᠪᠢ᠂ ᠬᠦᠮᠦᠨ ᠠᠮᠠ ᠶᠢᠨ 54,8 ᠬᠤᠪᠢ ᠨᠢ ᠣᠷᠣᠰᠢᠨ ᠰᠠᠭᠤᠵᠤ ᠪᠠᠶᠢᠨ᠎ᠠ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠠᠶᠢᠮᠠᠭ ᠲᠤ 2013 ᠤᠨ ᠤ ᠡᠴᠦᠰ ᠦᠨ ᠪᠠᠶᠢᠳᠠᠯ ᠢᠶᠠᠷ 18 ᠮᠢᠩᠭᠠᠨ ᠡᠷᠦᠬᠡ 62500 ᠬᠦᠮᠦᠨ ᠠᠮᠠ ᠣᠷᠣᠰᠢᠨ ᠰᠠᠭᠤᠳᠠᠭ ᠪᠥᠭᠡᠳ 1 ᠺᠢᠯᠣᠸᠣᠯᠲ᠋.km ᠨᠤᠲᠤᠭ ᠳᠡᠪᠢᠰᠬᠡᠷ ᠲᠦ 0.55 ᠬᠦᠮᠦᠨ ᠨᠣᠭᠳᠠᠵᠤ ᠪᠠᠶᠢᠨ᠎ᠠ᠃ ᠲᠡᠳᠡᠨ ᠦ 60.6 ᠬᠤᠪᠢ ᠨᠢ ᠬᠣᠲᠠ /ᠠᠶᠢᠮᠠᠭ ᠤᠨ ᠲᠥᠪ/ ᠲᠣᠰᠬᠣᠨ ᠳᠤ᠂ 15.2 ᠬᠤᠪᠢ ᠨᠢ ᠰᠤᠮᠤ ᠶᠢᠨ ᠲᠥᠪ ᠲᠦ᠂ 24.2 ᠬᠤᠪᠢ ᠨᠢ ᠬᠥᠳᠡᠭᠡ ᠳᠦ ᠣᠷᠣᠰᠢᠨ ᠰᠠᠭᠤᠳᠠᠭ᠃ ᠬᠦᠮᠦᠨ ᠠᠮᠠ ᠶᠢᠨ 48,7 ᠬᠤᠪᠢ ᠨᠢ ᠡᠷᠡᠭᠲᠡᠶᠢᠴᠦᠳ᠂ 51,3 ᠬᠤᠪᠢ ᠨᠢ ᠡᠮᠡᠭᠲᠡᠶᠢᠴᠦᠳ ᠪᠠᠶᠢᠨ᠎ᠠ᠃ ᠨᠢᠭᠡ ᠡᠷᠦᠬᠡ ᠳᠤᠮᠳᠠᠴᠢ ᠪᠠᠷ 3,4 ᠬᠦᠮᠦᠨ ᠨᠣᠭᠳᠠᠳᠠᠭ᠃ ᠨᠡᠶᠢᠲᠡ 19,7 ᠮᠢᠩᠭᠠᠨ ᠠᠵᠢᠯᠯᠠᠭᠰᠠᠳ ᠪᠠᠶᠢᠭ᠎ᠠ ᠨᠢ ᠠᠵᠢᠯ ᠡᠷᠬᠢᠯᠡᠵᠦ ᠪᠠᠶᠢᠭ᠎ᠠ ᠨᠢᠭᠡ ᠬᠦᠮᠦᠨ ᠳᠦ 2,6 ᠬᠦᠮᠦᠨ ᠨᠣᠭᠳᠠᠵᠤ ᠪᠠᠶᠢᠨ᠎ᠠ᠃ ᠬᠦᠮᠦᠨ ᠠᠮᠠ ᠶᠢᠨ ᠠᠮᠢᠵᠢᠷᠭᠠᠨ ᠤ ᠲᠦᠪᠰᠢᠨ ᠦ ᠦᠵᠡᠭᠦᠯᠦᠯᠲᠡ ᠪᠡᠷ ᠲᠤᠰ ᠠᠶᠢᠮᠠᠭ ᠤᠯᠤᠰ ᠤᠨ ᠳᠤᠮᠳᠠᠴᠢ ᠠᠴᠠ ᠳᠡᠭᠡᠭᠦᠷ ᠪᠠᠶᠢᠳᠠᠭ᠃ ᠨᠡᠶᠢᠲᠡ ᠡᠷᠦᠬᠡ ᠶᠢᠨ 15.2 ᠬᠤᠪᠢ᠂ ᠬᠦᠮᠦᠨ ᠠᠮᠠ ᠶᠢᠨ 19,6 ᠬᠤᠪᠢ ᠨᠢ ᠠᠮᠢᠵᠢᠷᠭᠠᠨ ᠤ ᠳᠣᠣᠷᠠᠳᠤ ᠲᠦᠪᠰᠢᠨ ᠡᠴᠡ ᠳᠣᠣᠭᠤᠷ ᠣᠷᠣᠯᠭ᠎ᠠ ᠲᠠᠢ ᠠᠮᠢᠳᠤᠷᠠᠵᠤ ᠪᠠᠶᠢᠨ᠎ᠠ᠃ ᠠᠵᠢᠯ ᠦᠭᠡᠢᠳᠡᠯ ᠦᠨ ᠲᠦᠪᠰᠢᠨ 2.6% ᠪᠠᠶᠢᠭ᠎ᠠ ᠶᠤᠮ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠷᠣᠨᠠᠭᠣᠪᠢ ᠠᠶᠢᠮᠠᠭ ᠨᠢ ᠮᠣᠩᠭᠣᠯ ᠤᠨ ᠵᠡᠭᠦᠨ ᠡᠮᠦᠨᠡᠲᠦ ᠬᠡᠰᠡᠭ ᠦᠨ ᠲᠠᠯᠠᠷᠬᠠᠭ ᠭᠠᠳᠠᠷᠭᠤ ᠲᠠᠢ ᠬᠡᠰᠡᠭ ᠲᠦ ᠣᠷᠣᠰᠢᠳᠠᠭ᠃ ᠭᠡᠬᠦ ᠳᠦ ᠪᠡᠨ ᠡᠨᠳᠡ ᠬᠤᠲᠤᠭ ᠠᠭᠤᠯᠠ (1431 ᠮ), ᠣᠴᠣᠯᠰᠠᠨᠰᠠᠷᠶᠡᠬᠡ ᠪᠠᠭᠠᠳᠤᠯᠠᠭᠠᠨᠠᠷᠭᠠᠯᠠᠩᠳᠤ᠂ ᠬᠠᠨ ᠪᠠᠶᠠᠨᠵᠢᠷᠦᠬᠡ ᠬᠠᠶᠢᠷᠬᠠᠨ (1031 ᠮ) ᠵᠡᠷᠭᠡ ᠠᠭᠤᠯᠠ ᠨᠤᠭᠤᠳ ᠪᠤᠢ᠂ ᠨᠤᠲᠤᠭ ᠤᠨ ᠳᠤᠮᠳᠠᠭᠤᠷ ᠵᠡᠭᠦᠨ ᠬᠣᠶᠢᠰᠢ ᠪᠠᠨ ᠪᠠᠷᠠᠭᠤᠨ ᠤᠷᠤᠭᠰᠢ ᠪᠠᠨ ᠶᠡᠬᠡ ᠬᠣᠲᠣᠭᠣᠷ ᠭᠠᠵᠠᠷ ᠦᠷᠭᠦᠯᠵᠢᠯᠡᠨ᠎ᠡ᠃

ᠳᠣᠷᠣᠨᠠᠭᠣᠪᠢ ᠠᠶᠢᠮᠠᠭ ᠤᠨ ᠨᠤᠲᠤᠭ ᠲᠤ ᠲᠣᠮᠣ ᠭᠣᠣᠯ ᠮᠥᠷᠡᠨ᠂ ᠨᠠᠭᠤᠷ ᠪᠠᠶᠢᠬᠤ ᠦᠭᠡᠢ᠂ ᠬᠠᠷᠢᠨ ᠭᠠᠵᠠᠷ ᠳᠣᠣᠷᠠᠬᠢ ᠤᠰᠤᠨ ᠤ ᠶᠡᠬᠡ ᠨᠥᠭᠡᠴᠡ ᠪᠤᠢ᠃ ᠬᠠᠯᠵᠠᠨ ᠠᠭᠤᠯᠠᠪᠤᠰᠤ ᠶᠢᠨ ᠴᠢᠯᠠᠭᠤᠨ ᠤᠲᠣᠯᠢ ᠪᠤᠯᠠᠭ ᠤᠨ ᠵᠡᠷᠭᠡ ᠷᠠᠰᠢᠶᠠᠨ ᠤᠰᠤ ᠲᠠᠢ᠃ ᠨᠤᠲᠤᠭ ᠤᠨ ᠶᠡᠬᠡᠩᠬᠢ ᠳᠦ ᠭᠣᠪᠢ ᠶᠢᠨ ᠪᠣᠷᠣ ᠬᠥᠷᠦᠰ ᠲᠠᠷᠬᠠᠭᠰᠠᠨ ᠪᠥᠭᠡᠳ ᠡᠯᠡᠰᠦ ᠨᠡᠯᠢᠶᠡᠳ ᠪᠠᠶᠢᠳᠠᠭ᠃

 ᠨᠤᠲᠤᠭ ᠤᠨ ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

-ᠴᠢᠩᠭᠢᠰ ᠬᠠᠭᠠᠨ ᠤ ᠲᠥᠷᠥ ᠶᠢᠨ ᠶᠡᠬᠡ ᠴᠠᠭᠠᠨ ᠰᠦᠯᠳᠡᠨ ᠦ ᠳᠠᠭᠠᠭᠤᠯᠢ 8 ᠲᠤᠭ ᠤᠨ ᠨᠢᠭᠡ ᠪᠠᠭ᠎ᠠ ᠴᠠᠭᠠᠨ ᠲᠤᠭ ᠢ ᠬᠠᠭᠠᠨ ᠤ ᠤᠳᠤᠮ ᠤᠨ ᠲᠠᠶᠢᠵᠢ ᠨᠠᠷ ᠦᠶ᠎ᠡ ᠵᠠᠯᠭᠠᠮᠵᠢᠯᠠᠨ ᠲᠠᠬᠢᠵᠤ ᠢᠷᠡᠭᠰᠡᠨ ᠦ ᠳᠣᠲᠣᠷ᠎ᠠ ᠮᠡᠷᠭᠡᠨ ᠸᠠᠩ ᠭᠦᠷᠰᠢᠬᠦ ᠶᠢᠨ ᠡᠵᠡᠮᠰᠢᠯ ᠳᠦ᠂ ᠲᠤᠰ ᠠᠶᠢᠮᠠᠭ ᠤᠨ ᠬᠥᠪᠰᠥᠭᠥᠯ ᠰᠤᠮᠤ ᠶᠢᠨ ᠨᠤᠲᠤᠭ ᠲᠤ ᠬᠤᠲᠤᠭ ᠠᠭᠤᠯᠠ᠂ ᠠᠪᠳᠠᠷᠠᠩᠲᠠᠢ ᠠᠭᠤᠯᠠ ᠶᠢᠨ ᠵᠡᠭᠦᠨ ᠲᠠᠯ᠎ᠠ ᠳᠤ ᠪᠠᠶᠢᠬᠤ ᠰᠦᠯᠳᠡᠨ ᠬᠥᠬᠡ ᠲᠣᠯᠣᠭᠠᠢ ᠳᠤ ᠲᠠᠬᠢᠵᠤ ᠪᠠᠶᠢᠵᠠᠢ᠃ -ᠳᠣᠷᠣᠨᠠᠭᠣᠪᠢ ᠠᠶᠢᠮᠠᠭ ᠨᠢ ᠥᠨᠥ ᠶᠢᠨ ᠰᠣᠶᠣᠯᠲᠤ ᠬᠦᠮᠦᠨ ᠲᠥᠷᠥᠯᠬᠢᠲᠡᠨ ᠦ ᠮᠥᠩᠬᠡ ᠶᠢᠨ ᠪᠦᠲᠦᠭᠡᠯ ᠪᠣᠯᠬᠤ ᠨᠣᠶᠠᠨ ᠬᠤᠲᠤᠭᠲᠤ ᠳᠠᠨᠽᠠᠨᠷᠠᠪᠵᠢᠶ᠎ᠠ ᠶᠢᠨ ᠱᠠᠰᠢᠨ᠂ ᠲᠡᠦᠬᠡ᠂ ᠪᠢᠴᠢᠭ᠂ ᠰᠤᠶᠤᠯ ᠤᠨ ᠥᠪ ᠳᠤᠷᠠᠰᠬᠠᠯ ᠢ ᠬᠠᠳᠠᠭᠠᠯᠠᠵᠤ ᠦᠯᠡᠳᠡᠭᠰᠡᠨ ᠶᠤᠮ᠃ ᠨᠣᠶᠠᠨ ᠬᠤᠲᠤᠭᠲᠤ 1803 ᠤᠨ ᠳᠤ ᠲᠦᠰᠢᠶᠡᠲᠦ ᠬᠠᠨ ᠠᠶᠢᠮᠠᠭ ᠤᠨ ᠮᠡᠷᠭᠡᠨ ᠸᠠᠩ ᠤᠨ ᠬᠣᠰᠢᠭᠤᠨ ᠤ ᠨᠤᠲᠤᠭ ᠰᠢᠪᠠᠭᠤᠨ ᠱᠠᠩᠳᠠ ᠬᠡᠮᠡᠬᠦ ᠭᠠᠵᠠᠷ ᠲᠤ ᠶᠠᠳᠠᠭᠤ ᠠᠷᠠᠳ ᠳᠤᠯᠳᠤᠶᠢᠲᠤ ᠶᠢᠨ ᠬᠦᠦ ᠪᠣᠯᠤᠨ ᠲᠥᠷᠦᠵᠢ᠂ ᠬᠣᠵᠢᠮ ᠨᠢ ᠱᠠᠰᠢᠨ ᠲᠥᠷᠥ ᠶᠢᠨ ᠵᠢᠳᠬᠦᠯᠲᠡᠨ᠂ ᠭᠦᠨ ᠤᠬᠠᠭᠠᠨᠲᠠᠨ᠂ ᠵᠣᠬᠢᠶᠠᠯᠴᠢ᠂ ᠢᠷᠠᠭᠤ ᠨᠠᠶᠢᠷᠠᠭᠴᠢ᠂ ᠨᠠᠶᠢᠷᠠᠭᠤᠯᠤᠭᠴᠢ᠂ ᠵᠢᠷᠤᠭᠠᠴᠢ᠂ ᠡᠮ ᠪᠠᠷᠢᠭᠴᠢ᠂ ᠠᠶ᠎ᠠ ᠵᠣᠬᠢᠶᠠᠭᠴᠢ᠂ ᠰᠣᠶᠣᠨ ᠭᠡᠭᠡᠷᠡᠭᠦᠯᠦᠭᠴᠢ ᠬᠡᠮᠡᠨ ᠣᠯᠠᠨ᠎ᠠ ᠠᠯᠳᠠᠷᠰᠢᠵᠤ᠂ ᠨᠢᠭᠡᠨ ᠪᠡᠶ᠎ᠡ ᠳᠦ ᠪᠠᠭᠳᠠᠵᠣ ᠶᠠᠳᠠᠭᠰᠠᠨ ᠶᠡᠬᠡ ᠠᠪᠢᠶᠠᠰ ᠪᠢᠯᠢᠭ᠂ ᠨᠢᠭᠡᠨ ᠬᠦᠮᠦᠨ ᠳᠠᠭᠠᠭᠠᠵᠤ ᠶᠠᠳᠠᠭᠰᠠᠨ ᠥᠨᠳᠥᠷ ᠶᠡᠬᠡ ᠨᠡᠷ᠎ᠡ ᠬᠦᠨᠳᠦ ᠶᠢᠨ ᠡᠵᠡᠨ ᠪᠣᠯᠤᠭᠰᠠᠨ ᠶᠤᠮ᠃ ᠲᠡᠷᠡ ᠪᠡᠷ ᠢᠷᠭᠡᠨ ᠦ ᠤᠶᠠᠩᠭ᠎ᠠ ᠶᠢᠨ 500 ᠣᠷᠴᠢᠮ ᠰᠢᠯᠦᠭ᠂ ᠢᠷᠠᠭᠤ ᠨᠠᠶᠢᠷᠠᠭ᠂ 120 ᠭᠠᠷᠤᠢ ᠳᠠᠭᠤᠨ ᠤ ᠠᠶ᠎ᠠ ᠳᠠᠩ᠂ 50 ᠣᠷᠴᠢᠮ ᠰᠦᠮ᠎ᠡ ᠬᠡᠶᠢᠳ ᠢ ᠴᠣᠭᠴᠠᠯᠠᠭᠠᠨ ᠪᠦᠲᠦᠭᠡᠵᠦ᠂ ᠤᠷᠠᠨ ᠵᠢᠷᠤᠭ᠂ ᠰᠡᠶᠢᠯᠪᠦᠷᠢ᠂ ᠵᠦᠵᠦᠭᠡ ᠶᠢᠨ ᠵᠡᠷᠭᠡ ᠤᠷᠠᠯᠢᠭ ᠤᠨ ᠪᠦᠬᠦᠢ ᠯᠠ ᠬᠡᠯᠪᠡᠷᠢ ᠶᠢ ᠭᠣᠪᠢ ᠨᠤᠲᠤᠭ ᠲᠤ ᠪᠠᠨ ᠬᠥᠭᠵᠢᠭᠦᠯᠦᠭᠰᠡᠨ ᠱᠠᠰᠢᠨ᠂ ᠲᠡᠦᠬᠡ᠂ ᠪᠢᠴᠢᠭ᠂ ᠰᠤᠶᠤᠯ ᠤᠨ ᠠᠤᠭ᠎ᠠ ᠶᠡᠬᠡ ᠥᠪ ᠳᠤᠷᠠᠰᠬᠠᠯ ᠢ ᠦᠯᠡᠳᠡᠭᠡᠭᠰᠡᠨ ᠰᠣᠶᠣᠨ ᠭᠡᠭᠡᠷᠡᠭᠦᠯᠦᠭᠴᠢ ᠪᠠᠶᠢᠯ᠎ᠠ᠃ -ᠲᠦᠰᠢᠶᠡᠲᠦ ᠬᠠᠨ ᠠᠶᠢᠮᠠᠭ ᠤᠨ ᠭᠣᠪᠢ ᠮᠡᠷᠭᠡᠨ ᠸᠠᠩ ᠤᠨ ᠬᠣᠰᠢᠭᠤᠨ ᠤ ᠨᠤᠲᠤᠭ ᠴᠠᠪᠤᠭ ᠤᠨ ᠠᠮᠤ᠂ ᠡᠷᠳᠡᠨᠢ ᠣᠪᠣᠭ᠎ᠠ᠂ ᠡᠭᠦᠳᠡ ᠶᠢᠨ ᠤᠰᠤ ᠣᠷᠴᠢᠮ ᠳᠤ 1906 ᠤᠨ ᠠᠴᠠ ᠵᠢᠵᠢᠭ ᠰᠠᠭᠤᠷᠢᠨ ᠡᠭᠦᠰᠬᠡᠵᠦ᠂ ᠬᠢᠯᠢ ᠶᠢᠨ ᠴᠡᠷᠢᠭ ᠰᠠᠭᠤᠯᠭᠠᠵᠤ᠂ ᠲᠧᠯᠧᠹᠣᠨ ᠤᠲᠠᠰᠤᠨ ᠤ ᠬᠣᠷᠢᠶ᠎ᠠ᠂ ᠭᠠᠶᠢᠯᠢ ᠶᠢᠨ ᠬᠡᠰᠡᠭ ᠠᠵᠢᠯᠯᠠᠭᠤᠯᠵᠤ ᠡᠬᠢᠯᠡᠭᠰᠡᠨ ᠢᠶᠡᠷ ᠥᠨᠥ ᠶᠢᠨ ᠵᠠᠮ ᠤᠨ-ᠡᠭᠦᠳᠡ ᠶᠢᠨ ᠰᠢᠪ ᠲᠠᠯᠪᠢᠭᠳᠠᠵᠠᠢ᠃ ᠲᠡᠷᠡ ᠴᠠᠭ ᠠᠴᠠ ᠬᠣᠶᠢᠰᠢ ᠵᠠᠮ ᠤᠨ-ᠡᠭᠦᠳᠡ ᠨᠢ ᠤᠯᠠᠮ ᠥᠷᠭᠡᠵᠢᠵᠦ ᠮᠣᠩᠭᠣᠯ ᠤᠯᠤᠰ ᠤᠨ ᠡᠳ᠋ ᠍ ᠦᠨ ᠵᠠᠰᠠᠭ᠂ ᠪᠠᠷᠠᠭ᠎ᠠ ᠡᠷᠭᠢᠯᠲᠡ ᠶᠢᠨ ᠦᠨᠳᠦᠰᠦᠨ ᠠᠴᠢᠶ᠎ᠠ ᠶᠢ ᠡᠭᠦᠷᠴᠢ᠂ ᠡᠮᠦᠨᠡᠲᠦ ᠬᠥᠷᠰᠢ ᠲᠡᠢ ᠬᠠᠷᠢᠯᠴᠠᠬᠤ ᠡᠭᠦᠳᠡ ᠬᠠᠭᠠᠯᠭ᠎ᠠ ᠪᠣᠯᠵᠤ ᠪᠠᠶᠢᠭ᠎ᠠ ᠪᠥᠭᠡᠳ ᠣᠳᠣ ᠲᠤᠰ ᠰᠤᠮᠤ ᠶᠢᠨ ᠨᠤᠲᠤᠭ ᠲᠤ ᠡᠳ᠋ ᠍ ᠦᠨ ᠵᠠᠰᠠᠭ ᠤᠨ ᠴᠢᠯᠦᠭᠡᠲᠦ ᠪᠦᠰ ᠪᠠᠶᠢᠭᠤᠯᠬᠤ ᠠᠵᠢᠯ ᠡᠬᠢᠯᠡᠭᠡᠳ ᠪᠠᠶᠢᠨ᠎ᠠ᠃ -ᠬᠢᠯᠢ ᠶᠢᠨ ᠵᠠᠮ ᠤᠨ-ᠡᠭᠦᠳᠡ᠂ ᠪᠠᠶᠠᠨᠪᠤᠯᠠᠭ-ᠮᠠᠨᠳᠤᠯ ᠤᠨ ᠪᠣᠭᠣᠮᠲᠠ ᠨᠤᠭᠤᠳ ᠨᠢ ᠮᠣᠩᠭᠣᠯ ᠤᠯᠤᠰ ᠤᠨ ᠡᠳ᠋ ᠍ ᠦᠨ ᠵᠠᠰᠠᠭ᠂ ᠪᠠᠷᠠᠭ᠎ᠠ ᠡᠷᠭᠢᠯᠲᠡ ᠶᠢᠨ ᠦᠨᠳᠦᠰᠦᠨ ᠠᠴᠢᠶ᠎ᠠ ᠶᠢ ᠡᠭᠦᠷᠴᠢ᠂ ᠡᠮᠦᠨᠡᠲᠦ ᠬᠥᠷᠰᠢ ᠲᠡᠢ ᠬᠠᠷᠢᠯᠴᠠᠬᠤ ᠡᠭᠦᠳᠡ ᠬᠠᠭᠠᠯᠭ᠎ᠠ ᠪᠣᠯᠵᠤ ᠪᠠᠶᠢᠨ᠎ᠠ᠃ -1944 ᠤᠨ ᠤ ᠮᠡᠴᠢᠨ ᠵᠢᠯ ᠦᠨ ᠵᠤᠳ ᠢᠶᠠᠷ ᠣᠯᠠᠨ ᠮᠢᠩᠭᠠᠨ ᠠᠳᠤᠭᠤᠨ ᠰᠦᠷᠦᠭ ᠢ ᠬᠢᠯᠢ ᠳᠡᠭᠡᠷ᠎ᠡ ᠲᠣᠭᠲᠠᠭᠠᠨ ᠪᠠᠷᠢᠭᠰᠠᠨ ᠭᠠᠪᠢᠶᠠᠳᠤ ᠦᠢᠯᠡᠰ ᠢ ᠪᠦᠲᠦᠭᠡᠭᠰᠡᠳ ᠮᠠᠨ ᠤ ᠠᠶᠢᠮᠠᠭ ᠤᠨ ᠬᠢᠨ ᠢ 《ᠶᠡᠬᠡ ᠭᠣᠪᠢ ᠶᠢᠨ ᠵᠣᠷᠢᠭᠲᠠᠨ ᠨᠤᠭᠤᠳ》 ᠬᠡᠮᠡᠬᠦ ᠬᠦᠨᠳᠦᠳᠦ ᠠᠯᠳᠠᠷ ᠲᠤ ᠬᠦᠷᠭᠡᠭᠰᠡᠨ ᠪᠢᠯᠡ᠃ -ᠬᠠᠯᠬ᠎ᠠ ᠶᠢᠨ ᠭᠣᠣᠯ ᠳᠤ ᠶᠠᠫᠣᠨ ᠤ ᠲᠦᠷᠢᠮᠡᠭᠡᠶᠢᠯᠡᠭᠴᠢᠳ ᠢ ᠪᠤᠲᠠ ᠴᠤᠬᠢᠬᠤ ᠲᠤᠯᠤᠯᠳᠤᠭᠠᠨ ᠳᠤ ᠲᠤᠰ ᠠᠶᠢᠮᠠᠭ ᠤᠨ ᠡᠷᠡᠯᠬᠡᠭ ᠬᠥᠪᠡᠭᠦᠳ ᠣᠷᠣᠯᠴᠠᠵᠤ᠂ ᠠᠤᠭ᠎ᠠ ᠶᠡᠬᠡ ᠡᠬᠡ ᠣᠷᠣᠨ ᠤ ᠳᠠᠶᠢᠨ ᠳᠤ ᠵᠥᠪᠯᠡᠯᠲᠦ ᠶᠢᠨ ᠠᠷᠠᠳ ᠲᠦᠮᠡᠨ ᠢᠯᠠᠯᠲᠠ ᠪᠠᠶᠢᠭᠤᠯᠬᠤ ᠳᠤ ᠠᠭᠲᠠ ᠮᠣᠷᠢ᠂ ᠡᠳ᠋ ᠬᠥᠷᠥᠩᠭᠡ᠂ ᠰᠡᠳᠬᠢᠯ ᠰᠠᠨᠠᠭᠠᠨ ᠤ ᠳᠡᠮᠵᠢᠯᠭᠡ ᠦᠵᠡᠭᠦᠯᠵᠦ᠂ ᠢᠯᠠᠯᠲᠠ ᠶᠢ ᠬᠠᠮᠲᠤ ᠳᠤ ᠪᠠᠨ ᠪᠠᠶᠢᠭᠤᠯᠤᠭᠰᠠᠨ ᠶᠤᠮ᠃ -1954 ᠤᠨ ᠳᠤ ᠵᠢᠯ ᠳᠤ ᠪᠡᠨ 50 ᠮᠢᠩᠭᠠᠨ ᠲᠣᠨ ᠨᠧᠹᠲ ᠦᠢᠯᠡᠳᠪᠦᠷᠢᠯᠡᠬᠦ ᠬᠦᠴᠦᠨ ᠴᠢᠳᠠᠯ ᠲᠠᠢ ᠵᠡᠭᠦᠨ ᠪᠠᠶᠠᠨ ᠤ ᠨᠧᠹᠲ ᠦᠨ ᠦᠢᠯᠡᠳᠪᠦᠷᠢ᠂ 1956 ᠤᠨ ᠳᠤ ᠤᠯᠠᠭᠠᠨᠪᠠᠭᠠᠲᠤᠷ-ᠵᠠᠮ ᠤᠨ-ᠡᠭᠦᠳᠡ ᠶᠢᠨ 700 ᠭᠠᠷᠤᠢ km ᠲᠡᠮᠦᠷ ᠵᠠᠮ ᠠᠰᠢᠭᠯᠠᠯᠲᠠᠨ ᠳᠤ ᠣᠷᠣᠭᠰᠠᠨ᠂ ᠵᠣᠩᠰᠢ ᠣᠯᠪᠤᠷᠢᠯᠠᠬᠤ ᠠᠭᠤᠯᠠ ᠶᠢᠨ ᠭᠤᠷᠪᠠᠨ ᠦᠢᠯᠡᠳᠪᠦᠷᠢ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠡᠬᠢᠯᠡᠭᠰᠡᠨ ᠵᠡᠷᠭᠡ ᠨᠢ ᠲᠤᠰ ᠠᠶᠢᠮᠠᠭ ᠤᠨ ᠲᠡᠳᠦᠢ ᠦᠭᠡᠢ ᠮᠣᠩᠭᠣᠯ ᠤᠯᠤᠰ ᠤᠨ ᠬᠥᠭᠵᠢᠯ ᠳᠡᠪᠰᠢᠯ ᠳᠦ ᠲᠡᠦᠬᠡᠨ ᠡᠭᠦᠷᠭᠡ ᠭᠦᠢᠴᠡᠳᠭᠡᠬᠦ ᠡᠳ᠋ ᠍ ᠦᠨ ᠵᠠᠰᠠᠭ ᠤᠨ ᠲᠣᠮᠣᠬᠠᠨ ᠣᠯᠤᠯᠲᠠ ᠨᠤᠭᠤᠳ ᠪᠠᠶᠢᠯ᠎ᠠ᠃ -ᠳᠣᠷᠣᠨᠠᠭᠣᠪᠢ ᠠᠶᠢᠮᠠᠭ ᠮᠢᠬ᠎ᠠ᠂ ᠨᠣᠣᠰᠣ᠂ ᠲᠦᠭᠦᠬᠡᠢ ᠡᠳ᠋ ᠪᠡᠯᠡᠳᠬᠡᠬᠦ ᠠᠵᠢᠯ ᠢ ᠰᠠᠶᠢᠨ ᠵᠣᠬᠢᠶᠠᠨ ᠪᠠᠶᠢᠭᠤᠯᠵᠤ᠂ ᠤᠯᠤᠰ ᠲᠤ ᠲᠡᠷᠢᠭᠦᠨ ᠪᠠᠶᠢᠷᠢ ᠡᠵᠡᠯᠡᠭᠰᠡᠨ ᠲᠤᠯᠠ ᠤᠯᠤᠰ ᠤᠨ ᠪᠠᠭ᠎ᠠ ᠬᠤᠷᠠᠯ ᠤᠨ ᠲᠡᠷᠢᠭᠦᠯᠡᠭᠴᠢᠳ ᠦᠨ ᠲᠣᠭᠲᠠᠭᠠᠯ ᠢᠶᠠᠷ 1942 ᠤᠨ ᠳᠤ ᠬᠥᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ᠂ 1974 ᠤᠨ ᠳᠤ ᠠᠷᠠᠳ ᠤᠨ ᠶᠡᠬᠡ ᠬᠤᠷᠠᠯ ᠤᠨ ᠲᠡᠷᠢᠭᠦᠯᠡᠭᠴᠢᠳ ᠦᠨ ᠵᠠᠷᠯᠢᠭ ᠢᠶᠠᠷ ᠮᠥᠨ ᠬᠥᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠲᠤᠰ ᠲᠤᠰ ᠱᠠᠩᠨᠠᠭᠳᠠᠭᠰᠠᠨ ᠪᠠᠶᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠷᠣᠨᠠᠭᠣᠪᠢ ᠠᠶᠢᠮᠠᠭ ᠬI, ᠬII ᠵᠠᠭᠤᠨ ᠤ ᠦᠶ᠎ᠡ ᠶᠢᠨ ᠮᠣᠩᠭᠣᠯ ᠤᠨ ᠡᠵᠡᠨᠲᠦ ᠭᠦᠷᠦᠨ ᠦ ᠦᠶ᠎ᠡ ᠳᠦ ᠣᠨᠤᠭ ᠲᠤ ᠠᠶᠢᠮᠠᠭ᠂ ᠮᠠᠨᠵᠤ ᠶᠢᠨ ᠨᠣᠶᠠᠷᠬᠠᠯ ᠤᠨ ᠦᠶ᠎ᠡ ᠳᠦ ᠲᠦᠰᠢᠶᠡᠲᠦ ᠬᠠᠨ ᠠᠶᠢᠮᠠᠭ᠂ ᠠᠦ᠋ᠲ᠋ᠣᠨᠣᠮᠢ ᠳᠤ ᠲᠥᠷᠥ ᠶᠢᠨ ᠦᠶ᠎ᠡ ᠳᠦ ᠪᠣᠭᠳᠠ ᠬᠠᠭᠠᠨ ᠠᠭᠤᠯᠠ ᠶᠢᠨ ᠠᠶᠢᠮᠠᠭ ᠨᠡᠷᠡᠲᠡᠢ ᠪᠠᠶᠢᠴᠠᠢ᠃ ᠴᠢᠩᠭᠢᠰ ᠬᠠᠭᠠᠨ ᠤ ᠲᠥᠷᠥ ᠶᠢᠨ 8 ᠬᠥᠯ ᠳᠦ ᠶᠡᠬᠡ ᠴᠠᠭᠠᠨ ᠰᠦᠯᠳᠡᠨ ᠦ ᠳᠠᠭᠠᠭᠤᠯᠢ 8 ᠲᠤᠭ ᠤᠨ ᠨᠢᠭᠡ᠂ ᠪᠠᠭ᠎ᠠ ᠴᠠᠭᠠᠨ ᠲᠤᠭ ᠢ ᠣᠳᠣ ᠶᠢᠨ ᠬᠥᠪᠰᠥᠭᠥᠯ ᠰᠤᠮᠤ ᠶᠢᠨ ᠨᠤᠲᠤᠭ ᠰᠦᠯᠳᠡᠨ ᠬᠥᠬᠡ ᠲᠣᠯᠣᠭᠠᠢ ᠳᠤ ᠲᠠᠬᠢᠵᠤ ᠪᠠᠶᠢᠭᠰᠠᠨ ᠲᠡᠦᠬᠡ ᠲᠡᠢ᠃ ᠭᠣᠪᠢ ᠶᠢᠨ ᠳᠣᠭᠰᠢᠨ ᠨᠣᠶᠠᠨ ᠬᠤᠲᠤᠭᠲᠤ ᠳᠠᠨᠽᠠᠨᠷᠠᠪᠵᠢᠶ᠎ᠠ ᠱᠠᠰᠢᠨ᠂ ᠲᠡᠦᠬᠡ᠂ ᠪᠢᠴᠢᠭ᠂ ᠰᠤᠶᠤᠯ ᠤᠨ ᠠᠤᠭ᠎ᠠ ᠶᠡᠬᠡ ᠥᠪ ᠳᠤᠷᠠᠰᠬᠠᠯ ᠢ ᠦᠯᠡᠳᠡᠭᠡᠭᠰᠡᠨ ᠶᠤᠮ᠃ ᠢᠷᠭᠡᠨ ᠦ ᠤᠶᠠᠩᠭ᠎ᠠ ᠶᠢᠨ 500 ᠣᠷᠴᠢᠮ ᠰᠢᠯᠦᠭ᠂ ᠢᠷᠠᠭᠤ ᠨᠠᠶᠢᠷᠠᠭ ᠪᠢᠴᠢᠵᠦ᠂ 120 ᠭᠠᠷᠤᠢ ᠳᠠᠭᠤᠨ ᠤ ᠦᠭᠡ ᠠᠶ᠎ᠠ ᠶᠢ ᠵᠣᠬᠢᠶᠠᠵᠤ᠂ 50 ᠣᠷᠴᠢᠮ ᠰᠦᠮ᠎ᠡ ᠬᠡᠶᠢᠳ ᠦᠨ ᠪᠠᠷᠢᠯᠭ᠎ᠠ ᠶᠢᠨ ᠵᠢᠷᠤᠭ ᠢ ᠵᠢᠷᠤᠵᠤ᠂ ᠪᠠᠷᠢᠭᠤᠯᠤᠭᠰᠠᠨ ᠪᠣᠯᠤᠨ ᠤᠷᠠᠨ ᠵᠢᠷᠤᠭ᠂ ᠰᠡᠶᠢᠯᠪᠦᠷᠢ᠂ ᠵᠦᠵᠦᠭᠡ ᠶᠢᠨ ᠵᠡᠷᠭᠡ ᠤᠷᠠᠯᠢᠭ ᠤᠨ ᠪᠦᠬᠦᠢ ᠯᠠ ᠬᠡᠯᠪᠡᠷᠢ ᠶᠢ ᠭᠣᠪᠢ ᠨᠤᠲᠤᠭ ᠲᠤ ᠬᠥᠭᠵᠢᠭᠦᠯᠦᠭᠰᠡᠨ ᠭᠠᠪᠢᠶ᠎ᠠ ᠳᠤ ᠦᠢᠯᠡᠰᠲᠡᠨ ᠪᠠᠶᠢᠯ᠎ᠠ᠃ ᠡᠷᠲᠡᠨ ᠡᠴᠡ ᠨᠠᠰᠢ ᠬᠢᠯᠢ ᠶᠢᠨ ᠬᠠᠭᠠᠯᠭ᠎ᠠ ᠪᠣᠯᠤᠭᠰᠠᠨ ᠵᠠᠮ ᠤᠨ-ᠡᠭᠦᠳᠡ ᠡᠴᠡ ᠴᠣᠶᠢᠷ᠎ᠠ ᠶᠢ ᠳᠠᠮᠵᠢᠨ ᠶᠡᠬᠡ ᠬᠦᠷᠢᠶ᠎ᠡ ᠣᠷᠣᠳᠠᠭ ᠭᠦᠨᠵᠡ ᠵᠠᠮ᠂ ᠴᠢᠭᠤᠯᠤᠯᠲᠤ ᠬᠠᠭᠠᠯᠭ᠎ᠠ ᠠᠴᠠ ᠤᠯᠢᠶᠠᠰᠤᠲᠠᠢ ᠣᠷᠣᠳᠠᠭ ᠬᠠᠷᠠᠴᠢᠨ ᠪᠤᠤᠬᠢᠶ᠎ᠠ ᠥᠷᠲᠡᠭᠡᠨ ᠦ ᠵᠠᠮ ᠭᠡᠵᠦ ᠬᠣᠶᠠᠷ ᠶᠡᠬᠡ ᠵᠠᠮ ᠲᠤᠰ ᠠᠶᠢᠮᠠᠭ ᠤᠨ ᠨᠤᠲᠤᠭ ᠢᠶᠠᠷ ᠳᠠᠭᠠᠷᠢᠨ ᠭᠠᠷᠳᠠᠭ ᠪᠠᠶᠢᠪᠠ᠃ ᠡᠨᠡ ᠨᠢ ᠭᠠᠳᠠᠭᠠᠳᠤ ᠬᠤᠳᠠᠯᠳᠤᠭ᠎ᠠ᠂ ᠰᠤᠶᠤᠯ ᠨᠡᠪᠲᠡᠷᠡᠬᠦ ᠵᠠᠮ ᠪᠣᠯᠵᠤ ᠪᠠᠶᠢᠭᠰᠠᠨ ᠶᠤᠮ᠃ 1911 ᠤᠨ ᠳᠤ ᠮᠣᠩᠭᠣᠯᠴᠤᠳ ᠮᠠᠨᠵᠤ ᠶᠢᠨ ᠡᠰᠡᠷᠬᠦ ᠲᠡᠮᠡᠴᠡᠯ ᠳᠦ ᠪᠡᠨ ᠢᠯᠠᠵᠤ᠂ ᠣᠯᠠᠨ ᠢᠶᠠᠨ ᠡᠷᠭᠦᠭᠳᠡᠭᠰᠡᠨ ᠪᠣᠭᠳᠠ ᠬᠠᠭᠠᠨᠲᠤ ᠮᠣᠩᠭᠣᠯ ᠤᠯᠤᠰ ᠢ ᠪᠠᠶᠢᠭᠤᠯᠬᠤ ᠳᠤ ᠮᠡᠷᠭᠡᠨ ᠸᠠᠩ ᠤᠨ ᠬᠣᠰᠢᠭᠤ ᠨᠡᠷ᠎ᠡ ᠶᠢ ᠰᠡᠷᠭᠦᠭᠡᠨ ᠲᠣᠭᠲᠠᠭᠠᠭᠰᠠᠨ ᠪᠠᠶᠢᠨ᠎ᠠ᠃ 1921 ᠤᠨ ᠤ ᠠᠷᠠᠳ ᠤᠨ ᠬᠤᠪᠢᠰᠬᠠᠯ ᠤᠨ ᠳᠠᠷᠠᠭ᠎ᠠ ᠪᠠᠷ ᠮᠣᠩᠭᠣᠯ ᠤᠨ ᠠᠷᠠᠳ ᠲᠦᠮᠡᠨ ᠤᠯᠤᠰ ᠲᠥᠷᠥ᠂ ᠨᠡᠶᠢᠭᠡᠮ᠂ ᠡᠳ᠋ ᠍ ᠦᠨ ᠵᠠᠰᠠᠭ᠂ ᠰᠤᠶᠤᠯ ᠤᠨ ᠠᠮᠢᠳᠤᠷᠠᠯ ᠳᠤ ᠰᠢᠨ᠎ᠡ ᠰᠢᠨ᠎ᠡ ᠥᠭᠡᠷᠡᠴᠢᠯᠡᠯᠲᠡ ᠬᠢᠵᠦ᠂ ᠠᠮᠵᠢᠯᠲᠠ ᠣᠯᠵᠤ᠂ ᠬᠥᠭᠵᠢᠯ ᠳᠡᠪᠰᠢᠯ ᠦᠨ ᠵᠠᠮ ᠳᠤ ᠣᠷᠣᠭᠰᠠᠨ ᠶᠤᠮ᠃ ᠣᠷᠣᠨ ᠨᠤᠲᠤᠭ ᠤᠨ ᠵᠠᠰᠠᠭ ᠵᠠᠬᠢᠷᠭᠠᠨ ᠤ ᠵᠣᠬᠢᠶᠠᠨ ᠪᠠᠶᠢᠭᠤᠯᠤᠯᠲᠠ ᠶᠢ ᠰᠢᠨᠡᠴᠢᠯᠡᠨ᠂ ᠠᠶᠢᠮᠠᠭ ᠪᠠᠶᠢᠭᠤᠯᠬᠤ ᠰᠢᠢᠳᠪᠦᠷᠢ ᠶᠢ 1930 ᠤᠨ ᠳᠤ ᠤᠯᠤᠰ ᠤᠨ ᠪᠠᠭ᠎ᠠ ᠬᠤᠷᠠᠯ ᠤᠨ ᠲᠡᠷᠢᠭᠦᠯᠡᠭᠴᠢᠳ᠂ ᠵᠠᠰᠠᠭ ᠤᠨ ᠭᠠᠵᠠᠷ ᠰᠢᠢᠳᠪᠦᠷᠢᠯᠡᠵᠦ᠂ ᠤᠯᠠᠮ ᠢᠶᠠᠷ 1931 ᠤᠨ ᠳᠤ ᠳᠣᠷᠣᠨᠠᠭᠣᠪᠢ ᠠᠶᠢᠮᠠᠭ ᠢ ᠪᠠᠶᠢᠭᠤᠯᠤᠭᠰᠠᠨ ᠢᠶᠠᠷ ᠲᠤᠰ ᠠᠶᠢᠮᠠᠭ ᠤᠨ ᠰᠢᠨ᠎ᠡ ᠦᠶ᠎ᠡ ᠶᠢᠨ ᠲᠡᠦᠬᠡ ᠡᠬᠢᠯᠡᠭᠰᠡᠨ ᠪᠢᠯᠡ᠃

ᠪᠠᠶᠢᠭᠠᠯᠢ᠂ ᠴᠠᠭ ᠠᠭᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠠᠶᠢᠮᠠᠭ ᠪᠦᠬᠦᠯᠢ ᠳᠦ ᠪᠡᠨ ᠭᠣᠪᠢ ᠶᠢᠨ ᠪᠥᠰᠡ ᠳᠦ ᠬᠠᠮᠢᠶᠠᠷᠳᠠᠭ᠂ ᠭᠣᠪᠢ ᠬᠡᠭᠡᠷ᠎ᠡ ᠬᠣᠣᠰᠯᠠᠭᠰᠠᠨ ᠨᠤᠲᠤᠭ ᠲᠠᠢ᠃ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ᠂ ᠵᠤᠨ ᠤ ᠤᠯᠠᠷᠢᠯ ᠳᠤ +41 ᠬᠡᠮ ᠬᠦᠷᠲᠡᠯ᠎ᠡ ᠬᠠᠯᠠᠵᠤ᠂ ᠡᠪᠦᠯ ᠦᠨ ᠤᠯᠠᠷᠢᠯ ᠳᠤ -40 ᠬᠡᠮ ᠬᠦᠷᠲᠡᠯ᠎ᠡ ᠬᠦᠢᠲᠡᠷᠡᠳᠡᠭ᠃ ᠰᠠᠯᠬᠢᠨ ᠤ ᠳᠤᠮᠳᠠᠴᠢ ᠬᠤᠷᠳᠤ 4,2-4,6 ᠮ/ᠰᠧᠺ᠂ ᠵᠠᠷᠢᠮ ᠦᠶ᠎ᠡ ᠳᠦ 35 ᠮ/ᠰᠧᠺ ᠬᠦᠷᠲᠡᠯ᠎ᠡ ᠰᠢᠷᠦᠭᠦᠰᠬᠦ ᠲᠣᠬᠢᠶᠠᠯᠳᠤᠯ ᠪᠤᠢ᠃ ᠴᠠᠭ ᠠᠭᠠᠷ ᠤᠨ ᠲᠠᠭᠠᠯᠠᠮᠵᠢ ᠦᠭᠡᠢ ᠨᠥᠯᠥᠭᠡᠯᠡᠯ ᠪᠣᠯᠬᠤ ᠬᠦᠴᠦᠲᠡᠢ ᠴᠠᠰᠤᠨ ᠪᠠ ᠰᠢᠷᠤᠶᠢᠨ ᠰᠢᠭᠤᠷᠭ᠎ᠠ᠂ ᠭᠠᠨ᠂ ᠵᠤᠳ ᠤᠨ ᠠᠶᠤᠯ ᠴᠥᠭᠡᠨ ᠪᠤᠰᠤ ᠤᠳᠠᠭ᠎ᠠ ᠲᠣᠬᠢᠶᠠᠳᠠᠭ᠂ ᠰᠡᠭᠦᠯ ᠦᠨ ᠵᠢᠯ ᠦᠳ ᠦᠨ ᠬᠠᠭᠤᠷᠠᠶᠢᠰᠢᠯᠲᠠ ᠶᠢᠨ ᠤᠯᠠᠮ ᠠᠴᠠ ᠴᠥᠯᠵᠢᠯᠲᠡ ᠶᠢᠨ ᠶᠠᠪᠤᠴᠠ ᠬᠤᠷᠳᠤᠰᠴᠢ ᠪᠠᠶᠢᠨ᠎ᠠ᠃ ᠭᠣᠪᠢ ᠶᠢᠨ ᠡᠮᠵᠡᠭ ᠪᠠᠶᠢᠭᠠᠯ ᠢ ᠨᠥᠬᠥᠨ ᠰᠡᠷᠭᠦᠭᠡᠬᠦ ᠪᠣᠯᠤᠮᠵᠢ ᠬᠢᠵᠠᠭᠠᠷᠯᠠᠭᠳᠠᠮᠠᠯ᠃ ᠭᠠᠳᠠᠷᠭᠤ ᠶᠢᠨ ᠤᠰᠤᠨ ᠤ ᠨᠥᠭᠡᠴᠡ ᠪᠠᠷᠤᠭ ᠦᠭᠡᠢ ᠡᠴᠡ ᠭᠦᠨ ᠦ ᠤᠰᠤ ᠶᠢ ᠲᠠᠲᠠᠵᠤ ᠠᠬᠤᠢ ᠠᠮᠢᠳᠤᠷᠠᠯ ᠪᠣᠯᠤᠨ ᠮᠠᠯ ᠠᠵᠤ ᠠᠬᠤᠢ᠂ ᠭᠠᠵᠠᠷ ᠲᠠᠷᠢᠶᠠᠯᠠᠩ ᠤᠨ ᠦᠢᠯᠡᠳᠪᠦᠷᠢᠯᠡᠯ ᠳᠦ ᠠᠰᠢᠭᠯᠠᠳᠠᠭ᠃

ᠠᠵᠤ ᠦᠢᠯᠡᠳᠪᠦᠷᠢ᠂ ᠲᠡᠭᠡᠭᠡᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠷᠭᠤ ᠳᠤ ᠨᠢ ᠺᠠᠶᠢᠨᠣᠵᠣᠶᠢᠨ ᠡᠷᠢᠨᠢᠢ ᠬᠤᠷᠠᠳᠠᠰᠤ ᠶᠡᠬᠡ ᠲᠠᠷᠬᠠᠭᠰᠠᠨ ᠪᠥᠭᠡᠳ ᠬᠠᠶᠢᠯᠤᠭᠤᠷ ᠵᠣᠩᠰᠢᠨ ᠤ ᠣᠷᠳᠣ ᠣᠯᠠᠨ ᠲᠠᠢ᠃ ᠵᠡᠰ ᠮᠣᠯᠢᠪᠳᠧᠨ (ᠴᠠᠭᠠᠨ ᠰᠤᠪᠤᠷᠭ᠎ᠠ), ᠴᠢᠯᠠᠭᠤᠨ ᠨᠡᠭᠦᠷᠡᠰᠦ (ᠠᠯᠠᠭᠲᠠᠭ ᠢᠶᠠᠨ), ᠲᠡᠮᠦᠷ (ᠴᠢᠨᠳᠠᠮᠠᠨᠢ ᠠᠭᠤᠯᠠ) ᠪᠣᠯᠤᠨ ᠪᠠᠷᠢᠯᠭ᠎ᠠ ᠶᠢᠨ ᠮᠠᠲ᠋ᠧᠷᠢᠶᠠᠯ ᠤᠨ ᠪᠠᠶᠠᠯᠢᠭ ᠪᠤᠢ᠃ ᠬᠠᠶᠢᠯᠤᠭᠤᠷ᠂ ᠵᠣᠩᠰᠢ ᠣᠯᠪᠤᠷᠢᠯᠠᠬᠤ ᠠᠭᠤᠷᠬᠠᠢ ᠪᠠᠶᠢᠳᠠᠭ᠃

ᠳᠣᠷᠣᠨᠠᠭᠣᠪᠢ ᠠᠶᠢᠮᠠᠭ ᠤᠨ ᠨᠤᠲᠤᠭ ᠢᠶᠠᠷ ᠲᠡᠮᠦᠷ ᠵᠠᠮ ᠨᠡᠪᠲᠡᠷᠡᠨ єᠨᠭᠢᠷᠡᠬᠦ ᠪᠥᠭᠡᠳ ᠰᠠᠶᠢᠨᠱᠠᠩᠳᠠ ᠬᠣᠲᠠ ᠨᠢ ᠮᠠᠨ ᠤ ᠣᠷᠣᠨ ᠤ ᠲᠡᠮᠦᠷ ᠵᠠᠮ ᠤᠨ ᠴᠢᠬᠤᠯᠠ ᠵᠠᠩᠭᠢᠯᠠᠭ᠎ᠠ ᠶᠤᠮ᠃ ᠳᠣᠷᠣᠨᠠᠭᠣᠪᠢ ᠠᠶᠢᠮᠠᠭ ᠤᠨ ᠵᠠᠮ ᠤᠨ-ᠡᠭᠦᠳᠡ ᠨᠢ ᠮᠣᠩᠭᠣᠯ ᠠᠴᠠ ᠬᠢᠲᠠᠳ ᠷᠤ ᠭᠠᠷᠬᠤ ᠬᠢᠯᠢ ᠶᠢᠨ ᠲᠣᠮᠣ ᠪᠣᠭᠣᠮᠲᠠ ᠶᠤᠮ᠃

ᠪᠣᠯᠪᠠᠰᠤᠷᠠᠯ᠂ ᠡᠷᠡᠭᠦᠯ ᠮᠡᠨᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠷᠣᠨᠠᠭᠣᠪᠢ ᠠᠶᠢᠮᠠᠭ ᠲᠤ ᠶᠡᠷᠦᠩᠬᠡᠢ ᠪᠣᠯᠪᠠᠰᠤᠷᠠᠯ ᠤᠨ 20 ᠰᠤᠷᠭᠠᠭᠤᠯᠢ᠂ 17 ᠳᠣᠲᠣᠭᠤᠷ ᠪᠠᠶᠢᠷᠢ᠂ 21 ᠴᠡᠴᠡᠷᠯᠢᠭ᠂ ᠡᠷᠡᠭᠦᠯ ᠮᠡᠨᠳᠦ ᠶᠢᠨ 72 ᠪᠠᠶᠢᠭᠤᠯᠤᠯᠭ᠎ᠠ᠂ ᠮᠡᠷᠭᠡᠵᠢᠯ ᠦᠨ ᠰᠤᠷᠭᠠᠯᠲᠠ ᠦᠢᠯᠡᠳᠪᠦᠷᠢᠯᠡᠯ ᠦᠨ ᠲᠥᠪ᠂ ᠲᠡᠮᠦᠷ ᠵᠠᠮ ᠤᠨ ᠮᠡᠷᠭᠡᠵᠢᠯ ᠰᠤᠷᠭᠠᠯᠲᠠ ᠦᠢᠯᠡᠳᠪᠦᠷᠢᠯᠡᠯ ᠦᠨ ᠲᠥᠪ ᠵᠡᠷᠭᠡ ᠡᠷᠡᠭᠦᠯ ᠮᠡᠨᠳᠦ᠂ ᠪᠣᠯᠪᠠᠰᠤᠷᠠᠯ ᠤᠨ ᠪᠠᠶᠢᠭᠤᠯᠤᠯᠭ᠎ᠠ ᠦᠢᠯᠡ ᠠᠵᠢᠯᠯᠠᠭ᠎ᠠ ᠶᠢ ᠪᠠᠨ ᠶᠠᠪᠤᠭᠤᠯᠳᠠᠭ᠃ ᠭᠣᠪᠢ ᠶᠢᠨ ᠳᠣᠭᠰᠢᠨ ᠨᠣᠶᠠᠨ ᠬᠤᠲᠤᠭᠲᠤ ᠳᠠᠨᠽᠠᠨᠷᠠᠪᠵᠢᠶ᠎ᠠ ᠶᠢᠨ ᠨᠡᠷᠡᠮᠵᠢᠲᠦ "ᠰᠠᠷᠠᠨᠬᠥᠬᠦ ᠪᠡᠨ" ᠲᠢᠶᠠᠲ᠋ᠷ᠂ ᠢᠷᠭᠡᠳ ᠦᠨ ᠬᠥᠭᠵᠢᠯ ᠲᠥᠪ᠂ ᠤᠰᠤᠨ ᠰᠫᠣᠷᠲ ᠰᠤᠷᠭᠠᠯᠲᠠ ᠶᠢᠨ ᠲᠥᠪ᠂ ᠨᠡᠶᠢᠲᠡ ᠶᠢᠨ ᠨᠣᠮ ᠤᠨ ᠰᠠᠩ᠂ ᠣᠷᠣᠨ ᠨᠤᠲᠤᠭ ᠤᠨ ᠰᠤᠳᠤᠯᠬᠤ ᠮᠦᠽᠧᠢ᠂ ᠨᠣᠶᠠᠨ ᠬᠤᠲᠤᠭᠲᠤ ᠳᠠᠨᠽᠠᠨᠷᠠᠪᠵᠢᠶ᠎ᠠ ᠶᠢᠨ ᠮᠦᠽᠧᠢ᠂ ᠣᠷᠣᠨ ᠨᠤᠲᠤᠭ ᠤᠨ 3 ᠲᠧᠯᠧᠸᠢᠽ᠂ ᠳᠣᠷᠣᠨᠠᠭᠣᠪᠢ ᠶᠢᠨ ᠮᠡᠳᠡᠭᠡ ᠰᠣᠨᠢᠨ ᠵᠡᠷᠭᠡ ᠰᠤᠶᠤᠯ ᠮᠡᠳᠡᠭᠡᠯᠡᠯ ᠦᠨ ᠪᠠᠶᠢᠭᠤᠯᠤᠯᠭ᠎ᠠ ᠨᠤᠭᠤᠳ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠨ᠎ᠠ᠃

ᠤᠷᠭᠤᠮᠠᠯ ᠠᠮᠢᠲᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠪᠢ ᠶᠢᠨ ᠤᠷᠭᠤᠮᠠᠯ ᠤᠷᠭᠤᠨ᠎ᠠ᠃ ᠬᠠᠷ᠎ᠠ ᠰᠡᠭᠦᠯᠲᠦᠬᠤᠯᠠᠨᠶᠠᠩᠭᠢᠷᠠᠷᠭᠠᠯᠢ ᠵᠡᠷᠭᠡ ᠬᠣᠪᠣᠷ ᠠᠨ ᠠᠮᠢᠲᠠᠨ ᠡᠯᠪᠡᠭ᠃

ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠤᠨ ᠪᠠᠭᠠᠲᠤᠷ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠳᠠᠰᠢ ᠶᠢᠨ ᠳᠠᠨᠽᠠᠨᠸᠠᠨᠴᠢᠭ

ᠬᠥᠳᠡᠯᠮᠦᠷᠢ ᠶᠢᠨ ᠪᠠᠭᠠᠲᠤᠷ[ᠵᠠᠰᠠᠪᠤᠷᠢᠯᠠᠬᠤ | ᠺᠣᠳ᠋ ᠢᠶᠠᠷ ᠵᠠᠰᠠᠬᠣ]

 1.  ᠨᠠᠸᠠᠩ ᠲᠠᠶ᠎ᠠ ᠶᠢᠨ ᠴᠡᠪᠡᠯ (ᠦᠬᠡᠷᠴᠢᠨ)
 2. ᠰᠡᠷᠭᠦᠯᠡᠩ ᠦᠨ ᠴᠢᠮᠡᠳᠳᠣᠷᠵᠢ (ᠲᠡᠮᠡᠭᠡᠴᠢᠨ)
 3. ᠣᠳᠤᠰᠦ᠋ᠷᠦᠩ ᠦᠨ ᠮᠠᠵᠢᠭ (ᠠᠳᠤᠭᠤᠴᠢᠨ)
 4. ᠳᠠᠷᠠᠮ᠎ᠠ ᠶᠢᠨ ᠳᠠᠸᠠᠰᠠᠮᠪᠤᠤ (ᠰᠤᠮᠤ᠂ ᠨᠢᠭᠡᠳᠦᠯ ᠦᠨ ᠳᠠᠷᠤᠭ᠎ᠠ)
 5.  ᠨᠠᠰᠠᠩ ᠤᠨ ᠬᠦᠷᠢᠶᠡᠲᠦ (ᠲᠡᠮᠡᠭᠡᠴᠢᠨ)
 6. ᠴᠢᠮᠡᠳ ᠦᠨ ᠳᠦᠭᠦᠷᠡᠭᠡ (ᠡᠬᠡ ᠪᠠᠷᠢᠭᠴᠢ᠂ ᠪᠠᠭ᠎ᠠ ᠡᠮᠴᠢ)
 7. ᠡᠳᠡᠪ ᠦᠨ ᠪᠠᠲᠤᠰᠦ᠋ᠬᠡ (ᠤᠰᠤᠵᠢᠭᠤᠯᠤᠭᠴᠢ)
 8. ᠭᠣᠮᠪᠣᠰᠦ᠋ᠷᠦᠩ ᠦᠨ ᠸᠴᠢᠷᠪᠠᠲᠤ (ᠪᠠᠷᠢᠯᠭᠠᠴᠢᠨ)

ᠠᠷᠠᠳ ᠤᠨ ᠵᠦᠵᠦᠭᠡᠴᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠰᠡᠷᠡᠩᠳᠤᠯᠮ᠎ᠠ ᠶᠢᠨ ᠰᠡᠪᠵᠢ ᠳᠤ
 2. ᠴᠡᠨᠳᠡᠶᠢᠨ ᠪᠠᠲᠤᠴᠢᠯᠠᠭᠤᠨ

ᠠᠷᠠᠳ ᠤᠨ ᠵᠢᠷᠤᠭᠠᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠯᠤᠪᠰᠠᠩ ᠤᠨ ᠭᠠᠪ ᠢᠶᠠᠨ

ᠠᠷᠠᠳ ᠤᠨ ᠤᠷᠠᠨ ᠵᠣᠬᠢᠶᠠᠯᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠪᠠᠯᠵᠣᠷ ᠤᠨ ᠳᠣᠭᠮᠢᠳ

ᠤᠯᠤᠰ ᠤᠨ ᠭᠠᠪᠢᠶ᠎ᠠ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠳᠠᠨᠽᠠᠨᠸᠠᠨᠴᠢᠭ ᠤᠨ ᠤᠬᠤᠨ᠎ᠠ ᠪᠠᠨ(ᠤᠷᠠᠯᠢᠭ ᠤᠨ ᠵᠢᠳᠬᠦᠯᠲᠡᠨ)
 2. ᠮᠠᠶᠢᠳᠠᠷ ᠤᠨ ᠳᠣᠷᠵᠢ(ᠤᠷᠠᠯᠢᠭ ᠤᠨ ᠵᠢᠳᠬᠦᠯᠲᠡᠨ)
 3. ᠳᠣᠷᠵᠢ ᠶᠢᠨ ᠪᠠᠨᠳᠢ(ᠤᠷᠠᠯᠢᠭ ᠤᠨ ᠵᠢᠳᠬᠦᠯᠲᠡᠨ)
 4. ᠯᠤᠪᠰᠠᠩᠳᠣᠷᠵᠢ ᠶᠢᠨ ᠪᠤᠶᠠᠨᠬᠡᠰᠢᠭ ᠲᠦ(ᠭᠠᠪᠢᠶᠠᠲᠤ ᠵᠦᠵᠦᠭᠡᠴᠢᠨ)
 5. ᠳᠣᠷᠵᠢ ᠶᠢᠨ ᠠᠯᠲᠠᠨᠲᠤᠶᠠᠭ᠎ᠠ(ᠭᠠᠪᠢᠶᠠᠲᠤ ᠵᠦᠵᠦᠭᠡᠴᠢᠨ)
 6. ᠭᠤᠩᠭ᠎ᠠ ᠶᠢᠨ ᠵᠣᠷᠢᠭᠲᠤ(ᠭᠠᠪᠢᠶᠠᠲᠤ ᠵᠦᠵᠦᠭᠡᠴᠢᠨ)
 7. ᠯᠤᠪᠰᠠᠩᠵᠠᠮᠼᠤ ᠶᠢᠨ ᠨᠠᠷᠠᠨᠲᠤᠶᠠᠭ᠎ᠠ(ᠭᠠᠪᠢᠶᠠᠲᠤ ᠵᠦᠵᠦᠭᠡᠴᠢᠨ)
 8. ᠵᠠᠮᠪᠠᠯ ᠤᠨ ᠶᠣᠨᠳᠣᠩᠵᠠᠮᠰᠤ(ᠭᠠᠪᠢᠶᠠᠲᠤ ᠵᠦᠵᠦᠭᠡᠴᠢᠨ)
 9. ᠯᠣᠳᠣᠩ ᠤᠨ ᠤᠬᠤᠨ᠎ᠠ ᠪᠠᠨ /ᠪᠦᠵᠢᠭ ᠳᠢᠭᠯᠡᠭᠡᠴᠢ/
 10. ᠳᠤᠤᠭᠠᠷ ᠤᠨ ᠭᠦᠷᠦᠳᠣᠷᠵᠢ(ᠤᠷᠠᠯᠢᠭ ᠤᠨ ᠵᠢᠳᠬᠦᠯᠲᠡᠨ)
 11. ᠭᠡᠨᠦᠩ ᠦᠨ ᠰᠡᠷᠡᠩ(ᠤᠷᠠᠯᠢᠭ ᠤᠨ ᠵᠢᠳᠬᠦᠯᠲᠡᠨ)
 12. ᠳᠠᠮᠪᠠᠳᠣᠣ ᠶᠢᠨ ᠨᠠᠴᠤᠭᠳᠣᠷᠵᠢ(ᠤᠷᠠᠯᠢᠭ ᠤᠨ ᠵᠢᠳᠬᠦᠯᠲᠡᠨ)
 13. ᠼᠧᠳᠡᠪ ᠦᠨ ᠪᠠᠭᠠᠲᠤᠷᠵᠠᠪ(ᠤᠷᠠᠯᠢᠭ ᠤᠨ ᠵᠢᠳᠬᠦᠯᠲᠡᠨ)
 14. ᠼᠡᠳᠡᠨᠡᠭ ᠦᠨ ᠵᠠᠮᠰᠠᠷᠠᠨ(ᠰᠢᠨᠵᠢᠯᠡᠬᠦ ᠤᠬᠠᠭᠠᠨ)
 15. ᠮᠢᠵᠢᠳ ᠦᠨ ᠶᠦᠩᠳᠦᠩ(ᠤᠷᠠᠯᠢᠭ ᠤᠨ ᠵᠢᠳᠬᠦᠯᠲᠡᠨ)
 16. ᠳᠠᠮᠵᠢᠩ ᠦᠨ ᠨᠢᠮᠠᠬᠦᠦ (ᠪᠠᠭᠰᠢ)
 17. ᠰᠤᠭᠢᠷ ᠤᠨ ᠰᠡᠷᠡᠩᠳᠡᠵᠢᠳ (ᠡᠮᠴᠢ)
 18. ᠬᠠᠶᠢᠷᠭᠤ ᠶᠢᠨ ᠵᠠᠮᠪᠠᠯ (ᠬᠠᠤᠯᠢᠴᠢ)
 19. ᠪᠠᠯᠵᠣᠷ ᠤᠨ ᠬᠡᠨᠡᠮ ᠳᠦ ᠬᠢ (ᠡᠮᠴᠢ)
 20. ᠭᠡᠨᠳᠡᠩ ᠦᠨ ᠠᠮᠤᠭᠤᠯᠠᠩ (ᠡᠮᠴᠢ)
 21. ᠴᠣᠶᠢᠷ᠎ᠠ ᠶᠢᠨ ᠣᠳᠬᠣᠨᠪᠠᠶᠠᠷ (ᠪᠠᠭᠰᠢ)
 22. ᠵᠤᠨᠳᠤᠢ ᠶᠢᠨ ᠠᠯᠲᠠᠨᠭᠡᠷᠡᠯ (ᠰᠤᠶᠤᠯ ᠤᠨ ᠵᠢᠳᠬᠦᠯᠲᠡᠨ)
 23.  ᠴᠤ᠃ᠳᠤᠭᠤᠶᠢᠴᠠᠭᠠᠨ (ᠪᠠᠭᠰᠢ)
 24. ᠭ᠃ᠳᠣᠶ᠋ᠢᠳ (ᠪᠠᠭᠰᠢ)
 25. ᠷᠧᠨᠴᠢᠩ ᠦᠨ ᠡᠩᠬᠡᠲᠠᠶᠢᠪᠤᠩ (ᠮᠠᠯᠴᠢᠨ)
 26. ᠪᠠᠲᠤᠳᠣᠷᠵᠢ ᠶᠢᠨ ᠪᠠᠳᠢᠷᠴᠢ (ᠪᠠᠭᠰᠢ)
 27. ᠰᠡᠷᠡᠩᠬᠦᠦ ᠶᠢᠨ ᠰᠢᠷᠠᠪᠦᠳᠣᠷᠵᠢ (ᠬᠠᠤᠯᠢᠴᠢ)
 28. ᠱ᠃ᠭᠦᠷᠦᠪᠠᠽᠠᠷ (ᠰᠡᠳᠬᠦᠯᠴᠢ), ᠰᠤᠶᠤᠯ ᠤᠨ ᠭᠠᠪᠢᠶᠠᠲᠤ ᠵᠢᠳᠬᠦᠯᠲᠡᠨ
 29. ᠯᠤᠪᠰᠠᠩ ᠤᠨ ᠣᠳᠣᠨᠴᠢᠮᠡᠳ (ᠰᠤᠶᠤᠯ ᠤᠨ ᠵᠢᠳᠬᠦᠯᠲᠡᠨ)
 30. ᠪᠠᠯᠵᠣᠷ ᠤᠨ ᠳᠣᠭᠮᠢᠳ (ᠰᠤᠶᠤᠯ ᠤᠨ ᠵᠢᠳᠬᠦᠯᠲᠡᠨ)
 31. ᠭᠠᠯᠰᠠᠩ ᠤᠨ ᠵᠠᠮᠢᠶᠠᠨ (ᠰᠤᠶᠤᠯ ᠤᠨ ᠵᠢᠳᠬᠦᠯᠲᠡᠨ)
 32. ᠰᠡᠪᠵᠢᠳ ᠦᠨ ᠰᠦᠬᠡᠪᠠᠭᠠᠲᠤᠷ (ᠰᠤᠶᠤᠯ ᠤᠨ ᠵᠢᠳᠬᠦᠯᠲᠡᠨ)

ᠰᠫᠣᠷᠲ ᠤᠨ ᠠᠯᠳᠠᠷᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠥᠯᠵᠡᠶᠢᠪᠠᠶᠠᠷ ᠤᠨ ᠳᠦᠭᠦᠷᠡᠩᠪᠠᠶᠠᠷ᠂ 2014 ᠤᠨ ᠤ ᠵᠢᠦ᠋ᠳᠣ᠋ ᠍ ᠶᠢᠨ ᠵᠠᠯᠠᠭᠤᠴᠤᠳ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ +100 ᠺᠢᠯᠣᠭ᠍ᠷᠠᠮ ᠦᠨ ᠠᠪᠤᠷᠭᠤ᠂ ᠵᠠᠮ ᠤᠨ-ᠡᠭᠦᠳᠡᠰᠤᠮᠤ

ᠳᠡᠳ᠋ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

◦ ᠲᠡᠮᠦᠷ ᠵᠠᠮ ᠤᠨ ᠤᠷᠲᠤ: 531 ᠺᠢᠯᠣᠮᠧᠲ᠋ᠷ ◦ ᠰᠠᠶᠢᠨᠱᠠᠩᠳᠠ-ᠵᠠᠮ ᠤᠨ-ᠡᠭᠦᠳᠡ 232 ᠺᠢᠯᠣᠮᠧᠲ᠋ᠷ ◦ ᠰᠠᠶᠢᠨᠱᠠᠩᠳᠠ-ᠴᠣᠶᠢᠷᠣ᠎ᠠ 189 ᠺᠢᠯᠣᠮᠧᠲ᠋ᠷ ◦ ᠰᠠᠶᠢᠨᠱᠠᠩᠳᠠ-ᠵᠡᠭᠦᠨ ᠪᠠᠶᠠᠨ 50 ᠺᠢᠯᠣᠮᠧᠲ᠋ᠷ ◦ ᠠᠶᠢᠷᠠᠭ-ᠪᠣᠷᠣ-ᠥᠨᠳᠥᠷ 60 ᠺᠢᠯᠣᠮᠧᠲ᠋ᠷ ◦ ᠲᠠᠪᠤᠨᠲᠣᠯᠣᠭᠠᠢ-ᠵᠡᠭᠦᠨ ᠪᠠᠶᠠᠨ-ᠰᠠᠶᠢᠨᠱᠠᠩᠳᠠ-ᠪᠠᠷᠠᠭᠤᠨ-ᠤᠷᠲᠤ-ᠴᠣᠶᠢᠪᠠᠯᠰᠠᠩ 1100 ᠺᠢᠯᠣᠮᠧᠲ᠋ᠷ ᠲᠡᠮᠦᠷ ᠵᠠᠮ ᠪᠠᠷᠢᠭᠳᠠᠬᠤ ᠪᠠᠷ ᠪᠣᠯᠵᠤ᠂ ᠡᠬᠢᠨ ᠦ ᠠᠵᠢᠯ ᠤᠨᠳ ᠨᠢ ᠬᠢᠭᠳᠡᠵᠦ ᠡᠬᠢᠯᠡᠭᠰᠡᠨ᠃

ᠠᠦ᠋ᠲ᠋ᠣ᠋ ᠵᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

2014 ᠤᠨ ᠳᠤ ᠴᠣᠶᠢᠷᠣ᠎ᠠ-ᠰᠠᠶᠢᠨᠱᠠᠩᠳᠠ-ᠵᠠᠮ ᠤᠨ-ᠡᠭᠦᠳᠡ ᠶᠢᠨ 432 ᠺᠢᠯᠣᠮᠧᠲ᠋ᠷ ᠤᠷᠲᠤ ᠰᠠᠶᠢᠨ ᠴᠢᠨᠠᠷ ᠤᠨ ᠬᠠᠲᠠᠭᠤ ᠬᠤᠴᠢᠯᠲᠠ ᠲᠠᠢ ᠵᠠᠮ ᠠᠰᠢᠭᠯᠠᠯᠲᠠᠨ ᠳᠤ ᠣᠷᠣᠭᠰᠠᠨ᠃ ᠰᠠᠶᠢᠨᠱᠠᠩᠳᠠ-ᠵᠡᠭᠦᠨ ᠪᠠᠶᠠᠨ-ᠬᠥᠪᠰᠥᠭᠥᠯ-ᠬᠠᠩᠭᠢ ᠮᠠᠨᠳᠤᠯ ᠤᠨ ᠪᠣᠭᠣᠮᠲᠠ ᠶᠢᠨ 260 ᠺᠢᠯᠣᠮᠧᠲ᠋ᠷ ᠬᠠᠲᠠᠭᠤ ᠬᠤᠴᠢᠯᠲᠠ ᠲᠠᠢ ᠠᠦ᠋ᠲ᠋ᠣ᠋ ᠵᠠᠮ ᠤᠨ ᠵᠢᠷᠤᠭ᠂ ᠲᠥᠰᠥᠪ ᠬᠢᠭᠳᠡᠭᠡᠳ ᠪᠠᠶᠢᠨ᠎ᠠ᠃

ᠠᠭᠠᠷ ᠤᠨ ᠵᠠᠮ[ᠵᠠᠰᠠᠪᠤᠷᠢᠯᠠᠬᠤ | ᠺᠣᠳ᠋ ᠢᠶᠠᠷ ᠵᠠᠰᠠᠬᠣ]

◦ ᠤᠯᠠᠭᠠᠨᠪᠠᠭᠠᠲᠤᠷ-ᠪᠡᠭᠡᠵᠢᠩ ᠴᠢᠭᠯᠡᠯ ᠳᠠᠭᠠᠷᠢᠨ ᠥᠩᠭᠡᠷᠡᠳᠡᠭ᠃ ◦ ᠣᠯᠠᠨ ᠤᠯᠤᠰ ᠤᠨ ᠣᠩᠭᠣᠴᠠ ᠪᠠᠭᠤᠬᠤ ᠪᠣᠯᠤᠮᠵᠢ ᠲᠠᠢ ᠨᠥᠭᠡᠴᠡ ᠠᠶᠢᠷᠣᠳᠣᠷᠤᠮ ᠲᠠᠢ᠃

ᠴᠠᠬᠢᠯᠭᠠᠨ ᠬᠠᠩᠭᠠᠮᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

◦ ᠪᠠᠭᠠᠨᠠᠭᠤᠷ-ᠰᠠᠶᠢᠨᠱᠠᠩᠳᠠ 220 ᠺᠦᠸᠠᠳ᠋ ◦ ᠰᠠᠶᠢᠨᠱᠠᠩᠳᠠ-ᠵᠠᠮ ᠤᠨ-ᠡᠭᠦᠳᠡ 110 ᠺᠦᠸᠠᠳ᠋ ◦ ᠰᠠᠶᠢᠨᠱᠠᠩᠳᠠ-ᠵᠡᠭᠦᠨ ᠪᠠᠶᠠᠨ 35 ᠺᠦᠸᠠᠳ᠋

ᠲᠣᠮᠣᠬᠠᠨ ᠣᠷᠳᠣ[ᠵᠠᠰᠠᠪᠤᠷᠢᠯᠠᠬᠤ | ᠺᠣᠳ᠋ ᠢᠶᠠᠷ ᠵᠠᠰᠠᠬᠣ]

- ᠤᠯᠠᠭᠠᠨᠪᠠᠳᠠᠷᠠᠬᠤ ᠰᠤᠮᠤ ᠶᠢᠨ ᠳᠤᠯᠠᠭᠠᠨ ᠠᠭᠤᠯᠠ ᠶᠢᠨ ᠦᠷᠠᠨ ᠤ ᠣᠷᠳᠣ᠂ ᠹᠷᠠᠨᠼᠢ ᠶᠢᠨ "ᠠᠷᠤeᠸᠣ" ᠭᠷᠦᠶᠢᠫ - ᠮᠠᠨᠳᠤᠬᠤ ᠰᠤᠮᠤ ᠶᠢᠨ ᠴᠠᠭᠠᠨ ᠰᠤᠪᠤᠷᠭ᠎ᠠ ᠶᠢᠨ ᠵᠡᠰ ᠮᠣᠯᠢᠪᠳᠧᠨ ᠤ ᠣᠷᠳᠣ᠂ "ᠮᠣᠩᠭᠣᠯ ᠠᠯᠲᠠ ᠺᠣᠷᠫᠣᠷᠠᠼᠢ" ХХК - ᠬᠠᠲᠠᠨᠪᠤᠯᠠᠭ ᠰᠤᠮᠤ ᠶᠢᠨ ᠡᠯᠡᠰᠦᠲᠡᠢ ᠶᠢᠨ ᠲᠡᠮᠦᠷ ᠦᠨ ᠬᠥᠳᠡᠷ ᠦᠨ ᠣᠷᠳᠣ᠂ 《ᠮᠣᠨ-ᠯᠠ》 ХХК - ᠳᠠᠯᠠᠨᠵᠢᠷᠭᠠᠯᠠᠩ ᠰᠤᠮᠤ ᠶᠢᠨ ᠡᠯᠳᠡᠪ ᠦᠨ ᠨᠡᠭᠦᠷᠡᠰᠦᠨ ᠦ ᠣᠷᠳᠣ᠂ "ᠮᠣᠩᠭᠣᠯ ᠠᠯᠲᠠ ᠺᠣᠷᠫᠣᠷᠠᠼᠢ" ХХК - ᠥᠷᠭᠡᠨ ᠰᠤᠮᠤ ᠶᠢᠨ ᠱᠣᠬᠣᠢ ᠴᠢᠯᠠᠭᠤ᠂ ᠴᠧᠣᠯᠢᠲ ᠤᠨ ᠣᠷᠳᠣ᠂ ᠼᠧᠮᠧᠨᠲ ᠦᠨ ᠦᠢᠯᠡᠳᠪᠦᠷᠢ 《ᠰᠡᠨᠵᠢ ᠰᠠᠩ ᠳᠤ》 ХХК

ᠵᠣᠩᠰᠢ - ᠮᠣᠩᠷᠣᠴᠸᠧᠲ᠋ᠮᠧᠲ᠋ ᠨᠢᠭᠡᠳᠦᠯ ᠦᠨ ᠤᠤᠯ ᠤᠨ ᠦᠢᠯᠡᠳᠪᠦᠷᠢ ᠥᠷᠭᠡᠨ᠂ ᠠᠶᠢᠷᠠᠭ᠂ ᠳᠠᠯᠠᠨᠵᠢᠷᠭᠠᠯᠠᠩ ᠰᠤᠮᠤᠨ ᠳᠤ ᠠᠵᠢᠯᠯᠠᠵᠤ ᠮᠣᠩᠭᠣᠯ ᠤᠯᠤᠰ ᠤᠨ ᠵᠣᠩᠰᠢᠨ ᠤ 30 ᠬᠤᠪᠢ ᠶᠢ ᠦᠢᠯᠡᠳᠪᠦᠷᠢᠯᠡᠵᠦ ᠪᠠᠶᠢᠨ᠎ᠠ᠃ - ᠳᠠᠯᠠᠨᠵᠢᠷᠭᠠᠯᠠᠩ ᠰᠤᠮᠤᠨ ᠳᠤ 《ᠺ ᠡᠴᠢᠯᠪᠢᠨ ᠢᠨᠸᠧᠰᠲ》 ХХК 98 ᠬᠦᠷᠲᠡᠯ᠎ᠡ ᠬᠤᠪᠢ ᠤᠨ ᠠᠭᠤᠯᠭ᠎ᠠ ᠲᠠᠢ ᠵᠣᠩᠰᠢ ᠪᠠᠶᠠᠵᠢᠭᠤᠯᠠᠨ ᠠᠮᠧᠷᠢᠺᠠ᠂ ᠶᠠᠫᠣᠨ ᠤᠯᠤᠰ ᠲᠤ ᠡᠺᠰᠫᠣᠷᠲᠯᠠᠳᠠᠭ᠃ - ᠠᠶᠢᠷᠠᠭ ᠰᠤᠮᠤᠨ ᠳᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠬᠥᠷᠥᠩᠭᠡ ᠣᠷᠣᠭᠤᠯᠤᠯᠲᠠ ᠲᠠᠢ 《ᠶᠠᠩ ᠲᠠᠢ ᠠᠭᠤᠯᠠ》 ХХК ᠵᠣᠩᠰᠢ ᠪᠠᠶᠠᠵᠢᠭᠤᠯᠠᠨ ᠡᠺᠰᠫᠣᠷᠲᠯᠠᠵᠤ ᠪᠠᠶᠢᠨ᠎ᠠ᠃ - ᠡᠷᠳᠡᠨᠢ ᠰᠤᠮᠤᠨ ᠳᠤ 《ᠺᠣᠮᠮᠣᠳ》 ХХК ᠵᠣᠩᠰᠢᠨ ᠤ ᠬᠠᠶᠢᠭᠤᠯ᠂ ᠣᠯᠵᠠᠪᠤᠷᠢᠯᠠᠯᠲᠠ ᠬᠢᠵᠦ ᠪᠠᠶᠢᠨ᠎ᠠ᠃

ᠴᠢᠯᠠᠭᠣᠨ ᠲᠣᠰᠣ 1. 《ᠳᠣᠩᠱᠧᠨ ᠴᠢᠯᠠᠭᠣᠨ ᠲᠣᠰᠣ /ᠮᠣᠩᠭᠣᠯ/》 ХХК 97 ᠍ ᠳᠦᠭᠡᠷ ᠲᠠᠯᠠᠪᠠᠢ 2. 《Golden sea petrolium" ХХК ᠲᠠᠷᠢᠶᠠᠴᠢ XV 3. 《DWM" ХХК, 《ᠮᠠᠨᠠᠰ ᠭᠣᠪᠢ》 ХХК ᠴᠠᠭᠠᠨ ᠡᠯᠡᠰᠦ XIII, ᠵᠡᠭᠦᠨ ᠪᠠᠶᠠᠨ XIV 4. "ᠰᠢᠩᠬᠤᠯᠠᠢ ᠡᠨᠧᠺᠵᠢ" ХХК ᠰᠤᠯᠠᠩ ᠬᠡᠭᠡᠷ XXIII 5. "ᠰᠠᠨᠰᠠᠷ ᠤᠨ ᠭᠧᠣᠯᠣᠭᠢ ᠬᠠᠶᠢᠭᠤᠯ" ХХК ᠲᠥᠬᠥᠮ ᠬᠣᠶᠢᠳᠤ ᠬ 6. 《ᠵᠣᠨ ᠬᠡᠨ ᠤᠤ ᠲᠢᠨ》 ХХК ᠭᠠᠯᠪᠠ XI

《ᠳᠣᠩᠱᠧᠨ ᠮᠣᠩᠭᠣᠯ》 ХХК ᠨᠢ ᠵᠡᠭᠦᠨ ᠪᠠᠶᠠᠨ ᠳᠤ 2003 ᠤᠨ ᠠᠴᠠ ᠭᠠᠵᠠᠷ ᠤᠨ ᠲᠣᠰᠤᠨ ᠤ ᠬᠠᠶᠢᠭᠤᠯ ᠶᠠᠪᠤᠭᠤᠯᠵᠤ ᠪᠠᠶᠢᠨ᠎ᠠ᠃ ᠪᠦᠲᠦᠭᠡᠭᠳᠡᠬᠦᠨ ᠬᠤᠪᠢᠶᠠᠬᠤ ᠭᠡᠷᠢᠶᠡᠨ ᠳᠦ ᠵᠢᠭᠠᠭᠳᠠᠭᠰᠠᠨ ᠬᠠᠶᠢᠭᠤᠯ ᠤᠨ 5314 ᠺᠢᠯᠣᠸᠣᠯᠲ᠋ ᠲᠠᠯᠠᠪᠠᠢ ᠳᠤ ᠵᠢᠯ ᠳᠤ 600 ᠮᠢᠩᠭ᠎ᠠ ᠣᠷᠴᠢᠮ ᠪᠠᠷᠷᠧᠯ ᠲᠦᠭᠦᠬᠡᠢ ᠨᠧᠹᠲ ᠣᠯᠪᠤᠷᠢᠯᠠᠵᠤ᠂ ᠡᠺᠫᠣᠷᠲᠯᠠᠵᠤ ᠪᠠᠶᠢᠨ᠎ᠠ᠃ ᠪᠦᠲᠦᠭᠡᠭᠳᠡᠬᠦᠨ ᠬᠤᠪᠢᠶᠠᠬᠤ ᠭᠡᠷ᠎ᠡ ᠶᠢᠨ ᠨᠥᠬᠥᠴᠡᠯ ᠶᠣᠰᠣᠭᠠᠷ ᠡᠷᠢᠯ ᠬᠠᠶᠢᠭᠤᠯ ᠤᠨ ᠦᠶ᠎ᠡ ᠱᠠᠲᠤ 2010 ᠤᠨ ᠳᠤ ᠳᠠᠭᠤᠰᠬᠤ ᠪᠥᠭᠡᠳ ᠡᠭᠦᠨ ᠡᠴᠡ ᠬᠣᠶᠢᠰᠢ ᠣᠯᠪᠤᠷᠢᠯᠠᠯᠲᠠ ᠶᠢᠨ ᠦᠢᠯᠡ ᠠᠵᠢᠯᠯᠠᠭ᠎ᠠ ᠶᠢ ᠡᠬᠢᠯᠡᠭᠦᠯᠬᠦ ᠪᠡᠷ ᠲᠥᠯᠥᠪᠯᠡᠭᠳᠡᠭᠰᠡᠨ᠃

ᠬᠥᠭᠵᠢᠯ ᠦᠨ ᠲᠤᠯᠭᠠᠭᠤᠷᠢ ᠰᠠᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1. ᠠᠰᠢᠭᠲᠤ ᠮᠠᠯᠲᠠᠮᠠᠯ - ᠴᠢᠯᠠᠭᠣᠨ ᠲᠣᠰᠣ - ᠵᠡᠰ ᠮᠣᠯᠢᠪᠳᠧᠨ - ᠵᠣᠩᠰᠢ - ᠨᠡᠭᠦᠷᠡᠰᠦ - ᠦᠷᠠᠨ - ᠪᠤᠰᠤᠳ

2. ᠪᠣᠯᠪᠠᠰᠤᠷᠠᠭᠤᠯᠬᠤ ᠦᠢᠯᠡᠳᠪᠦᠷᠢ - ᠨᠧᠹᠲ ᠬᠢᠮᠢ - ᠺᠣᠺᠰ ᠬᠡᠢ - ᠵᠡᠰ - ᠲᠡᠮᠦᠷ

3. ᠬᠦᠮᠦᠨ ᠦ ᠬᠥᠭᠵᠢᠯ - ᠲᠧᠭᠨᠢᠭ᠂ ᠲᠧᠭᠨᠣᠯᠣᠭᠢ ᠶᠢᠨ ᠶᠡᠬᠡ ᠰᠤᠷᠭᠠᠭᠤᠯᠢ ᠪᠠᠶᠢᠭᠤᠯᠬᠤ - ᠮᠡᠷᠭᠡᠵᠢᠯ ᠲᠡᠢ ᠠᠵᠢᠯᠴᠢᠨ ᠪᠡᠯᠡᠳᠬᠡᠬᠦ ᠰᠤᠷᠭᠠᠭᠤᠯᠢ ᠶᠢ ᠦᠷᠭᠡᠳᠭᠡᠬᠦ - ᠵᠠᠮ ᠪᠠᠷᠢᠯᠭ᠎ᠠ᠂ ᠲᠧᠭᠨᠢᠭ ᠦᠨ ᠴᠢᠭᠯᠡᠯ ᠢᠶᠡᠷ ᠲᠦᠷᠭᠡᠪᠴᠢᠯᠡᠭᠰᠡᠨ ᠰᠤᠷᠭᠠᠯᠲᠠ ᠵᠣᠬᠢᠶᠠᠨ ᠪᠠᠶᠢᠭᠤᠯᠬᠤ - ᠠᠨᠠᠭᠠᠬᠤ ᠤᠬᠠᠭᠠᠨ ᠤ ᠺᠣᠯᠯᠧᠵᠢ ᠶᠢᠨ ᠰᠲ᠋ᠠᠲ᠋ᠦ᠋ᠰ ᠢ ᠳᠡᠭᠡᠭᠰᠢᠯᠡᠭᠦᠯᠬᠦ

4. ᠬᠥᠳᠡᠭᠡ ᠠᠵᠤ ᠠᠬᠤᠢ - ᠮᠠᠯ ᠠᠵᠤ ᠠᠬᠤᠢ - ᠭᠠᠵᠠᠷ ᠲᠠᠷᠢᠶᠠᠯᠠᠩ

5. ᠠᠶᠠᠯᠠᠯ ᠵᠢᠭᠤᠯᠴᠢᠯᠠᠯ - ᠲᠤᠷ᠎ᠠ ᠣᠫᠧᠷᠠᠲ᠋ᠣᠷ᠂ ᠵᠢᠭᠤᠯᠴᠢᠨ ᠤ ᠪᠠᠭᠠᠵᠢ - ᠠᠶᠠᠯᠠᠯ ᠵᠢᠭᠤᠯᠴᠢᠯᠠᠯ ᠤᠨ ᠦᠢᠯᠡᠴᠢᠯᠡᠭᠡᠨ ᠦ ᠰᠢᠨ᠎ᠡ ᠪᠦᠲᠦᠭᠡᠭᠳᠡᠬᠦᠨ - ᠪᠡᠯᠡᠭ ᠳᠤᠷᠠᠰᠬᠠᠯ /ᠵᠢᠵᠢᠭ ᠳᠤᠮᠳᠠ ᠦᠢᠯᠡᠳᠪᠦᠷᠢ/

ᠰᠤᠮᠤ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠳᠣᠷᠣᠨᠠᠭᠣᠪᠢ ᠠᠶᠢᠮᠠᠭ ᠤᠨ ᠵᠢᠷᠤᠭ»

ᠪᠢᠴᠢᠭᠡᠰᠦ