ᠳᠣᠯᠭᠠᠨ ᠶᠠᠰᠤᠲᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠣᠯᠭᠠᠨ ᠤᠭᠰᠠᠭᠠᠲᠠᠨ
Dolgan wh reeinder.jpg
ᠴᠠ ᠪᠤᠭᠤ ᠶᠢᠨ ᠠᠵᠤ ᠠᠬᠤᠢ ᠳᠤ (ᠴᠠᠲᠠᠨ) ᠳᠣᠯᠭᠠᠨ ᠡᠷ᠎ᠡ
(20 ᠍ ᠳᠦᠭᠡᠷ ᠵᠠᠭᠤᠨ ᠤ ᠡᠬᠢᠨ ᠦᠶ᠎ᠡ ᠶᠢᠨ ᠵᠢᠷᠤᠭ)
ᠪᠦᠭᠦᠳᠡ ᠲᠣᠭ᠎ᠠ
8 ᠮᠢᠩᠭ᠎ᠠ ᠭᠠᠷᠤᠨ
ᠲᠥᠪᠯᠡᠷᠡᠭᠰᠡᠨ ᠭᠠᠵᠠᠷ ᠣᠷᠣᠨ
Flag of Russia.svg ᠣᠷᠣᠰ 7,885 [1]
ᠲᠡᠭᠦᠨ ᠳᠣᠲᠣᠷ᠎ᠠ ᠺᠷᠠᠰᠠᠨ ᠠᠢᠷ ᠤᠨ ᠬᠢᠵᠠᠭᠠᠷ 5,805
ᠲᠡᠭᠦᠨ ᠳᠣᠲᠣᠷ᠎ᠠ ᠰᠠᠬᠠ 1,272
ᠬᠡᠯᠡ ᠠᠶᠠᠯᠭᠤ

ᠳᠣᠯᠭᠠᠨ ᠬᠡᠯᠡ᠂ ᠣᠷᠣᠰ ᠬᠡᠯᠡ

ᠱᠠᠰᠢᠨ ᠰᠢᠲᠦᠯᠭᠡ

ᠦᠨᠡᠨ ᠠᠯᠳᠠᠷᠲᠠᠨ ᠤ ᠱᠠᠰᠢᠨᠪᠥᠭᠡ ᠮᠥᠷᠭᠥᠯ

ᠲᠥᠷᠥᠯ ᠠᠷᠠᠳ ᠲᠦᠮᠡᠨ

ᠰᠠᠬᠠ (ᠶᠠᠺ ᠲᠤ)

ᠳᠣᠯᠭᠠᠨ (ᠥᠪᠡᠷᠰᠡᠳ ᠦᠨ ᠨᠡᠷᠡᠶᠢᠳᠦᠯᠭᠡ ᠨᠢ ᠳᠣᠯᠭᠠᠨ᠂ ᠲ ᠤᠠ ᠺᠢᠭᠢ᠂ ᠰᠠᠬᠠ)[2][3] — ᠣᠯᠠᠩᠬᠢ ᠨᠢ ᠣᠷᠣᠰ ᠬᠣᠯᠪᠣᠭᠠᠨ ᠤ ᠤᠯᠤᠰ ᠍ ᠤᠨ ᠺᠷᠠᠰᠠᠨ ᠠᠢᠷ ᠤᠨ ᠬᠢᠵᠠᠭᠠᠷ ᠤᠨ ᠤᠮᠠᠷᠠᠳᠤ ᠳᠠᠯᠠᠢ ᠲᠠᠢ ᠵᠠᠯᠭᠠᠳᠠᠭ ᠲᠠᠶᠢᠮ ᠤᠷ ᠷᠠᠶᠣᠨ ᠳᠤ ᠠᠵᠤ ᠲᠥᠷᠥᠨ ᠰᠠᠭᠤᠳᠠᠭ ᠢᠵᠠᠭᠤᠷ ᠠᠴᠠ ᠪᠠᠨ ᠲᠦᠷᠦᠭ ᠪᠦᠯᠦᠭ ᠦᠨ ᠳᠣᠯᠭᠠᠨ ᠬᠡᠯᠡ ᠪᠡᠷ ᠶᠠᠷᠢᠯᠴᠠᠳᠠᠭ ᠴᠥᠭᠡᠨ ᠲᠣᠭᠠᠲᠤ ᠤᠭᠰᠠᠭᠠᠲᠠᠨ ᠤ ᠨᠡᠶᠢᠲᠡᠯᠢᠭ.

ᠳᠣᠯᠭᠠᠨ ᠬᠡᠯᠡ ᠰᠠᠬᠠ ᠬᠡᠯᠡ («ᠵᠠᠬ᠎ᠠ ᠬᠡᠯᠡ»; ᠪᠤᠷ᠃ «ᠵᠠᠬᠠ ᠬᠡᠯᠡᠨ»; ᠪᠠᠰᠠ ᠶᠠᠺ ᠲᠤ ᠬᠡᠯᠡ ᠭᠡᠵᠦ ᠮᠡᠳᠡᠳᠡᠭ) ᠍ ᠲᠡᠢ ᠲᠥᠰᠲᠡᠢ ᠶᠢᠨ ᠤᠴᠢᠷ ᠵᠠᠷᠢᠮ ᠳᠤ ᠪᠠᠨ ᠲᠤᠰ ᠬᠡᠯᠡᠨ ᠦ ᠠᠶᠠᠯᠭᠤ ᠭᠡᠵᠦ ᠲᠣᠳᠣᠷᠬᠠᠶᠢᠯᠠᠳᠠᠭ᠃ ᠳᠣᠯᠭᠠᠨ ᠤ ᠭᠠᠷᠤᠯ ᠢ ᠤᠭ ᠠᠴᠠ ᠲᠤᠰ ᠲᠤ ᠪᠠᠨ ᠪᠠᠶᠢᠭᠰᠠᠨ ᠡᠰᠡᠪᠡᠯ ᠰᠠᠬ᠎ᠠ ᠶᠢᠨ ᠬᠣᠶᠢᠳᠤ ᠲᠠᠰᠤᠷᠬᠠᠢ ᠭᠡᠵᠦ ᠬᠣᠶᠠᠷ ᠶᠠᠩᠵᠤ ᠪᠠᠷ ᠲᠠᠭᠠᠮᠠᠭᠯᠠᠳᠠᠭ᠃

ᠵᠥᠪᠯᠡᠯᠲᠦ ᠶᠢᠨ ᠬᠦᠮᠦᠨ ᠠᠮᠠ ᠶᠢᠨ 1926 ᠣᠨ ᠤ ᠲᠣᠭᠠᠯᠠᠯᠭ᠎ᠠ ᠪᠠᠷ 656 ᠳᠣᠯᠭᠠᠨ ᠬᠦᠮᠦᠨ ᠪᠠᠶᠢᠭᠰᠠᠨ ᠪᠣᠯ 2010 ᠣᠨ ᠳᠤ ᠣᠷᠣᠰ ᠤᠨ ᠢᠷᠭᠡᠨ 7,885 ᠬᠦᠮᠦᠨ ᠥᠪᠡᠷ ᠢ ᠪᠡᠨ ᠳᠣᠯᠭᠠᠨ ᠭᠡᠵᠦ ᠮᠡᠳᠡᠭᠦᠯᠵᠡᠢ᠃[4] 2002 ᠣᠨ ᠤ ᠲᠣᠭᠠᠯᠠᠯᠭ᠎ᠠ ᠪᠠᠷ ᠪᠣᠯ ᠺᠷᠠᠰᠠᠨ ᠠᠢᠷ ᠤᠨ ᠬᠢᠵᠠᠭᠠᠷ ᠲᠤ 5805, ᠲᠡᠭᠦᠨ ᠳᠣᠲᠣᠷ᠎ᠠ ᠪᠠᠨ ᠲᠠᠶᠢᠮ ᠤᠷ ᠷᠠᠶᠣᠨ ᠳᠤ 5517 ᠬᠦᠮᠦᠨ ᠨᠢ ᠰᠠᠭᠤᠷᠢᠰᠢᠵᠤ ᠪᠠᠶᠢᠨ᠎ᠠ᠃ ᠤᠷᠢᠳᠤ ᠨᠢ ᠲᠡᠳᠡ ᠴᠠᠲᠠᠨ᠂ ᠭᠥᠷᠥᠭᠡᠴᠢᠨ᠂ ᠪᠥᠭᠡ ᠮᠥᠷᠭᠥᠯᠲᠡᠢ ᠪᠠᠶᠢᠭᠰᠠᠨ ᠪᠣᠯ ᠣᠳᠣ ᠦᠨᠳᠦᠰᠦᠨ ᠳᠦ ᠪᠡᠨ ᠰᠠᠭᠤᠷᠢᠨ ᠵᠢᠭᠠᠰᠤᠴᠢᠨ᠂ ᠴᠠᠭᠠᠨ ᠢᠳᠡᠭᠡ ᠪᠣᠯᠪᠠᠰᠤᠷᠠᠭᠤᠯᠳᠠᠭ ᠠᠵᠢᠯ ᠲᠠᠢ᠂ ᠣᠷᠣᠰ ᠬᠡᠯᠡᠡᠭᠡᠷᠡ ᠶᠠᠷᠢᠯᠴᠠᠳᠠᠭ᠂ ᠦᠨᠡᠨ ᠠᠯᠳᠠᠷᠲᠠᠨ ᠤ ᠱᠠᠰᠢᠨᠲᠠᠨ ᠪᠣᠯᠤᠭᠰᠠᠨ ᠪᠠᠶᠢᠳᠠᠭ᠃

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 2010 ᠣᠨ ᠤ ᠬᠦᠮᠦᠨ ᠠᠮᠠ ᠶᠢᠨ ᠲᠣᠭᠠᠯᠠᠯᠭ᠎ᠠ ᠶᠢᠨ ᠳᠦᠩ: ᠣᠷᠣᠰ ᠬᠣᠯᠪᠣᠭᠠᠨ ᠤ ᠤᠯᠤᠰ ᠤᠨ ᠤᠭᠰᠠᠭᠠᠲᠠᠨ ᠤ ᠪᠦᠲᠦᠴᠡ (ᠣᠷᠣᠰ ᠬᠡᠯᠡ ᠪᠡᠷ)
  2. ᠢᠨᠲ᠋ᠧᠷᠨᠡᠲ ᠲᠦ ᠣᠷᠣᠰ᠂ ᠰᠠᠬ᠎ᠠ ᠪᠠᠷ ᠪᠢᠴᠢᠭᠳᠡᠭᠰᠡᠨ ᠴᠢᠯᠦᠭᠡᠲᠦ ᠡᠬᠡ ᠡᠭᠦᠰᠪᠦᠷᠢ ᠨᠦᠭᠦᠳ ᠡᠴᠡ ᠦᠵᠡᠪᠡᠯ ᠣᠷᠣᠰ ᠢᠶᠠᠷ "ᠳᠣᠯᠭᠠᠨ" ᠭᠡᠳᠡᠭ ᠢ ᠲᠡᠳᠡ ᠥᠪᠡᠷᠰᠡᠳ ᠢᠶᠡᠨ "ᠳᠣᠯᠭᠠᠨ", "ᠳᠤᠯᠭᠠᠨ" ᠭᠡᠵᠦ ᠪᠢᠴᠢᠭᠳᠡᠬᠦ ᠪᠡᠷ ᠬᠡᠯᠡᠳᠡᠭ ᠪᠠᠶᠢᠵᠤ ᠮᠠᠭᠠᠳ ᠦᠭᠡᠢ᠃ ᠪᠠᠰᠠ ᠰᠠᠬᠠ (ᠮᠣᠩ ᠢ᠃ «ᠵᠠᠬ ᠠ»; ᠪᠤᠷ᠃ «ᠵᠠᠬᠠ»; ᠶᠠᠺ ᠲᠤ ᠭᠡᠵᠦ ᠪᠠᠰᠠ ᠬᠡᠯᠡᠳᠡᠭ) ᠤᠭᠰᠠᠭᠠᠲᠠᠨ ᠲᠠᠢ ᠬᠠᠮᠢᠶᠠᠷᠳᠠᠭ ᠲᠠᠯ᠎ᠠ ᠠᠴᠠ ᠨᠢ "ᠰᠠᠬᠠ" ᠭᠡᠬᠦ ᠨᠢ ᠪᠠᠶᠢᠳᠠᠭ ᠪᠣᠯᠤᠯᠲᠠᠢ᠃
  3. ᠮᠣᠩᠭᠣᠯ ᠢᠶᠠᠷ ᠣᠯᠠᠨ ᠲᠣᠭᠠᠨ ᠳᠤ ᠲᠡᠳᠡᠨ ᠢ ᠨᠡᠷᠡᠯᠡᠵᠦ᠂ ᠪᠢᠴᠢᠭᠰᠡᠨ ᠨᠢ ᠦᠵᠡᠭᠳᠡᠭᠡ ᠦᠭᠡᠢ ᠲᠤᠯᠠ ᠲᠣᠳᠣᠷᠬᠠᠢ ᠪᠠᠷᠢᠮᠲᠠ ᠪᠠᠷ ᠨᠢᠭᠡ ᠮᠥᠷ ᠪᠣᠯᠭᠠᠵᠤ ᠪᠢᠴᠢᠬᠦ ᠬᠦᠷᠲᠡᠯ᠎ᠡ ᠣᠯᠠᠨ ᠲᠣᠭᠠᠨ ᠤ ᠳᠣᠯᠭᠠᠩᠴᠢ ᠨᠤᠭᠤᠳ᠂ ᠳᠣᠯᠭᠠᠨ ᠨᠤᠭᠤᠳ᠂ ᠳᠣᠯᠭ᠎ᠠ ᠳᠤ᠂ ᠳᠣᠯᠭᠠᠨ ᠨᠠᠷ, ᠳᠣᠯᠭᠠᠰ ᠵᠡᠷᠭᠡ ᠬᠡᠯᠪᠡᠷᠢ ᠶᠢᠨ ᠠᠯᠢ ᠨᠢᠭᠡ ᠪᠡᠷ ᠪᠢᠴᠢᠬᠦ ᠡᠴᠡ ᠲᠦᠷᠢ ᠲᠠᠲᠠᠭᠠᠯᠵᠠᠵᠤ ᠪᠠᠶᠢᠨ᠎ᠠ᠃
  4. ᠸᠰᠧᠰᠣᠶᠵᠠᠨᠠᠶ᠎ᠠ ᠫᠧᠷᠧᠫᠢᠰᠢ ᠨᠠᠰᠧᠯᠧᠨᠢᠶ᠎ᠠ 1926 ᠭᠣᠳᠠ᠃ᠨᠠᠼᠢᠣᠨᠠᠯᠢᠨᠢ ᠰᠣᠰᠲ᠋ᠠᠪ ᠨᠠᠰᠧᠯᠧᠨᠢᠶ᠎ᠠ ᠫᠣ ᠷᠧᠰᠫᠦᠪᠯᠢᠺᠠᠮ

ᠪᠢᠴᠢᠭᠡᠰᠦ