ᠳᠣᠭᠣᠯᠠᠩ ᠲᠡᠮᠦᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠲᠡᠮᠦᠷ
ᠲᠡᠮᠦᠷ ᠦᠨ ᠡᠵᠡᠨᠳᠦ ᠭᠦᠷᠦᠨ ᠦ ᠡᠮᠢᠷ
Timur reconstruction04.jpg
ᠮᠬᠤᠢᠯ ᠭᠧᠷᠰᠢᠮᠣᠸ ᠍ ᠤᠨ ᠦᠢᠯᠡᠳᠦᠭᠰᠡᠨ᠂ ᠲᠡᠮᠦᠷ ᠦᠨ ᠴᠢᠷᠠᠢ ᠶᠢ ᠭᠠᠪᠠᠯᠠ ᠶᠢᠨ ᠶᠠᠰᠤᠨ ᠠᠴᠠ ᠰᠡᠷᠭᠦᠭᠡᠭᠰᠡᠨ ᠳᠦᠷᠰᠦ (1941)
ᠬᠠᠭᠠᠨᠴᠢᠯᠠᠯ 1370-1405
ᠬᠠᠭᠠᠨ ᠰᠠᠭᠤᠭᠰᠠᠨ 1370, ᠪᠠᠯᠬ᠎ᠠ
ᠲᠦᠷᠦᠭᠰᠡᠨ ᠣᠩᠨᠠᠭ᠎ᠠ 1336 ᠣᠨ ᠤ 4 ᠰᠠᠷ᠎ᠠ ᠶᠢᠨ 8 (1336-04-08)
ᠲᠦᠷᠦᠭᠰᠡᠨ ᠭᠠᠵᠠᠷ ᠱᠠᠾᠷᠢᠰᠠᠪᠽᠦᠽᠪᠧᠺᠢᠰᠲᠠᠨ
ᠥᠩᠭᠡᠷᠡᠭᠰᠡᠨ ᠣᠩᠨᠠᠭ᠎ᠠ 1405 ᠣᠨ ᠤ 1 ᠰᠠᠷ᠎ᠠ ᠶᠢᠨ 19 (68 ᠨᠠᠰᠤᠯᠠᠭᠰᠠᠨ)
ᠥᠩᠭᠡᠷᠡᠭᠰᠡᠨ ᠭᠠᠵᠠᠷ ᠣᠲᠷᠠᠷᠰ ᠤᠷᠲᠠᠷᠢᠶ᠎ᠠ
ᠣᠷᠣᠰᠢᠭᠤᠯᠤᠭᠰᠠᠨ ᠭᠦᠷᠦ ᠪᠡᠨ ᠠᠮᠢᠷᠰᠠᠮᠠᠷᠺᠠᠨᠳ
ᠡᠮᠦᠨᠡᠬᠢ ᠬᠠᠭᠠᠨ ᠡᠮᠢᠷ ᠬᠤᠰᠠᠶᠢᠨ
ᠤᠳᠠᠭᠠᠬᠢ ᠬᠠᠭᠠᠨ ᠬᠠᠯᠢᠯ ᠰᠤᠯᠲᠠᠨ
ᠬᠠᠭᠠᠨ ᠤ ᠣᠪᠤᠭ ᠪᠠᠷᠤᠯᠠᠰ
ᠡᠴᠢᠭᠡ ᠮᠤᠬᠠᠮ ᠳᠤ ᠲᠠᠷᠠᠭᠠᠢ
ᠡᠬᠡ ᠲᠡᠺᠢᠨᠠ ᠮᠣᠬᠪᠧᠭᠢᠮ

ᠲᠡᠮᠦᠷ ᠮᠥᠨ ᠳᠣᠭᠣᠯᠠᠩ ᠲᠡᠮᠦᠷ (ᠫᠧᠷᠰ: تيمور لنگ ) ᠨᠢ ᠪᠣᠯ ᠮᠣᠩᠭᠣᠯ ᠍ ᠤᠨ ᠪᠠᠷᠤᠯᠠᠰ ᠣᠪᠤᠭ ᠤᠨ ᠬᠦᠮᠦᠨ ᠶᠤᠮ᠃ ᠲᠡᠷᠡᠪᠡᠷ ᠮᠠᠸᠠᠷᠠᠨᠨᠠᠾ ᠳᠤ ᠥᠪᠡᠷ ᠦᠨ ᠤᠯᠤᠰ ᠢ ᠪᠠᠶᠢᠭᠤᠯᠵᠤ᠂ ᠦᠭᠡᠳᠡᠢ ᠬᠠᠭᠠᠨ  ᠤ ᠤᠭᠰᠠᠭᠠᠨ ᠤ ᠰᠦ᠋ᠷᠢᠭᠠᠲ᠋ᠮᠢᠱ ᠂ ᠮᠠᠾᠮᠤᠳ᠋ ᠨᠠᠷ ᠢ ᠬᠠᠭᠠᠨ ᠢᠶᠠᠷ ᠨᠢ ᠡᠷᠭᠦᠮᠵᠢᠯᠡᠵᠦ ᠪᠠᠶᠢᠵᠠᠢ᠃ ᠲᠡᠮᠦᠷ ᠡᠮᠢᠷ ᠴᠣᠯᠠ ᠲᠠᠢ ᠪᠠᠷ ᠲᠥᠷᠥ ᠶᠢᠨ ᠡᠷᠬᠡ ᠶᠢ ᠪᠠᠷᠢᠵᠤ ᠪᠠᠶᠢᠪᠠ᠃ ᠲᠡᠮᠦᠷ ᠢᠷᠡᠨᠰᠢᠷᠢᠢ ᠠᠺᠠᠤᠺᠠᠰ ᠍ ᠤᠨ ᠤᠯᠤᠰ ᠤᠳ ᠢ ᠪᠠᠶᠢᠯᠳᠤᠨ ᠳᠠᠭᠠᠭᠤᠯᠵᠠᠢ᠃ ᠮᠥᠨ ᠠᠯᠲᠠᠨ ᠣᠷᠳᠣᠣᠶᠢᠷᠠᠬᠢ ᠳᠣᠷᠣᠨᠠᠲᠤᠮᠣᠩᠭᠣᠯᠢᠰᠲ᠋ᠠᠨᠡᠨᠡᠳᠬᠡᠭᠰᠢᠪᠸᠷᠢᠶ ᠠ ᠤᠷᠤᠭᠤ ᠳᠣᠪᠲᠣᠯᠭᠠᠨ ᠦᠢᠯᠡᠳᠴᠦ ᠪᠠᠶᠢᠪᠠ᠃ 1405 ᠤᠨ ᠳᠤ ᠲᠡᠮᠦᠷ ᠮᠢᠩ ᠤᠯᠤᠰ ᠢ ᠳᠠᠶᠢᠯᠠᠬᠤ ᠪᠠᠷ ᠶᠠᠪᠤᠵᠤ ᠪᠠᠶᠢᠬᠤ ᠳᠤ ᠪᠠᠨ ᠨᠠᠰᠤ ᠪᠠᠷᠠᠵᠠᠢ᠃ᠨᠢᠭᠡᠨ ᠤᠳᠠᠭ᠎ᠠ ᠶᠢᠨ ᠲᠤᠯᠤᠯᠳᠤᠭᠠᠨ ᠬᠥᠯ ᠢᠶᠡᠨ ᠭᠡᠮᠲᠦᠭᠡᠨ ᠳᠣᠭᠣᠯᠠᠩ ᠪᠣᠯᠤᠭᠰᠠᠨ ᠠᠴᠠ ᠳᠣᠭᠣᠯᠠᠩ ᠲᠡᠮᠦᠷ ᠭᠡᠵᠦ ᠲᠡᠦᠬᠡᠨ ᠳᠦ ᠮᠥᠩᠬᠡᠷᠡᠵᠡᠢ᠃

ᠵᠠᠯᠠᠭᠤ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠲᠡᠮᠦᠷ ᠬᠠᠭᠠᠨ ᠤ ᠴᠡᠷᠢᠭ ᠶᠸᠵᠠᠫᠲ ᠤᠨ ᠮᠠᠮᠤᠯᠶᠤᠶᠢᠺ ᠰᠤᠯᠲᠠᠨ ᠤ ᠴᠡᠷᠢᠭ ᠢ ᠪᠤᠲᠠ ᠴᠣᠬᠢᠵᠤ ᠪᠠᠶᠢᠭ᠎ᠠ ᠨᠢ

ᠬᠡᠦᠬᠡᠳ ᠪᠠᠶᠢᠬᠤ ᠠᠴᠠ ᠪᠠᠨ ᠴᠡᠷᠢᠭ ᠦᠨ ᠬᠡᠷᠡᠭ ᠲᠦ ᠠᠮᠢᠳᠤᠷᠠᠯ ᠢᠶᠠᠨ ᠵᠣᠷᠢᠭᠤᠯᠬᠤ ᠪᠠᠷ ᠰᠢᠢᠳᠴᠦ ᠳᠠᠰᠬᠠᠯ ᠰᠤᠷᠭᠠᠭᠤᠯᠢᠯᠲᠠ ᠬᠢᠵᠦ 12 ᠨᠠᠰᠤᠲᠠᠢ ᠠᠴᠠ ᠡᠴᠢᠭᠡ ᠪᠡᠨ ᠳᠠᠭᠠᠨ ᠳᠠᠶᠢᠨ ᠪᠠᠶᠢᠯᠳᠤᠭᠠᠨ ᠳᠤ ᠣᠷᠣᠯᠴᠠᠵᠤ ᠡᠬᠢᠯᠡᠵᠡᠢ᠃ ᠯᠠᠯᠤ ᠶᠢᠨ ᠱᠠᠰᠢᠨ ᠢ ᠰᠢᠲᠦᠳᠡᠭ ᠪᠠᠶᠢᠭᠰᠠᠨ ᠨᠢ ᠦᠽᠡᠪᠸᠺᠰᠲ᠋ᠠᠨ ᠦᠳ ᠲᠡᠢ ᠲᠡᠮᠡᠴᠡᠬᠦ ᠳᠦ ᠪᠠᠭ᠎ᠠ ᠦᠭᠡᠢ ᠡᠭᠦᠷᠭᠡ ᠭᠦᠢᠴᠡᠳᠭᠡᠵᠡᠢ᠃

ᠳᠣᠭᠣᠯᠠᠩ ᠲᠡᠮᠦᠷ ᠦᠨ ᠣᠯᠠᠨ ᠬᠦᠮᠦᠨ ᠵᠠᠬᠢᠷᠬᠤ ᠲᠡᠳᠦᠢ ᠦᠭᠡᠢ ᠲᠡᠳᠡᠨ ᠢ ᠡᠷᠬᠡᠰᠢᠶᠡᠯ ᠳᠦ ᠪᠡᠨ ᠪᠠᠶᠢᠯᠭᠠᠬᠤ ᠴᠡᠷᠢᠭ ᠦᠨ ᠠᠪᠢᠶᠠᠰ ᠴᠢᠳᠠᠪᠤᠷᠢ ᠨᠢ ᠠᠯᠢ ᠵᠠᠯᠠᠭᠤ ᠳᠤ ᠨᠢ ᠢᠯᠡᠷᠡᠵᠡᠢ᠃ 1361 ᠤᠨ ᠳᠤ ᠳᠤᠮᠳᠠᠳᠤ ᠠᠽᠢᠶ᠎ᠠ ᠳᠤ ᠶᠡᠬᠡᠬᠡᠨ ᠭᠠᠵᠠᠷ ᠨᠤᠲᠤᠭ ᠡᠵᠡᠮᠰᠢᠳᠡᠭ ᠴᠢᠩᠭᠢᠰ ᠬᠠᠭᠠᠨ ᠤ ᠤᠳᠤᠮ ᠤᠨ ᠲᠣᠭᠲᠠᠬᠤ(?) ᠬᠠᠨ ᠤ ᠠᠯᠪᠠᠨ ᠳᠤ ᠣᠷᠣᠵᠤ ᠲᠥᠳᠥᠭᠰᠡᠨ  ᠦᠭᠡᠢ ᠬᠠᠨ ᠤ ᠬᠦᠦ ᠢᠯᠢᠶᠠᠰ ᠬᠣᠵᠠ ᠢᠢᠨ ᠵᠥᠪᠯᠡᠬᠦ ᠪᠡᠷ ᠳᠡᠪᠰᠢᠵᠦ ᠺᠠᠱᠺᠠᠳᠠᠷᠢᠨ ᠦ ᠸᠢᠯᠠᠶᠢᠶᠧᠲ ᠤᠨ (ᠮᠤᠵᠢ ᠶᠢᠨ) ᠵᠠᠬᠢᠷᠤᠭᠴᠢ ᠪᠣᠯᠵᠤ ᠲᠡᠷᠡ ᠦᠶ᠎ᠡ ᠳᠦ ᠪᠠᠷᠤᠯᠠᠰ ᠣᠮᠤᠭ ᠤᠨ ᠢᠷᠭᠡᠳ ᠡᠴᠡ ᠪᠦᠷᠢᠳᠦᠭᠰᠡᠨ ᠴᠡᠷᠢᠭ ᠦᠨ ᠪᠠᠭ ᠲᠠᠢ ᠪᠣᠯᠤᠭᠰᠠᠨ ᠪᠠᠶᠢᠯ᠎ᠠ᠃

ᠭᠡᠲᠡᠯ᠎ᠡ ᠡᠷᠡᠮᠡᠭᠡᠢ ᠵᠣᠷᠢᠭ ᠢᠶᠠᠷ ᠢᠶᠠᠨ ᠴᠡᠷᠢᠭ ᠦᠳ ᠦᠨ ᠲᠡᠳᠦᠢ ᠦᠭᠡᠢ ᠬᠠᠷᠢᠶᠠᠲᠤ ᠢᠷᠭᠡᠳ ᠦᠨ ᠳᠣᠲᠣᠷ᠎ᠠ ᠨᠡᠷ᠎ᠡ ᠬᠦᠨᠳᠦᠲᠡᠢ ᠪᠣᠯᠵᠤ ᠪᠠᠶᠢᠭ᠎ᠠ ᠳᠣᠭᠣᠯᠠᠩ ᠲᠡᠮᠦᠷ ᠲᠦ ᠲᠣᠭᠲᠠᠬᠤ ᠬᠠᠨ ᠳᠤᠷᠠᠭᠦᠶᠢᠴᠡᠨ ᠭᠠᠳᠠᠭᠤᠷᠬᠠᠬᠤ ᠪᠣᠯᠤᠭᠰᠠᠨ ᠠᠴᠠ ᠠᠷᠭ᠎ᠠ ᠦᠭᠡᠢ ᠳᠦ ᠲᠤᠯᠵᠤ ᠵᠢᠷᠠᠨ ᠴᠡᠷᠢᠭ ᠳᠠᠭᠠᠭᠤᠯᠤᠨ ᠣᠷᠭᠣᠵᠤ ᠪᠠᠳᠠᠾᠱᠠᠨ ᠤ ᠠᠭᠤᠯᠠᠨ ᠳᠤ ᠭᠠᠷᠴᠤ ᠨᠢᠭᠤᠭᠳᠠᠵᠠᠢ᠃ ᠲᠣᠭᠲᠠᠬᠤ ᠬᠠᠨ ᠲᠡᠭᠦᠨ ᠦ ᠠᠷᠤ ᠠᠴᠠ ᠵᠠᠭᠤ ᠰᠢᠬᠠᠮ ᠴᠡᠷᠢᠭ ᠲᠡᠢ ᠪᠠᠭ ᠶᠠᠪᠤᠭᠤᠯᠤᠭᠰᠠᠨ ᠨᠢ ᠣᠲᠣᠯᠲᠣᠳ ᠣᠷᠣᠵᠤ ᠬᠦᠢᠰᠦ ᠲᠡᠮᠲᠡᠷᠢᠭᠦᠯᠵᠡᠢ᠃

ᠡᠷᠬᠡ ᠮᠡᠳᠡᠯ ᠦᠨ ᠲᠥᠯᠦᠭᠡᠬᠢ ᠥᠷᠢᠰᠦᠯᠳᠦᠭᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠠᠮᠠᠷᠺᠠᠨᠳᠠ ᠳᠤ ᠲᠡᠮᠦᠷ ᠬᠠᠭᠠᠨ ᠤ ᠬᠢᠭᠰᠡᠨ ᠨᠠᠶᠢᠷ

ᠡᠷᠬᠡ ᠮᠡᠳᠡᠯ ᠦᠨ ᠲᠥᠯᠥᠭᠡ ᠲᠡᠮᠡᠴᠡᠯ ᠳᠦ ᠵᠣᠷᠢᠭ ᠰᠢᠯᠤᠭᠤᠳᠠᠨ ᠪᠣᠰᠤᠭᠰᠠᠨ ᠳᠣᠭᠣᠯᠠᠩ ᠲᠡᠮᠦᠷ ᠲᠦᠷᠺᠮᠧᠨ ᠣᠮᠣᠭ ᠤᠳ ᠤᠨ ᠮᠣᠷᠢᠨ ᠴᠡᠷᠢᠭ ᠵᠠᠬᠢᠷᠴᠤ ᠪᠠᠯᠬ᠎ᠠ ᠣᠮᠤᠭ ᠤᠨ ᠵᠠᠬᠢᠷᠤᠭᠴᠢ᠂ ᠲᠡᠷᠴᠢᠯᠡᠨ ᠰᠠᠮᠠᠷᠺᠠᠨᠳ᠋ ᠤᠨ ᠡᠮᠢᠷ ᠬᠤᠰᠧᠢᠨ ᠨᠠᠷ ᠲᠠᠢ ᠴᠡᠷᠢᠭ ᠦᠨ ᠬᠣᠯᠪᠣᠭ᠎ᠠ ᠪᠠᠶᠢᠭᠤᠯᠵᠤ ᠭᠣᠣᠯᠳᠠᠭᠤ ᠦᠽᠡᠪᠸᠺ ᠢᠷᠭᠡᠳ ᠡᠴᠡ ᠪᠦᠷᠢᠳᠦᠭᠰᠡᠨ ᠲᠣᠭᠲᠠᠬᠤ ᠬᠠᠨ᠂ ᠲᠡᠭᠦᠨ ᠦ ᠬᠦᠦ ᠢᠯᠢᠶᠠᠰ ᠬᠣᠵᠠ ᠨᠠᠷ ᠲᠠᠢ ᠳᠠᠶᠢᠲᠤᠵᠤ ᠲᠥᠳᠥᠭᠰᠡᠨ ᠦᠭᠡᠢ ᠰᠠᠶᠢᠬᠠᠨ ᠤ ᠬᠣᠯᠪᠣᠭᠠᠲᠠᠨ ᠰᠠᠮᠠᠷᠺᠠᠨᠳ᠋ ᠤᠨ ᠡᠮᠢᠷ ᠬᠤᠰᠰᠧᠢᠨ ᠳᠤ ᠳᠠᠶᠢᠨ ᠵᠠᠷᠯᠠᠪᠠ᠃

ᠤᠳᠠᠭᠰᠠᠨ ᠦᠭᠡᠢ ᠳᠤᠮᠳᠠᠳᠤ ᠠᠽᠢᠶ᠎ᠠ ᠶᠢᠨ ᠲᠣᠮᠣᠬᠠᠨ ᠬᠣᠲᠠ ᠨᠤᠭᠤᠳ ᠤᠨ ᠨᠢᠭᠡ ᠪᠣᠯᠬᠤ ᠰᠠᠮᠠᠷᠺᠠᠨᠳ᠋ ᠬᠣᠲᠠ ᠶᠢ ᠡᠵᠡᠯᠡᠵᠦ ᠨᠡᠶᠢᠲᠡ ᠳᠦ ᠪᠡᠨ 10ᠲᠦᠮᠡ ᠣᠷᠴᠢᠮ ᠴᠡᠷᠢᠭ ᠲᠡᠢ ᠡᠴᠡ80 ᠮᠢᠩᠭ᠎ᠠ ᠣᠷᠴᠢᠮ ᠨᠢ ᠬᠣᠲᠠ᠂ ᠴᠠᠶᠢᠵᠠ ᠬᠠᠮᠠᠭᠠᠯᠠᠳᠠᠭ ᠲᠣᠺᠯᠤᠶᠢ ᠬᠠᠨ ᠤ ᠡᠰᠡᠷᠬᠦ ᠪᠠᠶᠢᠯᠳᠤᠭᠠᠨ ᠤ ᠠᠵᠢᠯᠯᠠᠭ᠎ᠠ ᠶᠢ ᠢᠳᠡᠪᠬᠢᠵᠢᠭᠦᠯᠵᠦ ᠳᠠᠶᠢᠨ᠂ ᠪᠠᠶᠢᠯᠳᠤᠭᠠᠨ ᠳᠤ ᠬᠠᠲᠠᠭᠤᠵᠢᠭ᠌ᠰᠠᠨ ᠬᠣᠶᠠᠷ ᠮᠢᠩᠭᠠᠨ ᠮᠣᠷᠢᠨ ᠴᠡᠷᠢᠭ ᠢᠶᠡᠨ ᠤᠳᠤᠷᠢᠳᠥᠵᠤ ᠲᠣᠭᠲᠠᠬᠤ ᠬᠠᠨ ᠤ ᠴᠡᠷᠢᠭ ᠲᠦ ᠬᠡᠳᠦ ᠬᠡᠳᠦᠨ ᠤᠳᠠᠭ᠎ᠠ ᠴᠣᠬᠢᠯᠲᠠ ᠥᠭᠴᠦ 1370 ᠤᠨ ᠳᠤ ᠰ ᠤᠷᠲᠠᠷᠢᠶ᠎ᠠ ᠮᠥᠷᠡᠨ ᠦ ᠨᠥᠭᠥᠭᠡ ᠡᠷᠭᠢ ᠬᠦᠷᠲᠡᠯ᠎ᠡ ᠡᠯᠳᠡᠩ ᠬᠡᠵᠡᠢ᠃

ᠡᠨᠡ ᠦᠶ᠎ᠡ  ᠠᠴᠠ ᠬᠣᠶᠢᠰᠢ ᠳᠣᠭᠣᠯᠠᠩ ᠲᠡᠮᠦᠷ ᠳᠠᠶᠢᠨ᠂ ᠪᠠᠶᠢᠯᠳᠤᠭᠠᠨ ᠬᠢᠬᠦ ᠳᠦ ᠪᠡᠨ ᠬᠦᠮᠦᠨ ᠦ ᠰᠠᠨᠠᠭᠠᠨ ᠳᠤ ᠪᠠᠭᠠᠳᠣᠮᠠᠷ ᠦᠭᠡᠢ ᠠᠷᠭ᠎ᠠ ᠵᠠᠯᠢ ᠬᠡᠷᠡᠭᠯᠡᠳᠡᠭ ᠪᠣᠯᠵᠠᠢ᠃ ᠲᠡᠷᠡᠪᠡᠷ ᠲᠣᠭᠲᠠᠬᠤ ᠬᠠᠨ ᠤ ᠴᠡᠷᠢᠭ ᠢ ᠤᠳᠤᠷᠢᠳᠥᠵᠤ ᠪᠠᠶᠢᠭ᠎ᠠ ᠬᠦᠦ ᠢ᠃ᠬᠣᠵᠢᠢᠨ ᠨᠡᠷ᠎ᠡ ᠶᠢᠨ ᠡᠮᠦᠨ᠎ᠡ ᠡᠴᠡ ᠴᠠᠶᠢᠳ ᠤᠳ ᠤᠨ ᠵᠠᠬᠢᠷᠤᠭᠴᠢ ᠨᠠᠷ ᠲᠤ ᠬᠠᠷᠢᠭᠤᠴᠠᠭᠰᠠᠨ ᠴᠠᠶᠢᠵᠠ ᠠᠴᠠ ᠪᠠᠨ ᠴᠡᠷᠢᠭ ᠢᠶᠡᠨ ᠠᠪᠴᠤ ᠰ ᠤᠷᠲᠠᠷᠢᠶ᠎ᠠ ᠮᠥᠷᠡᠨ ᠦ ᠴᠠᠭᠠᠳᠤ ᠡᠷᠭᠢ ᠳᠦ ᠭᠠᠷᠬᠤ ᠬᠠᠭᠤᠷᠮᠠᠴᠢ ᠲᠤᠰᠢᠶᠠᠯ ᠥᠭᠴᠦ ᠴᠠᠶᠢᠳ ᠤᠳ ᠢ ᠡᠵᠡᠭᠦᠶᠢᠷᠡᠭᠰᠡᠨ  ᠤ ᠬᠣᠶᠢᠨ᠎ᠠ ᠨᠢ ᠪᠦᠭᠦᠳᠡ ᠶᠢ ᠨᠢ ᠳᠠᠷᠠᠭᠠᠯᠠᠨ ᠪᠤᠯᠢᠶᠠᠨ ᠠᠪᠴᠠᠢ᠃

1370 ᠤᠨ ᠳᠤ ᠮᠣᠩᠭᠣᠯ ᠤᠨ ᠣᠯᠠᠨ ᠠᠶᠢᠮᠠᠭ᠂ ᠣᠮᠤᠭ ᠤᠨ ᠪᠠᠶᠠᠨ᠂ ᠢᠵᠠᠭᠤᠷᠲᠠᠨ ᠨᠣᠶᠠᠳ ᠬᠤᠷᠠᠯᠳᠠᠢ ᠬᠢᠵᠦ ᠴᠢᠩᠭᠢᠰ ᠬᠠᠭᠠᠨ ᠤ ᠤᠳᠤᠮ ᠤᠨ ᠺᠣᠪᠤᠯ ᠰᠢᠬ᠎ᠠ ᠠᠭᠯᠠᠨ ᠢ ᠬᠠᠨ  ᠢᠶᠡᠷ ᠰᠣᠩᠭᠣᠭᠰᠠᠨ ᠢ ᠳᠣᠭᠣᠯᠠᠩ ᠲᠡᠮᠦᠷ ᠬᠦ᠋ᠢᠯᠢᠶᠡᠨ ᠵᠥᠪᠰᠢᠶᠡᠷᠡᠭᠰᠡᠨ ᠦᠭᠡᠢ᠃

ᠴᠡᠷᠢᠭ ᠦᠨ ᠰᠢᠨᠡᠴᠢᠯᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠡᠷᠢᠭ ᠦᠨ ᠬᠦ᠋ᠴᠦ ᠪᠡᠨ ᠮᠣᠩᠭᠣᠯᠴᠤᠳ ᠢᠶᠠᠷ ᠪᠡᠬᠢᠵᠢᠭᠦᠯᠵᠦ ᠮᠥᠨ ᠤᠨ ᠳᠤ ᠠᠮᠤᠳᠠᠷᠢᠶ᠎ᠠ᠂ ᠰ ᠤᠷᠲᠠᠷᠢᠶ᠎ᠠ ᠤᠷᠤᠨ  ᠨᠤᠭᠤᠳ  ᠤᠨ ᠬᠣᠭᠣᠷᠣᠨᠳᠣ ᠤᠷᠤᠰᠢᠬᠤ ᠮᠠᠤᠧᠷᠠᠨᠠᠬᠢᠷ ᠮᠤᠵᠢ ᠶᠢᠨ ᠡᠮᠢᠷ ᠢᠶᠡᠷ ᠥᠪᠡᠷ ᠢ ᠪᠡᠨ ᠡᠷᠭᠦᠮᠵᠢᠯᠡᠵᠦ ᠰᠠᠮᠠᠷᠺᠠᠨᠳ ᠬᠣᠲᠠ ᠶᠢ ᠨᠡᠶᠢᠰᠯᠡᠯ ᠢᠶᠡᠷ ᠵᠠᠷᠯᠠᠵᠤ ᠨᠡᠭᠦᠳᠡᠯᠴᠢᠨ ᠣᠮᠣᠭᠣ ᠨᠤᠭᠤᠳ ᠤᠨ ᠢᠵᠠᠭᠤᠷᠲᠠᠨ ᠨᠤᠭᠤᠳ᠂ ᠯᠠᠯᠤ ᠶᠢᠨ ᠱᠠᠰᠢᠨ ᠤ ᠳᠡᠭᠡᠳᠦ ᠯᠠᠮᠠ ᠨᠠᠷ ᠤᠨ ᠳᠡᠮᠵᠢᠯᠭᠡ ᠲᠡᠢ ᠪᠡᠷ ᠴᠢᠩᠭᠢᠰ ᠬᠠᠭᠠᠨ ᠤ ᠦᠷ᠎ᠡ ᠰᠠᠳᠤ ᠶᠢᠨ ᠨᠡᠷ᠎ᠡ ᠶᠢᠨ ᠡᠮᠦᠨ᠎ᠡ ᠡᠴᠡ ᠪᠦᠬᠦ ᠡᠷᠬᠡ ᠮᠡᠳᠡᠯ ᠢ ᠭᠠᠷ ᠲᠤ ᠪᠠᠨ ᠲᠥᠪᠯᠡᠷᠡᠭᠦᠯᠵᠡᠢ᠃

ᠭᠠᠵᠠᠷ ᠨᠤᠲᠤᠭ ᠢᠶᠠᠨ ᠲᠡᠯᠡᠬᠦ ᠪᠠᠶᠢᠯᠳᠤᠨ ᠳᠠᠭᠠᠭᠤᠯᠤᠯᠲᠠ ᠬᠢᠬᠦ ᠪᠡᠷ ᠲᠥᠯᠥᠪᠯᠡᠵᠦ ᠶᠠᠭᠤᠨ ᠤ ᠡᠮᠦᠨ᠎ᠡ ᠠᠷᠮᠢ ᠶᠢᠨ ᠵᠣᠬᠢᠶᠠᠨ ᠪᠠᠶᠢᠭᠤᠯᠤᠯᠲᠠ ᠶᠢ ᠪᠣᠯᠪᠠᠰᠤᠷᠠᠩᠭᠤᠢ ᠪᠣᠯᠭᠠᠬᠤ ᠳᠤ ᠪᠠᠨ ᠮᠣᠩᠭᠣᠯᠴᠤᠳ ᠤᠨ ᠪᠠᠶᠢᠯᠳᠤᠭᠠᠨ ᠤ ᠲᠤᠷᠰᠢᠯᠭ᠎ᠠ᠂ ᠪᠠᠷᠢᠮᠲᠠᠯᠠᠵᠤ ᠪᠠᠶᠢᠭᠰᠠᠨ ᠠᠷᠭ᠎ᠠ ᠲᠠᠺᠲ᠋ᠢᠺ ᠢ ᠶᠡᠬᠡ ᠰᠤᠳᠤᠯᠵᠠᠢ᠃

ᠠᠶᠠᠨ ᠳᠠᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠭᠣᠯᠠᠩ ᠲᠡᠮᠦᠷ ᠴᠢᠨ vᠨᠡᠨᠴᠢ᠂ ᠪᠠᠶᠢᠯᠳᠤᠬᠤ ᠤᠷ᠎ᠠ ᠴᠢᠳᠠᠪᠤᠷᠢ ᠲᠡᠭᠦᠰ 313 ᠳᠠᠶᠢᠴᠢᠳ ᠤᠨ ᠢᠶᠠᠨ ᠬᠠᠮᠲᠤ ᠡᠷᠬᠡ ᠮᠡᠳᠡᠯ ᠦᠨ ᠲᠥᠯᠥᠭᠡ ᠲᠡᠮᠡᠴᠡᠯ ᠢ ᠡᠬᠢᠯᠡᠵᠦ ᠲᠡᠳᠡ ᠨᠠᠷ ᠳᠣᠲᠣᠷ᠎ᠠ ᠠᠴᠠ 10 ᠍ ᠢ ᠨᠢ ᠠᠷᠪᠠᠲᠤ ᠶᠢᠨ ᠳᠠᠷᠤᠭ᠎ᠠ᠂ 100 ᠍ ᠶᠢ ᠨᠢ ᠵᠠᠭᠤᠲᠤ ᠶᠢᠨ ᠳᠠᠷᠤᠭ᠎ᠠ᠂ ᠰᠡᠭᠦᠯᠴᠢ  ᠶᠢᠨ 100 ᠬvᠨᠢᠭᠢᠭ ᠮᠢᠩᠭᠠᠲᠤ ᠶᠢᠨ ᠳᠠᠷᠤᠭ᠎ᠠ ᠪᠠᠷ ᠲᠣᠮᠢᠯᠠᠵᠤ ᠪᠤᠰᠤᠳ ᠢ ᠨᠢ ᠰᠢᠳᠠᠷ ᠵᠠᠩᠵᠤᠨ ᠢᠶᠠᠨ ᠪᠣᠯᠭᠠᠵᠠᠢ᠃

ᠠᠷᠪᠠᠲᠤ ᠶᠢᠨ ᠳᠠᠷᠤᠭ᠎ᠠ ᠨᠠᠷ ᠢ ᠴᠡᠷᠢᠭ ᠦᠳ ᠢᠶᠡᠷ ᠰᠣᠩᠭᠣᠭᠤᠯᠵᠤ ᠵᠠᠭᠤᠲᠤ᠂ ᠮᠢᠩᠭᠠᠲᠤ ᠶᠢᠨ ᠳᠠᠷᠤᠭ᠎ᠠ ᠨᠠᠷ ᠢ ᠪᠡᠶᠡᠴᠢᠯᠡᠨ ᠲᠣᠬᠣᠭᠠᠵᠤ "ᠲᠠᠰᠢᠭᠤᠷ᠂ ᠪᠣᠷᠣᠣᠬᠠᠢ ᠶᠢᠨ ᠠᠴᠠ ᠵᠠᠬᠢᠷᠬᠤ ᠨᠡᠷ᠎ᠡ ᠬvᠨᠳ᠂ ᠬᠤᠪᠢ ᠤᠨ vᠯᠡᠭᠡᠷ ᠵᠢᠱᠢᠶᠡᠴᠢ ᠪᠠᠶᠢᠳᠠᠯ ᠲᠤᠩ ᠴᠢᠬᠤᠯᠠ᠃" ᠭᠡᠵᠦ ᠲᠡᠳᠡᠨ ᠢ ᠰᠤᠷᠭᠠᠮᠵᠢᠯᠠᠵᠤ ᠪᠠᠶᠢᠪᠠ᠃ ᠠᠷᠪᠠᠲᠤ᠂ ᠵᠠᠭᠤᠲᠤ᠂ ᠮᠢᠩᠭᠠᠲᠤ ᠶᠢᠨ ᠴᠡᠷᠢᠭ ᠦᠳ ᠨᠢ ᠮᠣᠷᠢᠨ ᠤ ᠥᠩᠭᠡ ᠵᠢᠰᠦ᠂ ᠡᠮᠦᠰᠴᠦ ᠪᠠᠶᠢᠭ᠎ᠠ ᠬᠤᠶᠠᠭ ᠳᠤᠭᠤᠯᠠᠭ᠎ᠠ᠂ ᠲᠤᠭ᠂ ᠬᠤᠪᠴᠠᠰᠤᠨ ᠤ ᠥᠩᠭᠡ ᠪᠡᠷ ᠢᠶᠡᠨ ᠬᠣᠭᠣᠷᠣᠨᠳᠣ ᠪᠠᠨ ᠢᠯᠭᠠᠭᠳᠠᠵᠤ ᠪᠠᠶᠢᠪᠠ᠃


ᠰᠠᠮᠠᠷᠺᠠᠨᠳᠠ ᠳᠤ ᠪᠠᠶᠢᠳᠠᠭ ᠲᠡᠮᠦᠷ ᠬᠠᠭᠠᠨ ᠤ ᠡᠭᠡᠴᠢ ᠶᠢᠨ ᠪᠤᠩᠬᠤᠨ

ᠴᠢᠩᠭᠢᠰ᠂ ᠪᠠᠲᠤ ᠵᠡᠷᠭᠡ ᠬᠠᠭᠠᠳ ᠠᠴᠠ ᠢᠯᠭᠠᠭ᠎ᠠ ᠲᠠᠢ ᠨᠢ ᠳᠣᠭᠣᠯᠠᠩ ᠲᠡᠮᠦᠷ ᠴᠡᠷᠢᠭ ᠦᠳ ᠲᠡᠭᠡᠨ ᠳᠠᠶᠢᠨ ᠤ ᠣᠯᠵᠠ ᠬᠤᠪᠢᠶᠠᠵᠤ ᠥᠭᠳᠡᠭ ᠪᠠᠶᠢᠭᠰᠠᠨ ᠲᠡᠳᠦᠢ ᠦᠭᠡᠢ ᠲᠣᠭᠲᠠᠮᠠᠯ ᠴᠠᠯᠢᠩ ᠣᠯᠭᠤᠳᠠᠭ ᠪᠠᠶᠢᠴᠠᠢ᠃ ᠵᠢᠭ᠌ᠰᠠᠭᠠᠯ ᠤᠨ ᠴᠡᠷᠢᠭ ᠲᠦ 2-4 ᠮᠣᠷᠢ ᠣᠯᠭᠤᠨ᠎ᠠ᠂ ᠭᠡᠬᠦ ᠳᠦ ᠪᠡᠨ ᠤᠷᠮᠠᠰᠢᠭᠤᠯ ᠤᠨ ᠬᠡᠮᠵᠢᠶ᠎ᠡ ᠶᠢ ᠴᠡᠷᠢᠭ ᠦᠨ ᠠᠯᠪᠠᠨ ᠤ ᠠᠮᠵᠢᠯᠲᠠ ᠶᠢ ᠨᠢ ᠬᠠᠷᠠᠭᠠᠯᠵᠠᠨ ᠬᠦᠷᠲᠡᠭᠡᠨ᠎ᠡ᠃

ᠲᠡᠭᠦᠨ ᠡᠴᠡ ᠭᠠᠳᠠᠨ᠎ᠠ ᠪᠠᠶᠢᠯᠳᠤᠭᠠᠨ ᠳᠤ ᠦᠵᠡᠭᠦᠯᠦᠭᠰᠡᠨ ᠭᠠᠪᠢᠶ᠎ᠠ ᠶᠢ ᠨᠢ ᠦᠨᠡᠯᠡᠵᠦ ᠵᠢᠭ᠌ᠰᠠᠭᠠᠯ ᠤᠨ ᠡᠮᠦᠨ᠎ᠡ ᠰᠠᠶᠢᠰᠢᠶᠠᠬᠤ᠂ ᠴᠠᠯᠢᠩ ᠢ ᠨᠢ ᠨᠡᠮᠡᠬᠦ᠂ ᠦᠨᠡᠲᠦ ᠪᠡᠯᠡᠭ᠂ ᠦᠨᠡᠲᠦ ᠵᠡᠪᠰᠡᠭ ᠣᠯᠭᠣᠬᠤ᠂ ᠠᠯᠪᠠᠨ ᠲᠤᠰᠢᠶᠠᠯ ᠳᠡᠪᠰᠢᠭᠦᠯᠬᠦ᠂ ᠪᠠᠭᠠᠲᠤᠷ᠂ ᠡᠷᠡᠮᠡᠭᠡᠢ ᠵᠣᠷᠢᠭᠲᠤ ᠭᠡᠬᠦ ᠵᠡᠷᠭᠡ ᠴᠣᠯᠠ ᠴᠢᠮᠡᠭ ᠢᠶᠡᠷ ᠤᠷᠮᠠᠰᠢᠭᠤᠯᠳᠠᠭ ᠪᠠᠶᠢᠯ᠎ᠠ᠃ ᠲᠡᠷᠴᠢᠯᠡᠨ ᠠᠯᠳᠠᠭ᠎ᠠ ᠭᠠᠷᠭᠠᠪᠠᠯ ᠴᠠᠯᠢᠩ ᠢ ᠨᠢ ᠪᠠᠭᠠᠰᠭᠠᠬᠤ ᠵᠡᠷᠭᠡ ᠰᠢᠳᠬᠡᠯ ᠮᠥᠨ ᠨᠣᠭᠳᠠᠭᠤᠯᠳᠠᠭ ᠪᠠᠶᠢᠭᠰᠠᠨ ᠢ ᠨᠢ ᠳᠤᠷᠠᠳᠬᠤ ᠨᠢ ᠵᠦᠢᠲᠡᠢ᠃

ᠳᠣᠭᠣᠯᠠᠩ ᠲᠡᠮᠦᠷ ᠠᠷᠮᠢ ᠶᠢᠨ ᠢᠶᠠᠨ ᠭᠣᠣᠯ ᠴᠥᠮ᠎ᠡ ᠪᠣᠯᠬᠤ ᠮᠣᠷᠢᠨ ᠴᠡᠷᠢᠭ ᠢ ᠬᠥᠩᠭᠡᠨ᠂ ᠬᠦᠨᠳᠦ ᠭᠡᠵᠦ ᠬᠤᠪᠢᠶᠠᠵᠤ ᠬᠥᠩᠭᠡᠨ ᠮᠣᠷᠢᠨ ᠴᠡᠷᠢᠭ ᠨᠢ ᠨᠤᠮᠤ᠂ 18-20 ᠰᠤᠮᠤ᠂ ᠰᠤᠮᠤᠨ ᠤ 10 ᠵᠡᠪᠡ᠂ ᠰᠦ᠋ᠬᠡ᠂ ᠬᠢᠷᠦᠭᠡ᠂ ᠰᠢᠪᠦᠭᠡ᠂ ᠵᠡᠭᠦᠦ᠂ ᠪᠤᠭᠤᠶᠢᠯᠢ᠂ ᠤᠮᠳᠠᠨ ᠤ ᠤᠰᠤᠨ ᠤ ᠬᠡᠦᠳᠡᠢ᠂ ᠮᠣᠷᠢ ᠲᠠᠢ ᠪᠠᠶᠢᠬᠤ ᠬᠢᠭᠡᠳ 19 ᠬᠥᠩᠭᠡᠨ ᠮᠣᠷᠢᠨ ᠴᠡᠷᠢᠭ ᠠᠶᠠᠨ ᠤ ᠦᠶ᠎ᠡ ᠳᠦ ᠨᠢᠭᠡ ᠮᠣᠷᠢᠨ ᠲᠡᠷᠭᠡᠨ ᠳᠦ ᠡᠳ᠋ ᠵᠦᠢᠯᠡᠰ ᠢᠶᠡᠨ ᠠᠴᠢᠵᠤ ᠶᠠᠪᠤᠨ᠎ᠠ᠃

ᠲᠣᠷᠭᠠᠨ ᠬᠦᠨᠳᠦ ᠮᠣᠷᠢᠨ ᠴᠡᠷᠢᠭ ᠨᠢ ᠳᠤᠭᠤᠯᠠᠭ᠎ᠠ᠂ ᠲᠡᠮᠦᠷ ᠬᠤᠶᠠᠭ᠂ ᠢᠯᠳᠦ᠂ ᠨᠤᠮᠤ ᠰᠤᠮᠤ᠂ ᠬᠣᠶᠠᠷ ᠮᠣᠷᠢ ᠲᠠᠢ ᠪᠠᠶᠢᠨ᠎ᠠ᠃

ᠲᠠᠪᠤᠨ ᠬᠦᠨᠳᠦ ᠮᠣᠷᠢᠨ ᠴᠡᠷᠢᠭ ᠳᠠᠶᠢᠨ ᠪᠠᠶᠢᠯᠳᠤᠭᠠᠨ ᠤ vᠶᠡᠳ ᠨᠢᠭᠡ ᠲᠡᠷᠭᠡᠨ ᠳᠦ ᠵᠢᠳᠠ᠂ ᠰᠡᠯᠡᠮ᠎ᠡ᠂ ᠪᠣᠷᠣᠣᠬᠠᠢ ᠵᠡᠷᠭᠡ ᠡᠳ᠋ ᠽvᠢᠯᠡᠰ ᠢᠶᠡᠨ ᠠᠴᠢᠵᠤ ᠶᠠᠪᠤᠳᠠᠭ ᠪᠠᠶᠢᠨ᠎ᠠ᠃ ᠲᠡᠭᠦᠨ ᠡᠴᠡ ᠭᠠᠳᠠᠨ᠎ᠠ ᠣᠲᠣᠯᠲᠠ᠂ ᠪvᠰᠯᠡᠯ ᠳᠦ ᠬᠢᠬᠦ᠂ ᠠᠭᠤᠯᠠᠷᠬᠠᠭ ᠭᠠᠵᠠᠷ ᠲᠤ ᠪᠠᠶᠢᠯᠳᠤᠭᠠᠨ ᠤ ᠠᠵᠢᠯᠯᠠᠭ᠎ᠠ ᠶᠠᠪᠤᠭᠤᠯᠬᠤ ᠵᠣᠷᠢᠭᠤᠯᠤᠯᠲᠠ ᠪvᠬᠡᠢ ᠲᠤᠰ ᠪvᠷ ᠨᠢ ᠭᠤᠴᠢᠨ ᠰᠤᠮᠤ ᠦᠭᠡᠢ ᠨᠤᠮᠤ ᠲᠠᠢ ᠬᠥᠩᠭᠡᠨ ᠮᠣᠷᠢᠨ ᠴᠡᠷᠢᠭ ᠪᠠᠰᠠ ᠪᠠᠶᠢᠴᠠᠢ᠃

ᠳᠣᠭᠣᠯᠠᠩ ᠲᠡᠮᠦᠷ ᠡᠮᠢᠷ ᠲᠤᠷᠰᠢᠯᠭ᠎ᠠ ᠲᠠᠢ ᠴᠡᠷᠢᠭ ᠦᠨ ᠳᠠᠷᠤᠭ᠎ᠠ ᠶᠢᠨ ᠬᠤᠪᠢ ᠳᠤ ᠨᠠᠶᠢᠳᠠᠪᠤᠷᠢᠲᠠᠢ ᠬᠠᠮᠠᠭᠠᠯᠠᠯᠲᠠ ᠳᠤ ᠣᠨᠴᠠᠭᠠᠢ ᠠᠩᠬᠠᠷᠳᠠᠭ᠂ ᠮᠣᠷᠢᠨ ᠴᠡᠷᠢᠭ ᠳᠠᠭᠠᠷᠢᠯᠲᠠ ᠬᠢᠬᠦ ᠳᠦ ᠲᠣᠬᠢᠷᠠᠮᠵᠢᠲᠠᠢ᠂ ᠪᠡᠯᠴᠢᠭᠡᠷ ᠰᠠᠶᠢᠲᠠᠢ᠂ ᠤᠨᠳᠠᠭᠠᠨ  ᠤ ᠤᠰᠤᠨ ᠤ ᠡᠬᠢ ᠪᠤᠯᠠᠭ ᠰᠠᠶᠢᠲᠠᠢ ᠭᠠᠵᠠᠷ ᠢ ᠵᠣᠷᠢᠭᠤᠳᠠ ᠰᠣᠩᠭᠣᠵᠤ ᠲᠤᠯᠤᠯᠳᠤᠭᠠᠨ ᠬᠢᠳᠡᠭ ᠪᠠᠶᠢᠪᠠ᠃

ᠴᠡᠷᠢᠭ ᠢᠶᠡᠨ ᠪᠠᠶᠢᠯᠳᠤᠭᠠᠨ ᠤ ᠵᠢᠷᠤᠮ ᠳᠤ ᠪᠠᠶᠢᠷᠢᠯᠠᠭᠤᠯᠬᠤ ᠳᠤ ᠪᠠᠨ᠂ ᠰᠤᠮᠤ ᠲᠠᠯᠪᠢᠬᠤ ᠳᠤ ᠨᠠᠷᠠᠨ ᠳᠤ  ᠨᠢᠳᠣ ᠭᠢᠯᠪᠠᠭᠤᠯᠬᠤ ᠪᠠᠷ ᠵᠣᠬᠢᠴᠠᠭᠤᠯᠵᠤ ᠨᠥᠭᠡᠴᠡᠨ ᠳᠦ ᠶᠡᠬᠡᠬᠡᠨ ᠴᠡᠷᠢᠭ ᠦᠯᠡᠳᠡᠭᠡᠳᠡᠭ ᠪᠠᠶᠢᠴᠠᠢ᠃

ᠪᠠᠶᠢᠯᠳᠤᠭᠠᠨ ᠢ ᠬᠥᠩᠭᠡᠨ ᠮᠣᠷᠢᠨ ᠴᠡᠷᠢᠭ ᠡᠬᠢᠯᠡᠵᠦ ᠳᠠᠶᠢᠰᠤᠨ ᠤᠷᠤᠭᠤ ᠰᠤᠮᠤᠨ ᠮᠥᠨᠳᠥᠷ ᠪᠠᠭᠤᠯᠭᠠᠭᠰᠠᠨ ᠤ ᠳᠠᠷᠠᠭ᠎ᠠ ᠮᠣᠷᠢᠨ ᠴᠡᠷᠢᠭ ᠳᠠᠷᠠᠭᠠᠯᠠᠨ ᠳᠠᠭᠠᠷᠢᠯᠲᠠ ᠬᠢᠵᠦ ᠡᠴᠦᠰ ᠲᠦ ᠨᠢ ᠨᠥᠭᠡᠴᠡ ᠪᠡᠨ ᠣᠷᠣᠭᠤᠯᠤᠨ᠎ᠠ᠂ "ᠠᠷᠪᠠ ᠳᠠᠬᠢ ᠳᠠᠭᠠᠷᠢᠯᠲᠠ ᠢᠯᠠᠯᠲᠠ ᠠᠪᠴᠢᠷᠠᠨ᠎ᠠ᠃" ᠭᠡᠰᠡᠨ ᠵᠠᠷᠴᠢᠮ ᠢ ᠪᠠᠷᠢᠮᠲᠠᠯᠠᠳᠠᠭ ᠪᠠᠶᠢᠪᠠ᠃

ᠳᠣᠭᠣᠯᠠᠩ ᠲᠡᠮᠦᠷ ᠡᠮᠢᠷ ᠪᠠᠶᠢᠯᠳᠤᠨ ᠳᠠᠭᠠᠭᠤᠯᠤᠯᠲᠠ ᠪᠠᠨ 1371 ᠤᠨ ᠳᠤ ᠡᠬᠢᠯᠡᠵᠦ 1380 ᠤᠨ ᠭᠡᠬᠦ ᠳᠦ ᠶᠢᠰᠦᠨ ᠤᠳᠠᠭ᠎ᠠ ᠶᠢᠨ ᠠᠶᠠᠨ ᠳᠠᠶᠢᠨ ᠢᠶᠠᠷ ᠦᠽᠡᠪᠸᠺᠢᠰᠲᠠᠨ ᠢᠷᠭᠡᠳ ᠣᠷᠣᠰᠢᠨ ᠰᠠᠭᠤᠳᠠᠭ᠂ ᠥᠨᠥ ᠶᠢᠨ ᠠᠹᠬᠠᠨᠨᠢᠰᠲᠠᠨ ᠤ ᠳᠡᠶᠢᠯᠦᠩᠬᠢ ᠨᠤᠲᠤᠭ ᠳᠡᠪᠢᠰᠬᠡᠷ ᠢ ᠡᠵᠡᠯᠡᠨ ᠡᠷᠬᠡᠰᠢᠶᠡᠯ ᠳᠦ ᠪᠡᠨ ᠣᠷᠣᠭᠤᠯᠵᠠᠢ᠃

1398 ᠤᠨ ᠳᠤ ᠡᠨᠡᠳᠬᠡᠭ ᠲᠦ ᠨᠡᠪᠲᠡᠷᠡᠴᠢ ᠡᠨᠡᠳᠬᠡᠭᠴᠢ ᠨᠦᠭᠦᠳ ᠢᠯᠠᠭᠳᠠᠰᠠᠨ ᠦᠭᠡᠢ ᠭᠡᠵᠦ ᠦᠵᠡᠵᠦ ᠪᠠᠶᠢᠭᠰᠠᠨ ᠮᠧᠷᠠᠲ᠋ᠬ ᠬᠣᠲᠠ ᠶᠢ ᠪᠦᠰᠡᠯᠡᠵᠦ ᠭᠠᠵᠠᠷ ᠳᠣᠣᠭᠤᠷ ᠨᠦᠬᠡ ᠤᠬᠤᠵᠤ ᠡᠬᠢᠯᠡᠭᠰᠡᠨ ᠨᠢ ᠤᠳᠠᠭᠠᠰᠢᠷᠠᠬᠤ ᠳᠤ ᠵᠠᠯᠭᠠᠮᠠᠯ ᠱᠠᠲᠤ ᠠᠰᠢᠭᠯᠠᠨ ᠬᠣᠳᠠ ᠳᠤ ᠨᠡᠪᠲᠡᠷᠡᠴᠢ ᠪᠦᠬᠦ ᠢᠷᠭᠡᠨ ᠢ ᠨᠢ ᠬᠢᠳᠤᠰᠤᠨ ᠤ ᠳᠠᠷᠠᠭ᠎ᠠ ᠴᠠᠶᠢᠵᠠ ᠶᠢᠨ ᠬᠡᠷᠡᠮ ᠢ ᠨᠤᠷᠠᠭᠠᠪᠠ᠃

ᠭᠠᠩᠭ᠎ᠠᠮᠥᠷᠡᠨ ᠦ ᠡᠷᠭᠢ ᠳᠡᠭᠡᠷ᠎ᠡ ᠪᠣᠯᠤᠭᠰᠠᠨ ᠨᠢᠭᠡᠨ ᠲᠤᠯᠤᠯᠳᠤᠭᠠᠨ ᠳᠤ ᠮᠣᠩᠭᠣᠯᠴᠤᠳ ᠮᠣᠷᠢᠲᠠᠢ ᠶᠢ ᠪᠠᠨ ᠤᠰᠤᠨ ᠳᠤ ᠣᠷᠣᠵᠤ ᠡᠨᠡᠳᠬᠡᠭ ᠦᠨ ᠤᠰᠤᠨ ᠣᠩᠭᠣᠴᠠ ᠨᠤᠭᠤᠳ ᠷᠤ ᠳᠠᠭᠠᠷᠢᠵᠤ ᠨᠤᠮᠤ ᠰᠤᠮᠤ ᠪᠠᠷ ᠤᠰᠤᠨ ᠴᠡᠷᠢᠭ ᠦᠳ ᠢ ᠠᠯᠠᠵᠤ 48 ᠭᠣᠣᠯ ᠤᠨ ᠵᠠᠪᠢ᠂ ᠤᠰᠤᠨ ᠣᠩᠭᠣᠴᠠ ᠶᠢ ᠨᠢ ᠪᠤᠯᠢᠶᠠᠨ ᠠᠪᠴᠠᠢ᠃

1398 ᠤᠨ ᠤ ᠰᠡᠭᠦᠯᠴᠢ ᠪᠡᠷ ᠡᠰᠡᠷᠭᠦᠴᠡᠯ ᠦᠵᠡᠭᠦᠯᠦᠭᠰᠡᠨ ᠡᠨᠡᠳᠬᠡᠭ ᠦᠨ ᠳᠧᠯ ᠬᠣᠳᠠ ᠳᠤ ᠳᠥᠬᠥᠨ ᠣᠴᠢᠵᠤ ᠮᠢᠬᠠᠮᠤᠳ ᠲᠤᠺᠯᠠᠺ ᠤᠨ ᠤᠳᠤᠷᠢᠳᠤᠭᠰᠠᠨ ᠴᠡᠷᠢᠭ ᠢ ᠪᠤᠲᠠ ᠨᠢᠷᠭᠡᠵᠦ ᠬᠦᠮᠦᠨ ᠠᠮᠠ ᠣᠯᠠᠨ ᠲᠠᠢ᠂ ᠪᠠᠶᠠᠨ ᠬᠣᠲᠠ ᠶᠢ ᠣᠷᠤ ᠦᠭᠡᠢ ᠲᠣᠨᠣᠨ ᠳᠡᠭᠡᠷᠡᠮᠳᠡᠵᠦ ᠲᠡᠭᠡᠭᠡᠪᠦᠷᠢᠯᠡᠵᠦ ᠪᠣᠯᠬᠤ ᠡᠳ᠋ ᠵᠦᠢᠯᠡᠰ ᠢ ᠨᠢ ᠰᠠᠮᠠᠷᠺᠠᠨᠳ ᠤᠷᠤᠭᠤ ᠢᠯᠡᠭᠡᠵᠦ ᠪᠦᠬᠦ ᠪᠠᠶᠢᠰᠢᠩ ᠪᠠᠷᠢᠯᠭ᠎ᠠ ᠶᠢ ᠨᠢ ᠨᠤᠷᠠᠭᠠᠵᠤ ᠭᠠᠵᠠᠷ ᠤᠨ ᠬᠥᠷᠥᠰᠥᠲᠡᠢ ᠲᠡᠭᠰᠢᠯᠡᠵᠦ ᠳᠧᠯᠢᠴᠢᠭᠤᠳ ᠲᠥᠷᠥᠯᠬᠢ ᠬᠣᠲᠠ ᠪᠠᠨ ᠪᠠᠷᠤᠭ ᠵᠠᠭᠤᠨ ᠵᠢᠯ ᠬᠥᠳᠡᠯᠮᠦᠷᠢᠯᠡᠵᠦ ᠪᠠᠶᠢᠵᠤ ᠰᠠᠶ᠋ᠢ ᠨᠢᠭᠡ ᠰᠡᠷᠭᠦᠭᠡᠨ ᠪᠣᠰᠬᠠᠵᠤ ᠴᠢᠳᠠᠭᠰᠠᠨ ᠭᠡᠳᠡᠭ᠃

1398 ᠤᠨ ᠳᠤ ᠫᠠᠨᠢᠫᠠᠲ ᠬᠣᠲᠠ ᠶᠢᠨ ᠳᠡᠷᠭᠡᠳᠡ ᠪᠣᠯᠤᠭᠰᠠᠨ ᠲᠤᠯᠤᠯᠳᠤᠭᠠᠨ ᠳᠤ ᠣᠯᠵᠠᠯᠠᠭᠳᠠᠭᠰᠠᠨ ᠵᠠᠭᠤᠨ ᠮᠢᠩᠭᠠᠨ ᠡᠨᠡᠳᠬᠡᠭ ᠦᠨ ᠴᠡᠷᠢᠭ ᠢ ᠴᠥᠮ ᠢ ᠨᠢ ᠠᠯᠠᠵᠤ ᠴᠡᠷᠢᠭ ᠦᠳ ᠦᠨ ᠲᠣᠯᠣᠭᠠᠢ ᠪᠠᠷ ᠣᠪᠣᠭ᠎ᠠ ᠪᠣᠰᠬᠠᠵᠤ ᠪᠠᠶᠢᠭᠰᠠᠨ ᠭᠡᠳᠡᠭ᠃

ᠳᠣᠭᠣᠯᠠᠩ ᠲᠡᠮᠦᠷ 1400 ᠤᠨ ᠳᠤ ᠰᠢᠷᠢᠢ ᠠ ᠤᠯᠤᠰ ᠷᠤ ᠠᠶᠠᠨ ᠳᠠᠶᠢᠨ ᠳᠤ ᠮᠣᠷᠳᠠᠬᠤ ᠳᠤ ᠪᠠᠨ᠂ ᠤᠷᠢᠳᠤ ᠨᠢ ᠡᠵᠡᠯᠡᠭᠰᠡᠨ ᠪᠠᠶᠢᠭᠰᠠᠨ ᠮᠧᠰᠣᠫᠣᠲ᠋ᠠᠮ ᠤᠨ ᠨᠤᠲᠤᠭ ᠢᠶᠠᠷ ᠳᠠᠭᠠᠷᠢᠵᠤ ᠠᠯᠧᠫᠫᠣ (ᠥᠨᠥ ᠶᠢᠨ ᠬᠠᠯᠧᠪ ᠬᠣᠲᠠ) ᠬᠣᠲᠠ ᠶᠢᠨ ᠣᠶᠢᠷᠠᠯᠴᠠᠭ᠎ᠠ ᠬᠢᠭᠰᠡᠨ ᠲᠤᠯᠤᠯᠳᠤᠭᠠᠨ ᠳᠤ ᠰᠢᠷ ᠦᠨ ᠡᠮᠢᠷ ᠤᠳ ᠤᠳᠤᠷᠢᠳᠤᠭᠰᠠᠨ ᠲᠦᠷᠺ ᠤᠨ ᠴᠡᠷᠢᠭ ᠢ ᠲᠠᠯ᠎ᠠ ᠳᠤ ᠢᠯᠠᠵᠤ ᠳᠠᠷᠠᠭ᠎ᠠ ᠨᠢ ᠬᠣᠲᠠ ᠴᠠᠶᠢᠳ ᠢ ᠡᠵᠡᠯᠡᠵᠦ ᠮᠥᠨ ᠯᠠ ᠦᠨᠡᠰᠦᠨ ᠲᠣᠪᠷᠠᠭ ᠪᠣᠯᠵᠠᠢ᠃

ᠰᠢᠷ ᠦᠨ ᠨᠡᠶᠢᠰᠯᠡᠯ ᠳᠠᠮᠤᠰᠺ ᠬᠣᠲᠠ ᠶᠢ 1401 ᠤᠨ ᠤ ᠨᠢᠭᠡ ᠳᠦvᠭᠡᠷ᠎ᠡ ᠰᠠᠷ᠎ᠠ ᠶᠢᠨ 25 ᠍ ᠳᠦ ᠡᠵᠡᠯᠡᠵᠦ ᠦᠨᠡᠲᠡᠢ ᠴᠠᠢ ᠲᠠᠢ ᠪᠦᠬᠦᠨ ᠢ ᠨᠢ ᠨᠡᠶᠢᠰᠯᠡᠯ ᠰᠠᠮᠠᠷᠺᠠᠨᠳ ᠬᠣᠲᠠ ᠷᠤ ᠵᠥᠭᠡᠭᠡᠵᠦ ᠠᠮᠢᠳᠤ ᠦᠯᠡᠳᠡᠭᠰᠡᠨ ᠬᠣᠷᠢᠨ ᠮᠢᠩᠭ᠎ᠠ ᠣᠷᠴᠢᠮ ᠢᠷᠭᠡᠳ ᠢ ᠨᠢ ᠬᠢᠲᠤᠵᠤ ᠪᠠᠶᠢᠴᠠᠢ᠃

ᠰᠢᠷ ᠢ ᠡᠵᠡᠯᠡᠭᠰᠡᠨ ᠦ ᠳᠠᠷᠠᠭ᠎ᠠ ᠲᠦᠷᠺ ᠤᠨ ᠡᠰᠡᠷᠬᠦ ᠳᠠᠶᠢᠨ ᠡᠬᠢᠯᠡᠵᠦ ᠬᠢᠯᠢ ᠶᠢᠨ ᠺᠧᠮᠠᠺ ᠴᠠᠶᠢᠵᠠ᠂ ᠰᠢᠸᠠᠰ ᠬᠣᠲᠠ ᠶᠢ ᠡᠵᠡᠯᠡᠵᠦ ᠲᠦᠷᠺ ᠤᠨ  ᠨᠢᠭᠡᠳᠦᠭᠡᠷ ᠪᠠᠶᠠᠽᠢ ᠳᠤ ᠰᠤᠯᠲᠠᠨ ᠠᠴᠠ ᠡᠩᠬᠡ ᠶᠢᠨ ᠬᠡᠯᠡᠯᠴᠡᠭᠡ ᠬᠢᠯᠭᠡᠬᠦ ᠪᠡᠷ ᠡᠯᠴᠢ ᠢᠷᠡᠭᠦᠯᠬᠦ ᠳᠦ ᠲᠡᠳᠡᠨ ᠢ ᠠᠶᠤᠯᠭᠠᠬᠤ ᠵᠣᠷᠢᠯᠭ᠎ᠠ ᠪᠠᠷ 800 ᠮᠢᠩᠭᠠᠨ ᠴᠡᠷᠢᠭ ᠦᠨ ᠢᠶᠡᠨ ᠵᠢᠭ᠌ᠰᠠᠭᠠᠯ ᠢ ᠬᠠᠷᠠᠭᠤᠯᠵᠤ ᠪᠠᠶᠢᠪᠠ᠃

ᠣᠳᠠᠭᠰᠠᠨ ᠦᠭᠡᠢ ᠺᠢᠽᠢᠯ-ᠢᠷᠮᠠᠺ ᠭᠣᠣᠯ ᠢ ᠭᠠᠲᠤᠯᠠᠵᠤ ᠨᠡᠶᠢᠰᠯᠡᠯ ᠠᠨᠺᠠᠷᠠ ᠬᠣᠲᠠ ᠶᠢ ᠪᠦ᠋ᠰᠡᠯᠡᠪᠡ᠃ 1402 ᠤᠨ ᠤ ᠵᠢᠷᠭᠤᠳᠤᠭᠠᠷ ᠰᠠᠷ᠎ᠠ ᠶᠢᠨ 20 ᠍ ᠤ ᠡᠳᠦᠷ ᠠᠩ ᠢᠶᠠᠷᠠ ᠬᠣᠲᠠ ᠶᠢᠨ ᠬᠠᠵᠠᠭᠤ ᠳᠤ ᠪᠣᠯᠤᠭᠰᠠᠨ 300 ᠮᠢᠩᠭᠠᠨ ᠴᠡᠷᠢᠭ᠂ ᠡᠨᠡᠳᠬᠡᠭ ᠡᠴᠡ ᠠᠪᠴᠢᠷᠠᠭᠰᠠᠨ 32 ᠪᠠᠶᠢᠯᠳᠤᠭᠠᠨ ᠤ ᠵᠠᠭᠠᠨ ᠲᠠᠢ ᠮᠣᠩᠭᠣᠯ ᠤᠨ ᠴᠡᠷᠢᠭ ᠲᠦᠷᠺ ᠤᠨ ᠲᠠᠯ᠎ᠠ ᠶᠢᠨ ᠬᠥᠯᠦᠰᠦᠨ ᠦ ᠲᠠᠲᠠᠷ᠂ ᠰᠧᠷᠪᠢ ᠪᠣᠯᠤᠨ ᠣᠳᠲᠠᠮᠠᠨ ᠤ ᠡᠵᠡᠨ ᠳᠦ ᠭᠦᠷᠦᠨ ᠦ ᠣᠯᠠᠨ ᠠᠷᠠᠳ ᠲᠦᠮᠡᠨ ᠦ ᠲᠥᠯᠥᠭᠡᠯᠡᠭᠴᠢᠳ ᠡᠴᠡ ᠪᠦᠷᠢᠳᠦᠭᠰᠡᠨ 200 ᠮᠢᠩᠭᠠᠨ ᠴᠡᠷᠢᠭ ᠲᠡᠢ ᠲᠤᠯᠵᠤ ᠳᠠᠶᠢᠰᠤᠨ ᠤ ᠬᠣᠶᠠᠷ ᠵᠢᠭᠦᠷ ᠷᠦᠦ ᠬᠢᠭᠰᠡᠨ ᠮᠣᠷᠢᠨ ᠴᠡᠷᠢᠭ ᠦᠨ ᠳᠠᠭᠠᠷᠢᠯᠲᠠ᠂ ᠲᠡᠷᠡᠴᠢᠯᠡᠨ 18 ᠮᠢᠩᠭᠠᠨ ᠲᠠᠲ᠋ᠠᠷ ᠤᠳ ᠢ ᠤᠷᠪᠠᠭᠤᠯᠤᠨ ᠠᠪᠤᠭᠰᠠᠨ ᠢᠶᠠᠷ ᠢᠯᠠᠯᠲᠠ ᠪᠠᠶᠢᠭᠤᠯᠵᠠᠢ᠃

ᠳᠠᠷᠠᠭ᠎ᠠ ᠨᠢ ᠲᠡᠩᠭᠢᠰ ᠦᠨ ᠡᠷᠭᠢ ᠶᠢᠨ ᠰᠮᠢᠷᠠᠨ᠎ᠠ ᠬᠣᠲᠠ ᠶᠢ ᠡᠵᠡᠯᠡᠵᠦ ᠳᠤᠮᠳᠠᠳᠤ ᠠᠽᠢᠶ᠎ᠠ ᠣᠷᠣᠭᠤ ᠬᠥᠯᠥᠭ ᠦᠨ ᠵᠣᠯ ᠢᠶᠠᠨ ᠵᠠᠯᠠᠬᠤ ᠳᠤ ᠪᠠᠨ ᠵᠠᠮ ᠵᠠᠭᠤᠷ᠎ᠠ ᠭᠦᠷᠵᠢ ᠶᠢ ᠪᠠᠶᠢᠯᠳᠤᠨ ᠳᠠᠭᠠᠭᠤᠯᠵᠠᠢ᠃

ᠡᠭᠦᠨ ᠦ ᠳᠠᠷᠠᠭ᠎ᠠ ᠬᠥᠷᠰᠢ ᠤᠷᠤᠰᠢᠬᠤ ᠣᠷᠣᠨ ᠨᠤᠭᠤᠳ ᠨᠢ ᠪᠠᠶᠢᠯᠳᠤᠨ ᠳᠠᠭᠠᠭᠤᠯᠤᠯᠲᠠ ᠠᠴᠠ ᠨᠢ ᠡᠮᠢᠶᠡᠵᠦ ᠡᠷᠬᠡᠰᠢᠶᠡᠯ ᠳᠦ ᠨᠢ ᠣᠷᠣᠭᠰᠠᠨ ᠢᠶᠠᠨ ᠮᠡᠳᠡᠭᠳᠡᠵᠦ ᠶᠡᠬᠡᠬᠡᠨ ᠲᠠᠲᠠᠪᠤᠷᠢ ᠲᠥᠯᠥᠪᠦᠷᠢ ᠥᠭᠳᠡᠭ ᠪᠣᠯᠵᠠᠢ᠃

ᠲᠤᠬᠠᠶᠢᠯᠠᠪᠠᠯ 1404 ᠤᠨ ᠳᠤ ᠶᠸᠵᠠᠫᠲ ᠤᠨ ᠰᠤᠯᠲᠠᠨ᠂ ᠸᠢᠰᠠᠩᠲᠤ ᠶᠢᠨ ᠡᠵᠡᠨ ᠳᠦ ᠭᠦᠷᠦᠨ ᠦ ᠢᠣᠠᠨ ᠬᠠᠭᠠᠨ ᠳᠣᠭᠣᠯᠠᠩ ᠲᠡᠮᠦᠷ ᠡᠮᠢᠷᠲ ᠠᠰᠤᠷᠤ ᠶᠡᠬᠡ ᠪᠡᠯᠡᠭ ᠢᠷᠡᠭᠦᠯᠵᠦ ᠪᠠᠶᠢᠪᠠ᠃

ᠴᠢᠩᠭᠢᠰ ᠬᠠᠭᠠᠨ ᠤ ᠴᠡᠷᠢᠭ ᠦᠨ ᠪᠠᠶᠢᠭᠤᠯᠤᠯᠲᠠ ᠶᠢᠨ ᠤᠯᠠᠮᠵᠢᠯᠠᠯ ᠢ ᠦᠷᠭᠦᠯᠵᠢᠯᠡᠭᠦᠯᠵᠦ ᠠᠰᠤᠷᠤ ᠶᠡᠬᠡ ᠴᠡᠷᠢᠭ ᠢᠶᠡᠨ ᠴᠢᠳᠠᠮᠠᠭᠠᠢ ᠤᠳᠤᠷᠢᠳᠥᠵᠤ ᠪᠠᠶᠢᠭᠰᠠᠨ ᠢᠶᠠᠷ ᠠᠤᠭ᠎ᠠ ᠶᠡᠬᠡ ᠪᠠᠶᠢᠯᠳᠤᠨ ᠳᠠᠭᠠᠭᠤᠯᠤᠭᠴᠢ ᠳᠣᠭᠣᠯᠠᠩ ᠲᠡᠮᠦᠷ ᠲᠣᠮᠣ ᠡᠵᠡᠨᠲᠦ ᠭᠦᠷᠦᠨ ᠪᠠᠶᠢᠭᠤᠯᠵᠤ ᠴᠢᠳᠠᠭᠰᠠᠨ ᠶᠤᠮ᠃

ᠬᠢᠲᠠᠳ ᠤᠷᠤᠭᠤ ᠠᠶᠠᠨ ᠳᠠᠶᠢᠨ ᠬᠢᠬᠦ ᠪᠡᠷ ᠪᠡᠯᠡᠳᠬᠡᠵᠦ ᠪᠠᠶᠢᠬᠤ ᠳᠤ ᠪᠠᠨ 1405 ᠤᠨ ᠳᠤ ᠥᠭᠡᠳᠡ ᠪᠣᠯᠵᠤ ᠭᠡᠷᠢᠶᠡᠰᠯᠡᠯ ᠶᠣᠰᠣᠭᠠᠷ ᠨᠢ ᠡᠵᠡᠨ ᠳᠦ ᠭᠦᠷᠦᠨ ᠦ ᠨᠤᠲᠤᠭ ᠳᠡᠪᠢᠰᠬᠡᠷ ᠢ ᠨᠢ ᠬᠤᠪᠢᠶᠠᠨ ᠠᠪᠤᠭᠰᠠᠨ ᠬᠥᠪᠡᠭᠦᠳ ᠨᠢ ᠬᠣᠭᠣᠷᠣᠨᠳᠣ ᠪᠠᠨ ᠳᠠᠶᠢᠲᠤᠵᠤ ᠠᠮᠢᠳᠤ ᠦᠯᠡᠳᠡᠭᠰᠡᠨ ᠴᠣᠷ ᠤᠨ ᠭᠠᠭᠴᠠ ᠵᠠᠯᠭᠠᠮᠵᠢᠯᠠᠭᠴᠢ ᠱᠠᠷᠤᠺ ᠨᠢ 1420 ᠤᠨ ᠳᠤ ᠰᠠᠮᠠᠷᠺᠠᠨᠳ ᠬᠣᠳᠠ ᠳᠤ ᠡᠮᠢᠷ ᠢᠶᠡᠷ ᠵᠠᠯᠠᠷᠠᠵᠠᠢ᠃

ᠳᠣᠭᠣᠯᠠᠩ ᠲᠡᠮᠦᠷ 1376 ᠤᠨ ᠳᠤ ᠴᠢᠩᠭᠢᠰ ᠬᠠᠭᠠᠨ ᠤ ᠤᠳᠤᠮ ᠤᠨ ᠲᠤᠬᠤᠲᠠ ᠤᠰ ᠵᠠᠩᠵᠤᠨ ᠳᠤ ᠠᠯᠲᠠᠨ ᠣᠷᠳᠣᠨ ᠤ ᠤᠯᠤᠰ ᠤᠨ ᠬᠠᠭᠠᠨ ᠪᠣᠯᠬᠤ ᠳᠤ ᠨᠢ ᠴᠡᠷᠢᠭ ᠦᠨ ᠲᠤᠰᠠᠯᠠᠯᠴᠠᠭ᠎ᠠ ᠦᠵᠡᠭᠦᠯᠦᠭᠰᠡᠨ ᠴᠤ ᠴᠠᠭᠠᠳᠣᠬᠢ ᠨᠢ ᠬᠣᠵᠢᠮ ᠢᠶᠠᠨ ᠠᠴᠢ ᠶᠢ ᠨᠢ ᠪᠠᠴᠢ ᠪᠠᠷ ᠬᠠᠷᠢᠭᠤᠯᠵᠤ ᠶᠡᠬᠡ ᠬᠣᠣᠷ ᠤᠴᠠᠷᠠᠭᠤᠯᠤᠭᠰᠠᠨ ᠠᠵᠠᠢ᠃  ᠨᠡᠶᠢᠰᠯᠡᠯ ᠰᠠᠮᠠᠷᠺᠠᠨᠳ ᠬᠣᠲᠠ ᠪᠠᠨ ᠦᠨᠡᠲᠦ ᠡᠷᠳᠡᠨᠢᠰ ᠢᠶᠡᠷ ᠳᠦᠭᠦᠷᠭᠡᠵᠦ ᠡᠵᠡᠯᠡᠨ ᠲᠦᠷᠢᠮᠡᠭᠡᠶᠢᠯᠡᠭᠰᠡᠨ ᠣᠷᠣᠨ ᠨᠤᠭᠤᠳ ᠠᠴᠠ ᠨᠡᠶᠢᠲᠡ ᠳᠦ ᠪᠡᠨ 150 ᠮᠢᠩᠭ᠎ᠠ ᠭᠠᠷᠤᠢ ᠤᠷᠠᠨ ᠭᠠᠷᠲᠠᠨ ᠠᠪᠴᠢᠷᠠᠵᠤ ᠭᠣᠶᠣᠮᠰᠣᠭ ᠣᠷᠳᠣᠨ ᠬᠠᠷᠰᠢ ᠪᠠᠷᠢᠭᠤᠯᠵᠤ ᠲᠡᠳᠡᠭᠡᠷ ᠢ ᠮᠣᠩᠭᠣᠯ ᠤᠨ ᠴᠡᠷᠢᠭ ᠦᠨ ᠪᠠᠶᠢᠯᠳᠤᠨ ᠳᠠᠭᠠᠭᠤᠯᠤᠯᠲᠠ ᠶᠢ ᠬᠠᠷᠠᠭᠤᠯᠤᠭᠰᠠᠨ ᠵᠢᠷᠤᠭ ᠢᠶᠠᠷ ᠴᠢᠮᠡᠭᠯᠡᠭᠦᠯᠳᠡᠭ ᠪᠠᠶᠢᠪᠠ᠃

1386 ᠤᠨ ᠳᠤ ᠺᠠᠸᠬᠠᠰ ᠤᠷᠤᠭᠤ ᠳᠠᠶᠢᠨ ᠬᠢᠵᠦ ᠲᠢᠹᠯᠢᠰ ᠬᠣᠲᠠ ᠶᠢᠨ ᠣᠶᠢᠷᠠᠯᠴᠠᠭ᠎ᠠ ᠪᠣᠯᠤᠭᠰᠠᠨ ᠲᠤᠯᠤᠯᠳᠤᠭᠠᠨ ᠳᠤ ᠭᠦᠷᠴᠢ ᠶᠢᠨ ᠴᠡᠷᠢᠭ ᠢ ᠪᠤᠲᠠ  ᠨᠢᠷᠭᠡᠭᠡᠨ ᠨᠡᠶᠢᠰᠯᠡᠯ ᠬᠣᠲᠠ ᠶᠢ ᠨᠢ ᠲᠦᠢᠪᠡᠭᠡᠵᠦ ᠬᠥᠷᠰᠢ ᠤᠷᠤᠰᠢᠬᠤ ᠠᠷᠮᠧᠨ ᠢ ᠶᠠᠪᠤᠭᠤᠲᠠ ᠡᠵᠡᠯᠡᠵᠡᠢ᠃

1388 ᠤᠨ ᠳᠤ ᠬᠣᠷᠧᠽᠮ ᠤᠨ ᠬᠠᠭᠠᠨᠲᠤ ᠤᠯᠤᠰ ᠰᠢᠷᠦᠭᠦᠨ ᠡᠰᠡᠷᠭᠦᠴᠡᠯ ᠦᠵᠡᠭᠦᠯᠦᠭᠰᠡᠨ ᠴᠤ ᠮᠣᠩᠭᠣᠯ ᠤᠨ ᠮᠣᠷᠢᠨ ᠴᠡᠷᠢᠭ ᠦᠨ ᠤᠳᠠᠭ᠎ᠠ ᠳᠠᠷᠠᠭ᠎ᠠ ᠶᠢᠨ ᠳᠠᠭᠠᠷᠢᠯᠲᠠ ᠶᠢ ᠲᠡᠰᠦᠭᠰᠡᠨ ᠦᠭᠡᠢ ᠂ ᠣᠳᠠᠭᠰᠠᠨ ᠦᠭᠡᠢ ᠪᠠᠭᠤᠵᠤ ᠦᠭᠴᠠᠢ᠃

ᠭᠡᠪᠡᠴᠦ ᠳᠣᠭᠣᠯᠠᠩ ᠲᠡᠮᠦᠷ ᠪᠠᠭᠤᠵᠤ ᠥᠭᠭᠦᠭᠰᠡᠨ ᠢ ᠨᠢ ᠡᠰᠡ ᠬᠠᠷᠠᠭᠠᠯᠵᠠᠨ ᠨᠡᠶᠢᠰᠯᠡᠯ ᠤᠭᠧᠨᠴᠢ ᠬᠣᠲᠠ ᠶᠢᠨ ᠬᠢ ᠨᠢ ᠪᠦᠬᠦ ᠣᠷᠣᠰᠢᠨ ᠰᠠᠭᠤᠭᠴᠢᠳ ᠢ ᠬᠦᠢᠰᠦ ᠲᠡᠮᠲᠡᠷᠢᠭᠰᠡᠨ ᠶᠤᠮ᠃ ᠡᠨᠡ ᠦᠶ᠎ᠡ ᠳᠦ ᠵᠧᠢᠬᠤᠨ (ᠠᠮᠤᠳ᠋ ᠍ ᠤᠷᠢᠶ᠎ᠠ) ᠮᠥᠷᠡᠨ ᠦ ᠡᠷᠭᠢ ᠳᠠᠭᠠᠭᠤᠬᠢ ᠪᠦᠬᠦ ᠨᠤᠲᠤᠭ ᠫᠠᠮᠢᠷ ᠤᠨ ᠠᠭᠤᠯᠠᠨ ᠠᠴᠠ ᠠᠷᠠᠯ ᠤᠨ ᠲᠡᠩᠭᠢᠰ ᠨᠤᠲᠤᠭ ᠢ ᠳᠣᠭᠣᠯᠠᠩ ᠲᠡᠮᠦᠷ ᠡᠮᠢᠷ ᠡᠷᠬᠡᠰᠢᠶᠡᠯ ᠳᠦ ᠪᠡᠨ ᠣᠷᠣᠭᠤᠯᠤᠭᠰᠠᠨ ᠪᠠᠶᠢᠪᠠ᠃

1389 ᠤᠨ ᠳᠤ ᠪᠠᠯᠬᠠᠰ ᠨᠠᠭᠤᠷ ᠤᠨ ᠤᠷᠢᠳᠤ ᠲᠠᠯ᠎ᠠ ᠶᠢᠨ ᠳᠣᠯᠣᠭᠠᠨ ᠤᠰᠤ᠂ ᠥᠨᠥ ᠶᠢᠨ ᠬᠠᠰᠠᠭᠰᠲ᠋ᠠᠨ ᠤ ᠡᠮᠦᠨᠡᠲᠦ ᠨᠤᠲᠤᠭ ᠤᠷᠤᠭᠤ ᠠᠶᠠᠨ ᠬᠢᠵᠦ ᠳᠠᠷᠠᠭ᠎ᠠ ᠨᠢ ᠫᠧᠷᠰ ᠦᠨ ᠡᠵᠡᠨᠲᠦ ᠭᠦᠷᠦᠨ ᠦ ᠨᠤᠲᠤᠭ ᠤᠷᠤᠭᠤ ᠬᠥᠯᠥᠭ ᠦᠨ ᠵᠢᠯᠣᠭᠣ ᠶᠢ ᠵᠠᠯᠠᠬᠤ ᠦᠶ᠎ᠡ ᠳᠦ ᠨᠢ ᠠᠯᠲᠠᠨ ᠣᠷᠳᠣᠨ ᠤ ᠤᠯᠤᠰ ᠤᠨ ᠲᠤᠬᠤᠲᠠ ᠤᠰ ᠬᠠᠭᠠᠨ ᠡᠮᠢᠷ ᠤᠨ ᠨᠤᠲᠤᠭ ᠲᠤ ᠬᠠᠯᠠᠳᠠᠵᠤ ᠬᠣᠶᠢᠳᠤ ᠨᠤᠲᠤᠭ ᠢ ᠨᠢ ᠲᠦᠢᠪᠡᠭᠡᠵᠦ ᠪᠠᠶᠢᠭ᠎ᠠ ᠲᠤᠬᠠᠢ ᠮᠡᠳᠡᠭᠡ ᠠᠪᠴᠤ ᠨᠡᠶᠢᠰᠯᠡᠯ ᠰᠠᠮᠠᠷᠺᠠᠨᠳ ᠬᠣᠲᠠ ᠳᠤ ᠪᠠᠨ ᠪᠤᠴᠠᠨ ᠢᠷᠡᠵᠦ ᠲᠣᠮᠣᠬᠠᠨ ᠳᠠᠶᠢᠨ ᠳᠤ ᠪᠡᠯᠡᠳᠬᠡᠵᠦ ᠡᠬᠢᠯᠡᠵᠡᠢ᠃

ᠳᠣᠭᠣᠯᠠᠩ ᠲᠡᠮᠦᠷ ᠡᠮᠢᠷ ᠠᠯᠲᠠᠨ ᠣᠷᠳᠣᠨ ᠤ ᠤᠯᠤᠰ ᠤᠷᠤᠭᠤ1389,1391,1394-1395 ᠤᠨ ᠨᠤᠭᠤᠳ ᠲᠤ ᠨᠡᠶᠢᠲᠡ ᠳᠦ ᠪᠡᠨ ᠭᠤᠷᠪᠠᠨ ᠤᠳᠠᠭ᠎ᠠ ᠠᠶᠠᠨ ᠳᠠᠶᠢᠨ ᠬᠢᠵᠦ ᠲᠤᠬᠠᠢ ᠪᠦᠷᠢ ᠨᠠᠷᠠ ᠲᠥᠭᠡᠨᠡᠭᠰᠡᠨ ᠬᠡᠭᠡᠷ᠎ᠡ ᠲᠠᠯ᠎ᠠ ᠪᠠᠷ 2500 ᠺᠢᠯᠣᠮᠧᠲ᠋ᠷ ᠵᠠᠮ ᠲᠤᠭᠤᠯᠵᠤ ᠪᠠᠶᠢᠪᠠ᠃ ᠬᠠᠷᠢᠨ ᠰᠡᠭᠦᠯᠴᠢ ᠶᠢᠨ ᠤᠳᠠᠭ ᠠᠺᠠᠰᠫ ᠦᠨ ᠲᠡᠩᠭᠢᠰ ᠦᠨ ᠪᠠᠷᠠᠭᠤᠨ ᠡᠷᠭᠢ ᠳᠠᠭᠠᠤ ᠠᠽᠧᠷᠪᠠᠶᠢᠵᠠᠨ ᠦ ᠨᠤᠲᠤᠭ᠂ ᠳᠧᠷᠪᠧᠨ᠋ᠲ ᠴᠠᠶᠢᠵᠠ ᠪᠠᠷ ᠳᠠᠭᠠᠷᠢᠵᠤ ᠶᠠᠪᠤᠵᠠᠢ᠃

1391 ᠤᠨ ᠤ ᠳᠣᠯᠣᠭᠠᠳᠤᠭᠠᠷ ᠰᠠᠷ᠎ᠠ ᠳᠤ ᠺᠧᠺᠭᠧᠯ ᠨᠠᠭᠤᠷ ᠤᠨ ᠳᠡᠷᠭᠡᠳᠡ ᠪᠣᠯᠤᠭᠰᠠᠨ ᠰᠢᠢᠳᠪᠦᠷᠢᠯᠡᠬᠦ ᠲᠤᠯᠤᠯᠳᠤᠭᠠᠨ ᠳᠤ ᠬᠣᠶᠠᠷ ᠲᠠᠯ᠎ᠠ ᠠᠴᠠ ᠲᠤᠰ ᠪᠦᠷᠢ 300 ᠮᠢᠩᠭ᠎ᠠ ᠣᠷᠴᠢᠮ ᠴᠡᠷᠢᠭ ᠣᠷᠣᠯᠴᠠᠵᠤ ᠳᠣᠭᠣᠯᠠᠩ ᠲᠡᠮᠦᠷ ᠡᠮᠢᠷ ᠤᠨ ᠴᠡᠷᠢᠭ ᠢᠯᠠᠵᠤ ᠠᠯᠲᠠᠨ ᠣᠷᠳᠣᠨ ᠤ ᠤᠯᠤᠰ ᠤᠨ ᠨᠡᠶᠢᠰᠯᠡᠯ ᠰᠠᠷᠠᠢ ᠬᠣᠲᠠ ᠶᠢ ᠡᠵᠡᠯᠡᠨ ᠲᠦᠢᠪᠡᠭᠡᠭᠰᠡᠨ ᠴᠤ ᠲᠤᠰ ᠣᠷᠣᠨ ᠤ ᠨᠤᠲᠤᠭ ᠢ ᠡᠷᠬᠡᠰᠢᠶᠡᠯ ᠳᠦ ᠪᠡᠨ ᠠᠪᠤᠭᠰᠠᠨ ᠦᠭᠡᠢ ᠨᠤᠲᠤᠭ ᠪᠤᠴᠠᠵᠠᠢ᠃

1395 ᠤᠨ ᠳᠤ ᠠᠯᠲᠠᠨ ᠣᠷᠳᠣᠨ ᠤ ᠤᠯᠤᠰ ᠢ ᠳᠠᠬᠢᠨ ᠲᠦᠢᠪᠡᠭᠡᠭᠰᠡᠨ ᠦ ᠳᠠᠷᠠᠭ᠎ᠠ ᠣᠷᠣᠰ ᠤᠨ ᠨᠤᠲᠤᠭ ᠲᠤ ᠬᠦᠷᠴᠦ ᠬᠢᠯᠢ ᠶᠢᠨ ᠶᠡᠯᠧᠼ ᠬᠣᠲᠠ ᠴᠠᠶᠢᠳ ᠢ ᠡᠵᠡᠯᠡᠭᠰᠡᠨ ᠦ ᠳᠠᠷᠠᠭ᠎ᠠ ᠶᠠᠭᠠᠬᠢᠭᠠᠳ ᠴᠤ ᠶᠤᠮ ᠪᠤᠴᠠᠨ ᠶᠠᠪᠤᠵᠠᠢ᠃

1392-1398 ᠤᠨ ᠨᠤᠭᠤᠳ ᠲᠤ ᠫᠧᠷᠰ᠂ ᠬᠥᠷᠰᠢ ᠤᠷᠤᠰᠢᠬᠤ ᠺᠠᠸᠬᠠᠰ ᠴᠠᠭᠠᠳᠦᠬᠢ ᠨᠤᠲᠤᠭ ᠢ ᠲᠦᠷᠢᠮᠡᠭᠡᠶᠢᠯᠡᠬᠦ ᠳᠦ ᠪᠡᠨ 1394 ᠤᠨ ᠳᠤ ᠫᠠᠳᠠᠯ ᠬᠣᠲᠠ ᠶᠢᠨ ᠣᠶᠢᠷᠠᠯᠴᠠᠭ᠎ᠠ ᠫᠧᠷᠰ ᠦᠨ ᠮᠠᠩᠰᠢᠷ ᠰᠢᠬ᠎ᠠ ᠶᠢᠨ ᠶᠡᠬᠡ ᠴᠡᠷᠢᠭ ᠲᠡᠢ ᠲᠣᠮᠣᠬᠠᠨ ᠪᠠᠶᠢᠯᠳᠤᠭᠠᠨ ᠬᠢᠵᠦ ᠳᠠᠶᠢᠰᠤᠨ ᠤ ᠬᠣᠷᠢᠭᠯᠠᠯᠲᠠ ᠶᠢᠨ ᠲᠥᠪ ᠬᠡᠰᠡᠭ ᠤᠷᠤᠭᠤ ᠮᠣᠷᠢᠨ ᠴᠡᠷᠢᠭ ᠦᠨ ᠳᠠᠭᠠᠷᠢᠯᠲᠠ ᠬᠢᠭᠰᠡᠨ ᠨᠢ ᠪᠦᠲᠦᠯᠭᠦᠶᠢᠲᠦᠵᠦ ᠨᠥᠭᠡᠴᠡᠨ ᠳᠦ ᠪᠠᠶᠢᠭᠰᠠᠨ ᠬᠦᠨᠳᠦ ᠮᠣᠷᠢᠨ ᠴᠡᠷᠢᠭ ᠢᠶᠡᠨ ᠲᠤᠯᠤᠯᠳᠤᠭᠠᠨ ᠳᠤ ᠣᠷᠣᠭᠤᠯᠵᠤ ᠪᠠᠶᠢᠵᠤ ᠰᠠᠶ᠋ᠢ ᠨᠢᠭᠡ ᠳᠡᠶᠢᠯᠵᠡᠢ᠃

ᠡᠨᠡ ᠢᠯᠠᠯᠲᠠ ᠶᠢᠨ ᠦᠷ᠎ᠡ ᠳ᠋ᠦᠩ ᠳᠦ ᠫᠧᠷᠰ ᠦᠨ ᠡᠵᠡᠨᠲᠦ ᠭᠦᠷᠦᠨ ᠢ ᠪᠦᠷᠢᠨ ᠡᠷᠬᠡᠰᠢᠶᠡᠯ ᠳᠦ ᠪᠡᠨ ᠣᠷᠣᠭᠤᠯᠵᠠᠢ᠃ ᠫᠧᠷᠰ ᠦᠨ ᠵᠠᠷᠢᠮ ᠬᠣᠲᠠ᠂ ᠮᠤᠵᠢ ᠳᠤ ᠮᠣᠩᠭᠣᠯᠴᠤᠳ ᠤᠨ ᠡᠰᠡᠷᠬᠦ ᠭᠤᠷᠪᠠᠨ ᠤᠳᠠᠭ᠎ᠠ ᠲᠣᠮᠣᠬᠠᠨ ᠪᠣᠰᠤᠯᠭ᠎ᠠ ᠭᠠᠷᠭᠠᠬᠤ ᠳᠤ ᠵᠡᠪᠰᠡᠭ ᠦᠨ ᠬᠦ᠋ᠴᠦ ᠪᠡᠷ ᠳᠠᠷᠤᠵᠤ ᠬᠣᠲᠠ᠂ ᠰᠠᠭᠤᠷᠢᠨ ᠢ ᠨᠢ ᠲvᠢᠮᠡᠷᠳᠡᠵᠦ ᠣᠷᠣᠰᠢᠨ ᠰᠠᠭᠤᠭᠴᠢᠳ ᠢ ᠨᠢ ᠲᠣᠯᠣᠭᠠᠢ ᠳᠠᠷᠠᠭᠠᠯᠠᠨ ᠭᠦ᠋ᠢᠰᠦ ᠲᠡᠮᠲᠡᠷᠢᠵᠤ ᠪᠠᠶᠢᠴᠠᠢ᠃

ᠨᠠᠰᠤ ᠪᠠᠷᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠮᠦᠷ ᠬᠠᠭᠠᠨ ᠬᠢᠲᠠᠳ ᠤᠨ ᠮᠢᠩ ᠤᠯᠤᠰ ᠥᠪᠡᠷ ᠢ ᠨᠢ ᠳᠠᠭᠠᠷ᠎ᠠ ᠣᠷᠣᠬᠤ ᠶᠢ ᠱᠠᠭᠠᠷᠳᠠᠭᠰᠠᠨ ᠵᠠᠬᠢᠶ᠎ᠠ ᠬᠦᠯᠢᠶᠡᠨ ᠠᠪᠤᠭᠰᠠᠨ ᠤ ᠳᠠᠷᠠᠭ᠎ᠠ 1405 ᠤᠨ ᠳᠤ ᠬᠢᠲᠠᠳ ᠲᠠᠢ ᠳᠠᠶᠢᠲᠤᠬᠤ ᠪᠠᠷ ᠵᠡᠭᠦᠨ ᠲᠡᠰᠢ ᠴᠡᠷᠢᠭᠯᠡᠨ ᠬᠥᠳᠡᠯᠬᠦ ᠵᠠᠮ ᠳᠤ ᠪᠠᠨ ᠡᠪᠡᠳᠴᠢᠨ ᠦ ᠤᠯᠠᠮ ᠠᠴᠠ ᠨᠠᠰᠤ ᠪᠠᠷᠠᠵᠠᠢ᠃ ᠲᠡᠷᠡ ᠮᠣᠩᠭᠣᠯ ᠤᠨ ᠥᠯᠵᠡᠶᠢᠲᠡᠮᠦᠷ ᠬᠠᠭᠠᠨᠲᠠᠢ ᠬᠣᠯᠪᠣᠭ᠎ᠠ ᠲᠠᠢ ᠪᠠᠶᠢᠵᠤ ᠮᠢᠩ ᠤᠯᠤᠰ ᠢ ᠡᠵᠡᠯᠡᠵᠦ ᠤᠷᠢᠳᠤ ᠶᠢᠨ ᠮᠣᠩᠭᠣᠯ ᠤᠨ ᠶᠡᠬᠡ ᠤᠯᠤᠰ ᠢ ᠰᠡᠷᠭᠦᠭᠡᠬᠦ ᠶᠢ ᠵᠣᠷᠢᠵᠤ ᠪᠠᠶᠢᠴᠠᠢ᠃

ᠲᠡᠭᠦᠨ ᠦ ᠲᠠᠯ᠎ᠠ ᠪᠠᠷ ᠵᠠᠷᠢᠮ ᠨᠢᠭᠡᠨ ᠰᠣᠨᠢᠷᠬᠠᠯᠲᠠᠢ ᠮᠡᠳᠡᠭᠡ ᠪᠠᠷᠢᠮᠲᠠ ᠨᠤᠭᠤᠳ ᠪᠠᠶᠢᠳᠠᠭ ᠪᠥᠭᠡᠳ ᠲᠤᠬᠠᠶᠢᠯᠠᠪᠠᠯ ᠰᠠᠮᠠᠷᠺᠠᠨᠳᠠ ᠳᠤ ᠪᠠᠶᠢᠳᠠᠭ ᠲᠡᠭᠦᠨ ᠦ ᠪᠤᠩᠬᠤᠨ ᠢ 1941 ᠤᠨ ᠳᠤ ᠵᠠᠷᠢᠮ ᠮᠡᠳᠡᠭᠡ ᠪᠡᠷ 1940 ᠤᠨ ᠳᠤ ᠵᠥᠪᠯᠡᠯᠲᠦ ᠬᠣᠯᠪᠣᠭᠠᠲᠤ ᠤᠯᠤᠰ ᠤᠨ ᠰᠤᠳᠤᠯᠤᠭᠠᠴᠢᠳ ᠬᠥᠨᠳᠡᠢ ᠳᠤ ᠬᠡᠷᠪᠡ ᠮᠢᠨᠦ ᠪᠤᠩᠬᠤᠨ ᠢ ᠬᠥᠨᠳᠡᠬᠦ ᠠᠪᠠᠰᠤ ᠨᠢᠭᠡᠨ ᠵᠢᠯ ᠦᠨ ᠳᠠᠷᠠᠭ᠎ᠠ ᠲᠠᠨ ᠤ ᠤᠯᠤᠰ ᠢ ᠬᠦᠴᠦᠷᠬᠡᠭ ᠨᠢᠭᠡᠨ ᠭᠦᠷᠦᠨ ᠬᠠᠯᠳᠠᠨ ᠳᠣᠪᠲᠣᠯᠬᠤ ᠪᠣᠯᠤᠨ᠎ᠠ ᠭᠡᠰᠡᠨ ᠤᠳᠬ᠎ᠠ ᠲᠠᠢ ᠪᠢᠴᠢᠭᠡᠰᠦ ᠭᠠᠷᠴᠤ ᠢᠷᠡᠭᠰᠡᠨ ᠭᠡᠳᠡᠭ᠃

ᠲᠡᠮᠦᠷ ᠬᠠᠭᠠᠨ ᠤ ᠪᠤᠩᠬᠤᠨ ᠭᠦᠷᠦ ᠡᠮᠢᠷ
ᠲᠡᠮᠦᠷ ᠬᠠᠭᠠᠨ ᠤ ᠪᠤᠩᠬᠤᠨ ᠭᠦᠷᠦ ᠡᠮᠢᠷ

ᠪᠢᠴᠢᠭᠡᠰᠦ