ᠳᠡᠷᠡᠨ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠤᠯᠤᠰ ᠍ ᠍ ᠤᠨ ᠭᠤᠷᠪᠠᠨ ᠵᠠᠭᠤᠨ ᠭᠤᠴᠢᠨ ᠰᠤᠮᠤ ᠍ ᠍ ᠤᠨ ᠨᠢᠭᠡ
ᠳᠡᠷᠡᠨ ᠰᠤᠮᠤ
ᠤᠯᠤᠰ ᠣᠷᠣᠨ ᠮᠣᠩᠭᠣᠯ ᠮᠣᠩᠭᠣᠯ (ᠮᠣᠩᠭᠣᠯ ᠤᠯᠤᠰ)
ᠠᠶᠢᠮᠠᠭ Dundgovi COA.png ᠳᠤᠮᠳᠠᠭᠤᠪᠢ
ᠶᠠᠮᠠᠷ ᠨᠢᠭᠡᠴᠡ ᠰᠤᠮᠤ
ᠰᠤᠮᠤ ᠶᠢᠨ ᠲᠥᠪ ᠴᠠᠩ ᠳᠤ
ᠨᠤᠲᠤᠭ ᠤᠨ
ᠬᠤᠪᠢᠶᠠᠷᠢ
ᠳᠥᠷᠪᠡᠨ ᠪᠠᠭ ᠲᠤ ᠬᠤᠪᠢᠶᠠᠭᠳᠠᠳᠠᠭ:[1]
1. ᠠᠯᠠᠭ-ᠥᠨᠳᠥᠷ
2. ᠰᠠᠷᠠᠭᠤᠯ
3. ᠳᠣᠯᠣᠭᠠᠳ
4. ᠪᠤᠮᠪᠠ ᠳᠤ
ᠭᠠᠵᠠᠷ ᠨᠤᠲᠤᠭ 3,624 ᠺᠦᠸᠠᠳ᠋ ᠺᠢᠯᠣᠮᠧᠲ᠋ᠷ
ᠬᠦᠮᠦᠨ ᠠᠮᠠ (2007) 2,408 ᠬᠦᠮᠦᠨ
ᠨᠢᠭᠲᠠᠴᠠ ᠰᠡᠶᠢᠷᠡᠭ 0.66 ᠬᠦᠮᠦᠨ/км²
ᠳᠡᠷᠡᠨ
ᠰᠤᠮᠤ ᠶᠢᠨ ᠬᠢᠨ
ᠳᠤᠮᠳᠠᠭᠣᠪᠢ ᠶᠢᠨ ᠳᠡᠷᠡᠨ ᠦ ᠬᠢᠨ:
ᠦᠨᠳᠦᠰᠦᠨ ᠳᠦ ᠪᠡᠨ ᠮᠣᠩᠭᠣᠯ ᠦᠨᠳᠦᠰᠦᠲᠡᠨ
ᠴᠠᠭ ᠤᠨ ᠪᠥᠰᠡ ᠤᠯᠠᠭᠠᠨᠪᠠᠭᠠᠲᠤᠷ ᠤᠨ ᠴᠠᠭ (GMT+8)

ᠳᠡᠷᠡᠨ ᠨᠢ ᠳᠤᠮᠳᠠᠭᠤᠪᠢ ᠠᠶᠢᠮᠠᠭ ᠤᠨ ᠰᠤᠮᠤ ᠶᠤᠮ᠃ ᠳᠡᠷᠡᠨ ᠰᠤᠮᠤ ᠨᠢ ᠠᠶᠢᠷᠠᠭ ᠢᠶᠠᠷ ᠢᠶᠠᠨ ᠠᠯᠳᠠᠷᠲᠠᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠰᠤᠮᠤ ᠨᠢ ᠠᠩᠬ᠎ᠠ 1924 ᠣᠨ ᠳᠤ ᠪᠣᠭᠳᠠ ᠬᠠᠨ ᠠᠭᠤᠯᠠ ᠶᠢᠨ ᠠᠶᠢᠮᠠᠭ ᠤᠨ ᠳᠡᠯᠭᠡᠷᠴᠣᠭ ᠲᠤ ᠬᠣᠰᠢᠭᠤᠨ ᠤ ᠳᠡᠷᠡᠨ ᠰᠤᠮᠤ ᠨᠡᠷ᠎ᠡ ᠲᠡᠢ ᠪᠠᠶᠢᠭᠤᠯᠤᠭᠳᠠᠵᠤ ᠪᠠᠶᠢᠭᠰᠠᠨ᠃ ᠤᠯᠠᠭᠠᠨᠪᠠᠭᠠᠲᠤᠷ ᠬᠣᠲᠠ ᠠᠴᠠ ᠤᠷᠤᠭᠰᠢ 210 ᠺᠢᠯᠣᠮᠧᠲ᠋ᠷ᠂ ᠠᠶᠢᠮᠠᠭ ᠤᠨ ᠲᠥᠪ ᠡᠴᠡ ᠵᠡᠭᠦᠨ ᠬᠣᠶᠢᠰᠢ 70 ᠺᠢᠯᠣᠮᠧᠲ᠋ᠷ ᠳᠦ ᠣᠷᠣᠰᠢᠳᠠᠭ᠃

ᠭᠠᠵᠠᠷ ᠵᠦᠢ ᠶᠢᠨ ᠪᠠᠶᠢᠷᠢᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠤᠮᠳᠠᠭᠤᠪᠢ ᠠᠶᠢᠮᠠᠭ ᠤᠨ ᠵᠡᠭᠦᠨ ᠬᠣᠶᠢᠳᠤ ᠬᠡᠰᠡᠭ ᠲᠦ:

-ᠤᠯᠠᠭᠠᠨᠪᠠᠭᠠᠲᠤᠷ ᠬᠣᠲᠠ ᠠᠴᠠ 210 ᠺᠢᠯᠣᠮᠧᠲ᠋ᠷ᠂ 
-ᠠᠶᠢᠮᠠᠭ ᠤᠨ ᠲᠥᠪ ᠡᠴᠡ 66 ᠺᠢᠯᠣᠮᠧᠲ᠋ᠷ ᠵᠠᠢ ᠳᠤ ᠪᠠᠶᠢᠷᠢᠯᠠᠳᠠᠭ᠃

ᠰᠤᠮᠤ ᠨᠢ 362.2 ᠮᠢᠩᠭᠠᠨ ᠭᠠ ᠨᠤᠲᠤᠭ ᠳᠡᠪᠢᠰᠬᠡᠷ ᠲᠡᠢ ᠪᠠ ᠪᠦᠬᠦᠯᠢ ᠳᠦ ᠪᠡᠨ ᠲᠠᠯ᠎ᠠ ᠬᠡᠭᠡᠷ᠎ᠡ ᠶᠢᠨ ᠪᠥᠰᠡ ᠳᠦ ᠬᠠᠮᠤᠷᠤᠭᠳᠠᠨ᠎ᠠ᠃ᠲᠥᠪ ᠠᠶᠢᠮᠠᠭ ᠤᠨ ᠪᠠᠶᠠᠨᠴᠠᠭᠠᠨ᠂ ᠪᠠᠶᠠᠨ-ᠥᠨᠵᠢᠭᠦᠯ᠂ ᠥᠪᠡᠷ ᠦᠨ ᠠᠶᠢᠮᠠᠭ ᠤᠨ ᠴᠠᠭᠠᠨᠳᠡᠯᠭᠡᠷ᠂ ᠭᠣᠪᠢ-ᠤᠭᠲᠠᠭᠠᠯ᠂ ᠭᠤᠷᠪᠠᠨᠰᠠᠶᠢᠬᠠᠨ᠂ ᠰᠠᠶᠢᠨᠴᠠᠭᠠᠨ᠂ ᠳᠡᠯᠭᠡᠷᠴᠣᠭ ᠲᠤ ᠰᠤᠮᠤ ᠲᠠᠢ ᠬᠢᠯᠢ ᠵᠠᠯᠭᠠᠨ ᠭᠣᠪᠢ ᠲᠠᠯ᠎ᠠ ᠬᠡᠭᠡᠷ᠎ᠡ ᠶᠢᠨ ᠪᠥᠰᠡ ᠳᠦ ᠣᠷᠣᠰᠢᠳᠠᠭ᠃

ᠪᠠᠶᠢᠭᠠᠯᠢ᠂ ᠭᠠᠵᠠᠷ ᠵᠦᠢ ᠶᠢᠨ ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠷᠭᠤᠮᠠᠯ ᠭᠠᠵᠠᠷ ᠵᠦᠢ ᠶᠢᠨ ᠠᠩᠬᠢᠯᠠᠯ ᠢᠶᠠᠷ ᠲᠠᠯ᠎ᠠ ᠬᠡᠭᠡᠷ᠎ᠡ ᠶᠢᠨ ᠪᠥᠰᠡ ᠳᠦ ᠤᠷᠤᠰᠢᠬᠤ ᠲᠤᠰ ᠰᠤᠮᠤ ᠶᠢᠨ ᠨᠤᠲᠤᠭ ᠤᠨ ᠶᠡᠬᠡᠩᠬᠢ ᠬᠡᠰᠡᠭ ᠲᠦ ᠨᠢ ᠲᠠᠯ᠎ᠠ ᠬᠡᠭᠡᠷ᠎ᠡ᠂ ᠨᠠᠮ ᠠᠤᠯᠠᠯᠠᠰ ᠤᠨ ᠵᠠᠷᠢᠮᠳᠤᠭ ᠬᠡᠭᠡᠷ᠎ᠡ ᠶᠢᠨ ᠤᠷᠭᠤᠮᠠᠯᠵᠢᠯᠲᠠ ᠵᠣᠩᠬᠢᠯᠠᠨ᠎ᠠ᠃ ᠨᠤᠲᠤᠭ ᠤᠨ ᠶᠡᠬᠡᠩᠬᠢ ᠬᠡᠰᠡᠭ ᠲᠦ ᠳᠠᠪᠤᠰᠤᠷᠬᠠᠭ ᠪᠣᠷᠣ ᠬᠥᠷᠥᠰᠥᠲᠡᠢ ᠬᠢᠯᠭᠠᠨ᠎ᠠ ᠪᠣᠷ ᠪᠤᠳᠠᠷᠠ ᠭᠠᠩᠲᠤ ᠬᠡᠭᠡᠷ᠎ᠡ ᠵᠣᠩᠬᠢᠯᠠᠳᠠᠭ ᠪᠠ ᠲᠠᠭᠠᠨ᠎ᠠ᠂ ᠬᠥᠮᠡᠯᠢ ᠵᠡᠷᠭᠡ ᠤᠷᠭᠤᠮᠠᠯ ᠵᠣᠩᠬᠢᠯᠠᠨ ᠤᠷᠭᠤᠵᠤ ᠪᠠᠶᠢᠨ᠎ᠠ᠃ ᠬᠥᠷᠦᠰᠦᠨ ᠦ ᠬᠤᠪᠢ ᠳᠤ ᠲᠠᠯ᠎ᠠ ᠶᠢᠨ ᠤᠯᠠᠭᠠᠨ ᠬᠥᠷᠥᠰᠥᠲᠡᠢ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠭᠤᠷ ᠠᠮᠢᠰᠬᠤᠯ ᠤᠨ ᠬᠤᠪᠢ ᠳᠤ ᠬᠠᠭᠤᠷᠠᠢ ᠬᠡᠭᠡᠷ᠎ᠡ ᠶᠢᠨ ᠮᠤᠵᠢ ᠳᠤ ᠪᠠᠭᠲᠠᠳᠠᠭ᠃ ᠠᠭᠠᠷ ᠤᠨ ᠵᠢᠯ ᠦᠨ ᠳᠤᠮᠳᠠᠴᠢ ᠲᠣᠯᠠᠭᠠᠨ ᠤ ᠬᠡᠮᠵᠢᠶ᠎ᠡ 2-4 ᠬᠡᠮ ᠪᠠᠶᠢᠨ᠎ᠠ᠃ ᠵᠢᠯ ᠦᠨ ᠴᠡᠯᠮᠡᠭ ᠡᠳᠦᠷ ᠦᠨ ᠲᠣᠭ᠎ᠠ 100-120 ᠡᠳᠦᠷ᠂ ᠵᠢᠯ ᠳᠤ ᠪᠡᠨ ᠨᠠᠷ ᠭᠡᠶᠢᠭᠦᠯᠬᠦ ᠬᠤᠭᠤᠴᠠᠭ᠎ᠠ 3000 ᠣᠷᠴᠢᠮ ᠴᠠᠭ ᠪᠠᠶᠢᠳᠠᠭ᠃ ᠵᠢᠯ ᠳᠤ ᠤᠷᠤᠬᠤ ᠬᠤᠷ᠎ᠠ ᠲᠤᠨᠠᠳᠠᠭᠰᠠᠨ ᠤ ᠬᠡᠮᠵᠢᠶ᠎ᠡ ᠣᠳᠣ ᠠᠴᠠ 20 ᠵᠢᠯ ᠦᠨ ᠡᠮᠦᠨ᠎ᠡ 100-120 ᠮᠢᠯᠯᠢᠮᠧᠲ᠋ᠷ ᠪᠠᠶᠢᠭᠰᠠᠨ ᠪᠣᠯ ᠰᠡᠭᠦᠯ ᠦᠨ ᠵᠢᠯ ᠤᠨᠳ ᠲᠤ ᠡᠨᠡ ᠬᠡᠮᠵᠢᠶ᠎ᠡ ᠪᠠᠭᠠᠰᠴᠤ ᠳᠤᠮᠳᠠᠴᠢ ᠪᠠᠷ 60-90 ᠮᠢᠯᠯᠢᠮᠧᠲ᠋ᠷ ᠪᠣᠯᠤᠭᠰᠠᠨ ᠪᠠᠶᠢᠨ᠎ᠠ᠃ ᠰᠡᠭᠦᠯ ᠦᠨ ᠵᠢᠯ ᠤᠨᠳ ᠲᠤ ᠵᠤᠨ ᠤ ᠤᠯᠠᠷᠢᠯ ᠳᠤ ᠬᠤᠷ᠎ᠠ ᠲᠤᠨᠠᠳᠠᠭᠰᠠᠨ ᠤ ᠬᠡᠮᠵᠢᠶ᠎ᠡ ᠪᠠᠭᠠᠰᠬᠤ ᠶᠢᠨ ᠵᠡᠷᠭᠡᠴᠡᠭᠡ ᠬᠤᠷᠴᠠ ᠨᠠᠷᠠ ᠲᠠᠢ ᠡᠳᠦᠷ ᠦᠨ ᠳᠠᠪᠲᠠᠮᠵᠢ᠂ ᠲᠣᠭ᠎ᠠ ᠶᠡᠬᠡᠰᠦᠭᠰᠡᠨ ᠢᠶᠡᠷ ᠵᠤᠨ ᠨᠠᠮᠤᠷ ᠲᠤ ᠪᠠᠨ ᠠᠭᠠᠨ ᠪᠣᠯᠵᠤ ᠪᠠᠶᠢᠨ᠎ᠠ᠃ ᠨᠤᠲᠤᠭ ᠳᠡᠪᠢᠰᠬᠡᠷ ᠦᠨ ᠥᠨᠳᠦᠷᠵᠢᠯᠲᠡ ᠶᠢᠨ ᠢᠯᠭᠠᠭ᠎ᠠ ᠪᠠᠭ᠎ᠠ ᠲᠤᠯᠠ ᠰᠠᠯᠬᠢ ᠶᠡᠬᠡ ᠲᠡᠢ ᠨᠤᠲᠤᠭ ᠲᠤ ᠲᠣᠭᠠᠴᠠᠭᠳᠠᠵᠤ ᠪᠠᠶᠢᠨ᠎ᠠ᠃ ᠣᠯᠠᠨ ᠵᠢᠯ ᠦᠨ ᠳᠤᠮᠳᠠᠴᠢ ᠰᠠᠯᠬᠢᠨ ᠤ ᠬᠤᠷᠳᠤ 3-5 ᠮ/ᠰ ᠰᠡᠭᠦᠯ ᠦᠨ ᠵᠢᠯ ᠦᠳ ᠦᠨ ᠬᠢ 4-6 ᠮ/ᠰ ᠪᠣᠯᠵᠤ 12 ᠮ/ᠰ ᠳᠡᠭᠡᠭᠰᠢ ᠰᠢᠷᠤᠶᠢᠨ ᠰᠢᠭᠤᠷᠭ᠎ᠠ ᠲᠠᠢ ᠳᠥᠷᠥ ᠶᠢᠨ ᠲᠣᠭ᠎ᠠ ᠶᠡᠬᠡᠰᠦᠭᠰᠡᠨ ᠬᠠᠮᠤᠭ ᠤᠨ ᠶᠡᠬᠡ ᠬᠤᠷᠳᠤ 40 ᠮ/ᠰ ᠬᠦᠷᠴᠦ ᠪᠠᠶᠢᠨ᠎ᠠ᠃

ᠵᠠᠰᠠᠭ ᠵᠠᠬᠢᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠰᠠᠭ ᠵᠠᠬᠢᠷᠭᠠᠨ ᠤ 4 ᠪᠠᠭ ᠲᠠᠢ ᠰᠤᠮᠤ ᠶᠢᠨ ᠨᠡᠶᠢᠲᠡ 2343 ᠬᠦᠮᠦᠨ ᠠᠮᠠ ᠲᠠᠢ ᠪᠠ 585 ᠡᠷᠦᠬᠡ ᠲᠡᠢ᠂ 9 ᠵᠢᠯ ᠦᠨ ᠳᠤᠮᠳᠠ ᠰᠤᠷᠭᠠᠭᠤᠯᠢ᠂ ᠬᠦᠮᠦᠨ ᠡᠮᠨᠡᠯᠭᠡ ᠶᠢᠨ ᠰᠠᠯᠪᠤᠷᠢ᠂ ᠬᠡᠦᠬᠡᠳ ᠦᠨ ᠴᠡᠴᠡᠷᠯᠢᠭ ᠵᠡᠷᠭᠡ ᠲᠥᠰᠥᠪ ᠲᠦ ᠭᠠᠵᠠᠷ ᠤᠳ᠂ ХААН ᠪᠠᠩᠬᠢ᠂ ᠬᠣᠯᠪᠣᠭ᠎ᠠ᠂ ᠮᠠᠯ ᠡᠮᠨᠡᠯᠭᠡ ᠭᠡᠬᠦ ᠮᠡᠲᠦ ᠲᠥᠷᠥ ᠶᠢᠨ ᠥᠮᠴᠢ ᠶᠢᠨ ᠪᠤᠰᠤ ᠪᠠᠶᠢᠭᠤᠯᠤᠯᠭ᠎ᠠ ᠨᠤᠭᠤᠳ ᠠᠵᠢᠯᠯᠠᠵᠤ ᠪᠠᠶᠢᠨ᠎ᠠ᠃ ᠰᠤᠮᠤᠨ ᠳᠤ ᠲᠡᠭᠡᠭᠡᠪᠦᠷᠢ ᠶᠢᠨ ᠬᠡᠷᠡᠭᠰᠡᠯ ᠪᠤᠶᠤ ᠠᠦ᠋ᠲ᠋ᠣᠮᠠᠰᠢᠨ 198, ᠮᠣᠲ᠋ᠣᠼᠢᠺᠠᠯ 259 ᠪᠠᠶᠢᠨ᠎ᠠ᠃

ᠮᠠᠯ ᠤᠨ ᠲᠣᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

2008 ᠣᠨ ᠤ ᠵᠢᠯ ᠦᠨ ᠡᠴᠦᠰ ᠦᠨ ᠪᠠᠶᠢᠳᠠᠯ ᠢᠶᠠᠷ 131919 ᠲᠣᠯᠣᠭᠠᠢ ᠮᠠᠯ ᠲᠠᠢ ᠪᠠᠶᠢᠨ᠎ᠠ᠃ ᠡᠭᠦᠨ ᠡᠴᠡ ᠲᠡᠮᠡᠭᠡ -841 ᠠᠳᠤᠭᠤ –5618 ᠦᠬᠡᠷ –2646 ᠬᠣᠨᠢ-63918 ᠢᠮᠠᠭ᠎ᠠ-58896 ᠨᠡᠶᠢᠲᠡ ᠮᠠᠯ ᠰᠦᠷᠦᠭ ᠦᠨ 98 ᠬᠤᠪᠢ ᠨᠢ ᠬᠤᠪᠢ ᠶᠢᠨ ᠮᠠᠯ ᠠᠵᠤ ᠠᠬᠤᠢ ᠳᠤ᠂ 2 ᠬᠤᠪᠢ ᠨᠢ ᠠᠯᠪᠠᠨ ᠪᠠᠶᠢᠭᠤᠯᠤᠯᠭ᠎ᠠ᠂ ᠠᠵᠤ ᠠᠬᠤᠢ ᠶᠢᠨ ᠨᠢᠭᠡᠴᠡ ᠶᠢᠨ ᠲᠤᠰᠠᠯᠠᠬᠤ ᠠᠵᠤ ᠠᠬᠤᠢ ᠳᠤ ᠬᠠᠮᠤᠷᠤᠭᠳᠠᠵᠤ ᠪᠠᠶᠢᠨ᠎ᠠ᠃ ᠰᠤᠮᠤ ᠶᠢᠨ ᠢᠷᠭᠡᠳ ᠦᠨ ᠠᠮᠢᠵᠢᠷᠭᠠᠨ ᠤ ᠭᠣᠣᠯ ᠡᠬᠢ ᠡᠭᠦᠰᠪᠦᠷᠢ ᠬᠥᠳᠡᠯᠮᠦᠷᠢ ᠡᠷᠬᠢᠯᠡᠯᠲᠡ ᠨᠢ ᠮᠠᠯ ᠠᠵᠤ ᠠᠬᠤᠢ ᠪᠥᠭᠡᠳ ᠬᠥᠳᠡᠯᠮᠦᠷᠢ ᠶᠢᠨ ᠨᠠᠰᠤᠨ ᠤ ᠨᠡᠶᠢᠲᠡ ᠬᠦᠮᠦᠨ ᠦ 70 ᠣᠷᠴᠢᠮ ᠬᠤᠪᠢ ᠨᠢ ᠮᠠᠯ ᠠᠵᠤ ᠠᠬᠤᠢ ᠶᠢᠨ ᠰᠠᠯᠪᠤᠷᠢ ᠳᠤ ᠠᠵᠢᠯᠯᠠᠵᠤ ᠪᠠᠶᠢᠨ᠎ᠠ᠃ ᠰᠤᠮᠤᠨ ᠳᠤ ᠣᠭᠲᠣ ᠮᠠᠯ ᠦᠭᠡᠢ 15 ᠡᠷᠦᠬᠡ᠂ 10-200 ᠬᠦᠷᠲᠡᠯᠡᠬᠢ ᠲᠣᠯᠣᠭᠠᠢ ᠮᠠᠯ ᠲᠠᠢ 200 ᠡᠷᠦᠬᠡ᠂ 201-500 ᠮᠠᠯ ᠲᠠᠢ 170 ᠡᠷᠦᠬᠡ᠂ 501-1000 ᠬᠦᠷᠲᠡᠯᠡᠬᠢ ᠮᠠᠯ ᠲᠠᠢ 79 ᠡᠷᠦᠬᠡ ᠪᠠᠶᠢᠨ᠎ᠠ᠃ ᠬᠠᠷᠢᠨ 1000 ᠳᠡᠭᠡᠭᠰᠢ ᠮᠠᠯ ᠲᠠᠢ ᠡᠷᠦᠬᠡ 16 ᠪᠠᠶᠢᠭ᠎ᠠ ᠪᠥᠭᠡᠳ ᠬᠠᠮᠤᠭ ᠤᠨ ᠣᠯᠠᠨ ᠮᠠᠯ ᠲᠠᠢ ᠨᠢ 4 ᠍ ᠍ ᠳᠦᠭᠡᠷ ᠪᠠᠭ ᠤᠨ ᠢᠷᠭᠡᠨ ᠳ᠃ᠵᠡᠨ᠎ᠡ 3700 ᠮᠠᠯ ᠢᠶᠠᠷ ᠪᠤᠰᠤᠳ ᠢ ᠪᠠᠨ ᠮᠠᠩᠯᠠᠶᠢᠯᠠᠵᠤ ᠪᠠᠶᠢᠨ᠎ᠠ᠃

ᠣᠢ ᠶᠢᠨ ᠪᠠᠶᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠪᠠᠶᠢᠭᠤᠯᠤᠭᠳᠠᠰᠤᠨ ᠤ 90 ᠵᠢᠯ ᠦᠨ ᠣᠢ ᠶᠢᠨ ᠪᠠᠶᠠᠷ ᠨᠠᠭᠠᠳᠤᠮ 7 ᠍ ᠍ ᠳᠦᠭᠡᠷ ᠰᠠᠷ᠎ᠠ ᠶᠢᠨ 18 , 19 ᠍ ᠍ ᠳᠦ ᠲᠡᠮᠳᠡᠭᠯᠡᠨ ᠥᠩᠭᠡᠷᠡᠭᠦᠯᠬᠦ ᠪᠡᠷ ᠪᠣᠯᠤᠭᠰᠠᠨ ᠪᠠᠶᠢᠨ᠎ᠠ᠃

СУМЫН БАХАРХАЛ, СУМААС ТӨРӨН ГАРСАН АЛДАРТНУУД[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷᠲᠥᠷᠥ ᠶᠢᠨ ᠱᠠᠩᠨᠠᠯᠲ᠂ ᠠᠷᠠᠳ ᠤᠨ ᠵᠦᠵᠦᠭᠡᠴᠢᠨᠠᠷᠪᠠᠨ ᠲᠠᠪᠤᠳᠤᠭᠠᠷ ᠵᠠᠭᠤᠨ ᠤ ᠮᠠᠩᠯᠠᠢ ᠤᠷᠲᠤ ᠶᠢᠨ ᠳᠠᠭᠤᠴᠢ ᠨ᠃ᠨᠣᠷᠪᠤᠪᠠᠩᠵᠠᠳᠠ
 • ᠮᠣᠩᠭᠣᠯ ᠤᠯᠤᠰ ᠤᠨ ᠠᠷᠠᠳ ᠤᠨ ᠪᠠᠭᠰᠢ ᠳ᠃ᠲᠡᠮᠦᠷ
 • ᠮᠣᠩᠭᠣᠯ ᠤᠯᠤᠰ ᠤᠨ ᠭᠠᠪᠢᠶᠠᠲᠤ ᠵᠦᠵᠦᠭᠡᠴᠢᠨ ᠪ᠃ᠵᠢᠷᠭᠠᠯᠰᠠᠶᠢᠬᠠᠨ᠂
 • ᠮᠣᠩᠭᠣᠯ ᠤᠯᠤᠰ ᠤᠨ ᠭᠠᠪᠢᠶᠠᠲᠤ ᠳᠠᠰᠬᠠᠯᠵᠢᠭᠤᠯᠤᠭᠴᠢ᠂ ᠠᠷᠠᠳ ᠤᠨ ᠪᠣᠯᠪᠠᠰᠤᠷᠠᠯ ᠤᠨ ᠪᠣᠯᠤᠨ ᠪᠡᠶ᠎ᠡ ᠶᠢᠨ ᠲᠠᠮᠢᠷ ᠤᠨ ᠲᠡᠷᠢᠭᠦᠨ ᠦ ᠠᠵᠢᠯᠲᠠᠨ᠂᠎ᠠ᠃ᠳᠣᠷᠵᠢᠰᠦ᠋ᠷᠦᠩ᠂
 • ᠮᠣᠩᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ ᠪ᠃ᠭᠠᠩᠪᠠᠲᠤ᠂ ᠭ᠃ᠳᠠᠳᠢᠰᠦ᠋ᠷᠦᠩ᠂
 • ᠮᠣᠩᠭᠣᠯ ᠤᠯᠤᠰ ᠤᠨ ᠤᠷᠠᠯᠢᠭ ᠤᠨ ᠭᠠᠪᠢᠶᠠᠲᠤ ᠵᠢᠳᠬᠦᠯᠲᠡᠨ᠂ ᠳ᠃ᠨᠠᠴᠤᠭᠳᠣᠷᠵᠢ ᠶᠢᠨ ᠱᠠᠩᠨᠠᠯᠲᠤ᠂ 《ᠪᠣᠯᠣᠷ ᠴᠣᠮᠣ》 ᠢᠷᠠᠭᠤ ᠨᠠᠶᠢᠷᠠᠭ ᠤᠨ ᠱᠠᠩᠨᠠᠯᠲᠤ ᠵᠣᠬᠢᠶᠠᠯᠴᠢ ᠴ᠃ᠴᠢᠮᠡᠳᠳᠣᠷᠵᠢ᠂
 • ᠪᠣᠯᠪᠠᠰᠤᠷᠠᠯ ᠤᠨ ᠲᠡᠷᠢᠭᠦᠨ ᠦ ᠠᠵᠢᠯᠲᠠᠨ ᠳ᠋ᠣᠺᠲ᠋ᠣᠷ᠂ ᠫᠷᠣᠹᠧᠰᠰᠣᠷ ᠨ᠃ᠴᠡᠪᠡᠭᠰᠦ᠋ᠷᠦᠩ᠂
 • ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠪᠠᠭᠰᠢ ᠳ᠋ᠣᠺᠲ᠋ᠣᠷ ᠨ᠃ᠨᠣᠷᠪᠠ᠂
 • ᠠᠮᠧᠷᠢᠺᠠ ᠶᠢᠨ ᠨᠢᠭᠡᠳᠦᠭᠰᠡᠨ ᠤᠯᠤᠰ ᠤᠨ 《ᠢᠨᠳᠢᠶᠠᠨ᠎ᠠ ᠶᠢᠨ ᠶᠡᠬᠡ ᠰᠤᠷᠭᠠᠭᠤᠯᠢ》 ᠡᠶᠢᠨ ᠪᠠᠭᠰᠢ ᠫᠷᠣᠹᠧᠰᠰᠣᠷ ᠯᠠ᠃ᠰᠡᠷᠡᠩᠴᠤᠩ ᠳᠤ᠂
 • ᠮᠣᠩᠭᠣᠯ ᠤᠯᠤᠰ ᠤᠨ ᠡᠯᠴᠢᠨ ᠰᠠᠶᠢᠳ ᠲᠡᠦᠬᠡ ᠶᠢᠨ ᠤᠬᠠᠭᠠᠨ ᠤ ᠳ᠋ᠣᠺᠲ᠋ᠣᠷ ᠯᠠ᠃ᠮᠤᠨᠳᠠᠭᠤᠪᠠᠭᠠᠲᠤᠷ᠂
 • МУСТА ᠨᠡᠷᠡᠲᠦ ᠬᠥᠭᠵᠢᠮ ᠦᠨ ᠵᠣᠬᠢᠶᠠᠯᠠᠵᠤ ᠭ᠃ᠡᠷᠳᠡᠨᠢᠴᠢᠯᠠᠭᠤᠨ᠂
 • ᠬᠥᠭᠵᠢᠮ ᠦᠨ ᠵᠣᠬᠢᠶᠠᠯᠴᠢ ᠭ᠃ᠲᠦᠪᠰᠢᠨᠲᠡᠷ᠂
 • 《ᠰᠢᠯᠢᠳᠡᠭ ᠤᠯᠤᠰ ᠲᠥᠷᠦᠴᠢ》 ᠱᠠᠩᠨᠠᠯᠲᠤ᠂ ᠨᠣᠷᠪᠤᠪᠠᠩᠵᠠᠳᠠ ᠰᠠᠩ ᠤᠨ ᠲᠡᠷᠢᠭᠦᠨ ᠪ᠃ᠳᠡᠯᠭᠡᠷᠮ᠎ᠠ᠂
 • ᠮᠣᠩᠭᠣᠯ ᠤᠯᠤᠰ ᠤᠨ ᠠᠪᠤᠷᠭᠤ ᠮᠠᠯᠴᠢᠨ᠎ᠠ᠃ᠳᠠᠮᠳᠢᠨᠵᠠᠪ᠂ ᠤ᠃ᠰᠡᠷᠡᠩᠳᠣᠷᠵᠢ᠂
 • 《ᠤᠯᠤᠰ ᠤᠨ ᠰᠠᠶᠢᠨ ᠮᠠᠯᠴᠢᠨ》 ᠳ᠃ᠪᠠᠳᠭᠡᠷᠡᠯ᠂
 • ᠮᠣᠩᠭᠣᠯ ᠤᠯᠤᠰ ᠤᠨ ᠮᠠᠩᠯᠠᠢ ᠤᠶᠠᠭᠠᠴᠢ ᠭ᠃ᠪᠠᠲᠤᠴᠢᠯᠠᠭᠤᠨ᠂
 • 《ᠤᠯᠤᠰ ᠤᠨ ᠰᠠᠶᠢᠨ ᠮᠠᠯᠴᠢᠨ》 ᠮᠢᠰᠢᠭᠲᠠᠶᠠ᠂
 • 《ᠠᠶᠢᠮᠠᠭ ᠤᠨ ᠰᠠᠶᠢᠨ ᠮᠠᠯᠴᠢᠨ》 ᠶᠠ᠃ᠭᠠᠷᠮᠠᠬᠠᠨ ᠳᠤ᠂
 • ᠠᠶᠢᠮᠠᠭ ᠤᠨ ᠬᠤᠷᠴᠠ ᠠᠷᠰᠯᠠᠨ ᠭ᠃ᠪᠠᠶᠠᠷᠵᠢᠪᠬᠤᠯᠠᠩ᠂ᠪᠠᠩᠵᠠᠷ ᠣᠪᠤᠭ ᠲᠠᠢ ᠫᠦᠷᠪᠦᠰᠦ᠋ᠷᠦᠩ᠂ ᠰᠢᠷ᠎ᠠ ᠪᠠᠨ ᠨᠠᠷ ᠤᠨ ᠵᠡᠷᠭᠡ ᠣᠯᠠᠨ ᠠᠯᠳᠠᠷᠲᠠᠨ ᠨᠤᠭᠤᠳ ᠢ ᠲᠥᠷᠦᠭᠦᠯᠦᠭᠰᠡᠨ ᠠᠯᠳᠠᠷ ᠴᠤᠤᠲᠠᠢ ᠨᠤᠲᠤᠭ ᠶᠤᠮ᠃

ᠯᠠᠪᠯᠠᠬᠤ ᠪᠢᠴᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ