ᠳᠡᠯᠭᠡᠷᠬᠠᠩᠭᠠᠢ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠳᠡᠯᠭᠡᠷᠬᠠᠩᠭᠠᠢ ᠨᠢ ᠳᠤᠮᠳᠠᠭᠤᠪᠢ ᠠᠶᠢᠮᠠᠭ ᠤᠨ ᠰᠤᠮᠤ ᠶᠤᠮ᠃ ᠳᠡᠯᠭᠡᠷᠬᠠᠩᠭᠠᠢ ᠭᠡᠰᠡᠨ ᠰᠤᠮᠤ ᠶᠢᠨ ᠨᠡᠷ᠎ᠡ ᠨᠢ ᠳᠡᠯᠭᠡᠷᠬᠠᠩᠭᠠᠢ ᠠᠭᠤᠯᠠ ᠶᠢᠨ ᠨᠡᠷ᠎ᠡ ᠪᠥᠭᠡᠳ ᠳᠠᠯᠠᠢ ᠶᠢᠨ ᠲᠥᠪᠰᠢᠨ ᠡᠴᠡ ᠳᠡᠭᠡᠭᠰᠢ 1926 ᠮ ᠥᠨᠳᠥᠷ ᠡᠷᠭᠦᠭᠳᠡᠭᠰᠡᠨ ᠪᠠᠶᠢᠭᠠᠯᠢ ᠶᠢᠨ ᠦᠵᠡᠰᠬᠦᠯᠡᠩ ᠲᠡᠭᠦᠰ ᠪᠦᠷᠢᠳᠦᠭᠰᠡᠨ ᠨᠤᠲᠤᠭ ᠤᠨ ᠠᠷᠠᠳ ᠣᠯᠠᠨ ᠤ ᠬᠦᠨᠳᠦᠯᠡᠵᠦ ᠪᠢᠰᠢᠷᠡᠵᠦ ᠶᠠᠪᠤᠳᠠᠭ ᠬᠠᠶᠢᠷᠬᠠᠨ ᠶᠤᠮ᠃ᠮᠠᠨᠵᠤ ᠴᠢᠩ ᠤᠯᠤᠰ ᠤᠨ ᠳᠠᠷᠤᠯᠠᠯ ᠠᠴᠠ ᠠᠩᠭᠢᠵᠢᠷᠠᠵᠤ᠂ ᠲᠤᠰᠠᠭᠠᠷ ᠤᠯᠤᠰ ᠢᠶᠠᠨ ᠪᠠᠶᠢᠭᠤᠯᠬᠤ ᠪᠠᠷ ᠡᠪᠯᠡᠯᠳᠦᠨ ᠨᠢᠭᠡᠳᠦᠭᠰᠡᠨ ᠮᠣᠩᠭᠣᠯ ᠤᠨ ᠶᠡᠬᠡᠰ ᠳᠡᠭᠡᠳᠦᠰ᠂ ᠬᠤᠲᠤᠭᠲᠤ ᠬᠤᠪᠢᠯᠭᠠᠳ 1911 ᠣᠨ ᠤ ᠨᠠᠮᠤᠷ ᠬᠠᠯᠬ᠎ᠠ ᠶᠢᠨ ᠬᠦᠷᠢᠶᠡᠨ ᠦ ᠪᠦᠬᠦ ᠬᠡᠷᠡᠭ ᠢ ᠲᠦᠷᠢ ᠶᠡᠷᠦᠩᠬᠡᠶᠢᠯᠡᠨ ᠵᠠᠬᠢᠷᠤᠨ ᠰᠢᠢᠳᠭᠡᠬᠦ ᠭᠠᠵᠠᠷ ᠭᠡᠳᠡᠭ ᠢ ᠪᠠᠶᠢᠭᠤᠯᠵᠠᠢ᠃ ᠤᠭ ᠭᠠᠵᠠᠷ ᠤᠨ /ᠲᠦᠷᠢ ᠵᠠᠰᠠᠭ ᠤᠨ ᠭᠠᠵᠠᠷ-ᠴᠤ᠃ᠪ/ ᠳᠠᠷᠤᠭ᠎ᠠ ᠪᠠᠷ ᠲᠦᠰᠢᠶ᠎ᠡ ᠭᠦᠨ ᠭ᠃ᠴᠠᠭᠳᠠᠷᠵᠠᠪ ᠢ ᠲᠣᠮᠢᠯᠠᠭᠰᠠᠨ᠃ ᠴᠠᠭᠳᠠᠷᠵᠠᠪ ᠨᠢ 1869 ᠣᠨ ᠤ ᠣᠷᠴᠢᠮ ᠲᠦᠰᠢᠶᠡᠲᠦ ᠬᠠᠨ ᠠᠶᠢᠮᠠᠭ ᠤᠨ ᠭᠣᠪᠢ ᠲᠦᠰᠢᠶ᠎ᠡ ᠭᠦᠨ ᠦ ᠬᠣᠰᠢᠭᠤᠨ ᠤ /ᠣᠳᠣ ᠶᠢᠨ ᠳᠤᠮᠳᠠᠭᠤᠪᠢ ᠠᠶᠢᠮᠠᠭ ᠤᠨ ᠳᠡᠯᠭᠡᠷᠬᠠᠩᠭᠠᠢ ᠰᠤᠮᠤ/ ᠵᠠᠰᠠᠭ ᠲᠦᠰᠢᠶ᠎ᠡ ᠭᠦᠨ ᠭᠠᠳᠠᠨᠪᠠᠯ ᠨᠣᠶᠠᠨ ᠤ ᠬᠦᠦ ᠪᠣᠯᠤᠨ ᠲᠦᠷᠦᠭᠰᠡᠨ᠃ 1897 ᠣᠨ ᠳᠤ ᠡᠴᠢᠭᠡ ᠡᠴᠡ ᠪᠡᠨ ᠤᠭᠰᠠᠭ᠎ᠠ ᠵᠠᠯᠭᠠᠮᠵᠢᠯᠠᠨ ᠵᠠᠰᠠᠭ ᠲᠦᠰᠢᠶ᠎ᠡ ᠭᠦᠨ /ᠬᠣᠰᠢᠭᠤ ᠨᠣᠶᠠᠨ/ ᠪᠣᠯᠤᠭᠰᠠᠨ ᠲᠡᠷᠡ ᠪᠡᠷ 1900 ᠣᠨ ᠠᠴᠠ ᠲᠦᠰᠢᠶᠡᠲᠦ ᠬᠠᠨ ᠠᠶᠢᠮᠠᠭ ᠤᠨ ᠴᠢᠭᠤᠯᠭᠠᠨ ᠤ ᠳᠡᠳ᠋ ᠳᠠᠷᠤᠭ᠎ᠠ᠂ 1909 ᠣᠨ ᠠᠴᠠ ᠴᠢᠭᠤᠯᠭᠠᠨ ᠤ ᠳᠠᠷᠤᠭ᠎ᠠ ᠪᠣᠯᠵᠠᠢ᠃ ᠳᠡᠯᠭᠡᠷᠬᠠᠩᠭᠠᠢ ᠰᠤᠮᠤᠨ ᠳᠤ ᠴᠢᠩᠭᠢᠰ ᠤᠨ ᠤᠭᠰᠠᠭᠠᠨ ᠤ ᠰᠡᠭᠦᠯᠴᠢ ᠶᠢᠨ ᠬᠠᠭᠠᠨ ᠯᠢᠭᠳᠡᠨ ᠬᠤᠲᠤᠭᠲᠤ ᠶᠢᠨ ᠬᠥᠰᠢᠶ᠎ᠡ ᠳᠤᠷᠠᠰᠬᠠᠯ᠂ ᠬᠠᠷ᠎ᠠ ᠬᠠᠰᠢᠶᠠᠲᠤ ᠶᠢᠨ ᠠᠮᠠᠨ ᠤ ᠬᠠᠳᠠᠨ ᠤ ᠵᠢᠷᠤᠭ ᠵᠡᠷᠭᠡ ᠲᠡᠦᠬᠡ ᠳᠤᠷᠠᠰᠬᠠᠯ ᠤᠨ ᠭᠠᠵᠠᠷ ᠤᠳ ᠪᠤᠢ᠃ ᠳᠡᠯᠭᠡᠷᠬᠠᠩᠭᠠᠢ ᠰᠤᠮᠤ ᠨᠢ ᠮᠣᠩᠭᠣᠯ ᠤᠯᠤᠰ ᠤᠨ ᠬᠠᠮᠤᠭ ᠤᠨ ᠣᠯᠠᠨ ᠭᠠᠪᠢᠶᠠᠲᠤ ᠲᠥᠷᠦᠭᠦᠯᠦᠭᠰᠡᠨ ᠰᠤᠮᠤ ᠶᠢᠨ ᠨᠢᠭᠡ ᠶᠤᠮ᠃

ᠪᠢᠴᠢᠭᠡᠰᠦ