ᠳᠡᠯᠡᠬᠡᠢ ᠶᠢᠨ ᠳᠣᠯᠣᠭᠠᠨ ᠭᠠᠶᠢᠬᠠᠮᠰᠢᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠳᠡᠯᠡᠬᠡᠢ ᠶᠢᠨ ᠳᠣᠯᠣᠭᠠᠨ ᠭᠠᠶᠢᠬᠠᠮᠰᠢᠭ, ᠲᠣᠳᠣᠷᠠᠭᠤᠯᠪᠠᠯ ᠳᠡᠯᠡᠬᠡᠢ ᠶᠢᠨ ᠳᠣᠯᠣᠭᠠᠨ ᠡᠷᠲᠡᠨ ᠦ ᠭᠠᠶᠢᠬᠠᠮᠰᠢᠭ (世界七大奇迹 : Seven wonders of the world) ᠭᠡᠵᠦ ᠬᠦᠮᠦᠨ ᠦ ᠭᠠᠷ ᠢᠶᠠᠷ ᠪᠦᠲᠦᠭᠡᠭᠳᠡᠭᠰᠡᠨ ᠤᠷᠠᠨ ᠨᠠᠷᠢᠨ ᠬᠢᠴᠡ ᠪᠦᠬᠦᠢ ᠲᠡᠦᠬᠡ ᠶᠢᠨ ᠰᠣᠩᠭᠣᠳᠠᠭ ᠦᠶ᠎ᠡ ᠶᠢᠨ ᠮᠠᠰᠢ ᠠᠯᠳᠠᠷᠲᠠᠢ ᠪᠠᠷᠢᠯᠭ᠎ᠠ ᠪᠠᠶᠢᠭᠤᠯᠤᠮᠵᠢ ᠨᠤᠭᠤᠳ ᠠᠴᠠ ᠰᠢᠯᠭᠠᠷᠠᠭᠤᠯᠤᠨ ᠨᠡᠷᠡᠯᠡᠳᠡᠭ᠃ ᠡᠨᠡ ᠪᠦᠲᠦᠭᠡᠯ ᠦᠳ ᠨᠢ ᠭᠠᠵᠠᠷ ᠤᠨ ᠳᠤᠮᠳᠠᠳᠤ ᠲᠡᠩᠭᠢᠰ ᠤᠨ ᠡᠷᠭᠢ ᠣᠷᠴᠢᠮ ᠤᠨ ᠨᠤᠲᠤᠭ ᠤᠳ ᠲᠤ ᠪᠦᠲᠦᠭᠡᠭᠳᠡᠭᠰᠡᠨ ᠪᠠᠷᠢᠯᠭ᠎ᠠ ᠪᠠᠶᠢᠭᠤᠯᠤᠮᠵᠢ ᠨᠤᠭᠤᠳ ᠪᠥᠭᠡᠳ ᠡᠷᠲᠡᠨ ᠦ ᠭᠷᠧᠺ ᠬᠦᠮᠦᠰ ᠦᠨ ᠦᠵᠡᠯ ᠪᠣᠳᠣᠯ ᠢᠶᠠᠷ ᠢᠯᠡᠷᠬᠡᠶᠢᠯᠡᠭᠳᠡᠭᠰᠡᠨ ᠪᠠᠶᠢᠳᠠᠭ᠃ ᠡᠭᠦᠨ ᠡᠴᠡ ᠭᠠᠳᠠᠨ᠋ ᠠ ᠪᠠᠰᠠ ᠳᠤᠮᠳᠠᠳᠤ ᠵᠠᠭᠤᠨ ᠤ ᠳᠡᠯᠡᠬᠡᠢ ᠶᠢᠨ ᠳᠤᠯᠤᠭᠠᠨ ᠭᠠᠶᠢᠬᠠᠮᠰᠢᠭ ᠪᠣᠯᠤᠨ ᠣᠷᠴᠢᠨ ᠴᠠᠭ ᠤᠨ ᠳᠡᠯᠡᠬᠡᠢ ᠶᠢᠨ ᠲᠤᠯᠤᠭᠠᠨ ᠭᠠᠶᠢᠬᠠᠮᠰᠢᠭ ᠭᠡᠬᠦ ᠮᠡᠲᠦ ᠳᠡᠯᠡᠬᠡᠢ ᠶᠢᠨ ᠭᠠᠶᠢᠬᠠᠮᠰᠢᠭ ᠤᠳ ᠪᠠᠶᠢᠳᠠᠭ᠃ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠤᠷᠲᠤ ᠴᠠᠭᠠᠨ ᠬᠡᠷᠡᠮ ᠨᠢ ᠳᠤᠮᠳᠠᠳᠤ ᠵᠠᠭᠤᠨ ᠤ ᠲᠤᠯᠤᠭᠠᠨ ᠭᠠᠶᠢᠬᠠᠮᠰᠢᠭ ᠲᠤ ᠪᠠᠭᠲᠠᠵᠤ ᠪᠠᠶᠢᠳᠠᠭ᠃

ᠡᠷᠲᠡᠨ ᠦ ᠳᠡᠯᠡᠬᠡᠢ ᠶᠢᠨ 7 ᠭᠠᠶᠢᠬᠠᠮᠰᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠶᠢᠬᠠᠮᠰᠢᠭ ᠪᠠᠷᠢᠭᠳᠠᠭᠰᠠᠨ ᠦᠶ᠎ᠡ ᠪᠠᠶᠢᠭᠤᠯᠤᠭᠴᠢᠳ ᠣᠨᠴᠠᠯᠢᠭ ᠦᠭᠡᠢ ᠪᠣᠯᠤᠭᠰᠠᠨ ᠦᠶ᠎ᠡ ᠤᠰᠠᠳᠬᠠᠭᠳᠠᠭᠰᠠᠨ ᠰᠢᠯᠲᠠᠭᠠᠨ
ᠭᠢᠽᠠ ᠶᠢᠨ ᠠᠤᠭ᠎ᠠ ᠫᠢᠷᠠᠮᠢᠳ (胡夫金字塔)  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 2650-2500 ᠤᠨ ᠶᠥᠭᠢᠫᠧᠲ ᠡᠷᠲᠡᠨ ᠦ ᠶᠸᠵᠢᠫᠲ ᠤᠨ 4 ᠳ᠋ᠡᠬᠢ ᠡᠵᠡᠨᠲᠦ ᠤᠯᠤᠰ ᠍ ᠤᠨ ᠹᠠᠷᠠᠣᠨ ᠬᠤᠹᠦ᠋ ᠶᠢᠨ ᠱᠠᠷᠢᠯ ᠬᠠᠳᠠᠭᠠᠯᠠᠬᠤ ᠪᠠᠶᠢᠭᠤᠯᠤᠮᠵᠢ᠃ ᠥᠨᠥᠳᠥᠷ ᠣᠷᠣᠰᠢᠨ ᠪᠤᠢ -
ᠸᠠᠸᠢᠯᠤᠨ ᠤ ᠳᠡᠭᠦᠵᠢᠩᠲᠦ ᠴᠡᠴᠡᠷᠯᠢᠭ (巴比倫空中花园)  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 6 ᠳ᠋ᠤᠭᠠᠷ ᠵᠠᠭᠤᠨ ᠪᠠᠪᠢᠯᠤᠨᠴᠤᠳ ᠳ᠋ᠢᠣᠳᠣᠷᠢᠭᠤᠰ ᠶᠢᠨ ᠲᠣᠳᠣᠷᠬᠠᠶᠢᠯᠠᠭᠰᠠᠨ ᠢᠶᠠᠷ ᠣᠯᠠᠨ ᠲᠦᠪᠰᠢᠨ ᠪᠦᠬᠦᠢ ᠴᠡᠴᠡᠷᠯᠢᠭ ᠦᠨ ᠨᠡᠶᠢᠲᠡ ᠥᠨᠳᠥᠷ 22 ᠮᠧᠲ᠋ᠷ ᠣᠷᠴᠢᠮ ᠪᠠᠶᠢᠭᠰᠠᠨ ᠪᠠ ᠤᠰᠤ ᠲᠦᠭᠡᠭᠡᠬᠦ ᠮᠧᠬᠠᠨᠢᠭ ᠰᠢᠰᠲ᠋ᠧᠮ ᠲᠡᠢ ᠪᠠᠶᠢᠭᠰᠠᠨ᠃ ᠣᠯᠠᠨ ᠲᠣᠭᠠᠨ ᠤ ᠭᠣᠶᠣᠮᠰᠣᠭ ᠴᠡᠴᠡᠭᠡᠰ᠂ ᠮᠣᠳᠣᠳ ᠢ ᠱᠠᠲᠤᠯᠤᠭᠤᠯᠤᠨ ᠲᠠᠷᠢᠭᠰᠠᠨ ᠪᠠᠶᠢᠵᠠᠢ᠃  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 2 ᠳ᠋ᠤᠭᠡᠷ ᠵᠠᠭᠤᠨ ᠭᠠᠵᠠᠷ ᠬᠥᠳᠡᠯᠦᠯᠲᠡ
ᠣᠯᠢᠮᠫᠢᠶ᠋ ᠠ ᠶᠢᠨ ᠽᠧᠦᠢᠰ ᠦᠨ ᠬᠥᠰᠢᠶ᠎ᠡ (奥林匹亚宙斯神像)  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 470~435 ᠤᠨ ᠭᠷᠧᠺᠴᠤᠳ 12 ᠮᠸᠲ᠋ᠷ ᠥᠨᠳᠥᠷ ᠪᠤᠷᠬᠠᠨ᠂ ᠲᠡᠭᠦᠨ ᠢ ᠪᠠᠶᠢᠷᠢᠯᠠᠭᠤᠯᠤᠭᠰᠠᠨ ᠰᠦᠮ᠎ᠡ ᠶᠢᠨ ᠪᠠᠷᠢᠯᠭ᠎ᠠ ᠶᠢᠨ ᠠᠷᠬᠢᠲ᠋ᠧᠺᠲ᠋ᠣᠷ ᠲᠠᠪᠤ ᠂ ᠵᠢᠷᠭᠤᠳᠤᠭᠠᠷ ᠵᠠᠭᠤᠨ ᠳᠤ ᠮᠡᠳᠡᠭᠳᠡᠭᠡ ᠦᠭᠡᠢ᠂ ᠭᠠᠵᠠᠷ ᠬᠥᠳᠡᠯᠦᠯᠲᠡ᠂ ᠲᠦᠢᠮᠡᠷ ᠲᠦ ᠤᠰᠠᠳᠤᠭᠰᠠᠨ᠃
ᠡᠹᠧᠰᠳ᠋ᠡᠬᠢ ᠠᠷᠲ᠋ᠧᠮᠢᠰ ᠤᠨ ᠰᠦᠮ᠎ᠡ (阿耳忒弥斯神庙)  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 550~430 ᠤᠨ ᠯᠢᠳᠢᠴᠤᠳᠫᠧᠷᠰ ᠦᠳᠭᠷᠧᠺ ᠭᠷᠧᠺ ᠦᠨ ᠳᠣᠮᠣᠭ ᠤᠨ ᠳᠠᠷᠢ ᠡᠬᠡ ᠠᠷᠲ᠋ᠧᠮᠢᠰ ᠲᠤ ᠵᠣᠷᠢᠭᠤᠯᠤᠨ ᠪᠠᠷᠢᠵᠤ ᠪᠠᠶᠢᠭᠤᠯᠬᠤ ᠳᠤ 120 ᠵᠢᠯ ᠵᠠᠷᠤᠴᠠᠭᠤᠯᠤᠭᠰᠠᠨ᠃ ᠭᠧᠷᠣᠰᠲᠷᠠᠲ᠋ᠦ᠋ᠰ ᠭᠡᠭᠴᠢ ᠬᠦᠮᠦᠨ ᠠᠯᠳᠠᠷ ᠨᠡᠷ᠎ᠡ ᠲᠡᠢ ᠪᠣᠯᠬᠤ ᠶᠢᠨ ᠲᠤᠯᠠᠳᠠ ᠤᠭ ᠰᠦᠮ᠎ᠡ ᠶᠢ ᠰᠢᠲᠠᠭᠠᠭᠰᠠᠨ᠃  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 356 ᠤᠨ ᠰᠢᠲᠠᠭᠠᠭᠳᠠᠭᠰᠠᠨ
ᠭᠠᠯᠢᠺᠠᠷᠨᠠᠰᠰ ᠤᠨ ᠪᠣᠳᠣᠷᠤᠮ ᠪᠤᠩᠬᠤᠨ (摩索拉斯王陵墓)  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 351ᠤᠨ ᠫᠧᠷᠰᠭᠷᠧᠺ ᠤᠶᠢᠷᠠᠯᠴᠠᠭ᠋ ᠠ  ᠪᠠᠷ 45 ᠮᠧᠲ᠋ᠷ ᠥᠨᠳᠥᠷ᠂ ᠭᠣᠶᠣᠯ ᠴᠢᠮᠡᠭᠯᠡᠯ ᠪᠦᠬᠦᠢ ᠪᠠᠷᠢᠯᠭ᠎ᠠ᠃ ᠮᠠᠪᠵᠣᠯᠧᠢ ᠭᠡᠬᠦ ᠦᠭᠡ ᠤᠭ ᠬᠠᠭᠠᠨ ᠤ ᠨᠡᠷ᠎ᠡ ᠡᠴᠡ ᠪᠤᠢ ᠪᠣᠯᠤᠭᠰᠠᠨ᠃ 1494 ᠤᠨ ᠳᠤ ᠭᠠᠵᠠᠷ ᠬᠥᠳᠡᠯᠦᠯᠲᠡ ᠳᠤ ᠭᠡᠮᠲᠦᠭᠰᠡᠨ ᠪᠠ ᠧᠦᠢᠷᠣᠫᠠ ᠶᠢᠨ ᠵᠠᠭᠠᠯᠮᠠᠶᠢᠲᠠᠨ ᠤ ᠠᠶᠠᠨ ᠳᠠᠶᠢᠨ ᠤ ᠦᠶ᠎ᠡ ᠳᠦ ᠨᠤᠷᠠᠭᠠᠭᠰᠠᠨ᠃
ᠷᠣᠳᠣᠰ ᠠᠷᠠᠯ ᠤᠨ ᠭᠧᠯ ᠢᠶᠠᠰ ᠤᠨ ᠬᠥᠰᠢᠶ᠎ᠡ (罗得岛太阳神铜像)  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 292-280 ᠤᠨ ᠭᠷᠧᠺᠴᠤᠳ ᠭᠷᠧᠺ ᠦᠨ ᠳᠣᠮᠣᠭ ᠤᠨ ᠪᠤᠷᠬᠠᠨ ᠭᠧᠯ ᠢᠶᠠᠰ ᠤᠨ ᠠᠪᠤᠷᠭᠤ ᠬᠥᠰᠢᠶ᠎ᠡ ᠪᠥᠭᠡᠳ ᠨᠢᠦᠶᠤᠺ ᠤᠨ ᠡᠷᠬᠡ ᠴᠢᠯᠦᠭᠡᠨ ᠦ ᠬᠥᠰᠢᠶ᠎ᠡ ᠶᠢᠨ 3/4 ᠍ ᠶᠢᠨ ᠬᠢᠷᠢ ᠲᠣᠮᠣ ᠪᠠᠶᠢᠵᠠᠢ᠃ ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 224 ᠤᠨ ᠭᠠᠵᠠᠷ ᠬᠥᠳᠡᠯᠦᠯᠲᠡ
ᠠᠯᠧᠺᠰᠠᠨᠳᠠᠷ ᠤᠨ ᠭᠡᠷᠡᠯᠲᠦ ᠴᠠᠮᠬᠠᠭ (亚历山大灯塔)  ᠨᠡᠶᠢᠲᠡ ᠶᠢᠨ ᠤᠨ ᠲᠤᠭᠠᠯᠠᠯ ᠡᠴᠡ ᠡᠮᠦᠨ᠎ᠡ 3 ᠳ᠋ᠤᠭᠠᠷ ᠵᠠᠭᠤᠨ ᠭᠷᠧᠺ ᠤᠶᠢᠷᠠᠯᠴᠠᠭ᠋ ᠠ ᠪᠠᠷ 115-135 ᠮᠧᠲ᠋ᠷ ᠥᠨᠳᠥᠷ ᠪᠠᠶᠢᠭᠰᠠᠨ ᠨᠢ ᠣᠯᠠᠨ ᠵᠠᠭᠤᠨ ᠤ ᠲᠤᠷᠰᠢ ᠬᠦᠮᠦᠨ ᠲᠥᠷᠥᠯᠬᠢᠲᠡᠨ ᠦ ᠪᠠᠶᠢᠭᠤᠯᠤᠭᠰᠠᠨ ᠬᠥᠮᠭᠡᠢ ᠶᠢᠨ ᠥᠨᠳᠥᠷ ᠪᠠᠷᠢᠯᠭ᠎ᠠ ᠪᠠᠶᠢᠭᠰᠠᠨ ᠶᠤᠮ᠃ 1303-1480 ᠤᠨ ᠭᠠᠵᠠᠷ ᠬᠥᠳᠡᠯᠦᠯᠲᠡ

ᠭᠷᠧᠺᠴᠦᠳ ᠡᠨᠡᠬᠦ ᠵᠦᠢᠯᠡᠰ ᠢ ᠭᠠᠶᠢᠬᠠᠮᠰᠢᠭ ᠭᠡᠬᠦ ᠡᠴᠡ ᠪᠡᠨ ᠢᠯᠡᠭᠦᠦ ᠵᠠᠪᠠᠯ ᠦᠵᠡᠬᠦ ᠶᠣᠰᠣᠲᠠᠢ ᠪᠠᠶᠢᠭᠤᠯᠤᠮᠵᠢ ᠨᠤᠭᠤᠳ ᠭᠡᠵᠦ ᠲᠣᠭᠠᠴᠠᠳᠠᠭ ᠪᠠᠶᠢᠵᠠᠢ᠃

ᠡᠳᠡᠭᠡᠷ ᠪᠠᠶᠢᠭᠤᠯᠤᠮᠵᠢ ᠨᠤᠭᠤᠳ ᠠᠴᠠ ᠭᠢᠽᠠ ᠶᠢᠨ ᠫᠢᠷᠠᠮᠢᠳ ᠯᠠ ᠤᠳᠤ ᠴᠤ ᠭᠡᠰᠡᠨ ᠦᠯᠡᠳᠡᠵᠤ ᠪᠠᠶᠢᠭ᠋ ᠠ ᠪᠢᠯᠡ᠃ ᠳᠡᠭᠦᠵᠢᠩᠲᠦ ᠴᠡᠴᠡᠷᠯᠢᠭ ᠣᠷᠣᠰᠢᠨ ᠪᠠᠶᠢᠭᠰᠠᠨ ᠡᠰᠡᠬᠦ ᠨᠢ ᠲᠣᠳᠣᠷᠬᠠᠢ ᠦᠭᠡᠢ ᠪᠠᠶᠢᠳᠠᠭ᠃ ᠬᠠᠷᠢᠨ ᠪᠤᠰᠤᠳ 5 ᠪᠦᠲᠦᠭᠡᠯ ᠣᠷᠣᠰᠢᠨ ᠪᠠᠶᠢᠭᠰᠠᠨ ᠭᠡᠳᠡᠭ ᠢ ᠬᠦᠯᠢᠶᠡᠨ ᠵᠥᠪᠰᠢᠶᠡᠷᠡᠳᠡᠭ᠃ ᠠᠷᠲ᠋ᠧᠮᠢᠰ ᠤᠨ ᠰᠦᠮ᠎ᠡ ᠪᠣᠯᠤᠨ ᠽᠧᠦᠢᠰ ᠦᠨ ᠬᠥᠰᠢᠶ᠎ᠡ ᠨᠢ ᠲᠦᠢᠮᠡᠷ ᠲᠦ ᠦᠷᠡᠭᠳᠡᠭᠰᠡᠨ ᠪᠣᠯ ᠠᠯᠧᠺᠰᠠᠨᠳᠠᠷ ᠤᠨ ᠭᠡᠷᠡᠯᠲᠦ ᠴᠠᠮᠬᠠᠭ᠂ ᠺᠣᠯᠣᠰᠦ᠋ᠰ᠂ ᠮᠠᠦ᠋ᠰᠰᠣᠯᠣᠰ ᠤᠨ ᠪᠤᠩᠬᠤᠨ ᠨᠢ ᠭᠠᠵᠠᠷ ᠬᠥᠳᠡᠯᠦᠯᠲᠡ ᠳᠤ ᠡᠪᠳᠡᠷᠡᠨ ᠦᠭᠡᠢ ᠪᠣᠯᠵᠠᠢ᠃ ᠮᠠᠦ᠋ᠰᠰᠣᠯᠣᠰ ᠤᠨ ᠪᠤᠩᠬᠤᠨ᠂ ᠠᠷᠲ᠋ᠧᠮᠢᠰ ᠤᠨ ᠰᠦᠮ᠎ᠡ ᠶᠢᠨ ᠵᠠᠭᠪᠤᠷ ᠯᠣᠨᠳᠣᠨ ᠤ ᠪᠷᠢᠲ᠋ᠠᠨ(ᠠᠩᠭᠯᠢ)  ᠮᠦᠽᠧᠢ ᠳᠤ ᠪᠠᠶᠢᠳᠠᠭ᠃

ᠳᠡᠯᠭᠡᠷᠡᠩᠭᠦᠢ ᠮᠡᠳᠡᠭᠡᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • D'Epiro, Peter, and Mary Desmond Pinkowish, "What Are the Seven Wonders of the World? and 100 Other Great Cultural Lists". Anchor. December 1, 1998. ISBN 0-385-49062-3

ᠭᠠᠳᠠᠭᠠᠳᠤ ᠯᠢᠨᠺ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ