ᠳᠡᠯᠡᠬᠡᠢ ᠶᠢᠨ ᠨᠢᠭᠡᠳᠦᠭᠡᠷ ᠳᠠᠶᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠡᠯᠡᠬᠡᠢ ᠶᠢᠨ ᠨᠢᠭᠡᠳᠦᠭᠡᠷ ᠳᠠᠶᠢᠨ᠃ ᠳᠡᠯᠡᠬᠡᠢ ᠶᠢᠨ ᠳᠠᠶᠢᠨ ᠪᠤᠶᠤ Global War
Russian Expeditionary Force in France.jpg
ᠹᠷᠠᠨᠼᠢ ᠳᠤ ᠣᠷᠣc ᠡᠺᠰᠫᠧᠳᠢᠼ ᠦᠨ ᠴᠡᠷᠢᠭ ᠦᠳ
ᠣᠩᠨᠠᠭ᠎ᠠ 1914 ᠣᠨ ᠤ 7 ᠰᠠᠷ᠎ᠠ ᠶᠢᠨ 28 – 1918 ᠣᠨ ᠤ 11 ᠰᠠᠷ᠎ᠠ ᠶᠢᠨ 11
ᠪᠠᠶᠢᠷᠢᠯᠠᠯ ᠧᠦ᠋ᠷᠣᠫᠠᠠᠹᠷᠢᠺᠠᠣᠶᠢᠷᠠᠬᠢ ᠳᠣᠷᠣᠨᠠᠲᠤ (ᠬᠢᠲᠠᠳ᠂ ᠨᠣᠮᠣᠬᠠᠨ ᠳᠠᠯᠠᠢ ᠶᠢᠨ ᠠᠷᠠᠯ ᠤᠳ ᠲᠤ ᠲᠦᠷ ᠵᠠᠭᠤᠷ᠎ᠠ)
ᠦᠷ᠎ᠡ ᠳᠠᠭᠠᠪᠤᠷᠢ ᠬᠣᠯᠪᠣᠭᠠᠲᠠᠨ ᠨᠤᠭᠤᠳ ᠤᠨ ᠢᠯᠠᠯᠲᠠ᠃ ᠭᠧᠷᠮᠠᠨ ᠤᠣᠷᠣᠰ ᠤᠨ; ᠣᠰᠠᠮᠠᠨ ᠤᠠᠦᠢᠰᠲᠷᠶ᠎ᠠ-ᠬᠠᠩᠭᠠᠷᠢ ᠶᠢᠨ ᠡᠵᠡᠨᠲᠦ ᠭᠦᠷᠦᠨ ᠨᠦᠭᠦᠳ ᠦᠨ ᠪᠤᠲᠠᠷᠠᠯ; ᠧᠦ᠋ᠷᠣᠫᠠ ᠪᠠ ᠣᠶᠢᠷᠠᠬᠢ ᠳᠣᠷᠣᠨᠠᠲᠤᠳ ᠰᠢᠨ᠎ᠡ ᠣᠷᠣᠨ ᠨᠤᠭᠤᠳ ᠪᠠᠶᠢᠭᠤᠯᠤᠭᠳᠠᠭᠰᠠᠨ; ᠭᠧᠷᠮᠠᠨ ᠤ ᠺᠣᠯᠣᠨᠢᠤᠳᠠ ᠶᠢ ᠪᠤᠰᠤᠳ ᠣᠷᠣᠨ ᠨᠤᠭᠤᠳ ᠷᠤ ᠰᠢᠯᠵᠢᠭᠦᠯᠦᠭᠰᠡᠨ; ᠤᠯᠠᠨ ᠤᠯᠤᠰ ᠤᠨ ᠬᠤᠯᠪᠤᠭ᠎ ᠠ ᠪᠠᠶᠢᠭᠤᠯᠤᠭᠳᠠᠭᠰᠠᠨ᠃
ᠭᠠᠵᠠᠷ ᠨᠤᠲᠤᠭ ᠤᠨ
ᠥᠭᠡᠷᠡᠴᠢᠯᠡᠯᠲᠡ
ᠭᠠᠵᠠᠷ ᠨᠤᠲᠤᠭ
ᠪᠠᠶᠢᠯᠳᠤᠭᠴᠢ ᠲᠠᠯ᠎ᠠ ᠨᠤᠭᠤᠳ
Flag of the United Kingdom.svg ᠪᠷᠢᠲ᠋ᠠᠨ(ᠠᠩᠭᠯᠢ)</br> Flag of France.svg ᠹᠷᠠᠨᠼᠢ</br>Flag of Russia.svg ᠣᠷᠣᠰ</br>Flag of Italy (1861-1946).svg ᠢᠲ᠋ᠠᠯᠢ</br>US flag 48 stars.svg ᠠᠮᠧᠷᠢᠺᠠ ᠶᠢᠨ ᠨᠢᠭᠡᠳᠦᠭᠰᠡᠨ ᠤᠯᠤᠰ</br>ᠪᠤᠰᠤᠳ Flag of the German Empire.svg ᠭᠧᠷᠮᠠᠨ</br>Ottoman Flag.svg ᠣᠰᠠᠮᠠᠨ ᠤ ᠡᠵᠡᠨᠲᠦ ᠭᠦᠷᠦᠨ</br>Flag of Austria-Hungary (1869-1918).svg ᠠᠦᠢᠰᠲᠷᠶ᠎ᠠ-ᠬᠠᠩᠭᠠᠷᠢ</br>Flag of Bulgaria.svg ᠪᠣᠯᠭᠠᠷᠢᠶ᠎ᠠ</br>ᠪᠤᠰᠤᠳ
ᠤᠳᠤᠷᠢᠳᠤᠭᠴᠢᠳ
Flag of the United Kingdom.svg ᠫᠧᠸᠢᠳ ᠯᠣᠶᠢᠳ᠋ ᠵᠣᠷᠵᠢ</br> Flag of France.svg ᠵᠣᠷᠵᠢ ᠺᠯᠧᠮᠠᠩᠰᠣ</br>Flag of Russia.svg II ᠨᠢᠺᠣᠯᠠᠢ</br>Flag of Italy (1861-1946).svg III ᠸᠢᠺᠲ᠋ᠣᠷ ᠡᠮᠮᠠᠨᠤᠢᠢᠯ</br>US flag 48 stars.svg ᠸᠢᠳᠤᠷᠢᠤ ᠸᠢᠯᠢᠭᠰᠠᠨ</br>ᠪᠤᠰᠤᠳ Flag of the German Empire.svg II ᠸᠢᠯᠢᠬᠧᠯᠮ᠂ ᠭᠧᠷᠮᠠᠨ ᠤ ᠡᠵᠡᠨ ᠬᠠᠭᠠᠨ</br>Ottoman Flag.svg V ᠮᠧᠬᠮᠧᠳ</br>Flag of Austria-Hungary (1869-1918).svg I ᠹᠷᠠᠨᠼᠢ ᠢᠣᠰᠢᠹ</br>Flag of Bulgaria.svg I ᠹᠧᠷᠳ᠋ᠢᠨᠠᠩ ᠳᠤ</br>ᠪᠤᠰᠤᠳ
ᠬᠣᠬᠢᠷᠠᠯ
ᠴᠡᠷᠢᠭ ᠦᠳ ᠦᠬᠦᠭᠰᠡᠨ:
5,525,000
ᠴᠡᠷᠢᠭ ᠦᠳ ᠰᠢᠷᠬᠠᠲᠤᠭᠰᠠᠨ:
12,831,500
ᠴᠡᠷᠢᠭ ᠦᠳ ᠰᠤᠷᠠᠭ ᠦᠭᠡᠢ:
4,121,00
ᠴᠡᠷᠢᠭ ᠦᠳ ᠦᠬᠦᠭᠰᠡᠨ:
4,386,000
ᠴᠡᠷᠢᠭ ᠦᠳ ᠰᠢᠷᠬᠠᠲᠤᠭᠰᠠᠨ:
8,388,000
ᠴᠡᠷᠢᠭ ᠦᠳ ᠰᠤᠷᠠᠭ ᠦᠭᠡᠢ:
3,629,000

ᠳᠡᠯᠡᠬᠡᠢ ᠶᠢᠨ ᠨᠢᠭᠡᠳᠦᠭᠡᠷ ᠳᠠᠶᠢᠨ (ДД 1) ᠨᠢ 1939 ᠣᠨ ᠳᠤ ᠪᠣᠯᠤᠭᠰᠠᠨ ᠴᠠᠭ ᠠᠴᠠ ᠪᠠᠨ ᠬᠣᠶᠢᠰᠢ ᠳᠡᠯᠡᠬᠡᠢ ᠶᠢᠨ ᠳᠠᠶᠢᠨ᠂ ᠡᠰᠡᠪᠡᠯ ᠶᠡᠬᠡ ᠳᠠᠶᠢᠨ ᠭᠡᠵᠦ ᠨᠡᠷᠡᠯᠡᠭᠳᠡᠵᠦ ᠪᠠᠶᠢᠭᠰᠠᠨ ᠴᠤ ᠲᠡᠭᠦᠨ ᠡᠴᠡ ᠬᠣᠶᠢᠰᠢ ᠳᠡᠯᠡᠬᠡᠢ ᠶᠢᠨ ᠨᠢᠭᠡᠳᠦᠭᠡᠷ ᠳᠠᠶᠢᠨ ᠡᠰᠡᠪᠡᠯ ᠨᠢᠭᠡᠳᠦᠭᠡᠷ ᠳᠡᠯᠡᠬᠡᠢ ᠶᠢᠨ ᠳᠠᠶᠢᠨ ᠭᠡᠵᠦ ᠨᠡᠷᠡᠯᠡᠭᠳᠡᠭᠰᠡᠨ᠃ ᠡᠨᠡᠬᠦ ᠳᠠᠶᠢᠨ ᠨᠢ 1914 ᠣᠨ ᠤ 07 ᠰᠠᠷ᠎ᠠ ᠶᠢᠨ 24 ᠍ ᠡᠴᠡ 1918 ᠣᠨ ᠤ 11 ᠰᠠᠷ᠎ᠠ ᠶᠢᠨ 11 ᠬᠦᠷᠲᠡᠯ᠎ᠡ ᠧᠦ᠋ᠷᠣᠫᠠ ᠳᠤ ᠲᠥᠪᠯᠡᠷᠡᠭᠰᠡᠨ ᠲᠣᠮᠣᠬᠠᠨ ᠳᠠᠶᠢᠨ ᠶᠤᠮ᠃ ᠡᠨᠡ ᠨᠢ ᠳᠡᠯᠡᠬᠡᠢ ᠶᠢᠨ ᠬᠠᠮᠤᠭ ᠤᠨ ᠲᠣᠮᠣ ᠬᠦᠴᠦᠨ ᠨᠦᠭᠦᠳ ᠢ ᠬᠣᠯᠪᠣᠭᠠᠨ ᠤ ᠬᠢᠨ(ᠭᠤᠷᠪᠠᠯᠠᠭᠰᠠᠨ Entende ᠡᠷᠭᠢᠨ ᠲᠣᠭᠣᠷᠢᠨ ᠳᠤ ᠲᠥᠪᠯᠡᠷᠡᠭᠰᠡᠨ) ᠪᠣᠯᠤᠨ ᠲᠥᠪ ᠬᠦᠴᠦᠨ(ᠭᠤᠷᠪᠠᠯᠠᠭᠰᠠᠨ ᠨᠢᠭᠡᠳᠦᠯ ᠦᠨ ᠡᠷᠭᠢᠨ ᠲᠣᠭᠣᠷᠢᠨ ᠳᠤ ᠡᠭᠦᠰᠦᠨ) ᠭᠡᠰᠡᠨ 2 ᠬᠦᠴᠦᠩᠳᠡ ᠬᠤᠪᠢᠶᠠᠭᠰᠠᠨ ᠶᠤᠮ᠃ 70—ᠠᠭ᠎ᠠ ᠳᠤ ᠰᠠᠶᠠᠰ ᠪᠠᠭ᠎ᠠ ᠦᠭᠡᠢ ᠴᠡᠷᠢᠭ ᠦᠨ ᠬᠦᠮᠦᠨ᠂ 60 ᠍ ᠊ᠭᠠᠳ ᠰᠠᠶ᠋ᠢ ᠨᠢ ᠧᠦ᠋ᠷᠣᠫᠠ ᠡᠨᠡᠬᠦ ᠳᠠᠶᠢᠨ ᠳᠤ ᠣᠷᠣᠯᠴᠠᠭᠰᠠᠨ ᠲᠡᠦᠬᠡᠨ ᠳ᠋ᠡᠬᠢ ᠬᠠᠮᠤᠭ ᠤᠨ ᠲᠣᠮᠣ ᠳᠠᠶᠢᠨ ᠨᠤᠭᠤᠳ ᠤᠨ ᠨᠢᠭᠡ ᠶᠠᠭᠤᠮ᠎ᠠ᠃ 9 ᠰᠠᠶᠠᠰ ᠪᠠᠭ᠎ᠠ ᠦᠭᠡᠢ ᠬᠦᠮᠦᠨ ᠦᠷᠡᠭᠳᠡᠭᠰᠡᠨ ᠪᠥᠭᠡᠳ᠂ ᠡᠭᠦᠨ ᠦ ᠰᠢᠯᠲᠠᠭᠠᠨ ᠨᠢ ᠭᠠᠯᠲᠤ ᠵᠡᠪᠰᠡᠭ ᠦᠨ ᠬᠥᠭᠵᠢᠯ ᠪᠣᠯᠤᠨ ᠲᠡᠭᠦᠨ ᠦ ᠡᠰᠡᠷᠭᠦᠴᠡᠬᠦ ..... ᠬᠥᠭᠵᠢᠭᠡ ᠦᠭᠡᠢ ᠲᠡᠢ ᠬᠣᠯᠪᠣᠭ᠎ᠠ ᠲᠠᠢ ᠶᠤᠮ᠃ ᠡᠨᠡ ᠨᠢ ᠳᠡᠯᠡᠬᠡᠢ ᠶᠢᠨ ᠲᠡᠦᠬᠡᠨ ᠳ᠋ᠡᠬᠢ 6 ᠳᠠᠬᠢ ᠲᠣᠮᠣᠬᠠᠨ ᠬᠥᠨᠥᠭᠡᠯᠲᠡᠢ ᠳᠠᠶᠢᠨ ᠶᠤᠮ᠃

ᠡᠨᠡᠬᠦ ᠳᠠᠶᠢᠨ ᠨᠢ ᠠᠯᠠᠯᠭ᠎ᠠ ᠪᠠᠷ ᠡᠬᠢᠯᠡᠵᠦ ᠬᠡᠳᠦ ᠬᠡᠳᠦᠨ ᠬᠤᠪᠢᠰᠠᠬᠠᠯ ᠶᠢᠡᠷ(ᠬᠡᠳᠦ ᠬᠡᠳᠦᠨ ᠣᠷᠣᠨ) ᠳᠠᠭᠤᠰᠤᠭᠰᠠᠨ᠃ ᠠᠦᠢᠰᠲᠷᠶ᠎ᠠ-ᠬᠠᠩᠭᠠᠷᠢ ᠶᠢᠨ ᠬᠠᠭᠠᠨ ᠰᠢᠷᠡᠭᠡᠨ ᠦ ᠵᠠᠯᠭᠠᠮᠵᠢᠯᠠᠭᠴᠢ Archduke Franz Ferdinand ᠍ ᠦᠨ 1914 ᠣᠨ ᠤ 6 ᠰᠠᠷ᠎ᠠ ᠶᠢᠨ 28 ᠍ ᠤ ᠠᠯᠠᠯᠭ᠎ᠠ ᠨᠢ ᠳᠠᠶᠢᠨ ᠡᠭᠦᠰᠬᠦ ᠭᠣᠣᠯ ᠲᠦᠯᠬᠢᠴᠡ ᠪᠣᠯᠤᠭᠰᠠᠨ ᠶᠤᠮ᠃ ᠮᠥᠨ ᠧᠦ᠋ᠷᠣᠫᠠ ᠶᠢᠨ ᠲᠣᠮᠣᠬᠠᠨ ᠬᠦᠴᠦᠨ ᠨᠦᠭᠦᠳ ᠪᠣᠯᠬᠤ ᠭᠧᠷᠮᠠᠨ ᠤ ᠬᠠᠭᠠᠨᠲᠤ ᠤᠯᠤᠰ᠂ ᠠᠦᠢᠰᠲᠷᠶ᠎ᠠ ᠬᠠᠩᠭᠠᠷᠢ ᠶᠢᠨ ᠬᠠᠭᠠᠨᠲᠤ ᠤᠯᠤᠰ᠂ ᠣᠲ᠋ᠣᠮᠠᠨ ᠤ ᠬᠠᠭᠠᠨᠲᠤ ᠤᠯᠤᠰ᠂ ᠣᠷᠣᠰ ᠤᠨ ᠬᠠᠭᠠᠨᠲᠤ ᠤᠯᠤᠰ᠂ ᠪᠷᠢᠲ᠋ᠠᠨ ᠤ ᠬᠠᠭᠠᠨᠲᠤ ᠤᠯᠤᠰ᠂ ᠹᠷᠠᠨᠼᠢ ᠪᠣᠯᠤᠨ ᠢᠲ᠋ᠠᠯᠢ ᠵᠡᠷᠭᠡ ᠶᠢᠨ ᠢᠮᠫᠧᠷᠡᠯᠢᠰᠮ ᠦᠵᠡᠯ ᠦᠨ ᠲᠥᠷᠥ ᠶᠢᠨ ᠪᠣᠳᠣᠯᠭᠠᠨ ᠨᠤᠭᠤᠳ ᠨᠢ ᠳᠠᠶᠢᠨ ᠡᠭᠦᠰᠭᠡᠬᠦ ᠪᠠᠰᠠ ᠨᠢᠭᠡᠨ ᠲᠦᠯᠬᠢᠴᠡ ᠪᠣᠯᠤᠭᠰᠠᠨ ᠶᠤᠮ᠃ ᠶᠣᠭᠣᠰᠯᠠᠪ ᠤᠨ ᠦᠨᠳᠦᠰᠦᠲᠡᠨ ᠦ ᠦᠢᠯᠡᠳᠦᠭᠰᠡᠨ ᠹᠧᠷᠳ᠋ᠨᠢᠩᠳᠠ ᠶᠢᠨ ᠠᠯᠠᠯᠭ᠎ᠠ ᠨᠢ ᠰᠧᠷᠪᠢ ᠶᠢᠨ ᠬᠠᠭᠠᠨᠲᠤ ᠤᠯᠤᠰ ᠲᠤ ᠲᠤᠯᠭᠠᠬᠤ ᠪᠢᠴᠢᠭ ᠢᠶᠡᠷ ᠲᠡᠭᠦᠰᠦᠭᠰᠡᠨ ᠶᠤᠮ᠃ ᠰᠡᠭᠦᠯ ᠦᠨ ᠠᠷᠪᠠᠨ ᠵᠢᠯ ᠤᠨᠳ ᠲᠤ ᠡᠭᠦᠰᠦᠭᠰᠡᠨ ᠨᠢᠭᠡᠳᠦᠯ ᠦᠳ ᠳᠠᠭᠤᠳᠠᠭᠳᠠᠭᠰᠠᠨ ᠤᠴᠢᠷ ᠬᠡᠳᠦᠬᠡᠨ 7 ᠬᠣᠨᠣᠭ ᠤᠨ ᠳᠣᠲᠣᠷ᠎ᠠ ᠲᠣᠮᠣᠬᠠᠨ ᠬᠦᠴᠦᠨ ᠨᠦᠭᠦᠳ ᠳᠠᠶᠢᠨ ᠳᠤ ᠣᠷᠣᠯᠴᠠᠵᠤ ᠡᠬᠢᠯᠡᠭᠰᠡᠨ ᠪᠥᠭᠡᠳ᠂ ᠺᠣᠯᠣᠨ ᠢᠶᠠᠷ ᠳᠠᠮᠵᠢᠭᠤᠯᠠᠨ ᠮᠥᠷᠭᠥᠯᠳᠦᠭᠡᠨ ᠨᠢ ᠤᠳᠠᠯ ᠦᠭᠡᠢ ᠳᠡᠯᠡᠬᠡᠢ ᠳᠠᠬᠢᠨ ᠳᠤ ᠲᠠᠷᠬᠠᠭᠰᠠᠨ ᠶᠤᠮ᠃

6 ᠍ ᠳᠦᠭᠡᠷ ᠰᠠᠷ᠎ᠠ ᠶᠢᠨ 29 ᠍ ᠳᠦ ᠠᠦᠢᠰᠲᠷᠶ᠎ᠠ-ᠬᠠᠩᠭᠠᠷᠢ ᠶᠢᠨ ᠰᠧᠷᠪᠢ ᠷᠦᠦ ᠬᠢᠭᠰᠡᠨ ᠳᠣᠪᠲᠣᠯᠭ᠎ᠠ᠂ ᠡᠭᠦᠨ ᠦ ᠳᠠᠷᠠᠭ᠎ᠠ ᠪᠧᠯᠭᠢ᠂ ᠯᠶᠤᠶᠢᠺᠰᠧᠮᠪᠧᠺᠭ ᠪᠣᠯᠤᠨ ᠹᠷᠠᠨᠼᠢ ᠷᠦᠦ ᠬᠢᠭᠰᠡᠨ ᠭᠧᠷᠮᠠᠨ ᠤ ᠳᠣᠪᠲᠣᠯᠭ᠎ᠠ᠂ ᠮᠥᠨ ᠭᠧᠷᠮᠠᠨ ᠤ ᠡᠰᠡᠷᠬᠦ ᠬᠢᠭᠰᠡᠨ ᠣᠷᠣᠰ ᠤᠨ ᠳᠠᠭᠠᠷᠢᠯᠲᠠ ᠮᠥᠷᠭᠥᠯᠳᠦᠭᠡᠨ ᠢ ᠡᠬᠢᠯᠡᠭᠦᠯᠦᠭᠰᠡᠨ ᠶᠤᠮ᠃ ᠫᠠᠷᠢᠰ ᠳᠠᠬᠢ ᠭᠧᠷᠮᠠᠨ ᠤ ᠵᠢᠭ᠌ᠰᠠᠭᠠᠯ ᠵᠣᠭᠰᠣᠭᠰᠠᠨ ᠥᠷᠥᠨ᠎ᠡ ᠹᠷᠣᠨᠲ ᠤᠨ attrition ᠍ ᠦ ᠲᠤᠯᠤᠭᠠᠨ ᠲᠣᠭᠲᠠᠮᠠᠯ ᠦᠷᠭᠦᠯᠵᠢᠯᠡᠭᠰᠡᠨ ᠪᠥᠭᠡᠳ 1917 ᠣᠨ ᠬᠦᠷᠲᠡᠯ᠎ᠡ ᠪᠠᠷᠤᠭ ᠥᠭᠡᠷᠡᠴᠢᠯᠡᠭᠳᠡᠭᠡ ᠦᠭᠡᠢ ᠶᠤᠮ᠃ ᠬᠠᠷᠢᠨ ᠳᠣᠷᠣᠨ᠎ᠠ ᠶᠢᠨ ᠹᠷᠣᠨᠲᠣᠳ ᠣᠷᠣᠰ ᠤᠨ ᠠᠷᠮᠢ ᠠᠪᠰᠲ᠋ᠢ-ᠬᠠᠩᠭᠠᠷᠢ ᠶᠢᠨ ᠬᠦᠴᠦᠨ ᠦ ᠡᠰᠡᠷᠬᠦ ᠠᠮᠵᠢᠯᠲᠠ ᠲᠠᠢ ᠲᠤᠯᠤᠯᠳᠤᠵᠤ ᠪᠠᠶᠢᠭᠰᠠᠨ ᠪᠣᠯᠪᠠᠴᠤ ᠭᠧᠷᠮᠠᠨ ᠤ ᠠᠷᠮᠢ ᠶᠢᠨ ᠤᠯᠠᠮ ᠠᠴᠠ ᠤᠬᠤᠷᠢᠵᠤ ᠪᠠᠶᠢᠭᠰᠠᠨ ᠶᠤᠮ᠃ ᠣᠳᠲᠠᠮᠠᠨ ᠤ ᠬᠠᠭᠠᠨᠲᠤ ᠤᠯᠤᠰ 1914 ᠣᠨ ᠳᠤ᠂ ᠢᠲ᠋ᠠᠯᠢ ᠪᠣᠯᠭᠠᠷᠢᠶ᠎ᠠ 1915 ᠣᠨ ᠳᠤ ᠪᠣᠯᠤᠨ ᠷᠤᠮᠢᠨ 1916 ᠣᠨ ᠳᠤ ᠳᠠᠶᠢᠨ ᠳᠤ ᠨᠢᠭᠡᠳᠦᠭᠰᠡᠨ ᠢᠶᠡᠷ ᠨᠡᠮᠡᠯᠲᠡ ᠹᠷᠠᠨᠲ ᠤᠳ ᠨᠡᠭᠡᠭᠡᠭᠳᠡᠭᠰᠡᠨ᠃ ᠣᠷᠣᠰ ᠤᠨ ᠬᠠᠭᠠᠨᠲᠤ ᠤᠯᠤᠰ 1917 ᠣᠨ ᠳᠤ ᠪᠤᠲᠠᠷᠠᠭᠰᠠᠨ ᠪᠥᠭᠡᠳ ᠲᠡᠷᠬᠡᠦ ᠵᠢᠯ ᠳᠤ ᠣᠺᠲ᠋ᠢᠶᠠᠪᠧᠷ ᠤᠨ ᠬᠤᠪᠢᠰᠬᠠᠯ ᠭᠠᠷᠤᠭᠰᠠᠨ ᠢᠶᠠᠷ ᠣᠷᠣᠰ ᠳᠠᠶᠢᠨ ᠢ ᠣᠷᠬᠢᠭᠰᠠᠨ᠃ ᠥᠷᠥᠨᠡᠲᠦ ᠹᠷᠣᠨᠲᠣᠳ ᠭᠧᠷᠮᠠᠨ ᠨᠤᠭᠤᠳ ᠢᠳᠡᠪᠬᠢ ᠲᠡᠢ ᠳᠠᠭᠠᠷᠢᠵᠤ ᠪᠠᠶᠢᠭᠰᠠᠨ ᠬᠡᠳᠦᠢ ᠴᠤ ᠠᠮᠧᠷᠢᠺᠠ ᠶᠢᠨ ᠬᠦᠴᠦ ᠲᠤᠯᠤᠭᠠᠨ ᠳᠤ ᠣᠷᠣᠵᠤ ᠢᠷᠡᠨ ᠬᠣᠯᠪᠣᠭᠠᠲᠠᠨ ᠨᠤᠭᠤᠳ ᠭᠧᠷᠮᠠᠨ ᠤ ᠠᠷᠮᠢ ᠶᠢ ᠬᠡᠳᠦ ᠬᠡᠳᠦᠨ ᠠᠮᠵᠢᠯᠲᠠ ᠲᠠᠢ ᠳᠠᠭᠠᠷᠢᠯᠲᠠ ᠪᠠᠷ ᠤᠬᠤᠷᠢᠭᠤᠯᠬᠤ ᠳᠤ ᠬᠦᠷᠭᠡᠭᠰᠡᠨ ᠶᠤᠮ᠃ ᠲᠡᠷᠬᠡᠦ ᠦᠶ᠎ᠡ ᠳᠦ ᠭᠧᠷᠮᠠᠨ ᠬᠤᠪᠢᠰᠬᠠᠯ ᠤᠨ ᠠᠰᠠᠭᠤᠳᠠᠯ ᠲᠠᠢ ᠪᠠᠶᠢᠭᠰᠠᠨ ᠤᠴᠢᠷ 1918 ᠣᠨ ᠤ 11 ᠰᠠᠷ᠎ᠠ ᠶᠢᠨ 11 ᠍ ᠳᠦ ᠭᠠᠯ ᠢᠶᠠᠨ ᠵᠣᠭᠰᠣᠭᠠᠬᠤ ᠪᠠᠨ ᠵᠥᠪᠰᠢᠶᠡᠷᠡᠭᠰᠡᠨ᠂ ᠳᠠᠷᠠᠭ᠎ᠠ ᠡᠨᠡ ᠡᠳᠦᠷ ᠢ Armistice ᠍ ᠶᠢᠨ ᠡᠳᠦᠷ ᠭᠡᠵᠦ ᠨᠡᠷᠡᠯᠡᠬᠦ ᠪᠣᠯᠤᠭᠰᠠᠨ᠃

ᠳᠠᠶᠢᠨ ᠤ ᠲᠡᠭᠦᠰᠬᠡᠯ ᠳᠦ 4 ᠲᠣᠮᠣ ᠢᠮᠫᠧᠷᠢᠶᠠᠯ ᠬᠦᠴᠦᠨ ᠨᠦᠭᠦᠳ ᠪᠣᠯᠤᠨ ᠭᠧᠷᠮᠠᠨ᠂ ᠣᠷᠣᠰ᠂ ᠠᠦᠢᠰᠲᠷᠶ᠎ᠠ-ᠬᠠᠩᠭᠠᠷᠢ ᠶᠢᠨ ᠬᠠᠭᠠᠨ ᠳᠤ ᠤᠯᠤᠰ ᠤᠳ ᠴᠡᠷᠢᠭ ᠦᠨ ᠪᠣᠯᠤᠨ ᠡᠳ᠋ ᠍ ᠦᠨ ᠵᠠᠰᠠᠭ ᠤᠨ ᠬᠤᠪᠢ ᠳᠤ ᠢᠯᠠᠭᠳᠠᠭᠰᠠᠨ ᠪᠠᠶᠢᠭᠰᠠᠨ ᠪᠥᠭᠡᠳ ᠣᠷᠣᠰᠢᠨ ᠲᠣᠭᠲᠠᠨᠢᠬᠤ ᠪᠠᠨ ᠪᠣᠯᠢᠭᠰᠠᠨ ᠪᠠᠶᠢᠭᠰᠠᠨ ᠶᠤᠮ᠃ ᠡᠮᠦᠨᠡᠬᠢ ᠬᠣᠶᠠᠷ ᠤᠨ ᠢᠯᠠᠭᠴᠢ ᠨᠢ ᠲᠮᠣᠬᠠᠨ ᠬᠡᠮᠵᠢᠶᠡᠨ ᠦ ᠭᠠᠵᠠᠷ ᠨᠤᠲᠤᠭ ᠠᠯᠠᠳᠠᠭᠰᠠᠨ ᠪᠣᠯ ᠦᠯᠡᠳᠡᠭᠰᠡᠨ ᠬᠣᠶᠠᠷ ᠨᠢ ᠪᠦᠬᠦᠯᠢ ᠳᠦ ᠪᠡᠨ ᠠᠷᠴᠢᠭᠳᠠᠭᠰᠠᠨ ᠪᠠᠶᠢᠯ᠎ᠠ᠃ ᠧᠦ᠋ᠷᠣᠫᠠ ᠶᠢᠨ ᠭᠠᠵᠠᠷ ᠨᠤᠲᠤᠭ ᠳᠠᠬᠢᠨ ᠣᠯᠠᠨ ᠵᠢᠵᠢᠭ ᠨᠤᠲᠤᠭ ᠤᠳ ᠪᠣᠯᠤᠨ ᠵᠢᠷᠤᠭᠳᠠᠭᠰᠠᠨ ᠪᠠᠶᠢᠯ᠎ᠠ᠃ ᠦᠨᠳᠦᠰᠦᠲᠡᠨ ᠦ ᠬᠣᠯᠪᠣᠭ᠎ᠠ ᠨᠢ ᠳᠠᠬᠢᠨ ᠡᠶᠢᠮᠦ ᠮᠥᠷᠭᠥᠯᠳᠦᠭᠡᠨ ᠪᠣᠯᠭᠠᠬᠤ ᠦᠭᠡᠢ ᠶᠢᠨ ᠲᠤᠯᠠᠳᠠ ᠡᠭᠦᠰᠬᠡᠨ ᠪᠠᠶᠢᠭᠤᠯᠤᠭᠳᠠᠭᠰᠠᠨ᠃ ᠧᠦ᠋ᠷᠣᠫᠠ ᠶᠢᠨ ᠨᠠᠼᠢᠣᠨᠠᠯᠢᠰᠲ ᠦᠵᠡᠯ ᠳᠠᠶᠢᠨ ᠪᠣᠯᠤᠨ ᠡᠵᠡᠨᠲᠦ ᠭᠦᠷᠦᠨ ᠨᠦᠭᠦᠳ ᠦᠨᠵᠠᠳᠠᠷᠠᠯ᠂ ᠭᠧᠷᠮᠠᠨ ᠤ ᠢᠯᠠᠭᠳᠠᠯ ᠪᠣᠯᠤᠨ ᠸᠧᠷᠰᠠᠶᠢᠯᠯᠧᠰ ᠦᠨ ᠭᠡᠷ ᠢᠶᠡᠨ ᠦ ᠠᠰᠠᠭᠤᠳᠠᠯ ᠤᠳ ᠤᠨ ᠤᠯᠠᠮ ᠠᠴᠠ ᠡᠭᠦᠰᠦᠭᠰᠡᠨ ᠪᠥᠭᠡᠳ ᠡᠨᠡ ᠨᠢ ᠳᠡᠯᠡᠬᠡᠢ ᠶᠢᠨ ᠬᠣᠶᠠᠳᠤᠭᠠᠷ ᠳᠠᠶᠢᠨ ᠡᠭᠦᠰᠬᠦ ᠭᠣᠣᠯ ᠬᠦᠴᠦᠨ ᠵᠦᠢᠯ ᠦᠳ ᠪᠣᠯᠤᠭᠰᠠᠨ ᠶᠤᠮ᠃

ᠠᠭᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠷᠡᠨ ᠦ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠶᠢᠨ ᠤ ᠣᠨ ᠨᠤᠭᠤᠳ ᠲᠤ ᠠᠩᠭᠯᠢ ᠪᠠᠷ ᠶᠠᠷᠢᠳᠠᠭ ᠤᠯᠤᠰ ᠤᠳ ᠤᠨ ᠬᠤᠪᠢ ᠳᠤ ᠳᠠᠶᠢᠨ ᠢ ᠬᠡᠳᠦ ᠬᠡᠳᠦᠨ ᠶᠠᠩᠵᠤ ᠪᠠᠷ ᠨᠡᠷᠡᠯᠡᠵᠦ ᠪᠠᠶᠢᠭᠰᠠᠨ᠃ ᠳᠡᠯᠡᠬᠡᠢ ᠶᠢᠨ ᠳᠠᠶᠢᠨ᠂ ᠶᠡᠬᠡ ᠳᠠᠶᠢᠨ ᠭᠡᠵᠦ ᠲᠦᠭᠡᠮᠡᠯ ᠨᠡᠷᠡᠯᠡᠳᠡᠭ ᠪᠠᠶᠢᠭᠰᠠᠨ ᠴᠤ ᠮᠥᠨ ᠠᠭᠤᠤ ᠳᠠᠶᠢᠨ᠂ ᠧᠦ᠋ᠷᠣᠫᠠ ᠶᠢᠨ ᠳᠠᠶᠢᠨ᠂ ᠤᠯᠤᠰ ᠬᠣᠭᠣᠷᠣᠨᠳᠣ ᠶᠢᠨ ᠳᠠᠶᠢᠨ᠂ 1914 ᠣᠨ ᠤ ᠳᠠᠶᠢᠨ ᠪᠣᠯᠤᠨ ᠥᠭᠡᠷ᠎ᠡ ᠥᠭᠡᠷ᠎ᠡ ᠨᠡᠷ᠎ᠡ ᠨᠦᠭᠦᠳ ᠢᠶᠡᠷ ᠨᠡᠷᠡᠯᠡᠵᠦ ᠪᠠᠶᠢᠭᠰᠠᠨ ᠶᠤᠮ᠃ 1924 ᠣᠨ ᠤ Time ᠰᠡᠳᠬᠦᠯ ᠳᠦ ᠤᠲᠠᠰᠬᠠᠭᠳᠠᠭᠰᠠᠨ ᠮᠡᠲᠦ ᠨᠡᠷᠡᠨ ᠨᠦᠭᠦᠳ ᠢ ᠶᠡᠬᠡᠬᠡᠨ ᠰᠤᠯᠢᠵᠤ ᠪᠠᠶᠢᠭᠰᠠᠨ ᠶᠤᠮ᠃ 1939 ᠣᠨ ᠳᠤ ᠳᠡᠯᠡᠬᠡᠢ ᠶᠢᠨ ᠬᠣᠶᠠᠳᠤᠭᠠᠷ ᠳᠠᠶᠢᠨ ᠡᠬᠢᠯᠡᠭᠰᠡᠨ ᠦ ᠳᠠᠷᠠᠭ᠎ᠠ ᠳᠡᠯᠡᠬᠡᠢ ᠶᠢᠨ ᠨᠢᠭᠡᠳᠦᠭᠡᠷ ᠳᠠᠶᠢᠨ᠂ ᠡᠰᠡᠪᠡᠯ ᠨᠢᠭᠡᠳᠦᠭᠡᠷ ᠳᠡᠯᠡᠬᠡᠢ ᠶᠢᠨ ᠳᠠᠶᠢᠨ ᠭᠡᠵᠦ ᠨᠡᠷᠡᠯᠡᠬᠦ ᠨᠢ ᠵᠢᠰᠢᠭ ᠪᠣᠯᠤᠭᠰᠠᠨ ᠶᠤᠮ᠃ ᠪᠷᠢᠲ᠋ᠠᠨ(ᠠᠩᠭᠯᠢ) ᠪᠣᠯᠤᠨ ᠺᠠᠨᠠᠳᠠ ᠤᠨ ᠲᠡᠦᠬᠡᠴᠢᠳ ᠨᠢᠭᠡᠳᠦᠭᠡᠷ ᠳᠡᠯᠡᠬᠡᠢ ᠶᠢᠨ ᠳᠠᠶᠢᠨ ᠨᠡᠷᠡᠯᠡᠳᠡᠭ ᠬᠠᠷᠢᠨ ᠠᠮᠧᠷᠢᠺᠠᠴᠤᠳ ᠳᠡᠯᠡᠬᠡᠢ ᠶᠢᠨ ᠨᠢᠭᠡᠳᠦᠭᠡᠷ ᠳᠠᠶᠢᠨ ᠭᠡᠵᠦ ᠨᠡᠷᠡᠯᠡᠳᠡᠭ᠃ ᠳᠡᠯᠡᠬᠡᠢ ᠶᠢᠨ ᠳᠠᠶᠢᠨ ᠭᠡᠵᠦ ᠨᠡᠷᠡᠯᠡᠬᠦ ᠶᠢ ᠠᠩᠬ᠎ᠠ 1914 ᠣᠨ ᠤ 9 ᠍ ᠳᠦᠭᠡᠷ ᠰᠠᠷ᠎ᠠ ᠳᠤ ᠭᠧᠷᠮᠠᠨ ᠤ ᠪᠢᠣᠯᠣᠭᠢᠴᠢ᠂ ᠹᠢᠯᠣᠰᠣᠹᠢᠴᠢ ᠡᠷᠨᠰᠲ ᠬᠠᠺᠧᠯ 《ᠳᠡᠯᠡᠬᠡᠢ ᠳᠠᠬᠢᠨ ᠢ ᠠᠶᠢᠳᠠᠰ ᠲᠤ ᠠᠪᠲᠠᠭᠤᠯᠤᠭᠰᠠᠨ ᠧᠦ᠋ᠷᠣᠫᠠ ᠶᠢᠨ ᠳᠠᠶᠢᠨ ᠨᠢ ᠶᠠᠬᠤ ᠠᠷᠭ᠎ᠠ ᠦᠭᠡᠢ ᠳᠡᠯᠡᠬᠡᠢ ᠶᠢ ᠴᠣᠴᠢᠷᠠᠭᠠᠭᠰᠠᠨ ᠳᠡᠯᠡᠬᠡᠢ ᠶᠢᠨ ᠡᠬᠢᠨ ᠦ ᠳᠠᠶᠢᠨ ᠪᠣᠯᠤᠭᠰᠠᠨ》 ᠭᠡᠵᠦ ᠮᠡᠳᠡᠭᠳᠡᠭᠰᠡᠨ᠃ ᠨᠢᠭᠡᠳᠦᠭᠡᠷ ᠳᠡᠯᠡᠬᠡᠢ ᠶᠢᠨ ᠳᠠᠶᠢᠨ ᠭᠡᠳᠡᠭ ᠨᠡᠷ᠎ᠡ ᠶᠢ 1920 ᠣᠨ ᠤ ᠲᠡᠦᠬᠡ ᠪᠡᠷ ᠣᠹᠢᠼᠧᠷ᠂ ᠰᠡᠳᠬᠦᠯᠴᠢ ᠴᠢᠷᠠᠯᠢᠰ᠎ᠠ ᠺᠦᠶᠢᠷ ᠲᠦ ᠷᠧᠫᠢᠩᠲ᠋ᠣᠨ ᠥᠭᠭᠦᠭᠰᠡᠨ᠃ᠹᠷᠠᠨᠼᠢ ᠪᠧᠯᠭᠢᠳ ᠳᠠᠶᠢᠨ ᠨᠢ ᠵᠠᠷᠢᠮ ᠳᠤ ᠪᠠᠨ La Guerre du Droit(ᠰᠢᠳᠤᠷᠭᠤ ᠶᠣᠰᠣᠨ ᠤ ᠳᠠᠶᠢᠨ) ᠡᠰᠡᠪᠡᠯ La Guerre Pour la Civilisation | de Oorlog tot de Beschaving(ᠰᠤᠶᠤᠯ ᠢᠷᠡᠨᠰᠢᠯ᠎ᠡ ᠤᠯᠬᠤ ᠳᠠᠶᠢᠨ) ᠭᠡᠵᠦ ᠨᠡᠷᠡᠯᠡᠳᠡᠭ ᠢᠯᠠᠩᠭᠤᠶ᠎ᠠ ᠮᠧᠳᠠᠯ ᠪᠣᠯᠤᠨ ᠳᠤᠷᠠᠰᠬᠠᠯ ᠤᠨ ᠬᠥᠰᠢᠶ᠎ᠡ ᠨᠦᠭᠦᠳ ᠳᠡᠭᠡᠷ᠎ᠡ ᠲᠤᠰᠬᠠᠭᠳᠠᠭᠰᠠᠨ ᠪᠠᠶᠢᠳᠠᠭ᠃

ᠠᠷᠤ ᠲᠠᠯ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ ᠨᠢᠭᠡᠳᠦᠭᠡᠷ ᠳᠠᠶᠢᠨ ᠳᠤ ᠣᠷᠣᠯᠴᠠᠭᠴᠢᠳ ᠤᠨ ᠭᠠᠵᠠᠷ ᠤᠨ ᠵᠢᠷᠤᠭ: ᠬᠣᠯᠪᠣᠭᠠᠲᠠᠨ ᠤ ᠬᠦᠴᠦ ᠶᠢ ᠨᠣᠭᠣᠭᠠᠨ ᠢᠶᠠᠷ᠂ ᠲᠥᠪ ᠬᠦᠴᠦ ᠶᠢ ᠰᠢᠷᠭᠠᠯ᠂ ᠣᠷᠣᠯᠴᠠᠭ᠎ᠠ ᠦᠭᠡᠢ ᠤᠯᠤᠰ ᠤᠳ ᠢ ᠰᠠᠷᠠᠯ ᠢᠶᠠᠷ ᠲᠡᠮᠳᠡᠭᠯᠡᠪᠡ᠃ 19 ᠍ ᠳᠦᠭᠡᠷ ᠵᠠᠭᠤᠨ ᠳᠤ ᠧᠦ᠋ᠷᠣᠫᠠ ᠶᠢᠨ ᠲᠣᠮᠣᠬᠠᠨ ᠬᠦᠴᠦᠨ ᠨᠦᠭᠦᠳ ᠧᠦ᠋ᠷᠣᠫᠠ ᠶᠢᠨ ᠬᠦᠴᠦ ᠴᠢᠳᠠᠯ ᠤᠨ ᠲᠡᠮᠡᠴᠡᠪᠦᠷᠢ ᠶᠢ ᠬᠠᠳᠠᠭᠠᠯᠠᠬᠤ ᠭᠡᠵᠦ ᠣᠷᠣᠯᠳᠤᠵᠤ ᠪᠠᠶᠢᠭᠰᠠᠨ ᠪᠥᠭᠡᠳ ᠡᠨᠡ ᠨᠢ 1900 ᠣᠨ ᠭᠡᠬᠦ ᠳᠦ ᠤᠯᠤᠰ ᠲᠥᠷᠥ ᠪᠣᠯᠤᠨ ᠴᠡᠷᠢᠭ ᠦᠨ ᠴᠣᠭᠴᠠ ᠬᠣᠯᠪᠣᠭᠠᠲᠠᠨ ᠨᠤᠭᠤᠳ ᠢ ᠲᠢᠪ ᠳᠠᠶᠠᠭᠠᠷ ᠡᠭᠦᠰᠬᠡᠭᠰᠡᠨ ᠶᠤᠮ᠃ ᠡᠨᠡ ᠨᠢ 1815 ᠣᠨ ᠳᠤ ᠫᠷᠥᠰᠰᠢᠶᠠ᠂ ᠣᠷᠣᠰ᠂ ᠠᠦᠢᠰᠲᠷᠶ᠎ᠠ ᠶᠢᠨ ᠭᠡᠭᠡᠨ ᠨᠢᠭᠡᠳᠦᠯ ᠢᠶᠡᠷ ᠡᠬᠢᠯᠡᠭᠰᠡᠨ ᠶᠤᠮ᠃ ᠡᠭᠦᠨ ᠦ ᠳᠠᠷᠠᠭ᠎ᠠ 1873 ᠣᠨ ᠳᠤ ᠭᠧᠷᠮᠠᠨ ᠤ ᠺᠠᠨᠴᠠᠯᠧᠷ ᠪᠢᠰᠢᠮᠠᠷᠺ ᠠᠦᠢᠰᠲᠷᠶ᠎ᠠ-ᠤᠩᠭᠠᠷᠢ᠂ ᠣᠷᠣᠰ᠂ ᠭᠧᠷᠮᠠᠨ ᠢ ᠣᠷᠤᠯᠴᠠᠭᠤᠯᠤᠨ ᠭᠤᠷᠪᠠᠨ ᠬᠠᠭᠠᠨ ᠤ ᠬᠣᠯᠪᠣᠭ᠎ᠠ(ᠭᠧᠷᠮᠠᠨ: ᠳᠧᠢᠺᠠᠶᠢᠽᠧᠷᠪᠦᠦᠭ) ᠭᠡᠰᠡᠨ ᠭᠡᠷ᠎ᠡ ᠶᠢ ᠪᠠᠶᠢᠭᠤᠯᠤᠭᠰᠠᠨ᠃ ᠡᠨᠡᠬᠦ ᠬᠡᠯᠡᠯᠴᠡᠭᠡᠷ ᠨᠢ ᠠᠦᠢᠰᠲᠷᠶ᠎ᠠ-ᠬᠠᠩᠭᠠᠷᠢ ᠪᠣᠯᠤᠨ ᠣᠷᠣᠰ ᠤᠨ ᠲᠠᠯ᠎ᠠ ᠨᠤᠭᠤᠳ ᠪᠠᠯᠺᠠᠨ ᠤ ᠲᠠᠯ᠎ᠠ ᠪᠠᠷ ᠬᠢ ᠪᠣᠳᠣᠯᠭᠠᠨ ᠳᠡᠭᠡᠷ᠎ᠡ ᠲᠣᠬᠢᠷᠠᠯᠴᠠᠭᠠᠨ ᠳᠤ ᠬᠦᠷᠴᠦ ᠴᠢᠳᠠᠭ᠎ᠠ ᠦᠭᠡᠢ ᠡᠴᠡ ᠰᠢᠯᠲᠠᠭᠠᠯᠠᠨ ᠰᠠᠯᠵᠤ ᠭᠧᠷᠮᠠᠨ ᠠᠪᠰᠲ᠋ᠢ-ᠬᠠᠩᠭᠠᠷᠢ ᠶᠢᠨ ᠬᠣᠣᠰ ᠨᠢᠭᠡᠳᠦᠯ 1879 ᠣᠨ ᠳᠤ ᠡᠭᠦᠰᠦᠭᠰᠡᠨ᠃ ᠡᠨᠡ ᠨᠢ ᠣᠳᠲᠠᠮᠠᠨ ᠤ ᠡᠵᠡᠨᠲᠦ ᠭᠦᠷᠦᠨ ᠰᠤᠯᠠᠷᠠᠵᠤ ᠪᠠᠶᠢᠭ᠎ᠠ ᠪᠣᠯᠤᠨ ᠣᠷᠣᠰ ᠤᠨ ᠪᠠᠯᠺᠠᠨ ᠳᠠᠬᠢ ᠨᠥᠯᠥᠭᠡᠯᠡᠯ ᠢ ᠡᠰᠡᠷᠭᠦᠴᠡᠬᠦ ᠵᠣᠷᠢᠯᠭ᠎ᠠ ᠲᠠᠢ ᠪᠠᠶᠢᠭᠤᠯᠤᠭᠳᠠᠭᠰᠠᠨ ᠶᠤᠮ᠃ 1882 ᠣᠨ ᠳᠤ ᠬᠣᠯᠪᠣᠭ᠎ᠠ ᠲᠡᠯᠡᠵᠦ ᠢᠲ᠋ᠠᠯᠢ ᠶᠢ ᠣᠷᠤᠯᠴᠠᠭᠤᠯᠤᠨ ᠭᠤᠷᠪᠠᠯᠠᠭᠰᠠᠨ ᠬᠣᠯᠪᠣᠭ᠎ᠠ ᠪᠣᠯᠤᠭᠰᠠᠨ᠃

1870 ᠣᠨ ᠤ ᠳᠠᠷᠠᠭ᠎ᠠ ᠧᠦ᠋ᠷᠣᠫᠠ ᠶᠢᠨ ᠮᠥᠷᠭᠥᠯᠳᠦᠭᠡᠨ ᠮᠠᠰᠢ ᠨᠠᠷᠢᠨ ᠲᠣᠭᠠᠴᠠᠭᠠᠯᠠᠭᠰᠠᠨ ᠺᠠᠨᠴᠠᠯᠧᠷ ᠪᠢᠰᠢᠮᠠᠷᠺ ᠤᠨ ᠵᠣᠬᠢᠶᠠᠨ ᠪᠠᠶᠢᠭᠤᠯᠤᠭᠰᠠᠨ ᠭᠧᠷᠮᠠᠨ ᠪᠣᠯᠤᠨ ᠧᠦ᠋ᠷᠣᠫᠠ ᠶᠢᠨ ᠪᠤᠰᠤᠳ ᠣᠷᠣᠨ ᠨᠤᠭᠤᠳ ᠬᠣᠭᠣᠷᠣᠨᠳᠣ ᠶᠢᠨ ᠭᠡᠷ᠎ᠡ ᠪᠡᠷ ᠨᠡᠯᠢᠶᠡᠳ ᠬᠤᠭᠤᠴᠠᠭᠠᠨ ᠳᠤ ᠵᠣᠭᠰᠣᠭᠰᠠᠨ ᠶᠤᠮ᠃ ᠲᠡᠷᠡ ᠣᠷᠣᠰ ᠤᠨ ᠠᠷᠮᠢ ᠶᠢ ᠠᠯᠢ ᠪᠣᠯᠬᠤ ᠭᠧᠷᠮᠠᠨ ᠤ ᠲᠠᠯ᠎ᠠ ᠳᠤ ᠪᠠᠷᠢᠬᠤ ᠪᠣᠯᠤᠭᠰᠠᠨ ᠨᠢ ᠹᠷᠠᠨᠼᠢ ᠪᠣᠯᠤᠨ ᠣᠷᠣᠰ ᠲᠠᠢ 2 ᠹᠷᠣᠨᠲ ᠤᠨ ᠳᠠᠶᠢᠨ ᠬᠢᠬᠦ ᠶᠢ ᠬᠦᠰᠡᠭᠡ ᠦᠭᠡᠢ ᠳᠦ ᠪᠠᠶᠢᠭᠰᠠᠨ ᠶᠤᠮ᠃ ᠬᠣᠶᠠᠳᠤᠭᠠᠷ ᠸᠢᠯᠢᠶᠮ ᠬᠠᠭᠠᠨ ᠰᠢᠷᠡᠭᠡ ᠶᠢ ᠥᠪᠯᠡᠨ ᠠᠪᠴᠤ ᠭᠧᠷᠮᠠᠨ ᠤ ᠡᠵᠡᠨ ᠬᠠᠭᠠᠨ(ᠺᠠᠶᠢᠽᠧᠷ) ᠪᠣᠯᠤᠭᠰᠠᠨ ᠢᠶᠠᠷ ᠪᠢᠰᠢᠮᠠᠷᠺ ᠤᠨ ᠬᠠᠮᠰᠠᠭᠠᠲᠠᠨ ᠨᠤᠭᠤᠳ ᠴᠢᠬᠤᠯᠠ ᠪᠢᠰᠢ ᠮᠡᠲᠦ ᠪᠣᠯᠤᠭᠰᠠᠨ᠃ ᠵᠢᠱᠢᠶ᠎ᠡ ᠨᠢ ᠺᠠᠶᠢᠽᠧᠷ ᠣᠷᠣᠰ ᠲᠠᠢ 1890 ᠣᠨ ᠳᠤ ᠨᠥᠬᠥᠨ ᠣᠯᠭᠣᠯᠲᠠ ᠶᠢᠨ ᠭᠡᠷ᠎ᠡ ᠶᠢ ᠰᠢᠨᠡᠴᠢᠯᠡᠬᠦ ᠪᠡᠨ ᠲᠠᠲᠠᠭᠠᠯᠵᠠᠭᠰᠠᠨ᠃ 2 ᠵᠢᠯ ᠦᠨ ᠳᠠᠷᠠᠭ᠎ᠠ ᠹᠷᠠᠨᠼᠢ ᠣᠷᠣᠰ ᠤᠨ ᠨᠢᠭᠡᠳᠦᠯ ᠭᠤᠷᠪᠠᠯᠠᠭᠰᠠᠨ ᠬᠣᠯᠪᠣᠭᠠᠨ ᠤ ᠬᠦᠴᠦ ᠶᠢ ᠡᠰᠡᠷᠭᠦᠴᠡᠬᠦ ᠶᠢᠨ ᠲᠤᠯᠠᠳᠠ ᠪᠠᠶᠢᠭᠤᠯᠤᠭᠳᠠᠭᠰᠠᠨ ᠶᠤᠮ᠃ 1904 ᠣᠨ ᠳᠤ ᠬᠣᠯᠪᠣᠭ᠎ᠠ ᠳᠤ ᠸᠠᠩᠲᠤ ᠤᠯᠤᠰ ᠹᠷᠠᠨᠼᠢ ᠲᠠᠢ ᠬᠣᠯᠪᠣᠭ᠎ᠠ ᠪᠣᠯᠬᠤ ᠡᠩᠲ᠋ᠧᠨᠲ᠋ᠧ ᠺᠣᠷᠳ᠋ᠢᠶᠠᠯ ᠤᠨ ᠭᠡᠷ᠎ᠡ ᠶᠢ ᠬᠢᠭᠰᠡᠨ ᠮᠥᠨ 1907 ᠣᠨ ᠳᠤ ᠬᠣᠯᠪᠣᠭ᠎ᠠ ᠳᠤ ᠸᠠᠩᠲᠤ ᠤᠯᠤᠰ ᠣᠷᠣᠰ ᠬᠣᠭᠣᠷᠣᠨᠳᠣ ᠶᠢᠨ ᠠᠩᠭᠯᠢ-ᠣᠷᠣᠰ ᠤᠨ ᠬᠣᠭᠣᠷᠣᠨᠳᠣ ᠶᠢᠨ ᠭᠡᠷᠢᠶᠡᠨ ᠳᠦ ᠭᠠᠷ ᠤᠨ ᠦᠰᠦᠭ ᠵᠢᠷᠤᠭᠰᠠᠨ᠃ ᠡᠨᠡᠬᠦ ᠬᠣᠶᠠᠷ ᠲᠠᠯ᠎ᠠ ᠳᠤ ᠭᠡᠷ᠎ᠡ ᠨᠢ ᠭᠤᠷᠪᠠᠯᠠᠭᠰᠠᠨ ᠡᠩᠲ᠋ᠧᠨᠲ᠋ᠧ ᠡᠭᠦᠰᠬᠦ ᠭᠡᠷ᠎ᠡ ᠨᠢ ᠪᠣᠯᠵᠤ ᠥᠭᠭᠦᠭᠰᠡᠨ ᠶᠤᠮ᠃

HMS ᠳᠠᠷ ᠲᠨᠣᠭᠤᠲᠠ᠂ ᠬᠣᠯᠪᠣᠭ᠎ᠠ ᠳᠤ ᠸᠠᠩᠲᠤ ᠤᠯᠤᠰ ᠪᠣᠯᠤᠨ ᠭᠧᠷᠮᠠᠨ ᠬᠣᠭᠣᠷᠣᠨᠳᠣ ᠣᠷᠣᠰᠢᠨ ᠲᠣᠭᠲᠠᠨᠢᠭᠰᠠᠨ ᠤᠰᠤᠨ ᠴᠡᠷᠢᠭ ᠦᠨ ᠬᠦᠴᠦᠨ᠃ ᠭᠧᠷᠮᠠᠨ ᠤ ᠦᠢᠯᠡᠳᠪᠦᠷᠢᠯᠡᠯ ᠪᠣᠯᠤᠨ ᠡᠳ᠋ ᠍ ᠦᠨ ᠵᠠᠰᠠᠭ ᠤᠨ ᠬᠦᠴᠦ ᠨᠢ ᠶᠡᠬᠡ ᠭᠦᠷᠦᠨ ᠦ ᠨᠢᠭᠡᠳᠦᠯ ᠦᠨ ᠳᠠᠷᠤᠭ᠎ᠠ ᠮᠠᠰᠢ ᠬᠤᠷᠳᠤᠴᠠ ᠲᠠᠢ ᠪᠠᠷ ᠥᠰᠦᠭᠰᠡᠨ᠃ 1890 ᠍ ᠊ᠭᠡᠳ ᠣᠨ ᠤ ᠳᠤᠮᠳᠠ ᠦᠶᠡᠰ ᠬᠣᠶᠠᠳᠤᠭᠠᠷ ᠸᠢᠯᠢᠶᠮ ᠡᠨᠡᠬᠦ ᠪᠠᠭᠠᠵᠢ ᠳᠤ ᠶᠡᠬᠡᠬᠡᠨ ᠬᠡᠮᠵᠢᠶᠡᠨ ᠦ ᠬᠥᠷᠥᠩᠭᠡ ᠵᠠᠷᠤᠴᠠᠭᠤᠯᠤᠨ Kaiserliche Marine(ᠭᠧᠷᠮᠠᠨ ᠤ ᠡᠵᠡᠨ ᠬᠠᠭᠠᠨ ᠤ ᠤᠰᠤᠨ ᠴᠡᠷᠢᠭ) ᠍ ᠢ ᠠᠳᠮᠢᠷᠠᠯ ᠠᠯᠹᠷ ᠲᠦ ᠸᠣᠨ ᠲᠢᠷᠫᠢᠽ ᠪᠠᠶᠢᠭᠤᠯᠤᠭᠰᠠᠨ ᠪᠥᠭᠡᠳ ᠡᠨᠡ ᠨᠢ ᠳᠡᠯᠡᠬᠡᠢ ᠳᠦ ᠤᠰᠤᠨ ᠴᠡᠷᠢᠭ ᠢᠶᠡᠷ ᠨᠣᠶᠠᠷᠬᠠᠬᠤ ᠪᠠᠷ ᠪᠷᠢᠲ᠋ᠠᠨ ᠲᠠᠢ ᠥᠷᠢᠰᠦᠯᠳᠦᠭᠰᠡᠨ ᠶᠤᠮ᠃ ᠡᠭᠦᠨ ᠦ ᠦᠷ᠎ᠡ ᠳ᠋ᠦᠩ ᠳᠦ ᠬᠣᠶᠠᠷ ᠤᠯᠤᠰ ᠬᠣᠭᠣᠷᠣᠨᠳᠣ ᠪᠠᠨ ᠺᠠᠫᠢᠲ᠋ᠠᠯ ᠬᠥᠯᠥᠭ ᠣᠩᠭᠣᠴᠠ ᠦ ᠳᠦᠷᠢᠮ ᠢᠶᠡᠷ ᠪᠡᠶ᠎ᠡ ᠪᠡᠶᠡᠩ ᠢ ᠪᠡᠨ ᠳᠠᠪᠠᠵᠤ ᠪᠠᠶᠢᠭᠤᠯᠬᠤ ᠪᠠᠷ ᠲᠡᠮᠡᠦᠯᠦᠭᠰᠡᠨ ᠶᠤᠮ᠃ HMS Dreadnought ᠍ ᠢ 1906 ᠣᠨ ᠳᠤ ᠭᠠᠷᠭᠠᠭᠰᠠᠨ ᠢᠶᠠᠷ ᠪᠷᠢᠲ᠋ᠠᠨ ᠦ ᠬᠠᠭᠠᠨᠲᠤ ᠤᠯᠤᠰ ᠭᠧᠷᠮᠠᠨ ᠥᠷᠢᠰᠦᠯᠳᠦᠭᠴᠢ ᠡᠴᠡ ᠪᠡᠨ ᠲᠣᠮᠣᠬᠠᠨ ᠬᠡᠮᠵᠢᠶᠡᠨ ᠦ ᠳᠠᠪᠠᠭᠤ ᠲᠠᠯ᠎ᠠ ᠶᠢ ᠣᠯᠵᠤ ᠠᠪᠤᠭᠰᠠᠨ ᠶᠤᠮ᠃ ᠭᠧᠷᠮᠠᠨ ᠪᠷᠢᠲ᠋ᠠᠨ(ᠠᠩᠭᠯᠢ) ᠬᠣᠶᠠᠷ ᠤᠨ ᠤ ᠬᠣᠭᠣᠷᠣᠨ ᠳᠤ ᠬᠢ ᠥᠷᠢᠰᠦᠯᠳᠦᠭᠡᠨ ᠤᠳᠤᠯᠲᠠ ᠦᠭᠡᠢ ᠧᠦ᠋ᠷᠣᠫᠠ ᠳᠠᠶᠠᠭᠠᠷ ᠪᠣᠯᠤᠨ ᠲᠠᠷᠬᠠᠭᠰᠠᠨ ᠶᠤᠮ᠃1908 ᠍ ᠠᠴᠠ 1913 ᠣᠨ ᠬᠦᠷᠲᠡᠯ᠎ᠡ ᠧᠦ᠋ᠷᠣᠫᠠ ᠶᠢᠨ ᠴᠡᠷᠢᠭ ᠦᠨ ᠰᠠᠯᠪᠤᠷᠢ ᠳᠤ ᠵᠠᠷᠤᠴᠠᠭᠤᠯᠤᠭᠳᠠᠬᠤ ᠬᠥᠷᠥᠩᠭᠡ 50 ᠬᠤᠪᠢᠶᠠᠷᠢ ᠶᠡᠬᠡᠰᠦᠭᠰᠡᠨ ᠪᠠᠶᠢᠳᠠᠭ᠃

ᠪᠣᠰᠣᠨᠢ ᠪᠠᠨ-ᠰᠧᠷᠪᠢ ᠶᠢᠨ ᠣᠶᠤᠲᠠᠨ᠂ ᠭᠠᠪᠷᠤᠯᠠ ᠫᠷᠢᠨᠼᠢᠫ ᠠᠦᠢᠰᠲᠷᠶ᠎ᠠ ᠶᠢᠨ ᠶᠡᠬᠡ ᠭᠦᠨ ᠹᠷᠠᠨᠵᠠ ᠹᠧᠷᠳ᠋ᠨᠢᠨᠳᠠ ᠶᠢ ᠠᠯᠠᠭᠰᠠᠨ ᠤ ᠳᠠᠷᠠᠭ᠎ᠠ ᠰᠢᠭᠤᠳ ᠪᠠᠷᠢᠭᠳᠠᠭᠰᠠᠨ ᠶᠤᠮ᠃ ᠠᠦᠢᠰᠲᠷᠶ᠎ᠠ-ᠬᠠᠩᠭᠠᠷᠢ 1908-1909 ᠣᠨ ᠳᠤ ᠪᠣᠰᠣᠨ᠎ᠠ ᠶᠢᠨ ᠬᠢᠮᠤᠷᠠᠯ ᠢ ᠳᠠᠯᠢᠮᠳᠠᠭᠤᠯᠤᠨ 1878 ᠣᠨ ᠠᠴᠠ ᠬᠣᠶᠢᠰᠢ ᠣᠲ᠋ᠲ᠋ᠣᠮᠠᠨ ᠢ ᠭᠠᠵᠠᠷ ᠨᠤᠲᠤᠭ ᠪᠠᠶᠢᠭᠰᠠᠨ ᠪᠣᠰᠣᠨᠢ ᠪᠠᠨ ᠪᠣᠯᠤᠨ ᠬᠧᠷᠽᠧᠭᠣᠸᠢᠨᠠᠭ ᠤᠨ ᠨᠤᠲᠤᠭ ᠢ ᠠᠯᠪᠠᠨ ᠶᠣᠰᠣᠭᠠᠷ ᠥᠪᠡᠷᠲᠡᠭᠡᠨ ᠨᠢᠭᠡᠳᠬᠡᠭᠰᠡᠨ᠃ ᠡᠨᠡ ᠨᠢ ᠰᠧᠷᠪᠢ ᠶᠢᠨ ᠬᠠᠭᠠᠨᠲᠤ ᠤᠯᠤᠰ ᠪᠣᠯᠤᠨ ᠲᠡᠭᠦᠨ ᠦᠳᠠᠭᠤᠷ ᠫᠠᠩ-ᠰᠯᠠᠸᠢᠭ ᠪᠣᠯᠤᠨ ᠣᠲᠣᠳᠣᠺᠰ ᠣᠷᠣᠰ ᠤᠨ ᠬᠠᠭᠠᠨᠲᠤ ᠤᠯᠤᠰ ᠢ ᠶᠡᠬᠡᠳᠡ ᠬᠢᠯᠢᠩᠨᠡᠭᠦᠯᠦᠭᠰᠡᠨ᠃ ᠣᠷᠣᠰ ᠤᠨ ᠤᠯᠤᠰ ᠲᠥᠷᠥ ᠶᠢᠨ ᠮᠠᠨᠸᠧᠷ ᠨᠢ ᠡᠮᠦᠨ᠎ᠡ ᠨᠢ ᠭᠠᠩᠬᠤᠵᠤ ᠪᠠᠶᠢᠭᠰᠠᠨ ᠡᠪ ᠨᠠᠶᠢᠷᠠᠮᠳᠠᠯ ᠢ ᠪᠦᠷ ᠦᠭᠡᠢ ᠪᠣᠯᠭᠠᠭᠰᠠᠨ᠃

1912 ᠪᠣᠯᠤᠨ 1913 ᠣᠨ ᠳᠤ ᠪᠠᠯᠺᠠᠨ ᠤ ᠬᠣᠯᠪᠣᠭ᠎ᠠ ᠪᠣᠯᠤᠨ ᠭᠠᠩᠬᠤᠵᠤ ᠪᠤᠢ ᠣᠳᠲᠠᠮᠠᠨ ᠤ ᠡᠵᠡᠨ ᠳᠦ ᠭᠦᠷᠦᠨ ᠦ ᠡᠰᠡᠷᠬᠦ ᠨᠢᠭᠡᠳᠦᠭᠡᠷ ᠪᠠᠯᠺᠠᠨ ᠤ ᠳᠠᠶᠢᠨ ᠪᠣᠯᠤᠭᠰᠠᠨ ᠶᠤᠮ᠃ ᠦᠷ᠎ᠡ ᠳ᠋ᠦᠩ ᠳᠦ ᠨᠢ ᠯᠣᠨᠳᠣᠩ ᠤᠨ ᠲᠤᠯᠭᠠᠬᠤ ᠪᠢᠴᠢᠭ ᠬᠦᠷᠭᠡᠭᠳᠡᠭᠰᠡᠨ ᠪᠥᠭᠡᠳ ᠡᠭᠦᠨ ᠦ ᠦᠷ᠎ᠡ ᠳ᠋ᠦᠩ ᠳᠦ ᠣᠳᠲᠠᠮᠠᠨ ᠤ ᠡᠵᠡᠨᠲᠦ ᠭᠦᠷᠦᠨ ᠤᠯᠠᠮ ᠵᠢᠵᠢᠭᠷᠡᠬᠦ ᠶᠢᠨ ᠵᠡᠷᠭᠡᠴᠡᠭᠡ ᠪᠣᠯᠭᠠᠷᠢ᠂ ᠰᠧᠷᠪᠢ᠂ ᠮᠣᠨᠲ᠋ᠧᠨᠧᠭᠷᠣ᠂ ᠭᠷᠧᠺ ᠵᠡᠷᠭᠡ ᠤᠯᠤᠰ ᠤᠳ ᠤᠨ ᠭᠠᠵᠠᠷ ᠨᠤᠲᠤᠭ ᠶᠡᠬᠡᠰᠴᠢ ᠠᠯᠪᠠᠩ ᠤᠨ ᠮᠤᠵᠢ ᠪᠡᠶ᠎ᠡ ᠳᠠᠭᠠᠭᠰᠠᠨ ᠰᠢᠨᠵᠢᠲᠡᠢ ᠪᠣᠯᠵᠤ ᠡᠬᠢᠯᠡᠭᠰᠡᠨ ᠶᠤᠮ᠃ ᠪᠣᠯᠭᠠᠷᠢᠶ᠎ᠠ ᠰᠧᠷᠪᠢ ᠪᠣᠯᠤᠨ ᠭᠷᠧᠺ ᠷᠦᠦ 1913 ᠣᠨ ᠤ 6 ᠍ ᠳᠦᠭᠡᠷ ᠰᠠᠷ᠎ᠠ ᠶᠢᠨ 16 ᠍ ᠳᠦ ᠳᠣᠪᠲᠣᠯᠬᠤ ᠳᠤ ᠪᠠᠨ ᠮᠠᠺᠧᠳᠣᠨ ᠤ ᠶᠡᠬᠡᠩᠬᠢ ᠬᠡᠰᠡᠭ ᠦᠨ ᠰᠧᠷᠪᠢᠳ᠂ ᠭᠷᠧᠺ ᠪᠣᠯᠤᠨ ᠡᠮᠦᠨᠡᠲᠦ ᠳᠣᠪᠠᠷᠤᠵᠢᠭ ᠷᠤᠮᠢᠨ ᠳᠤ 33 ᠡᠳᠦᠷ ᠦᠷᠭᠦᠯᠵᠢᠯᠡᠭᠰᠡᠨ ᠬᠣᠶᠠᠳᠤᠭᠠᠷ ᠪᠠᠯᠺᠠᠨ ᠤ ᠳᠠᠶᠢᠨ ᠳᠦ ᠠᠯᠳᠠᠰᠤᠨ ᠢᠶᠠᠷ ᠤᠰᠠᠳᠬᠤ ᠠᠶᠤᠯ ᠳᠤ ᠤᠯᠠᠮ ᠶᠡᠬᠡ ᠪᠡᠷ ᠣᠶᠢᠷᠠᠳᠤᠭᠰᠠᠨ ᠶᠤᠮ᠃

1914 ᠣᠨ ᠤ 6 ᠍ ᠳᠦᠭᠡᠷ ᠰᠠᠷ᠎ᠠ ᠶᠢᠨ 28 ᠍ ᠳᠦ ᠪᠣᠰᠣᠨᠢ ᠪᠠᠨ-ᠰᠧᠪᠷᠢ ᠣᠶᠤᠲᠠᠨ ᠵᠠᠯᠠᠭᠤ ᠪᠣᠰᠣᠨᠢᠭ᠎ᠠ ᠶᠢᠨ ᠭᠡᠰᠢᠭᠦᠨ ᠭᠠᠪᠷᠤᠯᠠ ᠫᠷᠢᠨᠼᠢᠫ ᠠᠦᠢᠰᠲᠷᠶ᠎ᠠ-ᠬᠠᠩᠭᠠᠷᠢ ᠶᠢᠨ ᠬᠠᠭᠠᠨ ᠰᠢᠷᠡᠭᠡᠨ ᠦ ᠵᠠᠯᠭᠠᠮᠵᠢᠯᠠᠭᠴᠢ ᠠᠦᠢᠰᠲᠷᠶ᠎ᠠ ᠶᠢᠨ ᠠᠷᠴᠢᠳᠦᠺ ᠹᠷᠠᠨᠼᠢ ᠹᠧᠷᠳ᠋ᠨᠢᠨᠳᠠ ᠶᠢ ᠪᠣᠰᠣᠨᠢᠭ᠎ᠠ ᠶᠢᠨ ᠰᠠᠷᠠᠵᠧᠸᠣᠳ᠋ ᠬᠥᠨᠥᠭᠡᠭᠰᠡᠨ᠃ ᠡᠨᠡ ᠨᠢ ᠬᠡᠰᠡᠭ ᠵᠠᠭᠤᠷ᠎ᠠ ᠶᠢᠨ ᠠᠦᠢᠰᠲᠷᠶ᠎ᠠ-ᠤᠩᠭᠠᠷᠢ᠂ ᠭᠧᠷᠮᠠᠨ᠂ ᠣᠷᠣᠰ᠂ ᠹᠷᠠᠨᠼᠢ ᠪᠣᠯᠤᠨ ᠪᠷᠢᠲ᠋ᠠᠨ ᠦ ᠬᠣᠭᠣᠷᠣᠨᠳᠣ ᠶᠢᠨ ᠤᠯᠤᠰ ᠲᠥᠷᠥ ᠶᠢᠨ ᠮᠠᠨᠸᠧᠷ ᠬᠢᠵᠦ ᠪᠠᠶᠢᠭᠰᠠᠨ ᠪᠥᠭᠡᠳ ᠡᠭᠦᠨ ᠢ 7 ᠍ ᠳᠦᠭᠡᠷ ᠰᠠᠷ᠎ᠠ ᠶᠢᠨ ᠬᠢᠮᠤᠷᠠᠯ ᠬᠡᠮᠡᠨ ᠨᠡᠷᠡᠯᠡᠳᠡᠭ᠃ ᠰᠧᠷᠪᠢ ᠶᠢᠨ ᠪᠣᠰᠣᠨᠢ ᠪᠠᠨ ᠳᠠᠬᠢ ᠨᠥᠯᠥᠭᠡ ᠶᠢ ᠪᠠᠭᠠᠰᠭᠠᠬᠤ ᠡᠭᠦᠳᠡᠨ ᠡᠴᠡ ᠠᠦᠢᠰᠲᠷᠶ᠎ᠠ-ᠬᠠᠩᠭᠠᠷᠢ ᠰᠧᠷᠪᠢ ᠷᠦᠦ 7 ᠍ ᠳᠦᠭᠡᠷ ᠰᠠᠷ᠎ᠠ ᠶᠢᠨ ᠲᠤᠯᠭᠠᠬᠤ ᠪᠢᠴᠢᠭ ᠢ ᠳᠠᠶᠢᠨ ᠡᠳᠦᠭᠡᠬᠦ ᠵᠣᠷᠢᠯᠭ᠎ᠠ ᠪᠠᠷ ᠪᠣᠯᠤᠮᠵᠢ ᠦᠭᠡᠢ 10 ᠱᠠᠭᠠᠷᠳᠠᠯᠭ᠎ᠠ ᠶᠢᠨ ᠬᠠᠮᠲᠤ ᠲᠠᠯᠪᠢᠭᠰᠠᠨ᠃ ᠰᠧᠷᠪᠢ 10 ᠍ ᠠᠴᠠ 8 ᠍ ᠶᠢ ᠨᠢ ᠪᠡᠶᠡᠯᠡᠭᠦᠯᠬᠦ ᠪᠡᠷ ᠵᠥᠪᠰᠢᠶᠡᠷᠡᠬᠦ ᠳᠤ ᠠᠦᠢᠰᠲᠷᠶ᠎ᠠ-ᠬᠠᠩᠭᠠᠷᠢ 1914 ᠣᠨ ᠤ 7 ᠍ ᠳᠦᠭᠡᠷ ᠰᠠᠷ᠎ᠠ ᠶᠢᠨ 28 ᠍ ᠶᠢᠨ ᠡᠳᠦᠷ ᠳᠠᠶᠢᠨ ᠵᠠᠷᠯᠠᠭᠰᠠᠨ᠃ ᠰᠲ᠋ᠠᠷᠴᠢᠨ:》ᠰᠧᠷᠪᠢ ᠶᠠᠮᠠᠷ ᠴᠤ ᠬᠠᠷᠢᠭᠤ᠂ ᠬᠡᠵᠢᠶ᠎ᠡ ᠥᠭᠭᠦᠭᠰᠡᠨ ᠨᠢ ᠬᠠᠮᠢᠶ᠎ᠠ ᠦᠭᠡᠢ ᠠᠦᠢᠰᠲᠷᠶ᠎ᠠ-ᠬᠠᠩᠭᠠᠷᠢ ᠳᠠᠯᠳᠠᠭᠤᠷ ᠪᠣᠳᠣᠯᠭ᠎ᠠ ᠲᠠᠢ ᠪᠠᠶᠢᠭᠰᠠᠨ᠃ ᠹᠷᠠᠨᠵᠠ ᠹᠧᠷᠳ᠋ᠢᠨᠠᠩ ᠳᠤ ᠣᠯᠠᠨ ᠨᠡᠶᠢᠲᠡ ᠶᠢ ᠤᠳᠤᠷᠢᠳᠤᠨ ᠵᠠᠬᠢᠷᠳᠠᠭ ᠬᠦᠮᠦᠨ ᠪᠢᠰᠢ ᠮᠥᠨ ᠲᠡᠭᠦᠨ ᠦ ᠦᠬᠦᠯ ᠡᠵᠡᠨᠲᠦ ᠭᠦᠷᠦᠨ ᠢ ᠭᠦᠨ ᠡᠮᠭᠡᠨᠢᠯ ᠳᠦ ᠠᠪᠲᠠᠭᠤᠯᠤᠭ᠎ᠠ ᠦᠭᠡᠢ》 ᠬᠡᠮᠡᠨ ᠮᠠᠷᠭᠤᠵᠠᠢ᠃ ᠣᠷᠣᠰ ᠤᠳ ᠥᠪᠡᠷᠰᠡᠳ ᠦᠨ ᠪᠠᠯᠺᠠᠨ ᠳᠠᠬᠤ ᠨᠥᠯᠥᠭᠡ ᠪᠡᠨ ᠠᠦᠢᠰᠲᠷᠶ᠎ᠠ-ᠬᠠᠩᠭᠠᠷᠢ ᠳᠤ ᠠᠯᠠᠳᠠᠬᠤ ᠦᠭᠡᠢ ᠶᠢᠨ ᠲᠤᠯᠠᠳᠠ 1 ᠡᠳᠦᠷ ᠦᠨ ᠳᠠᠷᠠᠭ᠎ᠠ ᠰᠧᠷᠪᠢ ᠷᠦᠦ ᠴᠡᠷᠢᠭ ᠬᠥᠳᠡᠯᠭᠡᠭᠰᠡᠨ᠃ ᠭᠧᠷᠮᠠᠨ ᠤ ᠡᠵᠡᠨᠲᠦ ᠭᠦᠷᠦᠨ 1914 ᠣᠨ ᠤ 7 ᠍ ᠳᠦᠭᠡᠷ ᠰᠠᠷ᠎ᠠ ᠶᠢᠨ 30 ᠍ ᠳᠦ ᠬᠥᠳᠡᠯᠭᠡᠵᠦ ᠡᠬᠢᠯᠡᠬᠦ ᠦᠶ᠎ᠡ ᠪᠡᠷ ᠹᠷᠠᠨᠼᠢ-ᠫᠷᠤᠰ ᠤᠨ ᠳᠠᠶᠢᠨ ᠤ ᠦᠶ᠎ᠡ ᠪᠡᠷ Alsace-Lorraine ᠍ ᠢ ᠭᠧᠷᠮᠠᠨ ᠡᠵᠡᠯᠡᠵᠦ ᠠᠪᠤᠭᠰᠠᠨ ᠳᠤ ᠬᠢᠯᠢᠩᠨᠡᠭᠰᠡᠨ ᠹᠷᠠᠨᠽᠢᠴᠤᠳ 8 ᠍ ᠳᠦᠭᠡᠷ ᠰᠠᠷ᠎ᠠ ᠶᠢᠨ 1 ᠍ ᠳᠦ ᠴᠡᠷᠢᠭ ᠬᠥᠳᠡᠯᠭᠡᠭᠰᠡᠨ᠃ ᠮᠥᠨ ᠲᠡᠷᠡ ᠡᠳᠦᠷ ᠭᠧᠷᠮᠠᠨ ᠣᠷᠣᠰ ᠲᠠᠢ ᠳᠠᠶᠢᠨ ᠵᠠᠷᠯᠠᠭᠰᠠᠨ᠃ ᠬᠣᠯᠪᠣᠭ᠎ᠠ ᠳᠤ ᠸᠠᠩᠲᠤ ᠤᠯᠤᠰ ᠭᠧᠷᠮᠠᠨ ᠲᠠᠢ 1914 ᠣᠨ ᠤ 8 ᠍ ᠳᠦᠭᠡᠷ ᠰᠠᠷ᠎ᠠ ᠶᠢᠨ 4 ᠍ ᠳᠦ ᠳᠠᠶᠢᠨ ᠵᠠᠷᠯᠠᠭᠰᠠᠨ ᠪᠥᠭᠡᠳ ᠡᠨᠡ ᠨᠢ ᠪᠧᠯᠭ᠎ᠠ ᠶᠢ ᠳᠠᠶᠢᠨ ᠳᠤ ᠣᠷᠤᠯᠴᠠᠭᠤᠯᠬᠤ ᠦᠭᠡᠢ ᠲᠠᠯ᠎ᠠ ᠪᠠᠷ ᠲᠤᠯᠭᠠᠬᠤ ᠪᠢᠴᠢᠭ ᠲᠦ 《ᠰᠡᠳᠬᠢᠯ ᠳᠦ ᠨᠡᠶᠢᠴᠡᠭᠡ ᠦᠭᠡᠢ ᠬᠠᠷᠢᠭᠤᠯᠲᠠ》 ᠠᠪᠤᠭᠰᠠᠨ ᠤ ᠳᠠᠷᠠᠭ᠎ᠠ ᠪᠣᠯᠤᠭᠰᠠᠨ ᠶᠤᠮ᠃

ᠣᠨ ᠴᠠᠭ ᠰᠤᠳᠤᠯᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠪ ᠬᠦᠴᠦᠨ ᠨᠦᠭᠦᠳ ᠳᠤᠮᠳᠠᠬᠢ ᠦᠢᠮᠡᠭᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠪ ᠬᠦᠴᠦᠨ ᠨᠦᠭᠦᠳ ᠦᠨ ᠪᠠᠶᠢᠯᠳᠣᠬᠣ ᠪᠣᠳᠣᠯᠭ᠎ᠠ ᠬᠣᠯᠪᠣᠭ᠎ᠠ ᠰᠠᠶᠢᠨ ᠪᠠᠶᠢᠭ᠎ᠠ ᠦᠭᠡᠢ ᠤᠯᠠᠮ ᠠᠴᠠ ᠨᠤᠷᠠᠭᠰᠠᠨ᠃ ᠭᠧᠷᠮᠠᠨ ᠠᠪᠰᠲ᠋ᠢ-ᠬᠠᠩᠭᠠᠷᠢ ᠳᠤ ᠰᠧᠷᠪᠢ ᠶᠢᠨ ᠳᠠᠭᠠᠷᠢᠯᠲᠠ ᠶᠢᠨ ᠡᠰᠡᠷᠬᠦ ᠲᠤᠰᠠᠯᠠᠨ᠎ᠠ ᠭᠡᠰᠡᠨ ᠪᠣᠯᠪᠠᠴᠤ ᠣᠷᠴᠢᠭᠤᠯᠭ᠎ᠠ ᠨᠢ ᠠᠷᠠᠢ ᠥᠭᠡᠷ᠎ᠡ ᠤᠳᠬ᠎ᠠ ᠠᠭᠤᠯᠴᠢᠬᠠᠭᠰᠠᠨ ᠶᠤᠮ᠃ ᠡᠮᠦᠨ᠎ᠡ ᠨᠢ ᠲᠤᠷᠰᠢᠭᠳᠠᠭᠰᠠᠨ ᠲᠥᠯᠦᠪᠯᠡᠭᠡᠨ ᠨᠦᠭᠦᠳ ᠨᠢ 1914 ᠣᠨ ᠤ ᠡᠬᠢ ᠪᠡᠷ ᠰᠣᠯᠢᠭᠳᠠᠭᠰᠠᠨ ᠴᠤ ᠲᠡᠳᠡᠨ ᠢ ᠣᠭᠲᠣ ᠳᠠᠳᠤᠯᠭ᠎ᠠ ᠳᠤ ᠰᠢᠯᠭᠠᠭ᠎ᠠ ᠦᠭᠡᠢ ᠶᠤᠮ᠃ ᠠᠦᠢᠰᠲᠷᠶ᠎ᠠ-ᠬᠠᠩᠭᠠᠷᠢ ᠶᠢᠨ ᠤᠳᠤᠷᠢᠳᠤᠭᠴᠢ ᠨᠠᠷ ᠭᠧᠷᠮᠠᠨ ᠢ ᠣᠷᠣᠰ ᠤᠨ ᠡᠰᠡᠷᠬᠦ ᠲᠤᠯᠤᠯᠳᠤᠨ᠎ᠠ ᠭᠡᠵᠦ ᠲᠠᠭᠠᠮᠠᠭᠯᠠᠵᠤ ᠪᠠᠶᠢᠲᠠᠯ᠎ᠠ ᠬᠠᠷᠢᠨ ᠭᠧᠷᠮᠠᠨ ᠤ ᠬᠤᠪᠢ ᠳᠤ ᠠᠦᠢᠰᠲᠷᠶ᠎ᠠ-ᠬᠠᠩᠭᠠᠷᠢ ᠶᠢ ᠴᠡᠷᠢᠭ ᠦᠨ ᠬᠦᠴᠦ ᠪᠡᠨ ᠣᠷᠣᠰ ᠷᠤ ᠶᠠᠪᠤᠭᠤᠯᠤᠨ ᠥᠪᠡᠷᠰᠡᠳ ᠢᠶᠡᠨ ᠹᠷᠠᠨᠼᠢ ᠲᠠᠢ ᠲᠤᠯᠤᠯᠳᠤᠨ᠎ᠠ ᠭᠡᠵᠦ ᠲᠠᠭᠠᠮᠠᠭᠯᠠᠭᠰᠠᠨ ᠶᠤᠮ᠃ ᠡᠨᠡ ᠲᠥᠭᠡᠷᠢᠭᠳᠡᠯ ᠨᠢ ᠠᠦᠢᠰᠲᠷᠶ᠎ᠠ-ᠬᠠᠩᠭᠠᠷᠢ ᠶᠢᠨ ᠠᠷᠮᠢ ᠶᠢ ᠣᠷᠣᠰ ᠪᠣᠯᠤᠨ ᠰᠧᠷᠪᠢ ᠶᠢᠨ ᠹᠷᠠᠨᠲ ᠤᠳ ᠲᠤ ᠬᠤᠪᠢᠶᠠᠬᠤ ᠪᠠᠶᠢᠳᠠᠯ ᠳᠤ ᠬᠦᠷᠭᠡᠭᠰᠡᠨ ᠶᠤᠮ᠃

1914 ᠣᠨ ᠤ 9 ᠍ ᠳᠦᠭᠡᠷ ᠰᠠᠷ᠎ᠠ ᠶᠢᠨ 9 ᠭᠧᠷᠮᠠᠨ ᠤ ᠺᠠᠨᠴᠠᠯᠧᠷ Theobald von Bethmann-Hollweg ᠍ ᠢ ᠭᠠᠷᠭᠠᠭᠰᠠᠨ Septemberprogram ᠍ ᠳᠦ ᠭᠧᠷᠮᠠᠨ ᠤ ᠵᠣᠷᠢᠯᠭ᠎ᠠ ᠪᠣᠯᠤᠨ ᠭᠧᠷᠮᠠᠨ ᠤ ᠲᠠᠯ᠎ᠠ ᠠᠴᠠ ᠬᠣᠯᠪᠣᠭᠠᠲᠠᠨ ᠤ ᠬᠦᠴᠦᠨ ᠦ ᠳᠦᠷᠰᠦᠯᠡᠯ ᠵᠡᠷᠭᠡ ᠵᠦᠢᠯᠡᠰ ᠨᠢ ᠲᠤᠰᠬᠠᠭᠳᠠᠭᠰᠠᠨ ᠪᠠᠶᠢᠭᠰᠠᠨ ᠴᠤ ᠬᠡᠵᠢᠶ᠎ᠡ ᠴᠤ ᠬᠦᠨᠳᠦ ᠬᠦᠷᠴᠦ ᠴᠢᠳᠠᠭ᠎ᠠ ᠦᠭᠡᠢ ᠶᠤᠮ᠃

ᠠᠹᠷᠢᠺᠠ ᠳᠠᠬᠤ ᠳᠠᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠷᠢᠮ 1 ᠪᠷᠢᠲ᠋ᠠᠨᠢ᠂ ᠹᠷᠠᠨᠼᠢ ᠭᠧᠷᠮᠠᠨ ᠤ ᠺᠣᠯᠣᠨ ᠨᠤᠭᠤᠳ ᠣᠷᠣᠯᠴᠠᠭᠰᠠᠨ ᠠᠩᠬᠠᠨ ᠤ ᠪᠠᠶᠢᠳᠠᠯᠠᠭ᠎ᠠ ᠨᠤᠭᠤᠳ ᠨᠢ ᠠᠹᠷᠢᠺᠠ ᠳᠤ ᠪᠣᠯᠤᠭᠰᠠᠨ ᠶᠤᠮ᠃ 8 ᠍ ᠳᠦᠭᠡᠷ ᠰᠠᠷ᠎ᠠ ᠶᠢᠨ 7 ᠍ ᠳᠦ ᠪᠷᠢᠲ᠋ᠠᠨ(ᠠᠩᠭᠯᠢ) ᠪᠣᠯᠤᠨ ᠹᠷᠠᠨᠼᠢ ᠶᠢᠨ ᠴᠡᠷᠢᠭ ᠦᠳ ᠲᠣᠭᠣᠯᠢᠨ ᠳᠦ ᠳᠠᠬᠤ ᠭᠧᠷᠮᠠᠨ ᠤ ᠪᠡᠬᠢᠯᠡᠯᠲᠡ ᠷᠦᠦ ᠳᠣᠪᠲᠣᠯᠤᠭᠰᠠᠨ᠃ 8 ᠍ ᠳᠦᠭᠡᠷ ᠰᠠᠷ᠎ᠠ ᠶᠢᠨ 10 ᠍ ᠳᠦ ᠪᠠᠷᠠᠭᠤᠨ ᠡᠮᠦᠨᠡᠲᠦ ᠠᠹᠷᠢᠺᠠ ᠳᠠᠬᠢ ᠭᠧᠷᠮᠠᠨ ᠤ ᠴᠡᠷᠢᠭ ᠦᠳ ᠡᠮᠦᠨᠡᠲᠦ ᠠᠹᠷᠢᠺᠠ ᠷᠤ ᠳᠣᠪᠲᠣᠯᠤᠭᠰᠠᠨ ᠪᠥᠭᠡᠳ ᠡᠨᠡᠬᠦ ᠰᠢᠷᠦᠭᠦᠨ ᠲᠤᠯᠤᠭᠠᠨ ᠨᠢ ᠳᠠᠶᠢᠨ ᠲᠡᠭᠦᠰᠲᠡᠯ᠎ᠡ ᠦᠷᠭᠦᠯᠵᠢᠯᠡᠭᠰᠡᠨ ᠶᠤᠮ᠃ ᠬᠤᠷᠠᠨᠳᠠ ᠫᠠᠦ᠋ᠯ ᠡᠮᠢᠯ ᠸᠣᠨ ᠯᠧᠲ ᠲᠠᠪ-ᠸᠣᠷᠪᠧᠺ ᠪᠡᠷ ᠤᠳᠤᠷᠢᠳᠤᠭᠤᠯᠤᠭᠰᠠᠨ ᠵᠡᠭᠦᠨ ᠠᠹᠷᠢᠺᠠ ᠳᠠᠬᠢ ᠭᠧᠷᠮᠠᠨ ᠤ ᠺᠣᠯᠣᠨ ᠤ ᠴᠡᠷᠢᠭ ᠦᠨ ᠬᠦᠴᠦ ᠨᠢ ᠫᠠᠷᠲ᠋ᠢᠽᠠᠨ ᠤ ᠳᠠᠶᠢᠨ ᠬᠢᠭᠰᠡᠨ ᠪᠥᠭᠡᠳ ᠳᠡᠯᠡᠬᠡᠢ ᠶᠢᠨ ᠳᠠᠶᠢᠨ ᠳᠠᠭᠤᠰᠴᠢ ᠧᠦ᠋ᠷᠣᠫᠠ ᠳᠤ ᠨᠥᠯᠦᠭᠡᠯᠡᠵᠦ ᠡᠬᠢᠯᠡᠭᠰᠡᠨ ᠡᠴᠡ 2 ᠳᠣᠯᠣᠭ᠎ᠠ ᠬᠣᠨᠣᠭ ᠤᠨ ᠡᠮᠦᠨ᠎ᠡ ᠪᠠᠭᠤᠵᠤ ᠥᠭᠭᠦᠭᠰᠡᠨ ᠶᠤᠮ᠃

ᠰᠧᠷᠪᠢ ᠶᠢᠨ ᠳᠠᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠶᠢᠨ ᠤ ᠵᠠᠷᠯᠠᠯ ᠳᠤ᠃ ᠠᠪᠰᠲ᠋ᠢ-ᠬᠠᠩᠭᠠᠷᠢ ᠶᠢᠨ ᠵᠠᠰᠠᠭ ᠤᠨ ᠭᠠᠵᠠᠷ ᠠᠴᠠ ᠰᠧᠷᠪᠢ ᠶᠢᠨ ᠵᠠᠰᠠᠭ ᠤᠨ ᠭᠠᠵᠠᠷ ᠲᠤ ᠢᠷᠡᠭᠰᠡᠨ 1914 ᠣᠨ ᠤ 7 ᠍ ᠳᠦᠭᠡᠷ ᠰᠠᠷ᠎ᠠ ᠶᠢᠨ 28 ᠍ ᠦ ᠲᠧᠯᠧᠭᠷᠠᠮ ᠰᠧᠷᠪᠢ ᠶᠢᠨ ᠠᠷᠮᠢ ᠠᠪᠰᠲ᠋ᠢ-ᠬᠠᠩᠭᠠᠷᠢ ᠶᠢᠨ ᠡᠰᠡᠷᠬᠦ ᠰᠧᠷ ᠦᠨ ᠲᠤᠯᠤᠭᠠᠨ ᠶᠢ 8 ᠍ ᠳᠦᠭᠡᠷ ᠰᠠᠷ᠎ᠠ ᠶᠢᠨ 12 ᠍ ᠳᠦ ᠳᠠᠷᠠᠨ᠎ᠠ ᠪᠣᠯᠤᠨ ᠰᠠᠪᠠ ᠭᠣᠣᠯ ᠤᠨ ᠬᠣᠶᠢᠳᠤ ᠰᠠᠪᠠ ᠪᠠᠷ ᠬᠠᠮᠠᠭᠠᠯᠠᠯᠲᠠ ᠶᠢᠨ ᠪᠠᠶᠢᠷᠢᠯᠠᠯ ᠡᠵᠡᠯᠡᠨ ᠲᠤᠯᠤᠯᠳᠤᠭᠰᠠᠨ ᠶᠤᠮ᠃ 2 ᠳᠣᠯᠣᠭ᠎ᠠ ᠬᠣᠨᠣᠭ ᠤᠨ ᠳᠠᠷᠠᠭ᠎ᠠ ᠭᠡᠬᠦ ᠳᠦ ᠯᠠ ᠠᠦᠢᠰᠲᠷᠶ᠎ᠠ-ᠬᠠᠩᠭᠠᠷᠢ ᠶᠢᠨ ᠬᠦᠴᠦ ᠪᠤᠲᠠ ᠴᠣᠬᠢᠭᠳᠠᠨ ᠪᠤᠴᠠᠭᠰᠠᠨ ᠨᠢ ᠬᠣᠯᠪᠣᠭᠠᠲᠠᠨ ᠤ ᠡᠬᠢᠨ ᠦ ᠢᠯᠠᠯᠲᠠ ᠪᠠᠶᠢᠭᠰᠠᠨ ᠪᠥᠭᠡᠳ ᠠᠪᠰᠲ᠋ᠢ-ᠬᠠᠩᠭᠠᠷᠢ ᠶᠢᠨ ᠬᠢᠯᠪᠠᠷ ᠢᠯᠠᠨ᠎ᠠ ᠭᠡᠵᠦ ᠪᠣᠳᠣᠵᠤ ᠪᠠᠶᠢᠭᠰᠠᠨ ᠪᠣᠳᠣᠯ ᠢ ᠦᠭᠡᠢ ᠪᠣᠯᠭᠠᠭᠰᠠᠨ ᠶᠤᠮ᠃ ᠡᠭᠦᠨ ᠦ ᠦᠷ᠎ᠡ ᠳ᠋ᠦᠩ ᠳᠦ ᠠᠦᠢᠰᠲᠷᠶ᠎ᠠ ᠰᠧᠷᠪᠢ ᠶᠢᠨ ᠹᠷᠣᠨᠲ ᠤᠨ ᠡᠰᠡᠷᠬᠦ ᠲᠣᠳᠣᠷᠬᠠᠢ ᠴᠡᠷᠢᠭ ᠲᠠᠯᠪᠢᠨ ᠬᠠᠷᠢᠨ ᠣᠷᠣᠰ ᠤᠨ ᠡᠰᠡᠷᠬᠦ ᠬᠦᠴᠦ ᠪᠡᠨ ᠰᠤᠯᠠᠷᠠᠭᠤᠯᠤᠭᠰᠠᠨ ᠶᠤᠮ᠃ ᠪᠧᠯᠭᠢ᠂ ᠹᠷᠠᠨᠼᠢ ᠳᠠᠬᠢ ᠭᠧᠷᠮᠠᠨ ᠤ ᠴᠡᠷᠢᠭ 1914 ᠣᠨ ᠳᠣᠬᠣ ᠭᠧᠷᠮᠠᠨ ᠤ ᠴᠡᠷᠢᠭ ᠦᠳ ᠲᠡᠮᠦᠷ ᠵᠠᠮ ᠳᠡᠭᠡᠷ᠎ᠡ᠂ ᠪᠠᠷᠠᠭᠠᠨ ᠤ ᠮᠠᠰᠢᠨ ᠹᠷᠣᠨᠲ ᠷᠤ ᠴᠢᠭᠯᠡᠨ ᠶᠠᠪᠤᠵᠤ ᠪᠠᠶᠢᠭ᠎ᠠ ᠪᠣᠯᠤᠨ ᠮᠠᠰᠢᠨ ᠳᠡᠭᠡᠷᠡᠬᠢ ᠪᠢᠴᠢᠭ ᠨᠢ ᠫᠠᠷᠢᠰ ᠤᠨ ᠠᠶᠠᠯᠠᠯ ᠭᠡᠵᠦ ᠪᠢᠴᠢᠭᠰᠡᠨ ᠢ ᠬᠠᠷᠠᠪᠠᠯ ᠠᠯᠢ ᠠᠯᠢ ᠲᠠᠯ᠎ᠠ ᠨᠢ ᠮᠥᠷᠭᠥᠯᠳᠦᠭᠡᠨ ᠢ ᠲᠦᠷᠢ ᠬᠤᠭᠤᠴᠠᠭᠠᠨ ᠤ ᠬᠢ ᠪᠠᠶᠢᠨ᠎ᠠ ᠭᠡᠵᠦ ᠪᠣᠳᠣᠭᠰᠠᠨ ᠶᠤᠮ᠃

ᠠᠽᠢᠶ᠎ᠠ ᠪᠣᠯᠤᠨ ᠨᠣᠮᠣᠬᠠᠨ ᠳᠠᠯᠠᠢ ᠶᠢᠨ ᠣᠷᠣᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠧᠯᠪᠦᠷᠨᠳ ᠴᠡᠷᠢᠭ ᠲᠠᠲᠠᠯᠭ᠎ᠠ ᠶᠢᠨ ᠴᠠᠭᠠᠰᠤ ᠠᠪᠴᠤ ᠶᠠᠪᠤᠭ᠎ᠠ ᠬᠦᠮᠦᠨ

ᠰᠢᠨ᠎ ᠡ ᠽᠸᠨᠯᠠᠨᠲᠤ᠋ ᠭᠧᠷᠮᠠᠨ ᠰᠠᠮᠣᠭ(ᠰᠡᠭᠦᠯ ᠳᠦ ᠥᠷᠥᠨᠡᠲᠦ ᠰᠠᠮᠤᠣ) 8 ᠍ ᠳᠦᠭᠡᠷ ᠰᠠᠷ᠎ᠠ ᠶᠢᠨ 30 ᠍ ᠳᠦ ᠡᠵᠡᠯᠡᠵᠦ ᠠᠪᠤᠭᠰᠠᠨ᠃ 9 ᠍ ᠳᠦᠭᠡᠷ ᠰᠠᠷ᠎ᠠ ᠶᠢᠨ 11 ᠨᠳ ᠠᠦᠢᠰᠲ᠋ᠷᠯᠢᠶ᠎ᠠ ᠶᠢᠨ ᠨᠡᠭᠡᠭᠡᠯᠲᠡ ᠶᠢᠨ ᠶᠠᠪᠠᠭᠠᠨ ᠪᠣᠯᠤᠨ ᠤᠰᠤᠨ ᠴᠡᠷᠢᠭ ᠦᠨ ᠬᠦᠴᠦ ᠨᠢ Neu Pommern(ᠰᠡᠭᠦᠯ ᠳᠦ ᠰᠢᠨ᠎ᠡ ᠪᠷᠢᠲ᠋ᠠᠨ(ᠠᠩᠭᠯᠢ)) ᠍ ᠤ ᠠᠷᠠᠯ ᠳᠡᠭᠡᠷ᠎ᠡ ᠪᠠᠭᠤᠭᠰᠠᠨ ᠪᠥᠭᠡᠳ ᠡᠨᠡ ᠨᠢ ᠭᠧᠷᠮᠠᠨ ᠰᠢᠨ᠎ᠡ ᠭᠸᠨᠢᠶ ᠠ ᠶᠢᠨ ᠨᠢᠭᠡᠨ ᠬᠡᠰᠡᠭ ᠪᠠᠶᠢᠭᠰᠠᠨ ᠶᠤᠮ᠃ ᠶᠠᠫᠣᠨᠴᠤᠳ ᠭᠧᠷᠮᠠᠨ ᠤ ᠮᠢᠺᠷᠣᠨᠧᠰᠢ ᠦᠨ ᠺᠣᠯᠣᠨ ᠨᠤᠭᠤᠳ ᠢ᠂ ᠴᠡᠨᠳᠠᠭ᠎ᠠ ᠶᠢᠨ ᠪᠦᠰᠡᠯᠡᠯᠲᠡ ᠶᠢᠨ ᠳᠠᠷᠠᠭ᠎ᠠ ᠬᠢᠲᠠᠳ ᠤᠨ ᠰᠢᠨᠳᠣᠨ ᠢ ᠦᠨ ᠬᠣᠶᠢᠭ ᠳᠠᠬᠢ ᠭᠧᠷᠮᠠᠨ ᠤ ᠨᠡᠭᠦᠷᠡᠰᠦᠨ ᠦ ᠪᠣᠭᠣᠮᠲᠠ ᠶᠢ ᠡᠵᠡᠯᠡᠨ ᠠᠪᠤᠭᠰᠠᠨ᠃ ᠬᠡᠳᠦᠬᠡᠨ ᠳᠦ ᠰᠠᠷ᠎ᠠ ᠶᠢᠨ ᠳᠣᠲᠣᠷ᠎ᠠ ᠬᠣᠯᠪᠣᠭᠠᠲᠠᠨ ᠤ ᠬᠢᠨ ᠭᠧᠷᠮᠠᠨ ᠤ ᠨᠣᠮᠣᠬᠠᠨ ᠳᠠᠯᠠᠢ ᠶᠢᠨ ᠡᠷᠭᠢᠨ ᠲᠣᠭᠣᠷᠢᠨ ᠳᠠᠬᠤ ᠪᠦᠬᠦᠢ ᠯᠠ ᠭᠠᠵᠠᠷ ᠤᠳ ᠢ ᠡᠵᠡᠯᠡᠵᠦ ᠠᠪᠤᠭᠰᠠᠨ ᠶᠤᠮ᠃

ᠥᠷᠥᠨ᠎ᠡ ᠶᠢᠨ ᠹᠷᠣᠨᠲ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠥᠷᠥᠨ᠎ᠡ ᠶᠢᠨ ᠹᠷᠣᠨᠲ

ᠳᠡᠯᠡᠬᠡᠢ ᠶᠢᠨ ᠨᠢᠭᠡᠳᠦᠭᠡᠷ ᠳᠠᠶᠢᠨ ᠭᠠᠷᠬᠤ ᠴᠠᠭ ᠢᠶᠠᠷ ᠭᠧᠷᠮᠠᠨ ᠤ ᠠᠷᠮᠢ Schlieffen ᠲᠥᠯᠥᠪᠯᠡᠭᠡ ᠦ ᠰᠠᠶᠢᠵᠢᠷᠠᠭᠤᠯᠤᠭᠰᠠᠨ ᠬᠤᠪᠢᠯᠪᠤᠷᠢ ᠶᠢ ᠠᠰᠢᠭᠯᠠᠭᠰᠠᠨ ᠪᠥᠭᠡᠳ ᠡᠨᠡ ᠨᠢ ᠹᠷᠠᠨᠼᠢ ᠶᠢ ᠪᠧᠯᠭ᠎ᠠ ᠶᠢᠨ ᠨᠤᠲᠤᠭ ᠢᠶᠠᠷ ᠣᠷᠣᠨ ᠹᠷᠠᠨᠼᠢ ᠶᠢᠨ ᠠᠷᠮᠢ ᠶᠢ ᠭᠧᠷᠮᠠᠨ ᠤ ᠬᠢᠯᠢ ᠳᠡᠭᠡᠷ᠎ᠡ ᠪᠥᠰᠡᠯᠡᠨ ᠠᠪᠬᠤ ᠪᠠᠶᠢᠭᠰᠠᠨ ᠶᠤᠮ᠃ ᠡᠨᠡᠬᠦ ᠳᠠᠭᠠᠷᠢᠯᠲᠠ ᠨᠢ ᠭᠧᠷᠮᠠᠨ ᠤ ᠪᠠᠷᠠᠭᠤᠨ ᠵᠢᠭᠦᠷ ᠢ ᠫᠠᠷᠢᠰ ᠷᠤ ᠣᠷᠣᠭᠤᠯᠤᠨ ᠭᠧᠷᠮᠠᠨ ᠠᠵᠢᠯᠲᠠ ᠲᠠᠢ ᠪᠠᠷ ᠬᠢᠯᠢ ᠬᠣᠭᠣᠷᠣᠨᠳᠣ ᠶᠢᠨ ᠳᠠᠶᠢᠨ ᠢ ᠡᠬᠢᠯᠡᠭᠦᠯᠦᠭᠰᠡᠨ ᠶᠤᠮ(8 ᠍ ᠳᠦᠭᠡᠷ ᠰᠠᠷ᠎ᠠ ᠶᠢᠨ 14-24). 9 ᠍ ᠳᠦᠭᠡᠷ ᠰᠠᠷ᠎ᠠ ᠶᠢᠨ 12 ᠭᠡᠬᠦ ᠳᠦ ᠹᠷᠠᠨᠼᠢ ᠪᠷᠢᠲ᠋ᠠᠨ ᠦ ᠴᠡᠷᠢᠭ ᠦᠨ ᠲᠤᠰᠠᠯᠠᠮᠵᠢ ᠲᠠᠢ ᠪᠠᠷ ᠫᠠᠷᠢᠰ ᠷᠤ ᠣᠷᠣᠵᠤ ᠢᠷᠡᠭᠰᠡᠨ ᠴᠡᠷᠢᠭ ᠦᠳ ᠢ ᠵᠣᠭᠰᠣᠭᠠᠭᠰᠠᠨ ᠶᠤᠮ(9 ᠍ ᠳᠦᠭᠡᠷ ᠰᠠᠷ᠎ᠠ ᠶᠢᠨ 5-12). ᠡᠨᠡᠬᠦ ᠳᠠᠶᠢᠨ ᠤ ᠰᠡᠭᠦᠯ ᠦᠨ ᠡᠳᠦᠷ ᠦᠳ ᠨᠢ ᠥᠷᠥᠨᠡᠲᠦ ᠶᠢᠨ ᠬᠥᠳᠡᠯᠦᠭᠡᠭᠡᠨ ᠳᠦ ᠳᠠᠶᠢᠨ ᠤ ᠲᠡᠭᠦᠰᠬᠡᠯ ᠪᠣᠯᠵᠤ ᠪᠠᠶᠢᠭᠰᠠᠨ ᠶᠤᠮ᠃ ᠬᠠᠷᠢᠨ ᠳᠣᠷᠣᠨᠠᠲᠤᠳ 1 ᠯᠠ ᠲᠤᠯᠤᠭᠠᠨ ᠤ ᠠᠷᠮᠢ ᠨᠢ ᠫᠷᠦ᠋ᠰ ᠤᠨ ᠥᠷᠥᠨ᠎ᠡ ᠶᠢ ᠬᠠᠮᠠᠭᠠᠯᠠᠵᠤ ᠪᠠᠶᠢᠭᠰᠠᠨ ᠪᠥᠭᠡᠳ ᠣᠷᠣᠰ ᠤᠳ ᠡᠨᠡ ᠪᠥᠰᠡ ᠷᠦᠦ ᠳᠣᠪᠲᠣᠯᠬᠤ ᠳᠤ ᠥᠷᠥᠨ᠎ᠡ ᠶᠢᠨ ᠴᠡᠷᠢᠭ ᠦᠳ ᠢ ᠡᠨᠡ ᠲᠤᠯᠤᠭᠠᠨ ᠳᠤ ᠠᠪᠴᠢᠷᠠᠬᠤ ᠳᠤ ᠬᠦᠷᠦᠭᠰᠡᠨ ᠶᠤᠮ᠃ ᠭᠧᠷᠮᠠᠨ ᠠᠩᠬᠠᠨ ᠤ ᠲᠠᠨᠨᠡᠨᠪᠧᠷᠭᠢ ᠶᠢᠨ ᠲᠤᠯᠤᠭᠠᠨ ᠪᠣᠯᠬᠤ ᠬᠡᠳᠦ ᠬᠡᠳᠦᠨ ᠲᠤᠯᠤᠭᠠᠨ ᠳᠤ ᠢᠯᠠᠨ ᠣᠷᠣᠰ ᠤᠨ ᠬᠦᠴᠦ ᠶᠢ ᠪᠠᠭᠤᠯᠭᠠᠨ ᠠᠪᠤᠭᠰᠠᠨ ᠶᠤᠮ᠃ ᠭᠡᠬᠦ ᠳᠦ ᠪᠡᠨ ᠴᠡᠷᠢᠭ ᠦᠳ ᠢᠶᠡᠨ ᠵᠥᠭᠡᠭᠡᠭᠰᠡᠨ ᠨᠢ ᠭᠧᠷᠮᠠᠨ ᠤ ᠭᠧᠨᠧᠷᠠᠯ ᠤᠨ ᠤ ᠲᠣᠭᠠᠴᠠᠭᠠᠯᠠᠭ᠎ᠠ ᠦᠭᠡᠢ ᠬᠤᠭᠤᠴᠠᠭ᠎ᠠ ᠶᠡᠬᠡᠬᠡᠨ ᠠᠯᠠᠳᠠᠭᠰᠠᠨ ᠶᠤᠮ᠃ ᠲᠥᠪ ᠹᠷᠣᠨᠲᠣᠳ ᠲᠦᠷᠭᠡᠨ ᠢᠯᠠᠭᠳᠠᠯ ᠬᠦᠯᠢᠶᠡᠭᠰᠡᠨ ᠤᠴᠢᠷ 2 ᠹᠷᠣᠨᠲ ᠳᠡᠭᠡᠷ᠎ᠡ ᠲᠤᠯᠤᠭᠠᠨ ᠦᠷᠭᠦᠯᠵᠢᠯᠡᠭᠰᠡᠨ ᠶᠤᠮ᠃ ᠭᠧᠷᠮᠠᠨ ᠤ ᠠᠷᠮᠢ ᠰᠠᠶᠢᠨ ᠬᠠᠮᠠᠭᠠᠯᠠᠨ ᠲᠤᠯᠤᠯᠳᠤᠭᠰᠠᠨ ᠪᠥᠭᠡᠳ ᠹᠷᠠᠨᠼᠢ ᠳᠤ ᠥᠪᠡᠷᠰᠡᠳ ᠦᠨ ᠴᠡᠷᠢᠭ ᠡᠴᠡ ᠪᠡᠨ ᠢᠯᠡᠭᠦᠦ 230 ᠮᠢᠩᠭᠠᠨ ᠴᠡᠷᠢᠭ ᠢ ᠵᠢᠭ᠌ᠰᠠᠭᠠᠯᠳᠠ  ᠨᠤᠭᠤᠳ ᠡᠴᠡ ᠭᠠᠷᠭᠠᠭᠰᠠᠨ ᠶᠤᠮ᠃ ᠡᠭᠦᠨ ᠡᠴᠡ ᠭᠠᠳᠠᠨ᠎ᠠ ᠬᠣᠯᠪᠣᠭ᠎ᠠ ᠬᠠᠷᠢᠯᠴᠠᠭ᠎ᠠ ᠬᠥᠭᠵᠢᠭᠡ ᠦᠭᠡᠢ ᠪᠣᠯᠤᠨ ᠡᠷᠡᠭᠡᠯᠵᠡᠮᠡᠷ ᠲᠤᠰᠢᠶᠠᠯ ᠤᠳ ᠨᠢ ᠭᠧᠷᠮᠠᠨ ᠤ ᠡᠷᠲᠡ ᠢᠯᠠᠯᠲᠠ ᠠᠪᠬᠤ ᠪᠣᠯᠤᠮᠵᠢ ᠶᠢ ᠦᠭᠡᠢ ᠬᠢᠭᠰᠡᠨ ᠶᠤᠮ᠃

ᠡᠬᠢᠨ ᠦ ᠦᠶ᠎ᠡ ᠱᠠᠲᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨ 1 ᠍ ᠳᠦᠭᠡᠷ ᠳᠠᠶᠢᠨ ᠤ ᠡᠮᠦᠨ᠎ᠡ ᠵᠣᠬᠢᠶᠠᠭᠳᠠᠭᠰᠠᠨ ᠲᠤᠯᠤᠭᠠᠨ ᠤ ᠲᠠᠺᠲ᠋ᠢᠺ ᠤᠳ ᠨᠢ ᠡᠷᠡᠨ ᠵᠠᠭᠤᠨ ᠲᠠᠢ ᠪᠠᠨ ᠮᠥᠷᠥ ᠵᠡᠷᠭᠡᠴᠡᠵᠦ ᠴᠢᠳᠠᠬᠢ ᠪᠠᠨ ᠪᠣᠯᠢᠪᠠ᠃ ᠡᠨᠡᠬᠦ ᠳᠠᠪᠠᠭᠤ ᠲᠠᠯ᠎ᠠ ᠨᠤᠭᠤᠳ ᠨᠢ ᠬᠠᠮᠠᠭᠠᠯᠠᠯᠲᠠ ᠶᠢ ᠮᠠᠰᠢ ᠥᠨᠳᠥᠷ ᠲᠦ ᠲᠦᠪᠰᠢᠨ ᠳᠦ ᠬᠦᠷᠭᠡᠵᠦ ᠪᠠᠶᠢᠭᠰᠠᠨ ᠪᠥᠭᠡᠳ ᠣᠨ ᠴᠠᠭ ᠢᠶᠠᠨ ᠥᠩᠭᠡᠷᠡᠭᠡᠭᠰᠡᠨ ᠲᠤᠯᠤᠭᠠᠨ ᠤ ᠲᠠᠺᠲ᠋ᠢᠺ ᠤᠳ ᠨᠢ ᠬᠠᠮᠠᠭᠠᠯᠠᠯᠲᠠ ᠶᠢ ᠨᠡᠪᠲᠡᠯᠬᠦ ᠨᠢ ᠴᠥᠭᠡᠬᠡᠨ ᠪᠠᠶᠢᠭᠰᠠᠨ ᠶᠤᠮ᠃ 1870 ᠍ ᠊ᠭᠠᠳ ᠣᠨ ᠤ ᠦᠶ᠎ᠡ ᠳᠦ ᠬᠥᠨᠥᠭᠡᠯᠲᠡᠢ ᠪᠠᠶᠢᠭᠰᠠᠨ ᠶᠡᠬᠡ ᠪᠤᠤ᠂ ᠠᠦ᠋ᠲ᠋ᠣᠮᠠᠲ ᠲᠠᠢ ᠨᠡᠶᠢᠯᠡᠨ ᠵᠠᠳᠠᠭᠠᠢ ᠲᠤᠯᠤᠯᠳᠤᠬᠤ ᠳᠤ ᠶᠡᠬᠡᠳᠡ ᠬᠡᠴᠡᠭᠦᠬᠡᠨ ᠪᠣᠯᠭᠠᠵᠤ ᠪᠠᠶᠢᠭᠰᠠᠨ ᠶᠤᠮ᠃ ᠭᠧᠷᠮᠠᠨᠴᠤᠳ ᠬᠣᠣᠷᠲᠤ ᠬᠡᠢ ᠶᠢ ᠨᠡᠭᠡᠭᠡᠭᠰᠡᠨ ᠪᠥᠭᠡᠳ ᠡᠨᠡ ᠨᠢ ᠤᠳᠠᠯ ᠦᠭᠡᠢ ᠠᠯᠢ ᠠᠯᠢ ᠲᠠᠯ᠎ᠠ ᠨᠢ ᠠᠰᠢᠭᠯᠠᠬᠤ ᠪᠣᠯᠤᠭᠰᠠᠨ ᠪᠥᠭᠡᠳ ᠡᠨᠡ ᠨᠢ ᠲᠤᠯᠤᠭᠠᠨ ᠢ ᠢᠯᠠᠵᠤ ᠶᠠᠪᠤᠭ᠎ᠠ ᠦᠶ᠎ᠡ ᠳᠦ ᠪᠣᠯ ᠠᠰᠢᠭᠯᠠᠮᠠᠷ ᠦᠭᠡᠢ ᠵᠡᠪᠰᠡᠭ ᠶᠤᠮ᠃ ᠡᠨᠡᠬᠦ ᠵᠡᠪᠰᠡᠭ ᠨᠢ ᠶᠡᠬᠡᠬᠡᠨ ᠵᠡᠷᠯᠢᠭ᠂ ᠤᠳᠠᠭᠠᠨ ᠪᠥᠭᠡᠳ ᠰᠢᠨᠠᠯᠤᠯ ᠳᠤ ᠦᠬᠦᠯ ᠢ ᠤᠴᠠᠷᠠᠭᠤᠯᠵᠤ ᠪᠠᠶᠢᠭᠰᠠᠨ ᠪᠥᠭᠡᠳ ᠤᠳᠠᠯ ᠦᠭᠡᠢ ᠡᠨᠡ ᠨᠢ ᠳᠠᠶᠢᠨ ᠤ ᠬᠠᠮᠤᠭ ᠤᠨ ᠠᠶᠤᠮᠰᠢᠭᠲᠠᠢ ᠪᠥᠭᠡᠳ ᠬᠠᠮᠤᠭ ᠤᠨ ᠬᠦᠮᠦᠰ ᠦᠨ ᠵᠢᠷᠦᠬᠡᠨ ᠳᠤ ᠦᠯᠡᠳᠡᠭᠰᠡᠨ ᠳᠤᠷᠠᠰᠤᠮᠵᠢ ᠶᠤᠮ᠃

ᠭᠡᠬᠦ ᠳᠦ ᠪᠡᠨ ᠡᠨᠡ ᠦᠶ᠎ᠡ ᠨᠢ ᠰᠢᠨ᠎ᠡ ᠳᠣᠪᠲᠣᠯᠭᠠᠨ ᠤ ᠵᠡᠪᠰᠡᠭ ᠨᠦᠭᠦᠳ ᠢ ᠪᠣᠯᠪᠠᠰᠤᠷᠠᠭᠤᠯᠵᠤ ᠡᠬᠢᠯᠡᠭᠰᠡᠨ ᠪᠥᠭᠡᠳ ᠡᠭᠦᠨ ᠦ ᠨᠢᠭᠡ ᠵᠢᠱᠢᠶ᠎ᠡ ᠨᠢ ᠲᠠᠩᠺ ᠶᠤᠮ᠃ ᠪᠷᠢᠲ᠋ᠠᠨ(ᠠᠩᠭᠯᠢ) ᠹᠷᠠᠨᠼᠢ ᠨᠢ ᠭᠣᠣᠯ ᠠᠰᠢᠭᠯᠠᠭᠴᠢᠳ ᠪᠠᠶᠢᠭᠰᠠᠨ ᠪᠥᠭᠡᠳ ᠭᠧᠷᠮᠠᠨᠴᠤᠳ ᠬᠣᠯᠪᠣᠭᠠᠲᠠᠨ ᠠᠴᠠ ᠡᠵᠡᠯᠡᠭᠰᠡᠨ ᠲᠠᠩᠺ ᠤᠳ ᠠᠴᠠ ᠭᠠᠳᠠᠨ᠎ᠠ ᠥᠪᠡᠷᠰᠡᠳ ᠦᠨ ᠵᠠᠭᠪᠤᠷ ᠤᠨ ᠴᠥᠭᠡᠨ ᠬᠡᠳᠦᠨ ᠲᠠᠩᠺ ᠢ ᠠᠰᠢᠭᠯᠠᠵᠤ ᠪᠠᠶᠢᠭᠰᠠᠨ ᠶᠤᠮ᠃ ᠮᠠᠷᠠᠩ ᠤᠨ ᠡᠬᠢᠨ ᠦ ᠲᠤᠯᠤᠭᠠᠨ ᠤ ᠳᠠᠷᠠᠭ᠎ᠠ ᠡᠩᠲ᠋ᠧᠨᠲ᠋ᠧ ᠪᠣᠯᠤᠨ ᠭᠧᠷᠮᠠᠨ ᠤ ᠬᠴᠦᠩ ᠦᠳ ᠠᠷᠤ ᠠᠴᠠ ᠨᠢ ᠳᠠᠭᠠᠷᠢᠬᠤ ᠠᠷᠭ᠎ᠠ ᠨᠤᠭᠤᠳ ᠢ ᠠᠰᠢᠭᠯᠠᠭᠰᠠᠨ ᠪᠥᠭᠡᠳ ᠡᠭᠦᠨ ᠢ 《ᠲᠡᠩᠭᠢᠰ ᠬᠦᠷᠲᠡᠯᠡᠬᠢ ᠤᠷᠤᠯᠳᠤᠭᠠᠨ》 ᠬᠡᠮᠡᠨ ᠨᠡᠷᠡᠯᠡᠳᠡᠭ᠃ ᠪᠷᠢᠲ᠋ᠠᠨᠢ᠂ ᠹᠷᠠᠨᠼᠢ ᠨᠢ ᠤᠳᠠᠯ ᠲᠠᠢ ᠯᠷᠷᠠᠶᠢᠨ ᠠᠴᠠ ᠪᠧᠯᠭ᠎ᠠ ᠶᠢᠨ ᠡᠷᠭᠢ ᠬᠦᠷᠲᠡᠯ᠎ᠡ ᠲᠣᠭᠲᠠᠭᠰᠠᠨ ᠭᠧᠷᠮᠠᠨ ᠤ ᠬᠦᠴᠦᠲᠡᠢ ᠲᠤᠯᠤᠯᠳᠤᠵᠤ ᠪᠠᠶᠢᠭ᠎ᠠ ᠪᠠᠨ ᠮᠡᠳᠡᠭᠰᠡᠨ ᠶᠤᠮ᠃ ᠪᠷᠢᠲ᠋ᠠᠨᠢ᠂ ᠹᠷᠠᠨᠼᠢ ᠨᠢ ᠳᠠᠭᠠᠷᠢᠵᠤ᠂ ᠭᠧᠷᠮᠠᠨ ᠬᠠᠮᠠᠭᠠᠯᠠᠭᠰᠠᠭᠠᠷ ᠪᠠᠶᠢᠭᠠᠳ ᠭᠧᠷᠮᠠᠨ ᠥᠷᠢᠰᠦᠯᠳᠦᠭᠴᠢᠳ ᠡᠴᠡ ᠪᠡᠨ ᠬᠠᠮᠢᠶ᠎ᠠ ᠦᠭᠡᠢ ᠢᠯᠡᠭᠦᠦ ᠳᠠᠪᠠᠭᠤ ᠲᠠᠯ᠎ᠠ ᠶᠢ ᠣᠯᠵᠤ ᠠᠪᠤᠭᠰᠠᠨ ᠪᠠᠶᠢᠭᠰᠠᠨ ᠶᠤᠮ᠃ ᠬᠠᠷᠢᠨ ᠠᠩᠭᠯᠢ-ᠹᠷᠠᠨᠼᠢ ᠶᠢᠨ ᠬᠦᠴᠦᠨ ᠨᠦᠭᠦᠳ ᠭᠧᠷᠮᠠᠨ ᠤ ᠬᠠᠮᠠᠭᠠᠯᠠᠯᠲᠠ ᠶᠢ ᠵᠠᠳᠠᠯᠬᠤ ᠭᠡᠵᠦ ᠲᠥᠪᠯᠡᠷᠡᠳᠡᠭ ᠬᠡᠰᠡᠭ ᠵᠠᠭᠤᠷ᠎ᠠ ᠶᠢᠨ ᠬᠢ ᠯᠠ ᠪᠠᠶᠢᠪᠠ᠃ ᠠᠯᠢ ᠠᠯᠢ ᠲᠠᠯ᠎ᠠ ᠨᠢ ᠰᠢᠨᠵᠢᠯᠡᠬᠦ ᠤᠬᠠᠭᠠᠨ ᠤ ᠣᠯᠤᠯᠲᠠ ᠠᠮᠵᠢᠯᠲᠠ ᠨᠤᠭᠤᠳ ᠢ ᠠᠰᠢᠭᠯᠠᠨ ᠠᠴᠠᠨ ᠱᠠᠯᠠᠭᠠᠨ ᠠᠴᠠ ᠭᠠᠷᠬᠤ ᠶᠢᠨ ᠣᠷᠣᠯᠳᠤᠵᠤ ᠪᠠᠶᠢᠪᠠ᠃ 1915 ᠣᠨ ᠤ 4 ᠍ ᠳᠦᠭᠡᠷ ᠰᠠᠷ᠎ᠠ ᠶᠢᠨ 22 ᠍ ᠳᠦ ᠶᠡᠫᠷ ᠡᠴᠡ ᠳ᠋ᠡᠬᠢ ᠬᠣᠶᠠᠷ ᠳᠠᠬᠤ ᠲᠤᠯᠤᠭᠠᠨ ᠳᠤ᠂ ᠭᠧᠷᠮᠠᠨᠢ(Hague ᠍ ᠦᠨ ᠭᠡᠷ᠎ᠡ ᠶᠢ ᠵᠥᠷᠴᠢᠨ) ᠾᠯᠣᠷ ᠤᠨ ᠬᠡᠢ ᠶᠢ ᠥᠷᠥᠨ᠎ᠡ ᠶᠢᠨ ᠹᠷᠣᠨᠲᠣᠳ ᠠᠩᠬ᠎ᠠ ᠤᠳᠤᠭ᠎ᠠ ᠪᠠᠨ ᠠᠰᠢᠭᠯᠠᠭᠰᠠᠨ᠃ ᠠᠯᠭᠧᠷᠴᠤᠳ ᠬᠣᠣᠷᠲᠤ ᠬᠡᠢ ᠶᠢᠨ ᠳᠦ ᠬᠣᠣᠷᠳᠠᠨ 6 ᠺᠢᠯᠣᠮᠧᠲ᠋ᠷ ᠭᠠᠵᠠᠷ ᠤᠬᠤᠷᠢᠨ ᠡᠭᠦᠨ ᠢ ᠭᠧᠷᠮᠠᠨᠴᠤᠳ ᠠᠰᠢᠭᠯᠠᠨ ᠬᠣᠯᠪᠣᠭᠠᠲᠠᠨ ᠨᠤᠭᠤᠳ ᠤᠨ ᠬᠠᠮᠠᠭᠠᠯᠠᠯᠲᠠ ᠶᠢ ᠰᠡᠲᠡᠯᠦᠨ ᠣᠷᠣᠭᠰᠠᠨ᠃ ᠺᠠᠨᠠᠳᠠ ᠤᠨ ᠴᠡᠷᠢᠭ ᠦᠳ ᠶᠡᠫᠷᠧᠰᠧ ᠶᠢᠨ ᠬᠣᠶᠠᠷ ᠳᠠᠬᠤ ᠲᠤᠯᠤᠭᠠᠨ ᠢ ᠵᠣᠭᠰᠣᠭᠠᠭᠰᠠᠨ ᠶᠤᠮ᠃ ᠶᠡᠫᠷᠠᠰ ᠤᠨ ᠭᠤᠷᠪᠠ ᠳᠠᠬᠢ ᠲᠤᠯᠤᠭᠠᠨ ᠺᠠᠨᠠᠳᠠ ᠪᠣᠯᠤᠨ АНЗАК ᠍ ᠦᠨ ᠴᠡᠷᠢᠭ ᠦᠳ ᠫᠠᠰᠴᠧᠨᠳᠠᠧᠯ ᠦᠨ ᠲᠣᠰᠬᠣᠨ ᠢ ᠡᠵᠡᠯᠡᠨ ᠠᠪᠤᠭᠰᠠᠨ᠃

1915 ᠣᠨ ᠤ 7 ᠍ ᠳᠦᠭᠡᠷ ᠰᠠᠷ᠎ᠠ ᠶᠢᠨ 1 ᠍ ᠳᠦ ᠪᠷᠢᠲ᠋ᠠᠨ ᠦ ᠠᠷᠮᠢ ᠶᠢᠨ ᠬᠤᠪᠢ ᠳᠤ ᠬᠠᠮᠤᠭ ᠤᠨ ᠶᠡᠬᠡ ᠴᠢᠰᠤ ᠤᠷᠤᠰᠬᠠᠭᠰᠠᠨ ᠡᠳᠦᠷ ᠪᠣᠯᠤᠭᠰᠠᠨ᠃ ᠡᠨᠡ ᠡᠳᠦᠷ 57470 ᠬᠦᠮᠦᠨ ᠭᠡᠮᠲᠦᠵᠦ ᠡᠭᠦᠨ ᠡᠴᠡ 19420 ᠬᠦᠮᠦᠨ ᠨᠠᠰᠤ ᠨᠥᠬᠦᠵᠢᠭᠰᠡᠨ ᠪᠥᠭᠡᠳ ᠡᠨᠡ ᠨᠢ ᠰᠣᠮᠮᠧ ᠭᠣᠣᠯ ᠤᠨ ᠲᠤᠯᠤᠭᠠᠨ ᠤ ᠡᠬᠢᠨ ᠦ ᠡᠳᠦᠷ ᠪᠠᠶᠢᠭᠰᠠᠨ ᠶᠤᠮ᠃ ᠶᠡᠬᠡᠩᠬᠢ ᠭᠡᠮᠲᠦᠭᠰᠡᠨ ᠬᠦᠮᠦᠰ ᠳᠠᠭᠠᠷᠢᠯᠲᠠ ᠶᠢᠨ ᠡᠬᠡᠨᠢ ᠴᠠᠭ ᠲᠤ ᠭᠡᠮᠲᠦᠭᠰᠡᠨ ᠪᠠᠶᠢᠳᠠᠭ᠃ ᠰᠣᠮᠮᠧ ᠭᠣᠣᠯ ᠤᠨ ᠲᠤᠯᠤᠭᠠᠨ ᠨᠢ ᠪᠠᠷᠤᠭ ᠯᠠ ᠬᠠᠭᠠᠰ ᠰᠠᠶ᠎ᠠ ᠬᠦᠮᠦᠨ ᠦ ᠦᠨᠡᠲᠡᠢ ᠪᠠᠶᠢᠭᠰᠠᠨ ᠶᠤᠮ᠃ ᠠᠯᠢ ᠴᠤ ᠲᠠᠯ᠎ᠠ ᠨᠢ ᠡᠰᠡᠷᠬᠦ ᠲᠠᠯ᠎ᠠ ᠪᠠᠨ ᠳᠠᠷᠤᠭ᠎ᠠ ᠶᠢᠨ 2 ᠵᠢᠯ ᠦᠨ ᠲᠤᠷᠰᠢ ᠪᠤᠲᠠ ᠴᠣᠬᠢᠵᠤ ᠴᠢᠳᠠᠬᠤ ᠦᠭᠡᠢ ᠪᠠᠶᠢᠭᠰᠠᠨ ᠬᠡᠳᠦᠢ ᠴᠤ 1916 ᠣᠨ ᠤ Verdun ᠳ᠋ᠡᠬᠢ ᠭᠧᠷᠮᠠᠨ ᠤ ᠦᠢᠯᠡᠳᠦᠯ᠂ ᠰᠣᠮᠮᠧ ᠳᠠᠬᠢ ᠴᠢᠰᠤ ᠤᠷᠤᠰᠬᠠᠯ ᠳᠤ ᠨᠢ ᠴᠥᠬᠥᠷᠡᠭᠰᠡᠨ ᠹᠷᠠᠨᠽᠢᠴᠤᠳ ᠢ ᠰᠦᠢᠷᠡᠯ ᠦᠨ ᠢᠷᠮᠡᠭ ᠳᠡᠭᠡᠷ᠎ᠡ ᠪᠠᠶᠢᠷᠢᠯᠠᠭᠤᠯᠤᠭᠰᠠᠨ ᠶᠤᠮ᠃ ᠦᠷ᠎ᠡ ᠳ᠋ᠦᠩ ᠦᠭᠡᠢ ᠹᠷᠣᠨᠲ ᠤᠨ ᠳᠠᠭᠠᠷᠢᠯᠲᠠ ᠨᠤᠭᠤᠳ ᠨᠢ ᠪᠷᠢᠲ᠋ᠠᠨᠢ᠂ ᠹᠷᠠᠨᠼᠢ ᠶᠢᠨᠠᠯᠢ ᠠᠯᠢᠨ ᠳᠤ ᠭᠠᠷᠤᠵᠠ ᠥᠨᠳᠥᠷ ᠲᠡᠢ ᠪᠠᠶᠢᠭᠰᠠᠨ ᠪᠥᠭᠡᠳ ᠡᠨᠢ ᠨᠢ ᠡᠴᠦᠰᠲᠦᠭᠡ ᠪᠣᠰᠤᠯᠭ᠎ᠠ ᠪᠠᠷ ᠳᠠᠭᠤᠰᠴᠢ ᠪᠠᠶᠢᠭᠰᠠᠨ ᠴᠤ ᠤᠳᠠᠭ᠎ᠠ ᠲᠠᠢ ᠶᠤᠮ᠂ ᠢᠯᠠᠩᠭᠤᠶ᠎ᠠ Nivelle ᠍ ᠦᠨ ᠳᠠᠭᠠᠷᠢᠯᠲᠠ ᠶᠢᠨ ᠦᠶ᠎ᠡ ᠪᠡᠷ ᠶᠡᠬᠡᠬᠡᠨ ᠪᠣᠰᠤᠯᠭ᠎ᠠ ᠨᠤᠭᠤᠳ ᠭᠠᠷᠴᠤ ᠪᠠᠶᠢᠭᠰᠠᠨ ᠶᠤᠮ᠃

1915-1917 ᠣᠨ ᠤ ᠬᠣᠭᠣᠷᠣᠨᠳᠣ ᠪᠷᠢᠲ᠋ᠠᠨᠢ᠂ ᠹᠷᠠᠨᠼᠢ ᠬᠣᠶᠠᠷ ᠭᠧᠷᠮᠠᠨ ᠠᠴᠠ ᠢᠯᠡᠭᠦᠦ ᠬᠣᠬᠢᠷᠠᠯ ᠠᠮᠰᠠᠭᠰᠠᠨ ᠪᠥᠭᠡᠳ ᠡᠨᠡ ᠨᠢ ᠪᠠᠶᠢᠯᠳᠣᠬᠣ ᠪᠣᠳᠣᠯᠭ᠎ᠠ ᠪᠣᠯᠤᠨ ᠲᠠᠺᠲ᠋ᠢᠭ ᠤᠨ ᠰᠣᠩᠭᠣᠯᠲᠠ ᠠᠴᠠ ᠰᠢᠯᠲᠠᠭᠠᠯᠠᠭᠰᠠᠨ ᠶᠤᠮ᠃ ᠪᠠᠶᠢᠯᠳᠣᠬᠣ ᠪᠣᠳᠣᠯᠭ᠎ᠠ ᠶᠢᠨ ᠬᠤᠪᠢ ᠳᠤ᠂ ᠭᠧᠷᠮᠠᠨᠴᠤᠳ ᠵᠥᠪᠬᠡᠨ Verdum ᠍ ᠳᠦ ᠲᠥᠪᠯᠡᠷᠡᠨ ᠳᠣᠪᠲᠣᠯᠵᠤ ᠪᠠᠶᠢᠭᠰᠠᠨ ᠪᠣᠯ ᠬᠣᠯᠪᠣᠭᠠᠲᠠᠨ ᠨᠤᠭᠤᠳ ᠬᠡᠳᠦ ᠬᠡᠳᠦᠨ ᠭᠧᠷᠮᠠᠨ ᠤ ᠱᠤᠭᠤᠮ ᠢ ᠰᠡᠲᠡᠯᠬᠦ ᠶᠢ ᠣᠷᠣᠯᠳᠤᠵᠤ ᠪᠠᠶᠢᠪᠠ᠃ ᠲᠠᠺᠲ᠋ᠢᠭ ᠤᠨ ᠬᠤᠪᠢ ᠳᠤ᠂ ᠭᠧᠷᠮᠠᠨ ᠤ ᠺᠣᠮᠠᠨᠳᠠᠯᠠᠭᠴᠢ Erich Ludendorff ᠍ ᠦᠨ ᠤᠶᠠᠨ ᠬᠠᠲᠠᠨ ᠬᠠᠮᠠᠭᠠᠯᠠᠯᠲᠠ ᠨᠢ ᠵᠢᠯᠠᠭᠠᠨ ᠤ ᠪᠠᠶᠢᠯᠳᠤᠭᠠᠨ ᠳᠤ ᠶᠠᠭ ᠲᠣᠬᠢᠷᠠᠵᠤ ᠪᠠᠶᠢᠪᠠ᠃ᠡᠨᠡ ᠨᠢ ᠤᠷᠳᠤ ᠲᠠᠯ᠎ᠠ ᠳᠤ ᠪᠠᠨ ᠲᠠᠭᠠᠷᠠᠤᠬᠠᠨ ᠬᠠᠮᠠᠭᠠᠯᠠᠯᠲᠠ ᠬᠢᠵᠦ᠂ ᠶᠡᠬᠡᠬᠡᠨ ᠬᠡᠮᠵᠢᠶᠡᠨ ᠦ ᠵᠠᠶᠢᠨ ᠤ ᠠᠷᠠᠳ ᠭᠣᠣᠯ ᠬᠦᠴᠦ ᠪᠡᠨ ᠪᠠᠶᠢᠷᠢᠯᠠᠭᠤᠯᠤᠨ ᠰᠢᠭᠤᠳ ᠪᠣᠯᠤᠨ ᠬᠦᠴᠦᠷᠬᠡᠭ ᠳᠠᠭᠠᠷᠢᠯᠲᠠ ᠶᠢᠨ ᠡᠰᠡᠷᠬᠦ ᠬᠦᠴᠦ ᠶᠢ ᠢᠯᠡᠭᠡᠵᠦ ᠪᠣᠯᠵᠤ ᠪᠠᠶᠢᠭᠰᠠᠨ ᠶᠤᠮ᠃

Ludendorff 1917 ᠣᠨ ᠳᠤ ᠬᠢᠭᠰᠡᠨ ᠲᠤᠯᠤᠭᠠᠨ ᠳᠡᠭᠡᠷ᠎ᠡ ᠪᠡᠨ᠂ 8 ᠍ ᠳᠦᠭᠡᠷ ᠰᠠᠷ᠎ᠠ ᠶᠢᠨ 25 ᠹᠯᠢᠨᠳᠧᠷᠰ ᠦᠨ ᠲᠤᠯᠤᠭᠠᠨ ᠤ ᠬᠣᠶᠠᠷ ᠳ᠋ᠤᠭᠠᠷ ᠰᠢᠲᠠᠭ᠎ᠠ ᠭᠦᠢᠴᠡᠭᠡᠭᠰᠡᠨ᠃ ᠡᠨᠡ ᠪᠢᠳᠡᠨ ᠳᠦ ᠭᠠᠷᠤᠵᠠ ᠶᠡᠬᠡ ᠲᠡᠢ ᠪᠠᠶᠢᠭᠰᠠᠨ᠃.... ᠹᠯᠢᠨᠳᠧᠷᠰ ᠪᠣᠯᠤᠨ ᠸᠧᠷᠳᠤᠨ ᠳᠠᠬᠢ 8 ᠍ ᠳᠦᠭᠡᠷ ᠰᠠᠷ᠎ᠠ ᠶᠢᠨ ᠭᠠᠷᠤᠵᠠ ᠶᠡᠬᠡ ᠲᠡᠢ ᠲᠤᠯᠤᠭᠠᠨ ᠨᠤᠭᠤᠳ ᠨᠢ ᠥᠷᠥᠨ᠎ᠡ ᠶᠢᠨ ᠴᠡᠷᠢᠭ ᠦᠳ ᠲᠦ ᠲᠣᠮᠣᠬᠠᠨ ᠬᠡᠮᠵᠢᠶᠡᠨ ᠦ ᠭᠠᠷᠤᠵᠠ ᠤᠴᠠᠷᠠᠭᠤᠯᠤᠭᠰᠠᠨ᠃ ᠵᠠᠷᠢᠮ 1 ᠲᠠᠯ᠎ᠠ ᠪᠠᠷ ᠢᠶᠠᠨ ᠪᠢ ᠪᠣᠯᠤᠨ ᠺᠣᠮᠮᠠᠨᠳᠠᠯᠠᠭᠴᠢ ᠨᠠᠷ ᠤᠨ ᠬᠦᠰᠡᠨ ᠬᠦᠯᠢᠶᠡᠵᠦ ᠪᠠᠶᠢᠭᠰᠠᠨ ᠬᠠᠲᠠᠭᠤ ᠴᠢᠩᠭ᠎ᠠ ᠪᠠᠶᠢᠳᠠᠯ ᠢ ᠦᠵᠡᠭᠦᠯᠬᠦ ᠪᠡᠨ ᠪᠠᠶᠢᠯ᠎ᠠ᠃ ᠳᠠᠶᠢᠰᠤᠨ ᠤ ᠲᠠᠯ᠎ᠠ ᠶᠢᠨ ᠬᠢᠨ ᠪᠢᠳᠡᠨ ᠦ ᠳᠠᠭᠠᠷᠢᠯᠲᠠ ᠡᠰᠡᠷᠭᠦᠴᠡᠬᠦ ᠠᠷᠭ᠎ᠠ ᠳᠤ ᠰᠤᠷᠤᠯᠴᠠᠭᠰᠠᠨ ᠪᠠᠶᠢᠨ᠎ᠠ᠃... ᠮᠢᠨᠦ ᠪᠡᠶ᠎ᠡ ᠠᠶᠤᠮᠰᠢᠭᠲᠤ ᠵᠣᠪᠠᠯᠠᠩ ᠳᠤ ᠤᠨᠠᠭᠰᠠᠨ ᠪᠠᠶᠢᠨ᠎ᠠ᠃ ᠥᠷᠥᠨᠡᠲᠦ ᠪᠠᠶᠢᠭ᠎ᠠ ᠪᠠᠶᠢᠳᠠᠯ ᠠᠴᠠ ᠪᠣᠯᠵᠤ ᠪᠢᠳᠡᠨ ᠦ ᠪᠤᠰᠤᠳ ᠭᠠᠵᠠᠷ ᠤᠳ ᠲᠤ ᠬᠢᠬᠦ ᠶᠣᠰᠣᠲᠠᠢ ᠠᠵᠢᠯᠯᠠᠭᠠᠨ ᠨᠤᠭᠤᠳ ᠢᠶᠠᠨ ᠬᠢᠵᠦ ᠴᠢᠳᠠᠬᠤ ᠦᠭᠡᠢ ᠪᠠᠶᠢᠨ᠎ᠠ᠃ ᠪᠢᠳᠡᠨ ᠦ ᠭᠠᠷᠤᠵᠠ ᠮᠢᠨᠦ ᠲᠥᠰᠦᠭᠡᠯᠡᠵᠦ ᠪᠠᠶᠢᠭᠰᠠᠨ ᠠᠴᠠ ᠬᠡᠲᠦ ᠶᠡᠬᠡ ᠪᠠᠶᠢᠭ᠎ᠠ ᠲᠤᠯᠠ ᠲᠠᠨ ᠠᠴᠠ ᠪᠢ ᠬᠦᠯᠢᠴᠡᠯ ᠦᠴᠢᠵᠦ ᠪᠠᠶᠢᠨ᠎ᠠ᠃ᠮᠥᠨ 9 ᠍ ᠳᠦᠭᠡᠷ ᠰᠠᠷ᠎ᠠ ᠶᠢᠨ 20 ᠍ ᠳᠦ ᠪᠢᠳᠡᠨ ᠦ ᠱᠤᠭᠤᠮᠠᠨ ᠳᠤ ᠠᠶᠤᠮᠰᠢᠭᠲᠠᠢ ᠳᠠᠭᠠᠷᠢᠯᠲᠠᠨ ᠳᠤ ᠥᠷᠲᠦᠭᠰᠡᠨ᠃.... 20 ᠨᠣᠮᠧᠷᠮᠧᠷ ᠬᠢᠭᠰᠡᠨ ᠳᠠᠶᠢᠰᠤᠨ ᠤ ᠳᠠᠭᠠᠷᠢᠯᠲᠠ ᠠᠮᠵᠢᠯᠲᠠ ᠲᠠᠢ ᠪᠣᠯᠤᠭᠰᠠᠨ᠂ ᠡᠨᠡ ᠨᠢ ᠳᠣᠪᠲᠣᠯᠤᠭ ᠢᠶᠠᠨ ᠨᠢ ᠶᠦ ᠵᠠᠪᠢᠨ ᠤ ᠠᠶᠤᠯ ᠢ 1917 ᠣᠨ ᠳᠤ ᠪᠠᠭᠠᠰᠬᠠᠭᠰᠠᠨ ᠡᠨᠡ ᠦᠶ᠎ᠡ ᠳᠦ ᠬᠤᠳᠠᠯᠳᠤᠭᠠᠨ ᠤ ᠣᠩᠭᠣᠴᠠ ᠨᠤᠭᠤᠳ ᠲᠤᠰᠬᠠᠢ ᠬᠠᠷᠠᠭᠤᠯ ᠬᠠᠮᠠᠭᠠᠯᠠᠯᠲᠠᠲᠠᠢ ᠪᠠᠷ ᠳᠠᠯᠠᠢ ᠪᠠᠷ ᠠᠶᠠᠯᠠᠵᠤ ᠡᠬᠢᠯᠡᠭᠰᠡᠨ᠃ ᠡᠨᠡᠬᠦ ᠲᠠᠺᠲ᠋ᠢᠭ ᠨᠢ ᠶᠦ ᠵᠠᠪᠢᠨ ᠨᠤᠭᠤᠳ ᠤᠨ ᠬᠤᠪᠢ ᠳᠤ ᠪᠠᠶᠢᠭ᠎ᠠ ᠣᠨᠢᠯᠠᠬᠤ ᠳᠤ ᠨᠢ ᠮᠠᠰᠢ ᠬᠦᠨᠳᠦᠷᠡᠯ ᠢ ᠠᠪᠴᠢᠷᠠᠵᠤ ᠪᠠᠶᠢᠭᠰᠠᠨ᠃ ᠬᠤᠳᠠᠯᠳᠤᠭᠠᠨ ᠤ ᠵᠠᠪᠢᠨ ᠨᠤᠭᠤᠳ ᠢ ᠳᠠᠭᠠᠵᠤ ᠶᠠᠪᠤᠵᠤ ᠪᠠᠭ ᠢᠶᠠᠨ ᠬᠠᠮᠠᠭᠠᠯᠠᠯᠲᠠ ᠶᠢᠨ ᠬᠢᠨ ᠲᠣᠳᠣᠷᠬᠠᠢ ᠵᠣᠷᠢᠯᠭ᠎ᠠ ᠲᠠᠢ ᠪᠠᠷ ᠱᠤᠩᠪᠠᠭᠴᠢ ᠣᠩᠭᠣᠴᠠᠨ ᠨᠤᠭᠤᠳ ᠢ ᠵᠢᠪᠡᠭᠦᠯᠵᠦ ᠪᠠᠶᠢᠭᠰᠠᠨ᠃

ᠡᠮᠦᠨᠡᠲᠦ ᠹᠷᠣᠨᠲ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠦᠢᠰᠲᠷᠶ᠎ᠠ ᠶᠢᠨ ᠴᠡᠷᠢᠭ ᠦᠳ 1917 ᠣᠨ ᠳᠤ ᠰᠧᠷᠪᠢ ᠶᠢ ᠡᠵᠡᠯᠡᠭᠰᠡᠨ ᠡᠨᠡ ᠦᠶ᠎ᠡ ᠶᠢᠨ ᠰᠧᠷᠪᠢ ᠤᠯᠤᠰ 850000 ᠨᠣᠮᠧᠷᠮᠧᠷ ᠬᠦᠮᠦᠨ ᠠᠮᠠ ᠪᠠᠨ ᠠᠯᠠᠳᠠᠭᠰᠠᠨ᠃ ᠡᠳᠡᠭᠡᠷ ᠦᠨ 4 ᠨᠣᠮᠧᠷᠮᠧᠷᠢ 1 ᠨᠣᠮᠧᠷᠮᠧᠷ ᠳᠠᠶᠢᠨ ᠤ ᠡᠮᠦᠨ᠎ᠡ ᠠᠮᠢ ᠨᠠᠰᠤ ᠪᠠᠨ ᠠᠯᠠᠳᠠᠭᠰᠠᠨ᠃ ᠣᠷᠣᠰ ᠠᠦᠢᠰᠲᠷᠶ᠎ᠠ ᠬᠠᠩᠭᠠᠷᠢ ᠨᠢ ᠠᠷᠮᠢ ᠶᠢᠨ ᠢᠶᠠᠨ 3 ᠨᠣᠮᠧᠷᠮᠧᠷᠢ 1 ᠬᠦᠴᠦ ᠪᠡᠷ ᠰᠧᠷᠪᠢ ᠷᠤ ᠳᠣᠪᠲᠣᠯᠤᠭᠰᠠᠨ᠃ ᠠᠦᠢᠰᠲᠷᠢᠴᠤᠳ ᠰᠧᠷᠪᠢ ᠶᠢᠨ ᠨᠡᠶᠢᠰᠯᠡᠯ ᠪᠧᠯᠭᠷᠠᠳᠢ ᠶᠢ ᠪᠣᠭᠣᠨᠢ ᠬᠤᠭᠤᠴᠠᠭᠠᠨ ᠳᠤ ᠡᠵᠡᠯᠡᠵᠦ ᠠᠪᠤᠭᠰᠠᠨ᠃ ᠰᠧᠷᠪᠢᠴᠦᠳ Kolubara ᠍ ᠤᠨ ᠲᠤᠯᠤᠭᠠᠨ ᠳᠤ ᠮᠠᠰᠢ ᠬᠦᠴᠦᠲᠡᠢ ᠳᠠᠭᠠᠷᠢᠯᠲᠠ ᠬᠢᠵᠦ 1914 ᠣᠨ ᠤ ᠡᠴᠦᠰ ᠭᠡᠬᠦ ᠳᠦ ᠲᠡᠳᠡᠨ ᠢ ᠡᠬᠡ ᠣᠷᠣᠨ ᠠᠴᠠ ᠪᠠᠨ ᠬᠥᠭᠡᠭᠡᠨ ᠭᠠᠷᠭᠠᠵᠤ ᠴᠢᠳᠠᠭᠰᠠᠨ᠃ 1915 ᠣᠨ ᠤ ᠡᠬᠢᠨ ᠦ 10 ᠨᠣᠮᠧᠷᠮᠧᠷ ᠰᠠᠷ᠎ᠠ ᠳᠤ ᠠᠦᠢᠰᠲᠷᠶ᠎ᠠ ᠤᠩᠭᠠᠷᠴᠤᠳ ᠴᠡᠷᠢᠭ ᠦᠨ ᠶᠡᠬᠡᠩᠬᠢ ᠨᠥᠭᠡᠴᠡ ᠪᠡᠨ ᠢᠲ᠋ᠠᠯᠢ ᠲᠠᠢ ᠲᠤᠯᠤᠯᠳᠤᠬᠤ ᠳᠤ ᠠᠰᠢᠭᠯᠠᠭᠰᠠᠨ᠃ ᠭᠧᠷᠮᠠᠨ ᠠᠦᠢᠰᠲᠷᠶ᠎ᠠ ᠬᠠᠩᠭᠠᠷᠢ ᠶᠢᠨ ᠳ᠋ᠧᠫᠯᠣᠮᠠᠲ ᠤᠳ ᠪᠣᠯᠭᠠᠷᠢᠶ᠎ᠠ ᠶᠢ ᠰᠧᠷᠪᠢ ᠷᠤ ᠬᠠᠮᠲᠤᠷᠠᠨ ᠳᠣᠪᠲᠣᠯᠬᠤ ᠳᠤ ᠤᠬᠤᠶᠢᠯᠠᠭᠰᠠᠨ᠃ ᠰᠯᠣᠸᠠᠨᠢ ᠺᠦᠷᠦᠠᠴᠢᠶ ᠠ ᠪᠠᠰᠤᠨᠢ ᠪᠠᠨ ᠭᠠᠵᠠᠷ ᠨᠤᠲᠤᠭ ᠲᠤ ᠠᠦᠢᠰᠲᠷᠶ᠎ᠠ ᠬᠠᠩᠭᠠᠷᠢ ᠶᠢᠨ ᠴᠡᠷᠢᠭ ᠢ ᠪᠠᠶᠢᠯᠳᠤᠭᠤᠯᠵᠤ ᠰᠧᠷᠪᠢ ᠷᠤ ᠳᠣᠪᠲᠣᠯᠤᠭᠰᠠᠨ ᠪᠥᠭᠡᠳ ᠮᠥᠨ ᠣᠷᠣᠰ ᠢᠲ᠋ᠠᠯᠢ ᠲᠠᠢ ᠪᠠᠶᠢᠯᠳᠤᠭᠰᠠᠨ᠃ ᠮᠣᠨᠲ᠋ᠧᠨᠧᠭᠷᠣ᠋ ᠰᠧᠷᠪᠢ ᠲᠡᠢ ᠥᠪᠡᠷ ᠦᠨ ᠠᠰᠢᠭ ᠰᠣᠨᠢᠷᠬᠠᠯ ᠤᠨ ᠡᠭᠦᠳᠡᠨ ᠡᠴᠡ ᠨᠢᠭᠡᠳᠦᠭᠰᠡᠨ᠃ ᠰᠧᠷᠪᠢ 1 ᠰᠠᠷᠠ ᠭᠠᠷᠤᠨ ᠬᠤᠭᠤᠴᠠᠭᠠᠨ ᠳᠤ ᠨᠢᠭᠡᠳᠦᠭᠰᠡᠨ᠃ ᠡᠨᠡᠬᠦ ᠲᠤᠯᠤᠭᠠᠨ 10 ᠷ ᠰᠠᠷ᠎ᠠ ᠳᠤ ᠡᠬᠢᠯᠡᠭᠰᠡᠨ ᠪᠥᠭᠡᠳ ᠲᠥᠪ ᠬᠦᠴᠦᠨ ᠦ ᠬᠢᠨ ᠳᠠᠭᠠᠷᠢᠯᠲᠠ ᠪᠠᠨ ᠬᠣᠶᠢᠳᠤ ᠬᠡᠰᠡᠭ ᠡᠴᠡ ᠡᠬᠢᠯᠡᠭᠰᠡᠨ᠃ 4 ᠨᠣᠮᠧᠷᠮᠧᠷ ᠡᠳᠦᠷ ᠦᠨ ᠳᠠᠷᠠᠭ᠎ᠠ ᠪᠣᠯᠭᠠᠷᠴᠤᠳ ᠵᠡᠭᠦᠨ ᠵᠦᠭ ᠡᠴᠡ ᠳᠠᠭᠠᠷᠢᠵᠤ ᠲᠤᠯᠤᠭᠠᠨ ᠳᠤ ᠨᠢᠭᠡᠳᠦᠭᠰᠡᠨ᠃ ᠰᠧᠷᠪᠢ ᠶᠢᠨ ᠠᠷᠮᠢ 2 ᠫᠷᠣᠨᠲ ᠲᠠᠢ ᠪᠠᠶᠢᠯᠳᠤᠭᠠᠳ ᠢᠯᠠᠭᠳᠠᠭᠰᠠᠨ ᠤᠴᠢᠷ ᠠᠴᠠ Albania ᠷᠤ ᠪᠤᠴᠠᠵᠤ ᠤᠬᠤᠷᠢᠭᠰᠠᠨ᠃ ᠲᠡᠳᠡ ᠵᠥᠪᠬᠡᠨ ᠪᠣᠯᠭᠠᠷᠴᠤᠳ ᠤᠨ ᠡᠰᠡᠷᠬᠦ ᠪᠠᠭᠠᠬᠠᠨ ᠬᠤᠭᠤᠴᠠᠭᠠᠨ ᠳᠤ ᠳᠠᠭᠠᠷᠢᠯᠲᠠ ᠶᠢ ᠬᠢᠵᠦ ᠴᠢᠳᠠᠭᠰᠠᠨ᠃ ᠰᠧᠷᠪᠢᠴᠦᠳ Kosovo ᠍ ᠤᠨ ᠲᠤᠯᠤᠭᠠᠨ ᠳᠤ ᠣᠳᠣ ᠶᠢᠨ ᠨᠡᠷ᠎ᠡ ᠪᠡᠷ Gnjilne ᠣᠶᠢᠷᠠᠯᠴᠠᠭ᠎ᠠ ᠪᠠᠭᠤᠵᠤ ᠥᠭᠭᠦᠭᠰᠡᠨ᠃ 1916 ᠣᠨ ᠤ 1 ᠰᠠᠷ᠎ᠠ ᠶᠢᠨ 6 ᠨᠣᠮᠧᠷᠮᠧᠷ ᠠᠴᠠ 7 ᠨᠣᠮᠧᠷᠮᠧᠷᠢ ᠬᠣᠭᠣᠷᠣᠨᠳᠣ Montenegro ᠰᠧᠷᠪᠢᠴᠢ ᠨᠦᠭᠦᠳ ᠢ Mojkovac ᠲᠤᠯᠤᠭᠠᠨ ᠳᠤ ᠠᠳᠠᠷᠶᠠᠲ᠋ᠢᠭ ᠤᠨ ᠡᠷᠭᠢ ᠷᠦᠦ ᠤᠬᠤᠷᠢᠭᠠᠵᠤ ᠴᠢᠳᠠᠰ ᠤᠮ ᠢᠶᠠᠨ ᠭᠡᠪᠡᠴᠦ ᠠᠦᠢᠰᠲᠷᠢᠴᠤᠳ Montenegro ᠍ ᠢ ᠪᠠᠷᠢᠪᠴᠢᠯᠠᠭᠰᠠᠨ᠃ ᠰᠧᠷᠪᠢ ᠶᠢᠨ ᠬᠦᠴᠦᠨ ᠦ ᠬᠢᠨ ᠢ ᠭᠷᠧᠺ ᠷᠤ ᠬᠥᠯᠥᠭ ᠣᠩᠭᠣᠴᠠ ᠪᠠᠷ ᠨᠡᠭᠦᠯᠭᠡᠨ ᠰᠢᠯᠵᠢᠭᠦᠯᠦᠭᠰᠡᠨ᠃

1915 ᠣᠨ ᠤ ᠰᠡᠭᠦᠯᠡᠷ ᠹᠷᠠᠨᠼᠢ ᠠᠩᠭᠯᠢ ᠶᠢᠨ ᠠᠷᠮᠢ ᠭᠷᠧᠺ ᠦᠨ ᠰᠠᠯᠤᠨᠢᠺᠠᠳ ᠣᠴᠢᠭᠰᠠᠨ᠃ ᠲᠡᠳᠡᠨ ᠦ ᠵᠣᠷᠢᠯᠭ᠎ᠠ ᠨᠢ ᠲᠥᠪ ᠦᠨ ᠬᠦᠴᠦᠨ ᠦ ᠡᠰᠡᠷᠬᠦ ᠳᠠᠶᠢᠨ ᠵᠠᠷᠯᠠᠬᠤ ᠶᠢ ᠲᠤᠰ ᠤᠯᠤᠰ ᠤᠨ ᠵᠠᠰᠠᠭ ᠤᠨ ᠭᠠᠵᠠᠷ ᠲᠤ ᠰᠢᠬᠠᠯᠲᠠ ᠦᠵᠡᠭᠦᠯᠬᠦ ᠲᠡᠳᠡᠨ ᠳᠦ ᠲᠤᠰᠠᠯᠠᠮᠵᠢ ᠰᠠᠨᠠᠯ ᠪᠣᠯᠭᠠᠬᠤ ᠵᠣᠷᠢᠯᠭ᠎ᠠ ᠲᠠᠢ ᠪᠠᠶᠢᠭᠰᠠᠨ᠃ ᠬᠠᠷᠠᠮᠰᠠᠯᠲᠠᠢ ᠨᠢ ᠭᠧᠷᠮᠠᠨ ᠤ ᠬᠠᠭᠠᠨ 1 ᠷ ᠺᠣᠨᠰᠲ᠋ᠠᠨᠲ᠋ᠢᠨ ᠲᠡᠳᠡᠨ ᠢ ᠬᠥᠭᠡᠭᠡᠨ ᠵᠠᠶᠢᠯᠠᠭᠤᠯᠬᠤ ᠶᠢ ᠬᠦᠰᠡᠭᠰᠡᠨ ᠪᠥᠭᠡᠳ ᠭᠠᠳᠠᠨ᠎ᠠ ᠶᠢᠨ ᠠᠷᠮᠢ ᠶᠢ ᠬᠦᠴᠦ ᠶᠢ ᠢᠷᠡᠬᠦ ᠡᠴᠡ ᠡᠮᠦᠨ᠎ᠡ ᠡᠯᠢᠫᠧᠲ᠋ᠷᠣᠰ ᠸᠢᠨᠢᠽᠧᠯᠣᠰ ᠵᠠᠰᠠᠭ ᠤᠨ ᠭᠠᠵᠠᠷ ᠲᠠᠢ ᠦᠵᠡᠯ ᠪᠣᠳᠣᠯ ᠤᠨ ᠵᠥᠷᠢᠴᠡᠯᠳᠦᠭᠡᠨ ᠲᠡᠢ ᠪᠠᠶᠢᠭᠰᠠᠨ᠃ ᠡᠨᠡᠬᠦ ᠵᠥᠷᠢᠴᠡᠯᠳᠦᠭᠡᠨ ᠦ ᠤᠯᠠᠮ ᠠᠴᠠ ᠦᠨᠳᠦᠰᠦᠨ ᠦ Schism ᠍ ᠦᠨ ᠬᠥᠳᠡᠯᠭᠡᠭᠡᠨ ᠪᠤᠢ ᠪᠣᠯᠤᠭᠰᠠᠨ᠃ ᠡᠨᠡᠬᠦ ᠬᠥᠳᠡᠯᠭᠡᠭᠡᠨ ᠨᠢ ᠰᠠᠯᠤᠨᠢᠺᠠᠳ ᠸᠢᠨᠢᠰᠥᠯᠣᠰ ᠤᠨ ᠰᠢᠨ᠎ᠡ ᠵᠠᠰᠠᠭ ᠤᠨ ᠭᠠᠵᠠᠷ ᠪᠣᠯᠤᠨ ᠪᠥᠰᠡ ᠭᠷᠧᠺ ᠦᠨ ᠪᠥᠰᠡ ᠨᠤᠲᠤᠭ ᠤᠳ ᠢ ᠬᠡᠳᠦ ᠬᠡᠳᠦᠨ ᠬᠡᠰᠡᠭ ᠲᠦ ᠬᠤᠪᠢᠶᠠᠭᠰᠠᠨ᠃ ᠮᠠᠰᠢ ᠬᠦᠴᠦᠲᠡᠢ ᠳ᠋ᠢᠫᠯᠣᠮᠠᠲ ᠬᠡᠯᠡᠯᠴᠡᠭᠡᠷ ᠦᠨ ᠳᠠᠷᠠᠭ᠎ᠠ ᠠᠫᠠᠨᠳ ᠭᠠᠳᠠᠭᠠᠳᠤ ᠶᠢᠨ ᠴᠡᠷᠢᠭ ᠦᠨ ᠬᠦᠴᠦᠨ ᠪᠣᠯᠤᠨ ᠬᠠᠭᠠᠨ ᠤ ᠴᠡᠷᠢᠭ ᠦᠨ ᠬᠦᠴᠦᠨ ᠦ ᠬᠣᠭᠣᠷᠣᠨᠳᠣ ᠵᠡᠪᠰᠡᠭᠲᠦ ᠮᠥᠷᠭᠥᠯᠳᠦᠭᠡᠨ ᠪᠣᠯᠵᠤ ᠭᠷᠧᠺ ᠦᠨ ᠬᠠᠭᠠᠨ᠂ ᠬᠠᠭᠠᠨ ᠰᠢᠷᠡᠭᠡᠨ ᠡᠴᠡ ᠪᠠᠭᠤᠵᠤ ᠲᠡᠭᠦᠨ ᠦ 2 ᠷ ᠬᠦᠦ ᠠᠯᠧᠺᠰᠠᠨᠳᠧᠷ ᠬᠠᠭᠠᠨ ᠰᠢᠷᠡᠭᠡᠨ ᠳᠦ ᠰᠠᠭᠤᠭᠰᠠᠨ᠃ ᠸᠢᠨᠢᠰᠥᠯᠣᠰ 1917 ᠣᠨ ᠤ 5 ᠰᠠᠷ᠎ᠠ ᠶᠢᠨ 29 ᠨᠣᠮᠧᠷᠮᠧᠷ ᠠᠫᠠᠨᠳ ᠢᠷᠡᠭᠡᠳ ᠭᠷᠧᠺ ᠠᠫᠠᠨ 2 ᠨᠣᠮᠧᠷᠮᠧᠺᠭᠳᠡᠭᠰᠡᠨ᠃ ᠭᠷᠧᠺ ᠦᠨ ᠠᠷᠮᠢ ᠮᠠᠬᠢᠳᠣᠩ ᠤᠨ ᠫᠷᠣᠨᠲ ᠳᠡᠭᠡᠷ᠎ᠡ ᠲᠥᠪ ᠦᠨ ᠬᠦᠴᠦᠨ ᠦ ᠡᠰᠡᠷᠬᠦ ᠴᠡᠷᠢᠭ ᠦᠨ ᠲᠤᠯᠤᠭᠠᠨ ᠳᠤ ᠣᠷᠣᠭᠰᠠᠨ᠃

(ᠮᠠᠺᠧᠳᠣᠨᠢ ᠨᠥᠬᠥᠷᠰᠡᠭ ᠬᠠᠷᠢᠯᠴᠠᠭ᠎ᠠ᠃ ᠵᠡᠭᠦᠨ ᠡᠴᠡ ᠪᠠᠷᠠᠭᠤᠨ ᠲᠡᠰᠢ: ᠢᠨᠳᠣᠴᠢᠨ᠎ᠠ ᠹᠷᠠᠨᠼᠢ ᠰᠢᠨᠸᠭᠠᠯᠢᠶᠡᠬᠡ ᠪᠷᠢᠲ᠋ᠠᠨ(ᠠᠩᠭᠯᠢ) ᠣᠷᠣᠰ ᠢᠲ᠋ᠠᠯᠢ ᠰᠧᠷᠪᠢ ᠭᠷᠧᠺ ᠡᠨᠡᠳᠬᠡᠭ ᠦᠨ ᠴᠡᠷᠢᠭ ᠦᠳ) ᠲᠤᠯᠤᠭᠠᠨ ᠤ ᠳᠠᠷᠠᠭ᠎ᠠ ᠰᠧᠷᠪᠢ ᠨᠢ ᠠᠦᠢᠰᠲᠷᠶ᠎ᠠ ᠬᠠᠩᠭᠠᠷᠢ ᠪᠣᠯᠭᠠᠷᠢᠶ᠎ᠠ ᠭᠡᠰᠡᠨ 3 ᠨᠣᠮᠧᠷᠮᠧᠷᠮᠧᠷᠮᠧᠷ ᠭᠠᠵᠠᠷ ᠲᠤ ᠬᠤᠪᠢᠶᠠᠭᠳᠠᠭᠰᠠᠨ᠃ ᠪᠣᠯᠭᠠᠷᠴᠤᠳ ᠥᠪᠡᠷᠰᠡᠳ ᠦᠨ ᠢᠶᠡᠨ ᠡᠵᠡᠮᠰᠢᠯ ᠦᠨ ᠪᠥᠰᠡ ᠳᠦ ᠣᠷᠣᠭᠰᠠᠨ ᠰᠧᠷᠪᠢ ᠶᠢᠨ ᠬᠦᠮᠦᠨ ᠠᠮᠠ ᠶᠢ ᠪᠣᠯᠭᠠᠷᠢᠶ᠎ᠠ ᠦᠨᠳᠦᠰᠦᠲᠡᠨ ᠪᠣᠯᠭᠠᠵᠤ ᠡᠬᠢᠯᠡᠭᠰᠡᠨ᠃ ᠲᠡᠳᠡ ᠰᠧᠷᠪᠢ ᠬᠡᠯᠡ᠂ ᠰᠧᠷᠪᠢ ᠰᠦᠮ᠎ᠡ ᠨᠦᠭᠦᠳ ᠢ ᠤᠰᠠᠳᠬᠠᠵᠤ ᠡᠬᠢᠯᠡᠭᠰᠡᠨ᠃ ᠰᠧᠷᠪᠢ ᠶᠢᠨ ᠬᠦᠮᠦᠨ ᠠᠮᠠ ᠶᠢ 1917 ᠣᠨ ᠳᠤ ᠪᠣᠯᠭᠠᠷᠢᠶ᠎ᠠ ᠶᠢᠨ ᠠᠷᠮᠢ ᠳᠤ ᠬᠦᠴᠦ ᠪᠡᠷ ᠶᠠᠪᠤᠭᠤᠯᠵᠤ ᠡᠬᠢᠯᠡᠭᠰᠡᠨ᠃ ᠡᠨᠡ ᠦᠶ᠎ᠡ ᠪᠡᠨ ᠡᠴᠡ ᠰᠧᠷᠪᠢ ᠶᠢᠨ ᠪᠣᠰᠤᠯᠭ᠎ᠠ ᠬᠦᠴᠦᠲᠡᠢ ᠡᠬᠢᠯᠡᠭᠰᠡᠨ᠃ ᠰᠧᠷᠪᠢ ᠶᠢᠨ ᠪᠣᠰᠤᠯᠭ᠎ᠠ ᠭᠠᠷᠭᠠᠭᠴᠢᠳ ᠪᠣᠭᠣᠨᠢ ᠬᠤᠭᠤᠴᠠᠭᠠᠨ ᠤ ᠳᠣᠲᠣᠷ᠎ᠠ ᠺᠠᠫᠠ ᠪᠠᠨᠨᠢᠺ ᠤᠨ ᠠᠭᠤᠯᠠ ᠪᠣᠯᠤᠨ ᠡᠮᠦᠨᠡᠲᠦ ᠮᠠᠷᠪᠠ ᠭᠣᠣᠯ ᠤᠨ ᠡᠷᠭᠢ ᠶᠢ ᠡᠵᠡᠯᠡᠨ ᠠᠪᠴᠤ ᠴᠢᠳᠠᠭᠰᠠᠨ᠃ ᠡᠨᠡᠬᠦ ᠪᠣᠰᠤᠯᠭ᠎ᠠ ᠨᠢ ᠪᠦᠷ ᠴᠢᠨᠠᠭᠰᠢᠯᠠᠭᠠᠳ ᠪᠣᠯᠭᠠᠷᠢᠶ᠎ᠠ ᠪᠣᠯᠤᠨ ᠠᠦᠢᠰᠲᠷᠶ᠎ᠠ ᠶᠢᠨ ᠠᠷᠮᠢ ᠲᠠᠢ 1917 ᠣᠨ ᠤ 3 ᠷ ᠰᠠᠷ᠎ᠠ ᠶᠢᠨ ᠡᠴᠦᠰ ᠭᠡᠬᠦ ᠳᠦ ᠲᠤᠯᠤᠯᠳᠤᠵᠤ ᠡᠬᠢᠯᠡᠭᠰᠡᠨ᠃ ᠮᠠᠺᠧᠳᠣᠨᠢ ᠫᠷᠣᠨᠲ ᠨᠢᠭᠡ ᠬᠡᠪᠡᠨ ᠳᠦ ᠪᠡᠨ ᠪᠠᠶᠢᠭᠰᠠᠭᠠᠷ ᠢᠷᠡᠭᠰᠡᠨ᠃ 1916 ᠣᠨ ᠤ 11 ᠰᠠᠷ᠎ᠠ ᠶᠢᠨ 19 ᠨᠣᠮᠧᠷᠮᠧᠷᠮᠧᠷᠮᠧᠷ ᠰᠧᠷᠪᠢ ᠶᠢᠨ ᠬᠦᠴᠦᠨ ᠦ ᠬᠢᠨ ᠪᠢᠲᠠᠯᠢᠭ ᠢ ᠡᠵᠡᠯᠡᠨ ᠠᠪᠤᠭᠰᠠᠨ ᠢᠶᠠᠷ ᠮᠠᠺᠧᠳᠣᠨᠢ ᠬᠡᠰᠡᠭ ᠢ ᠪᠤᠴᠠᠭᠠᠨ ᠠᠪᠴᠤ ᠴᠢᠳᠠᠭᠰᠠᠨ᠃ ᠡᠨᠡᠬᠦ ᠪᠣᠰᠤᠯᠭ᠎ᠠ ᠶᠢᠨ ᠲᠡᠭᠦᠰᠬᠡᠯ ᠳᠦ ᠢᠨᠲ᠋ᠧᠨᠲ᠋ᠧᠭᠢ ᠶᠢᠨ ᠬᠦᠴᠦᠨ ᠢ ᠪᠤᠲᠠ ᠴᠣᠬᠢᠵᠤ ᠭᠧᠷᠮᠠᠨ ᠠᠦᠢᠰᠲᠷᠶ᠎ᠠ ᠬᠠᠩᠭᠠᠷᠢ ᠶᠢᠨ ᠴᠡᠷᠢᠭ ᠦᠳ ᠡᠬᠡ ᠣᠷᠣᠨ ᠷᠠᠭᠤ ᠶᠢ ᠪᠠᠨ ᠪᠤᠴᠠᠭᠰᠠᠨ᠃ ᠪᠣᠯᠭᠠᠷᠴᠤᠳ ᠳᠣᠪᠷᠠ ᠫᠠᠤᠯ ᠤᠨ ᠲᠤᠯᠤᠭᠠᠨ ᠳᠤ ᠢᠯᠠᠭᠳᠠᠯ ᠢᠶᠠᠨ ᠬᠦᠯᠢᠶᠡᠰᠦᠭᠡᠨ᠂ ᠪᠠᠰᠠ ᠬᠡᠳᠦᠨ ᠡᠳᠦᠷ ᠦᠨ ᠳᠠᠷᠠᠭ᠎ᠠ ᠲᠡᠳᠡ ᠳᠤᠭᠤᠷᠤᠨ᠎ᠠ ᠶᠢᠨ ᠲᠤᠯᠤᠭᠠᠨ ᠳᠤ ᠠᠩᠭᠯᠢ ᠭᠷᠧᠺ ᠦᠨ ᠠᠷᠮᠢ ᠳᠤ ᠪᠤᠲᠠ ᠴᠣᠬᠢᠭᠳᠠᠭᠰᠠᠨ᠃ ᠪᠣᠯᠭᠠᠷᠴᠤᠳ 1918 ᠣᠨ ᠤ 9 ᠰᠠᠷ᠎ᠠ ᠶᠢᠨ 29 ᠨᠣᠮᠧᠷᠮᠧᠷᠮᠧᠷᠮᠧᠷ ᠲᠤᠯᠤᠭᠠᠨ ᠢᠶᠠᠨ ᠵᠣᠭᠰᠣᠬᠤ ᠭᠡᠷᠢᠶᠡᠨ ᠳᠦ ᠭᠠᠷ ᠤᠨ ᠦᠰᠦᠭ ᠵᠢᠷᠤᠭᠰᠠᠨ᠃ ᠬᠢᠨᠳᠧᠨᠪᠦᠷᠭ ᠪᠠ ᠯᠤᠳᠧᠨᠳᠣᠷᠹ ᠨᠠᠷ ᠲᠥᠪ ᠦᠨ ᠬᠦᠴᠦᠨ ᠦ ᠬᠢᠨ ᠦ ᠡᠰᠡᠷᠬᠦ ᠪᠠᠶᠢᠯᠳᠣᠬᠣ ᠪᠣᠳᠣᠯᠭ᠎ᠠ ᠪᠣᠯᠤᠨ ᠦᠢᠯᠡ ᠠᠵᠢᠯᠯᠠᠭ᠎ᠠ ᠶᠢ ᠪᠠᠨ ᠳᠠᠭᠤᠰᠬᠠᠪᠤᠷᠢ ᠪᠣᠯᠭᠠᠭᠰᠠᠨ᠃ ᠪᠣᠯᠭᠠᠷᠢᠶ᠎ᠠ ᠶᠢᠨ ᠰᠦᠢᠷᠡᠯ ᠦᠨ ᠨᠢᠭᠡ ᠡᠳᠦᠷ ᠦᠨ ᠳᠠᠷᠠᠭ᠎ᠠ ᠵᠠᠰᠠᠭ ᠤᠨ ᠭᠠᠵᠠᠷ ᠤᠨ ᠠᠯᠪᠠᠨ ᠤ ᠬᠦᠮᠦᠰ ᠬᠤᠷᠠᠯ ᠵᠣᠬᠢᠶᠠᠨ ᠪᠠᠶᠢᠭᠤᠯᠵᠤ ᠡᠩᠬᠡ ᠲᠠᠶᠢᠪᠤᠩ ᠤᠨ ᠢ ᠬᠦᠰᠡᠮᠵᠢᠯᠡᠭᠰᠡᠨ᠃ ᠮᠠᠺᠧᠳᠣᠨᠢ ᠫᠷᠣᠨᠲ ᠤᠰᠠᠳᠬᠠᠭᠳᠠᠭᠰᠠᠨ ᠢᠶᠠᠷ ᠪᠤᠲᠠᠫᠧᠱᠳ , ᠸᠧᠨᠨ ᠷᠤ ᠶᠠᠪᠤᠬᠤ ᠰᠢᠨ᠎ᠡ ᠵᠠᠮ ᠨᠡᠭᠡᠭᠡᠭᠳᠡᠵᠦ ᠹᠷᠠᠨᠴᠢᠳ ᠳᠧ ᠰᠫᠧᠷᠧᠢ ᠭᠧᠨᠧᠷᠠᠯ ᠤᠨ 670000 ᠨᠣᠮᠧᠷᠮᠧᠷᠮᠧᠷᠮᠧᠷ ᠴᠡᠷᠢᠭ ᠦᠳ ᠲᠦ ᠡᠨᠡᠬᠦ ᠵᠠᠮ ᠨᠢ ᠵᠣᠷᠢᠭᠤᠯᠤᠭᠳᠠᠭᠰᠠᠨ᠃ ᠲᠥᠪ ᠦᠨ ᠬᠦᠴᠦᠨ ᠦ ᠬᠢᠨ ᠦ 278 ᠨᠣᠮᠧᠷᠮᠧᠷᠮᠧᠷᠮᠧᠷ ᠪᠠᠲᠯᠧᠣᠨ᠂ 1500 ᠨᠣᠮᠧᠷᠮᠧᠷᠮᠧᠷᠮᠧᠷ ᠪᠤᠤ ᠶᠢ ᠪᠣᠯᠭᠠᠷᠴᠤᠳ ᠬᠤᠷᠢᠶᠠᠨ ᠠᠪᠤᠭᠰᠠᠨ᠃ ᠭᠧᠷᠮᠠᠨᠴᠤᠳ ᠵᠥᠪᠬᠡᠨ 7 ᠨᠣᠮᠧᠷᠮᠧᠷᠮᠧᠷᠮᠧᠷ ᠶᠠᠪᠠᠭᠠᠨ ᠴᠡᠷᠢᠭ ᠦᠨ ᠬᠡᠰᠡᠭ᠂ ᠨᠢᠭᠡ ᠮᠣᠷᠢᠨ ᠴᠡᠷᠢᠭ ᠦᠨ ᠰᠠᠯᠠᠭ᠎ᠠ ᠶᠢ ᠥᠪᠡᠷᠰᠡᠳ ᠦᠨ ᠪᠣᠯᠭᠠᠭᠰᠠᠨ᠃

Armenia ᠍ ᠳᠦ ᠪᠣᠯᠤᠭᠰᠠᠨ ᠠᠦᠢᠰᠲ᠋ᠷᠯᠢᠶ᠎ᠠ –ᠺᠠᠨᠠᠳᠠ ᠢᠶᠠᠷ ᠤᠳᠤᠷᠢᠳᠤᠭᠤᠯᠤᠭᠰᠠᠨ ᠲᠤᠯᠤᠭᠠᠨ ᠨᠢ ᠭᠧᠷᠮᠠᠨ ᠤ ᠠᠷᠮᠢ ᠶᠢᠨ ᠮᠥᠬᠥᠯ ᠦᠨ ᠡᠬᠢᠯᠡᠯ ᠪᠣᠯᠤᠭᠰᠠᠨ ᠲᠡᠳᠦᠢ ᠦᠭᠡᠢ ᠪᠷᠢᠲ᠋ᠠᠨ ᠦ ᠠᠷᠮᠢ ᠶᠢ ᠬᠣᠶᠢᠳᠤ᠂ ᠹᠷᠠᠨᠼᠢ ᠶᠢᠨ ᠠᠷᠮᠢ ᠶᠢ ᠡᠮᠦᠨᠡᠲᠦ ᠵᠦᠭᠦᠷᠦᠦ ᠳᠠᠪᠰᠢᠯᠲᠠ ᠪᠠᠨ ᠣᠷᠣᠭᠤᠯᠬᠤᠭᠠᠳ ᠲᠤᠰᠠᠯᠠᠮᠵᠢ ᠪᠣᠯᠤᠭᠰᠠᠨ ᠶᠤᠮ᠃ ᠠᠩᠭᠯᠢ ᠶᠢᠨ 4 ᠍ ᠳᠦᠭᠡᠷ ᠹᠷᠣᠨᠲ Armenia ᠍ ᠳᠦ ᠭᠧᠷᠮᠠᠨ ᠤ ᠳᠣᠪᠲᠣᠯᠭᠠᠭ᠎ᠠ ᠶᠢ ᠬᠦᠴᠦᠲᠡᠢ ᠡᠰᠡᠷᠭᠦᠴᠡᠵᠦ 14 ᠮᠢᠯ ᠳᠠᠪᠰᠢᠯᠲᠠ ᠪᠠᠨ ᠠᠬᠢᠭᠤᠯᠤᠭᠰᠠᠨ ᠢᠶᠠᠷ ᠹᠷᠠᠨᠼᠢ ᠶᠢᠨ 1 ᠍ ᠳᠦᠭᠡᠷ ᠠᠷᠮᠢ ᠪᠠᠷᠠᠭᠤᠨ ᠲᠠᠯ᠎ᠠ ᠠᠴᠠ ᠨᠢ ᠳᠣᠪᠲᠣᠯᠵᠤ 8 ᠍ ᠳᠦᠭᠡᠷ ᠰᠠᠷ᠎ᠠ ᠶᠢᠨ 10 ᠍ ᠳᠦ 3 ᠍ ᠳᠦᠭᠡᠷ ᠠᠷᠮᠢ ᠨᠢ Amren ᠍ ᠳᠦ ᠨᠡᠪᠲᠡᠷᠡᠨ ᠣᠷᠣᠵᠤ 8 ᠍ ᠰᠠᠷ ᠤᠨ 16 ᠭᠡᠬᠦ ᠳᠦ ᠳᠠᠪᠰᠢᠯᠲᠠ ᠪᠠᠨ 4 ᠮᠢᠯ ᠤᠷᠤᠭᠰᠢᠯᠠᠭᠤᠯᠵᠤ Lassigny ᠍ ᠢ ᠪᠦᠷᠢᠨ ᠴᠢᠯᠦᠭᠡᠯᠡᠪᠡ᠃ ᠹᠷᠠᠨᠼᠢ ᠶᠢᠨ 3 ᠍ ᠳᠦᠭᠡᠷ ᠠᠷᠮᠢ ᠶᠢᠨ ᠵᠡᠭᠦᠨ ᠬᠡᠰᠡᠭ ᠦᠨ ᠭᠧᠨᠧᠷᠠᠯ Charles Mangin 8 ᠍ ᠳᠦᠭᠡᠷ ᠰᠠᠷ᠎ᠠ ᠶᠢᠨ 20 ᠨᠣᠮᠧᠷᠮᠧᠷᠮᠧᠷᠮᠧᠷ 10 ᠍ ᠳᠦᠭᠡᠷ ᠠᠷᠮᠢ ᠶᠢ ᠤᠳᠤᠷᠢᠳᠤᠭᠰᠠᠨ 200 ᠭᠠᠷᠤᠢ ᠵᠡᠪᠰᠡᠭ ᠲᠡᠢ 8000 ᠣᠷᠴᠢᠮ ᠬᠣᠷᠢᠭᠳᠠᠯ ᠢ ᠪᠠᠷᠢᠪᠴᠢᠯᠠᠭᠰᠠᠨ ᠨᠢ Vesle ᠪᠠᠷᠠᠭᠤᠨ ᠬᠣᠶᠢᠳᠤ ᠵᠦᠭ ᠲᠤ ᠪᠠᠶᠢᠷᠢᠯᠠᠬᠤ ᠭᠧᠷᠮᠠᠨ ᠤ ᠹᠷᠣᠨᠲ ᠢ ᠠᠶᠢᠳᠠᠰ ᠲᠤ ᠠᠪᠲᠠᠬᠤ ᠳᠤ ᠬᠦᠷᠭᠡᠭᠰᠡᠨ ᠪᠠᠶᠢᠨ᠎ᠠ᠃ ᠡᠨᠡ ᠡᠳᠦᠷ ᠢ Erich ludendorf ᠍ ᠦᠨ ᠬᠡᠯᠡᠰᠦᠨ ᠢᠶᠡᠷ 《ᠬᠠᠷ᠎ᠠ ᠡᠳᠦᠷ》 ᠭᠡᠵᠦ ᠨᠡᠷᠡᠯᠡᠳᠡᠭ᠃ ᠶᠡᠬᠡ ᠪᠷᠢᠲ᠋ᠠᠨ ᠤ 3 ᠍ ᠳᠦᠭᠡᠷ ᠠᠷᠮᠢ ᠶᠢᠨ ᠭᠧᠨᠧᠷᠠᠯ ᠸᠤᠨ ᠳᠤ ᠮᠠᠰᠢ ᠴᠥᠭᠡᠬᠡᠨ ᠴᠡᠷᠢᠭ ᠢᠶᠡᠷ ᠳᠠᠶᠢᠰᠤᠨ ᠢᠶᠠᠨ ᠠᠷᠠᠢ ᠶᠠᠳᠠᠨ ᠪᠠᠷᠢᠵᠤ ᠪᠠᠶᠢᠭᠰᠠᠨ ᠶᠡᠬᠡ ᠪᠷᠢᠲ᠋ᠠᠨ ᠤ 3 ᠍ ᠳᠦᠭᠡᠷ ᠠᠷᠮᠢ ᠶᠢᠨ ᠭᠧᠨᠧᠷᠠᠯ ᠸᠤᠨ ᠳᠤ ᠸᠠᠷᠢᠲ᠋ᠧ ᠷᠤ ᠴᠢᠭᠯᠡᠭᠰᠡᠨ ᠳᠠᠶᠢᠰᠤᠨ ᠤ ᠪᠠᠶᠢᠯᠳᠤᠵᠤ ᠪᠠᠶᠢᠭ᠎ᠠ ᠹᠷᠠᠨᠲ ᠢ ᠬᠠᠭᠤᠷᠠᠬᠤ ᠶᠢᠨ ᠲᠤᠯᠠᠳᠠ ᠳᠠᠶᠢᠰᠤᠨ ᠤ ᠹᠷᠣᠨᠲ ᠢ ᠨᠡᠪᠲᠡᠯᠵᠦ ᠭᠠᠷᠬᠤ 200 ᠲᠠᠩᠺ ᠲᠠᠢ ᠪᠠᠷ ᠳᠣᠪᠲᠣᠯᠬᠠᠷ᠎ᠠ ᠡᠭᠦᠷᠭᠡ ᠠᠪᠤᠭᠰᠠᠨ ᠪᠥᠭᠡᠳ ᠡᠨᠡ ᠨᠢ Albert ᠍ ᠦᠨ ᠲᠤᠯᠤᠭᠠᠨ ᠤ ᠡᠬᠢᠯᠡᠯ ᠪᠣᠯᠤᠭᠰᠠᠨ ᠶᠤᠮ᠃ ᠡᠨᠡᠬᠦ ᠳᠠᠪᠰᠢᠯᠲᠠ ᠶᠢᠨ ᠭᠣᠣᠯ ᠵᠣᠷᠢᠯᠭ᠎ᠠ ᠨᠢ ᠬᠤᠭᠤᠷᠠᠨ ᠮᠡᠬᠡᠯᠡᠯ ᠳᠦ ᠪᠡᠨ ᠠᠮᠵᠢᠯᠲᠠ ᠲᠠᠢ ᠭᠦᠢᠴᠡᠳᠭᠡᠬᠦ ᠡᠴᠡ ᠭᠠᠳᠠᠨ᠎ᠠ ᠬᠠᠮᠤᠭ ᠤᠨ ᠴᠢᠬᠤᠯᠠ ᠨᠢ ᠳᠠᠶᠢᠰᠤᠨ ᠤ ᠭᠣᠣᠯ ᠬᠥᠳᠡᠯᠭᠡᠭᠴᠢ ᠬᠦᠴᠦ ᠶᠢ ᠨᠢ ᠰᠠᠷᠨᠢᠭᠤᠯᠬᠤ ᠶᠠᠪᠤᠳᠠᠯ ᠪᠠᠶᠢᠭᠰᠠᠨ ᠪᠢᠯᠡ᠃

ᠬᠣᠯᠪᠣᠭᠠᠲᠠᠨᠡᠭᠦᠳᠡ ᠶᠢᠨ ᠢᠯᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠹᠠᠢᠢᠯ:Aerial view of ruins of Vaux, France, 1918, ca. 03-1918 - ca. 11-1918 - NARA - 512862.tif
1918 ᠣᠨ ᠤ ᠹᠷᠠᠨᠼᠢ ᠶᠢᠨ Vaux– ᠍ ᠤᠨ ᠮᠥᠬᠥᠯ

9 ᠍ ᠳᠦᠭᠡᠷ ᠰᠠᠷ᠎ᠠ ᠶᠢᠨ 2 ᠨᠣᠮᠧᠷᠮᠧᠷᠮᠧᠷᠮᠧᠷ Hindenburg ᠵᠤᠷᠪᠤᠰ ᠢ ᠺᠠᠨᠠᠳᠠ ᠤᠨ ᠺᠣᠷᠫᠤᠶᠢᠰ ᠬᠤᠭᠤᠷᠴᠢ Wotan Position ᠍ ᠢ ᠡᠪᠳᠡᠰᠦᠨ ᠢᠶᠡᠷ ᠢᠶᠡᠨ 3 ᠍ ᠳᠦᠭᠡᠷ ᠠᠷᠮᠢ ᠶᠢ ᠳᠠᠪᠰᠢᠯᠲᠠ ᠪᠠᠨ ᠠᠬᠢᠭᠤᠯᠬᠤ ᠳᠤ ᠲᠤᠰᠠᠯᠠᠵᠤ᠂ ᠪᠠᠷᠠᠭᠤᠨ ᠹᠷᠣᠨᠲᠣᠳ ᠠᠰᠤᠷᠤ ᠶᠡᠬᠡ ᠭᠠᠷᠤᠵᠠ ᠬᠣᠬᠢᠷᠠᠯ ᠤᠴᠠᠷᠠᠭᠤᠯᠵᠠᠢ᠃ ᠮᠥᠨ ᠡᠨᠡ ᠡᠳᠦᠷ Oberste Heeresleitung –ᠳ /ᠣᠨᠰ / ᠺᠠᠨᠠᠳᠠ ᠤᠨ 1 ᠍ ᠳᠦᠭᠡᠷ ᠠᠷᠮᠢ ᠶᠢᠨ ᠹᠷᠣᠨᠲ ᠤᠨ ᠪᠠᠶᠢᠷᠢᠯᠠᠵᠤ ᠪᠤᠢ ᠰᠠnaldunord ᠍ ᠶᠢᠨ ᠠᠷᠤ ᠳᠤ Kundenburg ᠵᠤᠷᠪᠤᠰ ᠲᠤ ᠪᠤᠢ ᠥᠪᠡᠷ ᠦᠨ 6 ᠠᠷᠮᠢ ᠪᠠᠨ ᠲᠤᠯᠤᠯᠳᠤᠭᠠᠨ ᠠᠴᠠ ᠭᠠᠷᠭᠠᠬᠤ ᠠᠴᠠ ᠥᠭᠡᠷ᠎ᠡ ᠠᠷᠭ᠎ᠠ ᠦᠭᠡᠢ ᠪᠣᠯᠤᠭᠰᠠᠨ ᠪᠥᠭᠡᠳ ᠬᠣᠶᠢᠳᠤ ᠵᠦᠭ ᠲᠤ Lys ᠍ ᠤᠨ ᠵᠡᠭᠦᠨ ᠵᠤᠷᠪᠤᠰᠤᠷᠤᠤ ᠤᠬᠤᠷᠢᠵᠤ 4 ᠍ ᠳᠦᠭᠡᠷ ᠰᠠᠷ᠎ᠠ ᠶᠢᠨ ᠡᠬᠢ ᠪᠡᠷ ᠶᠠᠮᠠᠷᠴᠤ ᠡᠰᠡᠷᠭᠦᠴᠡᠯ ᠭᠦᠢ ᠪᠠᠭᠤᠵᠤ ᠥᠭᠴᠡᠢ᠃ 《Scarpe ᠍ ᠠᠴᠠ Vesle ᠬᠦᠷᠲᠡᠯᠡᠬᠢ ᠪᠦᠬᠦ ᠹᠷᠣᠨᠲ ᠢ ᠪᠤᠴᠠᠭᠠᠨ ᠠᠪᠬᠤ ᠶᠢᠨ ᠲᠤᠯᠠᠳᠠ ᠱᠠᠭᠠᠷᠳᠠᠯᠭ᠎ᠠ ᠲᠠᠢ ᠪᠣᠯᠭᠠᠨ ᠢ ᠪᠢᠳᠡ ᠬᠢᠬᠦ ᠪᠣᠯᠤᠨ᠎ᠠ》 ᠭᠡᠳᠡᠭ ᠢ Ludendorff ᠍ ᠦᠨ ᠲᠤᠯᠤᠭᠠᠨ ᠠᠴᠠ ᠣᠶᠢᠯᠠᠭᠠᠵᠠᠢ᠃ 8 ᠍ ᠳᠦᠭᠡᠷ ᠰᠠᠷ᠎ᠠ ᠶᠢᠨ 8 ᠨᠣᠮᠧᠷᠮᠧᠷᠮᠧᠷᠮᠧᠷ ᠲᠤᠯᠤᠭᠠᠨ ᠠᠴᠠ ᠬᠣᠶᠢᠰᠢ ᠣᠶᠢᠷᠠᠯᠴᠠᠭ᠎ᠠ ᠪᠠᠷ 4 ᠳᠣᠯᠣᠭ᠎ᠠ ᠬᠣᠨᠣᠭ ᠤᠨ ᠳᠠᠷᠠᠭ᠎ᠠ 100000 ᠭᠧᠷᠮᠠᠨ ᠢ ᠬᠣᠷᠢᠵᠤ 751000 BEF ᠹᠷᠠᠨᠼᠢ ᠰᠤᠯᠠᠯᠠᠭᠳᠠᠪᠠ᠃ ᠭᠧᠷᠮᠠᠨ ᠤ ᠠᠷᠮᠢ ᠶᠢ ᠲᠡᠷᠡ ᠬᠠᠷ᠎ᠠ ᠡᠳᠦᠷ ᠡᠴᠡ ᠬᠣᠶᠢᠰᠢ ᠭᠧᠷᠮᠠᠨ ᠤ ᠤᠳᠤᠷᠢᠳᠬᠤ ᠪᠦᠷᠢᠯᠳᠦᠬᠦᠨ ᠳᠠᠶᠢᠨ ᠳᠤ ᠢᠯᠠᠭᠳᠠᠭᠰᠠᠨ ᠢᠶᠠᠨ ᠬᠦᠯᠢᠶᠡᠨ ᠵᠥᠪᠰᠢᠶᠡᠷᠡᠴᠢ ᠳᠠᠶᠢᠨ ᠤ ᠲᠡᠭᠦᠰᠬᠡᠯ ᠢᠶᠡᠷ ᠥᠪᠡᠷᠰᠡᠳ ᠦᠨ ᠢᠶᠡᠨ ᠰᠡᠳᠬᠢᠯ ᠢ ᠪᠠᠷᠢᠬᠤ ᠶᠢ ᠣᠷᠣᠯᠳᠤᠵᠤ ᠪᠠᠶᠢᠯ᠎ᠠ᠃ Ludendorff ᠍ ᠳᠦ ᠪᠣᠯᠤᠭᠰᠠᠨ ᠲᠤᠯᠤᠯᠳᠤᠭᠠᠨ ᠤ ᠮᠠᠷᠭᠠᠰᠢ ᠨᠢ ᠬᠤᠷᠠᠨᠳᠠ Hertz 《ᠪᠢᠳᠡ ᠳᠠᠬᠢᠭᠠᠳ ᠬᠡᠵᠢᠶᠡᠴᠢ ᠳᠠᠶᠢᠨ ᠳᠤ ᠢᠯᠠᠭᠳᠠᠵᠤ᠂ ᠶᠠᠭᠤ ᠴᠤ ᠳᠠᠬᠢᠨ ᠠᠯᠳᠠᠵᠤ ᠪᠣᠯᠬᠤ ᠦᠭᠡᠢ》 ᠭᠡᠵᠦ ᠬᠡᠯᠡᠪᠡ᠃ 8 ᠍ ᠳᠦᠭᠡᠷ ᠰᠠᠷ᠎ᠠ ᠶᠢᠨ 11 ᠨᠣᠮᠧᠷᠮᠧᠷᠮᠧᠷᠮᠧᠷ 《ᠪᠢᠳᠡ ᠰᠢᠢᠳᠪᠦᠷᠢᠯᠡᠬᠦ ᠦᠶ᠎ᠡ ᠳᠦ ᠯᠠ ᠲᠤᠯᠤᠭᠠᠨ ᠳᠤ ᠤᠷᠤᠬᠤ ᠶᠣᠰᠣᠲᠠᠢ》 ᠭᠡᠵᠦ᠃ ᠬᠠᠷᠢᠨ ᠪᠢᠳᠡ ᠬᠦᠴᠦ ᠪᠡᠨ ᠨᠥᠭᠡᠴᠡᠯᠡᠵᠦ ᠪᠠᠶᠢᠵᠤ ᠳᠠᠶᠢᠨ ᠢ ᠳᠠᠭᠤᠰᠬᠠᠬᠤ ᠪᠣᠯᠤᠨ᠎ᠠ ᠭᠡᠵᠦ ᠬᠠᠷᠢᠭᠤᠯᠵᠤ ᠬᠤᠷᠠᠨᠳᠠ Mertz ᠍ ᠦᠨ ᠬᠡᠯᠡᠭᠰᠡᠨ ᠦᠭᠡ ᠶᠢ ᠡᠰᠡᠷᠭᠦᠴᠡᠵᠦ ᠬᠡᠯᠡᠭᠰᠡᠨ Kaiser- ᠭ ᠠᠯᠪᠠᠨ ᠲᠤᠰᠢᠶᠠᠯ ᠠᠴᠠ ᠨᠢ ᠳᠦᠲᠡᠭᠡᠯᠵᠡᠭᠦᠯᠪᠡ᠃ 8 ᠍ ᠳᠦᠭᠡᠷ ᠰᠠᠷ᠎ᠠ ᠶᠢᠨ 13 ᠍ ᠳᠦ Spa Hindenuburg, Ludendorff ᠳᠠᠬᠢ ᠲᠤᠯᠤᠭᠠᠨ ᠢ ᠺᠠᠨᠴᠠᠯᠧᠷ᠂ ᠭᠠᠳᠠᠭᠠᠳᠤ ᠬᠡᠷᠡᠭ ᠦᠨ ᠰᠠᠶᠢᠳ Hintz ᠨᠠᠷ 《ᠡᠨᠡ ᠳᠠᠶᠢᠨ ᠪᠣᠯ ᠴᠡᠷᠢᠭ ᠦᠨ ᠬᠢᠨ ᠦ ᠬᠤᠪᠢ ᠳᠤ ᠪᠣᠯ ᠳᠠᠭᠤᠰᠤᠭ᠎ᠠ ᠦᠭᠡᠢ ᠪᠥᠭᠡᠳ ᠭᠧᠷᠮᠠᠨ ᠤ ᠵᠠᠰᠠᠭ ᠤᠨ ᠭᠠᠵᠠᠷ ᠤᠨ ᠡᠷᠬᠡ ᠪᠠᠷᠢᠭᠴᠢᠳ ᠳᠠᠶᠢᠨ ᠤ ᠲᠠᠯᠠᠪᠤᠷ ᠳᠠᠬᠢ ᠡᠨᠡᠬᠦ ᠢᠯᠠᠯᠲᠠ ᠶᠢ ᠬᠦᠯᠢᠶᠡᠨ ᠵᠥᠪᠰᠢᠶᠡᠷᠡᠭᠰᠡᠨ ᠦ ᠬᠦᠮᠦᠨ ᠦᠨᠡᠮᠰᠢᠮᠡᠷ ᠦᠭᠡᠢ ᠵᠦᠢᠯ ᠪᠣᠯᠤᠯ᠎ᠠ》 ᠭᠡᠵᠦ ᠮᠡᠳᠡᠭᠳᠡᠭᠰᠡᠨ ᠪᠠᠶᠢᠨ᠎ᠠ᠃ ᠠᠦᠢᠰᠲᠷᠢ᠂ ᠬᠠᠩᠭᠠᠷᠢ ᠤᠯᠤᠰ ᠤᠳ ᠡᠨᠡ ᠳᠠᠶᠢᠨ ᠢ ᠵᠥᠪᠬᠡᠨ 12 ᠰᠠᠷ᠎ᠠ ᠬᠦᠷᠲᠡᠯ᠎ᠡ ᠲᠡᠰᠪᠦᠷᠢᠯᠡᠵᠦ ᠴᠢᠳᠠᠬᠤ ᠪᠠᠨ ᠰᠠᠨᠠᠭᠤᠯᠤᠭᠰᠠᠨ ᠪᠥᠭᠡᠳ Ludendorff ᠳᠡᠭᠡᠷ᠎ᠡ ᠨᠡᠩ ᠳᠠᠷᠢᠭᠤ ᠡᠩᠬᠡ ᠶᠢᠨ ᠬᠡᠯᠡᠯᠴᠡᠭᠡᠷ ᠬᠢᠬᠦ ᠶᠢ ᠬᠦᠰᠡᠭᠰᠡᠨ ᠪᠠᠶᠢᠨ᠎ᠠ᠃ ᠬᠤᠩᠲᠠᠶᠢᠵᠢ Rupprecht , ᠬᠤᠩᠲᠠᠶᠢᠵᠢ Max ᠍ ᠳᠦ 《ᠮᠠᠨ ᠤ ᠴᠡᠷᠭᠡᠶᠢᠬᠡᠨ ᠦ Baden ᠳᠠᠬᠢ ᠪᠠᠶᠢᠳᠠᠯ ᠬᠤᠷᠳᠤᠨ ᠳᠣᠷᠣᠶᠢᠳᠠᠵᠤ ᠪᠠᠶᠢᠨ᠎ᠠ᠃ ᠪᠢᠳᠡ ᠡᠪᠦᠯ ᠬᠦᠷᠲᠡᠯ᠎ᠡ ᠲᠡᠰᠴᠢ ᠴᠢᠳᠠᠨ᠎ᠠ ᠭᠡᠵᠦ ᠪᠣᠳᠣᠬᠤ ᠦᠭᠡᠢ ᠪᠠᠶᠢᠨ᠎ᠠ᠃ ᠠᠶᠤᠯ ᠪᠢᠳᠡᠨ ᠦ ᠪᠣᠳᠣᠵᠤ ᠪᠠᠶᠢᠭᠰᠠᠨ ᠠᠴᠠ ᠡᠷᠲᠡ ᠨᠢᠭᠤᠷᠯᠠᠬᠤ ᠪᠣᠯᠤᠯᠲᠠᠢ ᠪᠠᠶᠢᠨ᠎ᠠ》 ᠭᠡᠵᠦ ᠰᠠᠨᠠᠭᠤᠯᠤᠭᠰᠠᠨ ᠪᠠᠶᠢᠨ᠎ᠠ᠃ 9 ᠍ ᠳᠦᠭᠡᠷ ᠰᠠᠷ᠎ᠠ ᠶᠢᠨ 26 ᠨᠳ ᠡᠬᠢᠯᠡᠭᠰᠡᠨ Hindenburg–ᠨ ᠵᠤᠷᠪᠤᠰ ᠢ ᠨᠢᠭᠡᠳᠦᠭᠰᠡᠨ ᠲᠤᠯᠢᠶᠠᠯᠳᠤᠭᠠᠨ ᠳᠤ ᠠᠮᠧᠷᠢᠺᠠ ᠶᠢᠨ ᠨᠢᠭᠡᠳᠦᠭᠰᠡᠨ ᠤᠯᠤᠰ ᠦᠨ ᠴᠡᠷᠢᠭ ᠦᠳ ᠣᠷᠣᠯᠴᠠᠵᠤ ᠪᠠᠶᠢᠪᠠ᠃ ᠠᠮᠧᠷᠢᠺᠠ ᠴᠡᠷᠢᠭ ᠦᠳ ᠭᠠᠵᠠᠷ ᠨᠤᠲᠤᠭ᠂ ᠪᠠᠶᠢᠭᠠᠯᠢ ᠶᠢᠨ ᠬᠦᠨᠳᠦ ᠬᠡᠴᠡᠭᠦᠦ ᠶᠢ ᠳᠠᠪᠠᠨ ᠲᠤᠭᠤᠯᠬᠤ ᠳᠤ ᠪᠡᠷᠬᠡ ᠪᠠᠶᠢᠯ᠎ᠠ᠃ ᠳᠠᠷᠤᠭ᠎ᠠ ᠶᠢᠨ 7 ᠬᠣᠨᠣᠭ ᠲᠤ ᠨᠢ ᠹᠷᠠᠨᠼᠢ᠂ ᠠᠮᠧᠷᠢᠺᠠ ᠶᠢᠨ ᠴᠡᠷᠭᠡᠶᠢᠬᠡᠨ ᠬᠠᠮᠲᠤᠷᠠᠨ Blanc mont ridge ᠲᠤᠯᠤᠯᠳᠤᠭᠠᠨ ᠳᠤ Champage ᠍ ᠳᠦ ᠴᠥᠮ ᠴᠣᠬᠢᠵᠠᠢ᠃ Belgran ᠲᠣᠰᠬᠣᠨ Cheut ᠍ ᠤ ᠳᠠᠶᠢᠨ ᠤ ᠭᠠᠯ ᠢ ᠵᠣᠭᠰᠣᠬᠤ ᠠᠴᠠ ᠡᠮᠦᠨ᠎ᠡ ᠴᠢᠯᠦᠭᠡᠯᠡᠪᠡ᠃

ᠠᠮᠧᠷᠢᠺᠠ ᠶᠢᠨ ᠨᠢᠭᠡᠳᠦᠭᠰᠡᠨ ᠤᠯᠤᠰ ᠤᠨ 64 ᠍ ᠳᠦᠭᠡᠷ ᠬᠣᠷᠢᠶ᠎ᠠ 7 ᠍ ᠳᠦᠭᠡᠷ ᠠᠷᠮᠢ ᠶᠢᠨ ᠶᠠᠪᠠᠭᠠᠨ ᠴᠡᠷᠢᠭ ᠦᠨ ᠳ᠋ᠢᠸᠢᠽ

1918 ᠣᠨ ᠤ 11 ᠍ ᠳᠦᠭᠡᠷ ᠰᠠᠷ᠎ᠠ ᠶᠢᠨ 11 ᠨᠳ Armistice –ᠨ ᠮᠡᠳᠡᠭᠡ ᠶᠢ ᠲᠡᠮᠳᠡᠭᠯᠡᠪᠡ᠃ ᠭᠷᠧᠺ ᠤᠯᠤᠰ ᠲᠤ ᠲᠠᠯᠪᠢᠬᠤ ᠬᠢᠨᠠᠯᠲᠠ ᠪᠠᠨ ᠡᠪᠰᠡᠯ ᠦᠨ ᠬᠢᠨ ᠴᠢᠩᠭᠠᠳᠬᠠᠪᠠ᠃ Wdendorff ᠬᠡᠳᠦᠨ ᠰᠠᠷ᠎ᠠ ᠶᠢᠨ ᠲᠤᠷᠰᠢ ᠠᠰᠤᠷᠤ ᠶᠡᠬᠡ ᠳᠠᠷᠤᠮᠲᠠᠨ ᠳᠤ ᠪᠠᠶᠢᠭᠰᠠᠨ ᠪᠥᠭᠡᠳ ᠪᠠᠷᠤᠭ ᠯᠠ ᠪᠠᠭᠤᠵᠤ ᠥᠭᠬᠦ ᠳᠦ ᠪᠡᠯᠡᠨ ᠪᠣᠯᠤᠭᠠᠳ ᠪᠠᠶᠢᠪᠠ᠃ ᠡᠨᠡ ᠨᠢ ᠭᠧᠷᠮᠠᠨ ᠬᠠᠮᠠᠭᠠᠯᠠᠯᠲᠠ ᠪᠠᠨ ᠤᠳᠠᠭᠠᠨ ᠲᠣᠭᠲᠠᠭᠠᠵᠤ ᠪᠠᠷᠢᠵᠤ ᠴᠢᠳᠠᠬᠤ ᠪᠠᠨ ᠪᠣᠯᠢᠭᠰᠠᠨ ᠢ ᠬᠠᠷᠠᠭᠤᠯᠵᠤ ᠪᠠᠶᠢᠯ᠎ᠠ᠃ 10 ᠍ ᠳᠦᠭᠡᠷ ᠰᠠᠷ᠎ᠠ ᠶᠢᠨ 24 ᠨᠳ ᠢᠲᠠᠯᠢᠴᠢ ᠨᠤᠭᠤᠳ Caroretto ᠳ ᠪᠣᠯᠤᠭᠰᠠᠨ ᠲᠤᠯᠤᠯᠳᠤᠭᠠᠨ ᠠᠴᠠ ᠬᠣᠶᠢᠰᠢ ᠭᠠᠵᠠᠷ ᠨᠤᠲᠤᠭ ᠢᠶᠠᠨ ᠪᠤᠴᠠᠭᠠᠨ ᠠᠪᠬᠤ ᠰᠢᠢᠳᠪᠦᠷᠢᠯᠡᠬᠦ ᠴᠣᠬᠢᠯᠲᠠ ᠬᠢᠯ᠎ᠡ᠃ Vittorio Veneto – ᠨ ᠲᠤᠯᠤᠭᠠᠨ ᠳᠡᠭᠡᠳᠦ ᠴᠡᠭ ᠲᠦ ᠪᠡᠨ ᠬᠦᠷᠴᠦ ᠰᠠᠶᠢᠨ ᠲᠤᠯᠤᠯᠳᠤᠭᠰᠠᠨ ᠤ ᠡᠴᠦᠰ ᠲᠦ ᠠᠦᠢᠰᠲᠷᠶ᠎ᠠ-ᠬᠠᠩᠭᠠᠷᠢ ᠶᠢᠨ ᠠᠷᠮᠢ ᠪᠤᠲᠠ ᠴᠣᠬᠢᠵᠤ ᠲᠡᠭᠦᠰᠬᠡᠯ ᠪᠣᠯᠭᠠᠪᠠ᠃ 10 ᠍ ᠳᠦᠭᠡᠷ ᠰᠠᠷ᠎ᠠ ᠶᠢᠨ ᠰᠡᠭᠦᠯ ᠦᠨ 7 ᠬᠣᠨᠣᠭ ᠲᠤ Budapest, Prague, Zagrev ᠍ ᠤᠨ ᠲᠤᠰᠠᠭᠠᠷ ᠲᠣᠭᠲᠠᠨᠢᠯ ᠢᠶᠠᠨ ᠵᠠᠷᠯᠠᠭᠰᠠᠨ ᠡᠷᠬᠡ ᠮᠡᠳᠡᠯᠲᠡᠨ ᠨᠦᠭᠦᠳ ᠢᠲ᠋ᠠᠯᠢ ᠶᠢ ᠳᠠᠶᠢᠨ ᠠᠴᠠ ᠰᠢᠬᠠᠨ ᠭᠠᠷᠭᠠᠬᠤ ᠶᠢ 10 ᠍ ᠳᠦᠭᠡᠷ ᠰᠠᠷ᠎ᠠ ᠶᠢᠨ 29 ᠨᠳ ᠬᠦᠰᠡᠭᠰᠡᠨ ᠪᠣᠯᠪᠠᠴᠤ ᠢᠲ᠋ᠠᠯᠢ ᠤᠯᠠᠮ ᠳᠠᠪᠰᠢᠯᠲᠠ ᠪᠠᠨ ᠦᠷᠭᠦᠯᠵᠢᠯᠡᠭᠦᠯᠦᠨ Trento ,Udine, Triste ᠷᠤ ᠬᠦᠷᠭᠡᠭᠰᠡᠨ ᠪᠠᠶᠢᠨ᠎ᠠ᠃ 11 ᠍ ᠳᠦᠭᠡᠷ ᠰᠠᠷ᠎ᠠ ᠶᠢᠨ 3 ᠨᠳ ᠠᠦᠢᠰᠲᠷᠶ᠎ᠠ-ᠬᠠᠩᠭᠠᠷᠢ ᠢᠲ᠋ᠠᠯᠢ ᠳᠤ ᠲᠦᠷᠢ ᠡᠪᠯᠡᠷᠡᠬᠦ ᠨᠠᠶᠢᠷᠠᠮᠳᠠᠯ ᠤᠨ ᠲᠤᠭ ᠢᠯᠡᠭᠡᠭᠰᠡᠨ ᠪᠠᠶᠢᠨ᠎ᠠ᠃ ᠮᠥᠨ ᠡᠨᠡ ᠡᠳᠦᠷ Padua –ᠭᠡᠶᠢᠨ ᠣᠶᠢᠷ᠎ᠠ ᠬᠠᠪᠢ ᠳᠤ Villa-Giusti ᠍ ᠳᠦ ᠠᠦᠢᠰᠲᠷᠶ᠎ᠠ ᠲᠠᠢ ᠳᠠᠶᠢᠨ ᠤ ᠭᠠᠯ ᠢ ᠵᠣᠭᠰᠣᠬᠤ ᠭᠡᠷᠢᠶᠡᠨ ᠳᠦ ᠭᠠᠷ ᠤᠨ ᠦᠰᠦᠭ ᠵᠢᠷᠤᠭᠰᠠᠨ ᠪᠠᠶᠢᠨ᠎ᠠ᠃

ᠨᠢᠭᠡᠳᠦᠭᠡᠷ ᠳᠠᠶᠢᠨ ᠤ ᠳᠠᠷᠠᠭᠠᠬᠢ ᠧᠦ᠋ᠷᠣᠫᠠ ᠶᠢᠨ ᠭᠠᠵᠠᠷ ᠨᠤᠲᠤᠭ ᠤᠨ ᠥᠭᠡᠷᠡᠴᠢᠯᠡᠯᠲᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠢᠨ᠎ᠡ ᠦᠨᠳᠦᠰᠦᠨ ᠦ ᠲᠡᠮᠡᠴᠡᠯ ᠢᠶᠡᠷ ᠫᠣᠯᠢᠰᠢ ᠤᠯᠤᠰ ᠪᠡᠶ᠎ᠡ ᠪᠡᠨ ᠳᠠᠭᠠᠭᠰᠠᠨ ᠤᠯᠤᠰ ᠪᠣᠯᠵᠤ ᠭᠠᠷᠴᠤ ᠢᠷᠡᠭᠰᠡᠨ ᠨᠢ ᠡᠨᠡ ᠵᠠᠭᠤᠨ ᠠᠴᠠ ᠬᠣᠶᠢᠰᠢ ᠤᠯᠤᠰ ᠪᠦᠷᠢ ᠥᠪᠡᠷ ᠦᠨ ᠲᠥᠷᠥ ᠵᠠᠰᠠᠭ ᠲᠠᠢ ᠪᠣᠯᠬᠤ ᠡᠬᠢᠯᠡᠯ ᠪᠣᠯᠤᠭᠰᠠᠨ ᠶᠤᠮ᠃ ᠰᠧᠷᠪᠢ ᠶᠢᠨ ᠬᠠᠭᠠᠨᠲᠤ ᠤᠯᠤᠰ ᠮᠠᠰᠢ ᠣᠯᠠᠨ ᠤᠯᠤᠰ ᠤᠨ ᠭᠣᠣᠯ ᠴᠥᠮ᠎ᠡ ᠪᠣᠯᠵᠤ ᠪᠠᠶᠢᠯ᠎ᠠ᠃ ᠰᠧᠷᠪᠢ ᠶᠢᠨ ᠬᠠᠭᠠᠨᠲᠤ ᠤᠯᠤᠰ ᠨᠢ ᠰᠯᠣᠸᠧᠨᠢ ᠭᠡᠵᠦ ᠪᠠᠶᠢᠭᠠᠳ ᠶᠣᠭᠣᠰᠯᠠᠪ ᠭᠡᠬᠦ ᠪᠣᠯᠤᠭᠰᠠᠨ᠃ ᠴᠧᠬᠰᠯᠣᠸᠠᠺ ᠪᠣᠯᠬᠠᠷ᠎ᠠ ᠬᠠᠩᠭᠠᠷᠢ ᠶᠢᠨ ᠬᠠᠭᠠᠨᠲᠤ ᠤᠯᠤᠰ ᠤᠨ ᠨᠢᠭᠡ ᠬᠡᠰᠡᠭ ᠪᠠᠶᠢᠭᠰᠠᠨ᠃ ᠣᠷᠣᠰ ᠤᠯᠤᠰ ᠠᠴᠠ ᠹᠢᠨᠯᠠᠨᠲ ᠯᠢᠲ᠋ᠤᠠᠨᠢᠶ ᠠ ᠯᠠᠲ᠋ᠸᠪᠢᠶ ᠠ ᠡᠰᠲ᠋ᠣᠨᠢ ᠨᠠᠷᠠ ᠨᠢ ᠪᠡᠶ᠎ᠡ ᠪᠡᠨ ᠳᠠᠩ ᠲᠤᠰᠠᠭᠠᠷ ᠲᠣᠭᠲᠠᠨᠢᠭᠰᠠᠨ ᠤᠯᠤᠰ ᠪᠣᠯᠤᠨ ᠭᠠᠷᠴᠤ ᠢᠷᠡᠭᠰᠡᠨ᠃ ᠣᠲ ᠲᠮᠠᠨ ᠤ ᠬᠠᠭᠠᠨᠲᠤ ᠤᠯᠤᠰ ᠨᠢ ᠲᠦᠷᠺ ᠪᠣᠯᠤᠨ ᠬᠤᠪᠢᠷᠠᠭᠰᠠᠨ᠃ ᠪᠷᠢᠲ᠋ᠠᠨ(ᠠᠩᠭᠯᠢ) ᠭᠦᠷᠦᠨ ᠦ ᠦᠶ᠎ᠡ ᠳᠦ ᠳᠠᠶᠢᠨ ᠨᠢ ᠦᠨᠳᠦᠰᠦᠷᠬᠡᠭ ᠦᠵᠡᠯ ᠢ ᠦᠭᠡᠶᠢᠰᠬᠡᠵᠦ ᠪᠠᠶᠢᠯ᠎ᠠ᠃ ᠠᠦᠢᠰᠲ᠋ᠷᠯᠢᠶ᠎ᠠ ᠰᠢᠨ᠎ᠡ ᠽᠧᠯᠠᠨ ᠳᠤ ᠭᠠᠯ ᠳᠤ ᠦᠨᠳᠦᠰᠦᠲᠡᠨ ᠪᠣᠯᠵᠤ ᠳᠡᠯᠡᠬᠡᠢ ᠳᠠᠬᠢᠨ ᠳᠤ ᠲᠠᠨᠢᠭᠳᠠᠭᠰᠠᠨ᠃ ᠡᠨᠡ ᠪᠣᠯ ᠠᠩᠬᠠᠨ ᠤ ᠰᠢᠨ᠎ᠡ ᠪᠡᠷ ᠡᠭᠦᠰᠦᠭᠰᠡᠨ ᠤᠯᠤᠰ ᠣᠷᠣᠨ ᠶᠤᠮ᠃ ᠠᠦᠢᠰᠲ᠋ᠷᠯᠢᠶ᠎ᠠ ᠪᠣᠯ ᠴᠠᠭ ᠲᠤ ᠪᠠᠨ ᠪᠷᠢᠲ᠋ᠠᠨ ᠤ ᠨᠡᠷ᠎ᠡ ᠳᠣᠣᠷ᠎ᠠ ᠪᠠᠶᠢᠯᠳᠤᠵᠤ ᠪᠠᠶᠢᠭᠠᠳ ᠠᠦᠢᠰᠲ᠋ᠷᠯᠢᠶ᠎ᠠ ᠨᠡᠷᠡᠨ ᠳᠣᠣᠷ᠎ᠠ ᠪᠠᠶᠢᠯᠳᠤᠵᠤ ᠡᠬᠢᠯᠡᠭᠰᠡᠨ ᠶᠤᠮ᠃ ᠲᠡᠶᠢᠮᠦ ᠡᠴᠡ ᠨᠢᠭᠡ ᠪᠣᠳᠣᠯ ᠤᠨ ᠲᠦᠷᠢᠮᠡᠭᠡᠶᠢᠴᠢᠯᠡᠭᠰᠡᠨ ᠡᠨᠡ ᠳᠠᠶᠢᠨ ᠤ ᠳᠠᠷᠠᠭ᠎ᠠ ᠺᠠᠨᠳᠠᠴᠤᠳ ᠳᠠᠩ ᠢᠶᠠᠷ ᠢᠶᠠᠨ ᠤᠯᠤᠰ ᠪᠣᠯᠤᠨ ᠪᠠᠶᠢᠯᠳᠤᠵᠤ ᠡᠬᠢᠯᠡᠭᠰᠡᠨ᠃ ᠺᠠᠨᠠᠳᠠ ᠨᠢ ᠨᠢᠭᠡᠳᠦᠭᠡᠷ ᠳᠠᠶᠢᠨ ᠳᠤ ᠥᠪᠡᠷᠰᠡᠳ ᠢ ᠪᠡᠨ ᠭᠣᠣᠯ ᠦᠨᠳᠦᠰᠦᠲᠡᠨ ᠡᠴᠡ ᠡᠭᠦᠰᠦᠯ ᠲᠡᠢ ᠭᠡᠵᠦ ᠦᠵᠡᠳᠡᠭ ᠪᠠᠶᠢᠭᠰᠠᠨ ᠪᠠᠶᠢᠨ᠎ᠠ᠃ ᠲᠡᠳᠡ ᠮᠥᠨ ᠡᠬᠡ ᠣᠷᠣᠨ ᠤ ᠪᠠᠨ ᠪᠠᠶᠢᠭᠠᠯᠢ ᠶᠢᠨ ᠲᠠᠯᠠᠪᠠᠢ ᠳᠡᠭᠡᠷ᠎ᠡ ᠠᠮᠵᠢᠯᠲᠠ ᠣᠯᠤᠭᠰᠠᠨ ᠶᠤᠮ᠃ ᠲᠡᠶᠢᠮᠦ ᠡᠴᠡ ᠤᠭ ᠳᠠᠶᠢᠨ ᠤ ᠳᠠᠷᠠᠭ᠎ᠠ ᠪᠡᠶ᠎ᠡ ᠪᠡᠨ ᠳᠠᠭᠠᠭᠰᠠᠨ ᠬᠥᠭᠵᠢᠯᠲᠡᠢ ᠬᠦᠴᠦᠷᠬᠡᠭ ᠤᠯᠤᠰ ᠪᠣᠯᠤᠨ ᠬᠥᠭᠵᠢᠭᠰᠡᠨ ᠪᠠᠶᠢᠳᠠᠭ᠃

ᠡᠳ᠋ ᠍ ᠦᠨ ᠵᠠᠰᠠᠭ ᠤᠨ ᠨᠥᠯᠥᠭᠡᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠳᠠᠶᠢᠨ ᠤ ᠪᠠᠰᠠ ᠨᠢᠭᠡᠨ ᠨᠥᠯᠥᠭᠡᠯᠡᠯ ᠨᠢ ᠡᠳ᠋ ᠍ ᠦᠨ ᠵᠠᠰᠠᠭ ᠤᠨ ᠬᠦᠴᠦᠨ ᠦ ᠥᠷᠭᠡᠵᠢᠯᠲᠡ ᠶᠤᠮ᠃ ᠪᠷᠢᠲ᠋ᠠᠨ(ᠠᠩᠭᠯᠢ) ᠹᠷᠠᠨᠼᠢ ᠠᠮᠧᠷᠢᠺᠠ ᠶᠢᠨ ᠨᠢᠭᠡᠳᠦᠭᠰᠡᠨ ᠤᠯᠤᠰ ᠵᠡᠷᠭᠡ ᠥᠨᠥ ᠶᠢᠨ ᠬᠦᠴᠦᠷᠬᠡᠭ ᠭᠦᠷᠦᠨ ᠨᠦᠭᠦᠳ ᠲᠦ ᠶᠡᠬᠡᠬᠡᠨ ᠨᠥᠯᠦᠭᠡᠯᠡᠵᠦ ᠲᠦᠯᠬᠢᠴᠡ ᠪᠣᠯᠵᠤ ᠥᠭᠭᠦᠭᠰᠡᠨ᠃ ᠨᠡᠶᠢᠭᠡᠮ ᠤᠨ ᠬᠣᠣᠷ ᠤᠷᠰᠢᠭ ᠤᠨ ᠬᠦᠴᠦ ᠶᠢ ᠪᠠᠭᠠᠰᠬᠠᠬᠤ ᠶᠢᠨ ᠲᠤᠯᠠᠳᠠ ᠰᠢᠨ᠎ᠡ ᠵᠠᠰᠠᠭ ᠢ ᠪᠠᠶᠢᠭᠤᠯᠵᠤ ᠡᠬᠢᠯᠡᠭᠰᠡᠨ᠃ ᠮᠥᠨ ᠲᠠᠲᠠᠪᠤᠷᠢ ᠬᠠᠤᠯᠢ ᠡᠷᠬᠡ ᠵᠦᠢ ᠶᠢᠨ ᠣᠷᠴᠢᠨ ᠬᠥᠭᠵᠢᠵᠦ ᠡᠬᠢᠯᠡᠭᠰᠡᠨ᠃ ᠪᠦᠬᠦ ᠤᠯᠤᠰ ᠦᠨᠳᠦᠰᠦᠲᠡᠨ ᠡᠳ᠋ ᠍ ᠦᠨ ᠵᠠᠰᠠᠭ ᠤᠨ ᠨᠡᠶᠢᠲᠡ ᠪᠦᠲᠦᠭᠡᠭᠳᠡᠬᠦᠨ ᠦ ᠠᠰᠢᠭ ᠣᠷᠣᠯᠭ᠎ᠠ ᠪᠠᠨ ᠥᠰᠬᠡᠵᠦ ᠡᠬᠢᠯᠡᠭᠰᠡᠨ᠃ ᠡᠨᠡ ᠨᠢ ᠭᠧᠷᠮᠠᠨ ᠹᠷᠠᠨᠼᠢ ᠭᠡᠬᠦ ᠵᠡᠷᠭᠡ ᠣᠷᠣᠨ ᠨᠤᠭᠤᠳ ᠲᠤ 50% ᠍ ᠳᠦᠭᠡᠷ ᠪᠠᠭᠠᠰᠤᠭᠰᠠᠨ ᠦᠵᠡᠭᠦᠯᠦᠯᠲᠡ ᠪᠠᠶᠢᠳᠠᠭ᠃ ᠠᠮᠧᠷᠢᠺᠠ ᠶᠢᠨ ᠨᠢᠭᠡᠳᠦᠭᠰᠡᠨ ᠤᠯᠤᠰ ᠰ ᠬᠤᠳᠠᠯᠳᠤᠨ ᠠᠪᠤᠯᠲᠠ ᠬᠢᠵᠦ ᠳᠡᠳ᠋ ᠪᠦᠲᠦᠴᠡ ᠲᠡᠮᠦᠷ ᠵᠠᠮ ᠵᠡᠷᠭᠡ ᠨᠢ ᠮᠠᠰᠢ ᠡᠷᠴᠢᠮᠲᠡᠢ ᠬᠥᠭᠵᠢᠵᠦ ᠡᠬᠢᠯᠡᠭᠰᠡᠨ᠃ 1916 ᠣᠨ ᠳᠤ ᠶᠡᠷᠦᠩᠬᠡᠶᠢᠯᠡᠭᠴᠢ ᠪᠠᠶᠢᠭᠰᠠᠨ ᠸᠢᠯᠢᠭᠰᠠᠨ ᠵᠡᠭᠡᠯᠢ ᠶᠢᠨ ᠬᠦᠦ ᠶᠢ ᠰᠢᠭᠤᠳ ᠬᠠᠰᠤᠭᠰᠠᠨ᠃ ᠠᠮᠧᠷᠢᠺᠠ ᠶᠢᠨ ᠨᠢᠭᠡᠳᠦᠭᠰᠡᠨ ᠤᠯᠤᠰ ᠤᠯᠤᠰ ᠤᠨ ᠵᠠᠰᠠᠭ ᠤᠨ ᠭᠠᠵᠠᠷ ᠵᠡᠭᠡᠯᠢ ᠶᠢ ᠶᠡᠬᠡ ᠬᠡᠮᠵᠢᠶ᠎ᠡ ᠪᠡᠷ ᠣᠯᠭᠤᠵᠤ ᠡᠬᠢᠯᠡᠭᠰᠡᠨ᠃ ᠬᠠᠷᠢᠨ 1919 ᠣᠨ ᠠᠴᠠ ᠡᠬᠢᠯᠡᠨ ᠠᠮᠧᠷᠢᠺᠠ ᠶᠢᠨ ᠨᠢᠭᠡᠳᠦᠭᠰᠡᠨ ᠤᠯᠤᠰ ᠵᠢᠭᠡᠯᠡᠯᠭᠡ ᠪᠤᠴᠠᠭᠠᠨ ᠲᠥᠯᠥᠬᠦ ᠶᠢ ᠭᠧᠷᠮᠠᠨ ᠹᠷᠠᠨᠼᠢ ᠲᠡᠷᠢᠭᠦᠲᠦ ᠪᠡᠨ ᠣᠷᠣᠨ ᠨᠤᠭᠤᠳ ᠠᠴᠠ ᠱᠠᠭᠠᠷᠳᠠᠵᠤ ᠡᠬᠢᠯᠡᠭᠰᠡᠨ ᠪᠠᠶᠢᠨ᠎ᠠ᠃ 1931 ᠣᠨ ᠬᠦᠷᠲᠡᠯ᠎ᠡ ᠲᠤᠬᠠᠢ ᠶᠢᠨ ᠵᠡᠭᠡᠯᠢ ᠲᠥᠯᠦᠭᠳᠡᠭᠡ ᠦᠭᠡᠢ ᠬᠡᠪ ᠢᠶᠡᠷ ᠪᠠᠶᠢᠭᠰᠠᠨ᠃ 1934 ᠣᠨ ᠳᠤ ᠪᠷᠢᠲ᠋ᠠᠨᠢᠴᠤᠳ ᠳᠠᠶᠢᠨ ᠤ ᠥᠷᠢ ᠬᠡᠮᠡᠨ 4.4 ᠲᠡᠷᠪᠤᠮ ᠳ᠋ᠣᠯᠯᠠᠷ ᠪᠠᠷᠢᠴᠠᠭᠠᠯᠠᠨ ᠮᠠᠺᠷᠣ ᠪᠣᠯᠤᠨ ᠮᠢᠺᠷᠣ᠋ ᠡᠳ᠋ ᠍ ᠦᠨ ᠵᠠᠰᠠᠭ ᠮᠠᠰᠢ ᠶᠡᠬᠡ ᠪᠡᠷ ᠬᠥᠭᠵᠢᠭᠰᠡᠨ᠃ ᠡᠮᠡᠭᠲᠡᠶᠢᠴᠦᠳ ᠮᠠᠰᠢ ᠶᠡᠬᠡ ᠪᠡᠷ ᠠᠵᠢᠯ ᠬᠥᠳᠡᠯᠮᠦᠷᠢ ᠬᠢᠬᠦ ᠪᠣᠯᠪᠠ᠃ ᠡᠨᠡ ᠦᠶ᠎ᠡ ᠳᠦ ᠠᠵᠤ ᠦᠢᠯᠡᠳᠪᠦᠷᠢ ᠨᠦᠭᠦᠳ ᠡᠷᠴᠢᠮᠲᠡᠢ ᠬᠥᠭᠵᠢᠵᠦ ᠡᠬᠢᠯᠡᠭᠰᠡᠨ᠃ ᠡᠬᠢᠨ ᠦᠶᠡᠳᠡᠭᠡ ᠡᠮᠡᠭᠲᠡᠶᠢᠴᠦᠳ ᠢ ᠳᠡᠮᠵᠢᠵᠦ ᠪᠠᠶᠢᠭᠰᠠᠨ ᠬᠡᠳᠦᠢ ᠴᠤ ᠤᠳᠠᠯ ᠦᠭᠡᠢ ᠡᠰᠡᠷᠭᠦᠴᠡᠵᠦ ᠡᠬᠢᠯᠡᠭᠰᠡᠨ᠃ 1918 ᠣᠨ ᠳᠤ ᠪᠷᠢᠲ᠋ᠠᠨ(ᠠᠩᠭᠯᠢ) ᠤᠯᠤᠰ ᠮᠢᠬ᠎ᠠ ᠡᠯᠡᠰᠦᠨ ᠰᠢᠬᠢᠷ ᠥᠭᠡᠬᠦ ᠴᠥᠴᠥᠭᠡᠢ ᠶᠢᠨ ᠲᠣᠰᠣ ᠪᠠᠷ ᠬᠢᠵᠠᠭᠠᠷᠯᠠᠭᠳᠠᠮᠠᠯ ᠪᠠᠶᠢᠭᠰᠠᠨ᠃ ᠰᠢᠨ᠎ᠡ ᠰᠢᠰᠲ᠋ᠧᠮ ᠠᠮᠵᠢᠯᠲᠠᠲᠠᠢ ᠬᠡᠷᠡᠭᠵᠢᠵᠦ ᠡᠬᠢᠯᠡᠭᠰᠡᠨ᠃ 1914-1918 ᠣᠨ ᠬᠦᠷᠲᠡᠯ᠎ᠡ ᠬᠤᠳᠠᠯᠳᠤᠭᠠᠨ ᠤ ᠭᠡᠰᠢᠭᠦᠨᠴᠢᠯᠡᠯ ᠳᠠᠪᠬᠤᠷᠳᠠᠭᠰᠠᠨ ᠪᠠᠶᠢᠭᠰᠠᠨ᠃ ᠨᠡᠶᠢᠭᠡᠮ ᠤᠨ ᠪᠣᠳᠣᠯᠭ᠎ᠠ ᠮᠠᠰᠢ ᠣᠯᠠᠨ ᠤᠯᠤᠰ ᠣᠷᠣᠨ ᠨᠤᠭᠤᠳ ᠢ ᠨᠢᠭᠡᠳᠬᠡᠵᠦ ᠴᠢᠳᠠᠵᠤ ᠪᠠᠶᠢᠪᠠ᠃ ᠣᠯᠠᠨ ᠵᠢᠯ ᠦᠨ ᠳᠠᠷᠠᠭ᠎ᠠ ᠮᠠᠰᠢ ᠣᠯᠠᠨ ᠳᠠᠶᠢᠨ ᠳᠤ ᠠᠮᠢ ᠨᠠᠰᠤ ᠪᠠᠨ ᠠᠯᠠᠳᠠᠭᠰᠠᠨ ᠬᠦᠮᠦᠰ ᠦᠨ ᠴᠣᠭᠴᠠᠰ ᠢᠤᠯᠪᠠ᠃ ᠮᠥᠨ ᠡᠬᠢ ᠰᠤᠷᠪᠤᠯᠵᠢ ᠪᠠᠶᠢᠭ᠎ᠠ ᠬᠡᠳᠦᠢ ᠴᠤ ᠮᠠᠰᠢ ᠣᠯᠠᠨ ᠬᠦᠮᠦᠰ ᠦᠨ ᠴᠣᠭᠴᠠᠰ ᠣᠯᠳᠠᠭ᠎ᠠ ᠦᠭᠡᠢ᠃ ᠣᠯᠠᠨ ᠴᠡᠷᠢᠭ ᠦᠵᠡᠯ ᠪᠣᠳᠣᠯ ᠢᠶᠠᠨ ᠨᠢᠭᠡᠳᠬᠡᠵᠦ ᠣᠷᠴᠢᠨ ᠦᠶ᠎ᠡ ᠲᠡᠢ ᠬᠥᠯ ᠨᠡᠶᠢᠯᠡᠭᠦᠯᠬᠦ ᠪᠣᠯᠤᠭᠰᠠᠨ᠃ ᠡᠵᠡᠨᠲᠦ ᠭᠦᠷᠦᠨ ᠨᠦᠭᠦᠳ ᠮᠠᠰᠢ ᠣᠯᠠᠨ ᠲᠧᠭᠨᠢᠭ ᠲᠧᠭᠨᠣᠯᠣᠭᠢ ᠶᠢᠨ ᠳᠡᠪᠰᠢᠯ ᠬᠢᠵᠦ ᠬᠦᠴᠦᠷᠬᠡᠭ ᠪᠠᠶᠢᠳᠠᠯ ᠢ ᠬᠠᠷᠠᠭᠤᠯᠵᠤ ᠴᠢᠳᠠᠭᠰᠠᠨ᠃ ᠶᠡᠬᠡᠩᠬᠢ ᠬᠦᠮᠦᠰ ᠲᠦ ᠡᠨᠡ ᠨᠢ ᠣᠨᠴᠠᠭᠠᠢ ᠨᠥᠬᠥᠴᠡᠯ ᠢ ᠪᠤᠢ ᠪᠣᠯᠭᠠᠵᠤ ᠴᠢᠳᠠᠭ᠎ᠠ ᠦᠭᠡᠢ᠃ ᠭᠡᠪᠡᠴᠦ ᠡᠨᠡ ᠲᠠᠯ᠎ᠠ ᠪᠠᠷ ᠡᠶᠡᠷᠡᠭ ᠪᠣᠳᠣᠯ ᠲᠠᠢ ᠬᠦᠮᠦᠰ ᠣᠯᠠᠨ ᠪᠠᠶᠢᠭᠰᠠᠨ᠃ ᠡᠳᠡᠭᠡᠷ ᠣᠨᠣᠯ ᠢ ᠳᠡᠰᠢᠯᠡᠭᠦᠯᠦᠭᠰᠡᠨ ᠲᠡᠦᠬᠡᠴᠢᠳ ᠨᠢ ᠳᠣᠩ ᠲᠣᠳᠣ ᠮᠢ᠂ ᠲᠠᠯ ᠺᠢᠦᠵᠡᠷ᠂ ᠰᠠᠮᠤᠡᠯ ᠬᠢᠯᠬᠢᠨᠰ ᠨᠠᠷᠠ ᠶᠤᠮ᠃ ᠡᠳᠡᠭᠡᠷ ᠡᠷᠳᠡᠮᠲᠡᠳ ᠨᠢ 1990 ᠡᠨᠡ ᠣᠨᠣᠯ ᠢᠶᠠᠨ ᠠᠩᠬ᠎ᠠ ᠬᠡᠪᠯᠡᠯᠲᠡᠨ ᠳᠦ ᠭᠠᠷᠭᠠᠭᠰᠠᠨ᠃ ᠡᠳᠡᠭᠡᠷ ᠲᠡᠦᠬᠡᠴᠢᠳ ᠦᠨ ᠳᠡᠪᠰᠢᠭᠦᠯᠦᠭᠰᠡᠨ ᠪᠣᠳᠣᠯᠭ᠎ᠠ ᠨᠢ ᠳᠠᠶᠢᠨ ᠢ ᠡᠰᠡᠷᠭᠦᠴᠡᠭᠰᠡᠨ ᠪᠤᠷᠤᠭᠤᠳᠬᠠᠭᠰᠠᠨ ᠪᠠᠶᠢᠳᠠᠯ ᠢ ᠲᠣᠳᠣ ᠪᠠᠷ ᠬᠠᠷᠠᠭᠤᠯᠵᠤ ᠴᠢᠳᠠᠭᠰᠠᠨ ᠶᠤᠮ .ᠭᠧᠷᠮᠠᠨ ᠤ ᠨᠠᠼᠢᠰᠮ ᠪᠠ ᠹᠠᠱᠢᠰᠮ ᠬᠡᠲᠦ ᠦᠨᠳᠦᠰᠦᠬᠡᠭ ᠦᠵᠡᠯ ᠰᠠᠭᠤᠷᠢᠯᠠᠭᠰᠠᠨ ᠬᠦᠮᠦᠰ ᠦᠨ ᠪᠣᠳᠣᠯ ᠰᠡᠳᠬᠢᠯ ᠶᠤᠮ᠃ ᠳᠠᠶᠢᠨ ᠤ ᠥᠭᠡᠷᠡᠴᠢᠯᠡᠯᠲᠡ ᠶᠢᠨ ᠲᠠᠯ᠎ᠠ ᠪᠠᠷ ᠬᠢ ᠲᠠᠯᠠᠭᠠᠷᠬᠢ ᠲᠠᠲᠠᠭᠠᠯᠵᠠᠯ ᠨᠢ ᠭᠧᠷᠮᠠᠨ ᠤᠯᠤᠰ ᠢ ᠳᠠᠶᠢᠨ ᠳᠤ ᠢᠯᠠᠭᠰᠠᠨ ᠭᠡᠵᠦ ᠲᠤᠬᠠᠢ ᠶᠢᠨ ᠦᠶ᠎ᠡ ᠳᠦ ᠪᠠᠶᠢᠭᠰᠠᠨ ᠶᠤᠮ᠃ ᠡᠨᠡ ᠨᠢ ᠵᠦᠷᠢᠴᠡᠯᠳᠦᠬᠦ ᠬᠦᠮᠦᠰ ᠢ ᠬᠠᠷᠠᠭᠤᠯᠤᠭᠰᠠᠨ ᠲᠠᠲᠠᠭᠠᠯᠵᠠᠯ ᠶᠤᠮ᠃ ᠥᠭᠡᠷ᠎ᠡ ᠪᠡᠷ ᠬᠡᠯᠡᠪᠡᠯ ᠨᠠᠼᠢᠰᠮ ᠹᠠᠱᠢᠰᠮ ᠢ ᠳᠡᠮᠴᠢᠭᠴᠢ ᠤᠯᠤᠰ ᠭᠦᠷᠦᠨ ᠪᠠᠶᠢᠬᠤ ᠶᠣᠰᠣᠨ ᠤ ᠦᠵᠡᠭᠳᠡᠯ  ᠥᠭᠡᠷᠡᠴᠢᠯᠡᠯᠲᠡ ᠭᠡᠵᠦ ᠦᠵᠡᠳᠡᠭ ᠪᠣᠯ ᠦᠯᠦ ᠳᠡᠮᠵᠢᠭᠴᠢ ᠭᠦᠷᠦᠨ ᠨᠦᠭᠦᠳᠡᠤᠨ ᠡᠰᠡᠷᠭᠦᠴᠡᠯ ᠶᠤᠮ᠃ ᠭᠧᠷᠮᠠᠨ ᠤᠯᠤᠰ ᠳᠠᠶᠢᠨ ᠤ ᠬᠣᠬᠢᠷᠠᠭᠴᠢ ᠭᠡᠵᠦ ᠥᠪᠡᠷᠰᠡᠳ ᠢ ᠪᠡᠨ ᠦᠵᠡᠳᠡᠭ᠃ ᠹᠠᠱᠢᠰᠮ ᠤᠨ ᠡᠭᠦᠰᠦᠯ ᠳᠦ ᠭᠧᠷᠮᠠᠨ ᠤᠯᠤᠰ ᠭᠣᠣᠯᠯᠠᠬᠤ ᠡᠭᠦᠷᠭᠡ ᠭᠣᠯᠢ ᠭᠦᠢᠴᠡᠳᠭᠡᠭᠰᠡᠨ᠃ ᠬᠠᠷᠢᠨ 1915 ᠣᠨ ᠤ 5 ᠰᠠᠷ᠎ᠠ ᠳᠤ ᠡᠨᠡ ᠢᠲᠡᠭᠡᠯ ᠦᠨᠡᠮᠰᠢᠯ ᠦᠡᠯ ᠪᠠᠷᠢᠮᠲᠠᠯᠠᠯ ᠨᠢᠲᠡᠶᠢᠮ ᠴᠤ ᠶᠡᠬᠡ ᠣᠯᠠᠨ ᠳᠤ ᠨᠡᠶᠢᠲᠡ ᠳᠦᠭᠦᠷᠴᠢ ᠴᠢᠳᠠᠭ᠎ᠠ ᠦᠭᠡᠢ ᠶᠤᠮ᠃ ᠤᠴᠢᠷ ᠨᠢ ᠷᠤᠮᠠᠨᠢᠶ ᠠ ᠦᠶ᠎ᠡ ᠶᠢᠨ ᠶᠡᠷᠦᠩᠬᠡᠢ ᠶᠠᠪᠤᠴᠠ ᠢ ᠶᠡᠷᠦᠩᠬᠡᠢ ᠳᠤ ᠨᠢ ᠬᠠᠷᠠᠭᠤᠯᠤᠭᠰᠠᠨ ᠬᠠᠭᠤᠯᠪᠤᠷᠢᠯᠠᠭᠰᠠᠨ ᠪᠠᠶᠢᠭᠰᠠᠨ ᠪᠠᠶᠢᠨ᠎ᠠ᠃ ᠲᠡᠳᠡᠨ ᠦ ᠬᠤᠪᠢ ᠳᠤ ᠳᠠᠶᠢᠨ ᠲᠡᠳᠡᠨ ᠦ ᠪᠣᠳᠣᠵᠤ ᠪᠠᠶᠢᠭᠰᠠᠨ ᠠᠴᠠ ᠡᠭᠡᠳᠡᠷᠡᠭᠡᠲᠡᠢ ᠲᠥᠪᠡᠭᠲᠡᠢ ᠵᠦᠢᠯ ᠪᠠᠶᠢᠯ᠎ᠠ᠃ ᠣᠳᠣ ᠶᠢ ᠬᠦᠷᠲᠡᠯ᠎ᠡ ᠲᠡᠦᠬᠡᠴᠢᠳ 1 ᠍ ᠳᠦᠭᠡᠷ ᠳᠠᠶᠢᠨ ᠤ ᠲᠠᠯ᠎ᠠ ᠪᠠᠷ ᠮᠠᠷᠭᠤᠯᠳᠤᠳᠠᠭ᠃ ᠲᠡᠳᠡᠨ ᠦ ᠨᠥᠯᠦᠭᠡᠯᠡ ᠨᠡᠶᠢᠭᠡᠮ ᠭᠠᠵᠠᠷ ᠵᠦᠢ ᠶᠢᠨ ᠬᠤᠪᠢ ᠳᠤ ᠬᠢᠵᠠᠭᠠᠷᠯᠠᠭᠳᠠᠮᠠᠯ ᠶᠡᠬᠡᠩᠬᠢ ᠨᠢ ᠴᠡᠷᠢᠭ ᠦᠨ ᠬᠢᠦᠩ ᠳᠦ ᠪᠠᠶᠢᠳᠠᠯ ᠠᠴᠠ ᠭᠠᠳᠠᠨ᠎ᠠ ᠴᠥᠬᠥᠷᠡᠯ ,ᠪᠠᠶᠠᠷ ᠪᠠᠶᠠᠰᠤᠯ᠂ᠠᠯᠢ ᠠᠯᠢ ᠨᠢ ᠪᠠᠶᠢᠭᠰᠠᠨ ᠭᠡᠵᠦ ᠦᠵᠡᠨ ᠹᠠᠱᠢᠰᠮ ᠢ ᠳᠡᠮᠴᠢᠭᠴᠢ ᠳᠤ ᠨᠢᠭᠡᠨ ᠵᠣᠷᠢᠯᠭ᠎ᠠ ᠲᠠᠢ ᠪᠣᠯᠵᠤ ᠪᠠᠶᠢᠭᠰᠠᠨ ᠶᠤᠮ᠃ 1918 ᠭᠧᠷᠮᠠᠨ ᠤ ᠬᠦᠴᠦᠨ ᠳᠣᠣᠷ᠎ᠠ ᠠᠩᠭᠯᠢ ᠶᠢᠨ ᠴᠡᠷᠢᠭ ᠠᠷᠮᠢ ᠡᠭᠦᠷᠭᠡ ᠷᠣᠯᠢ ᠲᠠᠢ ᠪᠠᠶᠢᠭᠰᠠᠨ ᠨᠢ ᠮᠠᠷᠲᠠᠭᠳᠠᠭᠰᠠᠨ ᠢᠯᠠᠯᠲᠠ ᠪᠠᠶᠢᠯ᠎ᠠ᠃ 1920 ᠣᠨ ᠳᠤ ᠳᠠᠶᠢᠨ ᠤ ᠲᠠᠯ᠎ᠠ ᠪᠠᠷ ᠬᠢ ᠪᠣᠳᠣᠯ ᠨᠢ ᠶᠠᠮᠠᠷᠴᠤ ᠵᠣᠷᠢᠯᠭ᠎ᠠ ᠦᠭᠡᠢ ᠪᠠᠶᠢᠭᠰᠠᠨ᠃ ᠬᠠᠷᠢᠨ 1930 ᠣᠨ ᠳᠤ ᠪᠠᠶᠠᠨ ᠶᠠᠳᠠᠭᠤ ᠶᠢᠨ ᠥᠷᠢᠰᠦᠯᠳᠦᠭᠡᠨ ᠶᠡᠬᠡ ᠪᠠᠶᠢᠭᠰᠠᠨ᠃ ᠦᠨᠳᠦᠰᠦᠨ ᠦ ᠯᠢᠭ ᠹᠠᠱᠢᠰᠮ ᠨᠢ ᠮᠠᠰᠢ ᠶᠡᠬᠡ ᠬᠠᠯᠳᠠᠪᠤᠷᠢᠲᠠᠢ ᠪᠣᠯᠵᠤ ᠡᠬᠢᠯᠡᠭᠰᠡᠨ᠃ ᠶᠡᠬᠡᠪᠴᠢᠯᠡᠨ ᠬᠦᠴᠦ ᠪᠡᠨ ᠴᠡᠷᠢᠭ ᠠᠷᠠᠮ ᠳᠤ ᠪᠠᠨ ᠴᠠᠷᠤᠴᠠᠭᠤᠯᠵᠤ ᠪᠠᠶᠢᠭᠰᠠᠨ ᠶᠤᠮ᠃ ᠹᠠᠱᠢᠰᠮ ᠳᠤ ᠢᠲᠡᠭᠡᠭᠴᠢᠳ 4-8 ᠪᠠᠶᠢᠭᠰᠠᠨ ᠭᠡᠵᠦ ᠦᠵᠡᠳᠡᠭ᠃ ᠠᠵᠢᠯ ᠤᠨᠨ ᠵᠣᠭᠰᠣᠯᠲᠠ ᠪᠤᠶᠤ ᠲᠡᠮᠡᠴᠡᠯ ᠦᠳ 1918-1918 ᠣᠨ ᠤ ᠦᠨ᠎ᠡ ᠶᠢᠨ ᠲᠠᠯ᠎ᠠ ᠪᠠᠷ ᠬᠢ ᠲᠡᠮᠡᠴᠡᠯ᠂ᠡᠷᠦᠬᠡ ᠶᠢᠨ ᠬᠢᠨᠠᠯᠲᠠ ᠴᠠᠯᠢᠩ ᠤᠨ ᠲᠦᠪᠰᠢᠨ ,ᠢᠯᠡᠭᠦᠦ ᠴᠠᠭ ᠤᠨ᠂ᠠᠮᠠᠷᠠᠯᠲᠠ ᠶᠢᠨ ᠡᠳᠦᠷ ᠢᠶᠡᠷ ᠠᠵᠢᠯᠯᠠᠬᠤ ᠲᠠᠯ᠎ᠠ ᠪᠠᠷ ᠥᠷᠨᠢᠵᠦ ᠪᠠᠶᠢᠪᠠ᠃ ᠪᠷᠢᠲ᠋ᠠᠨᠴᠤᠤᠳ ᠺᠣᠯᠣᠨᠴᠢᠯᠴᠢ ᠪᠠᠶᠢᠭᠰᠠᠨ ᠣᠷᠣᠨ ᠨᠤᠭᠤᠳ ᠲᠠᠭᠠᠨ ᠳᠠᠶᠢᠨ ᠤ ᠲᠠᠯ᠎ᠠ ᠪᠠᠷ ᠬᠢ ᠮᠡᠳᠡᠭᠡ ᠮᠡᠳᠡᠭᠡᠯᠡᠯ ᠢᠶᠡᠷ ᠬᠠᠩᠭᠠᠬᠤ ᠳᠤ ᠬᠡᠴᠡᠭᠦᠦ ᠪᠠᠶᠢᠭᠰᠠᠨ᠃ ᠮᠥᠨ ᠭᠧᠣᠯᠣᠭᠴᠢᠳ ᠠᠯᠪᠧᠷᠲ ᠡᠷᠡᠨᠢᠰ ᠲᠦ ᠬᠢᠳᠠᠭᠰᠠᠨ ᠠᠹᠷᠠᠺ ᠤᠨ ᠪᠠᠶᠠᠯᠢᠭ ᠢ ᠣᠯᠵᠤ ᠢᠯᠡᠷᠡᠭᠦᠯᠦᠭᠰᠡᠨ ᠨᠢ ᠮᠠᠰᠢ ᠶᠡᠬᠡ ᠬᠡᠮᠵᠢᠶᠡᠨ ᠦ ᠠᠯᠲᠠᠨ ᠤ ᠣᠷᠳᠣ ᠨᠤᠭᠤᠳ ᠶᠤᠮ᠃ ᠨᠡᠶᠢᠲᠡ ᠠᠯᠲᠠᠨ ᠤ ᠡᠷᠭᠢᠯᠲᠡ ᠨᠢ 132 ᠲᠡᠷᠪᠤᠮ ᠪᠠᠶᠢᠭᠰᠠᠨ ᠨᠢ ᠭᠧᠷᠮᠠᠨ ᠤ ᠪᠠᠷ᠎ᠠ ᠡᠷᠭᠢᠯᠲᠡ ᠡᠴᠡ ᠬᠡᠳᠦ ᠳᠠᠬᠢᠨ ᠢᠯᠡᠭᠦᠦ ᠪᠠᠶᠢᠭᠰᠠᠨ ᠶᠤᠮ᠃ ᠭᠧᠷᠮᠠᠨ ᠤᠯᠤᠰ ᠳᠡᠯᠡᠬᠡᠢ ᠶᠢᠨ 2 ᠍ ᠳᠦᠭᠡᠷ ᠳᠠᠶᠢᠨ ᠳᠤ ᠢᠯᠠᠭᠳᠠᠵᠤ ᠳᠠᠶᠢᠨ ᠤ ᠥᠷᠢ ᠨᠡᠬᠡᠭᠳᠡᠬᠦ ᠳᠦ ᠬᠦᠷᠦᠭᠰᠡᠨ᠃ ᠡᠨᠡ ᠨᠢ ᠭᠧᠷᠮᠠᠨ ᠳᠤ ᠳᠠᠭᠠᠭᠠᠵᠤ ᠳᠠᠪᠠᠰᠢ ᠦᠭᠡᠢ ᠥᠷᠢ ᠪᠣᠯᠵᠤ ᠪᠠᠶᠢᠯ᠎ᠠ᠃ ᠡᠨᠡ ᠥᠷᠢ ᠶᠢ ᠪ᠃ᠢ᠃ᠸᠧᠢᠮᠤᠷ ᠤᠯᠤᠰ ᠤᠯᠭᠤᠬᠤ ᠶᠣᠰᠣᠲᠠᠢ ᠭᠡᠵᠦ ᠦᠵᠡᠭᠰᠡᠨ ᠶᠤᠮ᠃ ᠡᠨᠡ ᠥᠷᠢ ᠶᠢ 2010 ᠣᠨ ᠳᠤ ᠭᠧᠷᠮᠠᠨ ᠤᠯᠤᠰ ᠲᠥᠯᠦᠵᠦ ᠳᠠᠭᠤᠰᠤᠭᠰᠠᠨ ᠪᠠᠶᠢᠨ᠎ᠠ᠃

ᠪᠢᠴᠢᠭᠡᠰᠦ