ᠳᠡᠭᠡᠳᠦ ᠮᠣᠩᠭᠣᠯᠴᠤᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠤᠯᠤᠰ ᠤᠳ 17 ᠍ᠳ᠋ᠤᠭᠠᠷ ᠵᠠᠭᠤᠨ ᠳᠤ: ᠮᠣᠩᠭᠣᠯ ᠤᠯᠤᠰᠵᠦᠩᠭᠠᠷᠬᠣᠱᠤᠳ ᠤᠨ ᠬᠠᠭᠠᠨᠲᠤ ᠤᠯᠤᠰᠬᠣᠲᠣᠭᠣᠶᠢᠳ ᠍ ᠤᠨ ᠬᠠᠭᠠᠨᠲᠤ ᠤᠯᠤᠰ᠂ ᠬᠠᠯᠢᠮᠠᠭ ᠤᠨ ᠬᠠᠭᠠᠨᠲᠤ ᠤᠯᠤᠰ᠂ ᠮᠣᠭᠣᠯᠢᠰᠲᠠᠨ

ᠳᠡᠭᠡᠳᠦ ᠮᠣᠩᠭᠣᠯᠴᠤᠳ ᠨᠢ ᠳᠤᠮᠳᠠᠳᠤ ᠤᠯᠤᠰ ᠤᠨ ᠪᠠᠷᠠᠭᠤᠨ ᠬᠤᠶᠢᠲᠤ ᠶᠢᠨ ᠴᠢᠩᠬᠠᠢ ᠪᠤᠶᠤ ᠮᠣᠩᠭᠣᠯ ᠢᠶᠠᠷ ᠬᠥᠬᠡᠨᠠᠭᠤᠷ ᠮᠤᠵᠢ ᠳᠤ ᠲᠥᠪᠡᠳ᠂ ᠬᠢᠲᠠᠳ ᠪᠣᠯᠤᠨ ᠬᠠᠰᠠᠭ᠂ ᠬᠤᠢᠰᠠᠯᠠᠷ ᠯᠠᠯᠤ ᠶᠢᠨ ᠱᠠᠰᠢᠨᠲᠠᠨ ᠨᠤᠭᠤᠳ ᠤᠨ ᠳᠤᠮᠳᠠ ᠠᠵᠤ ᠲᠥᠷᠦᠳᠡᠭ ᠮᠣᠩᠭᠣᠯᠴᠤᠳ ᠶᠤᠮ᠃ ᠲᠡᠳᠡᠨ ᠦ ᠶᠡᠬᠡᠩᠬᠢ ᠨᠢ ᠬᠣᠱᠤᠳ ᠬᠦᠮᠦᠰ ᠪᠣᠯ ᠪᠤᠰᠤᠳ ᠨᠢ ᠬᠠᠯᠬ᠎ᠠ᠂ ᠴᠣᠷᠣᠰ᠂ ᠲᠣᠷᠭᠤᠳ ᠤᠳ ᠶᠤᠮ᠃

ᠬᠦᠬᠡᠨᠠᠭᠤᠷ ᠮᠤᠵᠢ ᠳᠤ ᠪᠠᠶᠠᠨ ᠬᠠᠷ ᠠ ᠠᠭᠤᠯᠠᠭᠣᠣᠯᠤᠮᠤᠳ ᠬᠣᠲᠠ (ᠣᠯᠠᠨ ᠲᠣᠭᠠᠨ ᠤ ᠭᠣᠣᠯ ᠮᠥᠷᠡᠨ ᠭᠡᠰᠡᠨ ᠤᠳᠬ᠎ᠠ ᠲᠠᠢ)᠂ ᠴᠠᠶᠢᠳᠠᠮ ᠭᠡᠬᠦ ᠮᠡᠲᠦ ᠮᠣᠩᠭᠣᠯ ᠨᠡᠷ᠎ᠡ ᠲᠡᠢ ᠭᠠᠵᠠᠷ ᠤᠰᠤᠨ ᠤ ᠨᠡᠷ᠎ᠡ ᠣᠯᠠᠨ ᠪᠤᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠱᠤᠳ ᠤᠨ ᠬᠠᠭᠠᠨᠲᠤ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠱᠤᠳ ᠤᠨ ᠬᠠᠭᠠᠨᠲᠤ ᠤᠯᠤᠰ ᠨᠢ (1642-1716)᠂ 1642ᠤᠨ ᠳᠤ ᠬᠣᠱᠤᠳ ᠤᠨ ᠭᠦᠰᠢ ᠬᠠᠭᠠᠨ ᠲᠥᠪᠡᠳ ᠦᠨ ᠥᠨᠳᠥᠷᠯᠢᠭ ᠲᠦ ᠪᠠᠶᠢᠭᠤᠯᠤᠭᠰᠠᠨ ᠤᠯᠤᠰ ᠶᠤᠮ᠃ ᠬᠣᠱᠤᠳ ᠤᠨ ᠤᠯᠤᠰ ᠪᠠᠶᠢᠭᠤᠯᠤᠭᠳᠠᠭᠰᠠᠨ ᠨᠢ ᠰᠢᠷ᠎ᠠ ᠶᠢᠨ ᠱᠠᠰᠢᠨ ᠲᠥᠪᠡᠳ ᠣᠷᠣᠨ ᠢ ᠡᠷᠬᠡᠰᠢᠶᠡᠬᠦ ᠡᠬᠢᠯᠡᠯ ᠪᠣᠯᠤᠭᠰᠠᠨ ᠶᠤᠮ᠃ ᠬᠣᠱᠤᠳ ᠤᠨ ᠬᠠᠭᠠᠨᠲᠤ ᠤᠯᠤᠰ ᠠᠴᠠ ᠡᠮᠦᠨ᠎ᠡ ᠾᠦᠩᠨᠦ ᠬᠦᠬᠡᠨᠠᠭᠤᠷ ᠮᠤᠵᠢ ᠶᠢᠨ ᠵᠡᠭᠦᠨ ᠬᠡᠰᠡᠭ ᠢ᠂ ᠳᠠᠷᠠᠭ᠎ᠠ ᠳᠤ ᠨᠢ ᠰᠢᠶᠠᠨᠪᠢ ᠍ ᠶᠢᠨ ᠤᠭᠰᠠᠭᠠᠨ ᠤ ᠲᠦᠩᠬᠤ ᠤᠯᠤᠰ ᠬᠥᠬᠡᠨᠠᠭᠤᠷ ᠢ ᠬᠡᠳᠦᠨ ᠵᠠᠭᠤᠨ ᠵᠢᠯ ᠵᠠᠬᠢᠷᠴᠤ ᠪᠠᠶᠢᠭᠰᠠᠨ ᠪᠥᠭᠡᠳ ᠲᠦᠩᠬᠤ ᠶᠢᠨ ᠬᠢᠯᠢ ᠵᠡᠭᠦᠨ ᠡᠴᠡ ᠪᠠᠷᠠᠭᠤᠨᠰᠢ 1500 km᠂ ᠬᠣᠶᠢᠨ᠎ᠠ ᠠᠴᠠ ᠤᠷᠤᠭᠰᠢ 1000 km ᠦᠷᠭᠦᠯᠵᠢᠯᠡᠵᠦ ᠪᠠᠶᠢᠴᠠᠢ᠃ ᠲᠦᠨᠬᠤ ᠤᠯᠤᠰ ᠤᠨ ᠰᠢᠨᠪᠢᠴᠤᠳ ᠶᠠᠪᠤᠭᠠᠨ ᠳᠠᠭᠠᠨ ᠮᠣᠩᠭᠣᠷ ᠭᠡᠵᠦ ᠨᠡᠷᠡᠯᠡᠭᠳᠡᠬᠦ ᠪᠣᠯᠤᠭᠰᠠᠨ ᠪᠥᠭᠡᠳ ᠶᠡᠬᠡ ᠮᠣᠩᠭᠣᠯ ᠤᠯᠤᠰ ᠮᠦᠬᠦᠭᠰᠡᠨ ᠤ ᠳᠠᠷᠠᠭ᠎ᠠ ᠨᠣᠶᠠᠳ ᠨᠢ ᠬᠢᠲᠠᠳ ᠤᠨ ᠮᠢᠩ ᠤᠯᠤᠰ ᠲᠤ ᠳᠠᠭᠠᠷ᠎ᠠ ᠣᠷᠣᠵᠠᠢ᠃ ᠬᠡᠰᠢᠭ ᠤᠨ ᠤᠶᠢᠭᠤᠷ ᠤᠳ 11 ᠳ᠋ᠤᠭᠠᠷ ᠵᠠᠭᠤᠨ ᠤ ᠳᠤᠮᠳᠠ ᠦᠶ᠎ᠡ ᠳᠦ ᠲᠠᠩᠭᠤᠳ ᠤᠨ ᠬᠠᠭᠠᠨᠲᠤ ᠤᠯᠤᠰ ᠤᠨ ᠵᠠᠬᠢᠷᠭᠠᠨ ᠳᠤ ᠣᠷᠣᠵᠤ ᠶᠠᠪᠤᠭᠠᠨ ᠳᠠᠭᠠᠨ ᠬᠥᠬᠡᠨᠠᠭᠤᠷ᠂ ᠭᠠᠨᠰᠤ ᠣᠷᠴᠢᠮ ᠤᠨ ᠪᠤᠰᠤᠳ ᠦᠨᠳᠦᠰᠦᠲᠡᠨ ᠲᠡᠢ ᠬᠣᠯᠢᠯᠳᠤᠨ ᠰᠢᠷ᠎ᠠ ᠶᠣᠭᠤᠷ ᠦᠨᠳᠦᠰᠦᠲᠡᠨ ᠢ ᠪᠦᠷᠢᠯᠳᠦᠭᠦᠯᠦᠭᠰᠡᠨ ᠪᠠᠶᠢᠨ᠎ᠠ᠃

1509 ᠤᠨ ᠳᠤ ᠡᠮᠦᠨᠡᠲᠦ ᠮᠣᠩᠭᠣᠯ ᠤᠨ ᠨᠢᠭᠡᠨ ᠨᠣᠶᠠᠨ ᠥᠪᠡᠷ ᠦᠨ ᠴᠡᠷᠢᠭ ᠢ ᠠᠪᠴᠤ ᠬᠥᠬᠡᠨᠠᠭᠤᠷ ᠲᠤ ᠳᠣᠪᠲᠣᠯᠤᠨ ᠣᠷᠣᠵᠤ ᠰᠠᠭᠤᠷᠢᠰᠢᠭᠰᠠᠨ ᠨᠢ ᠶᠡᠬᠡ ᠮᠣᠩᠭᠣᠯ ᠤᠯᠤᠰ ᠠᠴᠠ ᠬᠣᠶᠢᠰᠢ ᠮᠣᠩᠭᠣᠯᠴᠤᠳ ᠬᠥᠬᠡᠨᠠᠭᠤᠷ ᠣᠷᠴᠢᠮ ᠢ ᠵᠠᠬᠢᠷᠬᠤ ᠪᠣᠯᠤᠭᠰᠠᠨ ᠠᠩᠬᠠᠨ ᠤ ᠲᠣᠬᠢᠶᠠᠯᠳᠤᠯ ᠪᠣᠯᠵᠠᠢ᠃ 1566 ᠤᠨ ᠳᠤ ᠰᠡᠴᠡᠨ ᠭᠦᠩ᠂ 1573 ᠤᠨ ᠳᠤ ᠲᠦᠮᠡᠳ ᠦᠨ ᠠᠯᠲᠠᠨ ᠬᠠᠨ ᠤ ᠴᠡᠷᠢᠭ ᠦᠳ ᠨᠡᠮᠡᠭᠳᠡᠨ ᠢᠷᠡᠵᠦ ᠮᠣᠩᠭᠣᠯᠴᠤᠳ ᠤᠨ ᠨᠥᠯᠦᠭᠡ ᠬᠥᠬᠡᠨᠠᠭᠤᠷ ᠣᠷᠴᠢᠮ ᠤᠯᠠᠮ ᠪᠡᠬᠢᠵᠢᠭᠰᠡᠨ ᠪᠠᠶᠢᠨ᠎ᠠ᠃ 1633 ᠤᠨ ᠳᠤ ᠬᠣᠱᠤᠳ ᠤᠨ ᠭᠦᠦᠰᠢ ᠬᠠᠭᠠᠨ ᠤ ᠴᠡᠷᠢᠭ ᠲᠡᠨᠳᠡ ᠣᠴᠢᠭᠰᠠᠨ ᠶᠢᠡᠷ ᠬᠣᠱᠤᠳ ᠤᠨ ᠤᠯᠤᠰ ᠤᠨ ᠦᠨᠳᠦᠰᠦ ᠶᠢ ᠲᠠᠯᠪᠢᠵᠠᠢ᠃ ᠭᠦᠦᠰᠢ ᠬᠠᠨ 1642 ᠤᠨ ᠳᠤ ᠲᠥᠪᠡᠳ ᠦᠨ ᠲᠥᠪ ᠬᠡᠰᠡᠭ ᠢ ᠡᠵᠡᠯᠡᠰᠦᠨ ᠢᠶᠡᠷ ᠬᠣᠱᠤᠳ ᠤᠨ ᠨᠥᠯᠦᠭᠡ ᠲᠥᠪᠡᠳ ᠲᠦ ᠪᠥᠷᠢᠨ ᠲᠣᠭᠲᠠᠭᠰᠠᠨ ᠪᠠᠶᠢᠨ᠎ᠠ᠃

1637 ᠤᠨ ᠳᠤ ᠬᠠᠯᠬ᠎ᠠ ᠍ ᠤᠨ ᠴᠣᠭᠲᠤ ᠲᠠᠶᠢᠵᠢ ᠬᠥᠬᠡᠨᠠᠭᠤᠷ ᠲᠤ ᠬᠢᠨᠠᠯᠲᠠ ᠪᠠᠨ ᠲᠣᠭᠲᠠᠭᠠᠭᠠᠳ ᠲᠥᠪᠡᠳ ᠤᠷᠤᠭᠤ ᠳᠣᠪᠲᠣᠯᠬᠤ ᠦᠶ᠎ᠡ ᠳᠦ ᠰᠢᠷ᠎ᠠ ᠶᠢᠨ ᠱᠠᠰᠢᠨ ᠤ ᠲᠣᠯᠣᠭᠠᠶᠢᠯᠠᠭᠴᠢ ᠳᠦᠷᠪᠡᠲᠦᠭᠡᠷ ᠲᠦᠷᠦ ᠶᠢᠨ ᠪᠠᠨᠴᠢᠨ ᠪᠤᠭᠳᠠ ᠪᠣᠯᠤᠨ ᠲᠠᠪᠤᠳᠤᠭᠠᠷ ᠲᠦᠷᠦ ᠶᠢᠨ ᠳᠠᠯᠠᠢ ᠯᠠᠮᠠᠬᠣᠱᠤᠳ ᠍ ᠤᠨ ᠤᠳᠤᠷᠢᠳᠤᠭᠴᠢ ᠲᠥᠷᠦᠪᠠᠶᠢᠬᠤ ᠶᠢ ᠲᠥᠪᠡᠳ ᠲᠦ ᠮᠣᠷᠢᠯᠠᠬᠤ ᠶᠢ ᠤᠷᠢᠭᠰᠠᠨ ᠶᠤᠮ᠃ ᠤᠯᠠᠮ ᠢᠶᠠᠷ ᠲᠤᠰ ᠤᠨ ᠳᠤ ᠤᠶᠢᠷᠠᠳ ᠍ ᠤᠨ ᠴᠡᠷᠢᠭ ᠢᠷᠡᠵᠦ ᠴᠣᠭᠲᠤ ᠲᠠᠶᠢᠵᠢ ᠶᠢᠨ ᠴᠡᠷᠢᠭ ᠢ ᠪᠤᠲᠠ ᠴᠣᠬᠢᠨ ᠤᠰᠠᠳᠬᠠᠭᠰᠠᠨ ᠢᠶᠠᠷ ᠲᠥᠪᠡᠳ ᠲᠦ ᠬᠢᠨᠠᠯᠲᠠ ᠪᠠᠨ ᠲᠣᠭᠲᠠᠭᠠᠬᠤ ᠡᠬᠢᠯᠡᠯ ᠢ ᠲᠠᠯᠪᠢᠭᠰᠠᠨ ᠶᠤᠮ᠃ 1641 ᠤᠨ ᠳᠤ ᠲᠥᠷᠦᠪᠠᠶᠢᠬᠤ ᠲᠦᠪᠡᠳ ᠦᠨ ᠵᠠᠮᠪᠠ ᠬᠠᠭᠠᠨ ᠢ ᠲᠣᠪᠲᠣᠯᠵᠤ᠂ 1642ᠤᠨ ᠳᠤ ᠵᠠᠮᠪᠠ ᠬᠠᠭᠠᠨ ᠢᠯᠠᠭᠳᠠᠵᠤ ᠠᠯᠠᠭᠳᠠᠭᠰᠠᠨ ᠶᠤᠮ᠃ ᠡᠭᠦᠨ ᠦ ᠳᠠᠷᠠᠭ᠎ᠠ ᠪᠠᠷ ᠲᠥᠷᠦᠪᠠᠶᠢᠬᠤ ᠪᠦᠬᠦ ᠲᠦᠪᠡᠳ ᠢ ᠡᠵᠡᠯᠡᠵᠦ᠂ ᠤᠤᠭᠠᠨ ᠬᠦᠦ ᠳᠠᠶᠠᠩᠬᠠᠨ ᠢᠶᠠᠷ ᡀᠠᠰᠠ ᠣᠷᠴᠢᠮ ᠢ ᠵᠠᠬᠢᠷᠤᠭᠤᠯᠵᠠᠢ᠃ ᠡᠶᠢᠨᠬᠦᠦ ᠲᠡᠷᠡ ᠪᠡᠷ ᠲᠥᠪᠡᠳ ᠦᠨ ᠬᠠᠭᠠᠨ ᠪᠣᠯᠤᠭᠰᠠᠨ ᠪᠠ ᠰᠢᠷ᠎ᠠ ᠶᠢᠨ ᠱᠠᠰᠢᠨ ᠢ ᠮᠠᠨᠳᠤᠭᠤᠯᠤᠭᠴᠢ ᠰᠠᠬᠢᠭᠤᠰᠤ ᠬᠡᠮᠡᠨ ᠠᠯᠳᠠᠷᠰᠢᠵᠠᠢ᠃ ᠲᠡᠷᠡᠪᠡᠷ ᠨᠠᠶᠢᠮᠠᠨ ᠬᠦᠦ ᠲᠡᠢ ᠪᠠᠶᠢᠭᠰᠠᠨ ᠪᠠ ᠨᠠᠶᠢᠮᠠᠨ ᠬᠦᠦ ᠨᠢ ᠪᠦᠭᠦᠳᠡ ᠬᠥᠬᠡᠨᠠᠭᠤᠷ ᠲᠤ ᠦᠯᠡᠳᠡᠵᠦ ᠬᠠᠭᠠᠨᠲᠤ ᠤᠯᠤᠰ ᠢᠶᠠᠨ ᠬᠠᠮᠠᠭᠠᠯᠠᠬᠤ ᠬᠦᠨᠳᠦ ᠡᠭᠦᠷᠭᠡ ᠬᠦᠯᠢᠶᠡᠭᠰᠡᠨ ᠤᠴᠢᠷ ᠠᠴᠠ ᠲᠡᠦᠬᠡᠨ ᠳᠦ ᠨᠠᠶᠢᠮᠠᠨ ᠲᠠᠶᠢᠰᠢ ᠬᠡᠮᠡᠬᠦ ᠨᠡᠷ᠎ᠡ ᠪᠡᠷ ᠦᠯᠡᠳᠡᠵᠡᠢ᠃ 1716ᠤᠨ ᠳᠤ ᠵᠦᠩᠭᠠᠷ ᠍ ᠤᠨ ᠴᠡᠷᠢᠭ ᠲᠥᠪᠡᠳ ᠢ ᠳᠣᠪᠲᠣᠯᠤᠭᠰᠠᠨ ᠢᠶᠠᠷ ᡀᠠᠰᠠ ᠬᠠᠭᠠᠨ ᠠᠯᠠᠭᠳᠠᠵᠤ ᠬᠣᠱᠤᠳ ᠤᠨ ᠬᠠᠨᠲᠠ ᠤᠯᠤᠰ ᠮᠥᠬᠦᠭᠰᠡᠨ ᠲᠡᠦᠬᠡ ᠲᠡᠢ᠃

ᠬᠣᠱᠤᠳ ᠤᠨ ᠬᠠᠭᠠᠨᠲᠤ ᠤᠯᠤᠰ ᠤᠨ ᠳᠠᠷᠠᠭᠠᠬᠢ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠡᠮᠡᠵᠦ ᠤᠩᠰᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ