ᠳᠡᠪ ᠲᠦ ᠷᠣᠪᠢᠩᠰᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠳᠡᠪ ᠲᠦ ᠮᠣᠷᠢᠰ ᠷᠣᠪᠢᠩᠰᠠᠨ (ᠠᠩᠭᠯᠢ ᠪᠠᠷ David Maurice Robinson, 1965 ᠣᠨ ᠤ ᠨᠠᠶᠢᠮᠠᠳᠤᠭᠠᠷ ᠰᠠᠷ᠎ᠠ ᠶᠢᠨ 6 ᠍ ᠳᠤ ᠹᠯᠣᠷᠢᠳᠠ ᠮᠤᠵᠢᠡᠶᠢᠨ ᠺᠢ ᠤᠧᠰᠲ ᠬᠣᠲᠠᠣᠳᠣ ᠲᠦᠷᠦᠭᠰᠡᠨ) ᠪᠤᠶᠤ ᠬᠣᠴᠢ ᠨᠢ ᠠᠳᠮᠢᠷᠠᠯ — ᠵᠣᠳᠣᠭ ᠲᠠᠶᠢᠯᠤᠭᠰᠠᠨ ᠠᠮᠧᠷᠢᠺᠠ ᠶᠢᠨ ᠮᠡᠷᠭᠡᠵᠢᠯ ᠦᠨ ᠰᠠᠭᠰᠤᠨ ᠪᠥᠮᠪᠥᠭᠡᠴᠢᠨ ᠶᠤᠮ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠳᠮᠢᠷᠠᠯ ᠬᠥᠴᠢ ᠳᠦ ᠲᠥᠪ ᠦᠨ ᠰᠢᠯᠢᠳᠡᠭ ᠲᠣᠭᠯᠠᠭᠴᠢ[1] ᠳᠡᠪ ᠲᠦ ᠷᠣᠪᠢᠩᠰᠠᠨ ᠠᠮᠧᠷᠢᠺᠠ ᠶᠢᠨ ᠤᠰᠤᠨ ᠴᠡᠷᠢᠭ ᠦᠨ ᠠᠺᠠᠳᠧᠮᠢ ᠳᠤ ᠰᠤᠷᠤᠯᠴᠠᠵᠤ ᠪᠠᠶᠢᠬᠤ ᠳᠤ ᠪᠠᠨ ᠳ᠋ᠷᠠᠹᠲ ᠤᠨ №1 ᠰᠣᠩᠭᠣᠯᠲᠠ ᠪᠠᠷ ᠰᠠᠨ-ᠠᠨᠲ᠋ᠣᠨᠢ ᠪᠠᠨ ᠰᠫᠢᠷᠰ ᠪᠠᠭ ᠲᠤ ᠡᠯᠰᠡᠵᠦ᠂ ᠡᠨᠡ ᠪᠠᠭᠲᠠᠭ᠎ᠠ ᠰᠫᠣᠷᠲ ᠍ ᠤᠨ ᠵᠠᠮᠨᠠᠯ᠎ᠠ (1989-2003) ᠳᠠᠭᠤᠰᠬᠠᠭᠰᠠᠨ ᠪᠢᠯᠡ᠃ ᠲᠡᠭᠦᠨ ᠦ ᠠᠮᠵᠢᠯᠲᠠ ᠨᠤᠭᠤᠳ ᠢ ᠳᠤᠷᠠᠳᠪᠠᠯ ᠣᠯᠢᠮᠫᠢᠺ ᠤᠨ ᠠᠪᠤᠷᠭᠤ ᠪᠠᠷ ᠬᠣᠶᠠᠷ (1992, 1996), NBA ᠍ ᠦᠨ ᠠᠪᠤᠷᠭᠤ ᠪᠠᠷ ᠮᠥᠨ ᠬᠣᠶᠠᠷ (1999, 2003), 1993-1994 ᠣᠨ ᠤ ᠤᠯᠠᠷᠢᠯ ᠤᠨ ᠣᠨᠣᠭᠣᠨ ᠤ ᠠᠪᠤᠷᠭᠤ᠂ 1994-1995 ᠣᠨ ᠤ ᠤᠯᠠᠷᠢᠯ ᠤᠨ ᠦᠨ᠎ᠡ ᠴᠡᠨ᠎ᠡ ᠲᠡᠢ ᠲᠣᠭᠯᠠᠭᠴᠢ ᠪᠠᠷ᠂ ᠤᠯᠠᠷᠢᠯ ᠤᠨ ᠪᠡᠯᠭᠡᠳᠡᠯ ᠦᠨ ᠪᠠᠭ ᠲᠤ 10 ᠤᠳᠠᠭ᠎ᠠ ᠨᠡᠷᠡᠯᠡᠭᠳᠡᠵᠦ (1991 , 1992, 1995 ᠪᠣᠯᠤᠨ 1996 ᠣᠨ ᠨᠤᠭᠤᠳ ᠲᠤ - I ᠪᠠᠭ ᠲᠤ᠂ 1994 ᠪᠣᠯᠤᠨ 1998 - II ᠪᠠᠭ ᠲᠤ᠂ 1990, 1993 , 2000 ᠪᠣᠯᠤᠨ 2001 - III ᠪᠠᠭ ᠲᠤ), ᠪᠦᠬᠦ ᠣᠳᠣᠳ ᠤᠨ ᠲᠣᠭᠯᠠᠯᠲᠠᠨ ᠳᠤ 10 ᠤᠳᠠᠭ᠎ᠠ ᠣᠷᠣᠯᠴᠠᠵᠤ᠂ 1986 ᠣᠨ ᠤ ᠳᠡᠯᠡᠬᠡᠢ ᠶᠢᠨ ᠠᠪᠤᠷᠭᠤ ᠪᠠᠷ ᠲᠣᠳᠣᠷᠠᠵᠤ᠂ 1988 ᠣᠨ ᠤ ᠣᠯᠢᠮᠫᠢᠺ ᠤᠨ ᠬᠦᠷᠡᠯ ᠮᠧᠳᠠᠯ ᠬᠦᠷᠲᠡᠵᠦ ᠪᠠᠶᠢᠭᠰᠠᠨ ᠬᠣᠯᠪᠣᠭᠠᠨ ᠤ ᠲᠡᠦᠬᠡᠲᠦ 50 ᠲᠣᠭᠯᠠᠭᠴᠢ ᠶᠢᠨ ᠨᠢᠭᠡ ᠪᠢᠯᠡ᠃ ᠲᠡᠭᠦᠨ ᠢ 2009 ᠣᠨ ᠳᠤ ᠠᠯᠳᠠᠷ ᠤᠨ ᠲᠠᠩᠬᠢᠮ ᠤᠨ ᠭᠡᠰᠢᠭᠦᠨ ᠪᠣᠯᠭᠠᠭᠰᠠᠨ ᠶᠤᠮ᠃[2]

ᠷᠣᠪᠢᠩᠰᠠᠨ 1994 ᠣᠨ ᠤ ᠬᠣᠶᠠᠳᠤᠭᠠᠷ ᠰᠠᠷ᠎ᠠ ᠶᠢᠨ 17 ᠍ ᠳᠦ ᠳ᠋ᠧᠲ᠋ᠷᠣᠢ ᠳᠤ ᠫᠢᠰᠲ᠋ᠦ᠋ᠩᠰ ᠪᠠᠭ ᠤᠨ ᠡᠰᠡᠷᠬᠦ ᠲᠣᠭᠯᠠᠯᠲᠠᠨ ᠳᠤ ᠺᠸᠠᠳ᠋ᠷᠦᠶᠢᠯ ᠳᠠᠪᠯ ᠬᠢᠭᠰᠡᠨ ᠨᠢ ᠣᠳᠣ ᠶᠢ ᠬᠦᠷᠲᠡᠯ᠎ᠡ ᠡᠪᠳᠡᠭᠳᠡᠭᠡ ᠦᠭᠡᠢ ᠠᠮᠵᠢᠯᠲᠠ᠃ ᠳᠡᠯᠭᠡᠷᠡᠭᠦᠯᠪᠡᠯ᠂ 34 ᠣᠨᠣᠭ᠎ᠠ᠂ 10 ᠰᠠᠮᠪᠠᠷ᠎ᠠ᠂ 10 ᠳᠠᠮᠵᠢᠭᠤᠯᠤᠯᠲᠠ᠂ 10 ᠬᠠᠭᠠᠯᠲᠠ ᠶᠢ (ᠲᠡᠭᠦᠨᠴᠢᠯᠡᠨ 2 ᠲᠠᠰᠤᠯᠤᠯᠲᠠ) 43 ᠮᠢᠨᠦ᠋ᠲᠠᠨᠳᠠ ᠭᠦᠢᠴᠡᠳᠭᠡᠵᠡᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. The game's greatest giants ever. ESPN.com (March 6, 2007). 2011-01-25 ᠍ ᠳᠦ ᠬᠠᠨᠳᠤᠭᠰᠠᠨ᠃
  2. http://www.hoophall.com/hall-of-famers/tag/1992-united-states-olympic-team

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠬᠤᠷᠢᠶᠠᠩᠭᠤᠢ ᠬᠦᠰᠦᠨᠦᠭ ᠲᠦ ᠵᠠᠭᠪᠤᠷ:NBA ᠍ ᠦᠨ ᠳ᠋ᠷᠠᠹᠲ ᠢ ᠲᠡᠷᠢᠭᠦᠯᠡᠭᠴᠢᠳ

ᠵᠠᠭᠪᠤᠷ:NBA ᠍ ᠦᠨ ᠤᠯᠠᠷᠢᠯ ᠤᠨ MVP ᠵᠠᠭᠪᠤᠷ:1998-1999 ᠣᠨ ᠤ NBA ᠍ ᠦᠨ ᠠᠪᠣᠷᠭᠣᠴᠣᠳ ᠵᠠᠭᠪᠤᠷ:2002-2003 ᠣᠨ ᠤ NBA ᠍ ᠦᠨ ᠠᠪᠣᠷᠭᠣᠴᠣᠳ {{1986 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠡᠭᠲᠡᠶᠢᠴᠦᠳ ᠦᠨ ᠰᠠᠭᠰᠤᠨ ᠪᠥᠮᠪᠥᠭᠡ ᠶᠢᠨ ᠪᠠᠭ}} {{1988 ᠣᠨ ᠤ ᠵᠤᠨ ᠤ ᠣᠯᠢᠮᠫᠢᠺ ᠲᠤ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠡᠭᠲᠡᠶᠢᠴᠦᠳ ᠦᠨ ᠰᠠᠭᠰᠤᠨ ᠪᠥᠮᠪᠥᠭᠡ ᠶᠢᠨ ᠪᠠᠭ}} {{1992 ᠣᠨ ᠤ ᠵᠤᠨ ᠤ ᠣᠯᠢᠮᠫᠢᠺ ᠲᠤ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠡᠭᠲᠡᠶᠢᠴᠦᠳ ᠦᠨ ᠰᠠᠭᠰᠤᠨ ᠪᠥᠮᠪᠥᠭᠡ ᠶᠢᠨ ᠪᠠᠭ}} {{1996 ᠣᠨ ᠤ ᠵᠤᠨ ᠤ ᠣᠯᠢᠮᠫᠢᠺ ᠲᠤ ᠠᠮᠧᠷᠢᠺᠠ ᠶᠢᠨ ᠨᠢᠭᠡᠳᠦᠭᠰᠡᠨ ᠤᠯᠤᠰ ᠤᠨ ᠡᠷᠡᠭᠲᠡᠶᠢᠴᠦᠳ ᠦᠨ ᠰᠠᠭᠰᠤᠨ ᠪᠥᠮᠪᠥᠭᠡ ᠶᠢᠨ ᠪᠠᠭ}}

ᠪᠢᠴᠢᠭᠡᠰᠦ