ᠳᠡᠢᠪ ᠳᠧᠪᠤᠱᠧ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠳᠡᠪ ᠲᠦ ᠠᠯᠪᠧᠷᠲ ᠳᠧᠪᠤᠱᠧ (ᠠᠩᠭᠯᠢ ᠪᠠᠷ David Albert DeBusschere, 1940 ᠣᠨ ᠤ ᠠᠷᠪᠠᠳᠤᠭᠠᠷ ᠰᠠᠷ᠎ᠠ ᠶᠢᠨ 162003 ᠣᠨ ᠤ ᠲᠠᠪᠤᠳᠤᠭᠠᠷ ᠰᠠᠷ᠎ᠠ ᠶᠢᠨ 14) — ᠠᠮᠧᠷᠢᠺᠠ ᠶᠢᠨ ᠮᠡᠷᠭᠡᠵᠢᠯ ᠦᠨ ᠰᠠᠭᠰᠤᠨ ᠪᠥᠮᠪᠥᠭᠡ ᠨᠡᠷᠡᠲᠦ ᠲᠠᠮᠢᠷᠴᠢᠨ᠂ ᠳᠠᠰᠬᠠᠯᠵᠢᠭᠤᠯᠤᠭᠴᠢ ᠪᠠᠶᠢᠭᠰᠠᠨ ᠠᠴᠠ ᠭᠠᠳᠠᠨ᠎ᠠ ᠪᠧᠢᠰᠪᠣᠯᠣᠣᠷ ᠲᠣᠭᠯᠠᠳᠠᠭ ᠪᠠᠶᠢᠪᠠ᠃

ᠦᠨᠳᠦᠰᠦᠨ ᠦ ᠰᠠᠭᠰᠤᠨ ᠪᠥᠮᠪᠥᠭᠡ ᠶᠢᠨ ᠬᠣᠯᠪᠣᠭ᠎ᠠᠨ ᠤ ᠨᠶᠤ-ᠢᠣᠷᠺ ᠨᠢᠺᠰ ᠪᠠᠭ ᠲᠤ ᠪᠠᠶᠢᠬᠤ ᠳᠤ ᠪᠠᠨ ᠬᠣᠶᠠᠷ ᠤᠳᠠᠭ᠎ᠠ (1970, 1973) NBA ᠍ ᠦᠨ ᠠᠪᠤᠷᠭᠤ ᠴᠣᠯᠠ ᠬᠦᠷᠢᠲᠦᠵᠦ ᠪᠠᠶᠢᠭᠰᠠᠨ ᠳᠣᠮᠣᠭᠲᠤ 50 ᠲᠣᠭᠯᠠᠭᠴᠢᠳ ᠤᠨ ᠨᠢᠭᠡ ᠶᠠᠭᠤᠮ᠎ᠠ᠃

ᠲᠣᠪᠴᠢ ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠧᠪᠤᠱᠧ 1962 ᠣᠨ ᠳᠤ NBA ᠍ ᠦᠨ ᠪᠥᠰᠡ ᠶᠢᠨ ᠳ᠋ᠷᠠᠹᠲ᠋ᠠᠷ ᠳ᠋ᠧᠲ᠋ᠷᠣᠢ ᠳᠤ ᠫᠢᠰᠲ᠋ᠦ᠋ᠩᠰ ᠪᠠᠭ ᠲᠤ ᠡᠯᠰᠡᠵᠦ ᠪᠠᠶᠢᠯ᠎ᠠ᠃ ᠲᠤᠰ ᠪᠠᠭ ᠲᠤ ᠲᠣᠭᠯᠠᠵᠤ ᠪᠠᠶᠢᠬᠤ ᠳᠤ ᠪᠠᠨ ᠳᠠᠰᠬᠠᠯᠵᠢᠭᠤᠯᠤᠭᠴᠢ ᠶᠢᠨ ᠠᠯᠪᠠ ᠶᠢ ᠳᠠᠪᠬᠤᠷ ᠬᠠᠰᠢᠭᠰᠠᠨ ᠢᠶᠠᠷ ᠢᠶᠠᠨ NBA ᠍ ᠦᠨ ᠲᠡᠦᠬᠡᠨ ᠳ᠋ᠡᠬᠢ ᠬᠠᠮᠤᠭ ᠤᠨ ᠵᠠᠯᠠᠭᠤ ᠳᠠᠰᠬᠠᠯᠵᠢᠭᠤᠯᠤᠭᠴᠢ ᠪᠣᠯᠵᠤ ᠪᠠᠶᠢᠪᠠ᠃ ᠰᠠᠭᠰᠤᠨ ᠪᠥᠮᠪᠥᠭᠡ ᠶᠢᠨ ᠨᠡᠷᠡᠲᠦ ᠵᠢᠳᠬᠦᠯᠲᠡᠨ ᠳᠧᠪᠤᠱᠧᠭ 1983 ᠣᠨ ᠳᠤ ᠠᠯᠳᠠᠷ ᠤᠨ ᠲᠠᠩᠬᠢᠮ ᠳᠤ ᠬᠦᠨᠳᠦᠳᠬᠡᠨ ᠵᠠᠯᠠᠵᠠᠢ᠃ ᠨᠶᠤ-ᠢᠣᠷᠺ ᠨᠢᠺᠰ ᠪᠠᠭ ᠲᠤ ᠤᠢᠯᠯᠢᠰ ᠷᠢᠳᠢᠪᠢᠯ ᠪᠡᠷ ᠲᠦᠯ ᠪᠣᠯᠤᠨ ᠤᠤᠯᠲᠠ ᠹᠷᠧᠢᠽᠧᠷ ᠨᠠᠷ ᠤᠨ ᠳᠣᠮᠣᠭᠲᠤ ᠲᠣᠭᠯᠠᠭᠴᠢᠳ ᠤᠨ ᠬᠠᠮᠲᠤ 1970, 1973 ᠣᠨ ᠤ ᠰᠢᠪᠲᠤᠷᠭ᠎ᠠ ᠶᠢᠨ ᠲᠣᠭᠯᠠᠯᠲᠠᠨ ᠳᠤ ᠯᠠᠣᠰ-ᠠᠩᠵᠧᠯᠧᠰ ᠯᠧᠢᠺᠧᠷᠰ ᠪᠠᠭ ᠢ ᠢᠯᠠᠵᠤ᠂ ᠬᠣᠶᠠᠷ ᠤᠳᠠᠭ᠎ᠠ ᠲᠦᠷᠦᠭᠦᠯᠡᠭᠰᠡᠨ᠃ ᠳᠧᠪᠤᠱᠧ 1980 ᠍ ᠊ᠭᠠᠳ ᠣᠨ ᠳᠤ ᠨᠢᠺᠰ ᠤᠨ ᠪᠡᠯᠡᠳᠬᠡᠯ ᠦᠨ ᠠᠯᠪᠠ ᠶᠢ ᠤᠳᠤᠷᠢᠳᠥᠵᠤ ᠪᠠᠶᠢᠬᠤ ᠳᠤ ᠪᠠᠨ ᠫᠠᠲᠷᠢᠺ ᠶᠦᠩ ᠢᠡᠶᠢᠭ ᠮᠡᠷᠭᠡᠵᠢᠯ ᠦᠨ ᠰᠫᠣᠷᠲᠣᠳᠣ ᠲᠠᠲᠠᠨ ᠣᠷᠣᠭᠤᠯᠵᠤ ᠪᠠᠶᠢᠴᠠᠢ᠃

1962 ᠣᠨ ᠳᠤ ᠰᠣᠨᠢᠷᠬᠠᠭᠴᠢᠳ ᠤᠨ ᠪᠧᠢᠰᠪᠣᠯ ᠤᠨ ᠴᠢᠺᠠᠭᠣ ᠤᠠᠢ ᠳᠤ ᠰᠣᠺᠰ ᠪᠠᠭ ᠲᠤ ᠪᠥᠮᠪᠥᠭᠡ ᠰᠢᠳᠡᠭᠴᠢ ᠪᠡᠷ ᠬᠠᠶ᠎ᠠ ᠵᠢᠯ ᠲᠣᠭᠯᠠᠭᠠᠳ ᠰᠠᠭᠰᠤᠨ ᠪᠥᠮᠪᠥᠭᠡ ᠶᠢᠨ ᠲᠣᠭᠯᠠᠭᠴᠢ ᠳᠠᠰᠬᠠᠯᠵᠢᠭᠤᠯᠤᠭᠴᠢ ᠪᠣᠯᠤᠭᠰᠠᠨ ᠵᠢᠯ ᠳᠤ ᠪᠡᠨ ᠡᠨᠡ ᠰᠫᠣᠷᠲ ᠢᠶᠠᠨ ᠣᠷᠬᠢᠭᠰᠠᠨ ᠪᠠᠶᠢᠳᠠᠭ᠃[1]

ᠳᠧᠪᠤᠱᠧ 2003 ᠣᠨ ᠤ ᠲᠠᠪᠤᠳᠤᠭᠠᠷ ᠰᠠᠷ᠎ᠠ ᠳᠤ ᠵᠢᠷᠦᠬᠡᠨ ᠦ ᠰᠢᠭᠢᠳᠦᠭᠡᠰᠦᠡᠭᠡᠷᠡ ᠲᠠᠭᠠᠯᠠᠯ ᠲᠡᠭᠦᠰᠴᠡᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠬᠤᠷᠢᠶᠠᠩᠭᠤᠢ ᠬᠦᠰᠦᠨᠦᠭ ᠲᠦ ᠵᠠᠭᠪᠤᠷ:1969-1970 ᠣᠨ ᠤ NBA ᠍ ᠦᠨ ᠠᠪᠣᠷᠭᠣᠴᠣᠳ ᠵᠠᠭᠪᠤᠷ:1972-1973 ᠣᠨ ᠤ NBA ᠍ ᠦᠨ ᠠᠪᠣᠷᠭᠣᠴᠣᠳ

ᠪᠢᠴᠢᠭᠡᠰᠦ