ᠳᠠᠸᠠᠨᠢᠮ᠎ᠠ ᠶᠢᠨ ᠪᠢᠮᠪᠠᠳᠣᠷᠵᠢ
ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠷᠤᠮᠠᠹᠦᠵᠢ ᠺᠣᠬᠡᠢ (日馬富士 公平)
View0019574684.jpg
ᠱᠢᠺᠣᠨᠠ ᠬᠠᠷᠤᠮᠠᠹᠦᠵᠢ ᠺᠣᠬᠡᠢ
ᠵᠢᠩᠬᠢᠨᠢ ᠨᠡᠷ᠎ᠡ ᠳᠠᠸᠠᠨᠢᠮ᠎ᠠ ᠶᠢᠨ ᠪᠢᠮᠪᠠᠳᠣᠷᠵᠢ
ᠲᠦᠷᠦᠭᠰᠡᠨ ᠡᠳᠦᠷ 1984 ᠣᠨ ᠤ 4 ᠰᠠᠷ᠎ᠠ ᠶᠢᠨ 14 (1984-04-14) (35 ᠨᠠᠰᠣᠳᠠᠢ)
ᠲᠦᠷᠦᠭᠰᠡᠨ ᠭᠠᠵᠠᠷ ᠮᠣᠩᠭᠣᠯᠤᠯᠠᠭᠠᠨᠪᠠᠭᠠᠲᠤᠷ
ᠥᠨᠳᠥᠷ 185 ᠰᠠᠨᠲ᠋ᠢᠮᠧᠲ᠋ᠷ
ᠵᠢᠩ 133 ᠺᠢᠯᠣᠭ᠍ᠷᠠᠮ
ᠬᠠᠷᠢᠶᠠᠯᠠᠭᠳᠠᠬᠤ ᠳᠡᠪᠵᠢᠶ᠎ᠡ ᠢᠰᠦᠭᠠᠬᠠᠮ᠎ᠠ ᠳᠡᠪᠵᠢᠶ᠎ᠡ
ᠠᠮᠵᠢᠯᠲᠠ
ᠬᠠᠮᠤᠭ ᠤᠨ ᠥᠨᠳᠥᠷ ᠴᠣᠯᠠ ᠶᠣᠺᠣᠽᠦᠨᠠ (ᠠᠪᠤᠷᠭᠤ)[1]
ᠨᠡᠶᠢᠲᠡ ᠪᠠᠷᠢᠯᠳᠤᠭᠠᠨ 744 ᠢᠯᠠᠯᠲᠠ 412 ᠢᠯᠠᠭᠳᠠᠯ 65 ᠥᠨᠵᠢᠭᠰᠡᠨ (92 ᠪᠠᠱᠣ)
ᠮᠠᠺᠦᠦ᠋ᠴᠢ ᠵᠢᠩᠳᠠᠭᠠᠨ ᠳ᠋ᠡᠬᠢ ᠪᠠᠷᠢᠯᠳᠤᠭᠠᠨ 641 ᠢᠯᠠᠯᠲᠠ 329 ᠢᠯᠠᠭᠳᠠᠯ 65 ᠥᠨᠵᠢᠭᠰᠡᠨ (69 ᠪᠠᠱᠣ)
ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ {{{ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ}}}
ᠱᠠᠩᠨᠠᠯ ᠭᠠᠷᠮᠠᠭᠠᠢ ᠪᠠᠷᠢᠯᠳᠤᠭᠠᠨ ᠤ 4᠂ ᠳᠠᠶᠢᠴᠢᠨ ᠪᠠᠷᠢᠯᠳᠤᠭᠠᠨ ᠤ 1᠂ ᠤᠷᠠᠨ ᠪᠠᠷᠢᠯᠳᠤᠭᠠᠨ ᠤ 5
ᠺᠢᠨᠪᠣᠰᠢ(ᠠᠯᠲᠠᠨ ᠤᠳᠤ) 1
ᠲᠣᠭ᠎ᠠ ᠪᠠᠷᠢᠮᠲᠠ
ᠠᠩᠬᠠᠨ ᠤ ᠪᠠᠱᠣ 2001 ᠣᠨ ᠤ 1 ᠰᠠᠷ᠎ᠠ
ᠮᠠᠺᠦᠦ᠋ᠴᠢ ᠵᠢᠩᠳᠠᠭᠠᠨ ᠳᠤ ᠳᠡᠪᠰᠢᠭᠰᠡᠨ 2004 ᠣᠨ ᠤ 11 ᠰᠠᠷ᠎ᠠ
ᠲᠠᠶᠢᠯᠪᠤᠷᠢ
{{{ᠣᠷᠣᠭᠤᠯᠤᠭᠰᠠᠨ ᠣᠩᠨᠠᠭ᠎ᠠ}}} ᠍ ᠤ ᠪᠠᠶᠢᠳᠠᠯ ᠢᠶᠠᠷ
ᠵᠠᠭᠪᠤᠷ᠂ ᠬᠡᠯᠡᠯᠴᠡᠭᠦᠯᠭᠡ)
ᠬᠠᠷᠤᠮᠠᠹᠦᠵᠢ ᠺᠣᠬᠡᠢ (ᠶᠠᠫᠣᠨ ᠢᠶᠠᠷ 日馬富士 公平᠂ はるまふじ こうへい1984 ᠣᠨ ᠤ 4 ᠰᠠᠷ᠎ᠠ ᠶᠢᠨ 14-) ᠨᠢ ᠮᠣᠩᠭᠣᠯ ᠍ ᠤᠨ ᠤᠯᠠᠭᠠᠨᠪᠠᠭᠠᠲᠤᠷ ᠬᠣᠳᠠ ᠳᠤ ᠲᠦᠷᠦᠭᠰᠡᠨ᠂ ᠭᠣᠪᠢ-ᠠᠯᠲᠠᠢ ᠠᠶᠢᠮᠠᠭ ᠤᠨ ᠴᠢᠨᠳᠠᠮᠤᠨᠢ ᠰᠤᠮᠤ ᠶᠢᠨ ᠤᠤᠭᠠᠯ᠂ ᠢᠰᠦᠭᠠᠬᠠᠮ᠎ᠠ ᠳᠡᠪᠵᠢᠶ᠎ᠡ(伊勢ヶ濱部屋) ᠳ᠋ᠦ ᠬᠠᠷᠢᠶᠠᠯᠠᠭᠳᠠᠳᠠᠭ᠂ ᠮᠡᠷᠭᠡᠵᠢᠯ ᠦᠨ ᠰᠦᠮᠣ ᠶᠢᠨ 70 ᠳ᠋ᠠᠬᠢ ᠠᠪᠤᠷᠭᠤ ᠶᠣᠺᠣᠽᠦᠨᠠ (ᠠᠪᠤᠷᠭᠤ) ‍‍(横綱)᠂ ᠭᠠᠳᠠᠭᠠᠳᠤ ᠶᠢᠨ ᠰᠦᠮᠤᠴᠢᠳ ᠤᠨ ᠳᠤᠲᠤᠷ  ᠠ 5 ᠳ᠋ᠠᠬᠢ ᠠᠪᠤᠷᠭᠤ᠂ ᠮᠣᠩᠭᠣᠯ ᠤᠯᠤᠰ ᠤᠨ ᠰᠦᠮᠤᠴᠢᠳ ᠤᠨ ᠳᠤᠲᠤᠷ  ᠠ 3 ᠳ᠋ᠠᠬᠢ ᠠᠪᠤᠷᠭᠤ᠂ ᠮᠣᠩᠭᠣᠯ ᠤᠯᠤᠰ ᠤᠨ ᠭᠠᠪᠢᠶᠠᠳᠤ ᠲᠠᠮᠢᠷᠴᠢᠨ ᠪᠢᠯᠡ᠃ ᠮᠤᠩᠭᠤᠯ ᠨᠡᠷ᠎ᠡ ᠨᠢ ᠳᠠᠸᠠᠨᠢᠮ᠎ᠠ ᠶᠢᠨ ᠪᠢᠮᠪᠠᠳᠣᠷᠵᠢ ᠭᠡᠳᠡᠭ᠃ 2008 ᠣᠨ ᠤ 11 ᠰᠠᠷ᠎ᠠ ᠬᠦᠷᠲᠡᠯ᠎ᠡ ᠠᠮ᠎ᠠ ᠺᠣᠬᠡᠢ (安馬 公平) ᠬᠡᠮᠡᠬᠦ ᠰᠦᠮᠤ ᠶᠢᠨ ᠨᠡᠷ᠎ᠡ ᠲᠠᠢ ᠪᠠᠷᠢᠯᠳᠤᠳᠠᠭ ᠪᠠᠶᠢᠭᠰᠠᠨ ᠪᠦᠭᠡᠳ ᠲᠡᠭᠦᠨ ᠡᠴᠡ ᠰᠡᠭᠦᠯ ᠳᠤ ᠬᠠᠷᠦᠮᠠᠹᠦᠵᠢ (日馬富士) ᠭᠡᠰᠡᠨ ᠨᠡᠷ ᠡ ᠲᠠᠢ ᠪᠤᠯᠵᠠᠢ᠃ ᠪᠡᠶ ᠡ ᠶᠢᠨ ᠥᠨᠳᠥᠷ ᠨᠢ 186 ᠰᠠᠨᠲ᠋ᠢᠮᠧᠲ᠋ᠷ᠂ ᠪᠡᠶ ᠡ ᠶᠢᠨ ᠵᠢᠩ ᠨᠢ 136 ᠺᠢᠯᠣᠭ᠍ᠷᠠᠮ ᠪᠠᠶᠢᠳᠠᠭ᠃ ᠬᠠᠮᠤᠭ ᠤᠨ ᠳᠡᠭᠡᠳᠦ ᠴᠣᠯᠠ ᠨᠢ ᠶᠣᠺᠣᠽᠦᠨᠠ (ᠠᠪᠤᠷᠭᠤ) (2012 ᠣᠨ ᠤ 11 ᠰᠠᠷ᠎ᠠ ᠠᠴᠠ)᠃ 2009 ᠣᠨ ᠤ 5 ᠰᠠᠷ᠎ᠠ ᠶᠢᠨ ᠪᠠᠱᠤ ᠳᠤ ᠬᠠᠺᠥᠬᠤ᠋ ᠠᠪᠤᠷᠭᠤ  ᠲᠠᠢ ᠨᠡᠮᠡᠯᠲᠡ ᠪᠠᠷᠢᠯᠳᠤᠭᠠᠨ ᠬᠢᠵᠦ ᠳᠠᠪᠠᠨ ᠠᠩᠬ᠎ᠠ ᠤᠳᠠᠭ᠎ᠠ ᠮᠠᠺᠦᠦᠴᠢ ᠵᠢᠩᠳᠠᠭᠠᠨ ᠳᠤ ᠲᠡᠷᠢᠭᠦᠯᠡᠭᠰᠡᠨ ᠶᠤᠮ᠃ ᠮᠥᠨ 2011 ᠣᠨ ᠤ 7 ᠰᠠᠷ᠎ᠠ ᠳᠤ 14 ᠳᠠᠪᠠᠵᠤ ᠲᠡᠷᠢᠭᠦᠯᠡᠭᠰᠡᠨ ᠪᠣᠯ 2012 ᠣᠨ ᠤ 7᠂ 9 ᠰᠠᠷ᠎ᠠ ᠶᠢᠨ ᠪᠠᠱᠤ ᠪᠡᠷ ᠨᠢᠭᠡ ᠴᠤ ᠤᠨᠠᠯ ᠦᠭᠡᠢ ᠲᠡᠷᠢᠭᠦᠯᠡᠵᠦ᠂ ᠶᠣᠺᠣᠽᠦᠨᠠ (ᠠᠪᠤᠷᠭᠤ) ᠴᠣᠯᠠ ᠳᠤ ᠬᠦᠷᠴᠡᠢ᠃ ᠳᠠᠷᠠᠭ᠋ ᠠ ᠨᠢ 2013 ᠣᠨ ᠤ 1 ᠰᠠᠷ᠎ᠠ ᠶᠢᠨ ᠪᠠᠱᠤ ᠳᠤ ᠨᠢᠭᠡ ᠴᠤ ᠤᠨᠠᠯ ᠦᠭᠡᠢ ᠲᠡᠷᠢᠭᠦᠯᠡᠵᠤ᠂ ᠲᠡᠷᠡ ᠵᠢᠯ ᠦᠨ 11 ᠰᠠᠷ᠎ᠠ ᠳᠤ ᠪᠠᠰᠠ ᠲᠡᠷᠢᠭᠦᠯᠡᠵᠤ᠂ ᠲᠡᠭᠦᠨ ᠡᠴᠡ ᠰᠡᠭᠦᠯ ᠳᠤ 2015 ᠤᠨ ᠤ 11 ᠰᠠᠷ  ᠠ ᠶᠢᠨ ᠪᠠᠱᠤ ᠳᠤ ᠲᠡᠷᠢᠭᠦᠯᠡᠭᠡᠳ ᠣᠳᠣ ᠶᠢᠨ ᠪᠠᠶᠢᠳᠠᠯ ᠢᠶᠠᠷ 7 ᠤᠳᠠᠭ᠎ᠠ ᠲᠡᠷᠢᠭᠦᠯᠡᠭᠰᠡᠨ ᠪᠠᠶᠢᠨ᠎ᠠ᠃ ᠦᠨᠳᠦᠰᠦᠨ ᠮᠡᠬᠡ ᠤᠳ ᠨᠢ ᠽᠸᠫᠫᠠᠷᠢ(突っ張り)᠂ ᠪᠠᠷᠠᠭᠤᠨ ᠲᠠᠯ ᠠ ᠪᠡᠷ ᠵᠣᠯᠭᠠᠬᠤ(右四つ)᠂ ᠵᠤᠯᠭᠠᠨᠰᠠᠨ ᠪᠠᠷᠢᠴᠠᠨ ᠶᠢᠡᠷ ᠲᠦᠯᠬᠢᠵᠤ ᠭᠠᠷᠭᠠᠬᠤ (ᠶᠣᠷᠢ᠂ 寄り)᠂ ᠲᠦᠯᠬᠢᠵᠤ ᠭᠠᠷᠭᠠᠬᠤ (ᠤᠰᠢᠳᠠᠰᠢ᠂ 押し出し)᠂ ᠍ᠬᠦᠵᠦᠭᠦᠲᠡᠵᠤ ᠬᠦᠮᠦᠷᠢᠬᠦ (ᠺᠥᠪᠢᠨᠠᠭᠠᠢ᠂ 首投げ) ᠵᠡᠷᠭᠡ ᠪᠠᠶᠢᠵᠤ᠂ ᠲᠡᠭᠦᠨ ᠤ ᠪᠠᠷᠢᠯᠳᠤᠭᠠᠨ ᠤ ᠬᠠᠮᠦᠭ᠋ ᠶᠡᠬᠡ ᠤᠨᠴᠠᠯᠢᠭ ᠨᠢ᠂ ᠪᠡᠶ  ᠡ ᠶᠢᠨ ᠵᠢᠩ ᠨᠢ ᠪᠠᠭ᠎᠎ᠠ ᠪᠤᠯᠬᠤᠷ ᠲᠤᠩ ᠬᠤᠷᠳᠤᠨ ᠭᠦᠳᠡᠯᠭᠡᠭᠡᠨ ᠲᠠᠢ᠂ ᠤᠯᠠᠨ ᠮᠡᠬᠡ ᠶᠢ ᠤᠯᠠᠷᠢᠭᠤᠯᠵᠤ ᠬᠢᠳᠡᠭ᠃ ᠲᠡᠭᠦᠨ ᠤ ᠬᠤᠷᠳᠤᠴᠠ ᠶᠢ ᠪᠠᠷᠤᠭ ᠤᠨ ᠰᠦᠮᠦᠴᠢᠳ ᠬᠤᠷᠢᠭᠯᠠᠵᠤ ᠠᠮᠵᠢᠳᠠᠭ ᠦᠭᠡᠢ ᠪᠠᠶᠢᠳᠠᠭ᠃
ᠪᠢᠮᠪᠠᠳᠣᠷᠵᠢ ᠶᠢᠨ ᠬᠢᠨ ᠶᠡᠷᠦ ᠡᠴᠡ ᠪᠠᠨ ᠪᠦᠬᠡ ᠤᠳᠤᠮᠲᠠᠢ ᠪᠢᠯᠡ᠃ ᠲᠡᠭᠦᠨ ᠤ ᠠᠪᠤ ᠷ᠂ ᠳᠠᠸᠠᠨᠢᠮ᠎ ᠠ ᠨᠢ ᠦᠨᠳᠦᠰᠦᠨ ᠦ ᠪᠥᠬᠡ ᠶᠢᠨ ᠤᠯᠤᠰ ᠤᠨ ᠵᠠᠭᠠᠨ ᠴᠤᠯᠠᠲᠠᠨ᠃ ᠲᠦᠷᠦᠭᠰᠡᠨ ᠠᠬ᠎ᠠ ᠳ᠂ ᡀᠠᠪᠠᠳᠣᠷᠵᠢᠨᠢ ᠤᠯᠤᠰ ᠤᠨ ᠨᠠᠴᠢᠨ ᠴᠤᠯᠠᠲᠠᠨ᠃ ᠠᠪᠠᠭ᠎ᠠ ᠠᠪᠤ ᠷ᠂ ᠨᠢᠮᠠᠳᠣᠷᠵᠢᠨᠢ ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭ᠎ᠠ ᠍ ᠤ ᠲᠡᠷᠢᠭᠦᠨ ᠪᠦᠭᠡᠳ ᠦᠶᠡᠯᠢ ᠨ᠂ ᠭᠠᠩᠪᠠᠭᠠᠲᠤᠷᠨᠢ ᠤᠯᠤᠰ ᠤᠨ ᠭᠠᠷᠤᠳᠢ ᠴᠤᠯᠠᠲᠠᠨ ᠪᠢᠯᠡ᠃
2009 ᠣᠨ ᠤ 6 ᠰᠠᠷ᠎ᠠ ᠶᠢᠨ 12 ᠍ ᠳᠦ ᠮᠣᠩᠭᠣᠯ ᠤᠯᠤᠰ ᠤᠨ ᠶᠡᠷᠦᠩᠬᠡᠶᠢᠯᠡᠭᠴᠢ ᠨᠠᠮᠪᠠᠷ ᠤᠨ ᠡᠩᠬᠡᠪᠠᠶᠠᠷ  ᠶᠡᠷᠦᠩᠬᠡᠶᠢᠯᠡᠭᠴᠢ ᠪᠠᠶᠢᠬᠤ ᠳᠤ ᠪᠠᠨ ᠲᠡᠭᠦᠨ ᠳᠤ ᠮᠣᠩᠭᠣᠯ ᠤᠯᠤᠰ ᠤᠨ ᠭᠠᠪᠢᠶᠠᠳᠤ ᠲᠠᠮᠢᠷᠴᠢᠨ ᠴᠣᠯᠠ ᠬᠦᠷᠲᠡᠭᠡᠵᠡᠢ [2]
2014 ᠤᠨ ᠤ 4 ᠰᠠᠷ ᠠ ᠳᠤ᠂ ᠶᠠᠫᠤᠨ ᠤ ᠬᠠᠤᠯᠢ ᠵᠠᠰᠠᠭ ᠤᠨ ᠶᠡᠬᠡ ᠰᠤᠷᠭᠠᠭᠤᠯᠢ (法政大学) ᠳᠤ ᠮᠠᠰᠲᠸᠷ ᠰᠢᠯᠭᠠᠭᠤᠯᠵᠤ ᠤᠷᠤᠭᠰᠠᠨ ᠪᠦᠭᠡᠳ ᠲᠡᠥᠬᠡᠨ ᠳᠤ ᠴᠤᠷ ᠤᠨ ᠭᠠᠭᠴᠠ ᠮᠠᠰᠲᠸᠷ ᠰᠦᠮᠤᠴᠢᠨ ᠪᠤᠯᠤᠭᠰᠠᠨ ᠪᠠᠶᠢᠨ᠎ ᠠ᠃
ᠲᠡᠷᠡ ᠮᠠᠨᠢ ᠪᠠᠰᠠ ᠬᠠᠷᠠᠬᠠᠨ ᠪᠠᠭ᠎ ᠠ ᠡᠴᠡ ᠪᠠᠨ ᠪᠠᠬ ᠠ ᠲᠠᠢ ᠪᠠᠶᠢᠭᠰᠠᠨ ᠤᠷᠠᠨ ᠵᠢᠷᠤᠭ ᠶᠢᠡᠨ ᠦᠷᠭᠦᠯᠵᠢᠯᠡᠨ ᠵᠢᠷᠤᠭᠠᠳ ᠢᠷᠡᠭᠰᠡᠨ ᠶᠤᠮ᠃ 2015 ᠤᠨ ᠤ 12 ᠰᠠᠷ  ᠠ ᠶᠢᠨ 23 ᠤ ᠡᠳᠦᠷ ᠦᠪᠡᠷ ᠤᠨ ᠤᠷᠠᠨ ᠵᠢᠷᠤᠭ ᠤᠨ ᠦᠵᠡᠭᠦᠯᠦᠯᠭᠡ ᠶᠢᠡᠨ ᠲᠤᠤᠺᠢᠤ᠋ ᠬᠤᠲᠠ ᠶᠢᠨ ᠭᠢᠨᠽᠠ (銀座) ᠶᠢᠨ ᠨᠢᠴᠢᠳᠤ᠋ ᠵᠢᠷᠤᠭ ᠤᠨ ᠦᠵᠡᠰᠭᠦᠯᠡᠩ ᠤᠨ ᠲᠠᠩᠬᠢᠮ(日動画廊) ᠳᠤ ᠬᠢᠵᠤ᠂ ᠲᠡᠭᠦᠨ ᠤ ᠭᠤᠴᠢ ᠰᠠᠶᠢᠬᠠᠨ ᠪᠦᠲᠦᠭᠡᠯ ᠤᠳ ᠨᠢ ᠤᠯᠠᠨ ᠵᠢᠷᠤᠭᠴᠢᠨ ᠡᠷᠳᠡᠮᠲᠡᠳ ᠤᠨ ᠦᠨᠳᠦᠷ ᠦᠨᠡᠯᠡᠯᠲᠠ ᠶᠢ ᠤᠯᠵᠤ᠂ ᠨᠡᠶᠢᠲᠡ ᠳᠡᠯᠭᠡᠭᠰᠡᠨ 24 ᠪᠦᠲᠦᠭᠡᠯ ᠤᠨ ᠬᠢᠨᠢ 15  ᠨᠢ ᠬᠤᠳᠠᠯᠳᠤᠭᠳᠠᠵᠠᠢ᠃ ᠲᠡᠭᠡᠭᠡᠳ᠂ ᠦᠪᠡᠷ ᠤᠨ ᠪᠦᠳᠦᠭᠡᠯ ᠶᠢᠡᠨ ᠬᠤᠳᠠᠯᠳᠤᠵᠤ ᠤᠯᠤᠭᠰᠠᠨ ᠪᠦᠬᠦ ᠮᠦᠩᠭᠦ ᠪᠠᠨ ᠬᠦᠨᠳᠤ ᠡᠪᠡᠳᠴᠢᠨ ᠳᠤ ᠨᠡᠷᠪᠡᠭᠳᠡᠭᠰᠡᠨ ᠬᠡᠦᠬᠡᠳ ᠤᠨ ᠡᠮᠨᠡᠯᠭᠡ ᠶᠢᠨ ᠰᠦᠢᠳᠭᠡᠯ ᠪᠤᠯᠭᠠᠵᠤ ᠬᠠᠨᠳᠢᠪᠯᠠᠵᠠᠢ᠃
ᠦᠩᠭᠡᠷᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]
ᠪᠢᠮᠪᠠᠳᠣᠷᠵᠢ᠂ 1984 ᠤᠨ ᠤ 4 ᠰᠠᠷ  ᠠ ᠶᠢᠨ 14 ᠤ ᠡᠳᠦᠷ᠂ ᠮᠤᠩᠭᠤᠯ ᠤᠯᠤᠰ ᠤ ᠵᠠᠭᠠᠨ ᠴᠤᠯᠠᠲᠠᠨ ᠪᠦᠬᠡ᠂ ᠴᠠᠭᠳᠠᠭ᠎ ᠠ ᠶᠢᠨ ᠠᠯᠪᠠᠲᠠᠨ ᠷᠠᠭᠵᠶᠪᠤᠤ ᠶᠢᠨ ᠳᠠᠸᠠᠨᠢᠮ  ᠠ ᠶᠢᠨ 3 ᠬᠦᠦ ᠶᠢᠨ ᠬᠢᠨ ᠤᠳᠬᠤᠨ ᠬᠦᠦ ᠨᠢ ᠪᠤᠯᠵᠤ ᠵᠠᠶᠠᠭᠠᠵᠠᠢ᠃ ᠪᠢᠮᠪᠠᠳᠣᠷᠵᠢ ᠬᠠᠷᠠᠬᠠᠨ ᠪᠠᠭ᠎᠎ᠠ ᠡᠴᠡ ᠪᠠᠨ ᠪᠦᠬᠡ ᠪᠠᠷᠢᠯᠳᠤᠬᠤ ᠳᠤᠷᠠᠲᠠᠢ ᠬᠡᠦᠬᠡᠳ ᠪᠠᠶᠢᠭᠰᠠᠨ ᠶᠤᠮ᠃ ᠬᠤᠶᠠᠷ ᠠᠬ ᠠ ᠲᠠᠢ ᠪᠠᠨ ᠦᠷᠭᠦᠯᠵᠢ ᠪᠦᠬᠡ ᠪᠠᠷᠢᠯᠳᠤᠵᠤ ᠳᠤᠭᠯᠠᠳᠠᠭ ᠪᠠᠶᠢᠭᠰᠠᠨ ᠪᠦᠭᠡᠳ ᠠᠬ ᠠ ᠨᠠᠷ ᠲᠠᠭᠠᠨ ᠢᠯᠠᠭᠳᠠᠬᠤ ᠳᠤᠷ  ᠠ ᠦᠭᠡᠢ᠂ ᠲᠤᠩ ᠠᠲᠠᠭ᠎ ᠠ ᠲᠠᠢ ᠬᠡᠦᠬᠡᠳ ᠪᠠᠶᠢᠵᠠᠢ᠃ ᠪᠠᠭ᠎ ᠠ  ᠳᠤ ᠪᠠᠨ ᠤᠯᠠᠭᠠᠨᠪᠠᠭᠠᠲᠤᠷ ᠶᠢᠨ ᠵᠢᠶᠦᠦᠳᠤ᠋ ᠶᠢᠨ ᠪᠤᠯᠪᠠᠰᠤᠷᠠᠯ ᠤᠨ ᠭᠠᠵᠠᠷ ᠲᠤ ᠲᠠᠰᠬᠠᠯ ᠬᠢᠵᠤ ᠪᠠᠶᠢᠭᠰᠠᠨ ᠪᠦᠭᠡᠳ ᠲᠤᠬᠠᠢ ᠶᠢᠨ ᠦᠶᠡᠰ᠂ ᠠᠰᠠᠱᠢᠤᠷᠢᠶᠦ (朝青龍)᠂ ᠠᠰᠠᠽᠸᠺᠢᠷᠢᠶᠦ (朝赤龍) ᠪᠤᠯᠤᠨ ᠲᠥᠺᠦᠲᠢᠶᠠᠨᠺᠦ᠋ (時天空) ᠨᠠᠷ ᠲᠠᠢ ᠬᠠᠮᠲᠤ ᠪᠠᠷᠢᠯᠳᠤᠵᠤ ᠪᠠᠶᠢᠵᠠᠢ᠃ ᠪᠢᠮᠪᠠᠳᠣᠷᠵᠢ ᠪᠠᠰᠠ ᠪᠠᠭ᠎᠎ᠠ ᠡᠴᠡ ᠪᠠᠨ ᠵᠢᠷᠤᠭ ᠵᠢᠷᠤᠬᠤ ᠲᠤᠷᠠᠲᠠᠢ ᠪᠠᠶᠢᠭᠰᠠᠨ ᠪᠦᠭᠡᠳ ᠲᠤᠬᠠᠢ ᠦᠶ  ᠡ ᠳᠤ ᠬᠡᠳᠤᠨ ᠴᠠᠭ ᠶᠢᠡᠷ ᠵᠢᠷᠤᠭ ᠵᠢᠷᠤᠵᠤ ᠰᠠᠭᠤᠳᠠᠭ᠂ ᠠᠩᠬᠠᠷᠤᠯ ᠲᠦᠪᠯᠡᠷᠡᠩᠭᠦᠢ ᠬᠡᠦᠭᠡᠳ ᠪᠠᠶᠢᠭᠰᠠᠨ ᠪᠦᠭᠡᠳ᠂ ᠪᠠᠭ᠎᠎ᠠ ᠰᠤᠷᠭᠠᠭᠤᠯᠢ   ᠢᠢᠨ  ᠶᠢᠡᠨ ᠤᠷᠠᠨ ᠵᠢᠷᠤᠭ ᠤᠨ ᠦᠵᠡᠰᠭᠦᠯᠡᠩ ᠳᠤ ᠱᠠᠩᠨᠠᠯ ᠤᠯᠵᠤ ᠪᠠᠶᠢᠵᠠᠢ᠃
ᠲᠤᠬᠠᠢ ᠶᠢᠨ ᠦᠶᠡᠰ᠂ ᠶᠠᠫᠤᠨ ᠤ ᠰᠦᠮᠤ ᠶᠢᠨ ᠲᠠᠪᠴᠠᠩ ᠳᠤ ᠡᠷᠮᠡᠬᠡᠢ ᠪᠠᠷᠢᠯᠳᠤᠭᠠᠨ ᠶᠢᠡᠨ ᠦᠵᠡᠭᠦᠯᠵᠤ ᠶᠠᠪᠤᠵᠤ ᠪᠠᠶᠢᠭᠰᠠᠨ ᠳ᠋ᠠᠸᠠ ᠶᠢᠨ ᠪᠠᠲᠤᠪᠠᠶᠠᠷ (旭鷲山) ᠵᠢᠨ ᠪᠠᠷᠢᠯᠳᠤᠭᠠᠨ ᠢ ᠵᠢᠷᠤᠭᠲᠤ ᠡᠴᠡ ᠬᠠᠷᠠᠵᠤ ᠪᠠᠶᠢᠭᠰᠠᠨ ᠪᠦᠭᠡᠳ 2000 ᠤᠨ ᠤ 7 ᠰᠠᠷ ᠠ ᠳᠤ ᠪᠠᠲᠤᠪᠠᠶᠠᠷ ᠤᠨ ᠳᠡᠪᠵᠢᠶᠡᠨ ᠤ ᠠᠬᠠᠮᠠᠳ ᠪᠤᠯᠬᠤ ᠠᠰᠠᠬᠢᠹᠦᠵᠢ ᠰᠸᠶᠠ (旭富士 正也) ᠵᠢᠨ ᠮᠤᠩᠭᠤᠯ ᠳᠤ ᠶᠠᠪᠤᠭᠳᠠᠭᠤᠯᠤᠭᠰᠠᠨ ᠮᠤᠩᠭᠤᠯ ᠪᠦᠬᠡ ᠶᠢᠨ ᠮᠦᠷᠦᠶᠢᠴᠡᠭᠡᠨ ᠳᠤ ᠤᠷᠤᠯᠴᠠᠭᠰᠠᠨ 100 ᠭᠠᠷᠤᠢ ᠬᠡᠦᠬᠡᠳ ᠤᠨ ᠲᠤᠲᠤᠷ  ᠠ ᠡᠴᠡ ᠪᠢᠮᠪᠠᠳᠤᠷᠵᠢ ᠶᠢ ᠲᠤᠭᠤᠵᠠᠢ᠃ ᠲᠤᠬᠠᠢ ᠶᠢᠨ ᠦᠶᠡᠰ᠂ ᠪᠢᠮᠪᠠᠳᠤᠷᠵᠢ ᠶᠢᠨ ᠠᠪᠤ ᠨᠢ ᠴᠤ 《ᠮᠢᠨᠤ ᠬᠦᠦ ᠤᠬᠢᠯᠠᠵᠤ ᠪᠠᠶᠢᠭᠰᠠᠨ ᠴᠤ ᠪᠤᠴᠠᠵᠤ ᠢᠷᠡᠬᠦ ᠦᠭᠡᠢ ᠶᠤᠮ》 ᠭᠡᠵᠤ ᠬᠡᠯᠡᠵᠤ᠂ ᠡᠭᠦᠨ ᠢ ᠰᠤᠨᠤᠰᠤᠭᠰᠠᠨ ᠳᠡᠪᠵᠢᠶᠡᠨ ᠤ ᠡᠵᠡᠨ (親方) ᠰᠢᠭᠤᠳ ᠲᠡᠭᠦᠨ ᠢ ᠰᠤᠩᠭᠤᠵᠤ ᠠᠪᠤᠭᠰᠠᠨ ᠪᠢᠯᠡ᠃
2001 ᠤᠨ ᠤ 1 ᠰᠠᠷ  ᠠ ᠳᠤ ᠠᠮ᠎ ᠠ (安馬) ᠭᠡᠰᠡᠨ ᠰᠦᠮᠤ ᠶᠢᠨ ᠨᠡᠷ ᠎ᠠ (ᠰᠢᠺᠤᠨᠠ᠂ 四股名) ᠲᠠᠢ ᠡᠬᠢᠯᠡ ᠪᠠᠷᠢᠯᠳᠤᠵᠤ᠂ 3 ᠰᠠᠷ ᠠ ᠳᠤ ᠨᠢ ᠵᠢᠤᠨᠤᠺᠦᠴᠢ (序ノ口) ᠵᠢᠩᠳᠠᠭᠠᠨ ᠳᠤ 7᠌᠄ 0 ᠤᠨ ᠤᠨᠤᠭ᠋ ᠠ  ᠪᠡᠷ ᠲᠡᠷᠢᠭᠦᠯᠡᠵᠡᠢ᠃
2002 ᠤᠨ ᠤ 3 ᠰᠠᠷ  ᠠ ᠳᠤ 7᠌᠄ 0 ᠤᠨ ᠤᠨᠤᠭ᠋ ᠠ  ᠪᠡᠷ ᠰᠠᠨᠳᠠᠨᠮᠠᠢ (三段目) ᠵᠢᠩᠳᠠᠭᠠᠨ ᠳᠤ ᠲᠡᠷᠢᠭᠦᠯᠡᠵᠡᠢ᠃
2004 ᠤᠨ ᠤ 3 ᠰᠠᠷ  ᠠ ᠡᠴᠡ ᠵᠢᠶᠦᠦᠷᠢᠤ᠋ (十両) ᠵᠢᠩᠳᠠᠭᠠᠨ ᠳᠤ ᠳᠠᠪᠰᠢᠵᠤ᠂ 9 ᠰᠠᠷ  ᠠ ᠳᠤ ᠨᠢ 11᠄ 4 ᠶᠢᠨ ᠤᠨᠤᠭ᠋ ᠠ ᠪᠡᠷ ᠲᠤᠰ ᠵᠢᠩᠳᠠᠭᠠᠨ ᠳᠤ ᠪᠠᠨ ᠲᠡᠷᠢᠭᠦᠯᠡᠵᠡᠢ᠃ 11ᠰᠠᠷ  ᠠ ᠳᠤ ᠨᠢ ᠬᠠᠮᠤᠭ ᠤᠨ ᠳᠡᠭᠡᠳᠤ ᠵᠢᠩᠳᠠᠭᠠᠨ ᠪᠤᠯᠬᠤ ᠮᠠᠺᠦᠦᠴᠢ (幕内) ᠵᠢᠩᠳᠠᠭᠠᠨ ᠳᠤ ᠳᠠᠪᠰᠢᠵᠤ᠂ ᠲᠤᠰ ᠪᠠᠱᠤ (ᠲᠠᠯᠠᠪᠠᠢ) ᠶᠢᠨ 13 ᠳ᠋ᠡᠬᠢ ᠡᠳᠦᠷ ᠤᠨ ᠪᠠᠷᠢᠯᠳᠤᠭᠠᠨ ᠳᠤ ᠬᠥᠺᠦᠲᠥᠷᠢᠺᠢ (北勝力) ᠪᠡᠷ 8 ᠢᠯᠠᠵᠠᠢ᠃
2005ᠤᠨ ᠤ 1 ᠰᠠᠷ  ᠠ ᠶᠢᠨ ᠪᠠᠱᠤ ᠶᠢᠨ 13 ᠳ᠋ᠡᠬᠢ ᠡᠳᠦᠷ ᠠᠳᠠᠯᠢᠬᠠᠨ ᠮᠤᠩᠭᠤᠯ ᠰᠦᠮᠤᠴᠢᠨ ᠪᠤᠯᠬᠤ ᠠᠰᠠᠰᠸᠺᠢᠷᠢᠶᠦ (朝赤龍᠎) ᠪᠡᠷ 8 ᠢᠯᠠᠵᠠᠢ᠃ 14 ᠳᠡᠬᠢ ᠡᠳᠦᠷ ᠤᠭᠤᠴᠠ ᠤ ᠬᠡᠰᠡᠭ ᠨᠢ ᠶᠡᠬᠡ ᠡᠪᠡᠳᠴᠤ᠂ ᠡᠮᠨᠡᠯᠭᠡ ᠳᠤ ᠬᠦᠷᠴᠤ ᠤᠭᠤᠴᠠᠨ ᠤ ᠬᠡᠰᠡᠭ ᠤᠨ ᠢᠳᠡᠭᠡᠲᠤ ᠦᠷᠪᠢᠰᠦᠯ (臀部膿瘍) ᠬᠡᠮᠡᠨ ᠤᠨᠤᠰᠢᠯᠠᠭᠳᠠᠨ ᠵᠠᠰᠠᠵᠤ ᠰᠤᠪᠢᠯᠠᠬᠤ ᠴᠢᠬᠤᠯᠠᠲᠠᠢ ᠪᠤᠯᠬᠤᠷ ᠠᠮᠠᠷᠠᠯᠲᠠ ᠠᠪᠴᠠᠢ᠃ 3 ᠳ᠋ᠤᠭᠠᠷ ᠰᠠᠷ  ᠠ ᠶᠢᠨ ᠪᠠᠱᠤ ᠳᠤ 9᠌᠄ 6  ᠶᠢᠨ ᠤᠨᠤᠭ᠋ ᠠ ᠠᠪᠴᠤ᠂ ᠬᠡᠳᠦᠶᠢᠪᠡᠷ ᠢᠯᠠᠭᠰᠠᠨ ᠤᠨᠤᠭ᠋ ᠠ ᠨᠢ ᠬᠤᠶᠠᠷ ᠤᠷᠤᠨᠲᠤ ᠲᠤᠭ᠎ ᠠ ᠬᠦᠷᠦᠭᠡ ᠦᠭᠡᠢ ᠴᠤ᠂ ᠰᠦᠮᠤ ᠶᠢᠨ ᠠᠭᠤᠯᠭ᠎ ᠠ ᠨᠢ ᠲᠤᠩ ᠦᠨᠳᠦᠷ ᠦᠨᠡᠯᠡᠭᠳᠡᠵᠤ᠂ ᠤᠷᠠᠨ ᠪᠠᠷᠢᠯᠳᠤᠭᠠᠨ ᠤ ᠱᠠᠩᠨᠠᠯ (技能賞) ᠬᠦᠷᠲᠡᠵᠡᠢ᠃ ᠭᠡᠪᠡᠴᠤ᠂ 7 ᠰᠠᠷ  ᠠ ᠶᠢᠨ ᠪᠠᠱᠤ ᠪᠡᠷ 6᠌᠄ 9 ᠶᠢᠨ ᠤᠨᠤᠭ᠋ ᠠ ᠪᠡᠷ 8 ᠢᠯᠠᠵᠤ ᠴᠢᠳᠠᠭ᠎ ᠠ ᠦᠭᠡᠢ᠃
2006ᠤᠨ ᠤ 1ᠳ᠋ᠦ᠋ᠭᠡᠷ ᠰᠠᠷ  ᠠ ᠶᠢᠨ ᠪᠠᠱᠤ ᠶᠢᠨ 13 ᠳ᠋ᠡᠬᠢ ᠡᠳᠦᠷ᠂ ᠮᠡᠷᠭᠡᠵᠢᠯ ᠤᠨ ᠰᠦᠮᠤ ᠶᠢᠨ 68 ᠳ᠋ᠡᠬᠢ ᠠᠪᠤᠷᠭᠤ (ᠶᠤᠺᠤᠽᠡᠨᠠ) ᠠᠰᠠᠱᠢᠤᠷᠢᠶᠦ (朝青龍) ᠶᠢ ᠢᠯᠠᠵᠤ ᠠᠩᠬᠠᠨ ᠤ ᠠᠯᠲᠠᠨ ᠤᠳᠤ (ᠺᠢᠨᠪᠤᠰᠢ᠂ 金星) ᠤᠯᠵᠠᠢ᠃ 3 ᠳ᠋ᠤᠭᠠᠷ ᠰᠠᠷ  ᠠ ᠶᠢᠨ ᠪᠠᠱᠤ ᠪᠡᠷ ᠵᠡᠭᠦᠨ ᠤᠨ ᠮᠠᠭᠠᠰᠢᠷᠠ ᠶᠢᠨ ᠬᠤᠶᠠᠷᠳᠤᠭᠠᠷ ᠪᠠᠶᠢᠷᠢ ᠳᠤ ᠳᠠᠪᠰᠢᠨ ᠪᠠᠷᠢᠯᠳᠤᠵᠤ᠂ ᠤᠤᠽᠡᠺᠢ (ᠠᠷᠰᠠᠯᠠᠨ) ᠴᠤᠯᠠᠲᠠᠨ ᠺᠠᠶᠢᠤ᠋ (魁皇) ᠪᠤᠯᠤᠨ ᠺᠤᠲᠥᠰᠢᠶᠦ᠋ (琴欧州) ᠶᠢ ᠳᠠᠷᠠᠭᠠᠯᠠᠨ ᠢᠯᠠᠵᠤ᠂ 8᠄ 7 ᠶᠢᠨ ᠤᠨᠤᠭ᠋ ᠠ ᠪᠡᠷ ᠬᠤᠶᠠᠳᠡᠬᠢ ᠤᠳᠠᠭ᠎ᠠ ᠪᠠᠨ ᠤᠷᠠᠨ ᠪᠠᠷᠢᠯᠳᠤᠭᠠᠨ ᠤ ᠱᠠᠩᠨᠠᠯ (技能賞) ᠲᠤᠰᠴᠠᠢ᠃ ᠲᠡᠭᠡᠭᠡᠳ 5 ᠳ᠋ᠤᠭᠠᠷ ᠰᠠᠷ  ᠠ ᠶᠢᠨ ᠪᠠᠱᠤ ᠪᠡᠷ ᠵᠠᠭᠠᠨ (ᠺᠤᠮᠡᠰᠤᠪᠢ᠂ 小結) ᠴᠤᠯᠠ ᠳᠤ ᠭᠦᠷᠦᠭᠰᠡᠨ ᠪᠤᠯᠪᠠᠴᠤ᠂ 4᠄ 11 ᠶᠢᠨ ᠤᠨᠤᠭ᠋ ᠠ ᠲᠠᠢ ᠪᠡᠷ ᠶᠡᠬᠡ ᠢᠯᠠᠭᠳᠠᠵᠠᠢ᠃ 9 ᠳ᠋ᠦ᠋ᠭᠡᠷ ᠰᠠᠷ  ᠠ ᠶᠢᠨ ᠪᠠᠱᠤ ᠪᠡᠷ ᠬᠢᠷᠠᠮᠠᠺᠦ᠋ (平幕) ᠶᠢᠨ ᠳᠤᠮᠳᠠ ᠪᠠᠶᠢᠷᠢᠨ ᠡᠴᠡ ᠪᠠᠷᠢᠯᠳᠤᠭᠰᠠᠨ ᠪᠤᠯᠪᠠᠴᠤ᠂ 11᠄ 4  ᠶᠢᠨ ᠰᠢᠯᠢᠳᠡᠭ ᠤᠨᠤᠭ᠋ ᠠ ᠪᠡᠷ ᠠᠩᠬᠠᠨ ᠤ ᠳᠠᠶᠢᠴᠢᠨ ᠪᠠᠷᠢᠯᠳᠤᠭᠠᠨ ᠤ ᠱᠠᠩᠨᠠᠯ (敢闘賞) ᠲᠤᠰᠴᠠᠢ᠃
2007 ᠤᠨ ᠤ 1 ᠳ᠋ᠦ᠋ᠭᠡᠷ ᠰᠠᠷ  ᠠ ᠶᠢᠨ ᠪᠠᠱᠤ ᠪᠡᠷ᠂ ᠠᠰᠠᠱᠢᠤᠷᠢᠶᠦ (朝青龍) ᠶᠢ ᠨᠢᠭᠡ ᠤᠨᠤᠭ᠋ ᠠ ᠶᠢᠨ ᠵᠦᠷᠢᠶ  ᠡ ᠪᠡᠷ ᠳᠠᠭᠠᠵᠤ᠂ ᠲᠡᠷᠢᠭᠦᠯᠡᠬᠦ ᠪᠤᠯᠤᠮᠵᠢ ᠲᠠᠢ ᠪᠠᠶᠢᠭᠰᠠᠨ ᠲᠤᠶᠤᠨᠤᠰᠢᠮᠠ(豊ノ島) ᠶᠢ ᠢᠯᠠᠵᠤ᠂ ᠠᠰᠠᠱᠢᠤᠷᠢᠶᠦ ᠶᠢᠨ 20 ᠳ᠋ᠡᠬᠢ ᠤᠳᠠᠭ᠎ᠠ ᠪᠠᠨ ᠲᠡᠷᠢᠭᠦᠯᠡᠬᠦ ᠳᠤ ᠶᠡᠬᠡ ᠲᠤᠰᠠ ᠪᠤᠯᠵᠠᠢ᠃ ᠪᠠᠰᠠ ᠦᠪᠡᠷ ᠶᠢᠡᠨ ᠴᠤ ᠬᠠᠮᠤᠭ ᠰᠡᠭᠦᠯᠴᠢ ᠶᠢᠨ ᠡᠳᠦᠷ ᠺᠢᠰᠸᠨᠤᠰᠠᠲᠤ᠋ (稀勢の里) ᠶᠢ ᠢᠯᠠᠵᠤ᠂ 10᠄ 5 ᠶᠢᠨ ᠬᠤᠶᠠᠷ ᠤᠷᠤᠨᠲᠤ ᠤᠨᠤᠭ᠋ ᠠ ᠠᠪᠴᠠᠢ᠃ ᠳᠠᠷᠠᠭ᠋ ᠠ ᠨᠢ 3 ᠳ᠋ᠤᠭᠠᠷ ᠰᠠᠷ  ᠠ ᠶᠢᠨ ᠪᠠᠱᠤ ᠳᠤ ᠵᠠᠭᠠᠨ (ᠺᠤᠮᠡᠰᠤᠪᠢ᠂ 小結) ᠴᠤᠯᠠ ᠶᠢᠡᠨ ᠰᠡᠷᠭᠦᠭᠡᠵᠤ᠂ 4 ᠤᠳᠠᠭ᠎ᠠ ᠪᠠᠷᠢᠯᠳᠤᠵᠤ ᠶᠡᠷᠦ ᠡᠴᠡ ᠢᠯᠠᠵᠤ ᠦᠩᠭᠡᠷᠡᠭᠡ ᠦᠭᠡᠢ ᠪᠠᠶᠢᠭᠰᠠᠨ ᠴᠢᠤᠲᠠᠶᠢᠺᠠᠢ (千代大海) ᠶᠢ ᠢᠯᠠᠵᠤ᠂ 8᠄ 7 ᠶᠢᠨ ᠢᠯᠠᠯᠲᠠ ᠤᠯᠤᠭᠰᠠᠨ ᠪᠠ ᠰᠢᠨ᠎ ᠠ ᠭᠠᠷᠤᠳᠢ (ᠰᠸᠺᠢᠣᠠᠺᠢ᠂ 関脇) ᠴᠤᠯᠠᠲᠠᠨ ᠺᠤᠲᠤᠱᠢᠶᠤᠺᠢᠺᠦ᠋ (琴奨菊) 7᠄ 8 ᠶᠢᠨ ᠤᠨᠤᠭ᠋ ᠠ ᠪᠡᠷ ᠴᠤᠯᠠ ᠶᠢᠡᠨ ᠠᠯᠳᠠᠵᠤ᠂ ᠲᠡᠷᠡᠬᠦ ᠴᠤᠯᠠ ᠶᠢᠨ ᠤᠷᠤᠨ ᠨᠢ ᠬᠤᠭᠤᠰᠤᠨ ᠪᠠᠶᠢᠭᠰᠠᠨ ᠪᠤᠯᠬᠤᠷ᠂ ᠪᠢᠮᠪᠠᠳᠤᠷᠵᠢ (ᠠᠮ᠎ ᠠ᠂ 安馬) 5 ᠳ᠋ᠤᠭᠠᠷ ᠰᠠᠷ  ᠠ ᠶᠢᠨ ᠪᠠᠱᠤ ᠪᠡᠷ ᠰᠢᠨ᠎ ᠠ ᠭᠠᠷᠤᠳᠢ ᠴᠤᠯᠠ ᠳᠤ ᠬᠦᠷᠴᠡᠢ᠃ ᠲᠤᠰ ᠪᠠᠱᠤ ᠶᠢᠨ ᠬᠠᠮᠤᠭ ᠰᠡᠭᠦᠯᠴᠢ ᠶᠢᠨ ᠡᠳᠦᠷ᠂ 12᠄ 2 ᠶᠢᠨ ᠤᠨᠤᠭ᠋ ᠠ ᠲᠠᠢ ᠪᠠᠶᠢᠭᠰᠠᠨ ᠠᠰᠠᠱᠢᠤᠷᠢᠶᠦ (朝青龍) ᠶᠢ ᠢᠯᠠᠵᠤ᠂ 8᠌᠄ 7 ᠶᠢᠨ ᠢᠯᠠᠯᠲᠠ ᠪᠠᠶᠢᠭᠤᠯᠵᠠᠢ᠃ 7 ᠰᠠᠷ  ᠠ ᠶᠢᠨ ᠪᠠᠱᠤ ᠳᠤ 7᠄ 8 ᠶᠢᠨ ᠤᠨᠤᠭ᠋ ᠠ ᠪᠡᠷ ᠭᠠᠷᠤᠳᠢ ᠴᠤᠯᠠ ᠶᠢᠡᠨ ᠠᠯᠳᠠᠭᠰᠠᠨ ᠪᠤᠯᠪᠠᠴᠤ᠂ 9 ᠳ᠋ᠦ᠋ᠭᠡᠷ ᠰᠠᠷ  ᠠ ᠶᠢᠨ ᠪᠠᠱᠤ ᠳᠤ᠂ ᠤᠳᠤ ᠪᠤᠯᠲᠠᠯ  ᠠ7 ᠤᠳᠠᠭ᠎ᠠ ᠪᠠᠷᠢᠯᠳᠤᠭᠠᠳ ᠢᠯᠠᠵᠤ ᠴᠢᠳᠠᠭ᠎ ᠠ ᠦᠭᠡᠢ ᠪᠠᠶᠢᠭᠰᠠᠨ ᠬᠠᠺᠦᠬᠤ᠋ (白鵬) ᠠᠪᠤᠷᠭᠤ ᠶᠢ ᠬᠦᠵᠦᠭᠦᠳᠡᠵᠤ ᠬᠦᠮᠦᠷᠢᠬᠦ (首投げ) ᠮᠡᠬᠡ ᠪᠡᠷ 8 ᠳ᠋ᠡᠬᠢ ᠤᠳᠠᠭᠠᠨ ᠪᠠᠷᠢᠯᠳᠤᠭᠠᠨ ᠳᠤ ᠪᠠᠨ ᠢᠯᠠᠵᠤ᠂ ᠲᠤᠰ ᠪᠠᠱᠤ ᠪᠡᠷ 10᠄ 5 ᠶᠢᠨ ᠤᠨᠤᠭ᠋ ᠠ ᠠᠪᠴᠤ᠂ ᠪᠠᠰᠠ ᠬᠠᠺᠦᠬᠤ᠋ (白鵬) ᠠᠪᠤᠷᠭᠤ ᠶᠢ ᠢᠯᠠᠭᠰᠠᠨ ᠪᠠᠷᠢᠯᠳᠤᠭᠠᠨ ᠨᠢ ᠲᠤᠩ ᠦᠨᠳᠦᠷ ᠦᠨᠡᠯᠡᠯᠲᠡ ᠤᠯᠵᠤ᠂ ᠬᠠᠮᠤᠭ ᠠᠩᠬᠠᠨ ᠤ ᠭᠠᠷᠮᠠᠭᠠᠢ ᠪᠠᠷᠢᠯᠳᠤᠭᠠᠨ ᠤ ᠱᠠᠩᠨᠠᠯ (殊勲賞) ᠲᠤᠰᠴᠠᠢ᠃ ᠭᠡᠪᠡᠴᠤ ᠬᠤᠶᠠᠷ ᠭᠠᠷᠤᠳᠢ ᠴᠤᠯᠠᠲᠠᠨ (ᠰᠸᠺᠢᠣᠠᠺᠢ᠂ 関脇) ᠪᠠᠶᠢᠭᠰᠠᠨ ᠠᠰᠠᠰᠸᠺᠢᠷᠢᠶᠦ ‍(朝赤龍) ᠪᠤᠯᠤᠨ ᠠᠳᠠᠯᠢᠬᠠᠨ ᠳᠡᠪᠵᠢᠶᠡᠨ ᠤ ᠠᠮᠢᠨᠤᠰᠢᠺᠢ (安美錦) ᠨᠢ ᠪᠦᠷ 8 ᠢᠯᠠᠭᠰᠠᠨ ᠪᠤᠯᠬᠤᠷ ᠦᠪᠡᠷ ᠤᠨ ᠴᠤᠯᠠ ᠪᠠᠨ ᠪᠠᠲᠤᠯᠠᠵᠤ᠂ ᠠᠮ᠎ ᠠ(安馬) ᠭᠠᠷᠤᠳᠢ ᠴᠤᠯᠠᠨ ᠳᠤ ᠬᠦᠷᠴᠦ ᠳᠡᠶᠢᠯᠦᠭᠡ ᠦᠭᠡᠢ᠃ 11 ᠰᠠᠷ ᠠ ᠶᠢᠨ ᠪᠠᠱᠤ ᠶᠢᠨ 8 ᠳ᠋ᠦ᠋ᠭᠡᠷ ᠡᠳᠦᠷ᠂ ᠬᠠᠺᠦᠬᠤ᠋ (白鵬) ᠠᠪᠤᠷᠭᠤ ᠶᠢ ᠭᠠᠨᠵᠤᠭᠠᠯᠵᠤ (下手投げ) ᠬᠠᠶᠠᠭᠠᠳ᠂ ᠬᠤᠶᠠᠲᠡᠬᠢ ᠤᠳᠠᠭ᠎ᠠ ᠪᠠᠨ ᠭᠠᠷᠮᠠᠭᠠᠢ ᠪᠠᠷᠢᠯᠳᠤᠭᠠᠨ ᠤ ᠱᠠᠩᠨᠠᠯ (殊勲賞) ᠲᠤᠰᠴᠠᠢ᠃ ᠲᠤᠰ ᠪᠠᠱᠤ ᠶᠢᠨ 14 ᠳ᠋ᠡᠬᠢ ᠡᠳᠦᠷ ᠤᠨ ᠪᠠᠷᠢᠯᠳᠤᠭᠠᠨ ᠳᠤ ᠬᠠᠺᠦᠬᠤ᠋ (白鵬) ᠠᠪᠤᠷᠭᠤ ᠶᠢ ᠨᠢᠭᠡ ᠤᠨᠤᠭ᠋ ᠠ ᠶᠢᠨ ᠵᠦᠷᠢᠶ  ᠡ ᠪᠡᠷ ᠳᠠᠭᠠᠵᠤ᠂ ᠲᠡᠷᠢᠭᠦᠯᠡᠬᠦ ᠪᠤᠯᠤᠮᠵᠢ ᠲᠠᠢ ᠪᠠᠶᠢᠭᠰᠠᠨ ᠪᠠᠷᠦᠲᠤ᠋ (把瑠都) ᠶᠢ ᠢᠯᠠᠵᠤ᠂ ᠬᠠᠺᠦᠬᠤ᠋ (白鵬) ᠠᠪᠤᠷᠭᠤ ᠶᠢᠨ ᠲᠡᠷᠢᠭᠦᠯᠡᠬᠦ ᠳᠤ ᠶᠡᠬᠡ ᠲᠤᠰᠠ ᠪᠤᠯᠵᠤ᠂ ᠦᠪᠡᠷ ᠶᠢᠡᠨ ᠴᠤ ᠍10᠄ 5 ᠶᠢᠨ ᠰᠢᠯᠢᠳᠡᠭ ᠤᠨᠤᠭ᠋ ᠠ ᠠᠪᠤᠭᠰᠠᠨ ᠪᠤᠯᠬᠤᠷ ᠠᠷᠰᠯᠠᠨ ᠴᠤᠯᠠ(ᠤᠤᠽᠡᠺᠢ᠂ 大関) ᠳᠤ ᠬᠦᠷᠬᠦ ᠪᠤᠯᠤᠮᠵᠢ ᠦᠨᠳᠦᠷ ᠪᠤᠯᠵᠠᠢ᠃
2008 ᠤᠨ ᠤ 1 ᠰᠠᠷ  ᠠ ᠶᠢᠨ ᠪᠠᠱᠤ ᠪᠡᠷ 10 ᠡᠴᠡ ᠳᠡᠭᠡᠭᠰᠢ ᠢᠯᠠᠪᠠᠯ ᠠᠷᠰᠯᠠᠨ ᠴᠤᠯᠠ(ᠤᠤᠽᠡᠺᠢ᠂ 大関) ᠳ᠋ᠦ ᠬᠦᠷᠬᠦ ᠪᠤᠯᠤᠮᠵᠢ ᠶᠡᠬᠡ ᠪᠠᠶᠢᠭᠰᠠᠨ ᠪᠤᠯᠪᠠᠴᠤ 9᠄ 6 ᠶᠢᠨ ᠤᠨᠤᠭ᠋ ᠠ ᠪᠡᠷ ᠠᠷᠰᠯᠠᠨ ᠴᠤᠯᠠᠨ ᠳᠤ ᠬᠦᠷᠴᠤ ᠴᠢᠳᠠᠭ᠎ ᠠ ᠦᠭᠡᠢ᠃ ᠭᠡᠪᠡᠴᠤ 10 ᠳ᠋ᠡᠬᠢ ᠡᠳᠦᠷ ᠤᠨ ᠪᠠᠷᠢᠯᠳᠤᠭᠠᠨ ᠳᠤ ᠬᠠᠺᠦᠬᠤ᠋ (白鵬) ᠠᠪᠤᠷᠭᠤ ᠶᠢ ᠪᠠᠰᠠ ᠢᠯᠠᠭᠰᠠᠨ ᠪᠠᠷᠢᠯᠳᠤᠭᠠᠨ ᠨᠢ ᠦᠨᠳᠦᠷ ᠦᠨᠡᠯᠡᠭᠳᠡᠵᠤ᠂ ᠭᠤᠷᠪᠠᠳᠡᠬᠢ ᠤᠳᠠᠭᠠᠨ ᠤ ᠭᠠᠷᠮᠠᠭᠠᠢ ᠪᠠᠷᠢᠯᠳᠤᠭᠠᠨ ᠤ ᠱᠠᠩᠨᠠᠯ (殊勲賞) ᠲᠤᠰᠴᠠᠢ᠃ 3 ᠳ᠋ᠤᠭᠠᠷ ᠰᠠᠷ ᠠ ᠶᠢᠨ ᠪᠠᠱᠤ ᠪᠡᠷ ᠳᠦᠩᠭᠡᠵᠢ 8᠄ 7 ᠶᠢᠨ ᠤᠨᠤᠭ᠋ ᠠ ᠪᠡᠷ ᠭᠠᠷᠤᠳᠢ ᠴᠤᠯᠠ(ᠰᠸᠺᠢᠣᠠᠺᠢ᠂ 関脇)  ᠪᠠᠨ ᠪᠠᠲᠤᠯᠠᠵᠠᠢ᠃ 5 ᠳ᠋ᠤᠭᠠᠷ ᠰᠠᠷ ᠠ ᠶᠢᠨ ᠪᠠᠱᠤ ᠶᠢᠨ 10 ᠳ᠋ᠤᠭᠠᠷ ᠡᠳᠦᠷ ᠵᠠᠯᠭᠠᠭ᠎ ᠠ ᠪᠡᠷ ᠳᠦᠷᠪᠡᠳᠡᠬᠢ ᠤᠳᠠᠭ᠎ᠠ ᠪᠠᠨ ᠬᠠᠺᠦᠬᠤ᠋ (白鵬) ᠠᠪᠤᠷᠭᠤ ᠶᠢ ᠪᠠᠰᠠ ᠢᠯᠠᠵᠤ᠂ ᠪᠠᠰᠠ ᠴᠢᠤᠲᠠᠶᠢᠺᠠᠢ (千代大海) ᠪᠤᠯᠤᠨ ᠺᠤᠲᠤᠮᠢᠰᠸᠺᠢ (琴光喜) ᠬᠤᠶᠠᠷ ᠠᠷᠰᠯᠠᠨ (ᠤᠤᠽᠡᠺᠢ᠂ 大関)  ᠢ ᠢᠯᠠᠵᠤ᠂ ᠬᠡᠳᠦᠶᠢᠪᠡᠷ ᠬᠤᠶᠠᠷ ᠤᠷᠤᠨᠲᠤ ᠢᠯᠠᠯᠲᠠ ᠳᠤ ᠬᠦᠷᠴᠦ ᠴᠢᠳᠠᠭ᠎ ᠠ ᠦᠭᠡᠢ ᠴᠤ᠂ ᠰᠦᠮᠤ ᠶᠢᠨ ᠠᠭᠤᠯᠭ᠎ ᠠ ᠨᠢ ᠲᠤᠩ ᠦᠨᠳᠦᠷ ᠦᠨᠡᠯᠡᠭᠳᠡᠵᠤ᠂ ᠭᠤᠷᠪᠠᠳᠡᠬᠢ ᠤᠳᠠᠭ᠎ᠠ ᠪᠠᠨ ᠤᠷᠠᠨ ᠪᠠᠷᠢᠯᠳᠤᠭᠠᠨ ᠤ ᠱᠠᠩᠨᠠᠯ (技能賞) ᠲᠤᠰᠴᠠᠢ᠃ ᠍7 ᠰᠠᠷ  ᠠ ᠶᠢᠨ ᠪᠠᠱᠤ ᠳᠤ 7᠄ 1 ᠶᠢᠨ ᠤᠨᠤᠭ᠋ ᠠ ᠪᠡᠷ ᠲᠡᠷᠢᠭᠦᠯᠡᠬᠦ ᠪᠤᠯᠤᠮᠵᠢ ᠪᠠᠶᠢᠭᠰᠠᠨ ᠪᠤᠯᠪᠠᠴᠤ᠂ 9 ᠳᠦᠭᠡᠷ ᠡᠳᠦᠷ ᠤᠨ ᠪᠠᠷᠢᠯᠳᠤᠭᠠᠨ ᠳᠤ ᠸᠠᠺᠠᠨᠤᠬᠤ᠋ (若ノ鵬) ᠨᠢ ᠢᠯᠠᠭᠳᠠᠵᠤ᠂ ᠪᠠᠰᠠ ᠵᠡᠭᠦᠨ ᠡᠪᠦᠳᠦᠭ ᠶᠢᠡᠨ ᠪᠡᠷᠲᠡᠭᠡᠵᠤ᠂ ᠲᠤᠩ ᠬᠠᠷᠠᠮᠰᠠᠯᠲᠠᠢ ᠲᠤᠰ ᠪᠠᠱᠤ ᠳᠤ 10᠄ 5 ᠶᠢᠨ ᠤᠨᠤᠭ᠋ ᠠ ᠠᠪᠴᠠᠢ᠃ ᠭᠡᠪᠡᠴᠤ᠂ ᠳᠦᠷᠪᠡᠲᠡᠬᠢ ᠤᠳᠠᠭ᠎ᠠ ᠪᠠᠨ ᠤᠷᠠᠨ ᠪᠠᠷᠢᠯᠳᠤᠭᠠᠨ ᠤ ᠱᠠᠩᠨᠠᠯ (技能賞) ᠲᠤᠰᠴᠠᠢ᠃ ᠍9 ᠰᠠᠷ  ᠠ ᠶᠢᠨ ᠪᠠᠱᠤ ᠪᠡᠷ᠂ ᠬᠤᠶᠠᠷᠳᠤᠭᠠᠷ ᠡᠳᠦᠷ ᠨᠢ ᠺᠠᠺᠦᠷᠢᠶᠦ᠋ (鶴竜) ᠳ᠋ᠦ ᠢᠯᠠᠭᠳᠠᠵᠤ᠂ 10 ᠳ᠋ᠡᠬᠢ ᠡᠳᠦᠷ ᠬᠠᠺᠦᠬᠤ᠋ (白鵬) ᠠᠪᠤᠷᠭᠤ ᠳᠤ᠂ 13 ᠳ᠋ᠡᠬᠢ ᠡᠳᠦᠷ ᠭᠤᠡᠳᠤ᠋ (豪栄道) ᠳ᠋ᠦ ᠢᠯᠠᠭᠳᠠᠵᠤ᠂ 12᠄ 3 ᠤᠨᠤᠭ᠋ ᠠ ᠪᠡᠷ ᠲᠡᠷᠢᠭᠦᠯᠡᠵᠤ ᠴᠢᠳᠠᠭ᠎ ᠠ ᠦᠭᠡᠢ ᠴᠤ᠂ ᠳᠤᠮᠳᠠ ᠨᠢ ᠠᠮᠠᠷᠠᠭᠰᠠᠨ ᠠᠰᠠᠱᠢᠶᠦᠷᠢᠶᠦ ᠶᠢ ᠪᠠᠭᠲᠠᠭᠠᠨ᠂ ᠨᠢᠭᠡ ᠠᠪᠤᠷᠭᠤ᠂ 4 ᠠᠷᠰᠯᠠᠨ ᠢ ᠢᠯᠠᠭᠰᠠᠨ ᠬᠢᠷᠢ ᠪᠦᠲᠦᠮᠵᠢ ᠨᠢ ᠲᠤᠩ ᠦᠨᠳᠦᠷ ᠦᠨᠡᠯᠡᠭᠳᠡᠵᠤ᠂ ᠳᠦᠷᠪᠡᠳᠡᠬᠢ ᠤᠳᠠᠭ᠎ᠠ ᠪᠠᠨ ᠭᠠᠷᠮᠠᠭᠠᠢ ᠪᠠᠷᠢᠯᠳᠤᠭᠠᠨ ᠤ ᠱᠠᠩᠨᠠᠯ (殊勲賞) ᠲᠤᠰᠴᠤ᠂ ᠠᠷᠰᠯᠠᠨ ᠴᠤᠯᠠ ᠳᠤ ᠬᠦᠷᠬᠦ ᠪᠤᠯᠵᠤᠯ ᠴᠤ ᠦᠨᠳᠦᠷ ᠪᠤᠯᠵᠠᠢ᠃ 11 ᠳ᠋ᠦ᠋ᠭᠡᠷ ᠰᠠᠷ  ᠠ ᠶᠢᠨ ᠪᠠᠱᠤ ᠪᠡᠷ᠂ ᠭᠤᠷᠪᠠᠳᠤᠭᠠᠷ ᠡᠳᠦᠷ ᠨᠢ ᠺᠢᠰᠸᠨᠤᠰᠠᠲᠤ᠋ (稀勢の里) ᠳᠤ᠂ ᠳᠦᠷᠪᠡᠳᠦᠭᠡᠷ ᠡᠳᠦᠷ ᠨᠢ ᠭᠤᠡᠳᠤ᠋ (豪栄道) ᠳᠤ ᠢᠯᠠᠭᠳᠠᠵᠤ᠂ 2᠄ 2 ᠶᠢᠨ ᠤᠨᠤᠭ᠋ ᠠ ᠲᠠᠢ ᠪᠠᠶᠢᠭᠰᠠᠨ ᠪᠤᠯᠪᠠᠴᠤ᠂ ᠰᠡᠭᠦᠯ ᠤᠨ ᠪᠠᠷᠢᠯᠳᠤᠭᠠᠨ ᠳᠤ ᠠᠷᠰᠯᠠᠨ ᠨᠤᠭᠤᠳ ᠢ ᠵᠠᠯᠭᠠᠪᠡᠷ ᠢᠯᠠᠵᠤ᠂ ᠪᠠᠰᠠ 12 ᠳ᠋ᠤᠭᠠᠷ ᠡᠳᠦᠷ ᠬᠠᠺᠦᠬᠤ᠋ ᠠᠪᠤᠷᠭᠤ ᠶᠢ ᠢᠯᠠᠵᠤ᠂ ᠵᠠᠯᠭᠠᠪᠠᠷ 12 ᠢᠯᠠᠯᠲᠠ ᠪᠠᠶᠢᠭᠤᠯᠵᠤ᠂ ᠬᠠᠮᠤᠭ ᠰᠡᠭᠦᠯᠴᠢ ᠶᠢᠨ ᠡᠳᠦᠷ ᠬᠠᠺᠦᠬᠤ᠋ ᠠᠪᠤᠷᠭᠤ ᠲᠠᠢ ᠲᠡᠷᠢᠭᠦᠨ ᠪᠤᠯᠢᠶᠠᠯᠳᠤᠵᠤ᠂ ᠲᠤᠩ ᠰᠢᠷᠦᠭᠦᠨ ᠦᠷᠢᠰᠦᠯᠳᠤᠵᠤ᠂ 1ᠮᠢᠨ᠌᠋ᠦ᠋ᠲ᠂ 25 ᠰᠸᠺᠦ᠋ᠨᠲ ᠶᠢᠨ ᠤᠷᠲᠤ ᠪᠠᠷᠢᠯᠳᠤᠭᠠᠨ ᠭᠠᠷᠭᠠᠵᠤ᠂ ᠡᠴᠦᠰ ᠲᠤ ᠨᠢ ᠢᠯᠠᠭᠳᠠᠭᠰᠠᠨ ᠪᠤᠯᠪᠠᠴᠤ ᠬᠤᠶᠠᠭᠤᠯᠠ ᠪᠠᠨ ᠪᠦᠷ ᠪᠦᠬᠦ ᠬᠦᠴᠦ ᠪᠠᠨ ᠰᠢᠪᠬᠠᠭᠰᠠᠨ ᠰᠠᠶᠢᠬᠠᠨ ᠪᠠᠷᠢᠯᠳᠤᠭᠠᠨ ᠭᠠᠷᠭᠠᠵᠠᠢ᠃ 11 ᠰᠠᠷ  ᠠ ᠶᠢᠨ 26 ᠤ ᠡᠳᠦᠷ ᠪᠤᠯᠤᠭᠰᠠᠨ ᠰᠦᠮᠤ ᠶᠢᠨ ᠬᠤᠯᠪᠤᠭᠠᠨ ᠤ ᠬᠡᠷᠡᠭ ᠡᠷᠬᠢᠯᠡᠭᠴᠢᠳ ᠤᠨ ᠬᠤᠷᠠᠯ (相撲協会の臨時理事会) ᠳᠡᠭᠡᠷ ᠡ ᠠᠮ᠎ ᠠ (安馬) ᠶᠢᠨ 11 1 ᠳ᠋ᠦ᠋ᠭᠡᠷ ᠰᠠᠷ  ᠠ ᠶᠢᠨ ᠪᠠᠱᠤ ᠶᠢᠨ ᠪᠠᠷᠢᠯᠳᠤᠭᠠᠨ ᠨᠢ ᠲᠤᠩ ᠦᠨᠳᠦᠷ ᠦᠨᠡᠯᠡᠯᠲᠡ ᠤᠯᠵᠤ᠂ ᠠᠷᠰᠯᠠᠨ ᠴᠤᠯᠠ (ᠤᠤᠽᠡᠺᠢ᠂ 大関) ᠤᠯᠭᠤᠬᠤ ᠶᠠᠪᠤᠳᠠᠯ ᠢ ᠳᠠᠭᠤ ᠨᠢᠭᠡᠲᠡᠢ ᠵᠦᠪᠰᠢᠶᠡᠷᠡᠵᠡᠢ᠃ ᠪᠠᠰᠠ ᠲᠡᠭᠦᠨ ᠤ ᠰᠦᠮᠤ ᠶᠢᠨ ᠨᠡᠷ ᠡ ᠶᠢ ᠨᠢ ᠠᠮ᠎ ᠠ (安馬) ᠡᠴᠡ ᠬᠠᠷᠦᠮᠠᠹᠦᠵᠢ (日馬富士) ᠪᠤᠯᠭᠠᠵᠠᠢ᠃
2009 ᠤᠨ ᠤ 5 ᠳ᠋ᠤᠭᠠᠷ ᠰᠠᠷ  ᠠ ᠶᠢᠨ ᠪᠠᠱᠤ ᠪᠡᠷ᠂ ᠵᠠᠯᠭᠠᠪᠡᠷ 12 ᠢᠯᠠᠵᠤ᠂ 13 ᠳ᠋ᠡᠬᠢ ᠡᠳᠦᠷ ᠬᠠᠺᠦᠬᠤ᠋ (白鵬) ᠠᠪᠤᠷᠭᠤ ᠳᠤ ᠢᠯᠠᠭᠳᠠᠭᠰᠠᠨ ᠪᠤᠯᠪᠠᠴᠤ᠂ 14 ᠳᠡᠬᠢ ᠡᠳᠦᠷ ᠠᠪᠤᠷᠭᠤ ᠠᠰᠠᠱᠢᠶᠦᠷᠢᠶᠦ (朝青龍)  ᠶᠢ᠂ 15 ᠳᠡᠬᠢ ᠡᠳᠦᠷ ᠠᠷᠰᠯᠠᠨ ᠺᠥᠲᠥᠰᠢᠶᠦ᠋ (琴欧洲) ᠶᠢ ᠢᠯᠠᠵᠤ᠂ ᠬᠠᠺᠦᠬᠤ᠋ (白鵬) ᠠᠪᠤᠷᠭᠤ ᠲᠠᠢ ᠠᠳᠠᠯᠢᠬᠠᠨ14᠄ 1 ᠶᠢᠨ ᠤᠨᠤᠭ᠋ ᠠ ᠲᠠᠢ ᠪᠡᠷ ᠲᠡᠷᠢᠭᠦᠨ ᠢ ᠪᠤᠯᠢᠶᠠᠯᠳᠤᠵᠤ ᠢᠯᠠᠭᠠᠳ᠂ ᠦᠪᠡᠷ ᠤᠨ ᠠᠩᠬᠠᠨ ᠤ ᠲᠡᠷᠢᠭᠦᠨ ᠶᠢᠡᠨ ᠠᠪᠴᠤ᠂ ᠪᠠᠰᠠ ᠢᠰᠦᠭᠠᠬᠠᠮ᠎ᠠ ᠳᠡᠪᠵᠢᠶ᠎ᠡ(伊勢ヶ濱部屋) ᠶᠢᠨ ᠰᠦᠮᠤᠴᠢᠳ 40 ᠵᠢᠯ ᠳᠤ ᠲᠡᠷᠢᠭᠦᠯᠡᠵᠤ ᠴᠢᠳᠠᠭ᠎ ᠠ ᠦᠭᠡᠢ ᠪᠠᠶᠢᠭᠰᠠᠨ ᠲᠡᠮᠳᠡᠭᠯᠡᠯ ᠢ ᠡᠴᠦᠰᠯᠡᠭᠦᠯᠵᠠᠢ᠃
2011 ᠤᠨ ᠤ 7 ᠰᠠᠷ  ᠠ ᠶᠢᠨ ᠪᠠᠱᠤ ᠪᠡᠷ 14᠄ 1 ᠶᠢᠨ ᠤᠨᠤᠭ᠋ ᠠ ᠲᠠᠢ ᠪᠠᠶᠢᠭᠰᠠᠨ ᠬᠠᠺᠦᠬᠤ᠋ (白鵬) ᠠᠪᠤᠷᠭᠤ ᠶᠢ ᠢᠯᠠᠵᠤ᠂ ᠬᠤᠶᠠᠳᠤᠬᠢ ᠤᠳᠠᠭ᠎ᠠ ᠪᠠᠨ ᠲᠡᠷᠢᠭᠦᠯᠡᠵᠡᠢ᠃
2012 ᠤᠨ ᠤ 7 ᠰᠠᠷ  ᠠ ᠶᠢᠨ ᠪᠠᠱᠤ ᠪᠡᠷ ᠠᠳᠠᠯᠢᠬᠠᠨ ᠪᠦᠬᠦᠨ ᠢ ᠢᠯᠠᠵᠤ ᠪᠠᠶᠢᠭᠰᠠᠨ ᠬᠠᠺᠦᠬᠤ᠋ (白鵬) ᠠᠪᠤᠷᠭᠤ ᠶᠢ ᠢᠯᠠᠵᠤ ᠂ ᠪᠦᠬᠦᠨ ᠢ ᠢᠯᠠᠵᠤ ᠲᠡᠷᠢᠭᠦᠯᠡᠵᠡᠢ᠃ 9 ᠰᠠᠷ  ᠠ ᠶᠢᠨ ᠪᠠᠱᠤ ᠪᠡᠷ ᠴᠤ 14᠄ 1 ᠶᠢᠨ ᠤᠨᠤᠭ᠋ ᠠ ᠪᠡᠷ ᠨᠡᠬᠡᠵᠤ ᠪᠠᠶᠢᠭᠰᠠᠨ ᠬᠠᠺᠦᠬᠤ᠋ (白鵬) ᠠᠪᠤᠷᠭᠤ ᠶᠢ ᠢᠯᠠᠵᠤ ᠂ ᠬᠤᠶᠠᠳᠡᠬᠢ ᠤᠳᠠᠭ᠎ᠠ ᠪᠠᠨ ᠪᠦᠬᠦᠨ ᠢ ᠢᠯᠠᠵᠤ ᠲᠡᠷᠢᠭᠦᠯᠡᠵᠡᠢ᠃ ᠲᠡᠭᠡᠭᠡᠳ᠂ 9 ᠰᠠᠷ  ᠠ ᠶᠢᠨ 24 ᠤ ᠡᠳᠦᠷ ᠪᠤᠯᠤᠭᠰᠠᠨ ᠰᠦᠮᠤ ᠶᠢᠨ ᠬᠤᠯᠪᠤᠭᠠᠨ ᠤ ᠬᠡᠷᠡᠭ ᠡᠷᠬᠢᠯᠡᠭᠴᠢᠳ ᠤᠨ ᠬᠤᠷᠠᠯ (相撲協会の臨時理事会) ᠳᠡᠭᠡᠷ ᠡ ᠬᠠᠷᠦᠮᠠᠹᠦᠵᠢ (日馬富士)  ᠶᠢᠨ ᠠᠪᠤᠷᠭᠤ (ᠶᠣᠺᠣᠽᠦᠨᠠ᠂ 横綱) ᠪᠤᠯᠭᠠᠬᠤ ᠶᠠᠪᠤᠳᠠᠯ ᠢ ᠳᠠᠭᠤ ᠨᠢᠭᠡᠲᠡᠢ ᠵᠦᠪᠰᠢᠶᠡᠷᠡᠵᠡᠢ᠃ ᠲᠡᠭᠡᠭᠡᠳ ᠬᠠᠷᠦᠮᠠᠹᠦᠵᠢ (日馬富士) ᠨᠢ ᠮᠡᠷᠭᠡᠵᠢᠯ ᠦᠨ ᠰᠦᠮᠣ ᠶᠢᠨ 70 ᠳ᠋ᠠᠬᠢ ᠠᠪᠤᠷᠭᠤ᠂ ᠭᠠᠳᠠᠭᠠᠳᠤ ᠶᠢᠨ ᠰᠦᠮᠤᠴᠢᠳ ᠤᠨ ᠳᠤᠲᠤᠷ  ᠠ 5 ᠳ᠋ᠠᠬᠢ ᠠᠪᠤᠷᠭᠤ᠂ ᠮᠣᠩᠭᠣᠯ ᠤᠯᠤᠰ ᠤᠨ ᠰᠦᠮᠤᠴᠢᠳ ᠤᠨ ᠳᠤᠲᠤᠷ  ᠠ 3 ᠳ᠋ᠠᠬᠢ ᠠᠪᠤᠷᠭᠤ ᠪᠤᠯᠵᠠᠢ᠃
ᠠᠪᠤᠷᠭᠤ ᠪᠤᠯᠤᠭᠰᠠᠨ ᠤ ᠳᠠᠷᠠᠭ᠋ ᠠ᠂ 2013 ᠤᠨ ᠤ 1 ᠳ᠋ᠦ᠋ᠭᠡᠷ ᠰᠠᠷ  ᠠ ᠶᠢᠨ ᠪᠠᠱᠤ ᠪᠡᠷ ᠪᠦᠬᠦᠨ ᠢ ᠢᠯᠠᠵᠤ ᠲᠠᠪᠤᠳᠡᠬᠢ ᠤᠳᠠᠭ᠎ᠠ ᠪᠠᠨ ᠲᠡᠷᠢᠭᠦᠯᠡᠵᠤ᠂ ᠪᠠᠰᠠ᠂ ᠲᠤᠰ ᠵᠢᠯ ᠤᠨ 11 ᠰᠠᠷ  ᠠ ᠶᠢᠨ ᠪᠠᠱᠤ  ᠳᠤ ᠵᠢᠷᠭᠤᠳᠡᠬᠢ ᠤᠳᠠᠭ᠎ᠠ᠂ 2015 ᠤᠨ ᠤ 11 ᠰᠠᠷ  ᠠ ᠶᠢᠨ ᠪᠠᠱᠤ ᠳᠤ ᠳᠤᠯᠤᠳᠡᠬᠢ ᠤᠳᠠᠭ᠎ᠠ ᠪᠠᠨ ᠲᠡᠷᠢᠭᠦᠯᠡᠵᠡᠢ᠃
ᠠᠮᠵᠢᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]
ᠪᠠᠷᠠᠭᠤᠨ ᠤ ᠵᠢᠤᠨᠦᠺᠦ᠋ᠴᠢ ᠵᠢᠩᠳᠠᠭᠠᠨ #29
7–0
ᠵᠡᠭᠦᠨ ᠦ ᠵᠣᠨᠢᠳᠠᠨ ᠵᠢᠩᠳᠠᠭᠠᠨ #22
5–2
ᠪᠠᠷᠠᠭᠤᠨ ᠤ ᠰᠠᠨᠳᠠᠨᠮᠠᠢ ᠵᠢᠩᠳᠠᠭᠠᠨ #88
5–2
ᠵᠡᠭᠦᠨ ᠦ ᠰᠠᠨᠳᠠᠨᠮᠠᠢ ᠵᠢᠩᠳᠠᠭᠠᠨ #53
4–3
ᠵᠡᠭᠦᠨ ᠦ ᠰᠠᠨᠳᠠᠨᠮᠠᠢ ᠵᠢᠩᠳᠠᠭᠠᠨ #42
4–3
ᠪᠠᠷᠠᠭᠤᠨ ᠤ ᠰᠠᠨᠳᠠᠨᠮᠠᠢ ᠵᠢᠩᠳᠠᠭᠠᠨ #28
4–3
ᠪᠠᠷᠠᠭᠤᠨ ᠤ ᠰᠠᠨᠳᠠᠨᠮᠠᠢ ᠵᠢᠩᠳᠠᠭᠠᠨ #14
7–0
ᠪᠠᠷᠠᠭᠤᠨ ᠤ ᠮᠠᠺᠦᠰᠢᠲ᠋ᠠ ᠵᠢᠩᠳᠠᠭᠠᠨ #15
2–5
ᠪᠠᠷᠠᠭᠤᠨ ᠤ ᠮᠠᠺᠦᠰᠢᠲ᠋ᠠ ᠵᠢᠩᠳᠠᠭᠠᠨ #27
2–5
ᠵᠡᠭᠦᠨ ᠦ ᠮᠠᠺᠦᠰᠢᠲ᠋ᠠ ᠵᠢᠩᠳᠠᠭᠠᠨ #46
5–2
ᠪᠠᠷᠠᠭᠤᠨ ᠤ ᠮᠠᠺᠦᠰᠢᠲ᠋ᠠ ᠵᠢᠩᠳᠠᠭᠠᠨ #26
2–5
ᠵᠡᠭᠦᠨ ᠦ ᠮᠠᠺᠦᠰᠢᠲ᠋ᠠ ᠵᠢᠩᠳᠠᠭᠠᠨ #46
4–3
ᠵᠡᠭᠦᠨ ᠦ ᠮᠠᠺᠦᠰᠢᠲ᠋ᠠ ᠵᠢᠩᠳᠠᠭᠠᠨ #38
5–2
ᠵᠡᠭᠦᠨ ᠦ ᠮᠠᠺᠦᠰᠢᠲ᠋ᠠ ᠵᠢᠩᠳᠠᠭᠠᠨ #23
5–2
ᠵᠡᠭᠦᠨ ᠦ ᠮᠠᠺᠦᠰᠢᠲ᠋ᠠ ᠵᠢᠩᠳᠠᠭᠠᠨ #11
5–2
ᠵᠡᠭᠦᠨ ᠦ ᠮᠠᠺᠦᠰᠢᠲ᠋ᠠ ᠵᠢᠩᠳᠠᠭᠠᠨ #7
6–1
ᠵᠡᠭᠦᠨ ᠦ ᠮᠠᠺᠦᠰᠢᠲ᠋ᠠ ᠵᠢᠩᠳᠠᠭᠠᠨ #1
3–4
ᠪᠠᠷᠠᠭᠤᠨ ᠤ ᠮᠠᠺᠦᠰᠢᠲ᠋ᠠ ᠵᠢᠩᠳᠠᠭᠠᠨ #2
4–3
ᠵᠡᠭᠦᠨ ᠦ ᠵᠢᠶᠦᠦᠷᠢᠤ᠋ ᠵᠢᠩᠳᠠᠭᠠᠨ #12
10–5
ᠵᠡᠭᠦᠨ ᠦ ᠵᠢᠶᠦᠦᠷᠢᠤ᠋ ᠵᠢᠩᠳᠠᠭᠠᠨ #7
6–9
ᠵᠡᠭᠦᠨ ᠦ ᠵᠢᠶᠦᠦᠷᠢᠤ᠋ ᠵᠢᠩᠳᠠᠭᠠᠨ #9
9–6
ᠵᠡᠭᠦᠨ ᠦ ᠵᠢᠶᠦᠦᠷᠢᠤ᠋ ᠵᠢᠩᠳᠠᠭᠠᠨ #4
11–4
ᠪᠠᠷᠠᠭᠤᠨ ᠤ ᠮᠠᠠᠭᠠᠰᠢᠷᠠ #14
8–7
ᠵᠡᠭᠦᠨ ᠦ ᠮᠠᠠᠭᠠᠰᠢᠷᠠ #13
8–6–1
ᠪᠠᠷᠠᠭᠤᠨ ᠤ ᠮᠠᠠᠭᠠᠰᠢᠷᠠ #11
9–6
ᠵᠡᠭᠦᠨ ᠦ ᠮᠠᠠᠭᠠᠰᠢᠷᠠ # 9
8–7
ᠵᠡᠭᠦᠨ ᠦ ᠮᠠᠠᠭᠠᠰᠢᠷᠠ # 8
6–9
ᠵᠡᠭᠦᠨ ᠦ ᠮᠠᠠᠭᠠᠰᠢᠷᠠ #11
9–6
ᠪᠠᠷᠠᠭᠤᠨ ᠤ ᠮᠠᠠᠭᠠᠰᠢᠷᠠ # 5
7–8
ᠵᠡᠭᠦᠨ ᠦ ᠮᠠᠠᠭᠠᠰᠢᠷᠠ #6
9–6
ᠵᠡᠭᠦᠨ ᠦ ᠮᠠᠠᠭᠠᠰᠢᠷᠠ #2
8–7
ᠪᠠᠷᠠᠭᠤᠨ ᠤ ᠺᠣᠮᠡᠰᠦᠪᠢ
4–11
ᠵᠡᠭᠦᠨ ᠦ ᠮᠠᠠᠭᠠᠰᠢᠷᠠ #4
6–9
ᠵᠡᠭᠦᠨ ᠦ ᠮᠠᠠᠭᠠᠰᠢᠷᠠ #6
11–4
ᠵᠡᠭᠦᠨ ᠦ ᠮᠠᠠᠭᠠᠰᠢᠷᠠ #1
6–9
ᠵᠡᠭᠦᠨ ᠦ ᠮᠠᠠᠭᠠᠰᠢᠷᠠ #4
10–5
ᠪᠠᠷᠠᠭᠤᠨ ᠤ ᠺᠣᠮᠡᠰᠦᠪᠢ
8–7
ᠪᠠᠷᠠᠭᠤᠨ ᠤ ᠰᠡᠬᠢᠸᠠᠺᠢ
8–7
ᠪᠠᠷᠠᠭᠤᠨ ᠤ ᠰᠡᠬᠢᠸᠠᠺᠢ
7–8
ᠪᠠᠷᠠᠭᠤᠨ ᠤ ᠺᠣᠮᠡᠰᠦᠪᠢ
10–5
ᠵᠡᠭᠦᠨ ᠦ ᠺᠣᠮᠡᠰᠦᠪᠢ
10–5
ᠪᠠᠷᠠᠭᠤᠨ ᠤ ᠰᠡᠬᠢᠸᠠᠺᠢ
9–6
ᠵᠡᠭᠦᠨ ᠦ ᠰᠡᠬᠢᠸᠠᠺᠢ
8–7
ᠵᠡᠭᠦᠨ ᠦ ᠰᠡᠬᠢᠸᠠᠺᠢ
9–6
ᠵᠡᠭᠦᠨ ᠦ ᠰᠡᠬᠢᠸᠠᠺᠢ
10–5
ᠵᠡᠭᠦᠨ ᠦ ᠰᠡᠬᠢᠸᠠᠺᠢ
12–3
ᠵᠡᠭᠦᠨ ᠦ ᠰᠡᠬᠢᠸᠠᠺᠢ
13–2[3]
ᠵᠡᠭᠦᠨ ᠦ ᠣᠣᠽᠡᠺᠢ (ᠠᠷᠰᠠᠯᠠᠨ) #3
8–7
ᠪᠠᠷᠠᠭᠤᠨ ᠤ ᠣᠣᠽᠡᠺᠢ (ᠠᠷᠰᠠᠯᠠᠨ) #2
10–5
ᠪᠠᠷᠠᠭᠤᠨ ᠤ ᠣᠣᠽᠡᠺᠢ (ᠠᠷᠰᠠᠯᠠᠨ)
14–1[3]
ᠵᠡᠭᠦᠨ ᠦ ᠣᠣᠽᠡᠺᠢ (ᠠᠷᠰᠠᠯᠠᠨ)
9–6
ᠵᠡᠭᠦᠨ ᠦ ᠣᠣᠽᠡᠺᠢ (ᠠᠷᠰᠠᠯᠠᠨ) #2
9–6
ᠵᠡᠭᠦᠨ ᠦ ᠣᠣᠽᠡᠺᠢ (ᠠᠷᠰᠠᠯᠠᠨ) #2
9–6
ᠪᠠᠷᠠᠭᠤᠨ ᠤ ᠣᠣᠽᠡᠺᠢ (ᠠᠷᠰᠠᠯᠠᠨ)
10–5
ᠵᠡᠭᠦᠨ ᠦ ᠣᠣᠽᠡᠺᠢ (ᠠᠷᠰᠠᠯᠠᠨ)
10–5
ᠵᠡᠭᠦᠨ ᠦ ᠣᠣᠽᠡᠺᠢ (ᠠᠷᠰᠠᠯᠠᠨ)
9–6
ᠪᠠᠷᠠᠭᠤᠨ ᠤ ᠣᠣᠽᠡᠺᠢ (ᠠᠷᠰᠠᠯᠠᠨ)
10–5
ᠵᠡᠭᠦᠨ ᠦ ᠣᠣᠽᠡᠺᠢ (ᠠᠷᠰᠠᠯᠠᠨ)
8–7
ᠵᠡᠭᠦᠨ ᠦ ᠣᠣᠽᠡᠺᠢ (ᠠᠷᠰᠠᠯᠠᠨ) #2
0–4–11[4]
ᠪᠠᠷᠠᠭᠤᠨ ᠤ ᠣᠣᠽᠡᠺᠢ (ᠠᠷᠰᠠᠯᠠᠨ) #2
8–7[5]
ᠲᠡᠮᠡᠴᠡᠭᠡᠨ
ᠪᠣᠯᠤᠭ᠎ᠠ ᠦᠭᠡᠢ
ᠪᠠᠷᠠᠭᠤᠨ ᠤ ᠣᠣᠽᠡᠺᠢ (ᠠᠷᠰᠠᠯᠠᠨ) #2
10–5
ᠪᠠᠷᠠᠭᠤᠨ ᠤ ᠣᠣᠽᠡᠺᠢ (ᠠᠷᠰᠠᠯᠠᠨ)
14–1
ᠵᠡᠭᠦᠨ ᠦ ᠣᠣᠽᠡᠺᠢ (ᠠᠷᠰᠠᠯᠠᠨ)
8–7
ᠪᠠᠷᠠᠭᠤᠨ ᠤ ᠣᠣᠽᠡᠺᠢ (ᠠᠷᠰᠠᠯᠠᠨ)
8–7
ᠪᠠᠷᠠᠭᠤᠨ ᠤ ᠣᠣᠽᠡᠺᠢ (ᠠᠷᠰᠠᠯᠠᠨ) #2
11–4
ᠪᠠᠷᠠᠭᠤᠨ ᠤ ᠣᠣᠽᠡᠺᠢ (ᠠᠷᠰᠠᠯᠠᠨ)
11–4
ᠵᠡᠭᠦᠨ ᠦ ᠣᠣᠽᠡᠺᠢ (ᠠᠷᠰᠠᠯᠠᠨ)
8–7
ᠪᠠᠷᠠᠭᠤᠨ ᠤ ᠣᠣᠽᠡᠺᠢ (ᠠᠷᠰᠠᠯᠠᠨ) #2
15–0
ᠵᠡᠭᠦᠨ ᠦ ᠣᠣᠽᠡᠺᠢ (ᠠᠷᠰᠠᠯᠠᠨ)
15–0
ᠪᠠᠷᠠᠭᠤᠨ ᠤ ᠶᠣᠺᠣᠽᠦᠨᠠ (ᠠᠪᠤᠷᠭᠤ)
9–6
ᠪᠠᠷᠠᠭᠤᠨ ᠤ ᠶᠣᠺᠣᠽᠦᠨᠠ (ᠠᠪᠤᠷᠭᠤ)
15–0
ᠵᠡᠭᠦᠨ ᠦ ᠶᠣᠺᠣᠽᠦᠨᠠ (ᠠᠪᠤᠷᠭᠤ)
9–6
ᠵᠡᠭᠦᠨ ᠦ ᠶᠣᠺᠣᠽᠦᠨᠠ (ᠠᠪᠤᠷᠭᠤ)
11–4
ᠪᠠᠷᠠᠭᠤᠨ ᠤ ᠶᠣᠺᠣᠽᠦᠨᠠ (ᠠᠪᠤᠷᠭᠤ)
10–5
ᠪᠠᠷᠠᠭᠤᠨ ᠤ ᠶᠣᠺᠣᠽᠦᠨᠠ (ᠠᠪᠤᠷᠭᠤ)
10–5
ᠪᠠᠷᠠᠭᠤᠨ ᠤ ᠶᠣᠺᠣᠽᠦᠨᠠ (ᠠᠪᠤᠷᠭᠤ)
14–1
ᠵᠡᠭᠦᠨ ᠦ ᠶᠣᠺᠣᠽᠦᠨᠠ (ᠠᠪᠤᠷᠭᠤ) #1
ᠥᠨᠵᠢᠭᠰᠡᠨ
0–0–15
ᠪᠠᠷᠠᠭᠤᠨ ᠤ ᠶᠣᠺᠣᠽᠦᠨᠠ (ᠠᠪᠤᠷᠭᠤ) #1
12–3
ᠪᠠᠷᠠᠭᠤᠨ ᠤ ᠶᠣᠺᠣᠽᠦᠨᠠ (ᠠᠪᠤᠷᠭᠤ) #1
11–4
ᠪᠠᠷᠠᠭᠤᠨ ᠤ ᠶᠣᠺᠣᠽᠦᠨᠠ (ᠠᠪᠤᠷᠭᠤ) #1
10–5
ᠵᠡᠭᠦᠨ ᠦ ᠶᠣᠺᠣᠽᠦᠨᠠ (ᠠᠪᠤᠷᠭᠤ) #2
3–2–10
ᠵᠡᠭᠦᠨ ᠦ ᠶᠣᠺᠣᠽᠦᠨᠠ (ᠠᠪᠤᠷᠭᠤ) #2
11–4
ᠵᠡᠭᠦᠨ ᠦ ᠶᠣᠺᠣᠽᠦᠨᠠ (ᠠᠪᠤᠷᠭᠤ) #2
11–4
ᠪᠠᠷᠠᠭᠤᠨ ᠤ ᠶᠣᠺᠣᠽᠦᠨᠠ (ᠠᠪᠤᠷᠭᠤ) #1
10–5
ᠪᠠᠷᠠᠭᠤᠨ ᠤ ᠶᠣᠺᠣᠽᠦᠨᠠ (ᠠᠪᠤᠷᠭᠤ) #1
11–4
ᠪᠠᠷᠠᠭᠤᠨ ᠤ ᠶᠣᠺᠣᠽᠦᠨᠠ (ᠠᠪᠤᠷᠭᠤ) #1
1–1–13
ᠵᠡᠭᠦᠨ ᠦ ᠶᠣᠺᠣᠽᠦᠨᠠ (ᠠᠪᠤᠷᠭᠤ) #2
ᠥᠨᠵᠢᠭᠰᠡᠨ
0–0–15
ᠵᠡᠭᠦᠨ ᠦ ᠶᠣᠺᠣᠽᠦᠨᠠ (ᠠᠪᠤᠷᠭᠤ) #2
13–2
ᠵᠡᠭᠦᠨ ᠦ ᠶᠣᠺᠣᠽᠦᠨᠠ (ᠠᠪᠤᠷᠭᠤ)
12–3
ᠵᠡᠭᠦᠨ ᠦ ᠶᠣᠺᠣᠽᠦᠨᠠ (ᠠᠪᠤᠷᠭᠤ)
9–6
ᠵᠡᠭᠦᠨ ᠦ ᠶᠣᠺᠣᠽᠦᠨᠠ (ᠠᠪᠤᠷᠭᠤ) #2
10–5
x
x
x
ᠬᠦᠰᠦᠨᠦᠭ ᠪᠣᠯᠭᠠᠨ ᠳᠠᠬᠢ ᠲᠣᠭ᠎ᠠ ᠨᠢ 《ᠳᠠᠪᠠᠭ᠎ᠠ ᠤᠨᠤᠭ᠎ᠠ ᠍ ᠥᠨᠵᠢᠭᠡ》 ᠍ ᠢ ᠢᠯᠡᠷᠬᠡᠶᠢᠯᠡᠨ᠎ᠡ᠃    ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠵᠣᠳᠣᠭ ᠲᠠᠶᠢᠯᠤᠭᠰᠠᠨ ᠵᠢᠭᠤᠷᠶᠣ᠂ ᠮᠠᠺᠦᠰᠢᠲ᠋ᠠ ᠵᠢᠩᠳᠠᠭᠠᠨ
ᠲᠤᠰᠬᠠᠢ ᠱᠠᠩᠨᠠᠯ: =ᠳᠠᠶᠢᠴᠢᠨ ᠪᠠᠷᠢᠯᠳᠤᠭᠠᠨ ᠤ ᠱᠠᠩᠨᠠᠯ =ᠭᠠᠷᠮᠠᠭᠠᠢ ᠪᠠᠷᠢᠯᠳᠤᠭᠠᠨ ᠤ ᠱᠠᠩᠨᠠᠯ =ᠤᠷᠠᠨ ᠪᠠᠷᠢᠯᠳᠤᠭᠠᠨ ᠤ ᠱᠠᠩᠨᠠᠯ     ᠪᠤᠰᠤᠳ: =ᠺᠢᠨᠪᠣᠰᠢ(ᠠᠯᠲᠠᠨ ᠤᠳᠤ)
ᠵᠢᠨᠳᠠᠮᠠᠺᠦᠦ᠋ᠴᠢ ᠵᠢᠩᠳᠠᠭᠠᠨ - ᠵᠢᠶᠦᠦᠷᠢᠤ᠋ ᠵᠢᠩᠳᠠᠭᠠᠨ - ᠮᠠᠺᠦᠰᠢᠲ᠋ᠠ ᠵᠢᠩᠳᠠᠭᠠᠨ - ᠰᠠᠨᠳᠠᠨᠮᠠᠢ ᠵᠢᠩᠳᠠᠭᠠᠨ - ᠵᠣᠨᠢᠳᠠᠨ ᠵᠢᠩᠳᠠᠭᠠᠨ - ᠵᠢᠤᠨᠦᠺᠦ᠋ᠴᠢ ᠵᠢᠩᠳᠠᠭᠠᠨ
ᠴᠣᠯᠠᠶᠣᠺᠣᠽᠦᠨᠠ (ᠠᠪᠤᠷᠭᠤ) - ᠣᠣᠽᠡᠺᠢ (ᠠᠷᠰᠠᠯᠠᠨ) - ᠰᠡᠬᠢᠸᠠᠺᠢ - ᠺᠣᠮᠡᠰᠦᠪᠢ - ᠮᠠᠠᠭᠠᠰᠢᠷᠠ (《#ᠲᠣᠭ᠎ᠠ》 ᠨᠢ ᠡᠷᠡᠮᠪᠠ ᠶᠢ ᠢᠯᠡᠳᠬᠡᠨ᠎ᠡ)
ᠡᠰᠢᠯᠡᠯ᠂ ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]
1. "日馬、横綱昇進が正式決定", ᠨᠢκκᠠᠨ ᠰᠫᠣᠷᠲ, 2012 9 ᠰᠠᠷ᠎ᠠ ᠶᠢᠨ 26. 2012 ᠣᠨ ᠤ 9 ᠰᠠᠷ᠎ᠠ ᠶᠢᠨ 26 ᠍ ᠳᠦ ᠠᠪᠤᠭᠰᠠᠨ᠃ (ᠶᠠᠫᠣᠨ ᠬᠡᠯᠡ)
2. ᠰᠡᠭᠦᠯᠴᠢ ᠶᠢᠨ ᠬᠤᠷ᠎ᠠ. ᠥᠨᠥᠳᠥᠷ ᠰᠣᠨᠢᠨ (2009-06-12). 2009 ᠣᠨ ᠤ 6 ᠰᠠᠷ᠎ᠠ ᠶᠢᠨ 12 ᠍ ᠳᠦ ᠬᠠᠨᠳᠤᠭᠰᠠᠨ᠃
3. 3.0 3.1 ᠬᠠᠺᠥᠬᠤ᠋ᠲᠠᠢ ᠦᠵᠦᠭᠦᠷ ᠨᠤᠭᠤᠭᠠᠨ ᠪᠠ ᠤᠯᠠᠪᠤᠷ ᠨᠢ ᠲᠡᠷᠢᠭᠦᠯᠡᠭᠰᠡᠨ ᠪᠠ ᠪᠤᠯᠢᠶᠠᠯᠳᠤᠭᠰᠠᠨ᠃
4. ᠭᠡᠮᠲᠦᠯ ᠦᠨ ᠤᠯᠠᠮ ᠠᠴᠠ ᠲᠡᠮᠡᠴᠡᠭᠡᠨ ᠢ ᠳᠤᠮᠳᠠ ᠠᠴᠠ ᠣᠷᠬᠢᠭᠰᠠᠨ
5. ᠺᠠᠳ᠋ᠣᠪᠠᠨ ᠣᠣᠽᠡᠺᠢ (ᠠᠷᠰᠠᠯᠠᠨ)
ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]
ᠪᠢᠴᠢᠭᠡᠰᠦ
ᠬᠠᠷᠤᠮᠠᠹᠦᠵᠢ ᠺᠣᠬᠡᠢ
1 ᠰᠠᠷ᠎ᠠ
ᠡᠬᠢᠨ ᠤ ᠪᠠᠱᠣ (ᠲᠣᠤᠺᠢᠣ᠋)
3 ᠰᠠᠷ᠎ᠠ
ᠬᠠᠪᠤᠷ ᠤᠨ ᠪᠠᠱᠣ (ᠣᠤᠰᠠᠺᠠ)
5 ᠰᠠᠷ᠎ᠠ
ᠵᠤᠨ ᠤ ᠪᠠᠱᠣ (ᠲᠣᠤᠺᠢᠣ᠋)
7 ᠰᠠᠷ᠎ᠠ
ᠨᠠᠭᠤᠶᠠ ᠪᠠᠱᠣ (ᠠᠶᠢᠴᠢ ᠮᠤᠵᠢ)
9 ᠰᠠᠷ᠎ᠠ
ᠨᠠᠮᠤᠷ ᠤᠨ ᠪᠠᠱᠣ (ᠲᠣᠤᠺᠢᠣ᠋)
11 ᠰᠠᠷ᠎ᠠ
ᠺᠢᠶᠦᠦᠱᠢᠦᠦ ᠪᠠᠱᠣ (ᠹᠦᠺᠥᠣᠺᠠ)
2001 ᠣᠨ
(ᠡᠮᠦᠨ᠎ ᠡ ᠬᠤᠭᠤᠴᠠᠭ᠎ ᠠ)