ᠳᠠᠷᠬᠠᠳ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠳᠠᠷᠬᠠᠳ ᠨᠢ ᠬᠥᠪᠰᠥᠭᠥᠯ ᠠᠶᠢᠮᠠᠭ ᠤᠨ ᠪᠠᠷᠠᠭᠤᠨ ᠰᠤᠮᠤᠳᠠᠷ᠎ᠠ ᠨᠤᠲᠤᠭ ᠲᠠᠢ ᠮᠣᠩᠭᠣᠯ ᠦᠨᠳᠦᠰᠦ ᠳᠦ ᠶᠠᠰᠤᠲᠠᠨ ᠶᠤᠮ᠃ ᠬᠥᠪᠰᠥᠭᠥᠯ ᠠᠶᠢᠮᠠᠭ ᠤᠨ ᠪᠠᠶᠠᠨᠵᠢᠷᠦᠬᠡᠷᠢᠨᠴᠢᠩᠯᠬᠦᠮᠪᠦᠤᠯᠠᠭᠠᠨ-ᠠᠭᠤᠯᠠᠴᠠᠭᠠᠨᠨᠠᠭᠤᠷ ᠰᠤᠮᠤ ᠶᠢᠨ ᠨᠤᠲᠤᠭ ᠢᠶᠠᠷ ᠭᠣᠣᠯᠴᠢᠯᠠᠨ ᠠᠮᠢᠳᠤᠷᠠᠳᠠᠭ᠃ ᠳᠠᠷᠬᠠᠳ ᠤᠳ ᠨᠢ ᠭᠣᠣᠯᠳᠠᠭᠤ ᠮᠣᠩᠭᠣᠯ ᠣᠪᠤᠭ ᠤᠳ ᠠᠴᠠ ᠭᠠᠷᠤᠯ ᠲᠠᠢ ᠪᠠ ᠲᠦᠷᠦᠭᠰᠠᠮᠤᠧᠳᠢ ᠤᠭᠰᠠᠭᠠᠨ ᠤ ᠣᠪᠤᠭ ᠤᠳ ᠴᠤ ᠬᠣᠯᠢᠯᠳᠤᠭᠰᠠᠨ ᠭᠡᠵᠦ ᠦᠵᠡᠳᠡᠭ᠃ ᠮᠥᠨ ᠲᠤᠸᠠᠴᠠᠲᠠᠨᠭᠤᠤ ᠳᠤ ᠪᠦᠷᠢᠯᠳᠦᠬᠦᠨ ᠳᠦ ᠨᠢ ᠣᠷᠣᠭᠰᠠᠨ ᠪᠠᠶᠢᠵᠤ ᠪᠣᠯᠬᠤ ᠶᠤᠮ᠃ ᠳᠠᠷᠬᠠᠳ ᠤᠳ ᠪᠥᠭᠡ ᠮᠥᠷᠭᠥᠯ ᠢ ᠭᠣᠣᠯᠯᠠᠨ ᠰᠢᠲᠦᠳᠡᠭ᠃ ᠳᠠᠷᠬᠠᠳ ᠤᠨ ᠬᠣᠲᠣᠭᠣᠷ ᠨᠢ ᠲᠡᠳᠡᠨ ᠦ ᠨᠡᠷ᠎ᠡ ᠪᠡᠷ ᠨᠡᠷᠡᠯᠡᠭᠳᠡᠵᠡᠢ᠃ ᠮᠣᠩᠭᠣᠯ ᠬᠡᠯᠡᠨᠢᠭᠢ ᠳᠠᠷᠬᠠᠳ ᠠᠶᠠᠯᠭ᠎ᠠᠠᠷᠤ ᠶᠠᠷᠢᠯᠴᠠᠳᠠᠭ᠃ ᠮᠥᠨ ᠳᠠᠷᠬᠠᠳ ᠬᠡᠮᠡᠬᠦ ᠨᠡᠷᠡ ᠥᠨᠳᠥᠷ ᠭᠡᠭᠡᠨ ᠵᠠᠨᠠᠪᠠᠽᠠᠷ ᠤᠨ ᠬᠠᠷᠢᠶᠠᠲᠤ ᠱᠠᠪᠢ ᠠᠷᠠᠳ ᠤᠨ ᠨᠡᠷᠡᠨ ᠡᠴᠡ ᠡᠭᠦᠰᠦᠭᠰᠡᠨ ᠭᠡᠵᠦ ᠡᠷᠳᠡᠮᠲᠡᠨ ᠵ᠃ᠰᠡᠸᠡᠩ᠂ ᠭ᠃ᠳ᠃ᠰᠠᠨᠵᠢᠪ᠂ ᠰ᠃ᠪᠠᠳᠮᠠᠬᠠᠲᠠᠨ ᠨᠠᠷᠠ ᠦᠵᠡᠵᠡᠢ᠃ ᠡᠨᠡ ᠲᠤᠬᠠᠢ ᠳᠠᠷᠬᠠᠨ ᠱᠠᠪᠢ ᠭᠡᠳᠡᠭ ᠳᠣᠮᠣᠭ ᠪᠤᠢ᠃

ᠲᠡᠳᠡ ᠡᠷᠲᠡ ᠴᠠᠭ ᠲᠤ ᠣᠶᠢᠷᠠᠳ ᠪᠣᠯᠤᠨ ᠬᠣᠲᠣᠭᠣᠶᠢᠳ ᠍ ᠤᠨ ᠪᠦᠷᠢᠯᠳᠦᠬᠦᠨ ᠳᠦ ᠪᠠᠭᠲᠠᠳᠠᠭ ᠪᠠᠶᠢᠪᠠ᠃ 1549 ᠍ ᠰ 1686 ᠣᠨ ᠤ ᠬᠣᠭᠣᠷᠣᠨᠳᠣ ᠲᠡᠳᠡ ᠵᠠᠰᠠᠭᠲᠤ ᠬᠠᠨ ᠠᠶᠢᠮᠠᠭ᠂ ᠬᠣᠲᠣᠭᠣᠶᠢᠳ ᠤᠨ ᠠᠯᠲᠠᠨ ᠬᠠᠨ ᠳᠤ ᠬᠠᠷᠢᠶᠠᠯᠠᠭᠳᠠᠵᠤ ᠪᠠᠶᠢᠭᠠᠳ 1786 ᠣᠨ ᠳᠤ ᠵᠠᠪᠽᠠᠨᠳᠠᠮᠪᠠ ᠬᠤᠲᠤᠭᠲᠤ ᠍ ᠤᠨ ᠶᠡᠬᠡ ᠱᠠᠪᠢ ᠪᠣᠯᠵᠠᠢ᠃ ᠲᠡᠳᠡᠨ ᠢ ᠵᠠᠷᠢᠮ ᠳᠤ ᠪᠠᠨ ᠬᠠᠷ᠎ᠠ ᠳᠠᠷᠬᠠᠳ ᠭᠡᠳᠡᠭ᠃

2000 ᠣᠨ ᠤ ᠲᠣᠭᠠᠯᠠᠯᠭ᠎ᠠ ᠪᠠᠷ ᠥᠪᠡᠷ ᠢ ᠪᠡᠨ ᠳᠠᠷᠬᠠᠳ ᠭᠡᠵᠦ ᠪᠦᠷᠢᠳᠬᠡᠭᠦᠯᠦᠭᠰᠡᠨ 16,268 ᠬᠦᠮᠦᠨ ᠲᠣᠭᠠᠯᠠᠭᠳᠠᠭᠰᠠᠨ ᠪᠠᠶᠢᠨ᠎ᠠ᠃

ᠳᠠᠷᠬᠠᠳ ᠨᠤᠲᠤᠭ ᠨᠢ ᠬᠥᠪᠰᠥᠭᠥᠯ ᠠᠶᠢᠮᠠᠭ ᠤᠨ ᠤᠮᠠᠷᠠᠳᠤ ᠬᠢᠵᠠᠭᠠᠷ ᠤᠯᠠᠭᠠᠨ ᠲᠠᠶᠢᠭ᠎ᠠ᠂ᠰᠣᠶᠣᠩ ᠤ ᠨᠢᠷᠤᠭᠤ᠂ᠬᠥᠪᠰᠥᠭᠥᠯ ᠨᠠᠭᠤᠷ ᠢᠶᠠᠷ ᠬᠦᠷᠢᠶᠡᠯᠡᠭᠳᠡᠵᠦ ᠲᠣᠭᠲᠠᠭᠰᠠᠨ ᠬᠠᠩᠭᠠᠢ ᠶᠢᠨ ᠠᠭᠤᠯᠠᠷᠬᠠᠭ ᠦᠵᠡᠰᠬᠦᠯᠡᠩ ᠲᠡᠭᠦᠯᠳᠡᠷ᠂ᠬᠥᠪᠴᠢ ᠰᠦᠷᠯᠢᠭ ᠥᠨᠳᠥᠷ ᠠᠤᠯᠠᠯᠠᠰ᠂ᠭᠣᠣᠯ ᠮᠥᠷᠡᠨ ᠴᠡᠩᠭᠡᠭ ᠤᠰᠤ ᠲᠠᠢ᠂ᠠᠰᠢᠭᠲᠤ ᠮᠠᠯᠲᠠᠮᠠᠯ᠂ ᠠᠨ ᠠᠮᠢᠲᠠᠨ ᠢᠶᠠᠷ ᠳᠦᠭᠦᠷᠡᠩ ᠨᠤᠲᠤᠭ ᠪᠢᠯᠡ᠃ ᠳᠠᠷᠬᠠᠳ ᠤᠨ ᠬᠣᠲᠣᠭᠣᠷ ᠭᠡᠵᠦ ᠨᠡᠷᠡᠶᠢᠳᠳᠡᠭ ᠷᠢᠨᠴᠢᠨᡀᠦᠮᠪᠦ᠂ᠴᠠᠭᠠᠨᠨᠠᠭᠤᠷ᠂ᠤᠯᠠᠭᠠᠨ ᠠᠭᠤᠯᠠ᠂ ᠪᠠᠶᠠᠨᠵᠢᠷᠦᠬᠡ ᠰᠤᠮᠤᠳ ᠤᠳ ᠨᠢ ᠡᠷᠲᠡᠨ ᠦ ᠪᠥᠭᠡ ᠮᠥᠷᠭᠥᠯ ᠢᠶᠡᠷ ᠠᠯᠳᠠᠷᠲᠠᠢ ᠣᠯᠠᠨ ᠰᠠᠶᠢᠨ ᠨᠢᠳᠤᠭᠠᠨ ᠵᠠᠶᠢᠷᠠᠩᠭᠤ ᠶᠢᠨ ᠥᠯᠥᠭᠡᠢ ᠨᠤᠲᠤᠭ ᠪᠣᠯᠤᠭᠰᠠᠨ ᠭᠠᠵᠠᠷ ᠶᠤᠮ᠃ ᠳᠠᠷᠬᠠᠳ ᠶᠠᠰᠤᠲᠠᠨ ᠨᠢ ᠳᠣᠲᠣᠷ᠎ᠠ ᠪᠠᠨ 32 ᠣᠪᠤᠭ ᠲᠠᠢ᠃

ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

555 ᠣᠨ ᠳᠤ ᠲᠦᠷᠦᠭ ᠦᠨ 3 ᠍ ᠳᠦᠭᠡᠷ ᠬᠠᠨ ᠺᠢᠭᠢᠨᠢ ᠨᠢ ᠲᠤᠸᠠ ᠳᠤ ᠣᠳᠣ ᠨᠤᠲᠤᠭᠯᠠᠵᠤ ᠪᠠᠶᠢᠭᠰᠠᠨ ᠣᠪᠤᠭ ᠠᠶᠢᠮᠠᠭ ᠤᠳ ᠢ ᠡᠵᠡᠯᠡᠨ ᠠᠪᠤᠭᠰᠠᠨ ᠢᠶᠠᠷ ᠳᠠᠷᠬᠠᠳ ᠣᠯᠠᠨ ᠲᠦᠷᠦᠭ ᠦᠨ ᠬᠠᠷᠶᠠᠨ ᠳᠤ ᠣᠷᠣᠵᠤ 13 ᠍ ᠳᠦᠭᠡᠷ ᠵᠠᠭᠤᠨ ᠪᠤᠶᠤ ᠪᠠᠶᠢᠯᠳᠤᠨ ᠡᠵᠡᠯᠡᠯᠲᠡ ᠬᠦᠷᠲᠡᠯ᠎ᠡ ᠦᠷᠭᠦᠯᠵᠢᠯᠡᠭᠰᠡᠨ ᠶᠤᠮ᠃ᠲᠦᠷᠦᠭ᠂ᠨᠡᠩ᠂ᠮᠣᠩᠭᠣᠯ ᠤᠭᠰᠠᠭᠠᠨ ᠤ ᠬᠡᠰᠡᠭ ᠪᠦᠯᠦᠭ ᠣᠪᠤᠭ ᠤᠳ ᠰᠠᠭᠤᠷᠢᠰᠢᠵᠤ ᠪᠠᠶᠢᠭᠰᠠᠨ ᠪᠠ ᠲᠡᠳᠡᠨ ᠢ ᠣᠢ ᠶᠢᠨ ᠢᠷᠭᠡᠳ ᠭᠡᠵᠦ ᠶᠡᠷᠦᠩᠬᠡᠶᠢᠯᠡᠨ ᠨᠡᠷᠡᠯᠡᠵᠦ ᠪᠠᠶᠢᠭᠰᠠᠨ᠃ᠣᠢ ᠶᠢᠨ ᠠᠶᠢᠮᠠᠭ ᠨᠢ ᠪᠠᠶᠢᠭᠠᠯᠢ ᠨᠠᠭᠤᠷ ᠠᠴᠠ ᠬᠥᠪᠰᠥᠭᠥᠯ ᠨᠠᠭᠤᠷ ᠬᠦᠷᠲᠡᠯ᠎ᠡ ᠨᠤᠲᠤᠭᠯᠠᠵᠤ ᠣᠢ ᠲᠠᠶᠢᠭ᠎ᠠ ᠪᠠᠷ ᠠᠨ ᠭᠥᠷ ᠢᠶᠡᠨ ᠬᠢᠵᠦ᠂ ᠭᠡᠷ ᠣᠷᠣᠨ ᠮᠠᠶᠢᠬᠠᠨ ᠭᠡᠵᠦ ᠮᠡᠳᠡᠳᠡᠭ ᠦᠭᠡᠢ᠂ ᠣᠢ ᠲᠠᠶᠢᠭ᠎ᠠ ᠳᠤ ᠪᠠᠨ ᠠᠮᠢᠳᠤᠷᠠᠵᠤ ᠴᠠ ᠪᠤᠭᠤ ᠮᠠᠯᠯᠠᠵᠤ ᠥᠨᠳᠥᠷ ᠠᠤᠯᠠᠯᠠᠰ ᠤᠨ ᠣᠷᠣᠢ ᠪᠠᠷ ᠰᠠᠷᠯᠤᠭ ᠬᠠᠷᠢᠭᠤᠯᠵᠤ ᠪᠠᠶᠢᠭᠰᠠᠨ ᠢᠶᠠᠷ ᠢᠩᠭᠢᠵᠦ ᠨᠡᠷᠡᠯᠡᠭᠳᠡᠭᠰᠡᠨ ᠪᠠᠶᠢᠳᠠᠭ᠃1207 ᠣᠨ ᠳᠤ ᠴᠢᠩᠭᠢᠰ ᠬᠠᠭᠠᠨ ᠤ ᠬᠦᠦ ᠵᠦᠴᠢ ᠣᠢ ᠶᠢᠨ ᠢᠷᠭᠡᠳ ᠢ ᠡᠵᠡᠯᠡᠨ ᠠᠪᠰᠠᠨ ᠢᠶᠠᠷ ᠣᠶᠢᠷᠠᠳ ᠤᠨ ᠨᠢᠭᠡ ᠭᠣᠣᠯ ᠬᠦᠴᠦ ᠪᠣᠯᠵᠤ ᠬᠦᠴᠦᠨ ᠵᠢᠳᠬᠦᠵᠦ᠂14 ᠍ ᠳᠦᠭᠡᠷ ᠵᠠᠭᠤᠨ ᠤ ᠰᠡᠭᠦᠯᠴᠢ 15 ᠍ ᠳᠦᠭᠡᠷ ᠵᠠᠭᠤᠨ ᠤ ᠡᠬᠢᠨ ᠦᠶ᠎ᠡ ᠳᠦ ᠣᠶᠢᠷᠠᠳ ᠠᠶᠢᠮᠠᠭ ᠤᠨ ᠬᠢᠨ ᠲᠠᠩᠨᠠ ᠰᠣᠶᠣᠩ ᠤ ᠨᠢᠷᠤᠭᠤ ᠣᠷᠴᠢᠮ ᠠᠴᠠ ᠨᠡᠭᠦᠵᠦ᠂ᠠᠯᠲᠠᠢ ᠣᠷᠴᠢᠮ ᠤᠨ ᠨᠤᠲᠤᠭ ᠢᠶᠠᠷ ᠨᠤᠲᠤᠭᠯᠠᠨ ᠣᠢ ᠶᠢᠨ ᠠᠮᠢᠳᠤᠷᠠᠯ ᠠᠴᠠ ᠲᠠᠯ᠎ᠠ ᠪᠡᠯ ᠳᠦ ᠪᠠᠭᠤᠵᠤ ᠮᠠ᠋ ᠍ ᠪᠠᠨ ᠡᠷᠬᠢᠯᠡᠬᠦ ᠪᠣᠯᠤᠭᠰᠠᠨ᠃16 ᠍ ᠳᠦᠭᠡᠷ ᠵᠠᠭᠤᠨ ᠤ ᠰᠡᠭᠦᠯᠡᠷ ᠣᠶᠢᠷᠠᠳ ᠬᠠᠯᠬ᠎ᠠ ᠶᠢᠨ ᠬᠣᠭᠣᠷᠣᠨᠳᠣ ᠳᠠᠶᠢᠨ ᠪᠣᠯᠵᠤ ᠣᠶᠢᠷᠠᠳ ᠤᠨ ᠭᠠᠯᠳᠠᠨ ᠪᠣᠱᠤᠭᠳᠤ ᠲᠤᠸᠠ᠂ᠤᠷᠢᠶᠠᠩᠬᠠᠢ᠂ᠬᠣᠲᠣᠭᠣᠶᠢᠳ᠂ᠳᠠᠷᠬᠠᠳ ᠨᠤᠲᠤᠭ ᠢ ᠡᠵᠡᠯᠡᠨ ᠠᠪᠤᠭᠰᠠᠨ ᠪᠣᠯᠪᠠᠴᠤ ᠮᠠᠨᠵᠤ ᠶᠢᠨ ᠴᠡᠷᠢᠭ ᠲᠦ ᠢᠯᠠᠭᠳᠠᠵᠤ ᠭᠡᠨᠳᠡᠩ ᠦᠨ ᠬᠦᠦ ᠪᠦᠪᠡᠢ ᠶᠢᠨ ᠬᠠᠷᠠᠭᠠᠨ ᠳᠤ ᠣᠷᠣᠵᠤ᠂ ᠤᠳᠠᠯ ᠦᠭᠡᠢ ᠥᠨᠳᠥᠷ ᠭᠡᠭᠡᠨ ᠦ ᠳᠠᠷᠬᠠᠯᠠᠭᠳᠠᠭᠰᠠᠨ ᠱᠠᠪᠢ ᠭᠡᠭᠳᠡᠨ ᠬᠠᠷ᠎ᠠ᠂ᠢᠷᠦᠭᠡ ᠷᠦᠦ ᠨᠡᠭᠦᠭᠰᠡᠨ ᠪᠣᠯᠪᠠᠴᠤ ᠡᠷᠭᠢᠨ ᠤᠳᠠᠯ ᠦᠭᠡᠢ ᠳᠠᠷᠬᠠᠳ ᠨᠤᠲᠤᠭ ᠲᠤ ᠪᠠᠨ ᠢᠷᠡᠵᠦ ᠵᠤᠨ ᠳᠤ ᠨᠢ ᠰᠢᠰᠢᠭᠡᠳ ᠭᠣᠣᠯ ᠤᠨ ᠰᠠᠪᠠ ᠭᠠᠵᠠᠷ᠂ ᠡᠪᠦᠯ ᠳᠦ ᠨᠢ ᠪᠠᠶᠠᠨᠵᠢᠷᠦᠬᠡ ᠶᠢᠨ ᠠᠭᠠᠷᠤ᠂ᠪᠡᠯᠲᠡᠰ᠂ᠠᠯᠲᠠᠷᠠᠭ᠎ᠠ ᠬᠠᠪᠢᠶᠠᠷᠠ ᠵᠢᠯ ᠦᠨ ᠵᠢᠯ ᠳᠤ 200-300 ᠺᠢᠯᠣᠮᠧᠲ᠋ᠷ ᠭᠠᠵᠠᠷ ᠨᠡᠭᠦᠳᠡᠯᠯᠡᠨ ᠠᠮᠢᠳᠤᠷᠠᠵᠤ ᠢᠷᠡᠭᠰᠡᠨ ᠶᠤᠮ .ᠥᠨᠳᠥᠷ ᠭᠡᠭᠡᠨ ᠳᠦ ᠱᠠᠪᠢ ᠪᠠᠷ ᠣᠷᠣᠵᠤ ᠶᠠᠩᠵᠤ ᠪᠦᠷᠢ ᠶᠢᠨ ᠠᠯᠪᠠ ᠭᠤᠪᠴᠢᠭᠤᠷ᠂ᠠᠯᠪᠠᠨ ᠲᠠᠲᠠᠪᠤᠷᠢ᠂ᠡᠷᠭᠦᠯ ᠪᠠᠷᠢᠴᠠ ᠥᠭᠭᠦᠭᠰᠡᠨ ᠢᠶᠡᠷ ᠠᠮᠢᠳᠤᠷᠠᠯ ᠨᠢ ᠤᠯᠠᠮ ᠪᠦᠷ ᠳᠣᠷᠣᠶᠢᠳᠠᠵᠤ ᠪᠠᠶᠢᠭᠰᠠᠨ ᠶᠤᠮ ᠬᠤᠪᠢᠯᠠᠢ ᠬᠠᠭᠠᠨ ᠤ ᠦᠶ᠎ᠡ ᠳᠦ ᠪᠤᠢ ᠪᠣᠯᠤᠭᠰᠠᠨ ᠴᠢᠩᠭᠢᠰ ᠦᠨ ᠨᠠᠶᠢᠮᠠᠨ ᠴᠠᠭᠠᠨ ᠭᠡᠷ ᠢ ᠳᠠᠷᠬᠠᠳ ᠤᠳ ᠣᠯᠠᠨ ᠠᠷᠪᠠᠨ ᠵᠠᠭᠤᠨ ᠵᠢᠯ ᠢᠶᠡᠷ ᠮᠠᠨᠠᠵᠤ ᠣᠳᠣ ᠴᠤ ᠣᠷᠳᠣᠰ ᠨᠤᠲᠤᠭ ᠲᠤ ᠳᠠᠷᠬᠠᠳ ᠶᠠᠰᠤᠲᠠᠨ ᠤ ᠦᠷ᠎ᠡ ᠤᠳᠤᠮ ᠠᠮᠢᠳᠤᠷᠠᠭᠰᠠᠭᠠᠷ ᠪᠠᠶᠢᠭ᠎ᠠ .ᠳᠠᠷᠬᠠᠳ ᠰᠢᠪ ᠢ ᠵᠥᠪᠬᠡᠨ ᠲᠤᠰᠬᠠᠢ ᠪᠢᠴᠢᠭᠲᠡᠢ ᠪᠡᠷ ᠶᠠᠪᠤᠵᠤ ᠪᠣᠯᠬᠤ ᠬᠠᠤᠯᠢ ᠭᠠᠷᠭᠠᠭᠰᠠᠨ ᠲᠤᠯᠠ᠂ ᠳᠠᠷᠬᠠᠳ ᠤᠨ ᠨᠤᠲᠤᠭ ᠠᠴᠠ ᠨᠢ ᠭᠠᠳᠠᠭᠰᠢ ᠭᠠᠷᠭᠠᠯ ᠦᠭᠡᠢ ᠶᠠᠩᠵᠤ ᠪᠦᠷᠢ ᠶᠢᠨ ᠰᠢᠯᠲᠠᠭᠠᠨ ᠠᠴᠠ ᠪᠣᠯᠵᠤ ᠪᠤᠰᠤᠳ ᠶᠠᠰᠤᠲᠠᠨ ᠠᠴᠠ ᠪᠠᠨ ᠲᠤᠰᠠᠭᠠᠷᠯᠠᠭᠳᠠᠵᠤ ᠬᠠᠮᠤᠭ ᠤᠨ ᠬᠣᠴᠣᠷᠤᠭᠳᠠᠭᠰᠠᠨ ᠶᠠᠰᠤᠲᠠᠨ ᠪᠣᠯᠤᠭᠰᠠᠨ ᠶᠤᠮ᠃ ᠮᠠᠨᠵᠤ ᠨᠠᠷ ᠪᠣᠯᠤᠨ᠂ ᠰᠢᠷ᠎ᠠ ᠶᠢᠨ ᠱᠠᠰᠢᠨ ᠢ ᠳᠡᠮᠵᠢᠭᠴᠢ ᠨᠣᠶᠠᠳ ᠤᠳ ᠳᠠᠷᠬᠠᠳ ᠤᠨ ᠬᠣᠲᠣᠭᠣᠷ ᠲᠤ ᠪᠥᠭᠡ ᠮᠥᠷᠭᠥᠯ ᠦᠨ ᠬᠦᠴᠦ ᠶᠡᠬᠡ ᠪᠠᠶᠢᠭᠰᠠᠨ ᠤᠴᠢᠷ ᠠᠴᠠ ᠪᠤᠰᠤᠳ ᠦᠨᠳᠦᠰᠦᠲᠡᠨ ᠳᠦ ᠬᠠᠯᠳᠠᠪᠤᠷᠢᠯᠠᠵᠤ ᠪᠣᠯᠵᠣᠰᠢ ᠦᠭᠡᠢ ᠭᠡᠵᠦ ᠲᠤᠰᠠᠭᠠᠷᠯᠠᠵᠤ ᠪᠠᠶᠢᠭᠰᠠᠨ ᠨᠢ ᠨᠣᠲᠠᠯᠠᠭᠳᠠᠭᠰᠠᠨ ᠪᠢᠯᠡ᠃ ᠰᠢᠷ᠎ᠠ ᠶᠢᠨ ᠱᠠᠰᠢᠨ ᠬᠦᠴᠦᠲᠡᠢ ᠳᠡᠯᠭᠡᠷᠴᠢ ᠪᠠᠶᠢᠬᠤᠦᠶᠡᠳᠡᠭᠡ ᠪᠥᠭᠡ ᠮᠥᠷᠭᠦᠯᠲᠡᠢ ᠬᠠᠲᠠᠭᠤ ᠰᠢᠷᠦᠭᠦᠨ ᠲᠡᠮᠡᠴᠡᠯ ᠬᠢᠵᠦ ᠣᠯᠠᠨ ᠢᠶᠠᠷ ᠨᠢ ᠪᠥᠭᠡ ᠨᠢᠳᠤᠭᠠᠳᠢ ᠶᠢ ᠠᠯᠠᠵᠤ ᠬᠣᠷᠣᠬᠤ ᠵᠡᠷᠭᠡ ᠠᠶᠤᠮᠰᠢᠭᠲᠤ ᠠᠷᠭᠠᠤᠳ ᠢ ᠬᠡᠷᠡᠭᠯᠡᠵᠦ ᠪᠠᠶᠢᠭᠠᠳ᠂ ᠬᠦᠴᠦ ᠨᠢ ᠬᠦᠷᠬᠦ ᠦᠭᠡᠢ ᠪᠣᠯᠬᠣᠷ ᠳᠠᠷᠬᠠᠳ ᠪᠥᠭᠡ ᠮᠥᠷᠭᠥᠯ ᠦᠨ ᠵᠠᠷᠢᠮ ᠰᠢᠨᠵᠢ ᠴᠢᠨᠠᠷ ᠢ ᠠᠪᠴᠤ , ᠬᠦᠷᠢᠶ᠎ᠡ ᠬᠡᠶᠢᠳ ᠪᠠᠶᠢᠭᠤᠯᠤᠭᠰᠠᠨ .ᠮᠥᠨ 1586 ᠣᠨ ᠳᠤ ᠬᠠᠯᠬ᠎ᠠ ᠶᠢᠨ ᠠᠪᠠ ᠲᠠᠢ ᠰᠠᠶᠢᠨ ᠬᠠᠨ ᠡᠷᠳᠡᠨᠢᠵᠤᠤ ᠬᠡᠶᠢᠳ ᠢ ᠪᠠᠷᠢᠭᠤᠯᠤᠭᠰᠠᠨ ᠢᠶᠠᠷ ᠰᠢᠷ᠎ᠠ ᠶᠢᠨ ᠱᠠᠰᠢᠨ ᠤᠯᠠᠮ ᠶᠡᠬᠡ ᠬᠦᠴᠦ ᠪᠡᠨ ᠠᠪᠴᠤ ᠪᠠᠶᠢᠭᠰᠠᠨ ᠴᠤ᠂ ᠳᠠᠷᠬᠠᠳ ᠤᠨ ᠬᠢᠵᠠᠭᠠᠷ ᠨᠤᠲᠤᠭ ᠲᠡᠷᠡ ᠦᠶ᠎ᠡ ᠳᠦ ᠤᠷᠢᠶᠠᠩᠬᠠᠢ ᠶᠢᠨ ᠣᠲᠣᠭ ᠲᠤ ᠬᠠᠮᠤᠷᠤᠭᠳᠠᠵᠤ ᠪᠥᠭᠯᠡᠭᠦᠦ ᠬᠢᠵᠠᠭᠠᠷ ᠲᠤ ᠪᠠᠶᠢᠭᠰᠠᠨ ᠤᠴᠢᠷ ᠪᠠᠰᠠ ᠪᠥᠭᠡ ᠮᠥᠷᠭᠥᠯ ᠢᠶᠡᠨ ᠠᠪᠴᠤ ᠦᠯᠡᠳᠡᠬᠦ ᠳᠦ ᠳᠥᠬᠥᠮ ᠪᠣᠯᠵᠤ ᠪᠠᠶᠢᠭᠰᠠᠨ ᠶᠤᠮ᠃

ᠳᠠᠷᠬᠠᠳ ᠨᠤᠲᠤᠭ ᠲᠤ ᠠᠩᠬ᠎ᠠ ᠬᠦᠷᠡᠯ ᠵᠡᠪᠰᠡᠭ ᠦᠨ ᠦᠶᠡᠰ ᠡᠷᠲᠡᠨ ᠦ ᠣᠪᠤᠭ ᠠᠶᠢᠮᠠᠭ ᠤᠳ ᠨᠤᠲᠤᠭᠯᠠᠵᠤ ᠪᠠᠶᠢᠭᠰᠠᠨ ᠠᠴᠠ ᠡᠬᠢᠯᠡᠭᠡᠳ 18 ᠍ ᠳᠦᠭᠡᠷ ᠵᠠᠭᠤᠨ ᠬᠦᠷᠲᠡᠯ᠎ᠡ ᠶᠠᠩᠵᠤ ᠪᠦᠷᠢ ᠶᠢᠨ ᠤᠭᠰᠠᠭᠠᠲᠠᠨ ᠤ ᠣᠪᠤᠭ ᠠᠶᠢᠮᠠᠭ ᠤᠳ ᠲᠤᠬᠠᠢ ᠶᠢᠨ ᠨᠡᠶᠢᠭᠡᠮ ᠤᠨ ᠪᠠᠶᠢᠳᠠᠯ ᠠᠴᠠ ᠰᠢᠯᠲᠠᠭᠠᠯᠠᠨ ᠢᠷᠡᠵᠦ ᠰᠠᠭᠤᠷᠢᠰᠢᠵᠤ ᠪᠠᠶᠢᠭᠠᠳ᠂ 18 ᠍ ᠳᠦᠭᠡᠷ ᠵᠠᠭᠤᠨ ᠤ ᠳᠤᠮᠳᠠ ᠦᠶᠡᠰ ᠳᠠᠷᠬᠠᠳ ᠶᠠᠰᠤᠲᠠᠨ ᠤ ᠡᠭᠦᠰᠬᠦ ᠶᠠᠪᠤᠴᠠ ᠡᠬᠢᠯᠡᠵᠦ 19 ᠍ ᠳᠦᠭᠡᠷ ᠵᠠᠭᠤᠨ ᠤ ᠡᠬᠢᠨ ᠦᠶᠡᠰ ᠳᠠᠷᠬᠠᠳ ᠶᠠᠰᠤᠲᠠᠨ ᠪᠥᠷᠢᠯᠳᠦᠨ ᠲᠣᠭᠲᠠᠭᠰᠠᠨ ᠶᠤᠮ᠃ ᠣᠪᠤᠭ ᠤᠳ ᠤᠨ ᠪᠦᠷᠢᠯᠳᠦᠬᠦᠨ ᠳᠦ ᠨᠡᠩ᠂ᠲᠦᠷᠦᠭ᠂ᠮᠣᠩᠭᠣᠯ ᠤᠭᠰᠠᠭᠠᠲᠠᠨ ᠤ ᠣᠪᠤᠭ ᠠᠶᠢᠮᠠᠭ ᠨᠡᠯᠢᠶᠡᠨ ᠪᠠᠶᠢᠭ᠎ᠠ ᠶᠤᠮ᠃ᠥᠨᠳᠥᠷ ᠭᠡᠭᠡᠨ ᠳᠦ ᠱᠠᠪᠢ ᠤᠷᠤᠬᠤ ᠬᠦᠷᠲᠡᠯ᠎ᠡ ᠳᠠᠷᠬᠠᠳ ᠤᠨ ᠬᠢᠵᠠᠭᠠᠷ ᠲᠤ ᠨᠤᠲᠤᠭᠯᠠᠵᠤ ᠪᠠᠶᠢᠭᠰᠠᠨ ᠣᠪᠤᠭ᠂ᠠᠶᠢᠮᠠᠭ ᠤᠳ ᠨᠡᠯᠦᠩᠬᠡ ᠨᠦᠭᠦᠳ ᠢᠶᠡᠨ ᠳᠠᠷᠬᠠᠳ ᠶᠠᠰᠤᠲᠠᠨ ᠤ ᠪᠦᠷᠢᠯᠳᠦᠬᠦᠨ ᠳᠦ ᠣᠷᠣᠭᠰᠠᠨ ᠪᠥᠭᠡᠳ ᠣᠳᠣ ᠶᠢᠨ ᠬᠠᠷ᠎ᠠ ᠳᠠᠷᠬᠠᠳ ᠤᠨ ᠳᠣᠲᠣᠷ᠎ᠠ ᠬᠠᠮᠨᠢᠭᠠᠨ ᠣᠲᠣᠭ ᠠᠴᠠ ᠴᠤ ᠣᠷᠣᠭᠰᠠᠨ ᠪᠠᠶᠢᠵᠤ ᠮᠠᠭᠠᠳ ᠦᠭᠡᠢ ᠭᠡᠵᠦ ᠰᠤᠳᠤᠯᠤᠭᠠᠴᠢᠳ ᠦᠵᠡᠳᠡᠭ ᠶᠤᠮ᠃

ᠬᠠᠷ᠎ᠠ ᠳᠠᠷᠬᠠᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠶᠠᠰᠤᠲᠠᠨ ᠤ ᠳᠣᠲᠣᠷ᠎ᠠ ᠵᠣᠩᠬᠢᠯᠠᠬᠤ ᠬᠡᠰᠡᠭ ᠪᠣᠯᠬᠤ ᠬᠠᠷ᠎ᠠ ᠳᠠᠷᠬᠠᠳ ᠨᠢ ᠵᠠᠰᠠᠭᠲᠤ ᠬᠠᠨ ᠤ ᠭᠡᠨᠳᠡᠩ ᠰᠠᠶᠢᠨ ᠬᠤᠩᠲᠠᠶᠢᠵᠢ ᠶᠢᠨ ᠳᠡᠭᠦᠦ ᠭᠡᠯᠡᠭ ᠨᠣᠶᠠᠨ ᠤ ᠬᠠᠷᠢᠶᠠᠲᠤ ᠠᠯᠪᠠᠲᠤ ᠪᠠᠶᠢᠭᠰᠠᠨ ᠪᠠ ᠨᠤᠲᠤᠭ ᠠᠴᠠ ᠪᠠᠨ ᠵᠠᠷᠯᠢᠭ ᠳᠠᠭᠠᠤ ᠭᠠᠷᠴᠤ ᠬᠠᠷ᠎ᠠ᠂ᠢᠷᠦᠭᠡᠳᠡᠨᠤᠲᠤᠭᠯᠠᠵᠤ ᠪᠠᠶᠢᠭᠰᠠᠨ ᠥᠨᠳᠥᠷ ᠭᠡᠭᠡᠨ ᠳᠦ ᠱᠠᠪᠢ ᠪᠠᠷ ᠡᠷᠭᠦᠭᠳᠡᠭᠰᠡᠨ ᠠᠷᠠᠳ ᠤᠳ ᠪᠥᠭᠡᠳ ᠨᠤᠲᠤᠭ ᠣᠷᠣᠨ ᠢᠶᠠᠨ ᠰᠠᠨᠠᠩᠰᠢᠰᠭᠢ ᠳᠦ ᠨᠤᠲᠤᠭ ᠷᠦᠦ ᠪᠡᠨ ᠶᠠᠪᠤᠬᠤ ᠶᠢ ᠭᠤᠶᠤᠵᠤ ᠥᠨᠳᠥᠷ ᠭᠡᠭᠡᠨ ᠵᠥᠪᠰᠢᠶᠡᠷᠡᠴᠢ ᠮᠢᠨᠦ ᠳᠠᠷᠬᠠᠯᠠᠭᠳᠠᠭᠰᠠᠨ ᠱᠠᠪᠢ ᠪᠣᠯᠲᠤᠭᠠᠢ ᠭᠡᠰᠡᠨ ᠢᠶᠡᠷ ᠠᠩᠬ᠎ᠠ ᠳᠠᠷᠬᠠᠳ ᠭᠡᠬᠦ ᠨᠡᠷ᠎ᠡ ᠡᠭᠦᠰᠡᠰᠡᠭᠰᠡᠨ ᠪᠠ ᠬᠠᠷ᠎ᠠ ᠳᠠᠷᠬᠠᠳ ᠤᠳ ᠶᠤᠮ

ᠬᠤᠸᠠ ᠳᠠᠷᠬᠠᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠶᠠᠰᠤᠲᠠᠨ ᠤ ᠳᠣᠲᠣᠷ᠎ᠠ ᠤᠬᠠᠭ᠎ᠠ ᠳᠠᠷᠬᠠᠳ ᠭᠡᠵᠦ ᠪᠠᠶᠢᠭᠰᠠᠨ ᠣᠷᠣᠰ ᠤᠯᠤᠰ ᠲᠤ ᠲᠦᠷᠢᠶᠡᠰᠦ ᠲᠥᠯᠦᠳᠡᠭ ᠰᠣᠶᠣᠨ ᠨᠢᠷᠤᠭᠤᠨ ᠳᠤ ᠠᠮᠢᠳᠤᠷᠠᠵᠤ ᠪᠠᠶᠢᠭᠰᠠᠨ ᠣᠪᠤᠭ ᠠᠶᠢᠮᠠᠭ ᠤᠨ ᠨᠡᠩ ᠤᠭᠰᠠᠭᠠᠲᠠᠨ ᠤ ᠦᠷ᠎ᠡ ᠤᠳᠤᠮ ᠶᠤᠮ᠃ᠣᠳᠣ ᠶᠢᠨ ᠬᠠᠩᠬᠤ ᠰᠤᠮᠤ ᠪᠣᠯᠤᠨ ᠷᠢᠨᠴᠢᠨᡀᠦᠮᠪᠦ ᠰᠤᠮᠤ ᠳᠤ ᠬᠤᠸᠠ ᠨᠡᠷ᠎ᠡ ᠲᠡᠢ 2 ᠭᠣᠣᠯ ᠪᠤᠢ ᠪᠥᠭᠡᠳ ᠡᠨᠳᠡ ᠬᠤᠸᠠ ᠳᠠᠷᠬᠠᠳ ᠨᠤᠲᠤᠭᠯᠠᠵᠤ ᠪᠠᠶᠢᠭᠰᠠᠨ ᠠᠴᠠ ᠲᠡᠭᠡᠵᠦ ᠨᠡᠷᠡᠯᠡᠭᠰᠡᠨ ᠲᠡᠦᠬᠡ ᠲᠡᠢ

ᠰᠢᠷᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠰᠢᠷᠠᠨ ᠨᠤᠭᠤᠳ ᠪᠣᠯ ᠡᠷᠲᠡᠨ ᠦ ᠮᠣᠩᠭᠣᠯ ᠤᠭᠰᠠᠭᠠᠲᠠᠨ ᠤ ᠨᠢᠭᠡᠨ ᠪᠥᠭᠡᠳ ᠲᠦᠮᠡᠳ᠂ᠪᠠᠷᠭᠤ᠂ᠰᠥᠨᠢᠳ ᠠᠶᠢᠮᠠᠭ ᠤᠳ ᠠᠴᠠ 12 ᠍ ᠳᠦᠭᠡᠷ ᠵᠠᠭᠤᠨ ᠤ ᠦᠶ᠎ᠡ ᠳᠦ ᠲᠠᠰᠤᠷᠴᠢ ᠦᠯᠡᠳᠡᠭᠰᠡᠨ ᠬᠦᠮᠦᠰ ᠶᠤᠮ᠃ᠵᠦᠴᠢ ᠬᠠᠨ ᠣᠢ ᠶᠢᠨ ᠢᠷᠭᠡᠳ ᠢ ᠪᠠᠶᠢᠯᠳᠤᠨ ᠳᠠᠭᠠᠭᠤᠯᠬᠤ ᠦᠶ᠎ᠡ ᠳᠦ ᠳᠠᠷᠬᠠᠳ ᠨᠤᠲᠤᠭ ᠲᠤ ᠮᠣᠩᠭᠣᠯ ᠤᠭᠰᠠᠭᠠᠲᠠᠨ ᠣᠯᠠᠨ ᠠᠶᠢᠮᠠᠭ ᠨᠤᠲᠤᠭᠯᠠᠳᠠᠭ ᠪᠠᠶᠢᠭᠰᠠᠨ ᠪᠥᠭᠡᠳ ᠰᠢᠷᠠᠨ ᠨᠤᠭᠤᠳ ᠣᠪᠤᠭ ᠨᠢ ᠲᠡᠳᠡᠨ ᠦ ᠨᠢᠭᠡ ᠪᠠᠶᠢᠭᠰᠠᠨ ᠶᠤᠮ᠃ᠳᠠᠷᠬᠠᠳ ᠤᠨ ᠰᠢᠷᠠᠨ ᠨᠤᠭᠤᠳ ᠨᠠᠷ ᠤᠭ ᠢᠵᠠᠭᠤᠷ ᠢᠶᠠᠨ ᠴᠠᠭᠠᠳᠠᠢ᠂ᠴᠠᠩᠬᠢᠯᠬᠠᠨ ᠰᠦᠯᠳᠡ ᠲᠡᠢ ᠭᠡᠵᠦ ᠲᠠᠬᠢᠳᠠᠭ ᠲᠡᠳᠡᠨ ᠦ ᠤᠳᠤᠮ ᠪᠢᠯᠡ᠃

ᠬᠠᠤᠯᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠬᠠᠤᠯᠠᠷ ᠣᠪᠤᠭ ᠨᠢ ᠬᠠᠷ᠎ᠠ᠂ᠴᠠᠭᠠᠨ᠂ᠤᠯᠠᠭᠠᠨ᠂ᠨᠣᠭᠣᠭᠠᠨ ᠭᠡᠰᠡᠨ 4 ᠬᠠᠤᠯᠠᠷ ᠣᠪᠤᠭ ᠪᠠᠶᠢᠳᠠᠭ .ᠶᠠᠭᠠᠬᠢᠭᠠᠳ ᠢᠩᠭᠢᠵᠦ ᠥᠭᠡᠷ᠎ᠡ ᠥᠭᠡᠷ᠎ᠡ ᠥᠩᠭᠡ ᠪᠡᠷ ᠨᠡᠷᠡᠯᠡᠬᠦ ᠪᠣᠯᠤᠭᠰᠠᠨ ᠰᠢᠯᠲᠠᠭᠠᠨ ᠨᠢ ᠪᠣᠯ ᠨᠢᠭᠡ ᠥᠩᠭᠡ ᠶᠢᠨ ᠬᠠᠤᠯᠠᠷ ᠬᠣᠭᠣᠷᠣᠨᠳᠣ ᠪᠠᠨ ᠭᠡᠷᠯᠡᠵᠦ ᠪᠣᠯᠬᠤ ᠦᠭᠡᠢ ᠭᠡᠰᠡᠨ ᠡᠴᠡ .ᠬᠠᠤᠯᠠᠷ ᠨᠢ ᠳᠠᠷᠬᠠᠳ ᠠᠴᠠ ᠭᠠᠳᠠᠨ᠎ᠠ ᠲᠤᠸᠠ᠂ᠠᠯᠲᠠᠢ ᠨᠤᠲᠤᠭ ᠲᠤ ᠪᠠᠶᠢᠳᠠᠭ ᠪᠠ ᠲᠦᠷᠦᠭ ᠤᠭᠰᠠᠭᠠᠨ ᠤ ᠣᠪᠤᠭ ᠶᠤᠮ᠃ᠠᠩᠬ᠎ᠠ ᠳᠠᠷᠬᠠᠳ ᠨᠤᠲᠤᠭ ᠲᠤ ᠬᠠᠤᠯᠠᠷ ᠣᠪᠤᠭ ᠤᠨ ᠬᠢᠨᠠᠯᠲᠠᠢ ᠶᠢᠨ ᠲᠦᠷᠦᠭ ᠦᠨ ᠪᠠᠶᠢᠯᠳᠤᠨ ᠡᠵᠡᠯᠡᠯᠲᠡ ᠶᠢᠨ ᠦᠶ᠎ᠡ ᠳᠦ ᠢᠷᠡᠵᠦ ᠰᠠᠭᠤᠷᠢᠰᠢᠭᠰᠠᠨ ᠪᠥᠭᠡᠳ ᠣᠳᠣ ᠶᠢ ᠪᠣᠯᠲᠠᠯ᠎ᠠ ᠷᠢᠨᠴᠢᠨᡀᠦᠮᠪᠦ ᠰᠤᠮᠤ ᠶᠢᠨ ᠰᠢᠰᠢᠭᠡᠳ᠂ᠲᠡᠩᠭᠢᠰ ᠲᠠᠯ᠎ᠠ ᠪᠠᠷ ᠨᠤᠲᠤᠭᠯᠠᠳᠠᠭ᠃

ᠡᠷᠬᠠᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠡᠷᠬᠢ ᠳᠤ ᠣᠪᠤᠭ ᠨᠢ ᠨᠡᠩ ᠤᠭᠰᠠᠭᠠᠲᠠᠨ ᠪᠥᠭᠡᠳ ᠡᠷᠡᠬᠦᠦ ᠬᠠᠪᠢᠶᠠᠷᠠ ᠨᠤᠲᠤᠭᠯᠠᠵᠤ ᠪᠠᠶᠢᠭᠰᠠᠨ ᠪᠤᠷᠢᠶᠠᠳ ᠤᠨ ᠡᠷᠬᠡ ᠳᠦ ᠡᠴᠡ ᠨᠡᠭᠦᠨ ᠢᠷᠡᠭᠰᠡᠨ ᠬᠦᠮᠦᠰ ᠦᠨ ᠤᠳᠤᠮ , 17-18 ᠷ ᠵᠠᠭᠤᠨ ᠤ ᠦᠶ᠎ᠡ ᠳᠦ ᠨᠡᠭᠦᠳᠡᠯᠯᠡᠨ ᠢᠷᠡᠭᠰᠡᠨ ᠶᠤᠮ᠃ᠡᠷᠡᠬᠦᠦ ᠬᠣᠲᠠ ᠶᠢ ᠡᠷᠬᠢ ᠳᠤ ᠭᠡᠳᠡᠭ ᠠᠶᠢᠮᠠᠭᠡᠶᠢᠬᠦ ᠨᠢ ᠨᠡᠷ᠎ᠡ ᠪᠡᠷ ᠨᠡᠷᠡᠯᠡᠭᠰᠡᠨ ᠭᠡᠳᠡᠭ᠃

ᠪᠠᠯᠠᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠪᠠᠯᠠᠭᠴᠢ ᠣᠪᠤᠭ ᠨᠢ ᠳᠠᠷᠬᠠᠳ᠂ᠴᠠᠲᠠᠨ ᠳᠣᠲᠣᠷ᠎ᠠ ᠶᠡᠬᠡ ᠪᠠᠶᠢᠳᠠᠭ ᠪᠠ ᠲᠠᠩᠨᠠ᠂ᠰᠣᠶᠣᠩ ᠤ ᠨᠢᠷᠤᠭᠤ ᠣᠷᠴᠢᠮ ᠳᠤ ᠨᠤᠲᠤᠭᠯᠠᠵᠤ ᠪᠠᠶᠢᠭᠰᠠᠨ ᠲᠦᠷᠦᠭ᠂ᠤᠶᠢᠭᠤᠷ᠂ᠬᠢᠷᠭᠢᠰ ᠠᠶᠢᠮᠠᠭ ᠤᠨ ᠬᠢᠨ ᠠᠩᠴᠢᠨ᠂ᠵᠢᠭᠠᠰᠤᠴᠢᠨ᠂ᠣᠢ ᠶᠢᠨ ᠣᠪᠤᠭ ᠵᠡᠷᠭᠡ ᠬᠦᠮᠦᠰ ᠦᠨ ᠠᠮᠢᠳᠤᠷᠠᠵᠤ ᠪᠤᠢ ᠭᠠᠵᠠᠷ ᠬᠢᠵᠦ ᠪᠠᠶᠢᠭ᠎ᠠ ᠠᠵᠢᠯ ᠠᠴᠠ ᠨᠢ ᠬᠠᠷᠠᠭᠠᠯᠵᠠᠨ ᠨᠡᠷ᠎ᠡ ᠥᠭᠭᠦᠳᠡᠭ ᠪᠠᠶᠢᠭᠰᠠᠨ ᠠᠴᠠ ᠪᠠᠯᠠᠭᠴᠢ ᠪᠤᠶᠤ ᠮᠣᠩᠭᠣᠯᠴᠢᠯᠠᠪᠠᠯ ᠵᠢᠭᠠᠰᠤᠴᠢᠨ ᠣᠪᠤᠭ ᠡᠭᠦᠰᠦᠭᠰᠡᠨ᠃

ᠬᠣᠣᠷᠯᠠᠮᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠬᠣᠣᠷᠯᠠᠮᠠᠢ ᠣᠪᠤᠭ ᠨᠢ ᠬᠣᠣᠷᠯᠠᠮᠠᠢ ᠶᠢᠨ ᠳᠠᠶᠢᠨ ᠭᠡᠳᠡᠭ ᠡᠴᠡ ᠡᠭᠦᠰᠦᠨ ᠪᠠ ᠬᠣᠣᠷᠯᠠᠭᠴᠢᠳ ᠳᠡᠭᠡᠷᠡᠮᠴᠢᠨ ᠬᠦᠮᠦᠰ ᠪᠠᠶᠢᠭᠰᠠᠨ ᠪᠥᠭᠡᠳ ᠲᠡᠩᠭᠢᠰ ᠲᠦ ᠨᠣᠶ᠎ᠠ ᠪᠥᠭᠡ ᠳᠦ ᠳᠡᠶᠢᠯᠳᠡᠭᠰᠡᠨ ᠬᠦᠮᠦᠰ ᠪᠠᠶᠢᠴᠠᠢ᠃ ᠡᠨᠡ ᠳᠣᠮᠣᠭ ᠢ ᠪᠢᠴᠢᠪᠡᠯ ᠳᠠᠶᠢᠨ ᠳᠤ ᠳᠡᠶᠢᠯᠳᠡᠵᠦ ᠦᠵᠡᠭᠡ ᠦᠭᠡᠢ ᠬᠣᠣᠷᠯᠠᠮᠠᠶᠢᠴᠤᠳ ᠳᠠᠷᠬᠠᠳ ᠤᠨ ᠨᠣᠶ᠎ᠠ ᠪᠥᠭᠡᠲᠡᠢ ᠠᠭᠤᠯᠵᠠᠵᠤ ᠲᠡᠭᠦᠨ ᠢ ᠵᠡᠪᠰᠡᠭ ᠢᠶᠡᠷ᠂ᠭᠠᠯ ᠢᠶᠠᠷ ᠬᠣᠷᠣᠬᠢ ᠶᠢ ᠣᠷᠣᠯᠳᠤᠭᠰᠠᠨ ᠪᠣᠯᠪᠠᠴᠤ ᠳᠡᠶᠢᠯᠬᠦ ᠦᠭᠡᠢ ᠪᠠᠶᠢᠭᠰᠠᠨ ᠲᠤᠯᠠ ᠲᠡᠭᠦᠨ ᠢ ᠠᠪᠴᠤ ᠳᠠᠶᠢᠨ ᠳᠤ ᠶᠠᠪᠤᠬᠤ ᠪᠠᠷ ᠪᠣᠯᠵᠠᠢ᠃ ᠨᠣᠶ᠎ᠠ ᠪᠥᠭᠡ᠂ ᠬᠦᠮᠦᠨ ᠪᠦᠷᠢ ᠨᠢᠭᠡ ᠨᠢᠭᠡ ᠰᠠᠯ ᠬᠢᠵᠦ ᠨᠢᠭᠡ ᠨᠢᠭᠡ ᠪᠡᠷ ᠢᠶᠡᠨ ᠤᠷᠤᠰᠤᠭᠲᠤᠨ ᠪᠢ ᠬᠣᠶᠢᠨ᠎ᠠ ᠠᠴᠠ ᠴᠢᠨᠢ ᠣᠴᠢᠨ᠎ᠠ ᠭᠡᠳ ᠵᠢᠷᠮᠦᠰᠦᠨ ᠡᠮᠡᠭᠲᠡᠢ ᠶᠢᠨ ᠬᠠᠮᠲᠤ ᠪᠠᠷ ᠦᠯᠡᠳᠡᠵᠡᠢ᠃ᠪᠦᠭᠦᠳᠤᠷᠤᠰᠴᠤ ᠦᠭᠡᠢ ᠪᠣᠯᠤᠭᠰᠠᠨ ᠪᠥᠭᠡᠳ ᠭᠠᠭᠴᠠᠬᠠᠨ ᠵᠢᠷᠮᠦᠰᠦᠨ ᠡᠮᠡᠭᠲᠡᠢ ᠦᠯᠡᠳᠡᠵᠦ ᠲᠡᠭᠦᠨ ᠡᠴᠡ ᠬᠦᠦ ᠲᠥᠷᠦᠭᠰᠡᠨ ᠢᠶᠡᠷ ᠡᠨᠡ ᠣᠪᠤᠭ ᠡᠭᠦᠰᠦᠭᠰᠡᠨ ᠭᠡᠳᠡᠭ᠃ᠲᠠᠩᠭ᠎ᠠ ᠲᠤᠸᠠ ᠨᠠᠷ ᠤᠨ ᠤᠳᠤᠮ ᠪᠠ ᠬᠡᠮ ᠭᠣᠣᠯ ᠢᠶᠠᠷ ᠨᠤᠲᠤᠭᠯᠠᠵᠤ ᠪᠠᠶᠢᠭᠰᠠᠨ ᠬᠦᠮᠦᠰ ᠪᠢᠯᠡ᠃

ᠣᠶᠢᠨ᠎ᠠ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠣᠶᠢᠨ᠎ᠠ ᠳᠤ ᠣᠪᠤᠭ ᠨᠢ 12-13 ᠷ ᠵᠠᠭᠤᠨ ᠤ ᠦᠶ᠎ᠡ ᠳᠦ ᠲᠠᠩᠭᠤᠰᠤᠶᠤᠨ ᠤ ᠨᠢᠷᠤᠭᠤ᠂ ᠰᠢᠰᠢᠭᠡᠳ ᠭᠣᠣᠯ ᠤᠨ ᠰᠠᠪᠠ ᠪᠠᠷ ᠨᠤᠲᠤᠭᠯᠠᠵᠤ ᠪᠠᠶᠢᠭᠰᠠᠨ ᠣᠢ ᠶᠢᠨ ᠢᠷᠭᠡᠳ ᠦᠨ ᠤᠳᠤᠮ ᠪᠥᠭᠡᠳ ᠣᠶᠢᠷᠠᠳ ᠠᠴᠠ ᠲᠠᠰᠤᠷᠴᠢ ᠦᠯᠡᠳᠡᠭᠰᠡᠨ ᠬᠦᠮᠦᠰ ᠶᠤᠮ᠃ᠰᠡᠭᠦᠯ ᠳᠦ ᠪᠡᠨ ᠳᠠᠷᠬᠠᠳ ᠶᠠᠰᠤᠲᠠᠨ ᠲᠠᠢ ᠢᠵᠢᠯᠰᠡᠨ ᠶᠡᠬᠡᠩᠬᠢ ᠨᠢ ᠥᠪᠡᠷᠰᠡᠳ ᠢ ᠪᠡᠨ ᠬᠠᠷ᠎ᠠ ᠳᠠᠷᠬᠠᠳ ᠭᠡᠵᠦ ᠨᠡᠷᠡᠯᠡᠬᠦ ᠪᠣᠯᠤᠭᠰᠠᠨ᠃ ᠥᠭᠡᠯᠡᠳ: ᠳᠠᠷᠬᠠᠳ ᠤᠨ ᠥᠭᠡᠯᠡᠳ ᠣᠪᠤᠭ ᠨᠢ ᠶᠡᠬᠡᠪᠴᠢᠯᠡᠨ ᠤᠯᠠᠭᠠᠨ ᠠᠭᠤᠯᠠ᠂ᠪᠠᠶᠠᠨᠵᠢᠷᠦᠬᠡ ᠪᠡᠷ ᠨᠤᠲᠤᠭᠯᠠᠳᠠᠭ ᠪᠠ ᠥᠭᠡᠯᠡᠳ ᠦᠨ ᠳᠠᠶᠢᠨ ᠤ ᠦᠶ᠎ᠡ ᠳᠦ ᠰᠠᠭᠤᠷᠢᠰᠢᠭᠰᠠᠨ ᠬᠦᠮᠦᠰ ᠦᠨ ᠤᠳᠤᠮ ᠶᠤᠮ᠃ᠷᠢᠨᠴᠢᠨᡀᠦᠮᠪᠦᠶᠢᠨ ᠰᠢᠰᠢᠭᠡᠳ ᠲᠦ ᠥᠭᠡᠯᠡᠳ ᠦᠨ ᠳᠠᠶᠢᠨ ᠪᠣᠯᠵᠤ ᠪᠠᠶᠢᠭᠰᠠᠨ ᠪᠠ ᠭᠠᠯᠳᠠᠨ ᠪᠣᠱᠢᠭᠲᠦ ᠶᠢ ᠢᠯᠠᠭᠳᠠᠭᠰᠠᠨ ᠤ ᠳᠠᠷᠠᠭ᠎ᠠ ᠳᠠᠷᠬᠠᠳ ᠨᠤᠲᠤᠭ ᠲᠤ ᠥᠭᠡᠯᠡᠳ ᠢᠷᠭᠡᠳ ᠢ ᠨᠡᠭᠦᠯᠭᠡᠨ ᠰᠠᠭᠤᠯᠭᠠᠭᠰᠠᠨ ᠪᠢᠯᠡ᠃

ᠡᠯᠵᠢᠭᠡᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠡᠯᠵᠢᠭᠡᠨ ᠣᠪᠤᠭ ᠨᠢ ᠡᠷᠲᠡ ᠳᠡᠭᠡᠷ᠎ᠡ ᠦᠶ᠎ᠡ ᠳᠦ ᠲᠤᠪᠠᠭ ᠤᠨᠨᠤᠲᠤᠭ ᠠᠴᠠ ᠨᠡᠭᠦᠳᠡᠯᠯᠡᠨ ᠢᠷᠡᠭᠰᠡᠨ ᠡᠯᠵᠢᠭᠡᠨ ᠴᠢᠬᠢᠲᠦ ᠬᠠᠭᠠᠨ ᠤ ᠤᠳᠤᠮ ᠶᠤᠮ᠃ᠡᠷᠲᠡᠨ ᠦ ᠮᠣᠩᠭᠣᠯᠴᠤᠳ ᠨᠢ ᠣᠪᠤᠭ ᠢᠶᠠᠨ ᠲᠡᠷᠢᠭᠦᠯᠡᠭᠴᠢ ᠪᠡᠷ ᠨᠢ ᠶᠡᠬᠡᠬᠡᠨ ᠨᠡᠷᠡᠯᠡᠵᠦ ᠪᠠᠶᠢᠭᠰᠠᠨ ᠨᠢ ᠣᠯᠠᠨᠲᠠ ᠲᠡᠮᠳᠡᠭᠯᠡᠭᠳᠡᠨ ᠦᠯᠡᠳᠡᠭᠰᠡᠨ ᠪᠠᠶᠢᠳᠠᠭ ᠪᠠ᠂ᠡᠯᠵᠢᠭᠡᠨ ᠨᠠᠷᠠ ᠨᠢ ᠬᠢᠲᠠᠨ ᠤᠭᠰᠠᠭᠠᠨ ᠤ ᠣᠪᠤᠭ ᠶᠤᠮ᠃ᠤᠷᠢᠶᠠᠩᠬᠠᠢ ᠶᠢᠨ ᠣᠲᠣᠭ ᠲᠤ᠂ ᠡᠯᠵᠢᠭᠡᠨ ᠠᠷᠪᠠᠨ ᠭᠡᠵᠦ ᠨᠡᠷᠡᠯᠡᠭᠳᠡᠨ ᠳᠡᠭᠦᠷᠦᠭᠴᠢ ᠸᠠᠩ ᠳᠤ ᠵᠠᠬᠢᠷᠤᠭᠳᠠᠨ ᠦᠰᠦᠯᠢᠭ ᠠᠯᠪᠠ ᠲᠤᠰᠢᠶᠠᠳᠠᠭ ᠪᠠᠶᠢᠭᠰᠠᠨ ᠪᠠ ᠶᠡᠬᠡᠩᠬᠢ ᠨᠢ ᠴᠠ ᠪᠤᠭᠤ᠂ ᠮᠠ᠋ ᠍ ᠪᠠᠨ ᠬᠣᠣᠰᠯᠠᠨ ᠡᠷᠬᠢᠯᠡᠳᠡᠭ᠃ ᠤᠯᠠᠭᠠᠨ ᠤᠤᠯ ᠤᠨ ᠬᠥᠭ᠂ᠭᠤᠨ ᠭᠣᠣᠯ ᠢᠶᠠᠷ ᠨᠤᠲᠤᠭᠯᠠᠳᠠᠭ᠃ ᠡᠯᠵᠢᠭᠡᠨ ᠴᠢᠬᠢᠲᠦ ᠬᠠᠭᠠᠨ ᠤ ᠬᠡᠷᠡᠮ ᠨᠢ ᠥᠪᠦᠷᠬᠠᠩᠭᠠᠢ ᠶᠢᠨ ᠭᠤᠴᠢᠨ ᠤᠰᠤ᠂ ᠬᠣᠪᠳᠣ ᠰᠤᠮᠤᠳ ᠲᠤ ᠪᠠᠶᠢᠳᠠᠭ ᠶᠤᠮ᠃

ᠰᠣᠶᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠰᠣᠶᠣᠨ /ᠰᠣᠶᠠᠨ/ ᠣᠪᠤᠭ ᠨᠢ ᠳᠣᠲᠣᠷ᠎ᠠ ᠪᠠᠨ ᠰᠣᠶᠣᠨ᠂ᠬᠠᠷ᠎ᠠ ᠰᠣᠶᠣᠨ ᠭᠡᠵᠦ ᠬᠤᠪᠢᠶᠠᠭᠳᠠᠳᠠᠭ᠃ᠰᠣᠶᠣᠨ ᠭᠡᠳᠡᠭ ᠨᠢ ᠮᠣᠩᠭᠣᠯᠴᠢᠯᠠᠪᠠᠯ ᠰᠢᠷᠢᠬᠢ ᠭᠡᠰᠡᠨ ᠦᠭᠡ ᠪᠠ ᠡᠷᠲᠡ ᠦᠶ᠎ᠡ ᠳᠦ ᠰᠢᠷᠬᠡ ᠲᠡᠢ ᠭᠠᠵᠠᠷ ᠨᠤᠲᠤᠭᠯᠠᠵᠤ ᠪᠠᠶᠢᠭᠰᠠᠨ ᠣᠪᠤᠭ ᠠᠶᠢᠮᠠᠭ ᠢ ᠰᠣᠶᠣᠨ ᠭᠡᠵᠦ ᠨᠡᠷᠡᠯᠡᠭᠰᠡᠨ ᠭᠡᠳᠡᠭ᠃ᠳᠠᠷᠬᠠᠳ᠂ᠴᠠᠲᠠᠨᠤᠭ ᠤᠳ ᠨᠢ ᠣᠯᠠᠨ ᠢᠶᠠᠷ ᠪᠠᠶᠢᠳᠠᠭ ᠡᠨᠡ ᠣᠪᠤᠭ ᠨᠢ ᠡᠷᠲᠡᠨ ᠦ ᠲᠦᠷᠦᠭ , ᠨᠡᠩ ᠤᠭᠰᠠᠭᠠᠲᠠᠨ ᠤ ᠤᠳᠤᠮ᠃

ᠵᠣᠣ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠵᠣᠣ ᠳᠤ ᠣᠪᠤᠭ ᠨᠢ ᠨᠡᠩ ᠤᠭᠰᠠᠭᠠᠲᠠᠨ ᠤ ᠣᠪᠤᠭ ᠪᠥᠭᠡᠳ ᠣᠢ ᠶᠢᠨ ᠤᠷᠢᠶᠠᠩᠬᠠᠢ ᠶᠢᠨ ᠨᠢᠭᠡ ᠣᠪᠤᠭ ᠪᠠᠶᠢᠵᠤ ᠪᠠᠶᠢᠭᠠᠳ ᠬᠣᠵᠢᠮ ᠳᠠᠷᠬᠠᠳ ᠶᠠᠰᠤᠲᠠᠨ ᠤ ᠳᠣᠲᠣᠷ᠎ᠠ ᠢᠵᠢᠯᠢᠰᠦᠨ ᠢᠶᠡᠷ ᠳᠠᠷᠬᠠᠳ ᠤᠨ ᠨᠢᠭᠡ ᠣᠪᠤᠭ ᠪᠣᠯᠤᠭᠰᠠᠨ ᠶᠤᠮ᠃ ᠶᠡᠬᠡᠪᠴᠢᠯᠡᠨ ᠤᠯᠠᠭᠠᠨ ᠠᠭᠤᠯᠠ ᠰᠤᠮᠤᠳ ᠤᠳ ᠲᠤ ᠠᠮᠢᠳᠤᠷᠠᠳᠠᠭ

ᠬᠠᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠬᠠᠭᠠᠰᠤ ᠨᠤᠭᠤᠳ ᠣᠪᠤᠭ ᠨᠢ ᠪᠠᠰᠠ ᠨᠡᠩ ᠤᠭᠰᠠᠭᠠᠲᠠᠨ ᠤ ᠣᠪᠤᠭ ᠪᠥᠭᠡᠳ ᠰᠢᠰᠢᠭᠡᠳ᠂ᠶᠡᠨᠢᠰᠡᠢ ᠮᠥᠷᠡᠨ ᠢᠶᠡᠷ ᠨᠤᠲᠤᠭᠯᠠᠵᠤ ᠪᠠᠶᠢᠭᠰᠠᠨ ᠬᠦᠮᠦᠰ

ᠤᠶᠢᠭᠤᠷ᠂ᠬᠢᠷᠭᠢᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠤᠶᠢᠭᠤᠷ᠂ ᠬᠢᠷᠭᠢᠰ ᠣᠪᠤᠭ ᠨᠢ 8-10 ᠷ ᠵᠠᠭᠤᠨ ᠤ ᠦᠶ᠎ᠡ ᠳᠦ ᠲᠠᠩᠨᠠ ᠰᠣᠶᠣᠩ ᠤ ᠨᠢᠷᠤᠭᠤ ᠣᠷᠴᠢᠮ ᠨᠤᠲᠤᠭ ᠢ ᠡᠵᠡᠯᠡᠵᠦ ᠪᠠᠶᠢᠭᠰᠠᠨ ᠤᠶᠢᠭᠤᠷ᠂ᠬᠢᠷᠭᠢᠰ ᠠᠶᠢᠮᠠᠭ ᠤᠨ ᠤᠳᠤᠮ ᠤᠨ ᠬᠢᠨ ᠶᠤᠮ᠃ᠲᠦᠷᠦᠭ ᠤᠭᠰᠠᠭᠠᠨ ᠤ ᠠᠶᠢᠮᠠᠭ ᠠᠴᠠ ᠲᠠᠰᠤᠷᠴᠢ ᠦᠯᠡᠳᠡᠭᠰᠡᠨ ᠪᠥᠭᠡᠳ ᠳᠠᠷᠬᠠᠳ ᠨᠤᠲᠤᠭ ᠲᠤ ᠣᠯᠠᠨ ᠲᠣᠭᠠᠨ ᠤ ᠬᠢᠷᠭᠢᠰ ᠦᠳ ᠦᠨ ᠪᠤᠯᠠᠰᠢ ᠪᠠᠶᠢᠳᠠᠭ ᠨᠢ᠂ ᠡᠨᠡ ᠤᠯᠤᠰ ᠣᠯᠠᠨ ᠵᠢᠯ ᠢᠶᠡᠷ ᠳᠠᠷᠬᠠᠳ ᠨᠤᠲᠤᠭ ᠲᠤ ᠠᠮᠢᠳᠤᠷᠠᠵᠤ ᠪᠠᠶᠢᠭᠰᠠᠨ ᠢ ᠪᠠᠲᠤᠯᠠᠳᠠᠭ᠃

ᠮᠠᠩᠵᠢᠷᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠮᠠᠩᠵᠢᠷᠠᠭ ᠣᠪᠤᠭ ᠨᠢ ᠳᠠᠷᠬᠠᠳ ᠤᠨ ᠬᠣᠶᠢᠲᠤ ᠬᠥᠷᠰᠢ ᠪᠣᠯᠬᠤ ᠲᠦᠩᠬᠢᠨ ᠠᠯᠠᠷ ᠤᠨ ᠪᠤᠷᠢᠶᠠᠳ ᠠᠴᠠ ᠲᠠᠰᠤᠷᠴᠢ ᠢᠷᠡᠭᠰᠡᠨ ᠬᠦᠮᠦᠰ ᠦᠨ ᠣᠪᠤᠭ ᠶᠤᠮ᠃ᠬᠣᠷᠢ ᠪᠤᠷᠢᠶᠠᠳ ᠤᠨ ᠪᠥᠭᠡ ᠶᠢᠨ ᠳᠠᠭᠤᠳᠠᠯᠭ᠎ᠠ ᠳᠤ ᠮᠠᠨᠵᠢᠯᠬᠠᠢ ᠭᠡᠳᠡᠭ ᠣᠩᠭᠣᠳ ᠣᠯᠠᠨ ᠳᠤᠷᠠᠳᠤᠭᠳᠠᠳᠠᠭ ᠨᠢ ᠡᠨᠡ ᠣᠪᠤᠭ ᠤᠨ ᠡᠪᠦᠭᠡ ᠨᠢ ᠪᠠᠶᠢᠬᠤ᠃

ᠬᠠᠷᠢᠭᠠᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠬᠠᠷᠢᠭᠠᠳ ᠣᠪᠤᠭ ᠨᠢ ᠮᠥᠨ ᠪᠤᠷᠢᠶᠠᠳ ᠨᠤᠲᠤᠭ ᠠᠴᠠ ᠲᠠᠰᠤᠷᠴᠢ ᠢᠷᠡᠭᠰᠡᠨ

ᠮᠠᠩᠭᠢᠯᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠮᠠᠩᠭᠢᠯᠠᠭ ᠣᠪᠤᠭ ᠨᠢ ᠲᠡᠮᠳᠡᠭᠯᠡᠭᠳᠡᠨ ᠦᠯᠡᠳᠡᠭᠰᠡᠨ ᠴᠤ ᠶᠠᠭ ᠬᠠᠮᠢᠭ᠎ᠠ ᠠᠴᠠ ᠶᠠᠮᠠᠷ ᠤᠳᠤᠮ ᠤᠨ ᠬᠦᠮᠦᠰ ᠭᠡᠳᠡᠭ ᠨᠢ ᠮᠡᠳᠡᠭᠳᠡᠭᠡ ᠦᠭᠡᠢ ᠯᠠ ᠪᠠᠶᠢᠨ᠎ᠠ

ᠤᠷᠠᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠤᠷᠠᠳ ᠣᠪᠤᠭ ᠨᠢ 12 ᠍ ᠳᠦᠭᠡᠷ ᠵᠠᠭᠤᠨ ᠤ ᠦᠶ᠎ᠡ ᠶᠢᠨ ᠣᠨᠣᠨ᠂ᠬᠡᠷᠯᠡᠨ ᠣᠷᠴᠢᠮ ᠢᠶᠠᠷ ᠨᠤᠲᠤᠭᠯᠠᠵᠤ ᠪᠠᠶᠢᠭᠰᠠᠨ ᠤᠷᠤᠳ ᠠᠶᠢᠮᠠᠭ ᠤᠨ ᠬᠦᠮᠦᠰ ᠪᠠ .ᠴᠢᠩᠭᠢᠰ ᠦᠨ ᠳᠡᠭᠦᠦ ᠬᠠᠪᠤᠲᠤ ᠬᠠᠰᠠᠷ ᠤᠨ ᠤᠳᠤᠮ ᠭᠡᠵᠦ ᠨᠡᠷᠡᠯᠡᠳᠡᠭ᠃

ᠣᠩᠬᠣᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠳ ᠤᠨ ᠣᠩᠬᠣᠳ ᠣᠪᠤᠭ ᠪᠣᠯ ᠡᠷᠲᠡᠨ ᠦ ᠣᠨᠤᠭ ᠲᠤ ᠠᠶᠢᠮᠠᠭ ᠠᠴᠠ ᠲᠠᠰᠤᠷᠠᠨ ᠦᠯᠡᠳᠡᠭᠰᠡᠨ ᠬᠦᠮᠦᠰ ᠪᠠ ᠪᠠᠶᠢᠯᠳᠤᠨ ᠳᠠᠭᠠᠭᠤᠯᠤᠯᠲᠠ ᠶᠢᠨ ᠦᠶ᠎ᠡ ᠳᠦ ᠪᠠᠶᠢᠭᠠᠯᠢ ᠨᠠᠭᠤᠷ ᠣᠷᠴᠢᠮ ᠢᠶᠠᠷ ᠨᠡᠭᠦᠳᠡᠯᠯᠡᠨ ᠢᠷᠡᠭᠰᠡᠨ ᠪᠥᠭᠡᠳ ᠣᠷᠣᠰ ᠲᠤ ᠦᠰᠦᠯᠢᠭ ᠡᠳ᠋ ᠲᠤᠰᠢᠶᠠᠵᠤ ᠠᠯᠪᠠ ᠵᠠᠯᠭᠠᠭᠤᠯᠤᠨ ᠠᠮᠢᠳᠤᠷᠠᠳᠠᠭ ᠪᠠᠶᠢᠴᠠᠢ᠃ ᠴᠢᠨᠣ᠎ᠠ ᠳᠤ᠂ᠰᠥᠨᠢᠳ: ᠳᠠᠷᠬᠠᠳ ᠤᠨ ᠴᠢᠨᠣ᠎ᠠ ᠳᠤ ᠰᠥᠨᠢᠳ ᠣᠪᠤᠭ ᠨᠢ ᠲᠠᠶᠢᠵᠢ ᠨᠤᠭᠤᠳ᠂ ᠬᠣᠩᠭᠢᠷᠠᠳ ᠠᠶᠢᠮᠠᠭ ᠤᠨ ᠬᠦᠮᠦᠰ ᠪᠠᠶᠢᠭᠰᠠᠨ ᠪᠠ ᠴᠢᠩᠭᠢᠰ ᠦᠨ ᠪᠠᠶᠢᠯᠳᠤᠨ ᠳᠠᠭᠠᠭᠤᠯᠤᠯᠲᠠ ᠶᠢᠨ ᠦᠶ᠎ᠡ ᠳᠦ ᠢᠷᠡᠵᠦ ᠰᠠᠭᠤᠷᠢᠰᠢᠭᠰᠠᠨ ᠪᠠᠶᠢᠨ᠎ᠠ᠃


http://wiki.uhaan.com/index.php?title=ᠳᠠᠷᠬᠠᠳ&oldid=408234》 ᠍  ᠡᠴᠡ ᠠᠪᠤᠭᠰᠠᠨ

ᠪᠢᠴᠢᠭᠡᠰᠦ