ᠳᠠᠷᠬᠠᠨ ᠬᠣᠲᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
<tr class="mergedrow"> <td colspan="2" style="text-align:center" align="center">
ᠳᠠᠷᠬᠠᠨ is located in ᠮᠣᠩᠭᠣᠯ
ᠳᠠᠷᠬᠠᠨ
</td>

</tr>

{{{ᠠᠯᠪᠠᠨ ᠶᠣᠰᠣᠨ ᠤ ᠨᠡᠷ᠎ᠡ}}}</br>
ᠬᠣᠲᠠ ᠶᠢᠨ ᠵᠢᠷᠤᠭ</br></br>
ᠰᠣᠯᠪᠢᠴᠠᠯ: 49°28′08″N, 105°57′27″E
ᠤᠯᠤᠰ {{{ᠵᠠᠬᠢᠷᠭ᠎ᠠ ᠨᠡᠷ᠎ᠡ}}}
ᠠᠶᠢᠮᠠᠭ {{{ᠵᠠᠬᠢᠷᠭ᠎ᠠ ᠨᠡᠷ᠎ᠡ 1}}}
ᠰᠤᠮᠤ {{{ᠵᠠᠬᠢᠷᠭ᠎ᠠ ᠨᠡᠷ᠎ᠡ 2}}}
ᠭᠠᠵᠠᠷ ᠨᠤᠲᠤᠭ  
 - ᠨᠡᠶᠢᠲᠡ {{{ᠭᠠᠵᠠᠷ ᠨᠤᠲᠤᠭ ᠨᠡᠶᠢᠲᠡ}}} km²
ᠬᠦᠮᠦᠨ ᠠᠮᠠ  
 - ᠨᠡᠶᠢᠲᠡ (2009) {{{ᠬᠦᠮᠦᠨ ᠠᠮᠠ ᠨᠡᠶᠢᠲᠡ}}}
 - ᠨᠢᠭᠲᠠᠷᠠᠯ {{{ᠬᠦᠮᠦᠨ ᠠᠮᠠ ᠨᠢᠭᠲᠠᠰᠢᠯ}}}/km²
 - ᠬᠦᠢ ᠳᠡᠭᠦᠷᠭᠡ ᠶᠢᠨ ᠬᠠᠮᠲᠤ 120,000 [1]
ᠤᠲᠠᠰᠤᠨ ᠤ ᠺᠣᠳ᠋ +976 (0) 137

ᠳᠠᠷᠬᠠᠨ ᠳᠠᠷᠬᠠᠨ» ᠭᠡᠳᠡᠭ ᠤᠳᠬ᠎ᠠ ᠠᠴᠠ ᠨᠡᠷᠡᠯᠡᠭᠳᠡᠭᠰᠡᠨ)ᠳᠠᠷᠬᠠᠨ-ᠠᠭᠤᠯᠠ ᠠᠶᠢᠮᠠᠭ ᠤᠨ ᠵᠠᠰᠠᠭ ᠵᠠᠬᠢᠷᠭᠠᠨ ᠤ ᠲᠥᠪ ᠪᠣᠯᠤᠭᠰᠠᠨ ᠬᠣᠲᠠ᠂ ᠵᠠᠰᠠᠭ ᠵᠠᠬᠢᠷᠭᠠᠨ ᠤ ᠬᠤᠪᠢᠶᠠᠷᠢ ᠶᠣᠰᠣᠭᠠᠷ ᠠᠳᠠᠯᠢ ᠨᠡᠷ᠎ᠡ ᠲᠡᠢ ᠰᠤᠮᠤ ᠪᠣᠯᠳᠠᠭ᠃

2009 ᠣᠨ ᠤ ᠲᠣᠭᠠᠴᠠᠭ᠎ᠠ ᠪᠠᠷ 91,358 ᠣᠷᠣᠰᠢᠨ ᠰᠠᠭᠤᠭᠴᠢ ᠲᠠᠢ ᠪᠠᠶᠢᠨ᠎ᠠ[2]᠂ ᠮᠧᠲ᠋ᠷ ᠪᠦᠷᠢ ᠭᠠᠵᠠᠷ ᠨᠤᠲᠤᠭ ᠲᠤ 120,000 ᠣᠷᠣᠰᠢᠨ ᠰᠠᠭᠤᠭᠴᠢ ᠲᠠᠢ ᠪᠠᠶᠢᠨ᠎ᠠ᠃ [3] ᠡᠭᠦᠨ ᠡᠴᠡ ᠦᠵᠡᠪᠡᠯ ᠤᠯᠠᠭᠠᠨᠪᠠᠭᠠᠲᠤᠷ ᠍ ᠤᠨ ᠳᠠᠷᠠᠭᠠᠬᠢ ᠤᠯᠤᠰ ᠤᠨ ᠬᠣᠶᠠᠳᠤᠭᠠᠷ ᠶᠡᠬᠡ ᠬᠣᠲᠠ ᠪᠣᠯᠬᠤ ᠶᠤᠮ᠃

ᠳᠠᠷᠬᠠᠨ ᠬᠣᠳᠠ ᠳᠤ ᠣᠶᠢᠷ᠎ᠠ ᠶᠢᠨ ᠦᠶ᠎ᠡ ᠳᠦ ᠣᠯᠠᠨ ᠰᠠᠶᠢᠬᠠᠨ ᠪᠠᠷᠢᠯᠭ᠎ᠠ ᠪᠠᠶᠢᠭᠤᠯᠤᠮᠵᠢ ᠪᠠᠷᠢᠭᠳᠠᠭᠰᠠᠨ᠃ ᠡᠳᠡᠭᠡᠷ ᠨᠢ ᠮᠣᠷᠢᠨ ᠬᠤᠭᠤᠷ ᠴᠣᠭᠴᠠᠯᠠᠪᠤᠷᠢ᠂ ᠪᠤᠷᠬᠠᠨ ᠲᠠᠢ ᠠᠭᠤᠯᠠ᠂ ᠮᠥᠨ ᠬᠡᠦᠬᠡᠳ ᠵᠠᠯᠠᠭᠤᠴᠤᠳ ᠤᠨ ᠴᠢᠯᠦᠭᠡᠲᠦ ᠴᠠᠭ ᠢᠶᠠᠨ ᠥᠩᠭᠡᠷᠡᠭᠦᠯᠬᠦ ᠴᠡᠴᠡᠷᠯᠢᠭ  ᠢ ᠰᠢᠨᠡᠴᠢᠯᠡᠵᠦ ᠰᠠᠶᠢᠵᠢᠷᠠᠭᠤᠯᠤᠭᠰᠠᠨ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠨ ᠬᠣᠲᠠ ᠶᠢᠨ ᠠᠩᠬᠠᠨ ᠤ ᠰᠠᠭᠤᠷᠢ ᠵᠢᠨ ᠴᠢᠯᠠᠭᠤ ᠶᠢ "ᠪᠤᠷᠬᠠᠨᠲᠤ ᠶᠢᠨ ᠬᠥᠨᠳᠡᠢ" ᠍ ᠳᠦ 1961 ᠣᠨ ᠤ 10 ᠳ᠋ᠤᠭᠠᠷ ᠰᠠᠷ᠎ᠠ ᠶᠢᠨ 17  ᠳᠦ ᠴᠧᠬᠣᠰᠯᠠᠧᠢᠶ᠎ᠠ᠂ ᠭᠧᠷᠮᠠᠨ ᠵᠡᠷᠭᠡ ᠤᠯᠤᠰ ᠤᠳ ᠤᠨ ᠲᠧᠭᠨᠢᠭ᠂ ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭᠠᠨ ᠤ ᠲᠤᠰᠠᠯᠠᠮᠵᠢ ᠲᠠᠢ ᠪᠠᠷ ᠪᠠᠶᠢᠭᠤᠯᠤᠨ ᠬᠥᠭᠵᠢᠭᠦᠯᠦᠭᠰᠡᠨ ᠶᠤᠮ᠃ ᠮᠥᠨ ᠶᠠᠫᠣᠨ ᠤᠯᠤᠰ ᠤᠨ ᠲᠧᠭᠨᠢᠭ᠂ ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭᠠᠨ ᠤ ᠲᠤᠰᠠᠯᠠᠮᠵᠢ ᠲᠠᠢ ᠳᠠᠷᠬᠠᠨ ᠤ ᠲᠡᠮᠦᠷᠯᠢᠭ ᠦᠨ ᠦᠢᠯᠡᠳᠪᠦᠷᠢ ᠪᠠᠶᠢᠭᠤᠯᠤᠭᠳᠠᠭᠰᠠᠨ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠯᠤᠰ ᠤᠨ ᠶᠡᠬᠡ ᠬᠤᠷᠠᠯ ᠤᠨ 1994 ᠣᠨ ᠤ 32 ᠲᠣᠭᠠᠲᠤ ᠲᠣᠭᠲᠠᠭᠠᠯ ᠢᠶᠠᠷ ᠳᠠᠷᠬᠠᠨ ᠬᠣᠲᠠ ᠶᠢ ᠳᠠᠷᠬᠠᠨ-ᠠᠭᠤᠯᠠ ᠠᠶᠢᠮᠠᠭ ᠪᠣᠯᠭᠠᠨ ᠵᠣᠬᠢᠶᠠᠨ ᠪᠠᠶᠢᠭᠤᠯᠤᠭᠰᠠᠨ ᠪᠠ ᠵᠠᠰᠠᠭ ᠵᠠᠬᠢᠷᠭᠠᠨ ᠤ ᠨᠢᠭᠡᠴᠡ ᠶᠢᠨ ᠬᠤᠪᠢ ᠳᠤ 4 ᠰᠤᠮᠤ᠂ 24 ᠪᠠᠭ ᠲᠠᠢ᠃ ᠳᠠᠷᠬᠠᠨ-ᠠᠭᠤᠯᠠ ᠠᠶᠢᠮᠠᠭ ᠨᠢ ᠰᠡᠯᠡᠩᠭᠡ᠂ ᠲᠥᠪ ᠠᠶᠢᠮᠠᠭ ᠤᠨ ᠰᠤᠮᠤ ᠨᠤᠭᠤᠳ ᠲᠠᠢ ᠬᠢᠯᠢ ᠵᠠᠯᠭᠠᠭ᠎ᠠ ᠣᠷᠣᠰᠢᠳᠠᠭ᠃ ᠳᠠᠷᠬᠠᠨ ᠬᠣᠲᠠ ᠶᠢ ᠰᠢᠨ᠎ᠡ ᠳᠠᠷᠬᠠᠨ᠂ ᠬᠠᠭᠤᠴᠢᠨ ᠳᠠᠷᠬᠠᠨ ᠭᠡᠰᠡᠨ 2 ᠬᠡᠰᠡᠭ ᠲᠦ ᠬᠤᠪᠢᠶᠠᠳᠠᠭ᠃

ᠪᠡᠯᠭᠡ ᠲᠡᠮᠳᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠦᠯᠳᠡ ᠳᠠᠭᠤᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠶ᠎ᠠ ᠳ᠂ ᠯᠤᠪᠰᠠᠩᠰᠢᠷᠠᠪ (ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠲᠥᠷᠥ ᠶᠢᠨ ᠰᠣᠶᠣᠷᠬᠠᠯᠳᠤ᠂ ᠠᠷᠠᠳ ᠤᠨ ᠵᠦᠵᠦᠭᠡᠴᠢᠨ)

ᠦᠭᠡ ᠳ᠂ ᠫᠦᠷᠪᠦᠳᠣᠷᠵᠢ (ᠮᠣᠩᠭᠣᠯ ᠤᠯᠤᠰ ᠤᠨ ᠬᠥᠳᠡᠯᠮᠦᠷᠢ ᠶᠢᠨ ᠪᠠᠭᠠᠲᠤᠷ᠂ ᠠᠷᠠᠳ ᠤᠨ ᠤᠷᠠᠨ ᠵᠣᠬᠢᠶᠠᠯᠴᠢ᠂ ᠲᠥᠷᠥ ᠶᠢᠨ ᠱᠠᠩᠨᠠᠯᠲᠤ)

« ᠬᠠᠮᠤᠭ ᠤᠨ ᠰᠠᠶᠢᠬᠠᠨ ᠬᠣᠲᠠ

ᠡᠭᠦᠯᠡᠨ ᠬᠡ ᠰᠢᠭ ᠴᠡᠩᠬᠡᠷ ᠬᠥᠨᠳᠡᠶ  ᠳᠦ
ᠦᠦᠷ ᠦᠨ ᠴᠠᠭᠠᠨ ᠴᠣᠯᠮᠣᠨ ᠭᠢᠯᠪᠠᠭᠠᠵᠤ
ᠦᠢᠯᠡᠳᠪᠦᠷᠢ ᠠᠭᠤᠷᠬᠠᠢ ᠶᠢᠨ ᠶᠠᠨᠳᠤᠩ ᠬᠦᠵᠢᠯᠡᠬᠦ
ᠦᠯᠢᠭᠡᠷ ᠦᠨ ᠰᠠᠶᠢᠬᠠᠨ ᠬᠣᠲᠠ ᠪᠠᠶᠢᠳᠠᠭ ᠶᠤᠮ᠃
ᠣᠷᠳᠣ ᠬᠠᠷᠰᠢ ᠨᠢ ᠡᠳᠦᠷᠵᠢᠨ ᠤᠷᠭᠤᠵᠤ
ᠣᠳᠣᠳ ᠭᠠᠳᠠᠭ᠎ᠠ ᠨᠢ ᠰᠥᠨᠢᠵᠢᠨ ᠬᠣᠲᠠᠯᠠᠵᠤ
ᠥᠷᠭᠡᠨ ᠰᠠᠷᠠᠭᠤᠯ ᠬᠠᠶᠠᠭ᠎ᠠ ᠨᠢ ᠲᠡᠯᠡᠭᠰᠡᠨ
ᠥᠷᠯᠥᠭᠡᠨ ᠰᠠᠶᠢᠬᠠᠨ ᠬᠣᠲᠠ ᠪᠠᠶᠢᠳᠠᠭ ᠶᠤᠮ᠃
ᠬᠠᠨᠢ ᠶᠢᠨ ᠰᠠᠶᠢᠨ ᠨᠠᠶᠢᠷᠰᠠᠨ ᠴᠤᠭᠯᠠᠵᠤ
ᠬᠠᠮᠲᠤᠷᠠᠨ ᠪᠦᠲᠦᠭᠡᠵᠦ ᠠᠮᠢᠳᠤᠷᠠᠨ ᠰᠠᠭᠤᠭᠰᠠᠨ
ᠬᠠᠪᠤᠷ ᠤᠨ ᠨᠠᠭᠤᠷ ᠰᠢᠭ ᠵᠢᠷᠭᠠᠯ ᠳᠡᠯᠭᠡᠷ
ᠬᠠᠮᠤᠭ ᠤᠨ ᠰᠠᠶᠢᠬᠠᠨ ᠬᠣᠲᠠ ᠪᠠᠶᠢᠳᠠᠭ ᠶᠤᠮ᠃
ᠠᠬᠠᠨ ᠳᠡᠭᠦᠰ ᠦᠨ ᠥᠯᠵᠡᠶᠢᠲᠦ ᠭᠠᠷ ᠢᠶᠠᠷ
ᠠᠩᠬᠠᠨ ᠤ ᠴᠢᠯᠠᠭᠤ ᠶᠢ ᠨᠢ ᠥᠷᠭᠡᠨ ᠲᠠᠯᠪᠢᠭᠰᠠᠨ
ᠨᠠᠷᠠᠯᠠᠭ ᠮᠣᠩᠭᠣᠯ ᠤᠨ ᠡᠨᠡ ᠬᠣᠲᠠ ᠶᠢ
ᠨᠠᠶᠢᠷᠠᠮᠳᠠᠯ ᠤᠨ ᠳᠠᠷᠬᠠᠨ ᠭᠡᠳᠡᠭ ᠶᠤᠮ᠃

»

ᠰᠦᠯᠳᠡ ᠲᠡᠮᠳᠡᠭ[ᠵᠠᠰᠠᠪᠤᠷᠢᠯᠠᠬᠤ | ᠺᠣᠳ᠋ ᠢᠶᠠᠷ ᠵᠠᠰᠠᠬᠣ]

"ᠬᠠᠭᠠᠨ ᠪᠠᠭᠤᠪᠴᠢ" ᠪᠣᠯ ᠳᠠᠷᠬᠠᠨ ᠬᠣᠲᠠ ᠶᠢᠨ ᠡᠷᠬᠢᠮᠯᠡᠨ ᠳᠡᠭᠡᠳᠦᠯᠡᠳᠡᠭ ᠪᠡᠯᠭᠡ ᠲᠡᠮᠳᠡᠭ ᠶᠤᠮ᠃ "ᠬᠠᠭᠠᠨ ᠪᠠᠭᠤᠪᠴᠢ" ᠨᠢ ᠨᠠᠶᠢᠷᠠᠮᠳᠠᠨ ᠡᠪᠯᠡᠯᠳᠦᠬᠦ ᠶᠢᠨ ᠤᠳᠬ᠎ᠠ ᠶᠢ ᠪᠡᠯᠬᠡᠳᠡᠭᠰᠡᠨ ᠠᠷᠠᠳ ᠤᠨ ᠬᠡᠭᠡᠨ ᠦ ᠳᠤᠷᠠᠰᠬᠠᠯᠲᠤ ᠵᠦᠢᠯ ᠪᠣᠯᠤᠨ᠎ᠠ᠃

ᠪᠠᠶᠢᠷᠢᠰᠢᠯ᠂ ᠪᠠᠶᠢᠭᠠᠯᠢ᠂ ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠨ ᠬᠣᠲᠠ ᠨᠢ ᠣᠷᠬᠣᠨ-ᠰᠡᠯᠡᠩᠭᠡ ᠶᠢᠨ ᠰᠠᠪᠠ ᠭᠠᠵᠠᠷ ᠤᠨ ᠪᠥᠰᠡ ᠳᠦ ᠪᠠᠭᠲᠠᠳᠠᠭ᠃ ᠬᠠᠷ᠎ᠠ ᠭᠣᠣᠯ ᠤᠨ ᠡᠷᠭᠢ ᠪᠤᠷᠬᠠᠨᠲᠤ ᠶᠢᠨ ᠬᠥᠨᠳᠡᠢ ᠳᠤ ᠣᠷᠣᠰᠢᠳᠠᠭ ᠪᠥᠭᠡᠳ ᠳᠠᠯᠠᠢ ᠶᠢᠨ ᠲᠦᠪᠰᠢᠨ ᠡᠴᠡ ᠳᠡᠭᠡᠭᠰᠢ 700 m ᠦᠨ ᠥᠨᠳᠥᠷ ᠲᠦ ᠪᠠᠶᠢᠷᠢᠯᠠᠭᠰᠠᠨ ᠪᠠ 327.5 ᠮᠢᠩᠭᠠᠨ ᠲᠡᠭᠰᠢ ᠲᠦᠷᠪᠡᠯᠵᠢᠨ ᠲᠠᠯᠠᠪᠡᠢ ᠭᠠᠵᠠᠷ ᠨᠤᠲᠤᠭ ᠲᠠᠢ᠂ ᠡᠷᠡᠰ ᠲᠡᠰᠦ ᠠᠭᠤᠷ ᠠᠮᠢᠰᠬᠤᠯ ᠲᠠᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠨ ᠬᠣᠲᠠ ᠨᠢ 2010 ᠣᠨ ᠤ ᠪᠠᠶᠢᠳᠠᠯ ᠢᠶᠠᠷ 74,738 ᠬᠦᠮᠦᠨ ᠠᠮᠠ ᠲᠠᠢ᠃ ᠨᠡᠶᠢᠲᠡ ᠬᠦᠮᠦᠨ ᠠᠮᠠ ᠶᠢᠨ 64.5 ᠬᠤᠪᠢ ᠶᠢ 35 ᠬᠦᠷᠲᠡᠯᠡᠬᠢ ᠨᠠᠰᠤᠨ ᠤ ᠵᠠᠯᠠᠭᠤᠰ ᠡᠵᠡᠯᠡᠳᠡᠭ ᠪᠠ ᠨᠡᠶᠢᠲᠡ ᠡᠷᠦᠬᠡ ᠶᠢᠨ 67.5 ᠬᠤᠪᠢ ᠨᠢ ᠣᠷᠣᠨ ᠰᠠᠭᠤᠴᠠᠨ ᠳᠤ ᠠᠮᠢᠳᠤᠷᠠᠳᠠᠭ᠃

ᠲᠡᠦᠬᠡ᠂ ᠰᠤᠶᠤᠯ ᠤᠨ ᠳᠤᠷᠠᠰᠬᠠᠯᠲᠤ ᠭᠠᠵᠠᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠮᠦᠷ ᠲᠡᠢ ᠾᠦᠩᠨᠦ ᠪᠤᠯᠠᠰᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠨ ᠬᠣᠲᠠ

ᠳᠠᠷᠬᠠᠨ ᠬᠣᠲᠠ ᠶᠢᠨ ᠲᠡᠮᠦᠷ ᠲᠡᠢ ᠤᠤᠯ ᠤᠨ ᠰᠢᠪᠲᠤᠷᠬᠤ ᠦᠵᠦᠭᠦᠷ ᠲᠦ ᠾᠦᠩᠨᠦ ᠨᠠᠷ ᠤᠨ ᠪᠤᠯᠠᠰᠢ ᠪᠠᠶᠢᠭᠰᠠᠨ ᠢ 1946 ᠣᠨ ᠳᠤ ᠡᠷᠳᠡᠮᠲᠡᠨ ᠰᠤᠳᠤᠯᠤᠭᠠᠴᠢ᠎ ᠫ᠂ ᠣᠺᠯᠠᠳ᠋ᠨᠢᠺᠣᠸ ᠠᠩᠬ᠎ᠠ ᠢᠯᠡᠷᠡᠭᠦᠯᠦᠭᠰᠡᠨ᠃ ᠳᠠᠷᠠᠭ᠎ᠠ ᠨᠢ 1969 ᠣᠨ ᠳᠤ ᠬ᠃ᠫᠷᠯᠡᠢ᠂ ᠶᠦ᠋᠂ ᠰ᠋ ᠂ ᠭᠷᠡᠰᠢᠨ ᠨᠠᠷ ᠰᠤᠳᠤᠯᠵᠤ 6 ᠪᠤᠯᠠᠰᠢ ᠶᠢ ᠮᠠᠯᠲᠠᠨ ᠰᠢᠨᠵᠢᠯᠡᠵᠦ᠂ ᠦᠷ᠎ᠡ ᠳ᠋ᠦᠩ ᠢ ᠨᠢ ᠨᠡᠶᠢᠲᠡᠯᠡᠭᠰᠡᠨ᠃ ᠪᠤᠯᠠᠰᠢᠨ ᠠᠴᠠ ᠭᠠᠷᠤᠭᠰᠠᠨ ᠡᠳ᠋ ᠵᠦᠢᠯᠡᠰ ᠬᠦᠮᠦᠨ ᠦ ᠶᠠᠰᠤ᠂ ᠰᠠᠪᠠᠨ ᠤ ᠦᠯᠡᠳᠡᠭᠳᠡᠯ᠂ ᠲᠡᠮᠦᠷ ᠡᠳ᠋ᠯᠡᠯ ᠦᠨ ᠬᠡᠯᠲᠡᠷᠬᠡᠢ᠂ ᠮᠠᠯ ᠤᠨ ᠶᠠᠰᠤ᠂ ᠴᠦᠯᠬᠦᠮ ᠪᠥᠭᠡᠷ᠎ᠡ ᠲᠡᠢ ᠸᠠᠭᠠᠷ  ᠤᠳ᠂ ᠳᠠᠪᠤᠤ ᠪᠣᠯᠤᠨ ᠢᠰᠡᠭᠡᠶ ᠵᠢᠨ ᠥᠭᠡᠳᠡᠰᠦ᠂ ᠰᠤᠷ  ᠤᠨ  ᠲᠠᠰᠤᠷᠬᠠᠢ᠃ ᠰᠤᠳᠤᠯᠤᠭᠠᠴᠢᠳ ᠡᠳᠡᠭᠡᠷ ᠪᠤᠯᠠᠰᠢ ᠶᠢ ᠨᠡᠶᠢᠲᠡ ᠶᠢᠨ ᠤᠨ ᠲᠣᠭᠠᠯᠠᠯ ᠠᠴᠠ ᠡᠮᠦᠨ᠎ᠡ 2-1 ᠍ ᠳᠦᠭᠡᠷ ᠵᠠᠭᠤᠨ ᠤ ᠦᠶ᠎ᠡ ᠳᠦ ᠬᠠᠮᠢᠶᠠᠷᠠᠭᠤᠯᠵᠤ ᠦᠵᠡᠵᠤ ᠪᠤᠢ᠃

ᠰᠢᠷ᠎ᠠ ᠶᠢᠨ ᠭᠣᠣᠯ ᠤᠨ ᠵᠣᠰᠣᠨ ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠬᠠᠨ ᠬᠣᠲᠠ ᠠᠴᠠ ᠬᠣᠶᠢᠰᠢ 25 ᠺᠢᠯᠣᠮᠧᠲ᠋ᠷ ᠳᠦ ᠤᠷᠤᠰᠢᠬᠤ ᠴᠠᠭᠠᠨ ᠨᠠᠭᠤᠷ ᠠᠴᠠ ᠵᠡᠭᠦᠨ ᠲᠡᠰᠢ ᠬᠢᠰᠠᠯᠠᠨ ᠲᠣᠭᠲᠠᠭᠰᠠᠨ ᠲᠣᠯᠢᠭᠠᠷ ᠬᠠᠳᠠᠨ ᠳᠤ 3 ᠬᠡᠰᠡᠭ ᠭᠠᠵᠠᠷ ᠤᠯᠠᠭᠠᠨ ᠵᠣᠰᠣ ᠪᠠᠷ ᠵᠢᠷᠤᠭ ᠵᠢᠷᠤᠭᠰᠠᠨ ᠢ 1980 ᠣᠨ ᠳᠤ ᠡᠷᠳᠡᠮᠲᠡᠨ ᠰᠤᠳᠤᠯᠤᠭᠠᠴᠢ᠎ ᠫ᠂ ᠣᠺᠯᠠᠳ᠋ᠨᠢᠺᠣᠸ᠂ ᠳ᠂ ᠳᠣᠷᠵᠢ ᠨᠠᠷ ᠤᠨ ᠤᠳᠤᠷᠢᠳᠤᠭᠰᠠᠨ ᠮᠣᠩᠭᠣᠯ-ᠵᠥᠪᠯᠡᠯᠲᠦ ᠶᠢᠨ ᠬᠠᠮᠲᠤᠷᠠᠭᠰᠠᠨ ᠡᠺᠰᠫᠧᠳᠢᠼᠢ ᠠᠩᠬ᠎ᠠ ᠣᠯᠵᠤ ᠢᠯᠡᠷᠡᠭᠦᠯᠦᠭᠰᠡᠨ[4]

ᠪᠠᠲᠤ-ᠠᠮᠤᠭᠤᠯᠠᠩ

ᠪᠢᠴᠢᠭᠲᠦ ᠬᠣᠰᠢᠭᠤᠨ ᠤ ᠬᠦᠢᠲᠡᠨ ᠦ ᠭᠣᠣᠯ ᠤᠨ ᠪᠢᠴᠢᠭᠡᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠨᠢ ᠮᠣᠩᠭᠣᠯ᠂ ᠳᠥᠷᠪᠡᠯᠵᠢᠨ 2 ᠪᠢᠴᠢᠭ ᠦᠨ ᠳᠤᠷᠠᠰᠬᠠᠯ ᠪᠥᠭᠡᠳ ᠳᠠᠷᠬᠠᠨ ᠬᠣᠲᠠ ᠠᠴᠠ ᠵᠡᠭᠦᠨ ᠬᠣᠶᠢᠲᠤ ᠵᠦᠭ ᠲᠤ 70 ᠺᠢᠯᠣᠮᠧᠲ᠋ᠷ ᠳᠦ ᠬᠦᠢᠲᠡᠨ ᠦ ᠭᠣᠣᠯ ᠤᠨ ᠪᠢᠴᠢᠭᠲᠦ ᠬᠣᠰᠢᠭᠤ ᠬᠡᠮᠡᠬᠦ ᠭᠠᠵᠠᠷ ᠪᠠᠶᠢᠳᠠᠭ᠃ ᠪᠢᠴᠢᠭᠡᠰᠦ ᠨᠦᠭᠦᠳ ᠢ ᠠᠩᠬ᠎ᠠ 1981 ᠣᠨ ᠳᠤ ᠨ᠂ ᠰᠡᠷ-ᠣᠳᠵᠠᠪ᠂ ᠳ᠂ ᠰᠡᠸᠡᠩᠳᠣᠷᠵᠢ ᠨᠠᠷ ᠢᠯᠡᠷᠡᠭᠦᠯᠦᠭᠰᠡᠨ᠃ ᠮᠣᠩᠭᠣᠯ ᠪᠢᠴᠢᠭᠡᠰᠦ ᠨᠢ ᠨᠡᠯᠢᠶᠡᠳ ᠪᠠᠯᠠᠷᠠᠭᠰᠠᠨ ᠪᠣᠯᠪᠠᠴᠤ ᠶᠡᠷᠦᠩᠬᠡᠢ ᠲᠣᠶᠢᠮᠣ ᠶᠢ ᠨᠢ ᠭᠠᠷᠭᠠᠵᠤ ᠲᠠᠶᠢᠯᠤᠭᠰᠠᠨ᠂ ᠪᠢᠴᠢᠭ ᠦᠨ ᠬᠡᠯᠪᠡᠷᠢ ᠨᠢ 12-14 ᠍ ᠳᠦᠭᠡᠷ ᠵᠠᠭᠤᠨ ᠳᠤ ᠬᠣᠯᠪᠣᠭᠳᠠᠨ᠎ᠠ ᠭᠡᠵᠦ ᠦᠵᠡᠵᠡᠬᠡᠵᠠᠢ᠃ ᠳᠥᠷᠪᠡᠯᠵᠢᠨ ᠪᠢᠴᠢᠭ ᠨᠢ ᠪᠦᠷᠢᠨ ᠲᠠᠶᠢᠯᠤᠭᠳᠠᠭ᠎ᠠ ᠦᠭᠡᠢ ᠪᠣᠯᠪᠠᠴᠤ 17 ᠍ ᠳᠦᠭᠡᠷ ᠵᠠᠭᠤᠨ ᠠᠴᠠ ᠬᠣᠶᠢᠰᠢᠬᠢ ᠦᠶ᠎ᠡ ᠶᠢᠨ ᠱᠠᠰᠢᠨ ᠮᠥᠷᠭᠥᠯ ᠦᠨ ᠤᠳᠬ᠎ᠠ ᠲᠠᠢ ᠬᠡᠮᠡᠨ ᠦᠵᠡᠭᠰᠡᠨ ᠪᠥᠭᠡᠳ ᠮᠣᠩᠭᠣᠯ ᠨᠤᠲᠤᠭ ᠤᠨ ᠬᠠᠳᠠᠨ ᠠᠴᠠ ᠠᠩᠬ᠎ᠠ ᠤᠳᠠᠭ᠎ᠠ ᠢᠯᠡᠷᠡᠭᠰᠡᠨ ᠬᠣᠪᠣᠷ ᠳᠤᠷᠠᠰᠬᠠᠯ ᠳᠤ ᠲᠣᠭᠠᠴᠠᠵᠠᠢ᠃

ᠪᠤᠰᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

 • ᠶᠡᠬᠡ ᠮᠣᠩᠭᠣᠯ ᠤᠯᠤᠰ ᠪᠠᠶᠢᠭᠤᠯᠤᠭᠳᠠᠰᠠᠨ ᠤ 800 ᠵᠢᠯ ᠦᠨ ᠣᠢ ᠶᠢᠨ ᠤᠯᠤᠰ ᠤᠨ ᠺᠣᠮᠢᠰ ᠤᠨ " ᠣᠷᠣᠨ ᠨᠤᠲᠤᠭ ᠤᠨ ᠬᠠᠮᠤᠭ ᠤᠨ ᠰᠠᠶᠢᠨ ᠰᠠᠨᠠᠭᠠᠴᠢᠯᠭ᠎ᠠ" ᠍ ᠪᠠᠷ ᠡᠷᠭᠦᠮᠵᠢᠯᠡᠭᠳᠡᠭᠰᠡᠨ " ᠮᠣᠷᠢᠨ ᠬᠤᠭᠤᠷ" ᠴᠣᠭᠴᠠᠯᠠᠪᠤᠷᠢ
 • ᠪᠤᠷᠬᠠᠨ ᠲᠠᠢ ᠠᠭᠤᠯᠠ
 • ᠲᠡᠮᠦᠷ ᠵᠠᠮᠴᠢᠳ ᠤᠨ ᠬᠥᠰᠢᠶ᠎ᠡ
 • ᠠᠪᠤ ᠶᠢᠨ ᠭᠤᠲᠤᠯ

ᠠᠪᠤ ᠶᠢᠨ ᠭᠤᠲᠤᠯ ᠬᠡᠮᠡᠬᠦ 5 ᠨᠠᠰᠤᠲᠠᠢ ᠬᠦᠤ ᠶᠢᠨ ᠡᠨᠡᠬᠦ ᠬᠥᠰᠢᠶ᠎ᠡ ᠨᠢ ᠳᠠᠷᠬᠠᠨᠴᠤᠤᠳ ᠤᠨ ᠦᠷ᠎ᠡ ᠤᠳᠤᠮ ᠠᠴᠠ ᠤᠯᠤᠰ ᠲᠤ ᠪᠠᠨ ᠲᠡᠳᠦᠢ ᠦᠭᠡᠢ ᠳᠡᠯᠡᠬᠡᠢ ᠶᠢᠨ ᠲᠠᠪᠴᠠᠩ ᠳᠤ ᠡᠬᠡ ᠣᠷᠣᠨ ᠤ ᠪᠠᠨ ᠨᠡᠷ᠎ᠡ ᠶᠢ ᠮᠠᠨᠳᠤᠭᠤᠯᠤᠭᠰᠠᠨ ᠰᠤᠤᠲᠤ ᠡᠷᠳᠡᠮᠲᠡᠨ ᠮᠡᠷᠭᠡᠳ᠂ ᠲᠠᠮᠢᠷ ᠤᠷᠠᠯᠢᠭ ᠤᠨ ᠠᠯᠳᠠᠷᠲᠠᠨ ᠨᠤᠭᠤᠳ ᠣᠯᠠᠨ ᠠᠷᠪᠢᠨ ᠪᠠᠷ ᠢᠶᠠᠨ ᠲᠥᠷᠥᠨ ᠭᠠᠷᠬᠤ ᠶᠢ ᠪᠡᠯᠬᠡᠳᠡᠳᠡᠭ ᠪᠥᠭᠡᠳ ᠬᠥᠰᠢᠶ᠎ᠡ ᠶᠢ 2006 ᠣᠨ ᠳᠤ ᠬᠣᠲᠠ ᠪᠠᠶᠢᠭᠤᠯᠤᠭᠳᠠᠭᠰᠠᠨ ᠡᠳᠦᠷ ᠪᠤᠶᠤ 10 ᠰᠠᠷ᠎ᠠ ᠶᠢᠨ 17 ᠍ ᠤ ᠡᠳᠦᠷ ᠬᠦᠯᠢᠶᠡᠨ ᠠᠪᠤᠭᠰᠠᠨ ᠪᠠᠶᠢᠨ᠎ᠠ᠃

 • ᠮᠣᠩᠭᠣᠯ ᠭᠤᠲᠤᠯ ᠬᠥᠰᠢᠶ᠎ᠡ
 • ᠮᠢᠨᠦ ᠮᠣᠩᠭᠣᠯ ᠴᠡᠴᠡᠷᠯᠢᠭᠲᠦ ᠬᠦᠷᠢᠶᠡᠯᠡᠩ
 • ᠨᠠᠶᠢᠷᠠᠮᠳᠠᠯ ᠤᠨ ᠳᠠᠷᠬᠠᠨ ᠲᠡᠮᠳᠡᠭ ᠬᠥᠰᠢᠶ᠎ᠡ
 • ᠳᠡᠭᠦᠵᠢᠩ ᠭᠦᠭᠦᠷᠭᠡ
  • ᠳᠠᠷᠬᠠᠨ ᠤᠯᠠᠭᠠᠨᠪᠠᠭᠠᠲᠤᠷ ᠤᠨ ᠴᠢᠭᠯᠡᠯ ᠢ ᠵᠠᠰᠠᠮᠠᠯ ᠵᠠᠮ ᠳᠠᠭᠠᠤ ᠳᠠᠷᠬᠠᠨ ᠠᠴᠠ 20 ᠺᠢᠯᠣᠮᠧᠲ᠋ᠷ
 • ᠳᠠᠷᠬᠠᠨ ᠬᠠᠭᠠᠯᠲᠠ
  • ᠳᠠᠷᠬᠠᠨ ᠰᠡᠯᠡᠩᠭᠡ ᠶᠢᠨ ᠵᠠᠰᠠᠮᠠᠯ ᠵᠠᠮ ᠳᠠᠭᠠᠤ ᠳᠠᠷᠬᠠᠨ ᠠᠴᠠ 10 ᠺᠢᠯᠣᠮᠧᠲ᠋ᠷ

ᠠᠬ ᠠ ᠳᠡᠭᠦᠦ ᠬᠣᠲᠠ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

 1. ᠳᠠᠷᠬᠠᠨ (ᠣᠷᠣᠰ ᠶᠢᠡᠷ )
 2. Darkhan-Uul Aimas Statistical Office 2009 Annual Report
 3. ᠳᠠᠷᠬᠠᠨ (ᠣᠷᠣᠰ ᠶᠢᠡᠷ )
 4. ᠳ᠂ ᠰᠡᠸᠡᠩᠳᠣᠷᠵᠢ᠂ ᠶᠦ᠋᠂ ᠰ᠂ ᠬᠤᠳ᠋ᠢᠺᠣᠸ (ᠰᠢᠷ᠎ᠠ ᠶᠢᠨ ᠭᠣᠣᠯ ᠤᠨ ᠬᠠᠳᠠᠨ ᠤ ᠵᠢᠷᠤᠭ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ. 1984. ¹4 76-78 ᠍ ᠳᠦᠭᠡᠷ ᠲᠠᠯ᠎ᠠ
 5. ᠳᠢᠮᠢᠲᠷᠣᠪᠷᠠᠳ᠋

ᠪᠢᠴᠢᠭᠡᠰᠦ