ᠳᠠᠯᠠᠨᠵᠢᠷᠭᠠᠯᠠᠩ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠳᠠᠯᠠᠨᠵᠢᠷᠭᠠᠯᠠᠩ (ᠳᠠᠯᠠᠨᠵᠢᠷᠭᠠᠯᠠᠩ) ᠨᠢ ᠳᠣᠷᠣᠨᠠᠭᠣᠪᠢ ᠠᠶᠢᠮᠠᠭ ᠤᠨ ᠰᠤᠮᠤ ᠶᠤᠮ᠃ᠳᠣᠷᠣᠨᠠᠭᠣᠪᠢ ᠠᠶᠢᠮᠠᠭ ᠤᠨ ᠲᠥᠪ ᠰᠠᠶᠢᠨᠱᠠᠩᠳᠠ ᠬᠣᠲᠠ ᠠᠴᠠ 156 ᠺᠢᠯᠣᠮᠧᠲ᠋ᠷ᠂ ᠤᠯᠠᠭᠠᠨᠪᠠᠭᠠᠲᠤᠷ ᠬᠣᠲᠠ ᠠᠴᠠ 305 ᠺᠢᠯᠣᠮᠧᠲ᠋ᠷ ᠳᠦ᠂ ᠲᠡᠮᠦᠷ ᠵᠠᠮ ᠤᠨ ᠳᠠᠭᠠᠤ ᠣᠷᠣᠰᠢᠳᠠᠭ᠃ 4 ᠪᠠᠭ ᠲᠠᠢ᠂ ᠬᠦᠮᠦᠨ ᠠᠮᠠ 2581. ᠲᠥᠪ ᠦᠨ ᠡᠷᠴᠢᠮ ᠬᠦᠴᠦᠩᠳᠡ ᠬᠣᠯᠪᠣᠭᠳᠠᠵᠤ᠂ ᠡᠭᠦᠷ ᠦᠨ ᠲᠧᠯᠧᠹᠣᠨ ᠦᠢᠯᠡᠴᠢᠯᠡᠭᠡ ᠨᠡᠪᠲᠡᠷᠡᠭᠰᠡᠨ᠃ ᠲᠤᠰ ᠰᠤᠮᠤᠨ ᠳᠤ 320 ᠰᠠᠭᠤᠳᠠᠯ ᠲᠠᠢ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ᠂ 35 ᠣᠷᠣ ᠲᠠᠢ ᠳᠣᠲᠣᠭᠤᠷ ᠪᠠᠶᠢᠷᠢ᠂ 10 ᠣᠷᠣ ᠲᠠᠢ ᠬᠦᠮᠦᠨ ᠡᠮᠨᠡᠯᠭᠡ᠂ 75 ᠣᠷᠣ ᠲᠠᠢ ᠬᠡᠦᠬᠡᠳ ᠦᠨ ᠴᠡᠴᠡᠷᠯᠢᠭ᠂ 100 ᠰᠠᠭᠤᠳᠠᠯ ᠲᠠᠢ ᠰᠤᠶᠤᠯ ᠤᠨ ᠲᠥᠪ ᠠᠵᠢᠯᠯᠠᠳᠠᠭ᠃

ᠣᠯᠠᠨ ᠣᠪᠣᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠤᠮᠤ ᠶᠢᠨ ᠲᠥᠪ ᠴᠣᠮᠣᠭ ᠪᠠ ᠲᠤᠰ ᠰᠤᠮᠤ ᠶᠢᠨ ᠬᠠᠷᠢᠶ᠎ᠠ ᠴᠢᠯᠠᠭᠤᠨ ᠤ ᠦᠢᠯᠡᠳᠪᠦᠷᠢ ᠣᠯᠠᠨ ᠣᠪᠣᠭ᠎ᠠ ᠍ ᠳᠦ ᠮᠣᠩᠭᠣᠯ ᠤᠨ ᠲᠡᠮᠦᠷ ᠵᠠᠮ ᠤᠨ ᠥᠷᠲᠡᠭᠡ ᠪᠤᠢ᠃ ᠰᠣᠴᠢᠶᠠᠯᠢᠮ ᠤᠨ ᠦᠶ᠎ᠡ ᠳᠦ ᠵᠥᠪᠯᠡᠯᠲᠦ ᠶᠢᠨ ᠴᠡᠷᠢᠭ ᠦᠨ ᠨᠢᠰᠬᠦ ᠠᠩᠬᠢ ᠶᠢᠨ ᠪᠠᠭᠠᠵᠢ ᠪᠠᠶᠢᠷᠢᠯᠠᠵᠤ ᠪᠠᠶᠢᠪᠠ᠃ ᠰᠤᠮᠤ ᠶᠢᠨ ᠲᠥᠪ ᠡᠴᠡ ᠬᠣᠶᠢᠰᠢ 21 ᠺᠢᠯᠣᠮᠧᠲ᠋ᠷ ᠵᠠᠢ ᠳᠤ ᠡᠯᠳᠡᠪ ᠦᠨ ᠴᠢᠯᠠᠭᠤᠨ ᠨᠡᠭᠦᠷᠡᠰᠦᠨ ᠦ ᠠᠭᠤᠷᠬᠠᠢ ᠪᠤᠢ᠃


ZIP CODE | ᠪᠠᠭ ᠤᠨ ᠨᠡᠷ᠎ᠡ | ᠥᠷᠭᠡᠷᠢᠭ | ᠤᠷᠲᠤᠷᠢᠭ |


44137 | ᠪᠢᠴᠢᠭ ᠲᠦ | 46,01514 | 109,09235 |


44133 | ᠴᠣᠮᠣᠭ | 46,01514 | 109,09235 |


44135 | ᠡᠯᠳᠡᠪ | 46,01514 | 109,09235 |


44131 | ᠥᠩᠭᠡᠲᠦ | 46,01514 | 109,09235 |


ᠪᠠᠶᠢᠭᠠᠯᠢ ᠶᠢᠨ ᠦᠵᠡᠰᠦᠭᠯᠡᠩ ᠳᠦ ᠭᠠᠵᠠᠷ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

________________________________________________________________

ᠶᠡᠬᠡ ᠨᠠᠷᠠᠲᠤ ᠶᠢᠨ ᠬᠠᠳᠠ ᠪᠠᠶᠢᠭᠠᠯᠢ ᠶᠢᠨ ᠨᠥᠭᠡᠴᠡ ᠭᠠᠵᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠷᠣᠨᠠᠭᠣᠪᠢ ᠠᠶᠢᠮᠠᠭ ᠤᠨ ᠳᠠᠯᠠᠨᠵᠢᠷᠭᠠᠯᠠᠩ ᠰᠤᠮᠤ ᠶᠢᠨ ᠨᠤᠲᠤᠭ ᠲᠤ ᠤᠷᠤᠰᠢᠬᠤ ᠶᠡᠬᠡ ᠨᠠᠷᠠᠲᠤ ᠶᠢᠨ ᠬᠠᠳᠠ ᠨᠢ ᠭᠣᠪᠢ ᠶᠢᠨ ᠠᠷᠭᠠᠯ ᠤᠨ ᠪᠠᠶᠢᠷᠢᠰᠢᠯ ᠨᠤᠲᠤᠭ ᠤᠨ ᠬᠠᠮᠤᠭ ᠤᠨ ᠵᠡᠭᠦᠨ ᠬᠣᠶᠢᠳᠤ ᠬᠢᠯᠢ ᠪᠥᠭᠡᠳ ᠪᠠᠶᠢᠭᠠᠯᠢ᠂ ᠲᠡᠦᠬᠡ ᠶᠢᠨ ᠳᠤᠷᠠᠰᠬᠠᠯᠲᠤ ᠵᠦᠢᠯ ᠶᠡᠬᠡ ᠲᠡᠢ ᠮᠣᠩᠭᠣᠯ ᠣᠷᠣᠨ ᠤ ᠪᠠᠶᠢᠭᠠᠯᠢ ᠶᠢᠨ ᠦᠵᠡᠰᠬᠦᠯᠡᠩᠲᠦ ᠭᠠᠵᠠᠷ ᠤᠳ ᠤᠨ ᠨᠢᠭᠡ ᠤᠴᠢᠷ ᠬᠠᠮᠠᠭᠠᠯᠠᠬᠤ ᠱᠠᠭᠠᠷᠳᠠᠯᠭ᠎ᠠ ᠲᠠᠢ ᠶᠢ ᠬᠠᠷᠠᠭᠠᠯᠵᠠᠨ ᠤᠯᠤᠰ ᠤᠨ ᠶᠡᠬᠡ ᠬᠤᠷᠠᠯ ᠤᠨ 1996 ᠣᠨ ᠤ 43 ᠳ᠋ᠤᠭᠠᠷ ᠲᠣᠭᠲᠠᠭᠠᠯ ᠢᠶᠠᠷ ᠬᠠᠮᠠᠭᠠᠯᠠᠯᠲᠠ ᠳᠤ ᠠᠪᠤᠭᠰᠠᠨ ᠪᠠᠶᠢᠨ᠎ᠠ᠃ ᠨᠡᠶᠢᠲᠡ ᠲᠠᠯᠠᠪᠠᠢ ᠶᠢᠨ ᠬᠡᠮᠵᠢᠶ᠎ᠡ 43740 ᠭᠠ᠃ ᠡᠨᠡᠬᠦ ᠪᠠᠶᠢᠭᠠᠯᠢ ᠶᠢᠨ ᠨᠥᠭᠡᠴᠡ ᠭᠠᠵᠠᠷ ᠲᠤ ᠪᠠᠶᠢᠬᠤ ᠵᠡᠷᠯᠢᠭ ᠠᠮᠢᠲᠠᠳ ᠪᠠ ᠮᠠᠯ ᠰᠦᠷᠦᠭ᠂ ᠪᠠᠶᠢᠭᠠᠯᠢ᠂ ᠨᠡᠶᠢᠭᠡᠮ ᠤᠨ ᠬᠠᠷᠢᠯᠴᠠᠭᠠᠨ ᠤ ᠠᠰᠠᠭᠤᠳᠠᠯ ᠤᠳ ᠢ ᠰᠤᠳᠤᠯᠬᠤ ᠨᠢ ᠪᠠᠭ᠎ᠠ ᠦᠭᠡᠢ ᠠᠴᠢ ᠬᠣᠯᠪᠣᠭᠳᠠᠯ ᠲᠠᠢ ᠪᠥᠭᠡᠳ ᠮᠣᠩᠭᠣᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ᠂ ᠳᠧᠨᠸᠧᠷ ᠤᠨ ᠵᠣᠣᠯᠣᠭ ᠤᠨ ᠰᠠᠩ ᠬᠠᠮᠲᠤᠷᠠᠨ 2001 ᠣᠨ ᠠᠴᠠ ᠶᠡᠬᠡ ᠨᠠᠷᠠᠲᠤ ᠶᠢᠨ ᠪᠠᠶᠢᠭᠠᠯᠢ ᠶᠢᠨ ᠨᠥᠭᠡᠴᠡ ᠭᠠᠵᠠᠷ ᠲᠤ ᠤᠷᠲᠤ ᠬᠤᠭᠤᠴᠠᠭᠠᠨ ᠤ ᠰᠤᠳᠤᠯᠭᠠᠨ ᠤ ᠲᠥᠰᠥᠯ ᠢ ᠬᠡᠷᠡᠭᠵᠢᠭᠦᠯᠵᠦ ᠪᠠᠶᠢᠨ᠎ᠠ᠃

ᠭᠠᠵᠠᠷ ᠵᠦᠢ ᠶᠢᠨ ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠶᠢᠭᠠᠯᠢ ᠶᠢᠨ ᠮᠤᠵᠢᠯᠠᠯ ᠢᠶᠠᠷ ᠭᠣᠪᠢ ᠶᠢᠨ ᠪᠥᠰᠡ ᠳᠦ ᠪᠠᠭᠠᠳᠬᠤ ᠪᠣᠯᠪᠠᠴᠤ ᠨᠤᠲᠤᠭ ᠤᠨ ᠪᠠᠷᠠᠭᠤᠨ ᠬᠣᠶᠢᠲᠤ ᠬᠡᠰᠡᠭ ᠨᠢ ᠬᠡᠭᠡᠷ᠎ᠡ ᠲᠠᠯ᠎ᠠ ᠶᠢᠨ ᠪᠥᠰᠡ ᠳᠦ ᠬᠠᠮᠢᠶᠠᠷᠤᠨ᠎ᠠ᠃ ᠭᠣᠪᠢ ᠬᠡᠭᠡᠷ᠎ᠡ ᠬᠣᠣᠰᠯᠠᠭᠰᠠᠨ ᠴᠥᠯᠡᠷᠬᠡᠭ ᠬᠡᠭᠡᠷ᠎ᠡ ᠶᠢᠨ ᠡᠨᠡ ᠡᠺᠣᠰᠢᠰᠲ᠋ᠧᠮ ᠳᠦ ᠶᠡᠬᠡᠩᠬᠢ ᠳᠦ ᠪᠡᠨ ᠭᠠᠵᠠᠷ ᠵᠦᠢ ᠶᠢᠨ ᠬᠤᠪᠢ ᠳᠤ ᠪᠠᠭ᠎ᠠ ᠵᠡᠷᠭᠡ ᠬᠣᠲᠣᠭᠣᠷ ᠭᠦᠳᠦᠭᠦᠷ ᠲᠡᠢ ᠨᠠᠮ ᠳᠣᠣᠷ᠎ᠠ ᠪᠣᠯᠤᠨ ᠬᠠᠳᠠ ᠴᠢᠯᠠᠭᠤᠷᠬᠠᠭ᠂ ᠡᠯᠡᠭᠳᠡᠵᠦ ᠡᠪᠳᠡᠷᠡᠭᠰᠡᠨ ᠬᠠᠪᠴᠢᠯ᠂ ᠲᠣᠯᠣᠭᠠᠳᠣᠷᠬᠠᠭ ᠪᠣᠯᠤᠨ ᠠᠭᠤᠯᠠᠷᠬᠠᠭ ᠭᠠᠵᠠᠷ ᠤᠳ ᠪᠠᠶᠢᠳᠠᠭ᠃ ᠬᠠᠭᠤᠷᠠᠢ᠂ ᠡᠬᠡ ᠭᠠᠵᠠᠷ ᠤᠨ ᠠᠭᠤᠷ ᠠᠮᠢᠰᠬᠤᠯ ᠲᠠᠢ᠂ ᠪᠠᠶᠢᠩᠭᠤ ᠶᠢᠨ ᠬᠦᠴᠦᠲᠡᠢ ᠰᠠᠯᠬᠢ ᠪᠣᠯᠤᠨ ᠰᠢᠷᠤᠶᠢᠨ ᠰᠢᠭᠤᠷᠭ᠎ᠠ ᠬᠣᠣᠰᠯᠠᠭᠰᠠᠨ ᠴᠠᠭ ᠠᠭᠤᠷ ᠨᠢ ᠲᠤᠬᠠᠢ ᠶᠢᠨ ᠪᠥᠰᠡ ᠨᠤᠲᠤᠭ ᠤᠨ ᠤᠷᠭᠤᠮᠠᠯ ᠠᠮᠢᠲᠠᠳ ᠤᠨ ᠪᠦᠯᠬᠦᠮᠳᠡᠯ ᠳᠦ ᠶᠡᠬᠡ ᠨᠥᠯᠦᠭᠡᠯᠡᠳᠡᠭ᠃ ᠭᠣᠪᠢ ᠳᠤ ᠤᠰᠤᠨ ᠬᠠᠩᠭᠠᠮᠵᠢ ᠪᠠᠭ᠎ᠠ ᠪᠠᠶᠢᠳᠠᠭ ᠪᠣᠯᠪᠠᠴᠤ ᠴᠡᠩᠭᠡᠭ ᠬᠦᠢᠲᠡᠨ ᠤᠰᠤᠲᠤ ᠪᠤᠯᠠᠭ ᠱᠠᠩᠳᠠ ᠶᠡᠬᠡ ᠨᠠᠷᠠᠲᠤ ᠶᠢᠨ ᠬᠥᠨᠳᠡᠢ ᠶᠢ ᠤᠰᠤ ᠪᠠᠷ ᠬᠠᠩᠭᠠᠯᠲᠠᠲᠠᠢ ᠲᠡᠳᠬᠦᠵᠦ ᠪᠠᠶᠢᠳᠠᠭ᠃ ᠡᠳᠡᠭᠡᠷ ᠪᠤᠯᠠᠭ ᠱᠠᠩᠳᠠ ᠨᠢ ᠰᠠᠶᠢᠷᠠᠨ ᠳᠤ ᠰᠢᠩᠭᠡᠭᠰᠡᠨ ᠢᠶᠡᠨ ᠬᠡᠳᠦᠨ ᠵᠠᠭᠤᠨ ᠮᠧᠲ᠋ᠷ ᠦᠨ ᠴᠠᠭᠠᠨ᠎ᠠ ᠠᠴᠠ ᠳᠠᠬᠢᠨ ᠣᠷᠭᠢᠯᠠᠨ ᠭᠠᠷᠳᠠᠭ᠃ ᠵᠠᠷᠢᠮ ᠪᠤᠯᠠᠭ ᠨᠢ ᠵᠥᠪᠬᠡᠨ ᠶᠡᠬᠡ ᠪᠣᠷᠣᠭᠠᠨ ᠤ ᠳᠠᠷᠠᠭ᠎ᠠ ᠢᠯᠡ ᠭᠠᠷᠬᠤ ᠨᠢ ᠪᠤᠢ᠃ ᠮᠥᠨ ᠭᠣᠷᠭᠢ᠂ ᠪᠤᠯᠠᠭ᠂ ᠬᠤᠳᠳᠤᠭ ᠪᠣᠯᠤᠨ ᠤᠯᠠᠷᠢᠯ ᠤᠨ ᠴᠢᠨᠠᠷᠲᠠᠢ ᠴᠥᠭᠦᠷᠦᠮ ᠲᠤᠰ ᠨᠥᠭᠡᠴᠡ ᠭᠠᠵᠠᠷ ᠲᠤ ᠡᠯᠪᠡᠭ᠃ ᠶᠡᠬᠡ ᠨᠠᠷᠠᠲᠤ ᠳᠠᠬᠢ ᠬᠤᠳᠳᠤᠭ ᠤᠳ ᠨᠢ ᠨᠤᠲᠤᠭ ᠤᠨ ᠵᠡᠭᠦᠨ ᠬᠡᠰᠡᠭ ᠦᠨ᠂ ᠪᠤᠯᠠᠭ ᠪᠣᠯᠤᠭᠠᠳ ᠤᠯᠠᠷᠢᠯ ᠤᠨ ᠴᠢᠨᠠᠷᠲᠠᠢ ᠭᠣᠷᠭᠢ ᠨᠤᠭᠤᠳ ᠨᠢ ᠨᠤᠲᠤᠭ ᠤᠨ ᠪᠠᠷᠠᠭᠤᠨ ᠬᠡᠰᠡᠭ ᠦᠨ ᠤᠰᠤᠨ ᠤ ᠦᠨᠳᠦᠰᠦᠨ ᠨᠥᠭᠡᠴᠡ ᠪᠣᠯᠳᠠᠭ ᠪᠠᠶᠢᠨ᠎ᠠ᠃ ᠶᠡᠬᠡ ᠨᠠᠷᠠᠲᠤ ᠶᠢᠨ ᠪᠤᠯᠠᠭ᠂ ᠬᠤᠳᠳᠤᠭ ᠤᠨ ᠤᠰᠤᠨ ᠨᠤᠭᠤᠳ ᠨᠢ ᠮᠠᠰᠢ ᠴᠡᠩᠭᠡᠭ᠂ ᠴᠥᠭᠦᠷᠦᠮ ᠦᠳ ᠦᠨ ᠶᠡᠬᠡᠩᠬᠢ ᠨᠢ ᠤᠤᠭᠤᠬᠤ ᠳᠤ ᠲᠣᠬᠢᠷᠠᠮᠵᠢ ᠦᠭᠡᠢ ᠤᠰᠤ ᠲᠠᠢ ᠪᠠᠶᠢᠳᠠᠭ ᠴᠤ ᠵᠡᠷᠯᠢᠭ ᠠᠮᠢᠲᠠᠳ ᠤᠨ ᠬᠤᠪᠢ ᠳᠤ ᠤᠰᠤᠨ ᠤ ᠴᠢᠬᠤᠯᠠ ᠨᠥᠭᠡᠴᠡ ᠲᠡᠳᠦᠢ ᠦᠭᠡᠢ ᠤᠰᠤᠨ ᠤ ᠰᠢᠪᠠᠭᠤᠳ ᠢ ᠬᠠᠷᠠᠵᠤ ᠪᠣᠯᠬᠤ ᠲᠣᠬᠢᠷᠠᠮᠵᠢᠲᠠᠢ ᠭᠠᠵᠠᠷ ᠪᠢᠯᠡ᠃ ᠮᠥᠨ ᠡᠨᠳᠡ ᠬᠠᠯᠵᠠᠨ ᠠᠭᠤᠯᠠ ᠶᠢᠨ ᠷᠠᠰᠢᠶᠠᠨ ᠵᠡᠷᠭᠡ ᠶᠠᠩᠵᠤ ᠪᠦᠷᠢ ᠶᠢᠨ ᠡᠪᠡᠳᠴᠢᠨ ᠠᠨᠠᠭᠠᠬᠤ ᠴᠢᠳᠠᠯᠲᠠᠢ ᠷᠠᠰᠢᠶᠠᠨ ᠤᠰᠤᠨ ᠤ ᠨᠥᠭᠡᠴᠡ ᠶᠡᠬᠡ ᠲᠡᠢ᠃

ᠠᠮᠢᠲᠠᠨ ᠤ ᠠᠶᠢᠮᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠨᠠᠷᠠᠲᠤ ᠬᠥᠬᠥᠲᠡᠨ ᠠᠮᠢᠲᠠᠳ ᠤᠨ ᠵᠦᠢᠯ ᠦᠨ ᠪᠦᠷᠢᠳᠦᠯ ᠢᠶᠡᠷ ᠪᠠᠶᠠᠯᠢᠭ᠃ ᠡᠨᠳᠡ ᠳᠡᠯᠡᠬᠡᠢ ᠳᠦ ᠬᠠᠮᠤᠭ ᠤᠨ ᠲᠣᠮᠣ ᠠᠭᠤᠯᠠ ᠶᠢᠨ ᠬᠣᠨᠢ ᠪᠣᠯᠬᠤ ᠰᠦᠷᠯᠢᠭ ᠰᠠᠶᠢᠬᠠᠨ ᠤᠭᠠᠯᠵᠠᠨ ᠠᠴᠠ ᠥᠴᠥᠬᠡᠨ ᠵᠢᠵᠢᠭ ᠣᠷᠣᠭ ᠵᠤᠰᠠᠭ ᠬᠦᠷᠲᠡᠯ᠎ᠡ ᠶᠠᠩᠵᠤ ᠪᠦᠷᠢ ᠶᠢᠨ ᠬᠥᠬᠥᠲᠡᠨ ᠠᠮᠢᠲᠠᠳ ᠲᠣᠬᠢᠶᠠᠯᠳᠤᠨ᠎ᠠ᠃ ᠵᠢᠵᠢᠭ ᠮᠢᠬᠠᠨ ᠢᠳᠡᠰᠢ ᠳᠦ ᠬᠥᠬᠥᠲᠡᠨ ᠨᠦᠭᠦᠳ ᠣᠯᠠᠨ ᠪᠠᠶᠢᠳᠠᠭ ᠴᠤ ᠶᠡᠬᠡᠩᠬᠢ ᠨᠢ ᠰᠥᠨᠢ ᠶᠢᠨ ᠠᠮᠢᠳᠤᠷᠠᠯ ᠲᠠᠢ᠃ ᠠᠷᠭᠠᠯᠢ ᠬᠣᠨᠢ (Ovis ammon) ᠨᠢ ᠤᠷᠲᠤ ᠵᠡᠭᠵᠡᠭᠡᠷ ᠬᠥᠯᠡᠨ ᠦ ᠪᠡᠨ ᠬᠦᠴᠦ ᠪᠡᠷ ᠬᠤᠷᠳᠤᠨ ᠳᠠᠪᠬᠢᠳᠠᠭ ᠪᠣᠯ ᠶᠠᠩᠭᠢᠷ ᠢᠮᠠᠭ᠎ᠠ (Capra ibex) ᠨᠢ ᠬᠠᠳᠠᠨ ᠳᠤ ᠬᠤᠷᠳᠤᠨ ᠱᠠᠯᠠᠮᠠᠭᠠᠢ ᠠᠪᠠᠷᠢᠵᠤ᠂ ᠠᠶᠤᠯ ᠠᠴᠠ ᠵᠠᠶᠢᠯᠠᠵᠤ ᠵᠤᠭᠠᠲᠠᠬᠤ ᠪᠥᠭᠡᠳ ᠨᠢᠭᠡ ᠣᠪᠤᠭ ᠤᠨ ᠡᠳᠡᠭᠡᠷ ᠠᠮᠢᠲᠠᠳ ᠪᠡᠯᠴᠢᠭᠡᠷ ᠨᠤᠲᠤᠭ ᠢᠶᠠᠨ ᠬᠠᠮᠲᠤᠷᠠᠨ ᠡᠵᠡᠮᠰᠢᠨ᠎ᠡ᠃ ᠤᠭᠠᠯᠵᠠ ᠨᠢ ᠮᠠᠰᠢ ᠲᠣᠮᠣ ᠪᠡᠶ᠎ᠡ ᠲᠡᠢ᠂ ᠶᠡᠷᠦ ᠪᠤᠰᠤ ᠶᠢᠨ ᠭᠣᠶᠣᠮᠰᠣᠭ᠂ ᠲᠣᠮᠣ᠂ ᠪᠦᠲᠦᠨ ᠮᠤᠰᠬᠢᠷᠠᠭᠰᠠᠨ ᠡᠪᠡᠷ ᠲᠡᠢ ᠪᠠᠶᠢᠳᠠᠭ ᠪᠣᠯᠪᠠᠴᠤ ᠭᠣᠪᠢ ᠶᠢᠨ ᠤᠭᠠᠯᠵᠠᠨ ᠤ ᠡᠪᠡᠷ ᠨᠢ ᠬᠠᠷᠢᠴᠠᠩᠭᠤᠢ ᠵᠢᠵᠢᠭ᠃ ᠶᠡᠬᠡ ᠨᠠᠷᠠᠲᠤ ᠳᠤ ᠶᠠᠩᠭᠢᠷ ᠢᠮᠠᠭ᠎ᠠ ᠠᠷᠭᠠᠯᠢ ᠬᠣᠨᠢᠨ ᠠᠴᠠ ᠴᠥᠭᠡᠨ ᠲᠣᠭ᠎ᠠ ᠲᠠᠢ ᠪᠠᠶᠢᠳᠠᠭ ᠴᠤ ᠲᠠᠷᠬᠠᠴᠠ ᠨᠤᠲᠤᠭ ᠤᠨ ᠢᠶᠠᠨ ᠪᠤᠰᠤᠳ ᠬᠡᠰᠡᠭ ᠲᠦ ᠢᠯᠡᠭᠦᠦ ᠣᠯᠠᠨ ᠲᠣᠭ᠎ᠠ ᠲᠠᠢ ᠪᠠᠶᠢᠳᠠᠭ᠃ ᠬᠣᠶᠠᠷ ᠵᠦᠢᠯ ᠦᠨ ᠵᠡᠭᠡᠷ᠎ᠡ ᠪᠠᠶᠢᠳᠠᠭ ᠤᠨ ᠨᠢᠭᠡ ᠨᠢ ᠴᠠᠭᠠᠨ ᠵᠡᠭᠡᠷ᠎ᠡ (Procapra gutturosa) ᠨᠥᠭᠥᠭᠡ ᠨᠢ ᠬᠠᠷ᠎ᠠ ᠰᠡᠭᠦᠯᠲᠡᠢ (Gasella subgutturosa) ᠪᠥᠭᠡᠳ ᠶᠡᠬᠡ ᠨᠠᠷᠠᠲᠤ ᠳᠤ ᠤᠯᠠᠷᠢᠯ ᠤᠨ ᠴᠢᠨᠠᠷᠲᠠᠢ ᠲᠣᠬᠢᠶᠠᠯᠳᠤᠨ᠎ᠠ᠃ ᠠᠽᠢᠶ᠎ᠠ ᠳᠤ ᠬᠣᠪᠣᠷ ᠲᠣᠭᠠᠴᠠᠭᠳᠠᠳᠠᠭ ᠬᠤᠯᠠᠨ ᠠᠳᠤᠭᠤ(Equus hemionus) ᠶᠡᠬᠡ ᠨᠠᠷᠠᠲᠤ ᠶᠢᠨ ᠡᠮᠦᠨ᠎ᠡ ᠬᠡᠰᠡᠭ ᠢᠶᠡᠷ ᠵᠠᠷᠢᠮ ᠵᠤᠨ ᠲᠠᠭᠠᠷᠠᠯᠳᠤᠨ᠎ᠠ᠃ ᠮᠢᠬᠠᠴᠢᠨ ᠠᠮᠢᠲᠠᠳ ᠠᠴᠠ ᠰᠠᠷᠠᠯ ᠴᠢᠨᠣ᠎ᠠ᠂ ᠰᠢᠯᠦᠭᠦᠰᠦ ᠮᠢ᠂ ᠮᠠᠨᠤᠤᠯ ᠮᠢ᠂ ᠰᠢᠷ᠎ᠠ ᠦᠨᠡᠭᠡ᠂ ᠬᠢᠷᠰᠠ᠂ ᠬᠠᠯᠵᠠᠳᠠᠢ ᠳᠣᠷᠣᠭᠣ᠂ ᠥᠮᠥᠬᠡᠢ ᠦᠶᠡᠩ ᠶᠡᠬᠡ ᠨᠠᠷᠠᠲᠤ ᠳᠤ ᠪᠠᠶᠢᠳᠠᠭ᠃ ᠵᠢᠵᠢᠭ ᠬᠥᠬᠥᠲᠡᠨ ᠡᠴᠡ ᠳᠡᠯᠳᠡᠩ ᠵᠠᠷᠠᠭ᠎ᠠ᠂ ᠳᠠᠭᠤᠷ ᠤᠨ ᠵᠠᠷᠠᠭ᠎ᠠ᠂ ᠠᠲᠠᠭᠠᠬᠠᠢ᠂ ᠴᠢᠴᠢᠭᠦᠯ᠂ ᠠᠯᠠᠭᠳᠠᠬᠠᠢ᠂ ᠦᠬᠡᠷ ᠣᠭᠳᠣᠢ᠂ ᠪᠣᠷᠣᠯᠵᠠᠨ ᠲᠠᠤᠯᠠᠢ᠂ ᠬᠡᠭᠡᠷ᠎ᠡ ᠶᠢᠨ ᠪᠣᠯᠤᠨ ᠬᠠᠳᠠᠨ ᠤ ᠪᠠᠷᠤᠭᠴᠢᠨ᠂ ᠬᠡᠳᠦᠨ ᠵᠦᠢᠯ ᠦᠨ ᠭᠠᠷ ᠳᠠᠯᠠᠪᠴᠢᠲᠠᠨ ᠲᠣᠬᠢᠶᠠᠯᠳᠤᠨ᠎ᠠ᠃ ᠮᠥᠨ ᠣᠯᠠᠨ ᠵᠦᠢᠯ ᠦᠨ ᠰᠢᠪᠠᠭᠤᠳ ᠡᠨᠳᠡ ᠨᠡᠭᠦᠳᠡᠯᠯᠡᠨ ᠢᠷᠡᠵᠦ᠂ ᠡᠰᠡᠪᠡᠯ ᠰᠠᠭᠤᠷᠢᠨ ᠠᠮᠢᠳᠤᠷᠠᠨ᠎ᠠ᠃ ᠶᠡᠬᠡ ᠨᠠᠷᠠᠲᠤ ᠶᠢᠨ ᠬᠠᠳᠠ᠂ ᠴᠣᠬᠢᠶᠠᠨ ᠤ ᠠᠩᠭᠠᠯ ᠴᠠᠪ ᠤᠳ ᠲᠤ ᠣᠯᠠᠨ ᠵᠦᠢᠯ ᠦᠨ ᠰᠢᠪᠠᠭᠤᠳ ᠤᠨ ᠡᠭᠦᠷ ᠪᠠᠶᠢᠳᠠᠭ ᠨᠢ ᠡᠨᠳᠡ ᠡᠭᠦᠷᠯᠡᠬᠦ ᠪᠣᠯᠤᠮᠵᠢ ᠨᠥᠬᠥᠴᠡᠯ ᠮᠠᠰᠢ ᠰᠠᠶᠢᠨ ᠪᠠᠶᠢᠭ᠎ᠠ ᠶᠢ ᠬᠠᠷᠠᠭᠤᠯᠵᠤ ᠪᠠᠶᠢᠨ᠎ᠠ᠃ ᠣᠯᠠᠨ ᠵᠦᠢᠯ ᠦᠨ ᠰᠢᠪᠠᠵᠢ᠂ ᠠᠭᠠᠯᠵᠢ᠂ ᠠᠭᠠᠯᠵᠢ ᠬᠡᠯᠪᠡᠷᠢᠲᠡᠨ ᠮᠥᠨ ᠪᠤᠰᠤᠳ ᠰᠡᠭᠡᠷ ᠨᠢᠷᠤᠭᠤᠭᠦᠶᠢᠲᠦᠨ ᠪᠠᠶᠢᠳᠠᠭ ᠴᠤ ᠶᠡᠬᠡᠩᠬᠢ ᠨᠢ ᠪᠠᠭ᠎ᠠ ᠰᠤᠳᠤᠯᠤᠭᠳᠠᠭᠰᠠᠨ᠃

ᠤᠷᠭᠤᠮᠠᠯ ᠤᠨ ᠠᠶᠢᠮᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠨᠠᠷᠠᠲᠤ ᠳᠤ ᠴᠥᠯᠡᠷᠬᠡᠭ ᠬᠡᠭᠡᠷ᠎ᠡ ᠶᠢᠨ ᠪᠦᠯᠬᠦᠮᠳᠡᠯ ᠵᠣᠩᠬᠢᠯᠠᠬᠤ ᠪᠠ ᠬᠤᠷ᠎ᠠ ᠲᠤᠨᠳᠠᠰᠤᠨ ᠠᠴᠠ ᠬᠠᠮᠢᠶᠠᠷᠳᠠᠭ ᠢᠶᠠᠷ ᠢᠶᠠᠨ ᠥᠪᠡᠷᠮᠢᠴᠡ ᠪᠠᠶᠢᠳᠠᠭ᠃ ᠡᠪᠰᠦᠯᠢᠭ ᠤᠷᠭᠤᠮᠠᠯ ᠤᠳ ᠨᠢ ᠲᠤᠬᠠᠢ ᠶᠢᠨ ᠭᠠᠵᠠᠷ ᠤᠨ 35% ᠍ ᠶᠢ ᠪᠦᠷᠬᠡᠳᠡᠭ᠃ ᠶᠡᠬᠡ ᠨᠠᠷᠠᠲᠤ ᠳᠠᠬᠢ ᠣᠨᠴᠠᠯᠢᠭ ᠵᠦᠢᠯ ᠦᠳ ᠲᠤ ᠠᠯᠲᠠᠯᠢᠭ ᠬᠣᠯᠲᠣᠰᠣ ᠪᠠᠷ ᠢᠶᠠᠨ ᠨᠡᠰᠢᠭᠰᠡᠨ ᠲᠠᠷᠪᠠᠭᠠᠨ ᠬᠠᠷᠭᠠᠨ᠎ᠠ(Caragana pygmaea) ᠪᠣᠯᠤᠨ ᠬᠡᠭᠡᠷ᠎ᠡ ᠶᠢᠨ ᠪᠠᠷᠢᠭᠤᠯ ᠳᠤ ᠪᠦᠢᠯᠡᠰᠦ(Amygdalus pedunculata) ᠣᠷᠣᠨ᠎ᠠ᠃ ᠪᠠᠷᠢᠭᠤᠯ ᠳᠤ ᠪᠦᠢᠯᠡᠰᠦ ᠨᠢ ᠦᠷ᠎ᠡ ᠪᠡᠷ ᠨᠢ ᠬᠣᠭᠣᠯᠠᠯᠠᠭᠴᠢ ᠮᠡᠷᠡᠭᠴᠢ ᠠᠮᠢᠲᠠᠳ ᠪᠣᠯᠤᠨ ᠨᠠᠪᠴᠢ ᠮᠥᠴᠢᠷ ᠢ ᠨᠢ ᠢᠳᠡᠳᠡᠭ ᠲᠤᠷᠤᠭᠤᠲᠠᠨ ᠠᠮᠢᠲᠠᠳ ᠤᠨ ᠲᠡᠵᠢᠭᠡᠯ ᠦᠨ ᠴᠢᠬᠤᠯᠠ ᠡᠬᠢ ᠡᠭᠦᠰᠪᠦᠷᠢ ᠪᠣᠯᠳᠠᠭ᠃

ᠲᠡᠦᠬᠡ᠂ ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠨᠠᠷᠠᠲᠤ ᠶᠢᠨ ᠴᠢᠯᠠᠭᠤᠨ ᠳᠤ 《ᠬᠤᠯᠢᠬᠠᠨ ᠠᠮᠠ》, 《ᠰᠢᠨ᠎ᠡ ᠤᠰᠤᠨ ᠤ ᠠᠮᠠ》, 《ᠬᠥᠬᠡ ᠤᠰᠤᠨ ᠤ ᠠᠮᠠ》, 《ᠡᠯᠡᠰᠦᠨ ᠦ ᠠᠮᠠ》, 《ᠭᠤᠷᠪᠠᠨ ᠬᠣᠨᠣᠭ ᠤᠨ ᠠᠮᠠ》 1-3 ᠽᠮ ᠦᠷᠭᠦᠯᠵᠢᠯᠡᠭᠰᠡᠨ ᠪᠤᠯᠠᠭ᠂ ᠮᠣᠳᠣ ᠲᠠᠢ ᠦᠵᠡᠰᠬᠦᠯᠡᠩᠲᠦ ᠭᠠᠵᠠᠷ ᠤᠳ ᠪᠠᠶᠢᠬᠤ ᠠᠴᠠ ᠭᠠᠳᠠᠨ᠎ᠠ ᠵᠠᠩᠵᠤᠨ ᠴᠣᠶᠢᠷᠣ᠎ᠠ ᠶᠢᠨ ᠶᠡᠬᠡ ᠨᠠᠷᠠᠲᠤ ᠶᠢᠨ ᠲᠤᠷ᠎ᠠ ᠵᠡᠷᠭᠡ ᠲᠡᠦᠬᠡ᠂ ᠰᠤᠶᠤᠯ ᠤᠨ ᠳᠤᠷᠠᠰᠬᠠᠯᠲᠤ ᠭᠠᠵᠠᠷ ᠤᠳ ᠪᠠᠶᠢᠳᠠᠭ᠃ ᠮᠥᠨ ᠶᠡᠬᠡ ᠨᠠᠷᠠᠲᠤ ᠶᠢᠨ ᠪᠠᠷᠠᠭᠤᠨ ᠬᠣᠶᠢᠳᠤ ᠬᠡᠰᠡᠭ ᠲᠦ ᠷᠠᠰᠢᠶᠠᠨ ᠰᠤᠪᠢᠯᠠᠯ ᠤᠨ ᠭᠠᠵᠠᠷ ᠪᠤᠢ᠃

ᠭᠠᠳᠠᠭᠠᠳᠤ ᠬᠠᠷᠢᠯᠴᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠶᠡᠬᠡ ᠨᠠᠷᠠᠲᠤ》 ᠪᠠᠶᠢᠭᠠᠯᠢ ᠶᠢᠨ ᠨᠥᠭᠡᠴᠡ ᠭᠠᠵᠠᠷ᠂ ᠺᠠᠯᠢᠹᠣᠷᠨᠢ ᠮᠤᠵᠢ ᠶᠢᠨ 《ᠠᠨᠵᠠ ᠪᠣᠷᠣᠷᠧᠭᠣ ᠳᠧᠽᠧᠷ ᠲᠦ》 ᠪᠠᠶᠢᠭᠠᠯᠢ ᠶᠢᠨ ᠴᠣᠭᠴᠠᠯᠠᠪᠤᠷᠢ ᠳᠤ ᠭᠠᠵᠠᠷ ᠠᠬ᠎ᠠ ᠳᠡᠭᠦᠦ ᠲᠤᠰᠬᠠᠢ ᠬᠠᠮᠠᠭᠠᠯᠠᠯᠲᠠ ᠲᠠᠢ ᠭᠠᠵᠠᠷ ᠪᠣᠯᠤᠨ ᠬᠠᠮᠲᠤᠷᠠᠨ ᠠᠵᠢᠯᠯᠠᠵᠤ ᠪᠠᠶᠢᠭ᠎ᠠ ᠪᠢᠯᠡ᠃ ᠢᠵᠢᠯ ᠲᠥᠰᠲᠡᠢ ᠪᠠᠶᠢᠳᠠᠯ ᠳᠤ ᠪᠠᠨ ᠲᠦᠰᠢᠭᠯᠡᠨ ᠬᠣᠶᠠᠷ ᠤᠯᠤᠰ ᠤᠨ ᠳᠡᠭᠡᠷᠡᠬᠢ ᠲᠤᠰᠬᠠᠢ ᠬᠠᠮᠠᠭᠠᠯᠠᠯᠲᠠ ᠲᠠᠢ ᠭᠠᠵᠠᠷ ᠤᠳ ᠠᠷᠭᠠᠯᠢ ᠬᠣᠨᠢ ᠰᠤᠳᠤᠯᠬᠤ᠂ ᠬᠠᠮᠠᠭᠠᠯᠠᠬᠤ᠂ ᠲᠣᠭ᠎ᠠ ᠲᠣᠯᠣᠭᠠᠢ ᠶᠢ ᠨᠢ ᠥᠰᠬᠡᠬᠦ ᠲᠠᠯ᠎ᠠ ᠪᠠᠷ ᠰᠡᠭᠦᠯ ᠦᠨ 10 ᠍ ᠊ᠭᠠᠳ ᠵᠢᠯ ᠦᠨ ᠲᠤᠷᠰᠢ ᠬᠠᠮᠲᠤᠷᠠᠨ ᠠᠵᠢᠯᠯᠠᠵᠤ ᠪᠠᠶᠢᠨ᠎ᠠ᠃ http://www.ikhnart.com

ᠪᠢᠴᠢᠭᠡᠰᠦ