ᠳᠠᠯᠠᠢ ᠳᠤ ᠭᠠᠷᠤᠴᠠ ᠦᠭᠡᠢ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Landlocked countries.svg

ᠡᠳᠦᠭᠡ ᠳᠠᠯᠠᠢ ᠳᠤ ᠭᠠᠷᠤᠴᠠ ᠦᠭᠡᠢ᠂ ᠵᠥᠪᠬᠡᠨ ᠭᠠᠵᠠᠷ ᠢᠶᠠᠷ ᠬᠢᠯᠢᠯᠡᠳᠡᠭ 44[1] ᠤᠯᠤᠰ ᠪᠠᠶᠢᠨ᠎ᠠ᠃

ᠡᠳᠡᠭᠡᠷ ᠡᠴᠡ 16 ᠨᠢ ᠠᠹᠷᠢᠺᠠ᠂ 14 ᠨᠢ ᠧᠦ᠋ᠷᠣᠫᠠ᠂ 12 ᠨᠢ ᠠᠽᠢᠶ᠎ᠠ᠂ 2 ᠨᠢ ᠡᠮᠦᠨᠡᠲᠦ ᠠᠮᠧᠷᠢᠺᠠ ᠲᠢᠢᠪ ᠦᠨ ᠬᠢ ᠠᠵᠢ᠃ ᠮᠥᠨ ᠳᠠᠯᠠᠢ ᠳᠤ ᠭᠠᠷᠤᠴᠠ ᠦᠭᠡᠢ ᠤᠯᠤᠰ ᠲᠠᠢ ᠬᠢᠯᠢᠯᠡᠳᠡᠭ ᠥᠪᠡᠷ ᠢᠶᠡᠨ ᠪᠠᠰᠠ ᠳᠠᠯᠠᠢ ᠳᠤ ᠭᠠᠷᠤᠴᠠ ᠦᠭᠡᠢ ᠯᠢᠾᠢᠲ᠋ᠧᠨᠱᠤᠲ᠋ᠠᠢᠢᠨᠦᠽᠪᠧᠺᠢᠰᠲᠠᠨ ᠭᠡᠬᠦ 2 ᠤᠯᠤᠰ ᠪᠤᠢ᠃ ᠲᠡᠭᠦᠨᠴᠢᠯᠡᠨ ᠡᠷᠭᠢᠨ ᠲᠣᠭᠣᠷᠢᠨ ᠭᠠᠭᠴᠠ ᠤᠯᠤᠰ ᠢᠶᠠᠷ ᠬᠦᠷᠢᠶᠡᠯᠡᠭᠳᠡᠭᠰᠡᠨ ᠸᠠᠲ᠋ᠢᠺᠠᠨᠰᠠᠨᠮᠠᠷᠢᠨᠤ᠋ᠯᠧᠰᠣᠲ᠋ᠣ᠋ ᠭᠡᠬᠦ 3 ᠤᠯᠤᠰ᠂ ᠬᠣᠶᠠᠷ ᠤᠯᠤᠰ ᠢᠶᠠᠷ ᠬᠦᠷᠢᠶᠡᠯᠡᠭᠳᠡᠭᠰᠡᠨ ᠠᠨᠳᠣᠷᠠᠪᠠᠯᠪᠠᠪᠤᠲᠤᠩᠮᠣᠯᠳᠤᠪᠠᠮᠣᠩᠭᠣᠯᠯᠢᠾᠢᠲ᠋ᠧᠨᠱᠤᠲ᠋ᠠᠢᠢᠨᠰᠪᠠᠽᠢᠯᠧᠨᠳ ᠭᠡᠬᠦ 7 ᠤᠯᠤᠰ ᠪᠠᠶᠢᠭ᠎ᠠ ᠶᠤᠮ᠃

85 ᠰᠠᠶ᠎ᠠ ᠬᠦᠮᠦᠨ ᠠᠮᠠ ᠲᠠᠢ (2009 ᠣᠨ ᠳᠤ) ᠡᠲ᠋ᠢᠣᠫ ᠬᠠᠮᠤᠭ ᠤᠨ ᠶᠡᠬᠡ ᠬᠦᠮᠦᠨ ᠠᠮᠠ ᠲᠠᠢ ᠳᠠᠯᠠᠢ ᠳᠤ ᠭᠠᠷᠤᠴᠠ ᠦᠭᠡᠢ ᠤᠯᠤᠰ ᠪᠣᠯᠤᠨ᠎ᠠ᠃ ᠮᠥᠨ ᠤ᠋ᠭᠤᠨᠳᠤ᠋ (32,4 ᠰᠠᠶ᠎ᠠ), ᠪᠠᠯᠪᠠ (29,3 ᠰᠠᠶ᠎ᠠ), ᠦᠽᠪᠧᠺᠢᠰᠲᠠᠨ (28,6 ᠮᠯᠨ) ᠤᠯᠤᠰ ᠤᠳ 20 ᠰᠠᠶ᠋ᠢ ᠠᠴᠠ ᠢᠯᠡᠭᠦᠦ ᠬᠦᠮᠦᠨ ᠲᠡᠢ ᠶᠤᠮ᠃

ᠳᠠᠯᠠᠢ ᠳᠤ ᠭᠠᠷᠤᠴᠠ ᠦᠭᠡᠢ ᠣᠷᠣᠨ ᠨᠤᠭᠤᠳ ᠠᠴᠠ ᠬᠠᠰᠠᠭᠰᠲ᠋ᠠᠨ (2 724 900 ᠺᠦᠸᠠᠳ᠋ ᠺᠢᠯᠣᠮᠧᠲ᠋ᠷ) ᠬᠠᠮᠤᠭ ᠤᠨ ᠲᠣᠮᠣ ᠨᠤᠲᠤᠭ ᠳᠡᠪᠢᠰᠬᠡᠷ ᠲᠡᠢ ᠪᠣᠯ ᠮᠣᠩᠭᠣᠯ (1 566 500 ᠺᠦᠸᠠᠳ᠋ ᠺᠢᠯᠣᠮᠧᠲ᠋ᠷ), ᠴᠢᠳᠠ (1 284 000 ᠺᠦᠸᠠᠳ᠋ ᠺᠢᠯᠣᠮᠧᠲ᠋ᠷ), ᠨᠢᠭᠧᠷ (1 276 000 ᠺᠦᠸᠠᠳ᠋ ᠺᠢᠯᠣᠮᠧᠲ᠋ᠷ), ᠮᠠᠯᠢ (1 240 000 ᠺᠦᠸᠠᠳ᠋ ᠺᠢᠯᠣᠮᠧᠲ᠋ᠷ), ᠡᠲ᠋ᠢᠣᠫ (1 104 300 ᠺᠦᠸᠠᠳ᠋ ᠺᠢᠯᠣᠮᠧᠲ᠋ᠷ), ᠪᠣᠯᠢᠪᠢ (1 098 581 ᠺᠦᠸᠠᠳ᠋ ᠺᠢᠯᠣᠮᠧᠲ᠋ᠷ) ᠤᠯᠤᠰ ᠤᠳ ᠰᠠᠶ᠋ᠢ км² ᠍ ᠠᠴᠠ ᠲᠣᠮᠣ ᠨᠤᠲᠤᠭ ᠳᠡᠪᠢᠰᠬᠡᠷ ᠲᠡᠢ᠃

ᠳᠠᠯᠠᠢ ᠳᠤ ᠭᠠᠷᠤᠴᠠ ᠦᠭᠡᠢ ᠤᠯᠤᠰ ᠤᠳ ᠤᠨ ᠵᠢᠭ᠌ᠰᠠᠭᠠᠯᠳᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠽᠢᠶ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠠᠽᠧᠷᠪᠠᠶᠢᠵᠠᠨ[2]
  2. ᠠᠷᠮᠧᠨ
  3. ᠠᠹᠬᠠᠨᠨᠢᠰᠲᠠᠨ
  4. ᠪᠠᠯᠪᠠ
  5. ᠪᠤᠲᠤᠩ
  6. ᠬᠠᠰᠠᠭᠰᠲ᠋ᠠᠨ[2]
  7. ᠺ ᠤᠭ ᠤᠵᠰᠲ᠋ᠠᠨ
  8. ᠯᠠᠤᠤ
  9. ᠮᠣᠩᠭᠣᠯ
  10. ᠲᠠᠵᠢᠺᠢᠰᠲᠠᠨ
  11. ᠲᠦᠺᠮᠧᠨᠢᠰᠲᠠᠨ[2]
  12. ᠦᠽᠪᠧᠺᠢᠰᠲᠠᠨ

ᠠᠹᠷᠢᠺᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠪᠣᠽᠡᠸᠠᠨ᠎ ᠠ
  2. ᠪᠦᠦᠺᠢᠨᠠ ᠹᠠᠰᠣ
  3. ᠪᠦᠷᠤᠨᠳᠢ
  4. ᠽᠠᠮᠪᠢ
  5. ᠽᠢᠩᠪᠠᠪᠸᠧ
  6. ᠯᠧᠰᠣᠲ᠋ᠣ᠋
  7. ᠮᠠᠯᠠᠸᠸᠢ
  8. ᠮᠠᠯᠢ
  9. ᠨᠢᠭᠧᠷ
  10. ᠡᠮᠦᠨᠡᠲᠦ ᠰᠤᠳᠠᠨ[1]
  11. ᠷᠤᠸᠠᠩᠳᠠ
  12. ᠰᠪᠠᠽᠢᠯᠧᠨᠳ
  13. ᠤ᠋ᠭᠤᠨᠳᠤ᠋
  14. ᠲᠥᠪ ᠠᠹᠷᠢᠺᠠ ᠶᠢᠨ ᠪᠦᠭᠦᠳᠡ ᠨᠠᠶᠢᠷᠠᠮᠳᠠᠬᠤ ᠤᠯᠤᠰ
  15. ᠴᠢᠳᠠ
  16. ᠡᠲ᠋ᠢᠣᠫ[3]

ᠧᠦ᠋ᠷᠣᠫᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠠᠦᠢᠰᠲᠷᠶ᠎ᠠ
  2. ᠠᠨᠳᠣᠷᠠ
  3. ᠴᠠᠭᠠᠨ ᠤᠷᠤᠰ
  4. ᠸᠠᠲ᠋ᠢᠺᠠᠨ
  5. ᠺᠣᠰᠪᠣ — ᠪᠦᠷᠢᠨ ᠡᠷᠬᠡᠲᠦ ᠪᠤᠰᠤ᠂ ᠵᠠᠷᠢᠮᠳᠤᠭ ᠬᠦᠯᠢᠶᠡᠨ ᠵᠥᠪᠰᠢᠶᠡᠷᠡᠭᠳᠡᠭᠰᠡᠨ
  6. ᠯᠢᠾᠢᠲ᠋ᠧᠨᠱᠤᠲ᠋ᠠᠢᠢᠨ
  7. ᠯᠦᠺᠰᠧᠨᠪᠦ᠋ᠷᠦᠺ
  8. ᠮᠠᠺᠧᠳᠠᠨ
  9. ᠮᠣᠯᠳᠤᠪᠠ
  10. ᠰᠠᠨ ᠮᠠᠷᠢᠨ᠎ᠠ
  11. ᠰᠧᠷᠪᠢ
  12. ᠰᠯᠣᠸᠠᠺ
  13. ᠬᠠᠩᠭᠠᠷᠢ
  14. ᠴᠧᠺ
  15. ᠰᠸᠢᠰ

ᠡᠮᠦᠨᠡᠲᠦ ᠠᠮᠧᠷᠢᠺᠠ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠪᠣᠯᠢᠪᠢ[4]
  2. ᠫᠠᠷᠠᠭᠪᠠᠢ

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠵᠠᠷ ᠵᠦᠢ ᠶᠢᠨ ᠬᠤᠪᠢ ᠳᠤ ᠳᠠᠯᠠᠢ ᠳᠤ ᠭᠠᠷᠤᠴᠠ ᠦᠭᠡᠢ ᠤᠯᠤᠰ ᠠᠰᠢᠭ ᠦᠭᠡᠢ ᠭᠡᠭᠳᠡᠵᠦ ᠢᠷᠡᠭᠰᠡᠨ᠃ ᠤᠴᠢᠷ ᠨᠢ ᠳᠠᠯᠠᠢ ᠳᠤ ᠭᠠᠷᠤᠴᠠ ᠦᠭᠡᠢ ᠤᠯᠤᠰ ᠤᠨ ᠬᠤᠪᠢ ᠳᠤ ᠵᠢᠭᠠᠰᠤ ᠠᠩᠨᠠᠭᠤᠷ ᠵᠡᠷᠭᠡ ᠳᠠᠯᠠᠢ ᠶᠢᠨ ᠪᠠᠶᠠᠯᠢᠭ ᠢ ᠠᠰᠢᠭᠯᠠᠳᠠᠭ ᠰᠠᠯᠪᠠᠷ ᠤᠳ ᠬᠥᠭᠵᠢᠬᠦ ᠦᠨᠳᠦᠰᠦ ᠦᠭᠡᠢ ᠭᠡᠳᠡᠭ ᠡᠴᠡ ᠭᠠᠳᠠᠨ᠎ᠠ ᠭᠠᠳᠠᠭᠠᠳᠤ ᠬᠤᠳᠠᠯᠳᠤᠭ᠎ᠠᠨᠳ ᠴᠢᠬᠤᠯᠠ ᠪᠠᠶᠢᠷᠢ ᠰᠠᠭᠤᠷᠢ ᠡᠵᠡᠯᠡᠳᠡᠭ ᠳᠠᠯᠠᠢ ᠶᠢᠨ ᠲᠡᠭᠡᠭᠡᠪᠦᠷᠢ ᠡᠷᠬᠢᠯᠡᠨ ᠶᠠᠪᠤᠭᠤᠯᠬᠤ ᠪᠣᠯᠤᠮᠵᠢ ᠦᠭᠡᠢ ᠪᠣᠯᠤᠨ᠎ᠠ᠃ ᠬᠦᠮᠦᠨ ᠲᠥᠷᠥᠯᠬᠢᠲᠡᠨ ᠳᠠᠯᠠᠢ ᠶᠢᠨ ᠡᠷᠭᠢ ᠣᠷᠴᠢᠮ ᠤᠨ ᠭᠠᠵᠠᠷ ᠨᠤᠲᠤᠭ ᠤᠳ ᠲᠤ ᠲᠥᠪᠯᠡᠷᠡᠵᠦ ᠠᠮᠢᠳᠤᠷᠠᠬᠤ ᠬᠠᠨᠳᠤᠯᠭ᠎ᠠ ᠲᠠᠢ ᠪᠠᠶᠢᠳᠠᠭ ᠲᠤᠯᠠ ᠳᠠᠯᠠᠢ ᠳᠤ ᠭᠠᠷᠤᠴᠠ ᠦᠭᠡᠢ ᠤᠯᠤᠰ ᠤᠳ ᠬᠦᠮᠦᠨ ᠠᠮᠠ ᠴᠥᠭᠡᠨ ᠪᠠᠶᠢᠬᠤ ᠨᠢ ᠣᠯᠠᠨ᠃ ᠡᠶᠢᠮᠦ ᠡᠴᠡ ᠤᠯᠤᠰ ᠣᠷᠣᠨ ᠨᠤᠭᠤᠳ ᠳᠠᠯᠠᠢ ᠳᠤ ᠭᠠᠷᠴᠠ ᠲᠠᠢ ᠪᠣᠯᠬᠤ ᠶᠢᠨ ᠲᠥᠯᠥᠭᠡ ᠥᠪᠡᠷ ᠬᠣᠭᠣᠷᠣᠨᠳᠣ ᠪᠠᠨ ᠲᠡᠮᠡᠴᠡᠯᠳᠦᠵᠦ ᠢᠷᠡᠵᠡᠢ᠃

ᠳᠠᠯᠠᠢ ᠳᠤ ᠭᠠᠷᠤᠴᠠ ᠦᠭᠡᠢ ᠤᠯᠤᠰ ᠲᠤ ᠦᠵᠡᠭᠦᠯᠬᠦ ᠬᠥᠩᠭᠡᠯᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠯᠠᠢ ᠶᠢᠨ ᠬᠠᠤᠯᠢ ᠶᠢᠨ ᠲᠤᠬᠠᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠦᠨ ᠺᠣᠨᠸᠧᠨᠼ ᠶᠣᠰᠣᠭᠠᠷ ᠳᠠᠯᠠᠢ ᠳᠤ ᠭᠠᠷᠤᠴᠠ ᠦᠭᠡᠢ ᠤᠯᠤᠰ ᠤᠳ ᠪᠤᠰᠤᠳ ᠤᠯᠤᠰ ᠤᠨ ᠨᠤᠲᠤᠭ ᠳᠡᠪᠢᠰᠬᠡᠷ ᠢᠶᠡᠷ ᠳᠠᠮᠵᠢᠨ ᠥᠩᠭᠡᠷᠡᠬᠦ ᠲᠠᠲᠠᠪᠤᠷᠢ ᠲᠥᠯᠥᠯ ᠦᠭᠡᠢ ᠪᠡᠷ ᠳᠠᠯᠠᠢ ᠳᠤ ᠭᠠᠷᠬᠤ ᠡᠷᠬᠡ ᠲᠡᠢ ᠪᠠᠶᠢᠳᠠᠭ᠃ ᠮᠥᠨ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠨᠢ ᠬᠥᠭᠵᠢᠵᠦ ᠪᠤᠢ ᠳᠠᠯᠠᠢ ᠳᠤ ᠭᠠᠷᠤᠴᠠ ᠦᠭᠡᠢ ᠣᠷᠣᠨ ᠨᠤᠭᠤᠳ ᠲᠤ ᠦᠵᠡᠭᠦᠯᠬᠦ ᠲᠤᠰᠠᠯᠠᠮᠵᠢ ᠶᠢᠨ ᠬᠥᠲᠥᠯᠪᠦᠷᠢ ᠬᠡᠷᠡᠭᠵᠢᠭᠦᠯᠳᠡᠭ᠃

ᠪᠠᠷᠤᠭ ᠳᠠᠯᠠᠢ ᠳᠤ ᠭᠠᠷᠤᠴᠠ ᠦᠭᠡᠢ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠠᠭᠠᠬᠢ ᠣᠷᠣᠨ ᠨᠤᠭᠤᠳ ᠤᠨ ᠳᠠᠯᠠᠢ ᠳᠤ ᠭᠠᠷᠬᠤ ᠭᠠᠷᠴᠠ ᠨᠢ ᠮᠥᠴᠢᠳᠬᠡᠨ ᠪᠠᠶᠢᠳᠠᠭ᠃

ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 2011 ᠣᠨ ᠤ 7 ᠍ ᠳᠦᠭᠡᠷ ᠰᠠᠷ᠎ᠠ ᠶᠢᠨ 9 ᠍ ᠳᠦ ᠡᠮᠦᠨᠡᠲᠦ ᠰᠤᠳᠠᠨ ᠲᠤᠰᠠᠭᠠᠷ ᠲᠣᠭᠲᠠᠨᠢᠭᠰᠠᠨ ᠤ ᠳᠠᠷᠠᠭ᠎ᠠ
  2. 2.0 2.1 2.2 ᠬᠡᠳᠦᠢ ᠳᠠᠯᠠᠢ᠂ ᠲᠡᠩᠭᠢᠰ ᠲᠦ ᠭᠠᠷᠤᠴᠠ ᠦᠭᠡᠢ ᠪᠣᠯᠪᠠᠴᠤ ᠡᠬᠡ ᠭᠠᠵᠠᠷ ᠤᠨ ᠬᠠᠮᠤᠭ ᠤᠨ ᠲᠣᠮᠣ ᠨᠠᠭᠤᠷ ᠪᠣᠯᠬᠤ ᠺᠠᠰᠫᠢ ᠲᠡᠩᠭᠢᠰ ᠲᠤ ᠭᠠᠷᠴᠠ ᠲᠠᠢ᠃
  3. 1993 ᠣᠨ ᠳᠤ ᠡᠷᠢᠲᠷᠧᠢ ᠲᠤᠰᠠᠭᠠᠷ ᠲᠣᠭᠲᠠᠨᠢᠯ ᠢᠶᠠᠨ ᠵᠠᠷᠯᠠᠨ ᠲᠤᠩᠬᠠᠭᠯᠠᠭᠰᠠᠨ ᠠᠴᠠ ᠬᠣᠶᠢᠰᠢ
  4. 1879 ᠣᠨ ᠳᠤ ᠴᠢᠯᠢ ᠠᠨᠲ᠋ᠣᠹᠠᠭᠠᠰᠲᠠ ᠪᠣᠭᠣᠮᠲᠠ ᠶᠢ ᠪᠤᠯᠢᠶᠠᠨ ᠡᠵᠡᠯᠡᠰᠦᠨ ᠡᠴᠡ ᠬᠣᠶᠢᠰᠢ

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ