ᠳᠠᠯᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠡᠯᠡᠬᠡᠢ ᠶᠢ ᠬᠦᠷᠢᠶᠡᠯᠡᠭᠰᠡᠨ ᠤᠰᠤ ᠶᠢ ᠳᠠᠯᠠᠢ ᠭᠡᠬᠦ ᠪᠠ ᠳᠣᠲᠣᠷ᠎ᠠ ᠪᠠᠨ ᠬᠡᠳᠦ ᠬᠡᠳᠦᠨ ᠬᠡᠰᠡᠭ ᠲᠦ ᠬᠤᠪᠢᠶᠠᠭᠳᠠᠨ᠎ᠠ᠃ ᠳᠡᠯᠡᠬᠡᠢ ᠶᠢᠨ ᠳᠠᠯᠠᠢ ᠨᠤᠭᠤᠳ (ᠭᠠᠳᠠᠭᠠᠳᠤ ᠳᠠᠯᠠᠢ ᠭᠡᠵᠦ ᠪᠠᠰᠠ ᠨᠡᠷᠡᠯᠡᠬᠦ ᠴᠤ ᠪᠤᠢ) ᠨᠢ: ᠨᠣᠮᠣᠬᠠᠨ ᠳᠠᠯᠠᠢᠠᠲ᠋ᠯᠠᠨᠲ ᠤᠨ ᠳᠠᠯᠠᠢᠡᠨᠡᠳᠬᠡᠭ ᠦᠨ ᠳᠠᠯᠠᠢᠤᠮᠠᠷᠠᠳᠤ ᠮᠥᠰᠦᠨ ᠳᠠᠯᠠᠢᠡᠮᠦᠨᠡᠲᠦ ᠮᠥᠰᠦᠨ ᠳᠠᠯᠠᠢᠭᠡᠵᠦ ᠬᠤᠪᠢᠶᠠᠭᠳᠠᠬᠤ ᠪᠣᠯᠪᠠᠴᠤ ᠰᠡᠭᠦᠯᠴᠢ ᠶᠢᠨ ᠬᠣᠶᠠᠷ ᠢ ᠨᠢ ᠡᠮᠦᠨᠡᠬᠢ ᠭᠤᠷᠪᠠ ᠳᠤ ᠨᠢ ᠪᠠᠭᠲᠠᠭᠠᠬᠤ ᠨᠢ ᠪᠤᠢ᠃
ᠶᠠᠫᠤᠨ ᠤ ᠤᠺᠢᠨᠠᠸᠠ ᠶᠢᠨ ᠳᠠᠯᠠᠢ
ᠬᠠᠳᠠᠮᠠᠯ
ᠮᠣᠩᠭᠣᠯ ᠦᠰᠦᠭ ᠢᠶᠡᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠪᠤᠷᠢᠶᠠᠳ ᠺᠢᠷᠢᠯ ᠢᠶᠡᠷ далай
ᠮᠣᠩᠭᠣᠯ ᠺᠢᠷᠢᠯ ᠢᠶᠡᠷ далай
ᠬᠠᠯᠢᠮᠠᠭ ᠺᠢᠷᠢᠯ ᠢᠶᠡᠷ дала

ᠳᠠᠯᠠᠢ ᠭᠡᠳᠡᠭ ᠨᠢ ᠳᠡᠯᠡᠬᠡᠢ ᠶᠢᠨ ᠤᠰᠤᠨ ᠮᠠᠨᠳᠤᠯ ᠤᠨ ᠦᠨᠳᠦᠰᠦᠨ ᠬᠡᠰᠡᠭ ᠪᠣᠯᠬᠤ ᠶᠡᠬᠡᠬᠡᠨ ᠬᠡᠮᠵᠢᠶᠡᠨ ᠦ ᠥᠨᠳᠥᠷ ᠳᠠᠪᠤᠰᠤᠵᠢᠯᠲᠠ ᠲᠠᠢ ᠤᠰᠤ ᠶᠤᠮ᠃ ᠣᠶᠢᠷᠠᠯᠴᠠᠭ᠎ᠠ ᠪᠠᠷ ᠳᠡᠯᠡᠬᠡᠢ ᠶᠢᠨ ᠭᠠᠳᠠᠷᠭᠤ ᠶᠢᠨ 71% ᠲᠠᠯᠠᠪᠠᠢ ᠶᠢ ᠡᠵᠡᠯᠡᠨ᠎ᠡ᠃ ᠡᠨᠡᠬᠦ ᠲᠠᠰᠤᠷᠠᠯᠲᠠ ᠦᠭᠡᠢ ᠦᠷᠭᠦᠯᠵᠢᠯᠡᠭᠰᠡᠨ ᠤᠰᠤ ᠪᠤᠶᠤ ᠳᠠᠯᠠᠢ ᠶᠢ ᠬᠡᠳᠦ ᠬᠡᠳᠦᠨ ᠳᠠᠯᠠᠢ᠂ ᠮᠥᠨ ᠵᠢᠵᠢᠭ ᠲᠡᠩᠭᠢᠰ ᠤᠭᠤᠳ ᠳᠦ ᠬᠤᠪᠢᠶᠠᠳᠠᠭ ᠪᠠᠶᠢᠨ᠎ᠠ᠃ ᠲᠤᠬᠠᠢᠯᠠᠪᠠᠯ ᠨᠣᠮᠣᠬᠠᠨ ᠳᠠᠯᠠᠢᠠᠲ᠋ᠯᠠᠨᠲ ᠤᠨ ᠳᠠᠯᠠᠢᠡᠨᠡᠳᠬᠡᠭ ᠦᠨ ᠳᠠᠯᠠᠢᠤᠮᠠᠷᠠᠳᠤ ᠮᠥᠰᠦᠨ ᠳᠠᠯᠠᠢᠡᠮᠦᠨᠡᠲᠦ ᠮᠥᠰᠦᠨ ᠳᠠᠯᠠᠢ ᠭᠡᠵᠦ ᠬᠤᠪᠢᠶᠠᠭᠳᠠᠬᠤ ᠶᠤᠮ᠃ ᠳᠠᠯᠠᠢ ᠶᠢᠨ ᠤᠰᠤᠨ ᠤ ᠳᠠᠪᠤᠰᠤᠵᠢᠯᠲᠠ ᠨᠢ 30 - 38 ppt᠂ ᠳᠤᠮᠳᠠᠴᠢ ᠪᠠᠷ 35 ppt (3.5%) ᠪᠠᠶᠢᠨ᠎ᠠ᠃

ᠶᠡᠷᠦᠩᠬᠡᠢ ᠰᠢᠨᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠭᠡᠷ᠎ᠡ ᠳᠤᠷᠠᠳᠠᠭᠰᠠᠨ ᠬᠡᠳᠦᠨ ᠳᠠᠯᠠᠢ ᠠᠴᠠ ᠪᠥᠷᠢᠳᠬᠦ᠂ ᠬᠣᠭᠣᠷᠣᠨᠳᠣ ᠪᠠᠨ ᠬᠣᠯᠪᠣᠭᠠᠲᠠᠢ ᠥᠨᠳᠥᠷ ᠳᠠᠪᠤᠰᠤᠵᠢᠯᠲᠠ ᠲᠠᠢ ᠤᠰᠤᠨ ᠤ ᠪᠡᠶᠡᠲᠦ ᠶᠢ ᠪᠦᠭᠦᠳᠡ ᠶᠢ ᠨᠢᠭᠡᠳᠬᠡᠨ ᠳᠡᠯᠡᠬᠡᠢ ᠶᠢᠨ ᠳᠠᠯᠠᠢ ᠡᠰᠡᠪᠡᠯ ᠭᠠᠳᠠᠭᠠᠳᠤ ᠳᠠᠯᠠᠢ ᠭᠡᠵᠦ ᠨᠡᠷᠡᠯᠡᠨ᠎ᠡ᠃[1][2] ᠬᠣᠭᠣᠷᠣᠨᠳᠣ ᠪᠠᠨ ᠬᠠᠷᠢᠴᠠᠩᠭᠤᠢ ᠴᠢᠯᠦᠭᠡᠲᠡᠢ ᠤᠰᠤᠨ ᠰᠣᠯᠢᠯᠴᠠᠭ᠎ᠠ ᠬᠢᠳᠡᠭ᠃ ᠲᠠᠰᠤᠷᠠᠯᠲᠠ ᠦᠭᠡᠢ ᠦᠷᠭᠦᠯᠵᠢᠯᠡᠭᠰᠡᠨ ᠳᠡᠯᠡᠬᠡᠢ ᠶᠢᠨ ᠳᠠᠯᠠᠢ ᠭᠡᠳᠡᠭ ᠡᠨᠡ ᠣᠶᠢᠯᠠᠭᠠᠯᠲᠠ ᠨᠢ ᠳᠠᠯᠠᠢ ᠰᠤᠳᠤᠯᠤᠯ ᠍ ᠤᠨ ᠦᠨᠳᠦᠰᠦᠨ ᠲᠤᠯᠭᠠᠭᠤᠷᠢ ᠣᠶᠢᠯᠠᠭᠠᠯᠲᠠ ᠪᠣᠯᠤᠨ᠎ᠠ᠃ [3] ᠲᠢᠪᠠᠷᠠᠯ ᠤᠳ ᠤᠨ ᠲᠣᠭᠲᠠᠯᠴᠠᠭ᠎ᠠ (ᠠᠷᠢᠬᠢᠫᠧᠯᠢᠭᠢ) ᠵᠡᠷᠭᠡ ᠨᠢ ᠳᠡᠯᠡᠬᠡᠢ ᠶᠢᠨ ᠳᠠᠯᠠᠢ ᠶᠢ ᠬᠤᠪᠢᠶᠠᠬᠤ ᠦᠨᠳᠦᠰᠦᠨ ᠰᠢᠯᠭᠠᠭᠤᠷ ᠪᠣᠯᠤᠨ᠎ᠠ᠃ ᠳᠡᠯᠡᠬᠡᠢ ᠶᠢᠨ ᠳᠠᠯᠠᠢ ᠨᠢ ᠨᠣᠮᠣᠬᠠᠨ ᠳᠠᠯᠠᠢᠠᠲᠯᠠᠨ᠋ᠲ ᠶᠢᠨ ᠳᠠᠯᠠᠢᠡᠨᠡᠳᠬᠡᠭ ᠦᠨ ᠳᠠᠯᠠᠢᠡᠮᠦᠨᠡᠲᠦ ᠮᠥᠰᠦᠨ ᠳᠠᠯᠠᠢ (ᠤᠭ ᠳᠠᠯᠠᠢ ᠶᠢ ᠵᠠᠷᠢᠮ ᠳᠤ ᠪᠠᠨ ᠨᠣᠮᠣᠬᠠᠨ᠂ ᠠᠲᠯᠠᠨ᠋ᠲ ᠤᠨ᠂ ᠡᠨᠡᠳᠬᠡᠭ ᠦᠨ ᠳᠠᠯᠠᠢ ᠶᠢᠨ ᠡᠮᠦᠨᠡᠲᠦ ᠬᠡᠰᠡᠭ ᠭᠡᠵᠦ ᠦᠵᠡᠬᠦ ᠨᠢ ᠪᠤᠢ)᠂ ᠪᠠ ᠤᠮᠠᠷᠠᠳᠤ ᠮᠥᠰᠦᠨ ᠳᠠᠯᠠᠢ (ᠤᠭ ᠳᠠᠯᠠᠢ ᠶᠢ ᠮᠥᠨ ᠠᠲ᠋ᠯᠠᠨᠲ ᠤᠨ ᠳᠠᠯᠠᠢ ᠶᠢᠨ ᠨᠢᠭᠡ ᠲᠡᠩᠭᠢᠰ ᠭᠡᠵᠦ ᠲᠣᠭᠠᠴᠠᠳᠠᠭ) ᠨᠤᠭᠤᠳ ᠲᠤ ᠬᠤᠪᠢᠶᠠᠭᠳᠠᠨ᠎ᠠ᠃ ᠨᠣᠮᠣᠬᠠᠨ ᠳᠠᠯᠠᠢ ᠪᠠ ᠠᠲ᠋ᠯᠠᠨᠲ ᠤᠨ ᠳᠠᠯᠠᠢ ᠶᠢ ᠳᠡᠯᠡᠬᠡᠢ ᠶᠢᠨ ᠪᠦᠰᠡᠯᠡᠭᠦᠷ ᠢᠶᠡᠷ ᠬᠣᠶᠢᠳᠤ ᠪᠠ ᠡᠮᠦᠨᠡᠲᠦ ᠭᠡᠵᠦ ᠬᠤᠪᠢᠶᠠᠳᠠᠭ ᠪᠠᠶᠢᠨ᠎ᠠ᠃ ᠳᠠᠯᠠᠢ ᠶᠢᠨ ᠵᠢᠵᠢᠭᠪᠲᠤᠷ ᠬᠡᠰᠡᠭ ᠢ ᠲᠡᠩᠭᠢᠰ᠂ ᠪᠤᠯᠤᠨ᠂ ᠲᠣᠬᠣᠢ ᠭᠡᠬᠦ ᠮᠡᠲᠦ ᠪᠡᠷ ᠨᠡᠷᠡᠯᠡᠨ᠎ᠡ᠃ ᠡᠬᠡ ᠭᠠᠵᠠᠷ ᠳᠡᠭᠡᠷ᠎ᠡ᠂ ᠳᠠᠯᠠᠢ ᠲᠠᠢ ᠬᠣᠯᠪᠣᠭᠳᠠᠭ᠎ᠠ ᠦᠭᠡᠢ ᠳᠠᠪᠤᠰᠤᠵᠢᠯᠲᠠ ᠲᠠᠢ᠂ ᠵᠢᠵᠢᠭ ᠬᠡᠮᠵᠢᠶᠡᠨ ᠦ ᠤᠰᠤᠨ ᠤ ᠪᠡᠶᠡᠲᠦ ᠨᠦᠭᠦᠳ ᠪᠠᠶᠢᠬᠤ ᠪᠠ ᠡᠭᠦᠨ ᠢ ᠲᠡᠩᠭᠢᠰ᠂ ᠨᠠᠭᠤᠷ ᠭᠡᠬᠦ ᠮᠡᠲᠦ ᠪᠡᠷ ᠨᠡᠷᠡᠯᠡᠨ᠎ᠡ (ᠵᠢᠱᠢᠶᠡᠯᠡᠪᠡᠯ᠂ ᠠᠷᠠᠯ ᠲᠡᠩᠭᠢᠰ᠂ ᠶᠡᠬᠡ ᠳᠠᠪᠤᠰᠤᠲᠤ ᠨᠠᠭᠤᠷ ᠵᠡᠷᠭᠡ). ᠡᠳᠡᠭᠡᠷ ᠦᠨ ᠵᠠᠷᠢᠮ ᠢ ᠲᠡᠩᠭᠢᠰ ᠭᠡᠵᠦ ᠨᠡᠷᠡᠯᠡᠳᠡᠭ ᠪᠣᠯᠪᠠᠴᠤ᠂ ᠦᠨᠡᠨ ᠳᠦ ᠪᠡᠨ ᠳᠠᠪᠤᠰᠤᠲᠤ ᠨᠠᠭᠤᠷ ᠶᠤᠮ᠃

ᠳᠠᠯᠠᠢ ᠨᠢ ᠳᠡᠯᠡᠬᠡᠢ ᠶᠢᠨ ᠭᠠᠳᠠᠷᠭᠤ ᠶᠢᠨ ¾- ᠍ ᠢ ᠪᠦᠷᠬᠦᠬᠦ ᠲᠤᠯᠠ ᠠᠮᠢᠳᠤ ᠪᠤᠳᠠᠰ ᠤᠨ ᠮᠠᠨᠳᠠᠯ ᠳᠤ ᠶᠡᠬᠡ ᠬᠡᠮᠵᠢᠶ᠎ᠡ ᠪᠡᠷ ᠨᠥᠯᠦᠭᠡᠯᠡᠨ᠎ᠡ᠃ ᠳᠠᠯᠠᠢ ᠶᠢᠨ ᠤᠰᠤᠨ ᠤ ᠠᠭᠤᠷᠰᠢᠯᠲᠠ ᠨᠢ ᠬᠤᠷ᠎ᠠ ᠲᠤᠨᠤᠳᠠᠰᠤ ᠶᠢᠨ ᠡᠬᠢ ᠡᠭᠦᠰᠪᠦᠷᠢ ᠪᠠ ᠤᠯᠠᠮ ᠢᠶᠠᠷ ᠡᠨᠡ ᠨᠢ ᠠᠭᠤᠷ ᠠᠮᠢᠰᠬᠤᠯ᠂ ᠰᠠᠯᠬᠢᠨ ᠤ ᠴᠢᠭᠯᠡᠯ ᠳᠦ ᠣᠨᠴᠠᠭᠠᠢ ᠨᠥᠯᠥᠭᠡ ᠲᠡᠢ᠃ 3 ᠭᠠᠷᠤᠢ ᠲᠡᠷᠪᠤᠮ ᠵᠢᠯ ᠦᠨ ᠡᠮᠦᠨ᠎ᠡ ᠳᠠᠯᠠᠢ ᠳᠤ ᠠᠮᠢᠳᠤᠷᠠᠯ ᠡᠭᠦᠰᠦᠭᠰᠡᠨ ᠪᠠᠶᠢᠨ᠎ᠠ᠃

ᠹᠢᠽᠢᠺ ᠰᠢᠨᠵᠢ ᠴᠢᠨᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠶᠢᠨᠳᠠᠯᠠᠢ ᠨᠤᠭᠤᠳ

ᠳᠡᠯᠡᠬᠡᠢ ᠶᠢᠨ ᠳᠠᠯᠠᠢ ᠶᠢᠨ ᠡᠵᠡᠯᠡᠬᠦ ᠲᠠᠯᠠᠪᠠᠢ ᠨᠢ 361 ᠰᠠᠶ᠎ᠠ ᠺᠦᠸᠠᠳ᠋ ᠺᠢᠯᠤᠮᠸᠲᠷ᠂ [4], ᠡᠵᠡᠯᠡᠬᠦᠨ ᠨᠢ ᠣᠶᠢᠷᠠᠯᠴᠠᠭ᠎ᠠ ᠪᠠᠷ 1.3 ᠲᠡᠷᠪᠤᠮ ᠺᠦᠪ ᠺᠢᠯᠤᠮᠸᠲᠷ᠃[5], ᠳᠤᠮᠳᠠᠴᠢ ᠭᠦᠨ ᠨᠢ 3,790 ᠮᠧᠲ᠋ᠷ ᠪᠣᠯᠤᠨ᠎ᠠ᠃[4] ᠳᠠᠯᠠᠢ ᠶᠢᠨ ᠲᠡᠩ ᠤᠨ ᠬᠠᠭᠠᠰ ᠠᠴᠠ ᠢᠯᠡᠭᠦᠦ ᠨᠢ 3,000 ᠢᠯᠡᠭᠦᠦ ᠮᠧᠲ᠋ᠷ  ᠭᠦᠨ᠃[2] ᠳᠡᠯᠡᠬᠡᠢ ᠶᠢᠨ ᠭᠠᠳᠠᠷᠭᠤ ᠶᠢᠨ 66% ᠍ ᠢ 200 ᠮᠧᠲ᠋ᠷ ᠢᠯᠡᠭᠦᠦ ᠭᠦᠨ ᠲᠡᠢ ᠤᠰᠤ ᠬᠤᠴᠢᠵᠤ ᠪᠠᠶᠢᠳᠠᠭ ᠪᠠᠶᠢᠨ᠎ᠠ[6] ᠡᠨᠡ ᠲᠣᠭᠠᠨ ᠳᠤ ᠺᠠᠰᠫᠢ ᠲᠡᠩᠭᠢᠰ ᠵᠡᠷᠭᠡ ᠳᠠᠯᠠᠢ ᠲᠠᠢ ᠬᠣᠯᠪᠣᠭᠳᠠᠭ᠎ᠠ ᠦᠭᠡᠢ ᠲᠡᠩᠭᠢᠰ ᠦᠳ ᠢ ᠲᠣᠭᠠᠴᠠᠭ᠎ᠠ ᠦᠭᠡᠢ ᠪᠣᠯᠤᠨ᠎ᠠ᠃

ᠳᠡᠯᠡᠬᠡᠢ ᠶᠢᠨ ᠤᠰᠤᠨ ᠮᠠᠨᠳᠤᠯ ᠤᠨ ᠨᠡᠶᠢᠲᠡ ᠮᠠᠰ ᠨᠢ 1.4 ×1021 kg᠂ ᠳᠡᠯᠡᠬᠡᠢ ᠶᠢᠨ ᠨᠡᠶᠢᠲᠡ ᠮᠠᠰ ᠤᠨ 0.023% ᠍ ᠢ ᠡᠵᠡᠯᠡᠨ᠎ᠡ᠃ ᠤᠰᠤᠨ ᠮᠠᠨᠳᠤᠯ ᠤᠨ 2% ᠨᠢ ᠴᠡᠪᠡᠷ ᠤᠰᠤ ᠪᠥᠭᠡᠳ ᠪᠤᠰᠤᠳ ᠬᠡᠰᠡᠭ ᠨᠢ ᠳᠠᠪᠤᠰᠤ ᠲᠠᠢ ᠤᠰᠤ (ᠳᠡᠶᠢᠯᠦᠩᠬᠢ ᠨᠢ ᠳᠠᠯᠠᠢ ᠶᠢᠨ ᠤᠰᠤ)ᠶᠤᠮ᠃

ᠥᠩᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠩᠷᠢ ᠶᠢᠨ ᠬᠥᠬᠡ ᠥᠩᠭᠡ ᠳᠠᠯᠠᠢ ᠶᠢᠨ ᠤᠰᠤᠨ ᠳᠤ ᠲᠤᠰᠤᠭᠰᠠᠨ ᠠᠴᠠ ᠳᠠᠯᠠᠢ ᠴᠡᠩᠬᠡᠷ ᠥᠩᠭᠡ ᠲᠡᠢ ᠬᠠᠷᠠᠭᠳᠠᠳᠠᠭ ᠭᠡᠵᠦ ᠬᠦᠮᠦᠰ ᠪᠣᠳᠣᠳᠠᠭ ᠪᠠᠶᠢᠨ᠎ᠠ᠃ ᠤᠰᠤ ᠨᠢ ᠴᠠᠶᠢᠪᠤᠷ ᠴᠡᠩᠬᠡᠷ ᠥᠩᠭᠡ ᠲᠡᠢ ᠪᠣᠯᠪᠠᠴᠤ ᠶᠡᠬᠡᠬᠡᠨ ᠬᠡᠮᠵᠢᠶᠡᠨ ᠦ ᠤᠰᠤ ᠪᠠᠶᠢᠭ᠎ᠠ ᠲᠣᠬᠢᠶᠠᠯᠳᠤᠯ ᠳᠤ ᠤᠭ ᠴᠡᠩᠬᠡᠷ ᠥᠩᠭᠡ ᠶᠢ ᠬᠠᠷᠠᠬᠤ ᠪᠣᠯᠤᠮᠵᠢ ᠲᠠᠢ ᠪᠠᠶᠢᠨ᠎ᠠ᠃ ᠲᠩᠷᠢ ᠶᠢᠨ ᠥᠩᠭᠡ ᠤᠰᠤᠨ ᠤ ᠥᠩᠭᠡᠨ ᠳᠦ ᠨᠦᠯᠦᠭᠡᠯᠡᠬᠦ ᠪᠣᠯᠪᠠᠴᠤ᠂ ᠭᠣᠣᠯ ᠰᠢᠯᠲᠠᠭᠠᠨ ᠪᠢᠰᠢ ᠶᠤᠮ᠃[7] ᠭᠣᠣᠯ ᠰᠢᠯᠲᠠᠭᠠᠨ ᠨᠢ ᠤᠰᠤᠨ ᠤ ᠮᠣᠯᠧᠺᠦ᠋ᠯ ᠨᠠᠷᠠᠨ ᠤ ᠭᠡᠷᠡᠯ ᠦᠨ ᠤᠯᠠᠭᠠᠨ ᠹᠣᠲ᠋ᠣᠨ ᠢ ᠰᠢᠩᠭᠡᠭᠡᠳᠡᠭ ᠲᠡᠢ ᠬᠣᠯᠪᠣᠭᠠᠲᠠᠢ ᠪᠠᠶᠢᠨ᠎ᠠ᠃[8]

ᠲᠤᠶᠠᠭᠠᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠰᠤᠨ ᠴᠡᠷᠢᠭ ᠦᠳ ᠪᠤᠯᠤᠨ ᠳᠠᠯᠠᠶᠢᠴᠢᠳ ᠳᠠᠯᠠᠢ ᠶᠢᠨ ᠤᠰᠤ ᠭᠡᠷᠡᠯᠲᠦᠨ ᠲᠤᠶᠠᠭᠠᠷᠠᠳᠠᠭ ᠢ ᠲᠡᠮᠳᠡᠭᠯᠡᠨ ᠦᠯᠡᠳᠡᠭᠡᠭᠰᠡᠨ ᠪᠠᠶᠢᠳᠠᠭ᠃ ᠰᠥᠨᠢ ᠶᠢᠨ ᠴᠠᠭ ᠲᠤ ᠡᠨᠡ ᠦᠵᠡᠭᠳᠡᠯ  ᠠᠯᠤᠰ ᠠᠴᠠ ᠲᠣᠳᠣ ᠠᠵᠢᠭ᠌ᠯᠡᠭ᠌ᠳᠠᠨ᠎ᠠ᠃ 2005 ᠣᠨ ᠳᠤ ᠡᠷᠳᠡᠮᠲᠡᠳ ᠠᠩᠬ᠎ᠠ ᠤᠳᠠᠭ᠎ᠠ ᠡᠨᠡ ᠦᠵᠡᠭᠳᠡᠯ ᠢ ᠭᠡᠷᠡᠯ ᠵᠢᠷᠤᠭ ᠲᠤ ᠪᠠᠭᠤᠯᠭᠠᠨ ᠠᠪᠳᠠᠭ ᠶᠤᠮ[9]

ᠰᠤᠳᠤᠯᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠯᠠᠢ ᠶᠢᠨ ᠢᠷᠤᠭᠠᠷ ᠤᠨ ᠣᠨᠴᠠᠯᠢᠭ᠃ (1995, ᠠᠮᠧᠷᠢᠺᠠ ᠶᠢᠨ ᠨᠢᠭᠡᠳᠦᠭᠰᠡᠨ ᠤᠯᠤᠰ ᠤᠨ ᠳᠠᠯᠠᠢ᠂ ᠠᠭᠠᠷ ᠮᠠᠨᠳᠠᠯ ᠰᠤᠳᠤᠯᠤᠯ ᠤᠨ ᠪᠠᠶᠢᠭᠤᠯᠤᠯᠭ᠎ᠠ)

ᠳᠠᠯᠠᠢ ᠶᠢᠨ ᠢᠷᠤᠭᠠᠷ᠂ ᠤᠰᠤᠨ ᠳᠣᠣᠷᠠᠬᠢ ᠣᠷᠴᠢᠨ ᠤ ᠰᠤᠳᠤᠯᠭ᠎ᠠ ᠬᠢᠬᠦ ᠪᠣᠯᠤᠮᠵᠢ ᠣᠷᠴᠢᠨ ᠦᠶ᠎ᠡ ᠳᠦ ᠪᠥᠷᠢᠳᠴᠦ ᠪᠠᠶᠢᠨ᠎ᠠ᠃ ᠳᠠᠯᠠᠢ ᠶᠢᠨ ᠬᠠᠮᠤᠭ ᠤᠨ ᠭᠦᠨ ᠬᠡᠰᠡᠭ ᠨᠣᠮᠣᠬᠠᠨ ᠳᠠᠯᠠᠢ ᠶᠢᠨ ᠮᠠᠷᠢᠶᠠᠨ ᠤ ᠬᠣᠲᠣᠭᠣᠷ ᠶᠤᠮ᠃ ᠭᠦᠨ ᠨᠢ 10,923 ᠮᠧᠲ᠋ᠷ ᠬᠦᠷᠦᠨ᠎ᠡ᠃[10] ᠤᠭ ᠬᠣᠲᠣᠭᠣᠷ ᠤᠨ ᠰᠤᠳᠤᠯᠭ᠎ᠠ ᠶᠢ 1951 ᠣᠨ ᠳᠤ ᠠᠩᠭᠯᠢ ᠶᠢᠨ "ᠴᠠᠯᠯᠧᠨᠵᠧᠷ II" ᠬᠥᠯᠭᠡ ᠶᠢᠨ ᠬᠢᠨ ᠬᠢᠭᠰᠡᠨ ᠪᠠ 1960 ᠣᠨ ᠳᠤ ᠬᠣᠶᠠᠷ ᠬᠦᠮᠦᠨ ᠵᠢᠯᠤᠭᠤᠳᠤᠭᠰᠠᠨ "ᠲᠷᠧᠰᠲᠤ" ᠱᠤᠩᠪᠠᠭᠴᠢ ("Trieste") ᠲᠤᠰ ᠬᠣᠲᠣᠭᠣᠷ ᠤᠨ ᠢᠷᠤᠭᠠᠷ ᠲᠤ ᠬᠦᠷᠦᠭᠰᠡᠨ ᠪᠠᠶᠢᠨ᠎ᠠ᠃

ᠳᠠᠯᠠᠢ ᠶᠢᠨ ᠢᠷᠤᠭᠠᠷ ᠤᠨ ᠶᠡᠬᠡᠩᠬᠢ ᠬᠡᠰᠡᠭ ᠨᠢ ᠰᠤᠳᠤᠯᠤᠭᠳᠠᠭ᠎ᠠ ᠦᠭᠡᠢ᠂ ᠵᠢᠷᠤᠭᠯᠠᠭᠳᠠᠭ᠎ᠠ ᠦᠭᠡᠢ ᠪᠠᠶᠢᠨ᠎ᠠ᠃ 1995 ᠣᠨ ᠳᠤ ᠬᠢᠭᠳᠡᠭᠰᠡᠨ ᠭᠧᠣᠹᠢᠽᠢᠺ ᠤᠨ ᠬᠦᠨᠳᠦ ᠶᠢᠨ ᠬᠦᠴᠦᠨ ᠦ ᠰᠤᠳᠤᠯᠭᠠᠭᠠᠨ ᠤ ᠦᠷ᠎ᠡ ᠳ᠋ᠦᠩ ᠳᠦ ᠳᠡᠯᠡᠬᠡᠢ ᠶᠢᠨ ᠳᠠᠯᠠᠢ ᠶᠢᠨ 10 ᠺᠢᠯᠣᠮᠧᠲ᠋ᠷ ᠡᠴᠡ ᠶᠡᠬᠡ ᠭᠦᠨ ᠲᠡᠢ ᠬᠣᠲᠣᠭᠣᠷ ᠤᠳ ᠢ ᠵᠢᠷᠤᠭᠯᠠᠭᠰᠠᠨ ᠪᠠᠶᠢᠨ᠎ᠠ᠃

ᠠᠭᠤᠷ ᠠᠮᠢᠰᠬᠤᠯ ᠳᠤ ᠨᠦᠯᠦᠭᠡᠯᠡᠬᠦ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠯᠠᠢ ᠶᠢᠨ ᠤᠷᠤᠰᠬᠠᠯ ᠨᠢ ᠳᠡᠯᠡᠬᠡᠢ ᠶᠢᠨ ᠪᠦᠮᠪᠦᠷᠴᠡᠭ ᠤᠨ ᠠᠭᠤᠷ ᠠᠮᠢᠰᠬᠤᠯ ᠳᠤ ᠭᠣᠣᠯ ᠨᠥᠯᠥᠭᠡ ᠦᠵᠡᠭᠦᠯᠦᠨ᠎ᠡ᠃ ᠳᠠᠯᠠᠢ ᠶᠢᠨ ᠤᠰᠤ ᠨᠢ ᠳᠤᠯᠠᠭᠠᠨ ᠪᠣᠯᠤᠨ ᠬᠦᠢᠲᠡᠨ ᠠᠭᠠᠷ᠂ ᠬᠤᠷ᠎ᠠ ᠲᠤᠨᠳᠠᠰᠤ ᠶᠢ ᠡᠬᠡ ᠭᠠᠵᠠᠷ ᠤᠨ ᠡᠷᠭᠢ ᠳᠦ ᠬᠦᠷᠭᠡᠨ᠎ᠡ᠃

ᠡᠳ᠋ ᠍ ᠦᠨ ᠵᠠᠰᠠᠭ ᠤᠨ ᠠᠴᠢ ᠬᠣᠯᠪᠣᠭᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠯᠠᠢ ᠶᠢᠨ ᠲᠡᠭᠡᠭᠡᠪᠦᠷᠢ ᠨᠢ ᠳᠡᠯᠡᠬᠡᠢ ᠶᠢᠨ ᠬᠤᠳᠠᠯᠳᠤᠭᠠᠨ ᠳᠤ ᠭᠣᠣᠯ ᠡᠭᠦᠷᠭᠡ ᠭᠦᠢᠴᠡᠳᠭᠡᠨ᠎ᠡ᠃ ᠡᠭᠦᠨ ᠡᠴᠡ ᠭᠠᠳᠠᠨ᠎ᠠ ᠳᠠᠯᠠᠢ ᠨᠢ ᠬᠦᠨᠡᠰᠦᠨ ᠦ ᠮᠠᠰᠢ ᠲᠣᠮᠣ ᠡᠬᠢ ᠡᠭᠦᠰᠪᠦᠷᠢ ᠶᠤᠮ᠃ ᠡᠭᠦᠨ ᠦ ᠨᠢᠭᠡ ᠵᠢᠱᠢᠶ᠎ᠡ ᠨᠢ ᠵᠢᠭᠠᠰᠤ ᠠᠩᠨᠠᠭᠤᠷ ᠤᠨ ᠠᠵᠤ ᠠᠬᠤᠢ ᠪᠣᠯᠤᠨ᠎ᠠ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. "Ocean". The Columbia Encyclopedia. 2002. New York: Columbia University Press
  2. 2.0 2.1 "Distribution of land and water on the planet". UN Atlas of the Oceans
  3. Spilhaus, Athelstan F. 1942 (Jul.). "Maps of the whole world ocean." Geographical Review (American Geographical Society). Vol. 32 (3): pp. 431-5.
  4. 4.0 4.1 The World's Oceans and Seas. Encarta.
  5. Qadri, Syed (2003). Volume of Earth's Oceans. The Physics Factbook. 2007-06-07 ᠍ ᠳᠦ ᠬᠠᠨᠳᠤᠭᠰᠠᠨ᠃
  6. Drazen, Jeffrey C.. Deep-Sea Fishes. School of Ocean Earth Science and Technology, University of University of Hawaiʻi at Mānoa. the original on 2012-05-24 ᠍ ᠰ ᠠᠷᠬᠢᠸᠯᠠᠭᠳᠠᠭᠰᠠᠨ᠃ 2007-06-07 ᠍ ᠳᠦ ᠬᠠᠨᠳᠤᠭᠰᠠᠨ᠃
  7. BAD PHYSICS: Misconceptions spread by K-6 Grade School Textbooks
  8. Braun, C. L. and Smirnov, S. N. (1993) Why is water blue? J. Chem. Edu. 70, 612.
  9. Mystery Ocean Glow Confirmed in Satellite Photos, By Robert Roy Britt, LiveScience Managing Editor, October 4, 2005.
  10. Ocean Studies - RAIN

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠳᠠᠯᠠᠢ&oldid=468460》 ᠍  ᠡᠴᠡ ᠠᠪᠤᠭᠰᠠᠨ

ᠪᠢᠴᠢᠭᠡᠰᠦ