ᠳᠠᠮᠳᠢᠨ ᠤ ᠰᠦᠬᠡᠪᠠᠭᠠᠲᠤᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
1920-1922 ᠤᠨ ᠤ ᠦᠶ᠎ᠡ ᠶᠢᠨ ᠵᠢᠷᠤᠭ

ᠲᠣᠪᠴᠢ ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

  • 1893.2.2 ᠍ ᠳᠦ ᠶᠠᠳᠠᠭᠤ ᠠᠷᠠᠳ ᠳ᠌ᠠᠮᠳᠢᠨ ᠤ ᠭᠡᠷ ᠪᠦᠯᠢ ᠳᠦ ᠲᠦᠷᠦᠭᠰᠡᠨ᠃ 14 ᠨᠠᠰᠤᠲᠠᠢ ᠳᠤ ᠪᠠᠨ ᠪᠢᠴᠢᠭ᠌ ᠦᠰᠦᠭ ᠰᠤᠷᠴᠠᠢ᠃
  • 1911 ᠤᠨ ᠳᠤ ᠴᠡᠷᠢᠭ ᠦᠨ ᠠᠯᠪᠠᠨ ᠳᠤ ᠢᠷᠡᠵᠦ᠂ ᠫᠦᠯᠧᠮᠶᠣᠲ ᠰᠤᠮᠣ ᠶᠢᠨ ᠳᠠᠷᠤᠭ᠎ᠠ ᠪᠠᠷ ᠠᠵᠢᠯᠯᠠᠭᠰᠠᠨ᠃
  • 1918 ᠤᠨ ᠳᠤ ᠡᠬᠡ ᠣᠷᠣᠨ ᠤ ᠪᠠᠨ ᠲᠥᠯᠥᠭᠡ ᠳᠠᠶᠢᠨ ᠳᠤ ᠣᠷᠣᠯᠴᠠᠵᠤ ᠪᠠᠭᠠᠲᠤᠷ ᠴᠣᠯᠠ ᠪᠠᠷ ᠱᠠᠩᠨᠠᠭᠳᠠᠪᠠ᠃
  • 1919 ᠤᠨ ᠤ ᠠᠷᠠᠳ ᠤᠨ ᠬᠤᠪᠢᠰᠬᠠᠯ ᠤᠨ ᠤᠳᠤᠷᠢᠳᠤᠭᠴᠢᠳ ᠤᠨ ᠨᠢᠭᠡ᠂ ᠣᠷᠣᠰ ᠤᠨ ᠬᠤᠪᠢᠰᠬᠠᠯᠴᠢᠳ ᠲᠠᠢ ᠬᠣᠯᠪᠣᠭ᠎ᠠ ᠲᠣᠭᠲᠠᠭᠠᠬᠤ ᠳᠤ ᠣᠨᠴᠠᠭᠠᠢ ᠡᠭᠦᠷᠭᠡ ᠭᠦᠢᠴᠡᠳᠭᠡᠭᠰᠡᠨ᠃
  • 1921.3.1  ᠳᠤ ᠮᠣᠩᠭᠣᠯ ᠠᠷᠠᠳ ᠤᠨ ᠨᠠᠮ ᠍ ᠤᠨ ᠠᠩᠬᠠᠳᠤᠭᠠᠷ ᠶᠡᠬᠡ ᠬᠤᠷᠠᠯ ᠳᠤ ᠲᠥᠯᠥᠭᠡᠯᠡᠭᠴᠢ ᠪᠡᠷ ᠣᠷᠣᠯᠴᠠᠵᠠᠢ᠃
  • 1922.7 ᠰᠠᠷ᠎ᠠ ᠳᠤ ᠴᠡᠷᠢᠭ ᠦᠨ ᠶᠠᠮᠤᠨ ᠤ ᠰᠠᠶᠢᠳ᠂ ᠪᠦᠬᠦ ᠴᠡᠷᠢᠭ ᠦᠨ ᠵᠠᠩᠵᠤᠨ ᠢᠶᠠᠷ ᠲᠣᠮᠢᠯᠠᠭᠳᠠᠭᠰᠠᠨ᠃
  • 1923.11 ᠰᠠᠷ᠎ᠠ ᠳᠤ ᠵᠥᠪᠯᠡᠯᠲᠦ ᠣᠷᠣᠰ ᠤᠯᠤᠰ ᠍ ᠳᠦ ᠣᠴᠢᠵᠤ ᠬᠣᠶᠠᠷ ᠤᠯᠤᠰ ᠤᠨ ᠬᠣᠭᠣᠷᠣᠨᠳᠣᠬᠢ ᠨᠠᠶᠢᠷᠠᠮᠳᠠᠯ ᠤᠨ ᠭᠡᠷᠢᠶᠡᠨ ᠳᠦ ᠭᠠᠷ ᠤᠨ ᠦᠰᠦᠭ ᠵᠢᠷᠤᠵᠤ᠂ ᠯᠧᠨᠢᠨ ᠲᠡᠢ ᠠᠭᠤᠯᠵᠠᠪᠠ᠃
  • 1923.2.20 ᠤᠨ ᠳᠤ 33 ᠨᠠᠰᠤᠲᠠᠢ ᠳᠤ ᠪᠠᠨ ᠬᠣᠣᠷᠯᠠᠭᠳᠠᠵᠤ ᠲᠠᠭᠠᠯᠠᠯ ᠲᠡᠭᠦᠰᠦᠭᠰᠡᠨ᠃

ᠪᠠᠭ᠎ᠠ ᠵᠠᠯᠠᠭᠤ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠠᠷᠠᠳ ᠤᠨ ᠨᠠᠮ᠂ ᠮᠣᠩᠭᠤᠯ ᠠᠷᠠᠳ ᠤᠨ ᠵᠠᠰᠠᠭ ᠲᠥᠷᠥ ᠶᠢ ᠡᠭᠦᠰᠬᠡᠨ ᠪᠠᠶᠢᠭᠤᠯᠤᠭᠴᠢ᠂ ᠴᠡᠷᠢᠭ ᠦᠨ ᠵᠠᠩᠵᠤᠨ᠂ ᠮᠣᠩᠭᠣᠯ ᠠᠷᠠᠳ ᠲᠦᠮᠡᠨ ᠦ ᠭᠠᠷᠮᠠᠭᠠᠢ ᠬᠦᠦ ᠳ᠌ᠠᠮᠳᠢᠨ ᠤ ᠰᠦᠬᠡᠪᠠᠭᠠᠲᠤᠷ 1893 ᠤᠨ ᠤ 2 ᠳ᠋ᠤᠭᠠᠷ ᠰᠠᠷ᠎ᠠ ᠶᠢᠨ 2 ᠍ ᠳᠦ ᠲᠡᠷᠡ ᠦᠶ᠎ᠡ ᠶᠢᠨ ᠮᠠᠶᠢᠮᠠᠢ (ᠣᠳᠣ ᠶᠢᠨ ᠠᠮᠤᠭᠤᠯᠠᠩᠪᠠᠭᠠᠲᠤᠷ) ᠬᠣᠲᠠᠨ ᠳᠤ ᠶᠠᠳᠠᠭᠤ ᠠᠷᠠᠳ ᠳ᠌ᠠᠮᠳᠢᠨ ᠤ ᠭᠡᠷ ᠲᠦ ᠲᠥᠷᠦᠪᠡ᠃ ᠳ ∙ ᠰᠦᠬᠡᠪᠠᠭᠠᠲᠤᠷ ᠪᠠᠭ᠎ᠠ ᠳᠤ ᠪᠠᠨ ᠬᠠᠷᠠᠴᠤ ᠠᠷᠠᠳ ᠤᠨ ᠬᠦᠨᠳᠦ ᠪᠡᠷᠬᠡ ᠠᠮᠢᠳᠤᠷᠠᠯ ᠢ ᠪᠡᠶ᠎ᠡ ᠪᠡᠷ ᠪᠠᠨ ᠲᠤᠭᠤᠯᠤᠨ᠂ ᠪᠤᠰᠤᠳ ᠲᠤ ᠵᠠᠷᠤᠭᠳᠠᠵᠤ ᠵᠠᠬ᠎ᠠ ᠳᠡᠭᠡᠷ᠎ᠡ ᠡᠴᠡ ᠮᠢᠬ᠎ᠠ ᠡᠭᠦᠷᠬᠦ᠂ ᠮᠣᠳᠣ ᠲᠦᠯᠡᠭᠡ ᠵᠥᠭᠡᠭᠡᠬᠦ᠂ ᠤᠯᠠᠭ᠎ᠠ ᠨᠡᠬᠡᠭᠡᠬᠦ ᠵᠡᠷᠭᠡ ᠠᠵᠢᠯ ᠬᠢᠵᠦ ᠠᠷᠤ ᠭᠡᠷ ᠦᠨ ᠢᠶᠡᠨ ᠶᠠᠳᠠᠭᠤ ᠠᠮᠢ ᠵᠢᠭᠤᠯᠭᠠᠨ ᠳᠤ ᠲᠤᠰᠠᠯᠠᠳᠠᠭ ᠪᠠᠶᠢᠪᠠ᠃ ᠳ ∙ ᠰᠦᠬᠡᠪᠠᠭᠠᠲᠤᠷ ᠤᠨ ᠪᠠᠯᠴᠢᠷ ᠠᠬᠤᠢ ᠳᠤ ᠠᠷᠠᠳ ᠣᠯᠠᠨ ᠤ ᠬᠡᠦᠬᠡᠳ ᠢ ᠰᠤᠷᠭᠠᠨ ᠬᠦᠮᠦᠵᠢᠭᠦᠯᠬᠦ ᠤᠯᠤᠰ ᠤᠨ ᠰᠤᠷᠭᠠᠭᠤᠯᠢ ᠪᠠᠶᠢᠭᠰᠠᠨ ᠦᠭᠡᠢ᠃ ᠡᠶᠢᠮᠦ ᠡᠴᠡ ᠳ ∙ ᠰᠦᠬᠡᠪᠠᠭᠠᠲᠤᠷ ᠪᠠᠭ᠎ᠠ ᠨᠠᠰᠤᠨ ᠳᠤ ᠪᠠᠨ ᠰᠤᠷᠭᠠᠭᠤᠯᠢ ᠳᠤ ᠰᠤᠷᠴᠤ ᠴᠢᠳᠠᠭᠰᠠᠨ ᠦᠭᠡᠢ᠃ ᠬᠠᠷᠢᠨ ᠡᠴᠢᠭᠡ ᠨᠢ ᠬᠦᠦ ᠳᠤ ᠪᠡᠨ ᠡᠷᠳᠡᠮ ᠨᠣᠮ ᠲᠠᠢ ᠬᠦᠮᠦᠨ ᠪᠣᠯᠭᠠᠬᠤ ᠶᠢ ᠬᠢᠴᠢᠶᠡᠵᠦ 1907 ᠤᠨ ᠳᠤ ᠰ ∙ ᠵᠠᠮᠢᠶᠠᠨ ᠳᠤ ᠱᠠᠪᠢ ᠣᠷᠣᠭᠤᠯᠤᠨ ᠮᠣᠩᠭᠣᠯ ᠪᠢᠴᠢᠭ᠌᠂ ᠲᠣᠭ᠎ᠠ ᠵᠢᠭᠠᠯᠭᠠᠵᠤ ᠪᠠᠶᠢᠪᠠ᠃ ᠳ ∙ ᠰᠦᠬᠡᠪᠠᠭᠠᠲᠤᠷ 19 ᠨᠠᠰᠤ ᠲᠠᠢ ᠳᠠᠭᠠᠨ 1912 ᠤᠨ ᠳᠤ ᠪᠣᠭᠳᠠ ᠬᠠᠭᠠᠨᠲᠤ ᠮᠣᠩᠭᠣᠯ ᠤᠯᠤᠰ ᠤᠨ ᠴᠡᠷᠢᠭ ᠦᠨ ᠠᠯᠪᠠᠨ ᠳᠤ ᠳᠠᠶᠢᠴᠢᠯᠠᠭᠳᠠᠨ ᠬᠤᠵᠢᠷᠪᠤᠯᠤᠩ ᠤᠨ ᠴᠡᠷᠢᠭ ᠦᠨ ᠳᠠᠷᠤᠭ᠎ᠠ ᠨᠠᠷ ᠪᠡᠯᠡᠳᠬᠡᠬᠦ ᠰᠤᠷᠭᠠᠭᠤᠯᠢ ᠳᠤ ᠠᠮᠵᠢᠯᠲᠠ ᠲᠠᠢ ᠰᠤᠷᠤᠯᠴᠠᠵᠤ ᠫᠦᠯᠧᠮᠶᠣᠲ ᠫᠤᠤ  ᠶᠢᠨ ᠰᠤᠮᠤᠨ ᠤ ᠵᠢᠭᠰᠠᠭᠠᠯ ᠤᠨ ᠳᠠᠷᠤᠭ᠎ᠠ ᠪᠣᠯᠵᠠᠢ᠃ ᠳ ∙ ᠰᠦᠬᠡᠪᠠᠭᠠᠲᠤᠷ ᠲᠤ ᠣᠷᠴᠢᠨ ᠦᠶ᠎ᠡ ᠶᠢᠨ ᠴᠡᠷᠢᠭ  ᠤᠨ ᠠᠷᠭ᠎ᠠ ᠪᠣᠳᠤᠯᠭ᠎ᠠ ᠪᠡᠷ ᠬᠡᠷᠬᠢᠨ ᠪᠠᠢᠯᠳᠤᠬᠤ᠂ ᠫᠦᠯᠧᠮᠶᠣᠲ ᠫᠤᠤ ᠪᠠᠷ ᠬᠡᠷᠬᠢᠨ ᠫᠣᠤᠳᠠᠬᠤ ᠵᠡᠷᠭᠡ ᠴᠡᠷᠢᠭ ᠦᠨ ᠡᠷᠳᠡᠮ ᠢ ᠲᠡᠷᠡ ᠦᠶ᠎ᠡ ᠳᠦ ᠬᠤᠵᠢᠷᠪᠤᠯᠤᠩ ᠤᠨ ᠴᠡᠷᠢᠭ ᠦᠨ ᠰᠤᠷᠭᠠᠭᠤᠯᠢ ᠳᠤ ᠰᠤᠷᠭᠠᠭᠴᠢ ᠪᠠᠭᠰᠢ ᠪᠠᠷ ᠠᠵᠢᠯᠯᠠᠵᠤ ᠪᠠᠢᠭᠰᠠᠨ ᠬᠠᠭᠠᠨᠲᠤ ᠣᠷᠣᠰ ᠤᠯᠤᠰ ᠤᠨ ᠴᠡᠷᠢᠭ ᠦᠨ ᠣᠹᠢᠼᠧᠷ᠂ ᠮᠣᠩᠭᠣᠯᠴᠤᠳ ᠤᠨ ᠳᠤᠮᠳᠠ 《ᠰᠠᠬᠠᠯᠲᠤ 》ᠬᠡᠮᠡᠨ ᠠᠯᠳᠠᠷᠰᠢᠭᠰᠠᠨ ᠸᠠᠰᠡᠯᠸ ᠭᠡᠳᠡᠭ ᠬᠦᠮᠦᠨ ᠰᠠᠢᠲᠤᠷ ᠵᠢᠭᠠᠵᠤ ᠰᠤᠷᠭᠠᠭᠰᠠᠨ ᠠᠵᠡᠢ᠃ ᠡᠨᠡ ᠦᠶ᠎ᠡ ᠪᠡᠷ ᠳ ∙ ᠰᠦᠬᠡᠪᠠᠭᠠᠲᠤᠷ ᠶᠡᠬᠡ ᠬᠦᠷᠢᠶᠡᠨ ᠦ ᠶᠠᠳᠠᠭᠤ ᠠᠷᠠᠳ ᠨᠡᠮᠡᠩᠳᠡᠢ ᠶᠢᠨ ᠥᠬᠢᠨ ᠶᠠᠩᠵᠢᠮ᠎ᠠ ᠲᠠᠢ ᠠᠢᠯ ᠭᠡᠷ ᠪᠣᠯᠵᠠᠢ᠃ ᠳ ∙ ᠰᠦᠬᠡᠪᠠᠭᠠᠲᠤᠷ ᠴᠡᠷᠢᠭ ᠡᠷᠡᠰ ᠲᠡᠢ ᠢᠲᠡᠭᠡᠮᠵᠢᠲᠦ ᠰᠠᠢᠨ ᠨᠥᠬᠥᠷ ᠦᠨ ᠶᠣᠰᠣᠭᠠᠷ ᠬᠠᠷᠢᠯᠴᠠᠵᠤ᠂ ᠴᠡᠷᠢᠭ ᠦᠨ ᠡᠷᠳᠡᠮ ᠡᠵᠡᠮᠰᠢᠬᠦ ᠳᠦ ᠨᠢ ᠲᠤᠰᠯᠠᠬᠤ ᠶᠢ ᠲᠤᠢᠯ ᠢᠶᠠᠷ ᠡᠷᠬᠢᠮᠯᠡᠳᠡᠭ ᠪᠠᠢᠯ᠎ᠠ᠃ ᠡᠢᠮᠦ ᠡᠴᠡ ᠴᠡᠷᠢᠭ ᠦᠳ ᠳ ∙ ᠰᠦᠬᠡᠪᠠᠭᠠᠲᠤᠷ ᠢ ᠴᠢᠩ ᠰᠡᠳᠬᠢᠯ ᠡᠴᠡ ᠬᠦᠨᠳᠦᠯᠡᠳᠡᠭ ᠪ ᠪᠠᠢᠭᠰᠠᠨ ᠢᠶᠠᠷ ᠦᠯᠦ ᠪᠠᠷᠠᠮ ᠲᠡᠭᠦᠨ ᠦ ᠤᠳᠤᠷᠢᠳᠤᠯᠭ᠎ᠠ ᠪᠠᠷ ᠲᠡᠮᠡᠴᠡᠯ ᠳᠦ ᠡᠷᠡᠰᠯᠡᠨ ᠪᠣᠰᠴᠣ ᠪᠠᠢᠪᠠ᠃ ᠲᠤᠬᠠᠢᠯᠠᠪᠠᠯ᠂ 1914 ᠤᠨ ᠤ ᠵᠤᠨ ᠬᠤᠵᠢᠷᠪᠤᠯᠤᠩ ᠤᠨ ᠴᠡᠷᠢᠭ ᠦᠳ ᠬᠣᠭᠣᠯᠠᠨ ᠳᠤ ᠢᠯᠵᠠᠷᠠᠭᠰᠠᠨ ᠮᠢᠬ᠎ᠠ ᠥᠭᠭᠦᠭᠰᠡᠨ ᠦ ᠡᠰᠡᠷᠭᠦ ᠱᠠᠭᠠᠷᠳᠠᠯᠭ᠎ᠠ ᠲᠠᠯᠪᠢᠵᠤ᠂ ᠡᠰᠡᠷᠭᠦᠴᠡᠨ ᠲᠡᠮᠡᠴᠡᠭᠡᠳ ᠳᠡᠢᠯᠥᠵᠦ ᠪᠠᠢᠵᠠᠢ᠃ ᠳ ∙ ᠰᠦᠬᠡᠪᠠᠭᠠᠲᠤᠷ ᠪᠣᠭᠳᠠ ᠬᠠᠭᠠᠨᠲᠤ ᠮᠣᠩᠭᠣᠯ ᠤᠯᠤᠰ ᠤᠨ ᠴᠡᠷᠢᠭ ᠦᠨ ᠠᠯᠪᠠᠨ ᠳᠤ ᠵᠢᠳᠬᠦᠵᠦ ᠪᠠᠢᠬᠤ ᠳᠤ ᠪᠠᠨ ᠤᠯᠤᠰ ᠣᠷᠣᠨ ᠤ ᠪᠠᠨ ᠲᠤᠰᠠᠭᠠᠷ ᠲᠣᠭᠲᠠᠨᠢᠯ ᠢ ᠬᠠᠷᠢ ᠶᠢᠨ ᠳᠠᠢᠰᠤᠨ ᠠᠴᠠ ᠬᠠᠮᠠᠭᠠᠯᠠᠭᠰᠠᠨ ᠲᠤᠯᠤᠯᠳᠤᠭᠠᠨ ᠳᠤ ᠬᠡᠳᠦᠨᠲᠡ ᠣᠷᠣᠯᠴᠠᠵᠤ ᠭᠠᠷᠮᠠᠭᠠᠢ ᠭᠠᠪᠢᠶ᠎ᠠ ᠪᠠᠢᠭᠤᠯᠵᠤ ᠶᠠᠪᠤᠵᠠᠢ᠃ ᠲᠡᠶᠢᠮᠦ ᠡᠴᠡ ᠠᠷᠠᠳ ᠣᠯᠠᠨ ᠲᠡᠭᠦᠨ ᠢ ᠦᠨᠳᠦᠰᠦᠨ ᠦ ᠪᠠᠭᠠᠲᠤᠷ ᠤᠨ ᠶᠣᠰᠣᠭᠠᠷ ᠦᠵᠡᠵᠦ ᠠᠯᠳᠠᠷ ᠨᠡᠷ᠎ᠡ ᠨᠢ ᠣᠷᠣᠨ ᠳᠠᠶᠠᠭᠠᠷ ᠳᠠᠭᠤᠷᠢᠰᠬᠤ ᠪᠣᠯᠤᠭᠰᠠᠨ ᠶᠤᠮ᠃ ᠭᠡᠪᠡᠴᠦ ᠳᠡᠭᠡᠷᠡᠬᠢ ᠮᠡᠳᠡᠭᠡᠯᠡᠯ ᠬᠡᠲᠦᠷᠡᠢ ᠫᠣᠫᠤᠶᠡᠯᠢᠰᠲ ᠮᠠᠶᠢᠭ ᠢᠶᠠᠷ ᠮᠣᠩᠭᠣᠯᠴᠤᠳ ᠤᠨ ᠲᠠᠷᠢᠬᠢ ᠶᠢ ᠣᠯᠠᠨ ᠵᠢᠯ ᠤᠭᠢᠶᠠᠭᠰᠠᠨ ᠶᠤᠮ᠃ ᠪᠠᠭᠠᠪᠤᠷ ᠤᠨ《ᠨᠡᠭᠦᠳᠡᠯ ᠰᠠᠭᠤᠳᠠᠯ᠂ ᠣᠯᠵᠠ ᠭᠠᠷᠤᠵᠠ》ᠨᠣᠮ ᠳᠤ ᠪᠢᠴᠢᠭᠰᠡᠨ ᠢᠶᠡᠷ ᠳ ᠰᠦᠬᠡᠪᠠᠭᠠᠲᠤᠷ ᠲᠡᠶᠢᠮᠦ ᠴᠤ ᠲᠡᠭᠦᠰ ᠬᠦᠮᠦᠨ ᠪᠠᠶᠢᠭ᠎ᠠ ᠦᠭᠡᠢ ᠪᠣᠯᠤᠯᠲᠠᠢ᠃ ᠣᠷᠣᠰ ᠤᠯᠤᠰ ᠠᠴᠠ ᠲᠤᠰᠠᠯᠠᠮᠵᠢ ᠭᠤᠶᠤᠬᠤ ᠪᠦᠷᠢᠯᠳᠦᠬᠦᠨ ᠳᠦ ᠣᠷᠣᠵᠤ ᠶᠠᠪᠤᠬᠤ ᠪᠠᠷ ᠪᠣᠯᠤᠭᠰᠠᠨ ᠴᠤ ᠲᠡᠷᠡ ᠰᠥᠨᠢ ᠳᠦ ᠪᠡᠨ ᠪᠣᠭᠳᠠ ᠶᠢᠨ ᠥᠭᠭᠦᠭᠰᠡᠨ ᠵᠠᠮ ᠤᠨ ᠵᠠᠷᠤᠳᠠᠯ ᠤᠨ ᠮᠥᠩᠭᠥ ᠪᠡᠷ ᠢᠶᠡᠨ ᠮᠥᠷᠥᠢ ᠲᠡᠢ ᠲᠣᠭᠯᠠᠨ ᠤᠯᠠᠮ ᠢᠶᠠᠷ ᠠᠯᠳᠠᠵᠤ᠂ ᠮᠠᠷᠭᠠᠰᠢ ᠨᠢ ᠭᠡᠷ ᠢᠶᠡᠨ ᠵᠠᠷᠤᠵᠤ᠂ ᠡᠬᠡᠨᠡᠷ ᠬᠡᠦᠬᠡᠳ ᠢᠶᠡᠨ ᠠᠶᠢᠯ ᠤᠨ ᠫᠧᠩ ᠳᠦ ᠣᠷᠬᠢᠨ ᠶᠠᠪᠤᠭᠰᠠᠨ ᠭᠡᠳᠡᠭ᠃ ᠬᠣᠵᠢᠮ ᠠᠷᠠᠳ ᠤᠨ ᠵᠠᠰᠠᠭ ᠠᠴᠠ ᠲᠡᠭᠦᠨ ᠦ ᠲᠠᠯᠪᠢᠭᠰᠠᠨ ᠥᠷᠢ ᠵᠢ ᠳᠠᠷᠤᠵᠤ ᠴᠠᠶᠢᠷᠠᠭᠤᠯᠵᠤ ᠪᠠᠶᠢᠭᠰᠠᠨ ᠭᠡᠳᠡᠭ᠃ ᠲᠡᠭᠦᠨ ᠦ ᠡᠴᠢᠭᠡ ᠳᠠᠮᠳᠢᠨ ᠥᠪᠦᠷ ᠮᠣᠩᠭᠣᠯ ᠠᠴᠠ ᠴᠠᠭᠠᠴᠢᠯᠠᠵᠤ ᠢᠷᠡᠭᠰᠡᠨ ᠭᠡᠳᠡᠭ ᠪᠥᠭᠡᠳ ᠴᠠᠭᠠᠨ ᠳᠡᠪᠡᠯᠳᠦ ᠳᠠᠮᠳᠢᠨ ᠭᠡᠳᠡᠭ ᠨᠡᠷ᠎ᠡ ᠪᠡᠷ ᠣᠯᠠᠨ ᠳᠤ ᠲᠠᠨᠢᠭᠳᠠᠭᠰᠠᠨ ᠬᠦᠮᠦᠨ ᠪᠠᠶᠢᠪᠠ᠃ ᠲᠡᠢᠮᠦ ᠴᠤ ᠶᠠᠳᠠᠭᠤ ᠬᠦᠮᠦᠨ ᠪᠠᠶᠢᠭ᠎ᠠ ᠦᠭᠡᠢ ᠪᠣᠯᠤᠯᠲᠠᠢ᠃ ᠲᠡᠷᠡ ᠦᠶ᠎ᠡ ᠳᠦ ᠴᠠᠭᠠᠨ ᠳᠡᠪᠡᠯ ᠭᠡᠳᠡᠭ ᠨᠢ ᠴᠠᠭᠠᠨ ᠢᠯᠭᠢᠨ ᠳᠡᠪᠡᠯ ᠪᠠᠶᠢᠭᠰᠠᠨ ᠬᠥᠷᠥᠩᠭᠡ ᠴᠢᠨᠡᠭᠡ ᠲᠡᠢ ᠤᠯᠤᠰ ᠤᠳ ᠡᠮᠦᠰᠳᠡᠭ ᠪᠠᠢᠵᠠᠢ᠃ ᠵᠠ ᠲᠡᠭᠡᠭᠡᠳ ᠠᠷᠠᠯᠵᠢᠶ᠎ᠠ ᠮᠠᠢᠮᠠᠢ ᠴᠤ ᠬᠢᠳᠡᠭ ᠪᠠᠢᠵᠠᠢ᠃ ᠲᠡᠷᠡ ᠪᠡᠷ ᠡᠬᠡ ᠡᠴᠡ ᠲᠥᠷᠦᠭᠰᠡᠨ ᠦ ᠳᠠᠷᠠᠭᠠᠬᠠᠨ ᠲᠡᠭᠦᠨ ᠦ ᠡᠴᠢᠭᠡ ᠳᠠᠮᠳᠢᠨ ᠪᠠᠭᠠᠲᠤᠷ ᠬᠡᠮᠡᠨ ᠨᠡᠷᠡᠯᠡᠭᠰᠡᠨ᠃

 ᠨᠡᠶᠢᠭᠡᠮ ᠤᠨ ᠪᠦᠲᠦᠭᠡᠨ ᠪᠠᠶᠢᠭᠤᠯᠤᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳ ∙ ᠰᠦᠬᠡᠪᠠᠭᠠᠲᠤᠷ ᠣᠯᠠᠨ ᠬᠣᠰᠢᠭᠤ ᠨᠤᠲᠤᠭ ᠠᠴᠠ ᠳᠠᠢᠴᠢᠯᠠᠭᠳᠠᠨ ᠢᠷᠡᠭᠰᠡᠨ ᠶᠠᠳᠠᠭᠤ ᠵᠠᠯᠠᠭᠤᠰ ᠲᠠᠢ ᠬᠠᠮᠲᠤ ᠴᠡᠷᠢᠭ ᠦᠨ ᠠᠯᠪᠠ ᠬᠠᠭᠠᠵᠤ ᠪᠠᠶᠢᠬᠤ ᠳᠤ ᠪᠠᠨ ᠭᠠᠳᠠᠭᠠᠳᠤ ᠶᠢᠨ ᠪᠤᠯᠢᠶᠠᠨ ᠡᠵᠡᠯᠡᠭᠴᠢᠳ ᠦᠨ ᠳᠠᠷᠤᠯᠠᠯ ᠳᠣᠷᠣᠮᠵᠢᠯᠠᠯ ᠢ ᠦᠯᠦ ᠵᠥᠪᠰᠢᠶᠡᠷᠡᠵᠦ᠂ ᠲᠡᠷᠡᠬᠦ ᠵᠣᠪᠠᠯᠠᠩ ᠵᠦᠳᠡᠭᠦᠷᠢ ᠡᠴᠡ ᠤᠯᠤᠰ ᠣᠷᠣᠨ ᠢᠶᠠᠨ ᠬᠡᠷᠬᠢᠨ ᠠᠩᠭᠢᠵᠢᠷᠠᠭᠤᠯᠬᠤ ᠠᠷᠭ᠎ᠠ ᠵᠠᠮ ᠢ ᠰᠦᠪᠡᠭᠴᠢᠯᠡᠨ ᠡᠷᠢᠬᠦ ᠪᠣᠯᠵᠠᠢ᠃ ᠳ ∙ ᠰᠦᠬᠡᠪᠠᠭᠠᠲᠤᠷ ᠤᠨ ᠦᠵᠡᠯ ᠪᠣᠳᠣᠯ ᠳᠤ ᠨᠡᠢᠰᠯᠡᠯ ᠬᠦᠷᠢᠶᠡᠨ ᠳᠦ ᠠᠵᠢᠯᠯᠠᠵᠤ ᠪᠠᠢᠭᠰᠠᠨ ᠮᠣᠩᠭᠣᠯ ᠤᠨ ᠲᠡᠷᠢᠭᠦᠨ ᠦ ᠰᠡᠬᠡᠭᠡᠲᠡᠨ ᠳᠠᠨᠽᠠᠨ᠂ ᠪᠣᠳᠣ ᠪᠣᠯᠤᠨ ᠨᠡᠢᠰᠯᠡᠯ ᠬᠦᠷᠢᠶᠡᠨ ᠦ ᠣᠷᠣᠰ ᠬᠡᠪᠯᠡᠯ ᠦᠨ ᠭᠠᠵᠠᠷ ᠠᠵᠢᠯᠯᠠᠵᠤ ᠪᠠᠢᠭᠰᠠᠨ ᠣᠷᠣᠰ ᠤᠨ ᠬᠤᠪᠢᠰᠬᠠᠯᠴᠢᠳ ᠶᠡᠬᠡ ᠨᠥᠯᠦᠭᠡ ᠦᠵᠡᠭᠦᠯᠵᠦ ᠲᠡᠳᠡᠨ ᠲᠡᠢ ᠨᠢᠭᠲᠠ ᠬᠣᠯᠪᠣᠭ᠎ᠠ ᠲᠣᠭᠲᠠᠭᠠᠨ ᠠᠵᠢᠯᠯᠠᠬᠤ ᠪᠣᠯᠵᠠᠢ᠃

ᠳ ∙ ᠰᠦᠬᠡᠪᠠᠭᠠᠲᠤᠷ 1918 ᠤᠨ ᠠᠴᠠ ᠡᠬᠢᠯᠡᠨ ᠨᠡᠢᠰᠯᠡᠯ ᠬᠦᠷᠢᠶᠡᠨ ᠦ ᠮᠣᠩᠭᠣᠯ ᠬᠡᠪᠯᠡᠯ ᠦᠨ ᠬᠣᠷᠢᠶᠠᠨ ᠳᠤ ᠦᠰᠦᠭ ᠪᠢᠴᠢᠭᠡᠴᠢ ᠪᠡᠷ ᠠᠵᠢᠯᠯᠠᠭᠰᠠᠨ ᠢᠶᠠᠷ ᠲᠤᠰ ᠣᠷᠣᠨ ᠤ ᠭᠠᠳᠠᠭᠠᠳᠤ ᠳᠣᠲᠣᠭᠠᠳᠤ ᠪᠠᠢᠳᠠᠯ᠂ ᠵᠠᠰᠠᠭ ᠲᠥᠷᠥ ᠶᠢᠨ ᠪᠣᠳᠣᠯᠭ᠎ᠠ ᠲᠠᠢ ᠨᠡᠯᠢᠶᠡᠳ ᠲᠣᠳᠣᠷᠬᠠᠢ ᠲᠠᠨᠢᠯᠴᠠᠬᠤ ᠪᠣᠯᠤᠯᠴᠠᠭ᠎ᠠ ᠲᠠᠢ ᠪᠣᠯᠵᠠᠢ᠃ ᠣᠷᠣᠰ ᠣᠷᠣᠨ ᠳᠤ ᠪᠣᠯᠤᠭᠰᠠᠨ ᠣᠺᠲ᠋ᠢᠶᠠᠪᠧᠷ ᠤᠨ ᠬᠤᠪᠢᠰᠬᠠᠯ ᠤᠨ ᠦᠵᠡᠯ ᠰᠠᠨᠠᠭ᠎ᠠ ᠪᠠᠷ ᠵᠣᠷᠢᠭᠵᠢᠭᠰᠠᠨ ᠠᠷᠠᠳ ᠠᠩᠭᠢ ᠶᠢᠨ ᠲᠡᠷᠢᠭᠦᠨ ᠦ ᠬᠦᠮᠦᠰ ᠤᠯᠤᠰ ᠣᠷᠣᠨ ᠤ ᠪᠠᠨ ᠲᠤᠰᠠᠭᠠᠷ ᠲᠣᠭᠲᠠᠨᠢᠯ ᠢ ᠬᠠᠮᠠᠭᠠᠯᠠᠬᠤ ᠶᠢᠨ ᠲᠤᠯᠠᠳᠠ ᠥᠪᠡᠷᠰᠡᠳ ᠦᠨ ᠬᠦᠴᠦ ᠶᠢ ᠬᠠᠮᠲᠤᠳᠬᠠᠨ᠂ ᠨᠢᠭᠡᠨ ᠪᠠᠢᠭᠤᠯᠤᠯᠭ᠎ᠠ ᠳᠤ ᠨᠢᠭᠡᠳᠬᠦ ᠶᠢᠨ ᠴᠢᠬᠤᠯᠠ ᠶᠢ ᠣᠢᠯᠠᠭᠠᠵᠤ ᠵᠣᠷᠢᠯᠭ᠎ᠠ ᠨᠢᠭᠡᠳᠭᠡᠨ ᠬᠠᠨᠢ ᠨᠥᠬᠥᠳ ᠢᠶᠡᠨ ᠡᠷᠢᠯᠬᠢᠯᠡᠵᠦ ᠪᠠᠢᠵᠠᠢ᠃

1919 ᠤᠨ ᠤ 7 ᠳ᠋ᠤᠭᠠᠷ ᠰᠠᠷ᠎ᠠ ᠳᠤ ᠨᠡᠢᠰᠯᠡᠯ ᠬᠦᠷᠢᠶ᠎ᠡ ᠶᠢ ᠬᠢᠲᠠᠳ ᠤᠨ ᠭᠠᠮᠢᠩ ᠤᠨ ᠴᠡᠷᠢᠭ ᠡᠵᠡᠯᠡᠵᠦ ᠪᠣᠭᠳᠠ ᠬᠠᠭᠠᠨᠲᠤ ᠮᠣᠩᠭᠣᠯ ᠲᠥᠷᠦ ᠶᠢ ᠤᠰᠠᠳᠬᠠᠵᠤ ᠮᠣᠩᠭᠣᠯ ᠴᠡᠷᠢᠭ ᠦᠨ ᠵᠡᠪᠰᠡᠭ ᠢ ᠬᠤᠷᠢᠶᠠᠵᠤ ᠪᠣᠭᠳᠠ ᠬᠠᠭᠠᠨ ᠢ ᠭᠡᠷ ᠦᠨ ᠬᠣᠷᠢᠭᠠᠨ ᠳᠤ ᠣᠷᠣᠭᠤᠯᠪᠠ ᠃ ᠲᠡᠷᠡ ᠦᠶ᠎ᠡ ᠶᠢᠨ ᠮᠣᠩᠭᠣᠯ ᠤᠨ ᠲᠥᠷᠦ ᠶᠢᠨ ᠵᠢᠳᠬᠦᠯᠲᠡᠨ ᠨᠦᠭᠦᠳ᠂ ᠯᠠᠮ᠎ᠠ ᠬᠤᠸᠠᠷᠠᠭ᠂ ᠠᠷᠠᠳ ᠢᠷᠭᠡᠳ ᠲᠤᠰᠠᠭᠠᠷ ᠲᠣᠭᠲᠠᠨᠢᠭᠰᠠᠨ ᠮᠣᠩᠭᠣᠯ ᠤᠯᠤᠰ ᠢᠶᠠᠨ ᠳᠠᠬᠢᠨ ᠰᠡᠷᠭᠦᠭᠡᠬᠦ ᠠᠷᠭ᠎ᠠ ᠵᠠᠮ ᠢ ᠡᠷᠢᠯᠬᠢᠯᠡᠵᠦ ᠪᠠᠢᠪᠠ᠃

ᠡᠭᠦᠨ ᠦ ᠢᠯᠡᠷᠡᠯ ᠨᠢ ᠨᠡᠢᠰᠯᠡᠯ ᠬᠦᠷᠢᠶᠡᠨ ᠳᠦ ᠬᠦᠷᠢᠶᠡᠨ ᠦ ᠪᠠ ᠺᠣᠨᠰᠤᠶᠢᠯ ᠤᠨ ᠭᠡᠰᠡᠨ ᠬᠤᠪᠢᠰᠬᠠᠯᠲᠤ ᠬᠣᠶᠠᠷ ᠨᠢᠭᠤᠴᠠ ᠪᠦᠯᠦᠭ ᠡᠭᠦᠰᠦᠭᠰᠡᠨ ᠶᠠᠪᠤᠳᠠᠯ ᠪᠠᠢᠪᠠ᠃ ᠳ ∙ ᠰᠦᠬᠡᠪᠠᠭᠠᠲᠤᠷ ᠬᠤᠪᠢᠰᠬᠠᠯᠲᠤ ᠨᠢᠭᠤᠴᠠ ᠪᠦᠯᠦᠭ ᠢ ᠰᠠᠨᠠᠭᠠᠴᠢᠯᠠᠨ ᠪᠠᠢᠭᠤᠯᠤᠭᠴᠢ ᠶᠢᠨ ᠨᠢᠭᠡ ᠪᠠᠢᠪᠠ᠃ 1920 ᠤᠨ ᠤ 6 ᠍ ᠳ᠋ᠤᠭᠠᠷ ᠰᠠᠷ᠎ᠠ ᠶᠢᠨ 25 ᠍ ᠳᠤ ᠬᠣᠶᠠᠷ ᠪᠦᠯᠦᠭ ᠦᠨ ᠬᠠᠮᠲᠤᠷᠠᠭᠰᠠᠨ ᠬᠤᠷᠠᠯ ᠪᠣᠯᠵᠤ᠂ ᠲᠤᠰ ᠬᠣᠶᠠᠷ ᠪᠦᠯᠦᠭ ᠢ ᠨᠢᠭᠡ ᠬᠤᠪᠢᠰᠬᠠᠯᠲᠤ ᠪᠠᠢᠭᠤᠯᠤᠯᠭ᠎ᠠ ᠪᠣᠯᠭᠠᠨ ᠨᠢᠭᠡᠳᠬᠡᠵᠦ 《ᠮᠣᠩᠭᠣᠯ ᠠᠷᠠᠳ ᠤᠨ ᠨᠠᠮ》 ᠭᠡᠵᠦ ᠨᠡᠷᠡᠯᠡᠬᠦ ᠪᠡᠷ ᠲᠣᠭᠲᠠᠵᠠᠢ᠃ ᠡᠨᠡ ᠬᠤᠷᠠᠯ ᠳᠡᠭᠡᠷ᠎ᠡ ᠨᠥᠬᠥᠷ ᠳ ∙ ᠰᠦᠬᠡᠪᠠᠭᠠᠲᠤᠷ ᠬᠡᠯᠡᠬᠦ ᠳᠦ ᠪᠡᠨ᠄《ᠮᠠᠨ ᠤ ᠨᠠᠮ ᠤᠨ ᠨᠥᠬᠥᠳ ᠡᠪ ᠰᠠᠨᠠᠭ᠎ᠠ ᠨᠢᠭᠡᠲᠡᠢ᠂ ᠰᠠᠬᠢᠯᠭ᠎ᠠ ᠪᠠᠲᠤ ᠰᠠᠶᠢᠲᠠᠢ᠂  ᠨᠡᠢᠲᠡ ᠶᠢᠨ ᠲᠥᠯᠥᠭᠡ ᠦᠨᠡᠨᠴᠢ ᠪᠡᠷ ᠵᠢᠳᠬᠦᠬᠦ ᠳᠦ ᠪᠡᠨ ᠠᠮᠢ ᠪᠡᠶ᠎ᠡ ᠪᠠᠨ ᠦᠯᠦ ᠬᠠᠶᠢᠬᠤᠷᠬᠤ᠂ ᠥᠪᠡᠷᠰᠡᠳ ᠦᠨ ᠨᠢᠭᠤᠴᠠ ᠶᠢ ᠪᠤᠰᠤᠳ ᠲᠤ ᠵᠠᠳᠠᠷᠠᠭᠤᠯᠬᠤ ᠦᠭᠡᠢ ᠭᠡᠵᠦ ᠨᠢᠭᠡ ᠨᠠᠮ ᠳᠤ ᠪᠠᠭᠲᠠᠭᠰᠠᠨ ᠨᠢᠭᠡᠨ ᠲᠠᠩᠭᠠᠷᠢᠭᠲᠠᠨ ᠪᠣᠯᠬᠤ ᠪᠢᠳᠡᠨ ᠳᠦ ᠬᠠᠲᠠᠭᠤ ᠪᠠᠷ ᠰᠠᠬᠢᠵᠤ ᠶᠠᠪᠤᠬᠤ ᠨᠢᠭᠡ ᠲᠠᠩᠭᠠᠷᠢᠭ ᠵᠠᠪᠠᠯ ᠪᠠᠢᠬᠤ ᠬᠡᠷᠡᠭᠲᠡᠢ》 ᠭᠡᠵᠡᠢ᠃

ᠲᠡᠷᠡᠬᠦ ᠲᠠᠩᠭᠠᠷᠢᠭ ᠨᠢ ᠲᠤᠰ ᠬᠤᠪᠢᠰᠬᠠᠯᠲᠤ ᠪᠠᠢᠭᠤᠯᠤᠯᠭ᠎ᠠ ᠶᠢᠨ ᠳᠠᠭᠠᠵᠤ ᠮᠥᠷᠳᠡᠬᠦ ᠬᠥᠲᠥᠯᠪᠦᠷᠢ 《ᠨᠠᠮ ᠤᠨ ᠬᠦᠮᠦᠰ ᠦᠨ ᠳᠠᠭᠠᠵᠤ ᠶᠠᠪᠤᠬᠤ ᠲᠠᠩᠭᠠᠷᠢᠭ ᠤᠨ ᠪᠢᠴᠢᠭ᠌》 ᠪᠠᠢᠭᠰᠠᠨ ᠶᠤᠮ᠃ ᠨᠢᠭᠤᠴᠠ ᠬᠣᠶᠠᠷ ᠪᠦᠯᠦᠭ ᠦᠨ ᠳᠣᠲᠣᠷ᠎ᠠ ᠶᠠᠩᠵᠤ ᠪᠦᠷᠢ ᠶᠢᠨ ᠦᠵᠡᠯ ᠰᠠᠨᠠᠭ᠎ᠠ ᠲᠠᠢ ᠬᠦᠮᠦᠰ ᠣᠷᠣᠯᠴᠠᠭᠰᠠᠨ ᠤᠴᠢᠷ ᠲᠡᠳᠡ ᠠᠷᠠᠳ ᠲᠦᠮᠡᠨ ᠦ ᠲᠡᠮᠡᠴᠡᠯ ᠦᠨ ᠵᠣᠷᠢᠯᠭ᠎ᠠ ᠶᠢ ᠥᠭᠡᠷ᠎ᠡ ᠥᠭᠡᠷ᠎ᠡ ᠪᠡᠷ ᠣᠢᠯᠠᠭᠠᠵᠤ ᠪᠠᠢᠪᠠ᠃ ᠭᠡᠪᠡᠴᠦ ᠠᠷᠠᠳ ᠲᠦᠮᠡᠨ ᠦ ᠡᠷᠬᠡ ᠠᠰᠢᠭ ᠢ ᠭᠤᠢᠪᠢᠯᠲᠠ ᠦᠭᠡᠢ ᠬᠠᠮᠠᠭᠠᠯᠠᠵᠤ ᠦᠨᠳᠦᠰᠦᠨ ᠦ ᠡᠷᠬᠡ ᠴᠢᠯᠦᠭᠡᠨ ᠦ ᠲᠡᠮᠡᠴᠡᠯ ᠢ ᠵᠥᠪᠯᠡᠯᠲᠦ ᠣᠷᠣᠰ ᠤᠯᠤᠰ ᠤᠨ ᠠᠵᠢᠯᠴᠢᠨ ᠠᠩᠭᠢ ᠶᠢᠨ ᠬᠤᠪᠢᠰᠬᠠᠯᠲᠤ ᠲᠡᠮᠡᠴᠡᠯ ᠲᠡᠢ ᠬᠣᠯᠪᠣᠬᠤ ᠶᠢ ᠲᠤᠤᠱᠲᠠᠢ ᠡᠷᠡᠮᠡᠯᠵᠡᠭᠰᠡᠨ ᠳ ∙ ᠰᠦᠬᠡᠪᠠᠭᠠᠲᠤᠷ ᠬᠤᠪᠢᠰᠬᠠᠯ ᠪᠠᠢᠭᠤᠯᠤᠯᠭ᠎ᠠ ᠶᠢᠨ ᠭᠣᠣᠯ ᠤᠳᠤᠷᠢᠳᠤᠭᠴᠢ ᠶᠢᠨ ᠨᠢᠭᠡ ᠪᠣᠯᠪᠠ᠃

ᠳ ∙ ᠰᠦᠬᠡᠪᠠᠭᠠᠲᠤᠷ ᠲᠡᠷᠢᠭᠦᠲᠡᠢ ᠮᠣᠩᠭᠣᠯ ᠤᠨ ᠬᠤᠪᠢᠰᠬᠠᠯᠴᠢᠳ ᠣᠷᠣᠰ ᠣᠷᠣᠨ ᠳᠤ ᠢᠯᠠᠭᠰᠠᠨ ᠣᠺᠲ᠋ᠢᠶᠠᠪᠧᠷ ᠤᠨ ᠰᠣᠴᠢᠶᠠᠯᠢᠰᠲᠤ ᠶᠡᠬᠡ ᠬᠤᠪᠢᠰᠬᠠᠯ ᠤᠨ ᠴᠢᠯᠦᠭᠡᠯᠡᠬᠦ ᠦᠵᠡᠯ ᠰᠠᠨᠠᠭ᠎ᠠ ᠶᠢ ᠪᠠᠶᠠᠷᠲᠠᠢ ᠪᠠᠷ ᠤᠭᠲᠤᠨ ᠠᠪᠴᠤ ᠵᠥᠪᠯᠡᠯᠲᠦ ᠣᠷᠣᠰ ᠤᠨ ᠺᠣᠮᠮᠤᠨᠢᠰᠲ ᠨᠠᠮ ᠲᠠᠢ ᠬᠣᠯᠪᠣᠭ᠎ᠠ ᠲᠣᠭᠲᠠᠭᠠᠨ᠂ ᠢᠯᠠᠭᠰᠠᠨ ᠫᠷᠣᠯᠧᠲ᠋ᠠᠷ ᠤᠨ ᠣᠷᠣᠨ ᠤ ᠲᠤᠰᠠᠯᠠᠮᠵᠢ ᠠᠪᠬᠤ ᠲᠤᠬᠠᠢ ᠮᠠᠰᠢ ᠴᠢᠬᠤᠯᠠ ᠰᠢᠢᠳᠪᠦᠷᠢ ᠭᠠᠷᠭᠠᠭᠰᠠᠨ ᠪᠢᠯᠡ᠃

1920 ᠤᠨ ᠤ ᠬᠠᠪᠤᠷ ᠳ ∙ ᠰᠦᠬᠡᠪᠠᠭᠠᠲᠤᠷ ᠬᠡᠳᠦᠢ ᠪᠡᠷ ᠡᠴᠢᠭᠡ ᠨᠢ ᠬᠦᠨᠳᠦ ᠡᠪᠡᠳᠴᠢᠲᠡᠢ ᠪᠠᠢᠭᠰᠠᠨ ᠪᠣᠯᠪᠠᠴᠤ ᠠᠷᠭ᠎ᠠ ᠪᠤᠶᠤ ᠣᠷᠬᠢᠨ ᠭᠡᠷ ᠣᠷᠣᠨ ᠢᠶᠠᠨ ᠵᠠᠷᠤᠵᠤ ᠬᠥᠯ ᠵᠠᠯᠭᠠᠬᠤ ᠤᠨᠤᠭ᠎ᠠ ᠪᠡᠯᠡᠳᠦᠭᠡᠳ ᠠᠷᠠᠳ ᠲᠦᠮᠡᠨ ᠦ ᠶᠡᠬᠡ ᠬᠡᠷᠡᠭ ᠦᠨ ᠲᠥᠯᠦᠭᠡ ᠵᠥᠪᠯᠡᠯᠲᠦ ᠣᠷᠣᠰ ᠤᠯᠤᠰ ᠤᠨ ᠵᠦᠭ ᠵᠣᠷᠢᠵᠠᠢ᠃ ᠡᠢᠨᠬᠦᠦ ᠶᠠᠪᠤᠬᠤ ᠶᠢᠨ ᠢᠶᠠᠨ ᠡᠮᠦᠨ᠎ᠡ ᠲᠡᠮᠡᠴᠡᠯ᠂ ᠦᠢᠯᠡ ᠠᠵᠢᠯᠯᠠᠭᠠᠨ ᠤ ᠪᠠᠨ ᠭᠣᠣᠯ ᠱᠤᠭᠤᠮ ᠢ ᠲᠣᠳᠤᠷᠬᠠᠢᠯᠠᠵᠤ ᠥᠪᠡᠷ ᠦᠨ ᠡᠴᠢᠭᠡ ᠳᠦ 《 ᠮᠢᠨᠤ ᠪᠡᠶ᠎ᠡ᠂ ᠠᠮᠢ ᠪᠡᠶ᠎ᠡ ᠶᠢ ᠬᠠᠶᠢᠷᠠᠯᠠᠬᠤ ᠦᠭᠡᠢ ᠠᠷᠠᠳ ᠲᠦᠮᠡᠨ ᠦ ᠡᠷᠬᠡ ᠴᠢᠯᠦᠭᠡ ᠶᠢ ᠮᠠᠨᠳᠤᠭᠤᠯᠬᠤ ᠦᠢᠯᠡ ᠬᠡᠷᠡᠭ ᠲᠦ ᠣᠷᠣᠯᠴᠠᠨ ᠵᠢᠳᠬᠦᠬᠦ ᠪᠡᠷ ᠰᠢᠢᠳᠰᠡᠨ 》 ᠭᠡᠵᠦ ᠬᠡᠯᠡᠵᠦ ᠪᠠᠢᠪᠠ᠃

1921 ᠤᠨ ᠤ 2 ᠳ᠋ᠤᠭᠠᠷ ᠰᠠᠷ᠎ᠠ ᠶᠢᠨ 24 ᠍ ᠦ ᠡᠳᠦᠷ ᠬᠠᠭᠠᠨᠲᠤ ᠣᠷᠣᠰ ᠴᠡᠷᠢᠭ ᠦᠨ ᠵᠠᠩᠵᠤᠨ᠂ ᠠᠽᠢᠶ᠎ᠠ ᠶᠢᠨ ᠮᠣᠷᠢᠨ ᠳ᠋ᠢᠸᠢᠽᠢ ᠶᠢᠨ ᠺᠣᠮᠠᠨᠳᠠᠯᠠᠭᠴᠢ᠂ ᠬᠣᠰᠢᠭᠤᠴᠢ ᠭᠧᠨᠧᠷᠠᠯ ᠸᠠᠷᠠᠨ ᠤᠩᠭᠧᠷᠨ ᠭᠠᠮᠢᠩ  ᠤᠨ ᠴᠡᠷᠢᠭ ᠡᠴᠡ ᠮᠣᠩᠭᠣᠯ ᠢ ᠴᠢᠯᠦᠭᠡᠯᠡᠬᠦ ᠵᠣᠷᠢᠯᠭ᠎ᠠ ᠪᠠᠷ ᠳ᠋ᠦᠩ ᠡᠪᠦᠯ ᠦᠨ ᠬᠦᠢᠲᠡᠨ ᠴᠠᠭ ᠲᠤ ᠨᠡᠢᠰᠯᠡᠯ ᠬᠦᠷᠢᠶ᠎ᠡ ᠤᠷᠤᠭᠤ ᠳᠣᠪᠲᠣᠯᠵᠤ᠂ ᠠᠷᠪᠠᠨ ᠮᠢᠩᠭᠠᠨ ᠬᠢᠲᠠᠳ ᠴᠡᠷᠢᠭ ᠦᠨ ᠡᠰᠡᠷᠬᠦ ᠮᠢᠩᠭ᠎ᠠ ᠬᠦᠷᠬᠦ ᠦᠭᠡᠢ ᠴᠥᠭᠡᠨ ᠴᠡᠷᠢᠭ ᠲᠡᠢ ᠪᠡᠷ ᠵᠣᠷᠢᠭᠲᠠᠢ ᠲᠤᠯᠤᠯᠳᠤᠵᠤ ᠪᠣᠭᠳᠠ ᠬᠠᠭᠠᠨ ᠢ ᠭᠠᠮᠢᠩ  ᠤᠨ ᠴᠡᠷᠢᠭ ᠦᠨ ᠭᠡᠷ ᠦᠨ ᠬᠣᠷᠢᠭᠠᠨ ᠠᠴᠠ ᠴᠢᠯᠦᠭᠡᠯᠡᠵᠦ ᠨᠡᠢᠰᠯᠡᠯ ᠬᠦᠷᠢᠶ᠎ᠡ ᠶᠢ ᠭᠠᠮᠢᠩ  ᠤᠨ ᠴᠡᠷᠢᠭ ᠡᠴᠡ ᠴᠢᠯᠦᠭᠡᠯᠡᠪᠡ᠃ ᠪᠣᠭᠳᠠ ᠬᠠᠭᠠᠨ ᠢ ᠳᠠᠬᠢᠨ ᠬᠠᠭᠠᠨ ᠰᠢᠷᠡᠭᠡᠨ ᠳᠦ ᠵᠠᠯᠠᠵᠤ ᠮᠣᠩᠭᠣᠯ ᠤᠯᠤᠰ ᠳ᠋ᠠᠭᠠᠨ ᠲᠤᠰᠠᠭᠠᠷ ᠲᠣᠭᠲᠠᠨᠢᠯ ᠢᠶᠠᠨ ᠰᠡᠷᠭᠦᠭᠡᠪᠡ᠃ ᠪᠣᠭᠳᠠ ᠬᠠᠭᠠᠨ ᠮᠣᠩᠭᠣᠯ ᠤᠨ ᠲᠤᠰᠠᠭᠠᠷ ᠲᠣᠭᠲᠠᠨᠢᠯ ᠢ ᠳᠠᠬᠢᠨ ᠰᠡᠷᠭᠦᠭᠡᠭᠰᠡᠨ ᠭᠠᠪᠢᠶ᠎ᠠ ᠲᠠᠢ ᠸᠠᠷᠠᠨ ᠤᠩᠭᠧᠷᠠᠨ ᠳᠤ ᠤᠯᠤᠰ ᠢ ᠮᠠᠨᠳᠤᠭᠤᠯᠤᠭᠴᠢ ᠶᠡᠬᠡ ᠪᠠᠭᠠᠲᠤᠷ ᠴᠣᠯᠠ ᠣᠯᠭᠤᠪᠠ᠃ ᠸᠠᠷᠠᠨ ᠤᠩᠭᠧᠷᠨ ᠤᠳᠠᠯ ᠦᠭᠡᠢ ᠡᠮᠦᠨ᠎ᠡ ᠵᠦᠭ ᠳᠣᠪᠲᠣᠯᠵᠤ ᠣᠢᠷ᠎ᠠ ᠳᠤ ᠪᠠᠢᠷᠢᠯᠠᠵᠤ ᠪᠠᠢᠭᠰᠠᠨ ᠭᠠᠮᠢᠩ  ᠤᠨ ᠴᠡᠷᠢᠭ ᠢ ᠢᠯᠠᠵᠤ 1921 ᠤᠨ ᠤ ᠳᠥᠷᠪᠡᠳᠦᠭᠡᠷ ᠰᠠᠷ᠎ᠠ ᠭᠡᠬᠦ ᠳᠦ ᠮᠣᠩᠭᠣᠯ ᠤᠨ ᠨᠤᠲᠤᠭ ᠢ ᠬᠢᠲᠠᠳ ᠤᠨ ᠭᠠᠮᠢᠩ  ᠤᠨ ᠴᠡᠷᠢᠭ ᠡᠴᠡ ᠪᠦᠷᠢᠨ ᠴᠢᠯᠦᠭᠡᠯᠡᠪᠡ᠃ ᠬᠠᠷᠢᠨ ᠨᠡᠢᠰᠯᠡᠯ ᠬᠦᠷᠢᠶᠡᠨ ᠡᠴᠡ ᠸᠠᠷᠠᠨ ᠤᠩᠭᠧᠷᠨ ᠶᠢᠨ ᠴᠡᠷᠢᠭ ᠲᠦ ᠢᠯᠠᠭᠳᠠᠵᠤ ᠵᠢᠭᠤᠲᠠᠭᠰᠠᠨ ᠭᠠᠮᠢᠩ  ᠤᠨ ᠴᠡᠷᠢᠭ ᠣᠷᠣᠰ ᠤᠨ ᠨᠤᠲᠤᠭ ᠢᠶᠠᠷ ᠳᠠᠮᠵᠢᠵᠤ ᠵᠢᠭᠤᠳᠠᠬᠤ ᠪᠠᠷ ᠬᠣᠢᠲᠤ ᠵᠦᠭ ᠲᠦ ᠶᠠᠪᠤᠵᠤ ᠬᠢᠶᠠᠭᠲᠤ ᠬᠣᠲᠠᠨ ᠳᠤ ᠪᠦᠭᠭᠦᠭᠰᠡᠨ ᠪᠠᠢᠯ᠎ᠠ᠃ ᠡᠨᠡ ᠦᠶ᠎ᠡ ᠳᠦ ᠳ ∙ ᠰᠦᠬᠡᠪᠠᠭᠠᠲᠤᠷ ᠮᠣᠩᠭᠣᠯ ᠤᠨ ᠳᠣᠲᠣᠭᠠᠳᠤ ᠳ᠋ᠠᠬᠢ ᠪᠣᠳᠠᠲᠤ ᠪᠠᠢᠳᠠᠯ ᠢ ᠮᠡᠳᠡᠵᠦ᠂ ᠠᠷᠠᠳ ᠲᠦᠮᠡᠨ ᠢ ᠳᠠᠷᠤᠯᠠᠯ ᠵᠣᠪᠠᠯᠠᠩ ᠠᠴᠠ ᠪᠥᠷᠢᠨ ᠠᠩᠭᠢᠵᠢᠷᠠᠭᠤᠯᠬᠤ ᠶᠡᠬᠡ ᠬᠡᠷᠡᠭ ᠢ ᠡᠬᠢᠯᠡᠬᠦ ᠴᠠᠭ ᠨᠢᠭᠡᠨᠲᠡ ᠪᠣᠯᠤᠭᠰᠠᠨ ᠭᠡᠵᠦ ᠦᠵᠡᠭᠡᠳ ᠨᠠᠮ ᠤᠨ ᠠᠩᠬᠠᠳᠤᠭᠠᠷ ᠶᠡᠬᠡ ᠬᠤᠷᠠᠯ ᠢ ᠶᠠᠭᠠᠷᠠᠯᠲᠠᠢ ᠬᠤᠷᠠᠯᠳᠤᠭᠤᠯᠵᠤ᠂ ᠮᠣᠩᠭᠣᠯ ᠤᠨ ᠠᠷᠠᠳ ᠲᠦᠮᠡᠨ ᠦ ᠬᠤᠪᠢᠰᠬᠠᠯᠲᠤ ᠲᠡᠮᠡᠴᠡᠯ ᠢ ᠵᠣᠬᠢᠶᠠᠨ ᠪᠠᠢᠭᠤᠯᠵᠤ ᠤᠳᠤᠷᠢᠳᠬᠤ ᠤᠯᠤᠰ ᠲᠥᠷᠦ ᠶᠢᠨ ᠳᠠᠢᠴᠢᠨ ᠪᠠᠢᠭᠤᠯᠤᠯᠭ᠎ᠠ ᠮᠣᠩᠭᠣᠯ ᠠᠷᠠᠳ ᠤᠨ ᠬᠤᠪᠢᠰᠬᠠᠯᠲᠤ ᠨᠠᠮ ᠢ ᠵᠢᠩᠬᠢᠨᠢ ᠶᠣᠰᠣᠭᠠᠷ ᠪᠠᠢᠭᠤᠯᠬᠤ ᠪᠦᠬᠦ ᠪᠡᠯᠡᠳᠬᠡᠯ ᠠᠵᠢᠯ ᠢ ᠰᠢᠭᠤᠳ ᠭᠠᠷᠳᠠᠨ ᠤᠳᠤᠷᠢᠳᠤᠭᠰᠠᠨ ᠶᠤᠮ᠃

ᠡᠭᠦᠨ ᠦ ᠬᠠᠮᠲᠤ ᠨᠠᠮ ᠤᠨ ᠪᠣᠳᠣᠯᠭ᠎ᠠ ᠶᠢ ᠣᠯᠠᠨ ᠲᠦᠮᠡᠨ ᠳᠦ ᠲᠠᠨᠢᠭᠤᠯᠬᠤ᠂ ᠤᠬᠠᠭᠤᠯᠬᠤ ᠬᠠᠭᠤᠳᠠᠰᠤ ᠪᠣᠯᠤᠨ ᠨᠠᠮ ᠤᠨ ᠠᠩᠬᠠᠨ ᠤ ᠳᠠᠢᠴᠢᠨ ᠬᠡᠪᠯᠡᠯ 《ᠮᠣᠩᠭᠣᠯ ᠤᠨ ᠦᠨᠡᠨ》 ᠰᠣᠨᠢᠨ ᠢ ᠬᠢᠯᠢ ᠶᠢᠨ ᠴᠢᠨᠠᠳᠤ ᠳᠤ ᠬᠡᠪᠯᠡᠭᠦᠯᠦᠨ ᠮᠣᠩᠭᠣᠯ ᠨᠤᠲᠤᠭ ᠲᠤ ᠨᠢᠭᠤᠴᠠ ᠪᠠᠷ ᠨᠡᠪᠲᠡᠷᠡᠭᠦᠯᠬᠦ᠂ ᠫᠠᠷᠲ᠋ᠢᠽᠠᠨ ᠴᠡᠷᠢᠭ ᠡᠯᠰᠡᠭᠦᠯᠬᠦ ᠵᠡᠷᠭᠡ ᠠᠰᠤᠷᠤ ᠶᠡᠬᠡ ᠠᠵᠢᠯ ᠢ ᠵᠣᠬᠢᠶᠠᠨ ᠪᠠᠢᠭᠤᠯᠵᠤ ᠪᠠᠢᠪᠠ᠃ 1921 ᠤᠨ ᠤ 2 ᠍ ᠳ᠋ᠤᠭᠠᠷ ᠰᠠᠷ᠎ᠠ ᠶᠢᠨ ᠶᠢᠰᠦᠨ ᠳᠦ ᠪᠣᠯᠤᠭᠰᠠᠨ ᠬᠤᠪᠢᠰᠬᠠᠯᠴᠢᠳ ᠤᠨ ᠵᠥᠪᠯᠡᠯᠭᠡᠨ ᠢᠶᠡᠷ ᠠᠷᠠᠳ ᠤᠨ ᠵᠢᠷᠤᠮᠲᠤ ᠴᠡᠷᠢᠭ ᠢ ᠪᠠᠢᠭᠤᠯᠬᠤ ᠠᠵᠢᠯ ᠢ ᠲᠦᠷᠭᠡᠳᠭᠡᠬᠦ᠂ ᠵᠡᠪᠰᠡᠭᠲᠦ ᠲᠡᠮᠡᠴᠡᠯ ᠳᠦ ᠢᠳᠡᠪᠬᠢᠲᠡᠢ ᠪᠡᠯᠡᠳᠬᠡᠬᠦ ᠵᠣᠷᠢᠯᠭ᠎ᠠ ᠶᠢᠨ ᠡᠭᠦᠳᠡᠨ ᠡᠴᠡ ᠳ᠂ ᠰᠦᠬᠡᠪᠠᠭᠠᠲᠤᠷ ᠢ ᠵᠢᠷᠤᠮᠲᠤ ᠴᠡᠷᠢᠭ ᠦᠨ ᠵᠠᠩᠵᠤᠨ ᠢᠶᠠᠷ ᠲᠣᠮᠢᠯᠠᠭᠰᠠᠨ ᠪ ᠪᠠᠢᠨ᠎ᠠ᠃ 1921 ᠤᠨ ᠤ 3 ᠳ᠋ᠤᠭᠠᠷ ᠰᠠᠷ᠎ᠠ ᠶᠢᠨ 1~3  ᠤ ᠡᠳᠦᠷ ᠬᠤᠷᠠᠯᠳᠤᠭᠰᠠᠨ ᠮᠣᠩᠭᠣᠯ ᠠᠷᠠᠳ ᠤᠨ ᠨᠠᠮ ᠤᠨ ᠠᠩᠬᠠᠳᠤᠭᠠᠷ ᠶᠡᠬᠡ ᠬᠤᠷᠠᠯ ᠮᠣᠩᠭᠣᠯ ᠣᠷᠣᠨ ᠤ ᠤᠯᠤᠰ ᠲᠥᠷᠥ ᠶᠢᠨ ᠪᠠᠢᠳᠠᠯ ᠤᠨ ᠲᠤᠬᠠᠢ ᠬᠡᠯᠡᠯᠴᠡᠵᠦ᠂ ᠨᠠᠮ ᠤᠨ ᠫᠷᠣᠭ᠍ᠷᠠᠮ ᠢ ᠪᠠᠲᠤᠯᠠᠨ ᠪᠦᠬᠦ ᠠᠷᠠᠳ ᠲᠦᠮᠡᠨ ᠦ ᠵᠡᠪᠰᠡᠭᠲᠦ ᠪᠣᠰᠤᠯᠭ᠎ᠠ ᠶᠢ ᠪᠡᠯᠡᠳᠬᠡᠨ ᠶᠠᠪᠤᠭᠤᠯᠬᠤ᠂ ᠠᠷᠠᠳ ᠤᠨ ᠵᠢᠷᠤᠮᠲᠤ ᠴᠡᠷᠢᠭ ᠦᠨ ᠱᠲ᠋ᠠᠪ ᠪᠠᠢᠭᠤᠯᠬᠤ᠂ ᠮᠣᠩᠭᠣᠯ ᠠᠷᠠᠳ ᠤᠨ ᠨᠠᠮ ᠤᠨ ᠲᠥᠪ ᠬᠣᠷᠢᠶ᠎ᠠ ᠶᠢ ᠰᠣᠩᠭᠣᠨ ᠨᠠᠮ ᠪᠠᠢᠭᠤᠯᠬᠤ ᠲᠤᠬᠠᠢ ᠠᠰᠠᠭᠤᠳᠠᠯ ᠢ ᠬᠡᠯᠡᠯᠴᠡᠵᠡᠢ᠃


 ᠶᠡᠬᠡ ᠬᠤᠷᠠᠯ ᠠᠷᠠᠳ ᠤᠨ ᠵᠢᠷᠤᠮᠲᠤ ᠴᠡᠷᠢᠭ ᠦᠨ ᠵᠠᠩᠵᠤᠨ ᠳ᠂ ᠰᠦᠬᠡᠪᠠᠭᠠᠲᠤᠷ ᠢ ᠲᠣᠮᠢᠯᠠᠭᠰᠠᠨ ᠶᠤᠮ᠃ 1921 ᠤᠨ ᠤ 3 ᠳ᠋ᠤᠭᠠᠷ ᠰᠠᠷ᠎ᠠ ᠶᠢᠨ 13 ᠍ ᠳᠦ ᠳᠡᠭᠡᠳᠦ ᠰᠢᠪᠡᠭᠡ ᠬᠣᠲᠠ ᠢᠶᠠᠨ 《ᠮᠣᠩᠭᠣᠯ ᠠᠷᠠᠳ ᠤᠨ ᠵᠠᠰᠠᠭ ᠤᠨ ᠬᠡᠷᠡᠭ ᠢ ᠪᠦᠭᠦᠳᠡ ᠲᠦᠷ ᠵᠠᠬᠢᠷᠤᠨ ᠰᠢᠢᠳᠭᠡᠬᠦ ᠭᠠᠵᠠᠷ》 ᠭᠡᠳᠡᠭ ᠨᠡᠷ᠎ᠡ ᠲᠡᠢ ᠪᠡᠷ ᠮᠣᠩᠭᠣᠯ ᠠᠷᠠᠳ ᠤᠨ ᠲᠦᠷ ᠵᠠᠰᠠᠭ ᠤᠨ ᠭᠠᠵᠠᠷ ᠢ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠤᠳᠤᠷᠢᠳᠤᠯᠭ᠎ᠠ ᠪᠠᠷ ᠪᠠᠢᠭᠤᠯᠤᠭᠰᠠᠨ ᠪᠠᠢᠨ᠎ᠠ᠃ ᠲᠡᠭᠦᠨ ᠦ ᠪᠦᠷᠢᠯᠳᠦᠬᠦᠨ ᠳᠦ ᠳ ∙ ᠰᠦᠬᠡᠪᠠᠭᠠᠲᠤᠷ ᠣᠷᠣᠵᠠᠢ᠂1921 ᠤᠨ ᠤ 3 ᠳ᠋ᠤᠭᠠᠷ ᠰᠠᠷ᠎ᠠ ᠶᠢᠨ 18 ᠍ ᠤ ᠰᠥᠨᠢ ᠬᠢᠶᠠᠭᠲᠤ ᠬᠣᠲᠠ ᠶᠢᠨ ᠪᠦᠭᠭᠦᠵᠦ ᠪᠠᠢᠭᠰᠠᠨ ᠭᠠᠮᠢᠩ  ᠤᠨ ᠴᠡᠷᠢᠭ ᠦᠨ ᠭᠣᠣᠯ ᠬᠦᠴᠥ ᠶᠢ ᠪᠤᠲᠠ ᠴᠣᠬᠢᠵᠤ ᠬᠢᠶᠠᠭᠲᠤ ᠬᠣᠲᠠ ᠶᠢ ᠭᠠᠮᠢᠩ  ᠤᠨ ᠴᠡᠷᠢᠭ ᠡᠴᠡ ᠴᠢᠯᠦᠭᠡᠯᠡᠵᠦ ᠠᠷᠠᠳ ᠲᠦᠮᠡᠨ ᠦ ᠵᠡᠪᠰᠡᠭᠲᠦ ᠪᠣᠰᠤᠯᠭ᠎ᠠ ᠶᠢᠨ ᠲᠣᠮᠣ ᠢᠯᠠᠯᠲᠠ᠂ ᠠᠷᠠᠳ ᠤᠨ ᠬᠤᠪᠢᠰᠬᠠᠯ ᠤᠨ ᠡᠬᠢᠯᠡᠯᠲᠡ ᠪᠣᠯᠵᠠᠢ᠃

ᠤᠭ ᠲᠡᠮᠡᠴᠡᠯ ᠳᠦ ᠳ᠂ ᠰᠦᠬᠡᠪᠠᠭᠠᠲᠤᠷ ᠤᠨ ᠵᠣᠬᠢᠶᠠᠨ ᠪᠠᠢᠭᠤᠯᠬᠤ ᠤᠷᠠᠨ ᠴᠢᠳᠠᠪᠤᠷᠢ ᠤᠯᠠᠮ ᠲᠣᠳᠣᠷᠠᠵᠤ ᠴᠢᠩ ᠵᠣᠷᠢᠭᠲᠤ ᠠᠪᠢᠶᠠᠰᠯᠢᠭ ᠵᠠᠩᠵᠤᠨ ᠪᠣᠯᠬᠤ ᠪᠠᠨ ᠢᠯᠡᠳᠬᠡᠨ ᠬᠠᠷᠠᠭᠤᠯᠤᠭᠰᠠᠨ ᠶᠤᠮ᠃ ᠳ ∙ ᠰᠦᠬᠡᠪᠠᠭᠠᠲᠤᠷ ᠢᠶᠠᠷ ᠤᠳᠤᠷᠢᠳᠤᠭᠤᠯᠤᠭᠰᠠᠨ ᠠᠷᠠᠳ ᠤᠨ ᠵᠢᠷᠤᠮᠲᠤ ᠴᠡᠷᠢᠭ ᠪᠣᠯᠤᠨ ᠨᠢᠮᠠᠨ᠂ ᠱᠧᠲ᠋ᠢᠨᠺᠢᠨ ᠢᠶᠠᠷ ᠤᠳᠤᠷᠢᠳᠤᠭᠤᠯᠤᠭᠰᠠᠨ ᠤᠯᠠᠭᠠᠨ ᠠᠷᠮᠢ ᠶᠢᠨ ᠣᠯᠠᠨ ᠮᠢᠩᠭᠠᠨ ᠣᠷᠣᠰ ᠴᠡᠷᠢᠭ ᠦᠳ 1921 ᠤᠨ ᠤ 7 ᠳ᠋ᠤᠭᠠᠷ ᠰᠠᠷ᠎ᠠ ᠶᠢᠨ 6 ᠍ ᠳᠤ ᠨᠡᠢᠰᠯᠡᠯ ᠬᠦᠷᠢᠶᠡᠨ ᠳᠦ ᠣᠷᠣᠵᠤ ᠢᠷᠡᠪᠡ᠃ 1921 ᠤᠨ ᠤ 7 ᠳ᠋ᠤᠭᠠᠷ ᠰᠠᠷ᠎ᠠ ᠶᠢᠨ 8 ᠍ ᠤ ᠡᠳᠦᠷ ᠮᠣᠩᠭᠣᠯ ᠠᠷᠠᠳ ᠤᠨ ᠨᠠᠮ ᠤᠨ ᠲᠥᠪ ᠬᠣᠷᠢᠶᠠᠨ ᠤ ᠥᠷᠭᠡᠳᠬᠡᠭᠰᠡᠨ ᠬᠤᠷᠠᠯ ᠪᠣᠯᠵᠤ ᠪᠣᠭᠳᠠ ᠬᠠᠭᠠᠨᠲᠤ ᠮᠣᠩᠭᠣᠯ ᠲᠥᠷᠥ ᠶᠢ ᠬᠠᠯᠠᠵᠤ᠂ ᠵᠠᠰᠠᠭ ᠤᠨ ᠪᠦᠬᠦ ᠡᠷᠬᠡ ᠶᠢ ᠠᠷᠠᠳ ᠤᠨ ᠲᠦᠷ ᠵᠠᠰᠠᠭ ᠤᠨ ᠭᠠᠵᠠᠷ ᠲᠤ ᠰᠢᠯᠵᠢᠭᠦᠯᠬᠦ ᠪᠡᠷ ᠰᠢᠢᠳᠴᠡᠢ᠃ 1921 ᠤᠨ ᠤ 8 ᠍ᠳ᠋ᠤᠭᠠᠷ ᠰᠠᠷ᠎ᠠ ᠶᠢᠨ 10 ᠳᠦ ᠪᠣᠭᠳᠠ ᠬᠠᠭᠠᠨᠲᠤ ᠮᠣᠩᠭᠣᠯ ᠤᠯᠤᠰ ᠤᠨ ᠵᠠᠰᠠᠭ ᠤᠨ ᠭᠠᠵᠠᠷ ᠢ ᠲᠠᠲᠠᠨ ᠪᠠᠭᠤᠯᠭᠠᠵᠤ ᠠᠷᠠᠳ ᠤᠨ ᠲᠦᠷ ᠵᠠᠰᠠᠭ ᠤᠨ ᠭᠠᠵᠠᠷ ᠢ ᠥᠷᠭᠡᠳᠬᠡᠨ ᠠᠷᠠᠳ ᠤᠨ ᠪᠠᠢᠩᠭᠤ ᠶᠢᠨ ᠵᠠᠰᠠᠭ ᠤᠨ ᠭᠠᠵᠠᠷ ᠪᠣᠯᠭᠠᠨ ᠪᠠᠢᠭᠤᠯᠵᠤ ᠳ ∙ ᠰᠦᠬᠡᠪᠠᠭᠠᠲᠤᠷ ᠢ ᠠᠷᠠᠳ ᠤᠨ ᠵᠠᠰᠠᠭ ᠤᠨ ᠭᠠᠵᠠᠷ ᠤᠨ ᠴᠡᠷᠢᠭ ᠦᠨ ᠶᠠᠮᠤᠨ ᠤ ᠲᠡᠷᠢᠭᠦᠨ ᠰᠠᠢᠳ ᠪᠥᠭᠡᠳ ᠪᠦᠬᠦ ᠴᠡᠷᠢᠭ ᠦᠨ ᠵᠠᠩᠵᠤᠨ ᠢᠶᠠᠷ ᠲᠣᠮᠢᠯᠠᠵᠠᠢ᠃

1921 ᠤᠨ ᠤ 8 ᠍ᠳ᠋ᠤᠭᠠᠷ ᠰᠠᠷ᠎ᠠ ᠶᠢᠨ 11 ᠍ ᠳᠦ ᠲᠤᠰᠠᠭᠠᠷ ᠲᠣᠭᠲᠠᠨᠢᠭᠰᠠᠨ ᠮᠣᠩᠭᠣᠯ ᠤᠯᠤᠰ ᠢ ᠪᠠᠢᠭᠤᠯᠤᠭᠰᠠᠨ ᠲᠤᠬᠠᠢ ᠲᠦᠮᠡᠨ ᠳᠦ ᠲᠤᠩᠬᠠᠭᠯᠠᠨ ᠵᠠᠷᠯᠠᠵᠠᠢ᠃ 1921 ᠤᠨ ᠤ 11 ᠍ ᠳ᠋ᠤᠭᠠᠷ ᠰᠠᠷ᠎ᠠ ᠳᠤ ᠪᠠᠢᠭᠤᠯᠤᠭᠳᠠᠭᠰᠠᠨ ᠮᠣᠩᠭᠣᠯ ᠵᠥᠪᠯᠡᠯᠲᠦ ᠶᠢᠨ ᠠᠷᠠᠳ ᠲᠦᠮᠡᠨ ᠦ ᠨᠠᠢᠷᠠᠮᠳᠠᠯ ᠤᠨ ᠬᠡᠯᠡᠯᠴᠡᠭᠡᠷ ᠪᠣᠯ ᠶᠡᠬᠡ ᠪᠠᠭ᠎ᠠ ᠦᠨᠳᠦᠰᠦᠲᠡᠨ ᠦ ᠬᠣᠭᠣᠷᠣᠨᠳᠣ ᠵᠢᠩᠬᠢᠨᠢ ᠡᠷᠬᠡ ᠲᠡᠭᠰᠢ᠂ ᠪᠡᠶ᠎ᠡ ᠪᠡᠶ᠎ᠡ ᠪᠡᠨ ᠬᠦᠨᠳᠦᠳᠭᠡᠬᠦ᠂ ᠬᠠᠷᠢᠯᠴᠠᠨ ᠲᠤᠰᠠᠯᠠᠬᠤ ᠵᠠᠷᠴᠢᠮ ᠤᠨ ᠦᠨᠳᠦᠰᠦᠨ ᠳᠡᠭᠡᠷ᠎ᠡ ᠪᠠᠢᠭᠤᠯᠤᠭᠳᠠᠭᠰᠠᠨ ᠣᠯᠠᠨ ᠤᠯᠤᠰ ᠤᠨ ᠠᠴᠢ ᠬᠣᠯᠪᠣᠭᠳᠠᠯ ᠪᠦᠬᠦᠢ ᠲᠡᠦᠬᠡᠨ ᠪᠢᠴᠢᠭ᠌ ᠪᠠᠷᠢᠮᠲᠠ ᠮᠥᠨ ᠶᠤᠮ᠃

 ᠨᠠᠰᠤ ᠪᠠᠷᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠠᠷᠠᠳ ᠤᠨ ᠨᠠᠮ ᠲᠥᠷᠥ ᠶᠢ ᠦᠨᠳᠦᠰᠦᠯᠡᠨ ᠪᠠᠢᠭᠤᠯᠤᠭᠴᠢ᠂ ᠤᠯᠤᠰ ᠤᠨ ᠪᠠᠭᠠᠲᠤᠷ᠂ ᠴᠡᠷᠢᠭ ᠦᠨ ᠵᠠᠩᠵᠤᠨ ᠳ ∙ ᠰᠦᠬᠡᠪᠠᠭᠠᠲᠤᠷ ᠡᠢᠨᠬᠦᠦ ᠨᠠᠮ ᠠᠷᠠᠳ ᠲᠦᠮᠡᠨ ᠦ ᠪᠡᠨ ᠦᠢᠯᠡ ᠬᠡᠷᠡᠭ ᠲᠦ ᠵᠢᠳᠬᠦᠬᠦ ᠶᠢᠨ ᠦᠯᠢᠭᠡᠷ ᠢ ᠦᠵᠡᠭᠦᠯᠵᠦ ᠠᠷᠠᠳ ᠤᠨ ᠬᠤᠪᠢᠰᠬᠠᠯ ᠤᠨ ᠣᠯᠤᠯᠲᠠ ᠶᠢ ᠬᠠᠮᠠᠭᠠᠯᠠᠨ ᠲᠡᠮᠡᠴᠡᠭᠰᠡᠭᠡᠷ 1923 ᠤᠨ ᠤ 2 ᠍ ᠳ᠋ᠤᠭᠠᠷ ᠰᠠᠷ᠎ᠠ ᠶᠢᠨ 20 ᠳᠦ ᠲᠠᠭᠠᠯᠠᠯ ᠲᠡᠭᠦᠰᠴᠡᠢ᠃ ᠡᠨᠡ ᠴᠠᠭ ᠦᠶ᠎ᠡ ᠶᠡᠬᠡ ᠡᠭᠡᠳᠡᠷᠡᠭᠡ ᠲᠡᠢ ᠬᠦᠨᠳᠦ ᠬᠡᠴᠡᠭᠦᠦ ᠴᠠᠭ ᠦᠶ᠎ᠡ ᠪᠠᠢᠯ᠎ᠠ᠃ ᠠᠷᠠᠳ ᠤᠨ ᠬᠤᠪᠢᠰᠬᠠᠯ ᠢᠯᠠᠭᠠᠳ ᠳᠥᠩᠭᠡᠵᠢ ᠭᠠᠭᠴᠠ ᠬᠣᠶᠠᠷ ᠵᠢᠯ ᠦᠨ ᠳᠣᠲᠣᠷ᠎ᠠ ᠮᠣᠩᠭᠣᠯ ᠤᠯᠤᠰ ᠤᠨ ᠶᠡᠷᠦᠩᠬᠡᠢ ᠰᠠᠢᠳ ᠳ ∙ ᠪᠣᠳᠣ᠂ ᠠᠷᠠᠳ ᠤᠨ ᠵᠠᠰᠠᠭ ᠤᠨ ᠵᠢᠳᠬᠦᠯᠲᠡᠨ᠂ ᠠᠷᠠᠳ ᠤᠨ ᠨᠠᠮ ᠤᠨ ᠠᠩᠬᠠᠨ ᠤ ᠳᠣᠯᠣᠭ᠎ᠠ ᠶᠢᠨ ᠨᠢᠭᠡ ᠰ ∙ ᠳᠠᠨᠽᠠᠨ ᠨᠠᠷ ᠶᠠᠮᠠᠷ ᠴᠤ ᠦᠨᠳᠦᠰᠦᠯᠡᠯ ᠦᠭᠡᠢ ᠪᠤᠷᠤᠭᠤᠳᠬᠠᠭᠳᠠᠵᠤ ᠣᠷᠣᠰ ᠤᠨ ᠺᠣᠮᠢᠨᠲ᠋ᠧᠷᠠᠨ ᠲᠤᠰᠢᠶᠠᠯ ᠢᠶᠠᠷ ᠡᠬᠡ ᠣᠷᠣᠨ ᠳᠤ ᠪᠠᠨ ᠫᠤᠤᠳᠠᠭᠤᠯᠤᠨ ᠨᠠᠰᠤ ᠪᠠᠷᠠᠵᠤ ᠪᠠᠢᠯ᠎ᠠ᠃ ᠲᠡᠦᠬᠡᠴᠢᠳ ᠳ ∙ ᠰᠦᠬᠡᠪᠠᠭᠠᠲᠤᠷ ᠤᠨ ᠨᠠᠰᠤ ᠪᠠᠷᠠᠭᠰᠠᠨ ᠰᠢᠯᠲᠠᠭᠠᠨ ᠢ ᠬᠣᠶᠠᠷ ᠶᠠᠩᠵᠤ ᠪᠠᠷ ᠲᠠᠢᠯᠪᠤᠷᠢᠯᠠᠳᠠᠭ᠃ ᠨᠢᠭᠡ ᠲᠠᠭᠠᠮᠠᠭᠯᠠᠯ ᠨᠢ ᠬᠦᠷᠢᠶᠡᠨ ᠳᠦ ᠪᠠᠢᠷᠢᠯᠠᠵᠤ ᠪᠠᠢᠭᠰᠠᠨ ᠣᠷᠣᠰ ᠤᠨ ᠤᠯᠠᠭᠠᠨ ᠴᠡᠷᠢᠭ ᠦᠳ ᠨᠡᠢᠰᠯᠡᠯ ᠬᠦᠷᠢᠶᠡᠨ ᠳᠦ ᠬᠦᠮᠦᠨ ᠠᠯᠠᠵᠤ ᠬᠦᠷᠢᠶ᠎ᠡ ᠲᠠᠯᠠᠵᠤ᠂ ᠬᠦᠴᠦᠷᠬᠡᠢᠯᠡᠯ ᠦᠢᠯᠡᠳᠴᠦ ᠪᠠᠢᠭᠰᠠᠨ ᠲᠤᠯᠠ ᠳ ∙ ᠰᠦᠬᠡᠪᠠᠭᠠᠲᠤᠷ ᠮᠣᠩᠭᠣᠯ ᠳᠤ ᠣᠷᠣᠵᠤ ᠢᠷᠡᠭᠰᠡᠨ ᠣᠷᠣᠰ ᠤᠨ ᠤᠯᠠᠭᠠᠨ ᠴᠡᠷᠢᠭ ᠦᠨ ᠲᠣᠭ᠎ᠠ ᠶᠢ 500 ᠪᠣᠯᠲᠠᠯ᠎ᠠ ᠨᠢ ᠴᠥᠭᠡᠷᠡᠭᠦᠯᠬᠦ ᠰᠠᠨᠠᠯ ᠭᠠᠷᠭᠠᠭᠰᠠᠨ ᠨᠢ ᠣᠷᠣᠰ ᠤᠨ ᠤᠯᠠᠭᠠᠨ ᠺᠣᠮᠢᠰᠰᠠᠷ ᠤᠳ ᠤᠨ ᠳᠤᠷ᠎ᠠ ᠦᠭᠡᠢ ᠶᠢ ᠬᠦᠷᠭᠡᠵᠦ ᠲᠡᠳᠡ ᠰᠦᠬᠡᠪᠠᠭᠠᠲᠤᠷ ᠲᠤ ᠡᠮ ᠬᠡᠮᠡᠨ ᠬᠣᠣᠷ ᠲᠠᠢ ᠦᠷᠢᠯ ᠥᠭᠴᠦ ᠬᠥᠨᠥᠭᠡᠭᠰᠡᠨ ᠭᠡᠵᠦ ᠦᠵᠡᠳᠡᠭ᠃ ᠨᠥᠭᠥᠭᠡ ᠲᠠᠭᠠᠮᠠᠭᠯᠠᠯ ᠨᠢ ᠬᠠᠨᠢᠶᠠᠳᠤ ᠬᠦᠷᠴᠦ ᠬᠦᠨᠳᠦᠷᠡᠭᠰᠡᠨ ᠦ ᠤᠯᠠᠮ ᠠᠴᠠ ᠨᠠᠰᠤ ᠪᠠᠷᠠᠭᠰᠠᠨ ᠭᠡᠵᠦ ᠦᠵᠡᠳᠡᠭ᠃ ᠠᠯᠢ ᠴᠤ ᠲᠣᠬᠢᠶᠠᠯᠳᠤᠯ ᠨᠢ ᠠᠯᠪᠠᠨ ᠶᠣᠰᠣᠭᠠᠷ ᠪᠠᠲᠤᠯᠠᠭᠳᠠᠭ᠎ᠠ ᠦᠭᠡᠢ ᠪᠥᠭᠡᠳ ᠮᠣᠩᠭᠣᠯ ᠤᠨ ᠵᠠᠷᠢᠮ ᠤᠷᠠᠨ ᠰᠠᠢᠬᠠᠨ ᠤ ᠺᠢᠨᠣ᠋ ᠨᠤᠭᠤᠳ ᠳᠡᠭᠡᠷ᠎ᠡ ᠬᠣᠣᠷᠯᠠᠭᠳᠠᠵᠤ ᠨᠠᠰᠤ ᠪᠠᠷᠠᠭᠰᠠᠨ ᠢᠶᠡᠷ ᠭᠠᠷᠳᠠᠭ᠃ ᠰᠣᠴᠢᠶᠠᠯᠢᠮ ᠤᠨ ᠦᠵᠡᠯ ᠰᠤᠷᠲᠠᠯ ᠨᠣᠶᠠᠷᠬᠠᠭᠰᠠᠨ ᠴᠠᠭ ᠦᠶ᠎ᠡ ᠶᠢᠨ ᠺᠢᠨᠣ᠋ ᠨᠤᠭᠤᠳ ᠳᠡᠭᠡᠷ᠎ᠡ ᠪᠣᠭᠳᠠ ᠭᠡᠭᠡᠨ ᠰᠦᠬᠡᠪᠠᠭᠠᠲᠤᠷ ᠲᠤ ᠡᠮ ᠬᠡᠮᠡᠨ ᠬᠣᠣᠷ ᠲᠠᠢ ᠦᠷᠢᠯ ᠥᠭᠴᠦ ᠬᠥᠨᠥᠭᠡᠭᠰᠡᠨ ᠭᠡᠳᠡᠭ ᠨᠢ ᠣᠭᠲᠣ ᠬᠤᠳᠠᠯ ᠭᠦᠳᠬᠡᠯᠭᠡ ᠶᠤᠮ᠃ ᠪᠣᠭᠳᠠ ᠭᠡᠭᠡᠨ ᠰᠦᠬᠡᠪᠠᠭᠠᠲᠤᠷ ᠬᠣᠶᠠᠷ ᠡᠷᠲᠡᠨ ᠡᠴᠡ ᠬᠤᠵᠢᠷ ᠪᠤᠯᠤᠩ ᠤᠨ ᠰᠤᠷᠭᠠᠭᠤᠯᠢ ᠲᠡᠭᠦᠰᠴᠦ ᠪᠣᠭᠳᠠ ᠬᠠᠭᠠᠨᠲᠤ ᠮᠣᠩᠭᠣᠯ ᠲᠥᠷᠥ ᠶᠢᠨ ᠴᠡᠷᠢᠭ ᠦᠨ ᠪᠠᠭ᠎ᠠ ᠳᠠᠷᠤᠭ᠎ᠠ ᠪᠠᠢᠬᠤ ᠴᠠᠭ ᠠᠴᠠ ᠨᠢ ᠡᠬᠢᠯᠡᠨ  ᠨᠠᠢᠷᠰᠠᠭ ᠬᠠᠷᠢᠯᠴᠠᠭ᠎ᠠ ᠲᠠᠢ ᠪᠠᠢᠭᠰᠠᠨ ᠭᠡᠳᠡᠭ᠃ ᠳ ∙ ᠰᠦᠬᠡᠪᠠᠭᠠᠲᠤᠷ ᠨᠠᠰᠤᠨ ᠡᠴᠦᠰᠯᠡᠬᠦ ᠶᠢᠨ ᠢᠶᠡᠨ ᠡᠮᠦᠨ᠎ᠡ《ᠡᠷᠬᠢᠮ ᠨᠥᠬᠥᠳ ᠲᠠ ᠪᠦᠬᠦᠨ ᠣᠳᠣ ᠶᠢᠨ ᠶᠠᠪᠤᠭᠤᠯᠤᠨ ᠪᠤᠢ ᠨᠠᠮ ᠤᠨ ᠪᠣᠳᠣᠯᠭ᠎ᠠ ᠪᠠ ᠵᠠᠰᠠᠭ ᠤᠨ ᠬᠡᠷᠡᠭ ᠶᠠᠪᠤᠳᠠᠯ ᠢ ᠤᠭ ᠵᠣᠷᠢᠯᠭ᠎ᠠ ᠳᠤ ᠨᠡᠢᠯᠡᠭᠦᠯᠵᠦ᠂ ᠠᠷᠠᠳ ᠲᠦᠮᠡᠨ ᠦ ᠡᠷᠬᠡ ᠴᠢᠯᠦᠭᠡ ᠶᠢ ᠮᠠᠨᠳᠤᠭᠤᠯᠵᠤ᠂ ᠠᠯᠢᠪᠠ ᠳᠣᠲᠣᠭᠠᠳᠤ᠂ ᠭᠠᠳᠠᠭᠠᠳᠤ ᠶᠢᠨ ᠡᠵᠡᠷᠬᠡᠭ ᠬᠠᠷᠭᠢᠰ ᠤᠳ ᠤᠨ ᠭᠠᠷ ᠰᠠᠪᠠᠷ ᠠᠴᠠ ᠠᠩᠭᠢᠵᠢᠷᠠᠭᠤᠯᠤᠨ ᠠᠷᠠᠳ ᠲᠦᠮᠡᠨ ᠢ ᠠᠰᠠᠷᠠᠨ ᠬᠠᠮᠠᠭᠠᠯᠠᠬᠤ ᠭᠡᠭᠡᠨ ᠵᠠᠮ ᠢ ᠤᠳᠤᠷᠢᠳᠤᠨ ᠵᠢᠯᠣᠭᠣᠳᠬᠤ ᠶᠢ ᠡᠷᠬᠢᠮᠯᠡ︕ ᠮᠢᠨᠦ ᠪᠡᠶ᠎ᠡ ᠠᠯᠲᠠᠨ ᠠᠮᠠ ᠶᠢ ᠠᠯᠳᠠᠪᠠᠴᠤ ᠠᠷᠢᠭᠤᠨ ᠰᠠᠨᠠᠭᠠᠲᠤ ᠨᠥᠬᠥᠳ ᠮᠢᠨᠢ ᠵᠠᠯᠭᠠᠮᠵᠢᠯᠠᠵᠤ᠂ ᠡᠯᠳᠡᠪ ᠲᠦ ᠬᠢᠴᠢᠶᠡᠨ ᠵᠢᠳᠬᠦᠵᠦ ᠠᠷᠠᠳ ᠤᠨ ᠲᠥᠷᠥ ᠶᠢ ᠮᠠᠨᠳᠤᠭᠤᠯ︕》 ᠭᠡᠵᠦ ᠭᠡᠷᠢᠶᠡᠰᠯᠡᠵᠡᠢ᠃

ᠪᠢᠴᠢᠭᠡᠰᠦ