ᠳᠠᠮᠪᠠ ᠶᠢᠨ ᠴᠠᠭᠳᠠᠷᠵᠠᠪ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠳᠠᠮᠪᠠ ᠶᠢᠨ ᠴᠠᠭᠳᠠᠷᠵᠠᠪ

ᠳᠠᠮᠪᠠ ᠶᠢᠨ ᠴᠠᠭᠳᠠᠷᠵᠠᠪ (1880 - 1922 ᠣᠨ ᠤ 8 ᠰᠠᠷ᠎ᠠ ᠶᠢᠨ 31) ᠨᠢ ᠮᠣᠩᠭᠣᠯ ᠤᠯᠤᠰ ᠍ ᠤᠨ ᠭᠤᠷᠪᠠ ᠳᠠᠬᠢ ᠶᠡᠷᠦᠩᠬᠡᠢ ᠰᠠᠶᠢᠳ ᠪᠠᠶᠢᠴᠠᠢ᠃

ᠲᠡᠷᠡ ᠪᠡᠷ 1880 ᠣᠨ ᠳᠤ ᠬᠠᠭᠤᠴᠢᠨ ᠢᠶᠠᠷ ᠲᠦᠰᠢᠶᠡᠲᠦ ᠬᠠᠨ ᠠᠶᠢᠮᠠᠭ ᠤᠨ ᠳᠠᠶᠢᠴᠢᠨ ᠪᠡᠰ ᠦᠨ ᠬᠣᠰᠢᠭᠤᠨ ᠳᠤ ᠲᠥᠷᠦᠵᠢᠭᠡ᠃

1921 ᠣᠨ ᠤ ᠠᠷᠠᠳ ᠤᠨ ᠬᠤᠪᠢᠰᠬᠠᠯ ᠳᠤ ᠢᠳᠡᠪᠬᠢᠯᠡᠨ ᠣᠷᠣᠯᠴᠠᠵᠤ ᠺᠣᠨᠰᠤᠶᠢᠯ ᠤᠨ ᠳᠡᠨᠵᠢ ᠶᠢᠨ ᠨᠢᠭᠤᠴᠠ ᠪᠦᠯᠬᠦᠮ ᠢ ᠳᠣᠭᠰᠣᠮ ᠤᠨ ᠪᠣᠳᠣᠭᠡᠶᠢᠨ ᠬᠠᠮᠲᠤ ᠪᠠᠶᠢᠭᠤᠯᠤᠯᠴᠠᠵᠤ ᠪᠠᠶᠢᠭᠰᠠᠨ᠂ ᠠᠷᠠᠳ ᠤᠨ ᠬᠤᠪᠢᠰᠬᠠᠯ ᠍ ᠤᠨ ᠠᠩᠬᠠᠨ ᠤ ᠳᠣᠯᠣᠭ᠎ᠠᠨ ᠬᠤᠪᠢᠰᠬᠠᠯᠴᠢ ᠶᠢᠨ ᠨᠢᠭᠡ᠃

ᠳᠠᠮᠪᠠ ᠶᠢᠨ ᠴᠠᠭᠳᠠᠷᠵᠠᠪ ᠨᠢ ᠠᠷᠠᠳ ᠤᠨ ᠲᠦᠷᠢ ᠵᠠᠰᠠᠭ ᠤᠨ ᠭᠠᠵᠠᠷ ᠢ ᠪᠠᠶᠢᠭᠤᠯᠬᠤ ᠳᠤ 1921 ᠣᠨ ᠤ 3 ᠰᠠᠷ᠎ᠠ ᠠᠴᠠ ᠶᠡᠷᠦᠩᠬᠡᠢ ᠰᠠᠶᠢᠳ ᠢᠶᠠᠷ ᠠᠵᠢᠯᠯᠠᠵᠤ ᠪᠠᠶᠢᠭᠰᠠᠨ᠃ 1921 ᠣᠨ ᠤ 4 ᠰᠠᠷ᠎ᠠ ᠳᠤ ᠶᠡᠷᠦᠩᠬᠡᠢ ᠰᠠᠶᠢᠳ ᠠᠴᠠ ᠴᠢᠯᠦᠭᠡᠯᠡᠵᠦ᠂ ᠲᠠᠨ ᠤᠨ ᠤᠷᠢᠶᠠᠩᠬᠠᠢ ᠶᠢᠨ ᠬᠢᠵᠠᠭᠠᠷ ᠲᠤ ᠠᠵᠢᠯᠯᠠᠬᠤ ᠵᠠᠰᠠᠭ ᠤᠨ ᠭᠠᠵᠠᠷ ᠤᠨ ᠲᠥᠯᠥᠭᠡᠯᠡᠭᠴᠢ ᠪᠡᠷ ᠲᠣᠮᠢᠯᠠᠨ ᠠᠵᠢᠯᠯᠠᠭᠤᠯᠵᠠᠢ᠃

1922 ᠣᠨ ᠤ 8 ᠰᠠᠷ᠎ᠠ ᠶᠢᠨ 31 ᠍ ᠳᠦ ᠡᠬᠡ ᠣᠷᠣᠨ ᠠᠴᠠ ᠪᠠᠨ ᠤᠷᠪᠠᠭᠰᠠᠨ ᠬᠡᠷᠡᠭ ᠲᠦ ᠬᠢᠯᠢᠰ ᠢᠶᠡᠷ ᠶᠠᠯ᠎ᠠ ᠲᠤᠯᠭᠠᠨ ᠴᠠᠭᠠᠵᠠᠯᠠᠵᠠᠢ᠃

ᠡᠮᠦᠨᠡᠬᠢ
ᠬᠠᠲᠠᠨᠪᠠᠭᠠᠲᠤᠷ ᠮᠠᠭᠰᠤᠷᠵᠠᠪ
ᠮᠣᠩᠭᠣᠯ ᠤᠯᠤᠰ ᠤᠨ ᠶᠡᠷᠦᠩᠬᠡᠢ ᠰᠠᠶᠢᠳ
{{{on}}}
ᠳᠠᠷᠠᠭᠠᠬᠢ
ᠳᠣᠭᠰᠣᠮ ᠤᠨ ᠪᠣᠳᠣ

ᠪᠢᠴᠢᠭᠡᠰᠦ